ᠮᠬᠤᠢᠯ ᠪᠣᠲ᠋ᠸᠢᠨᠨᠢᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠬᠠᠶᠢᠯ ᠪᠣᠲ᠋ᠸᠢᠨᠨᠢᠺ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠮᠠᠬᠠᠶᠢᠯ ᠪᠣᠲ᠋ᠸᠢᠨᠨᠢᠺ
Capablanca-Botvinnik 1936.jpg
ᠪᠣᠲ᠋ᠸᠢᠨᠨᠢᠺ ᠺᠠᠫᠠᠪᠯᠠᠩᠬᠢ ᠲᠠᠢ ᠲᠣᠭᠯᠠᠵᠤ ᠪᠠᠶᠢᠭ᠎ᠠ ᠨᠢ᠃ 1936 ᠣᠨ
ᠪᠦᠲᠦᠨ ᠨᠡᠷ᠎ᠡ ᠮᠠᠬᠠᠶᠢᠯ ᠮᠣᠶᠢᠰᠧᠸᠢᠴ ᠪᠣᠲ᠋ᠸᠢᠨᠨᠢᠺ
ᠤᠯᠤᠰ Flag of the Soviet Union.svg ᠵᠥᠪᠯᠡᠯᠲᠦ ᠬᠣᠯᠪᠣᠭᠠᠲᠤ ᠤᠯᠤᠰ
ᠲᠦᠷᠦᠭᠰᠡᠨ 1911 ᠣᠨ ᠤ 8 ᠰᠠᠷ᠎ᠠ ᠶᠢᠨ 17,
ᠬᠠᠭᠠᠨᠲᠤ ᠣᠷᠣᠰ ᠤᠯᠤᠰ ᠍ ᠤᠨ ᠬᠠᠷᠢᠶ᠎ᠠ ᠹᠢᠨᠯᠶᠠᠨᠳ᠋ ᠍ ᠦᠨ ᠶᠡᠬᠡ ᠸᠠᠩᠲᠤ ᠤᠯᠤᠰᠺᠦ᠋ᠣᠺᠺᠠᠯ (ᠣᠳᠣ ᠶᠢᠨ ᠣᠷᠣᠰ ᠬᠣᠯᠪᠣᠭᠠᠨ ᠤ ᠤᠯᠤᠰᠷᠧᠫᠠᠨ᠎ᠠ)
ᠨᠠᠰᠤ ᠪᠠᠷᠠᠭᠰᠠᠨ 1995 ᠣᠨ ᠤ 5 ᠰᠠᠷ᠎ᠠ ᠶᠢᠨ 5, (83 ᠨᠠᠰᠤᠯᠠᠭᠰᠠᠨ)
ᠣᠷᠣᠰ ᠬᠣᠯᠪᠣᠭᠠᠨ ᠤ ᠤᠯᠤᠰ᠂ ᠮᠣᠰᠺᠸᠠ
ᠳᠡᠯᠡᠬᠡᠢ ᠶᠢᠨ ᠠᠪᠤᠷᠭᠤ 1948–1957
1958–1960
1961–1963

ᠮᠬᠤᠢᠯ ᠮᠣᠶᠢᠰᠧᠸᠢᠴ ᠪᠣᠲ᠋ᠸᠢᠨᠨᠢᠺ ᠪᠣᠯ ᠳᠡᠯᠡᠬᠡᠢ ᠶᠢᠨ ᠰᠢᠲᠠᠷ᠎ᠠ ᠶᠢᠨ 6 ᠳᠠᠬᠢ ᠠᠪᠤᠷᠭᠤ ᠰᠢᠲᠠᠷᠠᠴᠢᠨ ᠪᠣᠯᠤᠨ᠎ᠠ᠃ ᠲᠡᠷᠡ ᠪᠡᠷ 1911 ᠣᠨ ᠤ 8 ᠍ ᠳᠦᠭᠡᠷ ᠰᠠᠷ᠎ᠠ ᠶᠢᠨ 17 ᠍ ᠳᠦ ᠲᠦᠷᠦᠭᠰᠡᠨ ᠪᠥᠭᠡᠳ 1995 ᠣᠨ ᠤ 5 ᠍ ᠳᠦᠭᠡᠷ ᠰᠠᠷ᠎ᠠ ᠶᠢᠨ 5 ᠍ ᠳᠦ ᠨᠠᠰᠤᠨ ᠡᠴᠦᠰᠯᠡᠵᠡᠢ᠃ ᠳᠡᠯᠡᠬᠡᠢ ᠶᠢᠨ ᠠᠪᠤᠷᠭᠤ ᠰᠢᠲᠠᠷᠠᠴᠢᠨ ᠪᠠᠶᠢᠭᠰᠠᠨ ᠠᠴᠠ ᠭᠠᠳᠠᠨ᠎ᠠ ᠰᠢᠲᠠᠷ᠎ᠠ ᠲᠣᠭᠯᠠᠳᠠᠭ ᠠᠦ᠋ᠲ᠋ᠣᠮᠠᠲ ᠪᠤᠶᠤ ᠪᠢᠳᠡᠨ ᠦ ᠣᠳᠣ ᠶᠢᠨ ᠬᠢ ᠪᠠᠷ ᠪᠣᠯ ᠰᠢᠲᠠᠷ᠎ᠠ ᠶᠢᠨ ᠫᠷᠣᠭᠷᠠᠮ ᠵᠣᠬᠢᠶᠠᠬᠤ ᠳᠤ ᠠᠮᠢᠳᠤᠷᠠᠯ ᠤᠨ ᠢᠶᠠᠨ ᠨᠡᠯᠢᠶᠡᠳ ᠭᠦᠢ ᠬᠤᠭᠤᠴᠠᠭ᠎ᠠ ᠶᠢ ᠵᠣᠷᠢᠭᠤᠯᠤᠭᠰᠠᠨ᠃ ᠰᠢᠲᠠᠷ᠎ᠠ ᠶᠢᠨ ᠫᠷᠣᠭᠷᠠᠮ ᠵᠣᠬᠢᠶᠠᠬᠤ ᠳᠤ ᠥᠪᠡᠷ ᠢ ᠪᠡᠨ ᠬᠠᠩᠭᠠᠯᠲᠠᠲᠠᠢ ᠬᠡᠮᠵᠢᠶᠡᠨ ᠳᠦ ᠳᠠᠶᠢᠴᠢᠯᠠᠬᠤ ᠶᠢᠨ ᠲᠤᠯᠠᠳᠠ ᠰᠢᠲᠠᠷᠠᠴᠢᠨ ᠤ ᠵᠠᠮᠨᠠᠯ᠎ᠠ ᠳᠠᠭᠤᠰᠬᠠᠵᠤ ᠵᠣᠳᠣᠭ ᠲᠠᠶᠢᠯᠤᠭᠰᠠᠨ ᠪᠢᠯᠡ᠃

ᠳᠡᠯᠡᠬᠡᠢ ᠶᠢᠨ ᠠᠪᠤᠷᠭᠤ ᠪᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠲ᠋ᠸᠢᠨᠨᠢᠺ (1961)

ᠪᠣᠲ᠋ᠸᠢᠨᠨᠢᠺ ᠲᠡᠭᠦᠨ ᠦ ᠡᠮᠦᠨᠡᠬᠢ ᠳᠡᠯᠡᠬᠡᠢ ᠶᠢᠨ ᠠᠪᠤᠷᠭᠤ ᠪᠣᠯᠬᠤ ᠠᠯᠧᠬᠢᠨ ᠲᠠᠢ ᠳᠡᠯᠡᠬᠡᠢ ᠶᠢᠨ ᠠᠪᠤᠷᠭᠤ ᠴᠣᠯᠠ ᠶᠢᠨ ᠲᠥᠯᠥᠭᠡ ᠬᠠᠯᠵᠠ ᠲᠣᠭᠯᠠᠬᠤ ᠪᠠᠷ ᠲᠣᠭᠲᠠᠭᠰᠠᠨ ᠪᠠᠶᠢᠭᠰᠠᠨ ᠪᠣᠯᠪᠠᠴᠤ ᠳᠠᠶᠢᠨ ᠠᠴᠠ ᠪᠣᠯᠵᠤ ᠣᠯᠠᠨ ᠵᠢᠯ ᠡᠨᠡᠬᠦ ᠬᠠᠯᠵᠠ ᠲᠤᠯᠤᠭᠠᠨ ᠬᠣᠶᠢᠰᠢᠯᠠᠭᠳᠠᠭᠰᠠᠨ ᠪᠠᠶᠢᠨ᠎ᠠ᠃ ᠠᠷᠠᠢ ᠭᠡᠵᠦ ᠳᠠᠶᠢᠨ ᠳᠠᠭᠤᠰᠤᠭᠰᠠᠨ ᠪᠣᠯᠪᠠᠴᠤ ᠳᠡᠯᠡᠬᠡᠢ ᠶᠢᠨ ᠠᠪᠤᠷᠭᠤ ᠠᠯᠧᠬᠢᠨ ᠵᠠᠭᠤᠷᠠᠳᠤ ᠪᠠᠷ ᠨᠠᠰᠤ ᠪᠠᠷᠠᠭᠰᠠᠨ ᠪᠠᠶᠢᠭᠰᠠᠨ ᠲᠤᠯᠠ ᠲᠡᠷᠡ ᠬᠣᠶᠠᠷ ᠤᠨ ᠬᠣᠭᠣᠷᠣᠨᠳᠣ ᠬᠠᠯᠵᠠ ᠲᠤᠯᠤᠭᠠᠨ ᠶᠠᠪᠤᠭᠳᠠᠬᠤ ᠪᠣᠯᠤᠮᠵᠢ ᠦᠭᠡᠢ ᠪᠣᠯᠵᠠᠢ᠃ ᠲᠡᠭᠡᠭᠡᠳ ᠳᠡᠯᠡᠬᠡᠢ ᠶᠢᠨ ᠰᠢᠲᠠᠷ᠎ᠠ ᠶᠢᠨ ᠬᠣᠯᠪᠣᠭᠠᠨ ᠠᠴᠠ ᠲᠡᠷᠡ ᠦᠶ᠎ᠡ ᠶᠢᠨ ᠰᠢᠯᠢᠳᠡᠭ 5 ᠰᠢᠲᠠᠷᠠᠴᠢᠳ ᠤᠨ ᠬᠣᠭᠣᠷᠣᠨᠳᠣ 5 ᠲᠣᠭᠣᠷᠢᠭ ᠤᠨ ᠲᠡᠮᠡᠴᠡᠭᠡᠨ ᠬᠢᠵᠦ ᠬᠡᠨ ᠲᠡᠷᠢᠭᠦᠯᠡᠭᠰᠡᠨ ᠨᠢ ᠳᠡᠯᠡᠬᠡᠢ ᠶᠢᠨ ᠰᠢᠲᠠᠷ᠎ᠠ ᠶᠢᠨ 6 ᠳᠠᠬᠢ ᠠᠪᠤᠷᠭᠤ ᠪᠣᠯᠤᠨ᠎ᠠ ᠬᠡᠮᠡᠨ ᠰᠢᠢᠳᠪᠦᠷᠢ ᠭᠠᠷᠭᠠᠵᠤ ᠣᠯᠠᠨ ᠨᠡᠶᠢᠲᠡ ᠴᠤ ᠵᠥᠪᠰᠢᠶᠡᠷᠡᠴᠢ ᠲᠥᠶᠢᠨᠬᠦᠦ ᠲᠡᠮᠡᠴᠡᠭᠡᠨ ᠵᠣᠬᠢᠶᠠᠭᠳᠠᠵᠠᠢ᠃ ᠲᠡᠮᠡᠴᠡᠭᠡᠨ ᠦ ᠳᠦᠩ ᠨᠢ ᠲᠣᠪᠴᠢᠬᠠᠨ ᠳᠤ ᠪᠠᠨ ᠪᠣᠯ ᠪᠣᠲ᠋ᠸᠢᠨᠨᠢᠺ ᠠᠪᠬᠤ ᠶᠣᠰᠣᠲᠠᠢ 20 ᠣᠨᠣᠭᠣᠨ ᠠᠴᠠ 14 ᠣᠨᠣᠭ᠎ᠠ ᠠᠪᠤᠨ ᠲᠦᠷᠦᠭᠦᠯᠡᠵᠦ᠂ ᠬᠣᠶᠠᠷ ᠲᠤ ᠣᠷᠣᠭᠰᠠᠨ ᠰᠢᠲᠠᠷᠠᠴᠢᠨ ᠠᠴᠠ ᠪᠠᠨ 3 ᠣᠨᠣᠭ᠎ᠠ ᠪᠠᠷ ᠬᠣᠯᠠ ᠲᠠᠰᠤᠷᠠᠭᠰᠠᠨ ᠪᠠᠶᠢᠨ᠎ᠠ᠃ ᠡᠶᠢᠨᠬᠦᠦ ᠪᠣᠲ᠋ᠸᠢᠨᠨᠢᠺ ᠳᠡᠯᠡᠬᠡᠢ ᠶᠢᠨ ᠰᠢᠲᠠᠷ᠎ᠠ ᠶᠢᠨ 6 ᠳᠠᠬᠢ ᠠᠪᠤᠷᠭᠤ ᠪᠣᠯᠤᠭᠰᠠᠨ ᠪᠠᠶᠢᠨ᠎ᠠ᠃

ᠪᠢᠴᠢᠭᠡᠰᠦ