ᠮᠠᠭᠤᠰᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠭᠤᠰᠢᠭ ᠪᠣᠯ ᠮᠣᠩᠭᠣᠯ ᠳᠤ ᠬᠠᠮᠤᠭ ᠤᠨ ᠥᠷᠭᠡᠨ ᠳᠡᠯᠭᠡᠷᠡᠭᠰᠡᠨ ᠬᠥᠵᠥᠷ ᠦᠨ ᠲᠣᠭᠯᠠᠭᠠᠮ ᠤᠨ ᠨᠢᠭᠡ ᠶᠤᠮ᠃ 2-5 ᠬᠦᠮᠦᠨ ᠵᠡᠷᠭᠡ ᠲᠣᠭᠯᠠᠬᠤ ᠪᠣᠯᠤᠮᠵᠢ ᠲᠠᠢ᠃

ᠮᠠᠭᠤᠰᠢᠭ ᠭᠡᠳᠡᠭ ᠨᠢ ᠮᠤᠰᠭᠢᠬᠤ ᠭᠡᠰᠡᠨ ᠦᠭᠡᠨ ᠡᠴᠡ ᠭᠠᠷᠤᠯ ᠲᠠᠢ ᠪᠠᠶᠢᠵᠤ ᠮᠠᠭᠠᠳ ᠦᠭᠡᠢ᠃ ᠬᠠᠷᠢᠭᠤ ᠦᠭᠡᠢ ᠭᠠᠷᠬᠤ ᠭᠡᠵᠦ ᠪᠠᠶᠢᠭ᠎ᠠ ᠲᠣᠭᠯᠠᠭᠴᠢ ᠪᠠᠨ ᠪᠤᠰᠤᠳ ᠨᠢ ᠬᠠᠪᠰᠠᠶᠢᠳᠠᠵᠤ ᠨᠢᠭᠡ ᠴᠤ ᠭᠡᠷ ᠪᠠᠷᠢᠭᠤᠯᠤᠯ ᠦᠭᠡᠢ ᠣᠨᠣᠭ᠎ᠠ ᠶᠢ ᠨᠢ 5 ᠍ ᠪᠠᠷ ᠨᠡᠮᠡᠭᠳᠡᠭᠦᠯᠬᠦ ᠦᠶ᠎ᠡ ᠳᠦ ᠶᠠᠪᠤᠭᠤᠯᠳᠠᠭ ᠠᠵᠢᠯᠯᠠᠭ᠎ᠠ ᠶᠢ ᠮᠤᠰᠭᠢᠬᠤ ᠭᠡᠬᠦ ᠨᠢ ᠪᠤᠢ᠃


ᠮᠠᠭᠤᠰᠢᠭ ᠲᠣᠭᠯᠠᠭᠠᠮ ᠤᠨ ᠳᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠯᠠᠭᠴᠢᠳ: ᠮᠠᠭᠤᠰᠢᠭ ᠲᠣᠭᠯᠠᠭᠠᠮ ᠢ 5 ᠬᠦᠮᠦᠨ ᠵᠡᠷᠭᠡ ᠲᠣᠭᠯᠠᠬᠤ ᠨᠢ ᠲᠣᠬᠢᠷᠠᠮᠵᠢᠲᠠᠢ ᠪᠠᠶᠢᠳᠠᠭ᠃ ᠵᠠᠷᠢᠮ ᠲᠣᠬᠢᠶᠠᠯᠳᠤᠯ ᠳᠤ 2-4 ᠬᠦᠮᠦᠨ ᠲᠣᠭᠯᠠᠵᠤ ᠪᠣᠯᠤᠨ᠎ᠠ᠃ ᠡᠨᠡ ᠦᠶ᠎ᠡ ᠳᠦ ᠬᠥᠵᠥᠷ ᠦᠨ ᠢᠶᠡᠨ ᠲᠣᠭ᠎ᠠ ᠶᠢ ᠬᠠᠰᠤᠬᠤ ᠨᠢ ᠲᠣᠬᠢᠷᠠᠮᠵᠢᠲᠠᠢ ᠪᠠᠶᠢᠳᠠᠭ᠃ ᠲᠤᠬᠠᠶᠢᠯᠠᠪᠠᠯ 2 ᠬᠦᠮᠦᠨ ᠲᠣᠭᠯᠠᠬᠤ ᠦᠶ᠎ᠡ ᠳᠦ 7, 8, 9 ᠲᠣᠭ᠎ᠠ ᠲᠠᠢ ᠬᠥᠵᠥᠷ ᠦᠳ ᠢ ᠬᠠᠰᠤᠬᠤ ᠭᠡᠬᠦ ᠮᠡᠲᠦ᠃

ᠬᠥᠵᠥᠷ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

5 ᠬᠦᠮᠦᠨ ᠲᠡᠢ ᠦᠶ᠎ᠡ ᠳᠦ ᠲᠠᠮᠠᠭ᠎ᠠ᠂ ᠨᠣᠶᠠᠨ᠂ ᠬᠠᠲᠤᠨ᠂ ᠪᠣᠭᠣᠯ᠂ 10, 9, 8, 7 ᠬᠥᠵᠥᠷ ᠦᠳ ᠢᠶᠡᠷ ᠲᠣᠭᠯᠠᠳᠠᠭ᠃ ᠨᠡᠶᠢᠲᠡ ᠬᠥᠵᠥᠷ ᠦᠨ ᠲᠣᠭ᠎ᠠ 32. ᠬᠠᠷᠢᠨ ᠲᠣᠭᠯᠠᠭᠴᠢ ᠶᠢᠨ ᠲᠣᠭ᠎ᠠ ᠴᠥᠭᠡᠨ ᠦᠶ᠎ᠡ ᠳᠦ 7, 8 ᠵᠡᠷᠭᠡ ᠲᠣᠭ᠎ᠠ ᠬᠥᠵᠥᠷ ᠦᠳ ᠡᠴᠡ ᠬᠠᠰᠴᠢ ᠪᠣᠯᠤᠨ᠎ᠠ᠃

ᠵᠣᠷᠢᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠲᠣᠭᠯᠠᠭᠠᠮ ᠤᠨ ᠬᠤᠪᠢ ᠳᠤ ᠲᠤᠬᠠᠢ ᠶᠢᠨ ᠲᠣᠭᠯᠠᠭᠴᠢ ᠥᠪᠡᠷ ᠦᠨ ᠣᠨᠣᠭ᠎ᠠ ᠶᠢ ᠠᠯᠢ ᠪᠣᠯᠬᠤ ᠴᠥᠭᠡᠯᠡᠵᠦ 0 ᠪᠣᠯᠭᠠᠬᠤ ᠶᠠᠪᠤᠳᠠᠯ ᠪᠠᠶᠢᠳᠠᠭ᠃ ᠲᠣᠭᠯᠠᠯᠲᠠ ᠶᠢᠨ ᠡᠬᠢᠨ ᠳᠦ ᠪᠦᠬᠦ ᠲᠣᠭᠯᠠᠭᠴᠢ ᠶᠢᠨ ᠣᠨᠣᠭ᠎ᠠ ᠢᠵᠢᠯᠬᠡᠨ 15 ᠪᠠᠶᠢᠳᠠᠭ᠃ ᠲᠤᠬᠠᠢ ᠶᠢᠨ ᠲᠣᠭᠯᠠᠯᠲᠠᠨ ᠳᠤ ᠬᠡᠳᠦᠨ ᠭᠡᠷ ᠪᠠᠶᠢᠭᠤᠯᠤᠨ᠎ᠠ ᠲᠡᠷᠡ ᠲᠣᠭ᠎ᠠ ᠪᠠᠷ ᠣᠨᠣᠭ᠎ᠠ ᠬᠠᠰᠤᠭᠳᠠᠨ᠎ᠠ᠃ ᠡᠶᠢᠮᠦ ᠳᠦ ᠲᠣᠭᠯᠠᠭᠴᠢ ᠪᠦᠷᠢ ᠲᠤᠬᠠᠢ ᠶᠢᠨ ᠲᠣᠭᠯᠠᠯᠲᠠᠨ ᠳᠤ ᠠᠯᠢ ᠪᠣᠯᠬᠤ ᠣᠯᠠᠨ ᠭᠡᠷ᠎ᠡ ᠪᠠᠶᠢᠭᠤᠯᠬᠤ ᠶᠢ ᠣᠷᠣᠯᠳᠤᠨ᠎ᠠ᠃ ᠬᠡᠷᠪᠡ ᠲᠣᠭᠯᠠᠭᠴᠢ ᠲᠤᠬᠠᠢ ᠶᠢᠨ ᠲᠣᠭᠯᠠᠯᠲᠠᠨ ᠳᠤ ᠨᠢᠭᠡ ᠴᠤ ᠭᠡᠷ᠎ᠡ ᠪᠠᠶᠢᠭᠤᠯᠵᠤ ᠴᠢᠳᠠᠭ᠎ᠠ ᠦᠭᠡᠢ ᠪᠣᠯ ᠲᠡᠭᠦᠨ ᠦ ᠣᠨᠣᠭ᠎ᠠ 5 ᠍ ᠪᠠᠷ ᠨᠡᠮᠡᠭᠳᠡᠳᠡᠭ᠃ ᠲᠡᠭᠡᠬᠦ ᠪᠡᠷ ᠲᠣᠭᠯᠠᠭᠴᠢ ᠭᠡᠷ ᠪᠠᠷᠢᠵᠤ ᠴᠢᠳᠠᠬᠤ ᠡᠰᠡᠬᠦ ᠪᠡᠨ ᠪᠣᠳᠣᠯᠴᠠᠭᠰᠠᠨ ᠤ ᠦᠨᠳᠦᠰᠦᠨ ᠳᠡᠭᠡᠷ᠎ᠡ ᠲᠣᠭᠯᠠᠯᠲᠠᠨ ᠳᠤ ᠤᠷᠤᠬᠤ ᠡᠰᠡᠬᠦ ᠪᠡᠨ ᠰᠢᠢᠳᠳᠡᠭ᠃

ᠬᠥᠵᠥᠷ ᠢ ᠬᠣᠯᠢᠵᠤ ᠬᠤᠪᠢᠶᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠯᠠᠭᠴᠢᠳ ᠲᠣᠭᠯᠠᠯᠲᠠ ᠪᠦᠷ ᠳᠡᠭᠡᠷ᠎ᠡ ᠨᠠᠷᠠ ᠵᠥᠪ ᠡᠭᠡᠯᠵᠢᠯᠡᠨ ᠬᠥᠵᠥᠷ ᠢ ᠬᠣᠯᠢᠵᠤ ᠬᠤᠪᠢᠶᠠᠳᠠᠭ᠃ ᠠᠵᠢᠯ ᠬᠢᠵᠦ ᠪᠠᠶᠢᠭ᠎ᠠ ᠬᠦᠮᠦᠨ᠂ ᠠᠮᠠᠨ ᠬᠥᠵᠦᠭᠦᠦ ᠪᠠ ᠪᠤᠰᠤᠳ ᠭᠡᠬᠦ ᠵᠡᠷᠭᠡ ᠪᠡᠷ ᠲᠣᠭᠯᠠᠭᠴᠢᠳ ᠢ ᠲᠤᠬᠠᠢ ᠶᠢᠨ ᠪᠠᠶᠢᠷᠢᠯᠠᠯ ᠢᠶᠠᠷ ᠨᠢ ᠨᠡᠷᠡᠯᠡᠳᠡᠭ᠃ ᠠᠵᠢᠯ ᠬᠢᠵᠦ ᠪᠠᠶᠢᠭ᠎ᠠ ᠬᠦᠮᠦᠨ ᠭᠡᠵᠦ ᠬᠥᠵᠥᠷ ᠢ ᠬᠣᠯᠢᠵᠤ ᠬᠤᠪᠢᠶᠠᠵᠤ ᠪᠠᠩᠬᠢ ᠪᠠᠷᠢᠵᠤ ᠪᠠᠶᠢᠭ᠎ᠠ ᠬᠦᠮᠦᠨ᠂ ᠠᠮᠠᠨ ᠬᠥᠵᠦᠭᠦᠦ ᠭᠡᠵᠦ ᠠᠵᠢᠯ ᠬᠢᠵᠦ ᠪᠠᠶᠢᠭ᠎ᠠ ᠬᠦᠮᠦᠨ ᠦ ᠳ᠋ᠣᠣ ᠳᠤ ᠲᠠᠯ᠎ᠠ ᠳᠤ ᠰᠠᠭᠤᠭᠰᠠᠨ ᠬᠦᠮᠦᠨ ᠢ ᠬᠡᠯᠡᠨ᠎ᠡ᠃ ᠡᠳᠡᠭᠡᠷ ᠨᠢ ᠲᠤᠰ ᠪᠦᠷᠢ ᠳᠦ ᠪᠡᠨ ᠳᠠᠪᠠᠭᠤ ᠲᠠᠯ᠎ᠠ ᠨᠤᠭᠤᠳ ᠲᠠᠢ ᠪᠠᠶᠢᠳᠠᠭ᠃ ᠠᠵᠢᠯ ᠬᠢᠵᠦ ᠪᠠᠶᠢᠭ᠎ᠠ ᠬᠦᠮᠦᠨ ᠭᠠᠷᠤᠭᠰᠠᠨ ᠬᠥᠵᠥᠷ ᠢ ᠥᠪᠡᠷ ᠦᠨ ᠪᠣᠯᠭᠠᠬᠤ ᠡᠷᠬᠡ ᠲᠡᠢ ᠪᠠᠶᠢᠳᠠᠭ ᠪᠣᠯ ᠠᠮᠠᠨ ᠬᠥᠵᠦᠭᠦᠦ ᠨᠢ ᠬᠠᠮᠤᠭ ᠤᠨ ᠲᠦᠷᠦᠭᠦᠨ ᠳᠦ ᠬᠥᠵᠥᠷ ᠦᠳ ᠢᠶᠡᠨ ᠰᠣᠯᠢᠬᠤ ᠡᠷᠬᠡ ᠲᠡᠢ ᠪᠠᠶᠢᠳᠠᠭ᠃ ᠠᠵᠢᠯ ᠬᠢᠵᠦ ᠪᠠᠶᠢᠭ᠎ᠠ ᠬᠦᠮᠦᠨ ᠬᠥᠵᠥᠷ ᠦᠳ ᠢ ᠬᠣᠯᠢᠭᠰᠠᠨ ᠤ ᠳᠠᠷᠠᠭ᠎ᠠ ᠬᠦᠮᠦᠨ ᠪᠦᠷᠢ ᠳᠦ ᠲᠠᠪᠤᠨ ᠬᠥᠵᠥᠷ ᠲᠠᠷᠠᠭᠠᠵᠤ ᠥᠭᠳᠡᠭ᠃ ᠡᠭᠦᠨ ᠦ ᠳᠠᠷᠠᠭ᠎ᠠ ᠬᠥᠵᠥᠷ ᠭᠡᠵᠦ ᠨᠡᠷᠡᠯᠡᠭᠳᠡᠬᠦ ᠥᠩᠭᠡ ᠪᠦᠬᠦᠢ ᠨᠢᠭᠡ ᠬᠥᠵᠥᠷ ᠢ ᠳᠡᠭᠡᠭᠰᠢ ᠨᠢ ᠬᠠᠷᠠᠭᠤᠯᠵᠤ ᠲᠠᠯᠪᠢᠳᠠᠭ᠃ ᠡᠨᠡ ᠥᠩᠭᠡ ᠨᠢ ᠲᠤᠬᠠᠢ ᠶᠢᠨ ᠲᠣᠭᠯᠠᠯᠲᠠᠨ ᠳᠤ ᠪᠤᠰᠤᠳ ᠥᠩᠭᠡᠨ ᠡᠴᠡ ᠪᠡᠨ ᠳᠠᠪᠠᠭᠤ ᠡᠷᠬᠡ ᠲᠡᠢ ᠪᠣᠯᠳᠠᠭ᠃ ᠪᠤᠰᠤᠳ ᠲᠠᠷᠠᠭᠠᠭᠳᠠᠭ᠎ᠠ ᠦᠭᠡᠢ ᠬᠥᠵᠥᠷ ᠢ ᠰᠢᠷᠡᠭᠡᠨ ᠳᠡᠭᠡᠷ᠎ᠡ ᠳᠣᠭᠣᠭᠰᠢ ᠨᠢ ᠬᠠᠷᠠᠭᠤᠯᠤᠨ ᠳᠠᠪᠬᠤᠷᠯᠠᠨ ᠲᠠᠯᠪᠢᠬᠤ ᠪᠠ ᠲᠡᠭᠦᠨ ᠢ ᠭᠠᠵᠠᠷ ᠤᠨ ᠮᠣᠳᠣ ᠭᠡᠵᠦ ᠨᠡᠷᠡᠯᠡᠳᠡᠭ᠃ ᠡᠳᠡᠭᠡᠷ ᠬᠥᠵᠥᠷ ᠢ ᠲᠣᠭᠯᠠᠭᠴᠢᠳ ᠭᠠᠷ ᠳᠠᠬᠢ ᠬᠥᠵᠥᠷ ᠢᠶᠡᠨ ᠰᠣᠯᠢᠬᠤ ᠳᠤ ᠬᠡᠷᠡᠭᠯᠡᠨ᠎ᠡ᠃

ᠤᠷᠤᠬᠤ ᠡᠰᠡᠬᠦ ᠶᠢ ᠰᠢᠢᠳᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠵᠥᠷ ᠦᠳ ᠢ ᠲᠣᠭᠯᠠᠭᠴᠢᠳ ᠭᠠᠷ ᠲᠤ ᠪᠠᠨ ᠬᠤᠪᠢᠶᠠᠵᠤ ᠠᠪᠤᠭᠰᠠᠨ ᠤ ᠳᠠᠷᠠᠭ᠎ᠠ ᠲᠤᠬᠠᠢ ᠶᠢᠨ ᠲᠣᠭᠯᠠᠯᠲᠠᠨ ᠳᠤ ᠤᠷᠤᠬᠤ ᠡᠰᠡᠬᠦ ᠪᠡᠨ ᠰᠢᠢᠳᠳᠡᠭ᠃ ᠲᠣᠭᠯᠠᠭᠴᠢ ᠥᠪᠡᠷ ᠲᠦ ᠢᠷᠡᠭᠰᠡᠨ ᠬᠥᠵᠥᠷ ᠪᠣᠯᠤᠨ ᠰᠣᠯᠢᠬᠤ ᠪᠣᠯᠤᠮᠵᠢ ᠶᠢ ᠬᠠᠷᠠᠭᠠᠯᠵᠠᠨ ᠤᠷᠤᠬᠤ ᠡᠰᠡᠬᠦ ᠪᠡᠨ ᠰᠢᠢᠳᠳᠡᠭ᠃ ᠠᠮᠠᠨ ᠬᠥᠵᠦᠭᠦᠦ ᠭᠡᠵᠦ ᠨᠡᠷᠡᠯᠡᠭᠳᠡᠬᠦ ᠲᠣᠭᠯᠠᠭᠴᠢ ᠬᠠᠮᠤᠭ ᠤᠨ ᠲᠦᠷᠦᠭᠦᠨ ᠳᠦ ᠤᠷᠤᠬᠤ ᠡᠰᠡᠬᠦ ᠪᠡᠨ ᠬᠡᠯᠡᠳᠡᠭ ᠪᠥᠭᠡᠳ ᠡᠭᠦᠨ ᠦ ᠳᠠᠷᠠᠭ᠎ᠠ ᠨᠠᠷᠠ ᠵᠥᠪ ᠳᠠᠷᠠᠭᠠᠯᠠᠯ ᠢᠶᠠᠷ ᠪᠤᠰᠤᠳ ᠲᠣᠭᠯᠠᠭᠴᠢᠳ ᠰᠢᠢᠳᠪᠦᠷᠢ ᠪᠡᠨ ᠬᠡᠯᠡᠨ᠎ᠡ᠃ ᠬᠠᠮᠤᠭ ᠤᠨ ᠰᠡᠭᠦᠯ ᠳᠦ ᠠᠵᠢᠯ ᠬᠢᠵᠦ ᠪᠠᠶᠢᠭ᠎ᠠ ᠬᠦᠮᠦᠨ ᠰᠠᠨᠠᠯ᠎ᠠ ᠬᠡᠯᠡᠨ᠎ᠡ᠃ ᠬᠡᠷᠪᠡ ᠡᠮᠦᠨᠡᠬᠢ ᠲᠣᠭᠯᠠᠭᠴᠢᠳ ᠣᠷᠣᠬᠤ ᠦᠭᠡᠢ ᠪᠡᠷ ᠰᠢᠢᠳᠡᠭᠰᠡᠨ ᠪᠣᠯ ᠰᠡᠭᠦᠯ ᠦᠨ ᠬᠣᠶᠠᠷ ᠲᠣᠭᠯᠠᠭᠴᠢ ᠠᠦ᠋ᠲ᠋ᠣᠮᠠᠲ ᠢᠶᠠᠷ ᠲᠣᠭᠯᠠᠨ᠎ᠠ᠃ ᠬᠡᠷᠪᠡ ᠲᠤᠬᠠᠢ ᠶᠢᠨ ᠲᠣᠭᠯᠠᠭᠴᠢ ᠡᠮᠦᠨᠡᠬᠢ 3 ᠲᠣᠭᠯᠠᠯᠲᠠᠨ ᠳᠤ ᠳᠠᠷᠠᠭᠠᠯᠠᠨ ᠥᠨᠵᠢᠭᠰᠡᠨ ᠪᠣᠯ ᠠᠦ᠋ᠲ᠋ᠣᠮᠠᠲ ᠢᠶᠠᠷ ᠤᠷᠤᠬᠤ ᠳᠦᠷᠢᠮ ᠪᠠᠰᠠ ᠪᠠᠶᠢᠵᠤ ᠪᠣᠯᠤᠨ᠎ᠠ᠃

ᠰᠣᠯᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠭᠯᠠᠭᠴᠢᠳ ᠤᠷᠤᠬᠤ ᠡᠰᠡᠬᠦ ᠪᠡᠨ ᠰᠢᠢᠳᠦᠰᠦᠨ ᠦ ᠳᠠᠷᠠᠭ᠎ᠠ ᠣᠷᠣᠬᠤ ᠪᠠᠷ ᠪᠣᠯᠤᠭᠰᠠᠨ ᠲᠣᠭᠯᠠᠭᠴᠢᠳ ᠥᠪᠡᠷ ᠲᠦ ᠪᠤᠢ ᠬᠥᠵᠥᠷ ᠦᠳ ᠢ ᠭᠠᠵᠠᠷ ᠪᠠᠶᠢᠭ᠎ᠠ ᠬᠥᠵᠥᠷ ᠦᠳ ᠢᠶᠡᠷ ᠰᠣᠯᠢᠬᠤ ᠪᠣᠯᠤᠮᠵᠢ ᠪᠦᠷᠢᠳᠳᠡᠭ᠃ ᠢᠩᠭᠢᠬᠦ ᠳᠦ ᠪᠡᠨ ᠰᠣᠯᠢᠬᠤ ᠦᠢᠯᠡ ᠠᠵᠢᠯᠯᠠᠭ᠎ᠠ ᠠᠮᠠᠨ ᠬᠥᠵᠦᠭᠦᠦ ᠡᠴᠡ ᠡᠬᠢᠯᠡᠭᠡᠳ ᠨᠠᠷᠠ ᠵᠥᠪ ᠳᠠᠷᠠᠭᠠᠯᠠᠯ ᠢᠶᠠᠷ ᠬᠢᠭᠳᠡᠨ᠎ᠡ᠃ ᠡᠬᠢᠨ ᠦ ᠲᠣᠭᠯᠠᠭᠴᠢ ᠥᠪᠡᠷ ᠦᠨ ᠬᠥᠵᠥᠷ ᠦᠳ ᠦᠨ ᠠᠯᠢ ᠮᠠᠭᠤ ᠶᠢ ᠨᠢ ᠬᠠᠶᠠᠵᠤ ᠭᠠᠵᠠᠷ ᠤᠨ ᠮᠣᠳᠣᠨ ᠨᠤᠭᠤᠳ ᠤᠨ ᠳᠡᠭᠡᠷ᠎ᠡ ᠡᠴᠡ ᠬᠠᠶᠠᠭᠰᠠᠨ ᠮᠣᠳᠣ ᠲᠠᠢ ᠲᠡᠩᠴᠡᠭᠦᠦ ᠲᠣᠭᠠᠨ ᠤ ᠬᠥᠵᠥᠷ ᠢ ᠠᠪᠳᠠᠭ᠃ ᠳᠠᠷᠠᠭᠠᠴᠢ ᠶᠢᠨ ᠲᠣᠭᠯᠠᠭᠴᠢ ᠭᠠᠵᠠᠷ ᠲᠤ ᠦᠯᠡᠳᠡᠭᠰᠡᠨ ᠬᠥᠵᠥᠷ ᠦᠨ ᠲᠣᠭᠠᠨ ᠳᠤ ᠨᠡᠶᠢᠴᠡᠭᠦᠯᠦᠨ ᠥᠪᠡᠷ ᠦᠨ ᠭᠠᠷ ᠳᠠᠬᠢ ᠬᠥᠵᠥᠷ ᠦᠳ ᠡᠴᠡ ᠬᠠᠶᠠᠵᠤ ᠮᠥᠨ ᠭᠠᠵᠠᠷ ᠠᠴᠠ ᠮᠣᠳᠣ ᠠᠪᠤᠨ᠎ᠠ᠃ ᠮᠡᠳᠡᠭᠡᠵᠢ ᠲᠤᠬᠠᠢ ᠶᠢᠨ ᠲᠣᠭᠯᠠᠭᠴᠢ ᠰᠣᠯᠢᠬᠤ ᠳᠤ ᠪᠠᠨ ᠥᠪᠡᠷ ᠦᠨ ᠬᠥᠵᠥᠷ ᠦᠳ ᠦᠨ ᠴᠢᠨᠠᠷ ᠢ ᠰᠠᠶᠢᠵᠢᠷᠭᠠᠭᠤᠯᠬᠤ ᠵᠣᠷᠢᠯᠭ᠎ᠠ ᠪᠠᠷ ᠰᠣᠯᠢᠨ᠎ᠠ᠃

ᠬᠠᠷᠢᠨ ᠠᠵᠢᠯ ᠬᠢᠭᠰᠡᠨ ᠬᠦᠨᠳᠦ ᠨᠢᠭᠡ ᠣᠨᠴᠠᠭᠠᠢ ᠡᠷᠬᠡ ᠪᠠᠶᠢᠳᠠᠭ ᠨᠢ ᠥᠪᠡᠷ ᠦᠨ ᠨᠢᠭᠡ ᠬᠥᠵᠥᠷ ᠢ ᠬᠠᠶᠠᠵᠤ ᠬᠥᠵᠥᠷ ᠰᠠᠭᠤᠭᠰᠠᠨ ᠮᠣᠳᠣ ᠶᠢ ᠠᠪᠬᠤ ᠶᠠᠪᠤᠳᠠᠯ ᠶᠤᠮ᠃

ᠲᠣᠭᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠠᠨ ᠬᠥᠵᠦᠭᠦᠦ ᠭᠡᠵᠦ ᠨᠡᠷᠡᠯᠡᠭᠳᠡᠬᠦ ᠲᠣᠭᠯᠠᠭᠴᠢ ᠨᠢᠭᠡ ᠬᠥᠵᠥᠷ ᠢ ᠲᠣᠭᠯᠠᠯᠲᠠᠨ ᠳᠤ ᠣᠷᠣᠭᠤᠯᠤᠭᠰᠠᠨ ᠢᠶᠠᠷ ᠲᠣᠭᠯᠠᠯᠲᠠ ᠡᠬᠢᠯᠡᠨ᠎ᠡ᠃ ᠢᠩᠭᠢᠭᠰᠡᠨ ᠢᠶᠡᠷ ᠲᠣᠭᠯᠠᠭᠴᠢ ᠪᠦᠷᠢ ᠳᠠᠷᠠᠭᠠᠯᠠᠨ ᠤᠭ ᠬᠥᠵᠥᠷ ᠡᠴᠡ ᠬᠠᠮᠢᠶᠠᠷᠤᠭᠤᠯᠤᠨ ᠨᠢᠭᠡ ᠬᠥᠵᠥᠷ ᠢ ᠭᠠᠷᠭᠠᠨ᠎ᠠ᠃ ᠡᠨᠡ ᠪᠠᠭᠴᠠ ᠬᠥᠵᠥᠷ ᠨᠢ ᠨᠢᠭᠡ ᠭᠡᠷ ᠪᠣᠯᠬᠤ ᠪᠥᠭᠡᠳ ᠬᠠᠮᠤᠭ ᠤᠨ ᠥᠨᠳᠥᠷ ᠡᠷᠬᠡ ᠲᠡᠢ ᠬᠥᠵᠥᠷ ᠭᠠᠷᠭᠠᠭᠰᠠᠨ ᠨᠢ ᠤᠭ ᠭᠡᠷ᠎ᠡ ᠶᠢ ᠡᠵᠡᠮᠰᠢᠨ᠎ᠡ᠃

ᠡᠬᠢᠨ ᠦ ᠬᠥᠵᠥᠷ ᠭᠠᠷᠤᠭᠰᠠᠨ ᠦᠶ᠎ᠡ ᠳᠦ ᠪᠤᠰᠤᠳ ᠲᠣᠭᠯᠠᠭᠴᠢᠳ ᠨᠢᠭᠡ ᠬᠥᠵᠥᠷ ᠢ ᠭᠠᠷᠭᠠᠬᠤ ᠳᠤ ᠪᠠᠨ ᠳᠠᠷᠠᠭᠠᠬᠢ ᠳᠦᠷᠢᠮ ᠦᠳ ᠢ ᠪᠠᠷᠢᠮᠲᠠᠯᠠᠳᠠᠭ:

  • ᠲᠤᠬᠠᠢ ᠶᠢᠨ ᠭᠠᠷᠭᠠᠭᠰᠠᠨ ᠬᠥᠵᠥᠷ ᠦᠨ ᠥᠩᠭᠡ ᠲᠡᠢ ᠢᠵᠢᠯᠢ ᠥᠩᠭᠡ ᠶᠢᠨ ᠬᠥᠵᠥᠷ ᠢ ᠭᠠᠷᠭᠠᠬᠤ (ᠵᠢᠱᠢᠶ᠎ᠡ ᠨᠢ ᠭᠢᠯ ᠭᠠᠷᠤᠭᠰᠠᠨ ᠦᠶ᠎ᠡ ᠳᠦ ᠵᠥᠪᠬᠡᠨ ᠥᠪᠡᠷ ᠲᠦ ᠪᠠᠶᠢᠭ᠎ᠠ ᠭᠢᠯᠦᠶᠢᠨ ᠠᠯᠢ ᠨᠢᠭᠡ ᠬᠥᠵᠥᠷ ᠢ ᠭᠠᠷᠭᠠᠬᠤ)
  • ᠭᠠᠷᠭᠠᠭᠰᠠᠨ ᠬᠥᠵᠥᠷ ᠦᠨ ᠥᠩᠭᠡ ᠲᠡᠢ ᠢᠵᠢᠯᠢ ᠥᠩᠭᠡ ᠶᠢᠨ ᠬᠥᠵᠥᠷ ᠦᠳ ᠡᠴᠡ ᠵᠥᠪᠬᠡᠨ ᠥᠨᠳᠥᠷ ᠲᠣᠭ᠎ᠠ ᠲᠠᠢ ᠬᠥᠵᠥᠷ ᠢ ᠭᠠᠷᠭᠠᠬᠤ (ᠵᠢᠱᠢᠶ᠎ᠡ ᠨᠢ ᠴᠡᠴᠡᠭ ᠦᠨ ᠪᠣᠭᠣᠯ ᠢᠷᠡᠯ᠎ᠡ ᠭᠡᠬᠦ ᠳᠦ ᠲᠤᠬᠠᠢ ᠶᠢᠨ ᠲᠣᠭᠯᠠᠭᠴᠢᠳ ᠴᠡᠴᠡᠭ ᠦᠨ ᠬᠠᠲᠠᠨ ᠪᠥᠭᠡᠳ ᠠᠷᠪᠠ ᠬᠥᠵᠥᠷ ᠪᠠᠶᠢᠯ᠎ᠠ ᠭᠡᠬᠦ ᠳᠦ ᠵᠥᠪᠬᠡᠨ ᠴᠡᠴᠡᠭ ᠦᠨ ᠬᠠᠲᠤᠨ ᠢ ᠭᠠᠷᠭᠠᠬᠤ)
  • ᠬᠡᠷᠪᠡ ᠲᠤᠬᠠᠢ ᠶᠢᠨ ᠥᠩᠭᠡ ᠶᠢᠨ ᠬᠥᠵᠥᠷ ᠪᠠᠶᠢᠬᠤ ᠦᠭᠡᠢ ᠪᠣᠯ ᠭᠠᠵᠠᠷ ᠲᠤ ᠬᠥᠵᠥᠷ ᠰᠠᠭᠤᠭᠰᠠᠨ ᠥᠩᠭᠡ ᠶᠢᠨ ᠬᠥᠵᠥᠷ ᠢᠶᠡᠷ ᠢᠳᠡᠬᠦ ᠡᠰᠡᠪᠡᠯ ᠬᠥᠵᠥᠷ ᠪᠠᠶᠢᠬᠤ ᠦᠭᠡᠢ ᠪᠣᠯ ᠥᠭᠡᠷ᠎ᠡ ᠥᠩᠭᠡ ᠶᠢᠨ ᠬᠥᠵᠥᠷ ᠢ ᠥᠭᠬᠦ

ᠥᠭᠡᠷ᠎ᠡ ᠨᠢᠭᠡ ᠣᠨᠴᠠᠭᠠᠢ ᠳᠦᠷᠢᠮ ᠪᠠᠶᠢᠵᠤ ᠪᠣᠯᠳᠠᠭ ᠨᠢ ᠠᠩᠬᠠᠨ ᠤ ᠬᠥᠵᠥᠷ ᠢ ᠲᠣᠭᠯᠠᠯᠲᠠᠨ ᠳᠤ ᠣᠷᠣᠭᠤᠯᠵᠤ ᠪᠠᠶᠢᠭ᠎ᠠ ᠬᠦᠨᠳᠦ ᠬᠡᠷᠪᠡ ᠬᠥᠵᠥᠷ ᠦᠨ ᠲᠠᠮᠠᠭ᠎ᠠ ᠪᠤᠶᠤ ᠲᠡᠭᠦᠵᠡ ᠪᠠᠶᠢᠭ᠎ᠠ ᠲᠣᠬᠢᠶᠠᠯᠳᠤᠯ ᠳᠤ ᠵᠠᠪᠠᠯ ᠲᠡᠭᠦᠨ ᠢ ᠭᠠᠷᠭᠠᠳᠠᠭ᠃ ᠲᠡᠭᠦᠵᠡ ᠶᠢ ᠭᠠᠷᠭᠠᠯ ᠦᠭᠡᠢ ᠦᠯᠡᠳᠡᠭᠡᠭᠰᠡᠨ ᠪᠣᠯ ᠲᠡᠭᠦᠨ ᠦ ᠦᠨ᠎ᠡ ᠴᠡᠨ᠎ᠡ ᠪᠠᠭᠤᠷᠴᠢ ᠦᠬᠦᠳᠡᠭ᠃

ᠲᠣᠭᠯᠠᠭᠴᠢ ᠪᠦᠷᠢ ᠳᠦ ᠬᠥᠵᠥᠷ ᠪᠠᠶᠢᠬᠤ ᠦᠭᠡᠢ ᠪᠣᠯᠤᠭᠰᠠᠨ ᠦᠶ᠎ᠡ ᠳᠦ ᠲᠣᠭᠯᠠᠯᠲᠠ ᠳᠠᠭᠤᠰᠤᠨ᠎ᠠ᠃ ᠡᠨᠡ ᠦᠶ᠎ᠡ ᠳᠦ ᠲᠣᠭᠯᠠᠭᠴᠢ ᠪᠦᠷᠢ ᠶᠢᠨ ᠡᠵᠡᠮᠰᠢᠭᠰᠡᠨ ᠭᠡᠷ ᠦᠨ ᠲᠣᠭ᠎ᠠ ᠪᠠᠷ ᠣᠨᠣᠭ᠎ᠠ ᠶᠢ ᠬᠠᠰᠤᠵᠤ ᠲᠣᠭᠠᠴᠠᠨ᠎ᠠ᠃ ᠬᠠᠷᠢᠨ ᠲᠣᠭᠯᠠᠯᠲᠠᠨ ᠳᠤ ᠣᠷᠣᠭᠰᠠᠨ ᠪᠣᠯᠪᠠᠴᠤ ᠨᠢᠭᠡ ᠴᠤ ᠭᠡᠷ ᠪᠠᠶᠢᠭᠤᠯᠤᠭ᠎ᠠ ᠦᠭᠡᠢ ᠲᠣᠬᠢᠶᠠᠯᠳᠤᠯ ᠳᠤ ᠲᠡᠭᠦᠨ ᠦ ᠣᠨᠣᠭ᠎ᠠ ᠶᠢ 5 ᠍ ᠪᠠᠷ ᠨᠡᠮᠡᠭᠳᠡᠭᠦᠯᠳᠡᠭ᠃ ᠲᠣᠭᠯᠠᠯᠲᠠᠨ ᠳᠤ ᠣᠷᠣᠭ᠎ᠠ ᠦᠭᠡᠢ ᠥᠨᠵᠢᠭᠰᠡᠨ ᠲᠣᠭᠯᠠᠭᠴᠢ ᠶᠢᠨ ᠲᠤᠬᠠᠢ ᠳᠤ ᠣᠨᠣᠭᠣᠨ ᠳᠤ ᠥᠭᠡᠷᠡᠴᠢᠯᠡᠯᠲᠡ ᠣᠷᠣᠬᠤ ᠦᠭᠡᠢ᠃

ᠡᠶᠢᠨᠬᠦᠦ ᠲᠣᠭᠯᠠᠭᠰᠠᠭᠠᠷ ᠠᠯᠢ ᠨᠢᠭᠡ ᠲᠣᠭᠯᠠᠭᠴᠢ 0 ᠶᠠᠭᠤᠮᠤ ᠲᠡᠭᠦᠨ ᠡᠴᠡ ᠪᠠᠭ᠎ᠠ ᠣᠨᠣᠭ᠎ᠠ ᠲᠠᠢ ᠪᠣᠯᠤᠭᠰᠠᠨ ᠲᠣᠬᠢᠶᠠᠯᠳᠤᠯ ᠳᠤ ᠲᠣᠭᠯᠠᠭᠠᠮ ᠳᠠᠭᠤᠰᠤᠨ᠎ᠠ᠃

ᠯᠠᠪᠯᠠᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠭᠤᠰᠢᠭ&oldid=254950》 ᠍  ᠡᠴᠡ ᠠᠪᠤᠭᠰᠠᠨ

ᠪᠢᠴᠢᠭᠡᠰᠦ