ᠮᠠᠩᠰᠢᠭᠤᠷᠠᠭᠤᠯᠬᠤ ᠪᠣᠳᠠᠰ ᠲᠤ ᠳᠣᠩᠲᠣᠬᠤ ᠡᠪᠡᠳᠴᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠰᠡᠳᠬᠢᠴᠡ ᠢᠳᠡᠪᠬᠢ ᠳᠦ ᠪᠣᠳᠠᠰ ᠬᠡᠷᠡᠭᠯᠡᠬᠦ ᠰᠡᠳᠬᠢᠴᠡ ᠶᠢᠨ ᠪᠠ ᠲᠥᠷᠬᠥ ᠦᠢᠯᠡ ᠶᠢᠨ ᠡᠮᠭᠡᠭ ᠭᠡᠵᠦ ᠠᠯᠪᠠᠨ ᠶᠣᠰᠣᠭᠠᠷ ᠨᠡᠷᠡᠯᠡᠨ᠎ᠡ᠃

ᠤᠳᠬ᠎ᠠ ᠠᠳᠠᠯᠢ ᠦᠭᠡ: ᠮᠠᠩᠰᠢᠭᠤᠷᠠᠭᠤᠯᠬᠤ ᠪᠣᠳᠠᠰ ᠬᠡᠷᠡᠭᠯᠡᠬᠦ ᠡᠮᠭᠡᠭ᠂ ᠳᠣᠩᠲᠣᠬᠤ ᠡᠮᠭᠡᠭ᠃

ᠡᠪᠡᠳᠴᠢᠨ ᠦ ᠣᠯᠠᠨ ᠤᠯᠤᠰ ᠤᠨ 10 ᠳ᠋ᠤᠭᠠᠷ ᠠᠩᠬᠢᠯᠠᠯ ᠳᠤ (ӨОУА)F10-F19 ᠬᠦᠷᠲᠡᠯᠡᠬᠢ ᠺᠣᠳ᠋ ᠍ ᠢᠶᠠᠷ ᠠᠩᠭᠢᠯᠠᠭᠳᠠᠨ᠎ᠠ᠃

ᠰᠡᠳᠬᠢᠴᠡ ᠢᠳᠡᠪᠬᠢ ᠳᠦ ᠪᠣᠳᠠᠰ ᠤᠨ ᠡᠭᠦᠰᠬᠡᠵᠦ ᠪᠠᠶᠢᠭ᠎ᠠ ᠰᠡᠳᠬᠢᠯ ᠦᠨ ᠲᠠᠭᠠᠰᠢᠶᠠᠯ ᠪᠦᠬᠦᠢ ᠰᠡᠳᠬᠢᠴᠡ ᠶᠢᠨ ᠥᠪᠡᠷᠮᠢᠴᠡ ᠪᠠᠶᠢᠳᠠᠯ ᠢ ᠮᠠᠩᠰᠢᠭᠤᠷᠠᠯ ᠭᠡᠨ᠎ᠡ᠃ ᠰᠡᠳᠬᠢᠴᠡ ᠢᠳᠡᠪᠬᠢ ᠳᠦ ᠪᠣᠳᠠᠰ ᠪᠦᠷ ᠰᠡᠳᠬᠢᠯ ᠦᠨ ᠲᠠᠭᠠᠰᠢᠶᠠᠯ ᠪᠦᠬᠦᠢ ᠰᠡᠳᠬᠢᠴᠡ ᠶᠢᠨ ᠥᠪᠡᠷᠮᠢᠴᠡ ᠪᠠᠶᠢᠳᠠᠯ ᠢ᠂ ᠲᠤᠬᠠᠶᠢᠯᠠᠪᠠᠯ᠂ ᠣᠫᠢᠣᠶᠢᠳ᠋ ᠍ ᠤᠳ᠂ ᠠᠷᠢᠬᠢ᠂ ᠠᠮᠹᠧᠲ᠋ᠠᠮᠢᠨ ᠨᠤᠭᠤᠳ᠂ ᠺᠣᠺᠠᠶᠢᠨ᠂ ᠺᠠᠨᠠᠪᠢᠣᠨᠣᠶᠢᠳ᠋ ᠍ ᠤᠳ ᠪᠣᠯᠤᠨ ᠲᠠᠮᠠᠬᠢ ᠵᠣᠩᠬᠢᠯᠠᠵᠤ ᠡᠢᠹᠣᠷᠢ ᠪᠤᠶᠤ ᠰᠡᠳᠬᠢᠯ ᠪᠠᠶᠠᠰᠭᠠᠬᠤ ᠰᠢᠨᠵᠢ ᠶᠢ᠂ ᠭᠠᠯᠯᠦᠴᠣᠨᠢᠭᠧᠨ ᠨᠦᠭᠦᠳ ᠬᠢᠭᠡᠳ ᠢᠩ ᠢᠶᠠᠷᠢᠨᠲ ᠤᠳ ᠠᠩᠬᠠᠷᠤᠯ ᠲᠠᠲᠠᠭᠰᠠᠨ ᠪᠤᠶᠤ ᠱᠣᠬᠣᠭᠣᠷᠠᠯ ᠲᠥᠷᠦᠭᠦᠯᠦᠭᠰᠡᠨ ᠬᠠᠷᠠᠭᠠᠨ ᠤ ᠬᠡᠢ ᠦᠵᠡᠭᠳᠡᠯ  ᠦᠳ ᠢ᠂ ᠭᠢᠫᠨᠣᠲ᠋ᠢᠭ ᠦᠳ ᠨᠣᠶᠢᠷ᠂ ᠲᠷᠠᠨᠺᠸᠢᠯᠢᠰᠠᠲ᠋ᠣᠷ ᠤᠳ ᠪᠤᠯᠴᠢᠩ ᠤᠨ ᠰᠤᠯᠠᠷᠠᠯᠲᠠ ᠬᠢᠭᠡᠳ ᠪᠡᠶ᠎ᠡ ᠰᠡᠳᠬᠢᠴᠡ ᠶᠢᠨ ᠲᠠᠶᠢᠪᠤᠰᠢᠷᠠᠯ ᠢ ᠲᠤᠰ ᠲᠤᠰ ᠡᠭᠦᠰᠬᠡᠨ᠎ᠡ᠃

ᠡᠳᠡᠭᠡᠷ ᠪᠣᠳᠠᠰ ᠤᠳ ᠢ ᠳᠣᠲᠣᠷ᠎ᠠ ᠨᠢ (1)ᠨᠠᠷᠺᠣᠲ᠋ᠢᠭ ᠦᠳ᠂ (2)ᠰᠡᠳᠬᠢᠴᠡ ᠢᠳᠡᠪᠬᠢ ᠳᠦ ᠴᠢᠳᠠᠪᠤᠷᠢ ᠲᠠᠢ cᠡᠳᠭᠡᠴᠡ ᠳᠦ ᠨᠥᠯᠥᠭᠡ ᠳᠦ ᠪᠣᠳᠠᠰ ᠤᠳ᠂ (3)ᠣᠯᠠᠨ ᠤᠯᠤᠰ ᠤᠨ ᠬᠢᠨᠠᠯᠲᠠᠨ ᠳᠤ ᠣᠷᠣᠭ᠎ᠠ ᠦᠭᠡᠢ ᠰᠡᠳᠬᠢᠴᠡ ᠢᠳᠡᠪᠬᠢ ᠳᠦ ᠪᠣᠳᠠᠰ ᠤᠳ ᠭᠡᠵᠦ ᠭᠤᠷᠪᠠᠨ ᠪᠦᠯᠦᠭ ᠲᠦ ᠠᠩᠭᠢᠯᠠᠳᠠᠭ᠃

ᠮᠠᠩᠰᠢᠭᠤᠷᠠᠭᠤᠯᠬᠤ ᠪᠣᠳᠠᠰ ᠲᠤ ᠳᠣᠩᠲᠣᠬᠤ ᠡᠪᠡᠳᠴᠢᠨ ᠨᠦᠭᠦᠳ ᠦᠨ ᠠᠩᠬᠢᠯᠠᠯ ӨОУА - ᠳ ᠰᠢᠯᠲᠠᠭᠠᠨ ᠢᠶᠠᠷ ᠨᠢ ᠰᠡᠳᠬᠢᠴᠡ ᠢᠳᠡᠪᠬᠢ ᠳᠦ ᠪᠣᠳᠠᠰ ᠬᠡᠷᠡᠭᠯᠡᠬᠦ ᠡᠪᠡᠳᠴᠢᠨ ᠨᠦᠭᠦᠳ ᠢ ᠳᠠᠷᠠᠭᠠᠬᠢ ᠳᠡᠳ᠋ ᠪᠦᠯᠦᠭ ᠦᠳ ᠲᠦ ᠠᠩᠭᠢᠯᠠᠭᠰᠠᠨ᠃

  • ᠠᠷᠢᠬᠢᠨ ᠳᠤ ᠳᠣᠩᠲᠣᠬᠤ ᠡᠪᠡᠳᠴᠢᠨ ᠪᠤᠶᠤ ᠠᠷᠢᠬᠢᠨ ᠤ ᠬᠠᠷᠠᠭᠠᠲᠤ ᠪᠠᠶᠢᠳᠠᠯ (F10.2)
  • ᠣᠫᠢᠣᠶᠢᠳ᠋ᠣᠳ ᠳᠣᠩᠲᠣᠬᠤ ᠡᠪᠡᠳᠴᠢᠨ ᠪᠤᠶᠤ ᠣᠫᠢᠣᠶᠢᠳ᠋ ᠍ ᠤᠨ ᠬᠠᠷᠠᠭᠠᠲᠤ ᠪᠠᠶᠢᠳᠠᠯ (F111.2)
  • ᠺᠠᠨᠠᠪᠢᠨᠣᠶᠢᠳ᠋ᠣᠳ ᠳᠣᠩᠲᠣᠬᠤ ᠡᠪᠡᠳᠴᠢᠨ ᠪᠤᠶᠤ ᠺᠠᠨᠠᠪᠢᠨᠣᠶᠢᠳ᠋ ᠍ ᠤᠨ ᠬᠠᠷᠠᠭᠠᠲᠤ ᠪᠠᠶᠢᠳᠠᠯ (F12.2)
  • ᠲᠠᠶᠢᠪᠤᠰᠢᠷᠠᠭᠤᠯᠬᠤ ᠪᠤᠶᠤ ᠤᠨᠲᠠᠭᠤᠯᠬᠤ ᠪᠣᠳᠠᠰ ᠲᠤ ᠳᠣᠩᠲᠣᠬᠤ ᠡᠪᠡᠳᠴᠢᠨ ᠪᠤᠶᠤ ᠲᠠᠶᠢᠪᠤᠰᠢᠷᠠᠭᠤᠯᠬᠤ ᠪᠤᠶᠤ ᠤᠨᠲᠠᠭᠤᠯᠬᠤ ᠪᠣᠳᠠᠰ ᠤᠨ ᠬᠠᠷᠠᠭᠠᠲᠤ ᠪᠠᠶᠢᠳᠠᠯ (F13.2)
  • ᠺᠣᠺᠠᠶᠡᠨᠳ ᠳᠣᠩᠲᠣᠬᠤ ᠡᠪᠡᠳᠴᠢᠨ ᠪᠤᠶᠤ ᠺᠣᠺᠠᠶᠢᠨ ᠤ ᠬᠠᠷᠠᠭᠠᠲᠤ ᠪᠠᠶᠢᠳᠠᠯ (F14.2)
  • ᠰᠡᠷᠭᠦᠭᠡᠭᠴᠢ ᠪᠣᠳᠠᠰ ᠲᠤ ᠳᠣᠩᠲᠣᠬᠤ ᠡᠪᠡᠳᠴᠢᠨ ᠪᠤᠶᠤ ᠰᠡᠷᠭᠦᠭᠡᠭᠴᠢ ᠪᠣᠳᠠᠰ ᠤᠨ ᠬᠠᠷᠠᠭᠠᠲᠤ ᠪᠠᠶᠢᠳᠠᠯ (F15.2)
  • ᠭᠠᠯᠴᠣᠨᠢᠭᠧᠨ ᠳᠦ ᠳᠣᠩᠲᠣᠬᠤ ᠡᠪᠡᠳᠴᠢᠨ ᠪᠤᠶᠤ ᠭᠠᠯᠴᠣᠨᠢᠭᠧᠨᠢ ᠶᠢᠨ ᠬᠠᠷᠠᠭᠠᠲᠤ ᠪᠠᠶᠢᠳᠠᠯ (F16.2)
  • ᠲᠠᠮᠠᠬᠢᠨ ᠳᠤ ᠳᠣᠩᠲᠣᠬᠤ ᠡᠪᠡᠳᠴᠢᠨ ᠪᠤᠶᠤ ᠲᠠᠮᠠᠬᠢᠨ ᠤ ᠬᠠᠷᠠᠭᠠᠲᠤ ᠪᠠᠶᠢᠳᠠᠯ (F17.2)
  • ᠳᠡᠭᠳᠡᠮᠡᠬᠡᠢ ᠠᠭᠤᠰᠬᠠᠭᠴᠢ ᠪᠣᠳᠠᠰ ᠲᠤ ᠳᠣᠩᠲᠣᠬᠤ ᠡᠪᠡᠳᠴᠢᠨ ᠪᠤᠶᠤ ᠳᠡᠭᠳᠡᠮᠡᠬᠡᠢ ᠠᠭᠤᠰᠬᠠᠭᠴᠢ ᠪᠣᠳᠠᠰ ᠤᠨ ᠬᠠᠷᠠᠭᠠᠲᠤ ᠪᠠᠶᠢᠳᠠᠯ (F18.2)
  • ᠣᠯᠠᠨ ᠲᠥᠷᠥᠯ ᠦᠨ ᠰᠡᠳᠬᠢᠴᠡ ᠢᠳᠡᠪᠬᠢ ᠳᠦ ᠪᠣᠳᠠᠰ ᠲᠤ ᠳᠣᠩᠲᠣᠬᠤ ᠡᠪᠡᠳᠴᠢᠨ ᠪᠤᠶᠤ ᠣᠯᠠᠨ ᠲᠥᠷᠥᠯ ᠦᠨ ᠰᠡᠳᠬᠢᠴᠡ ᠢᠳᠡᠪᠬᠢ ᠳᠦ ᠪᠣᠳᠠᠰ ᠤᠨ ᠬᠠᠷᠠᠭᠠᠲᠤ ᠪᠠᠶᠢᠳᠠᠯ (F19.2)

ᠪᠢᠴᠢᠭᠡᠰᠦ