ᠮᠠᠭᠮᠠ ᠶᠢᠨ ᠴᠢᠯᠠᠭᠤᠯᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢᠨ ᠭᠧᠣᠯᠣᠭᠢ ᠶᠢᠨ ᠦᠨᠳᠦᠰᠦᠨ ᠮᠤᠵᠢᠭᠤᠳᠠ
ᠳᠠᠯᠠᠢ ᠶᠢᠨ ᠴᠠᠷᠴᠠᠳᠠᠰᠤ

██ 0-20 ᠰᠠᠶ᠎ᠠ ᠵᠢᠯ

██ 20-65 ᠰᠠᠶ᠎ᠠ ᠵᠢᠯ

██ >65 ᠰᠠᠶ᠎ᠠ ᠵᠢᠯ

ᠭᠧᠣᠯᠣᠭᠢ ᠶᠢᠨ ᠦᠨᠳᠦᠰᠦᠨ ᠮᠤᠵᠢ ᠦᠳ

██ ᠪᠠᠮᠪᠠᠢ(ᠱᠢᠲ)

██ ᠫᠯᠠᠲ᠋ᠹᠣᠷᠮ

██ ᠣᠷᠣᠭᠧᠨ

██ ᠰᠠᠪᠠ ᠭᠠᠵᠠᠷ

██ ᠲᠣᠮᠣᠬᠠᠨ ᠸᠭᠳᠺᠠᠨ ᠫᠯᠤᠲ᠋ᠣᠨ ᠪᠥᠰᠡ

██ ᠰᠢᠯᠵᠢᠯᠲᠡ ᠶᠢᠨ (ᠲᠡᠯᠡᠵᠦ ᠪᠤᠢ) ᠴᠠᠷᠴᠠᠳᠠᠰᠤ

ᠮᠠᠭᠮᠠ ᠶᠢᠨ ᠴᠢᠯᠠᠭᠤᠯᠢᠭ (ᠯᠠᠲ᠋ᠢᠨ: ignis- ᠭᠠᠯ) ᠨᠢ ᠬᠠᠯᠠᠭᠤᠨ ᠬᠠᠶᠢᠯᠤᠮᠠᠯ ᠮᠠᠭᠮᠠᠠ ᠠᠴᠠ ᠡᠭᠦᠰᠬᠦ ᠪᠠ ᠢᠨᠲ᠋ᠷᠦᠽᠢᠪ (ᠰᠢᠷᠭᠤᠮᠠᠯ) ᠪᠠ ᠧᠹᠹᠦᠽᠢᠪ (ᠪᠢᠯᠬᠠᠮᠠᠯ) ᠭᠡᠰᠡᠨ 2 ᠦᠨᠳᠦᠰᠦᠨ ᠲᠥᠷᠥᠯ ᠳᠦ ᠬᠤᠪᠢᠶᠠᠭᠳᠠᠨ᠎ᠠ᠃ ᠢᠨᠲ᠋ᠷᠦᠽᠢᠪ ᠴᠢᠯᠠᠭᠤᠯᠢᠭ ᠨᠢ ᠳᠡᠯᠡᠬᠡᠢ ᠶᠢᠨ ᠴᠠᠷᠴᠠᠳᠠᠰᠤᠲ᠂ ᠭᠠᠵᠠᠷ ᠤᠨ ᠭᠦᠨᠳᠡ ᠠᠭᠠᠵᠢᠮ ᠬᠥᠷᠦᠵᠦ᠂ ᠲᠠᠯᠠᠰᠵᠢᠬᠤ ᠮᠠᠭᠮᠠ ᠠᠴᠠ ᠡᠭᠦᠰᠳᠡᠭ ᠪᠣᠯ ᠧᠹᠹᠦᠽᠢᠪ ᠴᠢᠯᠠᠭᠤᠯᠢᠭ ᠨᠢ ᠭᠠᠵᠠᠷ ᠤᠨ ᠭᠠᠳᠠᠷᠭᠤ ᠳᠡᠭᠡᠷ᠎ᠡ ᠢᠯᠡ ᠭᠠᠷᠴᠤ ᠢᠷᠡᠭᠰᠡᠨ ᠬᠠᠯᠠᠭᠤᠨ ᠮᠠᠭᠮᠠ ᠠᠴᠠ ᠡᠭᠦᠰᠦᠨ᠎ᠡ᠃ ᠴᠢᠯᠠᠭᠤᠯᠢᠭ ᠡᠭᠦᠰᠬᠡᠭᠴᠢ ᠮᠠᠭᠮᠠ ᠨᠢ ᠳᠡᠯᠡᠬᠡᠢ ᠶᠢᠨ ᠮᠠᠨᠲ᠋ᠢ᠂ ᠡᠰᠡᠪᠡᠯ ᠳᠡᠯᠡᠬᠡᠢ ᠶᠢᠨ ᠴᠠᠷᠴᠠᠳᠠᠰᠤ ᠶᠢᠨ ᠬᠡᠰᠡᠭᠴᠢᠯᠡᠭᠰᠡᠨ ᠬᠠᠶᠢᠯᠤᠯᠲᠠ ᠪᠠᠷ ᠪᠤᠢ ᠪᠣᠯᠤᠨ᠎ᠠ᠃ ᠬᠡᠰᠡᠭᠴᠢᠯᠡᠭᠰᠡᠨ ᠬᠠᠶᠢᠯᠤᠯᠲᠠ ᠨᠢ ᠲᠣᠯᠠᠭᠠᠨ ᠤ ᠬᠡᠮᠵᠢᠶ᠎ᠡ ᠶᠡᠬᠡᠰᠬᠦ᠂ ᠳᠠᠷᠤᠯᠲᠠ ᠪᠠᠭᠠᠰᠬᠤ᠂ ᠡᠰᠡᠪᠡᠯ ᠡᠷᠦᠳᠡᠰᠦ ᠶᠢᠨ ᠨᠠᠶᠢᠷᠠᠯᠭ᠎ᠠ ᠥᠭᠡᠷᠡᠴᠢᠯᠡᠭᠳᠡᠬᠦ ᠵᠡᠷᠭᠡ ᠫᠷᠣᠼᠧᠰ ᠢᠶᠠᠷ ᠡᠭᠦᠰᠦᠨ᠎ᠡ᠃ ᠣᠳᠣ ᠪᠠᠷ 700 ᠭᠠᠷᠤᠢ ᠲᠥᠷᠥᠯ ᠦᠨ ᠮᠠᠭᠮᠠ ᠶᠢᠨ ᠴᠢᠯᠠᠭᠤᠯᠢᠭ ᠲᠣᠳᠣᠷᠬᠠᠶᠢᠯᠠᠭᠳᠠᠭᠠᠳ ᠪᠠᠶᠢᠭ᠎ᠠ ᠶᠢᠨ ᠶᠡᠬᠡᠩᠬᠢ ᠨᠢ ᠭᠠᠵᠠᠷ ᠤᠨ ᠭᠦᠨᠳᠡ ᠡᠭᠦᠰᠦᠭᠰᠡᠨ ᠪᠠᠶᠢᠳᠠᠭ᠃ ᠮᠠᠭᠮᠠ ᠶᠢᠨ ᠴᠢᠯᠠᠭᠤᠯᠢᠭ ᠨᠢ ᠡᠭᠦᠰᠦᠭᠰᠡᠨ ᠨᠥᠬᠥᠴᠡᠯ ᠪᠠ ᠪᠦᠷᠢᠳᠦᠭᠦᠯᠦᠭᠴᠢ ᠡᠷᠦᠳᠡᠰᠦ ᠶᠢᠨ ᠨᠠᠶᠢᠷᠠᠯᠭ᠎ᠠ ᠠᠴᠠ ᠪᠠᠨ ᠬᠠᠮᠢᠶᠠᠷᠤᠨ ᠥᠪᠡᠷ ᠬᠣᠭᠣᠷᠣᠨᠳᠣ ᠪᠠᠨ ᠢᠯᠭᠠᠭ᠎ᠠ ᠲᠠᠢ ᠪᠣᠯᠤᠨ᠎ᠠ᠃


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Igneous rock

ᠪᠢᠴᠢᠭᠡᠰᠦ