ᠮᠠᠭᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠭᠨᠢ - ᠮᠥᠩᠭᠥᠯᠢᠭ ᠴᠠᠭᠠᠨ ᠥᠩᠭᠡᠲᠡᠢ ᠮᠧᠲ᠋ᠠᠯ᠂ ᠬᠥᠩᠭᠡᠨᠴᠠᠭᠠᠨ ᠠᠴᠠ ᠬᠥᠩᠭᠡᠨ᠃ ᠠᠭᠠᠷ ᠲᠤ ᠬᠢᠯᠪᠠᠷᠬᠠᠨ ᠢᠰᠦᠯᠳᠦᠵᠦ MgO ᠡᠭᠦᠰᠬᠡᠨ᠎ᠡ᠃ ᠮᠠᠭᠨᠢ ᠭᠠᠯᠢᠭᠧᠨ ᠦᠳ ᠲᠠᠢ ᠬᠢᠯᠪᠠᠷᠬᠠᠨ ᠬᠠᠷᠢᠯᠴᠠᠨ ᠦᠢᠯᠡᠴᠢᠯᠡᠯᠴᠡᠬᠦ ᠪᠠ ᠬᠦᠬᠢᠷᠠᠽᠣᠲᠲᠣᠢ ᠬᠠᠯᠬᠤ ᠳᠤ ᠤᠷᠪᠠᠯ ᠳᠤ ᠣᠷᠣᠵᠤ ᠢᠰᠦᠯᠳᠦᠨ᠎ᠡ᠃

ᠭᠠᠷᠭᠠᠨ ᠠᠪᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠭᠨᠢ ᠶᠢ MgCl2 –ᠭ ᠡᠯᠧᠺᠲ᠋ᠷᠣᠯᠢᠽᠣᠳ ᠣᠷᠣᠭᠤᠯᠤᠨ ᠭᠠᠷᠭᠠᠨ ᠠᠪᠤᠨ᠎ᠠ᠃ ᠬᠠᠶᠢᠯᠠᠬᠤ ᠲᠣᠯᠠᠭᠠᠨ ᠤ ᠬᠡᠮᠵᠢᠶ᠎ᠡ ᠢ ᠪᠠᠭᠠᠰᠬᠠᠬᠤ ᠶᠢᠨ ᠲᠤᠯᠠᠳᠠ KCl ᠡᠰᠡᠪᠡᠯ NaCl ᠍ ᠢ ᠨᠡᠮᠡᠵᠦ ᠥᠭᠳᠡᠭ᠃ ᠺᠠᠲ᠋ᠣᠳᠣᠳᠣ ᠲᠡᠮᠦᠷ ᠡᠯᠧᠺᠲ᠋ᠷᠣᠳ᠋, ᠠᠨ ᠳᠤᠣᠳᠣ ᠪᠠᠯᠠ ᠴᠢᠯᠠᠭᠤᠨ ᠡᠯᠧᠺᠷᠣᠳ᠋ ᠍ ᠢ ᠬᠡᠷᠡᠭᠯᠡᠳᠡᠭ᠃ ᠡᠯᠧᠺᠲ᠋ᠷᠣᠯᠢᠰ ᠶᠠᠪᠤᠭᠳᠠᠰᠤᠨ ᠤ ᠦᠷ᠎ᠡ ᠳ᠋ᠦᠩ ᠳᠦ ᠺᠠᠲ᠋ᠣᠳ ᠳᠡᠭᠡᠷ᠎ᠡ ᠮᠠᠭᠨᠢ᠂ ᠠᠨ ᠳᠤ ᠳᠡᠭᠡᠷ᠎ᠡ ᠾᠯᠣᠷ ᠢᠯᠭᠠᠷᠠᠨ᠎ᠠ᠃ ᠮᠥᠨ ᠮᠠᠭᠨᠢ ᠶᠢ ᠮᠧᠲ᠋ᠠᠯᠣᠲ᠋ᠧᠷᠮᠢ ᠶᠢᠨ ᠪᠠ ᠨᠡᠭᠦᠷᠡᠰᠦᠲᠧᠷᠮᠢ ᠶᠢᠨ ᠠᠷᠭ᠎ᠠ ᠪᠠᠷ ᠭᠠᠷᠭᠠᠵᠤ ᠪᠣᠯᠤᠨ᠎ᠠ᠃ ᠡᠬᠢᠯᠡᠭᠡᠳ ᠳᠣᠯᠣᠮᠢ ᠳᠤ ᠍ ᠢ ᠤᠯᠠᠶᠢᠰᠬᠠᠨ ᠳᠠᠷᠤᠭ᠎ᠠ ᠨᠢ ᠲᠡᠭᠦᠨ ᠢ 1200-1300°ᠰ ᠳᠦ ᠹᠧᠷᠷᠣᠰᠢᠯᠢᠼᠢᠦᠶᠢᠮ ᠪᠤᠶᠤ ᠠᠯᠶᠦ᠋ᠮᠣᠰᠣᠯᠢᠼᠢᠦᠶᠢᠮ ᠢᠶᠠᠷ ᠠᠩᠭᠢᠵᠢᠷᠠᠭᠤᠯᠤᠨ᠎ᠠ.

ᠬᠣᠶᠠᠷ ᠳ᠋ᠡᠬᠢ ᠲᠣᠬᠢᠶᠠᠯᠳᠤᠯ ᠳᠤ 2100°ᠰ ᠳᠦ ᠨᠡᠭᠦᠷᠡᠰᠦᠡᠭᠡᠷᠡ ᠠᠩᠭᠢᠵᠢᠷᠠᠭᠤᠯᠤᠨ ᠮᠠᠭᠨᠢ ᠶᠢ ᠭᠠᠷᠭᠠᠨ ᠠᠪᠳᠠᠭ᠃

MgO + C = Mg + CO

ᠬᠢᠮᠢ ᠰᠢᠨᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠭᠨᠢ ᠤᠰᠤᠲᠥᠶᠢᠷᠦᠭᠴᠢᠲᠡᠢ ᠰᠢᠭᠤᠳ ᠬᠠᠷᠢᠯᠴᠠᠨ ᠦᠢᠯᠡᠴᠢᠯᠡᠯᠴᠡᠬᠦ ᠦᠭᠡᠢ᠃ MgH2 ᠺᠣᠸᠠᠯᠧᠨᠲ ᠬᠣᠯᠪᠣᠭ᠎ᠠ ᠲᠤ ᠨᠢᠭᠡᠳᠦᠯ ᠪᠥᠭᠡᠳ ᠳᠤᠯᠠᠭᠠᠨ ᠳᠤ ᠲᠣᠭᠲᠠᠪᠤᠷᠢᠲᠠᠢ ᠨᠢᠭᠡᠳᠦᠯ ᠪᠠᠶᠢᠳᠠᠭ᠃ ᠤᠰᠤᠨ ᠤ ᠦᠢᠯᠡᠴᠢᠯᠡᠯ ᠢᠶᠡᠷ ᠵᠠᠳᠠᠷᠠᠨ᠎ᠠ᠃

MgH2 + 2HOH = Mg(OH)2 + 2H2

ᠮᠠᠭᠨᠢ HF ᠪᠠ H3PO4 ᠍ ᠡᠴᠡ ᠪᠤᠰᠤᠳ ᠬᠦᠴᠢᠯ ᠦᠳ ᠲᠡᠢ ᠡᠷᠴᠢᠮᠲᠡᠢ ᠬᠠᠷᠢᠯᠴᠠᠨ ᠦᠢᠯᠡᠴᠢᠯᠡᠯᠴᠡᠨ᠎ᠡ᠃

Mg + 2HCl = MgCl2 + H2

ᠰᠢᠩᠭᠡᠯᠡᠭᠰᠡᠨ HNO3 ᠮᠠᠭᠨᠢ ᠲᠠᠢ ᠬᠠᠷᠢᠯᠴᠠᠨ ᠦᠢᠯᠡᠴᠢᠯᠡᠯᠴᠡᠵᠦ N2O ᠪᠤᠶᠤ NH4NO3 ᠪᠣᠯᠲᠠᠯ᠎ᠠ ᠪᠠᠨ ᠠᠩᠭᠢᠵᠢᠷᠠᠨ᠎ᠠ᠃

4Mg + 10HNO3(ᠰᠢᠩ) = 4Mg(NO3)2 + N2O + 5H2O

4Mg + 10HNO3(ᠶᠡᠬᠡ ᠰᠢᠩ) = 4Mg(NO3)2 + N2O + NH4NO3 + 3H2O

ᠮᠠᠭᠨᠢ ᠶᠢᠨ ᠢᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

MgO ᠮᠠᠭᠨᠢ ᠶᠢᠨ ᠣᠺᠰᠢ ᠳᠤ ᠴᠠᠭᠠᠨ ᠥᠩᠭᠡᠲᠡᠢ ᠨᠤᠨᠲᠠᠭ᠂ ᠤᠰᠤᠨ ᠳᠤ ᠮᠠᠭᠤ ᠠᠭᠤᠰᠳᠠᠭ ᠪᠣᠳᠠᠰ ᠶᠤᠮ᠃

MgCO3 = MgO + CO2

ᠮᠠᠭᠨᠢ ᠶᠢᠨ ᠢᠰᠦᠯ ᠨᠢ ᠰᠤᠤᠷ ᠤᠨ ᠢᠰᠦᠯ ᠪᠥᠭᠡᠳ ᠬᠢᠮᠢ ᠶᠢᠨ ᠢᠳᠡᠪᠬᠢᠲᠡᠢ᠃ CO2 ᠍ ᠢ ᠰᠢᠩᠭᠡᠭᠡᠵᠦ ᠺᠠᠷᠪᠶᠣᠨᠠᠲ ᠪᠣᠯᠤᠨ ᠬᠤᠪᠢᠷᠠᠨ᠎ᠠ᠃ ᠥᠨᠳᠦᠷ ᠲᠣᠯᠠᠭᠠᠨ ᠤ ᠬᠡᠮᠵᠢᠶ᠎ᠡ ᠲᠦ ᠬᠠᠯᠪᠠᠯ ᠶᠡᠬᠡ ᠬᠠᠲᠠᠭᠤ ᠪᠣᠯᠵᠤ ᠬᠢᠮᠢ ᠶᠢᠨ ᠢᠳᠡᠪᠬᠢ ᠦᠭᠡᠢ ᠪᠣᠯᠤᠨ᠎ᠠ᠃

ᠮᠠᠭᠨᠢ ᠶᠢᠨ ᠭᠢᠳ᠋ᠷᠣᠺᠰᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Mg(OH)2. ᠡᠨᠡ ᠨᠢ ᠴᠠᠭᠠᠨ ᠥᠩᠭᠡ ᠲᠡᠢ᠂ ᠳᠤᠮᠳᠠ ᠵᠡᠷᠭᠡ ᠶᠢᠨ ᠬᠦᠴᠦᠲᠡᠢ ᠰᠠᠭᠤᠷᠢ ᠶᠤᠮ᠃

Mg2+ ᠍ ᠶᠢᠨ ᠶᠡᠬᠡᠩᠬᠢ ᠳᠠᠪᠤᠰᠤ ᠨᠤᠭᠤᠳ ᠤᠰᠤᠨ ᠳᠤ ᠠᠭᠤᠰᠳᠠᠭ᠂ ᠬᠠᠷᠢᠨ Mg3PO4, MgCO3 ᠪᠠ MgF2 ᠤᠰᠤᠨ ᠳᠤ ᠮᠠᠭᠤ ᠠᠭᠤᠰᠳᠠᠭ᠃ ᠮᠠᠭᠨᠢ ᠶᠢᠨ ᠶᠡᠬᠡᠩᠬᠢ ᠨᠢᠭᠡᠳᠦᠯ ᠦᠳ ᠦᠨ ᠰᠢᠨᠵᠢ ᠴᠢᠨᠠᠷ Li+ ᠍ ᠤᠨ ᠨᠢᠭᠡᠳᠦᠯ ᠦᠳ ᠦᠨ ᠰᠢᠨᠵᠢ ᠴᠢᠨᠠᠷ ᠲᠠᠢ ᠠᠳᠠᠯᠢ ᠲᠥᠰᠲᠡᠢ ᠪᠠᠶᠢᠳᠠᠭ᠃ ᠮᠠᠭᠨᠢ ᠶᠢᠨ +2 ᠴᠡᠨᠡᠭ ᠲᠡᠢ ᠢᠶᠤᠨ ᠤ ᠤᠰᠤᠨ ᠠᠭᠤᠰᠤᠮᠠᠯ ᠤᠳ ᠲᠤ ᠺ ᠢᠶᠠᠷᠳ᠋ᠨᠠᠴᠠ ᠶᠢᠨ ᠲᠣᠭ᠎ᠠ 6 ᠍ ᠲᠠᠢ ᠲᠡᠩᠴᠡᠭᠦᠦ ᠭᠧᠺᠰᠠᠺᠸᠠᠺᠣᠮᠫᠯᠧᠺᠰ ᠤᠳ ᠡᠭᠦᠰᠦᠭᠰᠡᠨ ᠪᠠᠶᠢᠬᠤ ᠪᠠ ᠺᠣᠮᠫᠯᠧᠺᠰ ᠢᠶᠤᠨ ᠨᠢ ᠬᠦᠴᠢᠯ ᠦᠨ ᠰᠢᠨᠵᠢ ᠴᠢᠨᠠᠷ ᠦᠵᠡᠭᠦᠯᠳᠡᠭ ᠦᠭᠡᠢ᠃ ᠮᠠᠭᠨᠢ ᠶᠢᠨ ᠳᠠᠪᠤᠰᠤ ᠨᠤᠭᠤᠳ ᠢ ᠤᠰᠤᠨ ᠠᠭᠤᠰᠤᠮᠠᠯ ᠠᠴᠠ ᠲᠠᠯᠠᠰᠵᠢᠭᠤᠯᠬᠤ ᠳᠤ 6 ᠮᠣᠯᠧᠺᠤᠯ ᠤᠰᠤ ᠲᠠᠢ ᠲᠠᠯᠠᠰᠲᠤ ᠭᠢᠳ᠋ᠷᠠᠲ ᠤᠳ ᠢ Mg(NO3)2 ᠡᠭᠦᠰᠬᠡᠳᠡᠭ᠃

ᠮᠠᠭᠨᠢ ᠪᠠ ᠲᠡᠭᠦᠨ ᠦ ᠨᠢᠭᠡᠳᠦᠯ ᠦᠳ ᠢ ᠬᠡᠷᠡᠭᠯᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠪᠡᠷ ᠮᠠᠭᠨᠢ ᠬᠥᠩᠭᠡᠨ᠂ ᠪᠥᠬᠡ ᠪᠠᠲᠤ ᠴᠢᠨᠠᠷ ᠪᠠᠭ᠎ᠠ ᠤᠴᠢᠷ ᠬᠡᠷᠡᠭᠯᠡᠭᠳᠡᠬᠦ ᠬᠦᠷᠢᠶ᠎ᠡ ᠪᠠᠭ᠎ᠠ ᠪᠠᠶᠢᠳᠠᠭ᠃ ᠴᠡᠪᠡᠷ ᠮᠠᠭᠨᠢ ᠶᠢ ᠭᠣᠣᠯ ᠲᠥᠯᠥᠪ ᠳᠠᠯᠠᠢ ᠶᠢᠨ ᠣᠩᠭᠣᠴᠠᠨ ᠤ ᠡᠳ᠋ ᠠᠩᠭᠢ ᠶᠢ ᠵᠢᠪᠡᠷᠡᠯᠲᠡ ᠡᠴᠡ ᠬᠠᠮᠠᠭᠠᠯᠠᠬᠤ ᠳᠤ ᠰᠥᠷᠭᠦ ᠡᠯᠧᠺᠲ᠋ᠷᠣᠳ᠋ ᠪᠣᠯᠭᠠᠨ ᠬᠡᠷᠡᠭᠯᠡᠨ᠎ᠡ᠃ ᠮᠠᠭᠨᠢ ᠶᠢᠨ ᠬᠥᠩᠭᠡᠨᠴᠠᠭᠠᠨᠴᠠᠶᠢᠷ ᠪᠠ ᠮᠠᠩᠭᠠᠨᠲᠠᠢ ᠡᠭᠦᠰᠬᠡᠭᠰᠡᠨ ᠬᠠᠶᠢᠯᠤᠰᠢ ᠨᠤᠭᠤᠳ ᠶᠡᠬᠡᠬᠡᠨ ᠠᠴᠢ ᠬᠣᠯᠪᠣᠭᠳᠠᠯ ᠲᠠᠢ ᠪᠠᠶᠢᠳᠠᠭ᠃ ᠲᠡᠶᠢᠮᠦ ᠬᠠᠶᠢᠯᠤᠰᠢ ᠶᠢ ᠠᠭᠠᠷ ᠤᠨ ᠪᠣᠯᠤᠨ ᠰᠠᠨᠰᠠᠷ ᠤᠨ ᠲᠧᠭᠨᠢᠭᠲ᠂ ᠮᠠᠭᠨᠢ ᠶᠢ ᠴᠥᠮ᠎ᠡ ᠶᠢᠨ ᠷᠧᠠᠺᠲ᠋ᠣᠷ ᠲᠤ ᠬᠡᠷᠡᠭᠯᠡᠨ᠎ᠡ᠃ ᠮᠠᠭᠨᠢ ᠶᠢᠨ ᠢᠶᠤᠨ ᠢ (Mg2+) ᠲᠠᠨᠢᠵᠤ ᠢᠯᠡᠷᠡᠭᠦᠯᠬᠦ ᠶᠢᠨ ᠲᠤᠯᠠᠳᠠ ᠠᠮᠮᠣᠨᠢ ᠶᠢᠨ ᠭᠢᠳ᠋ᠷᠣᠺᠰᠢ ᠳᠤ ᠪᠠ ᠠᠮᠮᠣᠨᠢ ᠶᠢᠨ ᠾᠯᠣᠷᠢ ᠳᠤ ᠍ ᠤᠨ ᠪᠠᠶᠢᠯᠴᠠᠭ᠎ᠠ ᠲᠠᠢ ᠪᠠᠷ (ᠮᠠᠭᠨᠢ ᠶᠢᠨ ᠭᠢᠳ᠋ᠷᠣᠺᠰᠢ ᠳᠤ ᠡᠭᠦᠰᠬᠦ ᠡᠴᠡ ᠬᠠᠮᠠᠭᠠᠯᠠᠵᠤ) ᠨᠠᠲᠷᠢ ᠶᠢᠨ ᠭᠢᠳ᠋ᠷᠣᠹᠣᠰᠹᠠᠲᠲᠠᠢ ᠬᠠᠷᠢᠯᠴᠠᠨ ᠦᠢᠯᠡᠴᠢᠯᠡᠯᠴᠡᠭᠦᠯᠵᠦ ᠮᠠᠭᠨᠢ ᠠᠮᠮᠣᠨᠢ ᠶᠢᠨ ᠹᠣᠰᠹᠠᠲ ᠤᠨ ᠴᠠᠭᠠᠨ ᠲᠤᠨᠤᠳᠠᠰᠤ ᠡᠭᠦᠰᠭᠡᠬᠦ ᠤᠷᠪᠠᠯ ᠢ ᠠᠰᠢᠭᠯᠠᠳᠠᠭ᠃

ᠮᠠᠭᠨᠢ ᠶᠢ ᠨᠡᠭᠡᠭᠡᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠰᠪᠧᠰᠲᠲᠠᠯᠺᠳᠣᠯᠣᠮᠢ ᠳᠤᠨᠧᠹᠷᠢᠲ ᠵᠡᠷᠭᠡ ᠮᠠᠭᠨᠢ ᠶᠢᠨ ᠨᠢᠭᠡᠳᠦᠯ ᠦᠳ ᠢ ᠥᠨᠢ ᠡᠷᠲᠡᠨ ᠡᠴᠡ ᠶᠠᠩᠵᠤ ᠪᠦᠷᠢ ᠶᠢᠨ ᠵᠣᠷᠢᠯᠭ᠎ᠠ ᠪᠠᠷ ᠬᠡᠷᠡᠭᠯᠡᠵᠦ ᠪᠠᠶᠢᠴᠠᠢ᠃

ᠭᠡᠬᠦ ᠳᠦ ᠪᠡᠨ ᠲᠡᠳᠡᠨ ᠢ ᠪᠡᠶ᠎ᠡ ᠪᠡᠨ ᠳᠠᠭᠠᠭᠰᠠᠨ ᠪᠣᠳᠠᠰ ᠭᠡᠵᠦ ᠦᠵᠡᠬᠦ ᠦᠭᠡᠢ ᠬᠠᠷᠢᠨ ᠱᠣᠬᠣᠢ ᠶᠢᠨ ᠨᠢᠭᠡ ᠲᠥᠷᠦᠯ ᠦᠳ ᠭᠡᠵᠦ ᠦᠵᠡᠵᠦ ᠪᠠᠶᠢᠴᠠᠢ᠃ 1618 ᠣᠨ ᠳᠤ ᠭ᠃ᠸᠢᠺᠧᠷ ᠠᠩᠭᠯᠢ ᠳᠤ ᠡᠫᠰᠣᠮ ᠤᠨ ᠳᠡᠷᠭᠡᠳᠡ ᠷᠠᠰᠢᠶᠠᠨ ᠨᠡᠭᠡᠭᠡᠭᠰᠡᠨ ᠪᠠᠶᠢᠨ᠎ᠠ᠃ 1695 ᠣᠨ ᠳᠤ ᠡᠨᠡ ᠷᠠᠰᠢᠶᠠᠨ ᠤ ᠤᠰᠤᠨ ᠠᠴᠠ ᠡᠮᠴᠢᠯᠡᠭᠡᠨ ᠦ ᠵᠣᠷᠢᠯᠭ᠎ᠠ ᠪᠠᠷ ᠬᠡᠷᠡᠭᠯᠡᠳᠡᠭ ᠨᠢᠭᠡᠨ ᠭᠠᠰᠢᠭᠤᠨ ᠳᠠᠪᠤᠰᠤ (ᠮᠠᠭᠨᠢ ᠶᠢᠨ ᠰᠤᠯᠢᠹᠠᠲ) ᠍ ᠢ ᠢᠯᠡᠷᠡᠭᠦᠯᠵᠡᠢ᠃ ᠬᠣᠵᠢᠮ ᠡᠷᠳᠡᠮᠲᠡᠳ ᠳᠠᠪᠠᠭᠰᠠᠨ ᠠᠴᠠ ᠨᠢ ᠢᠯᠭᠠᠭᠰᠠᠨ ᠳᠠᠯᠠᠢ ᠶᠢᠨ ᠤᠰᠤᠨ ᠳᠡᠭᠡᠷ᠎ᠡ ᠬᠦᠬᠦᠷ ᠦᠨ ᠬᠦᠴᠢᠯ ᠨᠡᠮᠡᠬᠦ ᠵᠠᠮ ᠢᠶᠠᠷ ᠡᠫᠰᠣᠮ ᠤᠨ ᠳᠠᠪᠤᠰᠤ ᠶᠢ ᠵᠣᠬᠢᠶᠠᠮᠠᠯ ᠢᠶᠠᠷ ᠭᠠᠷᠭᠠᠵᠤ ᠪᠣᠯᠤᠨ᠎ᠠ ᠭᠡᠵᠦ ᠦᠵᠡᠵᠡᠢ᠃ ᠡᠫᠰᠣᠮ ᠤᠨ ᠪᠠ ᠭᠯᠡᠦᠶᠢᠪᠧᠷᠭᠢ ᠶᠢᠨ ᠳᠠᠪᠤᠰᠤᠨ ᠤ (ᠨᠠᠲᠷᠢ ᠶᠢᠨ ᠰᠤᠯᠢᠹᠠᠲ) ᠢᠯᠭᠠᠭ᠎ᠠ ᠶᠢ ᠲᠣᠭᠲᠠᠭᠠᠭᠰᠠᠨ ᠠᠪᠴᠤ ᠱᠣᠬᠣᠢ᠂ ᠴᠠᠭᠠᠨ ᠮᠠᠭᠨᠧᠽᠢ ᠬᠣᠶᠠᠷ ᠤᠨ ᠢᠯᠭᠠᠭ᠎ᠠ ᠶᠢ ᠤᠳᠠᠭᠠᠨ ᠬᠤᠭᠤᠴᠠᠭ᠎ᠠ ᠪᠠᠷ ᠭᠠᠷᠭᠠᠵᠤ ᠴᠢᠳᠠᠬᠤ ᠦᠭᠡᠢ ᠪᠠᠶᠢᠯ᠎ᠠ᠃ ᠡᠭᠦᠨ ᠢ ᠡᠳᠡᠭᠡᠷ ᠪᠣᠳᠠᠰ ᠤᠳ ᠪᠣᠯᠤᠨ ᠲᠡᠳᠡᠭᠡᠷ ᠦᠨ ᠰᠤᠯᠢᠹᠠᠲ ᠤᠳ ᠤᠰᠤᠨ ᠳᠤ ᠶᠠᠩᠵᠤ ᠪᠦᠷᠢ ᠠᠭᠤᠰᠳᠠᠭ ᠪᠣᠯᠬᠤ ᠶᠢ ᠲᠣᠭᠲᠠᠭᠠᠵᠤ ᠳᠵ᠃ᠪᠯᠧᠺ ᠠᠩᠬ᠎ᠠ ᠤᠳᠠᠭ᠎ᠠ ᠬᠢᠭᠰᠡᠨ ᠪᠠᠶᠢᠨ᠎ᠠ᠃ ᠺ᠃ᠨᠢᠶᠦ᠋ᠮᠠᠨ᠎ᠠ ᠶᠢᠨ ᠰᠠᠨᠠᠯ ᠢᠶᠠᠷ ᠫᠢᠷᠣᠯᠢᠶᠽᠢᠲ ᠪᠣᠯᠬᠤ ᠬᠠᠷ᠎ᠠ ᠮᠠᠭᠨᠧᠽ ᠠᠴᠠ ᠢᠯᠭᠠᠵᠤ ᠮᠠᠭᠨᠢ ᠶᠢᠨ ᠣᠺᠰᠢᠳ ᠢ ᠴᠠᠭᠠᠨ ᠮᠠᠭᠨᠧᠽᠢ ᠭᠡᠵᠦ ᠨᠡᠷᠡᠯᠡᠵᠦ ᠪᠠᠶᠢᠪᠠ᠃ 1808 ᠣᠨ ᠳᠤ ᠬᠧᠮᠹᠷᠢ ᠳᠡᠪᠢ ᠴᠢᠭᠢᠭᠯᠡᠭᠰᠡᠨ ᠴᠠᠭᠠᠨ ᠮᠠᠭᠨᠧᠽᠢ ᠶᠢ HgO ᠍ ᠲᠠᠢ ᠬᠣᠯᠢᠵᠤ ᠡᠯᠧᠺᠲ᠋ᠷᠣᠯᠢᠰ ᠶᠠᠪᠤᠭᠤᠯᠵᠤ ᠰᠢᠨ᠎ᠡ ᠮᠧᠲ᠋ᠠᠯ ᠤᠨ ᠠᠮᠠᠯᠭᠠᠮ ᠭᠠᠷᠭᠠᠵᠠᠢ᠃ ᠠᠯᠯᠢᠭᠤᠮ ᠠᠴᠠ ᠢᠯᠭᠠᠨ ᠠᠪᠤᠭᠰᠠᠨ ᠮᠧᠲ᠋ᠠᠯ ᠢ ᠮᠠᠭᠨᠢ ᠭᠡᠵᠦ ᠨᠡᠷᠡᠯᠡᠵᠡᠢ᠃ ᠲᠡᠷᠡ ᠪᠡᠷ ᠦᠨᠡᠨ ᠳᠦ ᠪᠡᠨ ᠲᠡᠶᠢᠮᠦ ᠴᠤ ᠴᠡᠪᠡᠷ ᠪᠢᠰᠢ᠂ ᠮᠠᠰᠢ ᠪᠠᠭ᠎ᠠ ᠬᠡᠮᠵᠢᠶᠡᠨ ᠦ ᠮᠧᠲ᠋ᠠᠯ ᠭᠠᠷᠭᠠᠭᠰᠠᠨ ᠶᠤᠮ᠃ ᠬᠠᠷᠢᠨ ᠶᠡᠬᠡᠬᠡᠨ ᠬᠡᠮᠵᠢᠶᠡᠨ ᠦ ᠴᠡᠪᠡᠷ ᠮᠧᠲ᠋ᠠᠯ ᠢ 1831 ᠣᠨ ᠳᠤ ᠹᠷᠠᠨᠼᠢ ᠶᠢᠨ ᠬᠢᠮᠢᠴ᠎ᠠ᠃ᠪᠶᠦ᠋ᠰᠰᠢ ᠭᠠᠷᠭᠠᠵᠤ ᠠᠪᠴᠤ 《ᠮᠠᠭᠨᠧᠽᠢᠶ᠎ᠠ》 ᠭᠡᠰᠡᠨ ᠦᠭᠡᠨ ᠡᠴᠡ ᠦᠨᠳᠦᠰᠦᠯᠡᠨ ᠤᠭ ᠡᠯᠧᠮᠧᠨᠲ ᠢ ᠮᠠᠭᠨᠢ ᠭᠡᠵᠦ ᠨᠡᠷᠡᠯᠡᠵᠡᠢ᠃

ᠪᠠᠶᠢᠭᠠᠯᠢ ᠳᠤ ᠣᠷᠣᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠭᠨᠢ ᠪᠠᠷᠤᠭ 200 ᠰᠢᠬᠠᠮ ᠡᠷᠦᠳᠡᠰᠦ ᠶᠢᠨ ᠨᠠᠶᠢᠷᠠᠯᠭ᠎ᠠ ᠳᠤ ᠣᠷᠣᠯᠴᠠᠳᠠᠭ᠃ ᠴᠢᠬᠤᠯᠠ ᠡᠷᠦᠳᠡᠰᠦ ᠨᠦᠭᠦᠳ ᠦᠨ ᠲᠣᠭᠠᠨ ᠳᠤ ᠳᠣᠯᠣᠮᠢ ᠳᠤ CaCO3∙MgCO3, ᠮᠠᠭᠨᠧᠽᠢᠲ MgCO3, ᠺᠠᠷᠨᠠᠯᠯᠢᠲ KCl∙MgCl2∙6H2O, ᠱᠫᠢᠨᠧᠯ (Mg,Fe)2Al2O4. ᠮᠥᠨ ᠶᠡᠬᠡᠬᠡᠨ ᠬᠡᠮᠵᠢᠶᠡᠨ ᠦ ᠮᠠᠭᠨᠢ ᠲᠡᠩᠭᠢᠰ ᠦᠨ ᠤᠰᠤᠨ ᠳᠤ᠂ ᠤᠷᠭᠤᠮᠠᠯ ᠤᠨ ᠶᠢᠷᠲᠢᠨᠴᠦᠳ ᠪᠠᠶᠢᠳᠠᠭ᠃

ᠺᠠᠷᠨᠠᠯᠯᠢᠲ[ᠵᠠᠰᠠᠪᠤᠷᠢᠯᠠᠬᠤ | ᠺᠣᠳ᠋ ᠢᠶᠠᠷ ᠵᠠᠰᠠᠬᠣ]

KMgCl3∙6H2O. ᠬᠢᠮᠢ ᠶᠢᠨ ᠨᠠᠶᠢᠷᠠᠯᠭ᠎ᠠ ᠳᠤ Mg-8.7%, K-14.1%, Cl-38.3%, H2O-38.9%. ᠬᠣᠯᠢᠴᠠ ᠪᠠᠶᠢᠳᠠᠯ ᠢᠶᠠᠷ Br, Rb, Cs, Li, Ga ᠣᠷᠣᠨ᠎ᠠ᠃ ᠷᠣᠮᠪ ᠰᠢᠩ ᠢᠶᠣᠨᠢ ᠳᠤ ᠲᠠᠯᠠᠰᠵᠢᠨ᠎ᠠ᠃ ᠰᠢᠮᠮᠧᠲ᠋ᠷ ᠦᠨ ᠲᠥᠷᠦᠯ 3L23PC. ᠪᠠᠶᠢᠭᠠᠯᠢ ᠳᠡᠭᠡᠷ᠎ᠡ ᠮᠥᠬᠥᠯᠢᠭᠲᠦ ᠠᠭᠷᠧᠭᠠᠲ ᠤᠨ ᠪᠠᠶᠢᠳᠠᠯ ᠢᠶᠠᠷ ᠶᠡᠬᠡ ᠪᠠᠶᠢᠨ᠎ᠠ᠃ ᠲᠠᠯᠠᠰᠲᠤ ᠪᠠᠶᠢᠳᠠᠯ ᠢᠶᠠᠷ ᠬᠣᠪᠣᠷ ᠲᠣᠬᠢᠶᠠᠯᠳᠤᠨ᠎ᠠ᠃ ᠺᠠᠷᠨᠠᠯᠯᠢᠲ ᠥᠩᠭᠡ ᠦᠭᠡᠢ ᠪᠤᠶᠤ ᠴᠠᠭᠠᠨ ᠥᠩᠭᠡᠲᠡᠢ ᠪᠠᠶᠢᠨ᠎ᠠ᠃ ᠰᠢᠯᠢᠨ ᠭᠢᠯᠪᠠᠭ᠎ᠠ ᠲᠠᠢ᠂ ᠬᠠᠲᠠᠭᠤᠯᠢᠭ 2-3, ᠪᠤᠲᠠᠷᠠᠮᠠᠬᠠᠢ᠂ ᠨᠢᠭᠲᠠᠴᠠ 1.60 ᠭ/ᠰᠮ3. ᠺᠠᠷᠨᠠᠯᠯᠢᠲ ᠨᠢ ᠭᠠᠯᠢ ᠳᠤᠰᠡᠯᠸᠢᠨᠢ ᠬᠠᠮᠲᠤ ᠲᠤᠨᠤᠮᠠᠯ ᠶᠠᠪᠤᠴᠠ ᠲᠤ ᠶᠡᠬᠡ ᠡᠭᠦᠰᠦᠨ᠎ᠡ᠃ ᠠᠰᠰᠣᠴᠢᠶᠠᠴᠢ ᠡᠭᠦᠰᠬᠡᠳᠡᠭ ᠡᠷᠦᠳᠡᠰᠦ ᠨᠢ ᠭᠢᠫᠰᠠᠩᠭᠢᠳᠠᠷ ᠲᠤ᠂ ᠭᠠᠯᠢ ᠳᠤ᠂ ᠫᠣᠯᠢᠭᠠᠯᠢ ᠳᠤᠺᠢᠽᠧᠷ ᠲᠤᠺᠠᠮᠨᠢ ᠳᠤᠰᠡᠯᠸᠢᠨ. ᠺᠠᠯᠢ ᠪᠤᠶᠤ ᠮᠠᠭᠨᠢ ᠶᠢᠨ ᠬᠥᠳᠡᠷ ᠪᠣᠯᠵᠤ ᠠᠰᠢᠭᠯᠠᠭᠳᠠᠨ᠎ᠠ᠃

ᠳᠣᠯᠣᠮᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

CaMg[CO3]2. ᠬᠢᠮᠢ ᠶᠢᠨ ᠨᠠᠶᠢᠷᠠᠯᠭᠠᠨ ᠳᠤ CaO-30.4%, MgO-21.7%, CO2-47.9%, ᠬᠣᠯᠢᠴᠠ ᠪᠠᠶᠢᠳᠠᠯ ᠢᠶᠠᠷ Fe, Mn, Zn, Ni, Co ᠣᠷᠣᠳᠠᠭ᠃ ᠲᠷᠢᠭᠣᠨᠠᠯᠢ ᠰᠢᠩ ᠢᠶᠣᠨᠢ ᠳᠤ ᠲᠠᠯᠠᠰᠲᠤᠵᠢᠨ᠎ᠠ᠃ ᠰᠢᠮᠮᠧᠲ᠋ᠷ ᠦᠨ ᠲᠥᠷᠥᠯ L36C. ᠳᠣᠯᠣᠮᠢ ᠳᠤ ᠨᠢ ᠭᠠᠨᠲᠢᠭ ᠮᠠᠶ᠋ᠢᠭ ᠤᠨ ᠴᠤᠯᠤ ᠨᠢᠭᠲᠠᠴᠠ ᠠᠭᠷᠧᠭᠠᠲ ᠍ ᠢ ᠡᠭᠦᠰᠬᠡᠨ᠎ᠡ᠃ ᠡᠩ ᠦᠨ ᠳᠦᠷᠰᠦ ᠨᠦᠭᠦᠳ ᠨᠢ ᠷᠣᠮᠪᠳᠡᠷ ᠪᠠᠶᠢᠨ᠎ᠠ᠃ ᠳᠣᠯᠣᠮᠢ ᠳᠤ ᠴᠠᠶᠢᠪᠤᠷ ᠰᠠᠷᠠᠯ ᠥᠩᠭᠡ ᠲᠡᠢ ᠰᠢᠯᠢᠨ ᠭᠢᠯᠪᠠᠭ᠎ᠠ ᠲᠠᠢ᠂ ᠷᠣᠮᠪᠳᠡᠷ ᠦᠨ ᠲᠠᠯ᠎ᠠ ᠶᠢᠨ ᠳᠠᠭᠠᠤ ᠰᠠᠶᠢᠨ ᠬᠤᠪᠢᠶᠠᠭᠳᠠᠯᠲᠠᠢ᠂ ᠬᠠᠲᠠᠭᠤᠯᠢᠭ 3.5-4, ᠨᠢᠭᠲᠠᠴᠠ 2.8-2.9 ᠭ/ᠰᠮ3. ᠲᠠᠨᠢᠬᠤ ᠭᠣᠣᠯ ᠣᠨᠴᠠᠯᠢᠭ ᠰᠢᠨᠵᠢ ᠨᠢ ᠬᠢᠮᠢ ᠶᠢᠨ ᠨᠠᠶᠢᠷᠠᠯᠭ᠎ᠠ ᠣᠫᠲ᠋ᠢᠺᠡᠶᠢᠨ ᠰᠢᠨᠵᠢ ᠨᠦᠭᠦᠳ ᠢᠶᠡᠷ ᠲᠠᠨᠢᠭᠳᠠᠨ᠎ᠠ᠃ ᠡᠺᠽᠣᠭᠢᠨ ᠶᠠᠪᠤᠴᠠ ᠲᠤ ᠡᠭᠦᠰᠦᠨ᠎ᠡ᠃ ᠬᠠᠮᠤᠭ ᠤᠨ ᠶᠡᠬᠡ ᠡᠭᠦᠰᠬᠦ ᠲᠣᠬᠢᠷᠠᠮᠵᠢᠲᠠᠢ ᠨᠥᠬᠥᠴᠡᠯ ᠨᠢ ᠮᠠᠭᠨᠢ ᠶᠢᠨ ᠳᠠᠪᠤᠰᠤ ᠪᠤᠶᠤ ᠱᠣᠬᠣᠢ ᠶᠢᠨ ᠴᠢᠯᠠᠭᠤᠨ ᠳᠤᠮᠳᠠᠭᠤᠷ ᠬᠠᠯᠠᠭᠤᠨ ᠤᠰᠤᠨ ᠠᠭᠤᠰᠤᠮᠠᠯ ᠦᠢᠯᠡᠴᠢᠯᠡᠬᠦ ᠳᠦ ᠡᠭᠦᠰᠦᠨ᠎ᠡ᠃

ᠳᠣᠯᠣᠮᠢ ᠳᠤ ᠨᠢ ᠰᠢᠳᠧᠷ ᠲᠤᠰᠧᠷᠫᠡᠨᠲ᠋ᠢᠨᠲᠠᠯᠺᠪᠷᠦᠰᠢᠲ ᠵᠡᠷᠭᠡ ᠡᠷᠦᠳᠡᠰᠦ ᠨᠦᠭᠦᠳ ᠲᠡᠢ ᠬᠠᠮᠲᠤ ᠳᠠᠭᠠᠷᠢᠯᠳᠤᠳᠠᠭ᠃ ᠳᠣᠯᠣᠮᠢ ᠳᠤ ᠭᠠᠯ ᠳᠤ ᠲᠡᠰᠪᠦᠷᠢᠲᠡᠢ ᠮᠠᠲ᠋ᠧᠷᠢᠶᠠᠯ ᠪᠣᠯᠬᠤ ᠠᠴᠠ ᠭᠠᠳᠠᠨ᠎ᠠ ᠮᠧᠲ᠋ᠠᠯᠯᠦ᠋ᠷᠭᠢ᠂ ᠪᠠᠷᠢᠯᠭ᠎ᠠ᠂ ᠬᠢᠮᠢ ᠶᠢᠨ ᠦᠢᠯᠡᠳᠪᠦᠷᠢ ᠲᠤ ᠥᠷᠭᠡᠨ ᠢᠶᠡᠷ ᠬᠡᠷᠡᠭᠯᠡᠭᠳᠡᠨ᠎ᠡ᠃

http://wiki.uhaan.com/index.php?title=ᠮᠠᠭᠨᠢ&oldid=373731》 ᠍  ᠡᠴᠡ ᠠᠪᠤᠭᠰᠠᠨ

ᠪᠢᠴᠢᠭᠡᠰᠦ