ᠮᠠᠩᠵᠤᠰᠢᠷᠢ ᠬᠤᠲᠤᠭᠲᠤ ᠰᠡᠷᠡᠩᠳᠣᠷᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠩᠵᠤᠰᠢᠷᠢ ᠬᠤᠲᠤᠭᠲᠤ ᠰᠡᠷᠡᠩᠳᠣᠷᠵᠢ
ᠮᠠᠩᠵᠤᠰᠢᠷᠢ ᠬᠤᠲᠤᠭᠲᠤ ᠰᠡᠷᠡᠩᠳᠣᠷᠵᠢ

ᠮᠠᠩᠵᠤᠰᠢᠷᠢ ᠬᠤᠲᠤᠭᠲᠤ ᠰᠡᠷᠡᠩᠳᠣᠷᠵᠢ (1872 - 1937) ᠨᠢ ᠮᠣᠩᠭᠣᠯ ᠤᠯᠤᠰ ᠍ ᠤᠨ ᠳᠥᠷᠪᠡ ᠳ᠋ᠡᠬᠢ ᠶᠡᠷᠦᠩᠬᠡᠢ ᠰᠠᠶᠢᠳ ᠪᠠᠶᠢᠪᠠ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠷᠡᠩᠳᠣᠷᠵᠢ ᠨᠢ 1872 ᠣᠨ ᠳᠤ ᠲᠦᠷᠦᠭᠰᠡᠨ ᠪᠠ ᠲᠠᠪᠤᠨ ᠨᠠᠰᠤᠲᠠᠢ ᠳᠤ ᠪᠠᠨ ᠮᠠᠩᠵᠤᠰᠢᠷᠢ ᠬᠤᠲᠤᠭᠲᠤ ᠶᠢᠨ ᠵᠢᠷᠭᠤᠳᠤᠭᠠᠷ ᠳᠦᠷᠢ ᠪᠡᠷ ᠲᠣᠳᠣᠷᠠᠵᠠᠢ᠃ ᠲᠡᠷᠡ ᠪᠡᠷ 1911 ᠣᠨ ᠤ ᠲᠤᠰᠠᠭᠠᠷ ᠲᠣᠭᠲᠠᠨᠢᠯ ᠤᠨ ᠲᠥᠯᠦᠭᠡᠬᠢ ᠦᠢᠯᠡ ᠶᠠᠪᠤᠳᠠᠯ ᠳᠤ ᠪᠣᠯᠤᠨ ᠳᠠᠷᠠᠭ᠎ᠠ ᠨᠢ ᠪᠤᠢ ᠪᠣᠯᠤᠭᠰᠠᠨ ᠤᠯᠤᠰ ᠢᠶᠠᠨ ᠲᠥᠪᠡᠬᠢᠨᠡᠭᠦᠯᠬᠦ ᠬᠡᠷᠡᠭ ᠲᠦ ᠲᠡᠳᠦᠶᠢᠯᠡᠨ ᠣᠷᠣᠯᠴᠠᠯ ᠦᠭᠡᠢ ᠲᠥᠷᠦ ᠶᠢᠨ ᠦᠢᠯᠡ ᠬᠡᠷᠡᠭ ᠡᠴᠡ ᠬᠣᠯᠠᠬᠠᠨ ᠱᠠᠰᠢᠨ ᠨᠣᠮ ᠤᠨ ᠮᠥᠷ ᠬᠥᠭᠡᠭᠡᠨ ᠠᠮᠢᠳᠤᠷᠠᠵᠤ ᠪᠠᠶᠢᠭᠰᠠᠨ ᠪᠠᠶᠢᠨ᠎ᠠ᠃

ᠭᠧᠨᠧᠷᠠᠯ ᠪᠠᠷᠠᠨ ᠤᠩᠭᠧᠷᠨ ᠹᠣᠨ ᠱᠲ᠋ᠧᠷᠨᠪᠧᠺᠭ 1921 ᠣᠨ ᠤ 2 ᠰᠠᠷ᠎ᠠ ᠳᠤ ᠨᠡᠶᠢᠰᠯᠡᠯ ᠬᠦᠷᠢᠶ᠎ᠡᠨ ᠡᠴᠡ ᠬᠢᠲᠠᠳ ᠍ ᠤᠨ ᠭᠠᠮᠢᠨ ᠴᠡᠷᠢᠭ ᠢ ᠪᠤᠲᠠ ᠴᠣᠬᠢᠨ ᠦᠯᠳᠡᠨ ᠬᠥᠭᠡᠭᠡᠭᠰᠡᠨ ᠢᠶᠡᠷ ᠮᠣᠩᠭᠣᠯ ᠣᠷᠣᠨ ᠬᠢᠲᠠᠳ ᠤᠨ ᠲᠦᠷᠢ ᠵᠠᠭᠤᠷ᠎ᠠ ᠶᠢᠨ ᠳᠠᠷᠤᠯᠠᠯ ᠠᠴᠠ ᠴᠢᠯᠦᠭᠡᠯᠡᠭᠳᠡᠭᠰᠡᠨ ᠶᠤᠮ᠃ ᠡᠶᠢᠨᠬᠦᠦ 1921 ᠣᠨ ᠤ 2 ᠳ᠋ᠤᠭᠠᠷ ᠰᠠᠷ᠎ᠠ ᠳᠤ ᠰᠡᠷᠭᠦᠭᠡᠨ ᠲᠤᠩᠬᠠᠭᠯᠠᠭᠰᠠᠨ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠶᠡᠷᠦᠩᠬᠡᠢ ᠰᠠᠶᠢᠳ ᠢᠶᠠᠷ ᠵᠢᠯᠠᠬᠠᠨᠵᠠ ᠬᠤᠲᠤᠭᠲᠤ ᠳᠠᠮᠳᠢᠨᠪᠠᠽᠠᠷ ᠪᠣᠭᠳᠠ ᠬᠠᠭᠠᠨᠢ ᠵᠠᠷᠯᠢᠭ ᠢᠶᠠᠷ ᠲᠣᠮᠢᠯᠠᠭᠳᠠᠨ ᠠᠵᠢᠯᠯᠠᠭᠰᠠᠨ᠃ ᠵᠢᠯᠠᠬᠠᠨᠵᠠ ᠬᠤᠲᠤᠭᠲᠤ ᠶᠢ ᠪᠠᠷᠠᠭᠤᠨ ᠮᠣᠩᠭᠣᠯ ᠳᠤ ᠶᠡᠬᠡᠳᠡ ᠨᠡᠷ᠎ᠡ ᠬᠦᠨᠳᠦ ᠲᠡᠢ ᠶᠢ ᠬᠠᠷᠠᠭᠠᠯᠵᠠᠨ ᠮᠥᠨ ᠣᠨ ᠤ 4 ᠳᠦᠭᠢᠷ᠎ᠡ ᠰᠠᠷ᠎ᠠ ᠠᠴᠠ ᠪᠠᠷᠠᠭᠤᠨ ᠬᠢᠵᠠᠭᠠᠷ ᠤᠨ ᠢᠯᠪᠢᠨ ᠲᠣᠬᠣᠨᠢᠭᠤᠯᠬᠤ ᠰᠠᠢᠳᠠᠷ᠎ᠠ ᠲᠣᠮᠢᠯᠠᠭᠳᠠᠬᠤ ᠳᠤ ᠪᠠᠨ ᠪᠣᠭᠳᠠ ᠬᠠᠭᠠᠨ ᠤ ᠵᠠᠷᠯᠢᠭ ᠢᠶᠠᠷ ᠶᠡᠷᠦᠩᠬᠡᠢ ᠰᠠᠶᠢᠳ ᠤᠨ ᠠᠯᠪᠠ ᠪᠠᠨ ᠮᠠᠩᠵᠤᠰᠢᠷᠢ ᠬᠤᠲᠤᠭᠲᠤ ᠳᠤ ᠰᠢᠯᠵᠢᠭᠦᠯᠦᠨ ᠥᠭᠭᠦᠭᠰᠡᠨ ᠪᠠᠶᠢᠨ᠎ᠠ᠃ ᠲᠡᠷᠡ ᠪᠡᠷ 1921 ᠣᠨ ᠤ 2 ᠳ᠋ᠤᠭᠠᠷ ᠰᠠᠷ᠎ᠠ ᠶᠢᠨ 22 ᠍ ᠨᠣᠣᠰᠣ 4 ᠳ᠋ᠦ᠋ᠭᠡᠷ ᠰᠠᠷ᠎ᠠ ᠶᠢᠨ ᠰᠡᠭᠦᠯ ᠬᠦᠷᠲᠡᠯ᠎ᠡ ᠬᠤᠭᠤᠴᠠᠭᠠᠨ ᠳᠤ ᠮᠣᠩᠭᠣᠯ ᠤᠯᠤᠰ ᠤᠨ ᠶᠡᠷᠦᠩᠬᠡᠢ ᠰᠠᠶᠢᠳ ᠢᠶᠠᠷ ᠠᠵᠢᠯᠯᠠᠵᠤ ᠪᠠᠶᠢᠭᠰᠠᠨ ᠪᠠ ᠬᠣᠶᠠᠷ ᠳ᠋ᠠᠬᠢ ᠤᠳᠤᠭ᠎ᠠ ᠪᠠᠨ 1922 ᠣᠨ ᠠᠴᠠ 1923 ᠣᠨ ᠤ 6 ᠳ᠋ᠤᠭᠠᠷ ᠰᠠᠷ᠎ᠠ ᠳᠤ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠠᠯᠪᠠ ᠶᠢ ᠬᠠᠰᠢᠭᠰᠠᠨ ᠬᠦᠮᠦᠨ ᠶᠤᠮ᠃ᠮᠠᠩᠵᠤᠰᠢᠷᠢ ᠬᠤᠲᠤᠭᠲᠤ ᠰᠡᠷᠡᠩᠳᠣᠷᠵᠢ ᠨᠢ ᠵᠢᠯᠠᠬᠠᠨᠵᠠ ᠬᠤᠲᠤᠭᠲᠤ ᠳᠠᠮᠳᠢᠨᠪᠠᠽᠠᠷ ᠠᠴᠠ ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠲᠠᠮᠠᠭ᠎ᠠ ᠶᠢ ᠠᠪᠴᠤ᠂ ᠬᠠᠮᠢᠶᠠᠷᠤᠭᠰᠠᠨ ᠶᠡᠷᠦᠩᠬᠡᠢ ᠰᠠᠶᠢᠳ ᠬᠡᠮᠡᠨ ᠳᠠᠭᠤᠳᠠᠭᠤᠯᠵᠤ᠂ ᠤᠭ ᠠᠯᠪᠠ ᠶᠢ ᠬᠠᠰᠢᠵᠤ ᠪᠠᠶᠢᠭᠠᠳ 1921 ᠣᠨ ᠤ 7 ᠳ᠋ᠤᠭᠠᠷ ᠰᠠᠷ᠎ᠠ ᠶᠢᠨ 10 ᠍ ᠤ ᠡᠳᠦᠷ ᠦᠨ 15 ᠴᠠᠭ ᠲᠤ ᠵᠠᠰᠠᠭ ᠤᠨ ᠭᠠᠵᠠᠷ ᠤᠨ ᠲᠠᠮᠠᠭ᠎ᠠ ᠪᠠᠨ ᠠᠷᠠᠳ ᠤᠨ ᠵᠠᠰᠠᠭ ᠤᠨ ᠶᠡᠷᠦᠩᠬᠡᠢ ᠰᠠᠶᠢᠳ ᠪᠣᠳᠣ ᠳᠤ ᠰᠢᠯᠵᠢᠭᠦᠯᠦᠭᠰᠡᠨ ᠪᠢᠯᠡ᠃

ᠮᠠᠩᠵᠤᠰᠢᠷᠢ ᠶᠢᠨ ᠬᠡᠶᠢᠳ

ᠮᠠᠩᠵᠤᠰᠢᠷᠢ ᠬᠤᠲᠤᠭᠲᠤ ᠰᠡᠷᠡᠩᠳᠣᠷᠵᠢ ᠶᠡᠷᠦᠩᠬᠡᠢ ᠰᠠᠶᠢᠳ ᠤᠨ ᠠᠯᠪᠠ ᠶᠢ ᠥᠭᠭᠦᠭᠰᠡᠨ ᠦ ᠳᠠᠷᠠᠭ᠎ᠠ ᠬᠡᠶᠢᠳ ᠲᠦ ᠪᠡᠨ ᠡᠷᠭᠢᠵᠦ ᠣᠴᠢᠨ ᠪᠤᠶᠠᠨ ᠨᠣᠮ ᠤᠨ ᠠᠵᠢᠯ ᠢᠶᠠᠨ ᠦᠷᠭᠦᠯᠵᠢᠯᠡᠭᠦᠯᠵᠡᠢ᠃ ᠳ᠋ᠢᠯᠠᠪᠠ ᠬᠤᠲᠤᠭᠲᠤ ᠵᠠᠮᠰᠠᠷᠠᠨᠵᠠᠪ᠂ ᠮᠠᠽᠤᠰᠢᠷ ᠬᠤᠲᠤᠭᠲᠤ ᠰᠡᠷᠡᠩᠳᠣᠷᠵᠢ᠂ ᠬᠡᠦᠬᠡᠨ ᠬᠤᠲᠤᠭᠲᠤᠶᠥᠭᠦᠵᠡᠷ ᠬᠤᠲᠤᠭᠲᠤ ᠭᠠᠯᠰᠠᠩᠳᠠᠰᠢᠵᠠᠶ᠎ᠠ ᠪᠠᠨᠳᠢᠳᠠᠬᠢᠴᠢᠶᠡᠩᠭᠦᠢ ᠰᠠᠶᠢᠳ ᠭᠣᠮᠪᠣ-ᠢᠳᠡᠰᠢᠨᠠᠯᠳᠠᠷᠲᠤ ᠳ᠋ᠢᠫᠯᠣᠮᠠᠲ᠋ᠢᠴ ᠰᠢᠷᠢᠨᠡᠨᠳᠠᠮᠳᠢᠨ ᠨᠠᠷ ᠤᠨ 38 ᠬᠦᠮᠦᠨ ᠢ 1930 ᠣᠨ ᠤ 9 ᠍ ᠳᠤᠭᠠᠷ ᠰᠠᠷ᠎ᠠ ᠳᠤ ᠬᠢᠯᠢᠰ ᠢᠶᠡᠷ ᠪᠠᠷᠢᠪᠴᠢᠯᠠᠨ ᠰᠢᠳᠬᠡᠭᠰᠡᠨ ᠪᠠᠶᠢᠳᠠᠭ᠃ ᠬᠤᠲᠤᠭᠲᠤ ᠰᠡᠷᠡᠩᠳᠣᠷᠵᠢ ᠳᠤ 10 ᠵᠢᠯ ᠬᠣᠷᠢᠬᠤ ᠪᠠᠷ ᠶᠠᠯᠠᠯᠠᠭᠰᠠᠨ ᠪᠠᠶᠢᠨ᠎ᠠ᠃ 1937 ᠣᠨ ᠳᠤ ᠡᠪᠦᠭᠡᠨ ᠨᠠᠰᠤᠲᠠᠢ ᠬᠤᠲᠤᠭᠲᠤ ᠶᠢ ᠶᠣᠩᠵᠤᠨ ᠬᠠᠩᠪᠤ ᠶᠢᠨ ᠬᠡᠷᠡᠭ ᠲᠤ ᠬᠢᠯᠢᠰᠳᠡᠭᠦᠯᠦᠨ ᠴᠠᠭᠠᠵᠠ ᠪᠠᠷ ᠠᠪᠤᠭᠰᠠᠨ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠳᠠ ᠯᠠᠮᠠ ᠪᠠᠳᠮᠠᠳᠣᠷᠵᠢ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠵᠢᠯᠠᠬᠠᠨᠵᠠ ᠬᠤᠲᠤᠭᠲᠤ ᠳᠠᠮᠳᠢᠨᠪᠠᠽᠠᠷ

ᠪᠢᠴᠢᠭᠡᠰᠦ