ᠮᠠᠩᠯᠠᠶᠢᠪᠠᠭᠠᠲᠤᠷ ᠳᠠᠮᠳᠢᠨᠰᠦ᠋ᠷᠦᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠠᠢᠢᠯ:ᠮᠠᠩᠯᠠᠶᠢᠪᠠᠭᠠᠲᠤᠷ ᠳᠠᠮᠳᠢᠨᠰᠦ᠋ᠷᠦᠩ᠃jpg
ᠮᠠᠩᠯᠠᠶᠢᠪᠠᠭᠠᠲᠤᠷ ᠳᠠᠮᠳᠢᠨᠰᠦ᠋ᠷᠦᠩ

ᠮᠠᠩᠯᠠᠶᠢᠪᠠᠭᠠᠲᠤᠷ ᠵᠠᠮᠰᠠᠷᠠᠩ ᠤᠨ ᠳᠠᠮᠳᠢᠨᠰᠦ᠋ᠷᠦᠩ ᠨᠢ (1871 ᠣᠨ ᠤ 3 ᠰᠠᠷ᠎ᠠ ᠶᠢᠨ 13 - 1921 ᠣᠨ ᠤ 1 ᠰᠠᠷ᠎ᠠ ᠶᠢᠨ 27) ᠨᠢ ᠪᠣᠭᠳᠠ ᠬᠠᠭᠠᠨ ᠲᠤ ᠮᠣᠩᠭᠣᠯ ᠤᠯᠤᠰ ᠤᠨ ᠴᠡᠷᠢᠭ ᠦᠨ ᠵᠠᠩᠵᠤᠨ᠂ ᠮᠣᠩᠭᠣᠯ ᠤᠨ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠭᠴᠢ ᠪᠠᠶᠢᠪᠠ᠃ ᠲᠡᠭᠦᠨ ᠦ ᠡᠴᠢᠭᠡ ᠶᠢᠨ ᠨᠡᠷ᠎ᠡ ᠨᠢ ᠵᠠᠮᠰᠠᠷᠠᠨ᠃

ᠳᠠᠮᠳᠢᠨᠰᠦ᠋ᠷᠦᠩ ᠨᠢ ᠬᠥᠯᠦᠨ ᠪᠤᠶᠢᠷ ᠨᠤᠲᠤᠭ ᠤᠨ ᠠᠭᠤᠭᠤᠯ ᠪᠠᠷᠭᠤ ᠮᠣᠩᠭᠣᠯ ᠬᠦᠮᠦᠨ ᠪᠥᠭᠡᠳ ᠰᠢᠨ᠎ᠡ ᠪᠠᠷᠭᠤ ᠶᠢᠨ ᠰᠢᠯᠤᠭᠤᠨ ᠴᠠᠭᠠᠨ ᠬᠣᠰᠢᠭᠤᠨ ᠤ ᠰᠤᠮᠤᠨ ᠵᠠᠩᠭᠢ ᠬᠦᠮᠦᠨ ᠪᠠᠶᠢᠭᠰᠠᠨ᠃ 1911 ᠣᠨ ᠳᠤ ᠪᠣᠭᠳᠠ ᠬᠠᠭᠠᠨᠲᠤ ᠮᠣᠩᠭᠣᠯ ᠤᠯᠤᠰ ᠲᠤ ᠨᠢᠭᠡᠳᠬᠦ ᠪᠡᠷ ᠪᠠᠷᠤᠭ ᠤᠳ ᠢ ᠲᠣᠯᠣᠭᠠᠶᠢᠯᠠᠨ ᠨᠡᠶᠢᠰᠯᠡᠯ ᠬᠦᠷᠢᠶᠡᠨ ᠳᠦ (ᠣᠳᠣ ᠶᠢᠨ ᠤᠯᠠᠭᠠᠨᠪᠠᠭᠠᠲᠤᠷ) ᠢᠷᠡᠭᠰᠡᠨ ᠪᠠ ᠪᠣᠭᠳᠠ ᠬᠠᠭᠠᠨ ᠳᠤ ᠰᠠᠶᠢᠰᠢᠶᠠᠭᠳᠠᠨ ᠭᠠᠳᠠᠭᠠᠳᠤ ᠶᠠᠮᠤᠨ ᠤ ᠳᠡᠳ᠋ ᠰᠠᠶᠢᠳ ᠢᠶᠠᠷ ᠲᠣᠮᠢᠯᠠᠭᠳᠠᠭᠰᠠᠨ ᠪᠠᠶᠢᠳᠠᠭ᠃ 1912 ᠣᠨ ᠳᠤ ᠬᠣᠪᠳᠣ ᠍ ᠤᠨ ᠪᠠᠶᠢᠯᠳᠤᠭᠠᠨ ᠳᠤ ᠳᠠᠮᠳᠢᠨᠰᠦ᠋ᠷᠦᠩ ᠢᠶᠡᠷ ᠤᠳᠤᠷᠢᠳᠤᠭᠤᠯᠤᠭᠰᠠᠨ ᠴᠡᠷᠢᠭ ᠢᠯᠠᠯᠲᠠ ᠪᠠᠶᠢᠭᠤᠯᠤᠭᠰᠠᠨ ᠢ ᠬᠥᠬᠢᠭᠦᠯᠦᠨ ᠪᠣᠭᠳᠠ ᠬᠠᠭᠠᠨ ᠤ ᠵᠠᠷᠯᠢᠭ ᠢᠶᠠᠷ ᠳᠠᠮᠳᠢᠨᠰᠦ᠋ᠷᠦᠩ ᠨᠢ ᠦᠶ᠎ᠡ ᠤᠯᠠᠷᠢᠨ ᠵᠠᠯᠭᠠᠮᠵᠢᠯᠠᠬᠤ ᠵᠠᠰᠠᠭ ᠲᠥᠷᠥ ᠶᠢᠨ ᠪᠡᠶᠢᠯᠡ᠂ ᠴᠡᠷᠢᠭ ᠦᠨ ᠵᠠᠩᠵᠤᠨ᠂ ᠮᠠᠩᠯᠠᠶᠢᠪᠠᠭᠠᠲᠤᠷ ᠴᠣᠯᠠ ᠪᠠᠷ ᠱᠠᠩᠨᠠᠭᠳᠠᠭᠰᠠᠨ᠃ 1913 ᠣᠨ ᠤ ᠥᠪᠥᠷ ᠮᠣᠩᠭᠣᠯ ᠍ ᠢ ᠴᠢᠯᠦᠭᠡᠯᠡᠬᠦ ᠲᠠᠪᠤᠨ ᠵᠠᠮ ᠤᠨ ᠪᠠᠶᠢᠯᠳᠤᠭᠠᠨ ᠍ ᠢ ᠶᠡᠷᠦᠩᠬᠡᠢ ᠳᠤ ᠨᠢ ᠤᠳᠤᠷᠢᠳᠤᠭᠰᠠᠨ ᠶᠡᠷᠦᠩᠬᠡᠢ ᠺᠣᠮᠠᠨᠳᠠᠯᠠᠭᠴᠢ ᠵᠠᠩᠵᠤᠨ ᠨᠢ ᠳᠠᠮᠳᠢᠨᠰᠦ᠋ᠷᠦᠩ ᠪᠠᠶᠢᠭᠰᠠᠨ᠃

1914 ᠣᠨ ᠤ ᠨᠠᠶᠢᠮᠠᠳᠤᠭᠠᠷ ᠰᠠᠷ᠎ᠠ ᠠᠴᠠ 1915 ᠣᠨ ᠤ ᠲᠠᠪᠤᠳᠤᠭᠠᠷ ᠰᠠᠷ᠎ᠠ ᠶᠢᠨ 25 ᠍ ᠳᠦ ᠶᠠᠪᠤᠭᠳᠠᠭᠰᠠᠨ ᠬᠢᠶᠠᠭᠲᠤ ᠶᠢᠨ ᠬᠡᠯᠡᠯᠴᠡᠭᠡᠷ ᠲᠤ ᠳᠠᠮᠳᠢᠨᠰᠦ᠋ᠷᠦᠩ ᠮᠣᠩᠭᠣᠯ ᠤᠨ ᠲᠥᠯᠥᠭᠡᠯᠡᠭᠴᠢᠳ ᠦᠨ ᠪᠦᠷᠢᠯᠳᠦᠬᠦᠨ ᠳᠦ ᠣᠷᠣᠵᠤ ᠮᠣᠩᠭᠣᠯ ᠦᠨᠳᠦᠰᠦᠲᠡᠨ ᠦ ᠨᠢᠭᠡᠳᠦᠮᠡᠯ ᠨᠢᠭᠡᠨ ᠤᠯᠤᠰ ᠪᠠᠶᠢᠬᠤ ᠪᠠᠶᠢᠷᠢ ᠰᠠᠭᠤᠷᠢᠨ ᠳᠡᠭᠡᠷ᠎ᠡ ᠲᠤᠤᠱᠲᠠᠢ ᠵᠣᠭᠰᠣᠵᠤ ᠪᠠᠶᠢᠯ᠎ᠠ᠃ ᠡᠨᠡ ᠪᠠᠶᠢᠷᠢ ᠰᠠᠭᠤᠷᠢ ᠶᠢ ᠣᠷᠣᠰᠬᠢᠲᠠᠳ ᠍ ᠤᠨ ᠲᠥᠯᠥᠭᠡᠯᠡᠭᠴᠢᠳ ᠰᠢᠭᠦᠨᠵᠢᠯᠡᠨ᠂ ᠬᠡᠯᠡᠯᠴᠡᠭᠡᠷ ᠡᠴᠡ ᠲᠠᠲᠠᠬᠤ ᠶᠢ ᠣᠯᠠᠨ ᠤᠳᠠᠭ᠎ᠠ ᠲᠤᠯᠭᠠᠨ ᠱᠠᠭᠠᠷᠳᠠᠭᠰᠠᠨ ᠤᠴᠢᠷ ᠮᠣᠩᠭᠣᠯ ᠤᠯᠤᠰ ᠤᠨ ᠵᠠᠰᠠᠭ ᠤᠨ ᠭᠠᠵᠠᠷ ᠠᠷᠭ᠎ᠠ ᠪᠤᠶᠤ ᠳᠠᠮᠳᠢᠨᠰᠦ᠋ᠷᠦᠩ ᠢ ᠬᠡᠯᠡᠯᠴᠡᠭᠡᠷ ᠦᠨ ᠳᠤᠮᠳᠠᠭᠤᠷ ᠭᠡᠳᠡᠷᠭᠦ ᠲᠠᠲᠠᠭᠰᠠᠨ ᠨᠢ ᠮᠣᠩᠭᠣᠯ ᠤᠨ ᠲᠥᠯᠥᠭᠡᠯᠡᠭᠴᠢᠳ ᠦᠨ ᠪᠠᠶᠢᠷᠢ ᠰᠠᠭᠤᠷᠢ ᠡᠷᠡᠰ ᠰᠤᠯᠠᠷᠠᠬᠤ ᠳᠤ ᠬᠦᠷᠭᠡᠭᠰᠡᠨ ᠶᠤᠮ᠃ ᠬᠡᠯᠡᠯᠴᠡᠭᠡᠷ ᠦᠨ ᠡᠴᠦᠰ ᠲᠦ ᠮᠣᠩᠭᠣᠯ ᠠᠦ᠋ᠲ᠋ᠣᠨᠣᠮᠢᠲᠤ ᠤᠯᠤᠰ ᠪᠣᠯᠵᠤ᠂ ᠶᠡᠬᠡᠩᠬᠢ ᠪᠠᠷᠤᠭ ᠤᠳ ᠲᠠᠶᠢᠸᠠᠨ ᠍ ᠤᠨ ᠪᠦᠷᠢᠯᠳᠦᠬᠦᠨ ᠳᠦ ᠦᠯᠡᠳᠡᠭᠰᠡᠨ᠃

ᠲᠡᠷᠡ "ᠪᠢ ᠬᠢᠲᠠᠳ᠂ ᠤᠯᠠᠭᠠᠨ ᠣᠷᠣᠰ 2 ᠍ ᠠᠴᠠ ᠮᠣᠩᠭᠣᠯ ᠢ ᠬᠠᠮᠠᠭᠠᠯᠠᠵᠤ ᠴᠢᠳᠠᠨ᠎ᠠ" ᠭᠡᠵᠦ ᠬᠡᠯᠡᠵᠦ ᠪᠠᠶᠢᠴᠠᠢ᠃

1920 ᠣᠨ ᠤ ᠶᠢᠰᠦᠳᠦᠭᠡᠷ ᠰᠠᠷ᠎ᠠ ᠶᠢᠨ 11 ᠍ ᠳᠦ ᠳᠠᠮᠳᠢᠨᠰᠦ᠋ᠷᠦᠩ ᠢ ᠪᠠᠷᠢᠪᠴᠢᠯᠠᠨ᠂ ᠬᠢᠲᠠᠳ ᠤᠨ ᠱᠣᠷᠣᠩ ᠤᠨ ᠬᠠᠲᠠᠭᠤ ᠴᠢᠩᠭ᠎ᠠ ᠡᠷᠡᠭᠦᠦ ᠰᠢᠭᠦᠯᠲᠡ᠂ ᠬᠦᠨᠳᠦ ᠪᠡᠷᠬᠡ ᠨᠥᠬᠥᠴᠡᠯ ᠳᠦ 107 ᠬᠣᠨᠣᠭ ᠬᠣᠷᠢᠭᠳᠠᠨ᠂ 1921 ᠣᠨ ᠤ ᠨᠢᠭᠡᠳᠦᠭᠡᠷ ᠰᠠᠷ᠎ᠠ ᠶᠢᠨ 27 ᠍ ᠤ ᠡᠳᠦᠷ "ᠪᠢ ᠡᠳᠡᠨ ᠦ ᠳᠡᠷᠭᠡᠳᠡ ᠬᠡᠪᠲᠡᠭᠡ ᠪᠡᠷ ᠢᠶᠡᠨ ᠦᠬᠦᠬᠦ ᠦᠭᠡᠢ" ᠬᠡᠮᠡᠨ ᠦᠭᠦᠯᠡᠵᠦ ᠪᠣᠰᠤᠭ᠎ᠠ ᠪᠠᠷ ᠢᠶᠠᠨ ᠠᠮᠢᠰᠬᠤᠯ ᠬᠤᠷᠢᠶᠠᠭᠰᠠᠨ ᠪᠠ "ᠲᠥᠷᠥ ᠤᠯᠤᠰ ᠤᠨ ᠬᠡᠷᠡᠭ ᠢ ᠠᠮᠢᠳᠤ ᠬᠥᠮᠥᠨ ᠬᠥᠳᠡᠯᠭᠡᠳᠡᠭ ᠠᠪᠠᠰᠤ ᠲᠣᠭᠲᠠᠭᠰᠠᠨ ᠰᠠᠭᠤᠷᠢ ᠠᠨᠤ ᠠᠮᠢ ᠪᠡᠶ᠎ᠡ ᠬᠠᠶᠢᠷ᠎ᠠ ᠦᠭᠡᠢ ᠵᠢᠳᠬᠦᠵᠦ᠂ ᠦᠬᠦᠵᠦ ᠦᠷᠡᠭᠳᠡᠭᠰᠡᠳ ᠦᠨ ᠶᠠᠰᠤ ᠴᠢᠮᠦᠭᠡᠨ ᠳᠡᠭᠡᠷ᠎ᠡ ᠲᠣᠭᠲᠠᠳᠠᠭ" ᠬᠡᠮᠡᠨ ᠠᠶᠢᠯᠠᠳᠤᠨ ᠭᠡᠷᠢᠶᠡᠰᠯᠡᠭᠰᠡᠨ ᠪᠠᠶᠢᠳᠠᠭ᠃

ᠡᠬᠢ ᠡᠭᠦᠰᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠠᠷᠭᠤ ᠰᠤᠳᠤᠯᠤᠭᠠᠴᠢ ᠰᠢᠷᠠᠢ ᠳᠤ ᠴ᠃ ᠲᠦᠮᠡᠨ: ᠮᠣᠩᠭᠣᠯ ᠭᠣᠯᠣᠮᠲᠠ ᠪᠠᠨ ᠭᠡᠰᠡᠨ ᠪᠠᠷᠭᠤ ᠶᠢᠨ ᠠᠷᠠᠳ ᠲᠦᠮᠡᠨ ᠦ ᠲᠡᠮᠡᠴᠡᠯ᠂ ᠬᠤᠪᠢ ᠵᠠᠶᠠᠭ᠎ᠠ [1]

ᠪᠢᠴᠢᠭᠡᠰᠦ