ᠮᠠᠩᠭᠠᠯᠵᠠᠯᠠᠪ ᠤᠨ ᠠᠨᠠᠨᠳᠠ
ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠺᠥᠷᠢᠶᠦ ᠷᠢᠺᠢᠰᠠᠪᠦᠷᠣ᠋ (鶴竜力三郎)
20160607-1.jpg
ᠱᠢᠺᠣᠨᠠ ᠺᠠᠺᠥᠷᠢᠶᠦ ᠷᠢᠺᠠᠰᠠᠪᠦᠷᠣ᠋
ᠵᠢᠩᠬᠢᠨᠢ ᠨᠡᠷ᠎ᠡ ᠮᠠᠩᠭᠠᠯᠵᠠᠯᠠᠪ ᠤᠨ ᠠᠨᠠᠨᠳᠠ
ᠲᠦᠷᠦᠭᠰᠡᠨ ᠡᠳᠦᠷ 1985 ᠣᠨ ᠤ 8 ᠰᠠᠷ᠎ᠠ ᠶᠢᠨ 10 (1985-08-10) (33 ᠨᠠᠰᠣᠳᠠᠢ)
ᠲᠦᠷᠦᠭᠰᠡᠨ ᠭᠠᠵᠠᠷ ᠮᠣᠩᠭᠣᠯ ᠤᠯᠤᠰᠤᠯᠠᠭᠠᠨᠪᠠᠭᠠᠲᠤᠷ
ᠥᠨᠳᠥᠷ 186 ᠰᠠᠨᠲ᠋ᠢᠮᠧᠲ᠋ᠷ
ᠵᠢᠩ 155 ᠺᠢᠯᠣᠭ᠍ᠷᠠᠮ
ᠬᠠᠷᠢᠶᠠᠯᠠᠭᠳᠠᠬᠤ ᠳᠡᠪᠵᠢᠶ᠎ᠡ ᠢᠼᠡᠽ ᠳᠡᠪᠵᠢᠶ᠎ᠡ
ᠠᠮᠵᠢᠯᠲᠠ
ᠬᠠᠮᠤᠭ ᠤᠨ ᠥᠨᠳᠥᠷ ᠴᠣᠯᠠ ᠠᠪᠤᠷᠭᠤ (ᠶᠤᠺᠦᠽᠡᠨᠠ)
ᠨᠡᠶᠢᠲᠡ ᠪᠠᠷᠢᠯᠳᠤᠭᠠᠨ 636 ᠢᠯᠠᠯᠲᠠ 429 ᠢᠯᠠᠭᠳᠠᠯ 33 ᠥᠨᠵᠢᠭᠰᠡᠨ (87 ᠪᠠᠱᠣ)
ᠮᠠᠺᠦᠦ᠋ᠴᠢ ᠵᠢᠩᠳᠠᠭᠠᠨ ᠳ᠋ᠡᠬᠢ ᠪᠠᠷᠢᠯᠳᠤᠭᠠᠨ 496 ᠢᠯᠠᠯᠲᠠ 326 ᠢᠯᠠᠭᠳᠠᠯ 33 ᠥᠨᠵᠢᠭᠰᠡᠨ (57 ᠪᠠᠱᠣ)
ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ {{{ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ}}}
ᠱᠠᠩᠨᠠᠯ ᠤᠷᠠᠨ ᠪᠠᠷᠢᠯᠳᠤᠭᠠᠨ ᠤ 7
ᠭᠠᠷᠮᠠᠭᠠᠢ ᠪᠠᠷᠢᠯᠳᠤᠭᠠᠨ ᠤ 2
ᠲᠣᠭ᠎ᠠ ᠪᠠᠷᠢᠮᠲᠠ
ᠠᠩᠬᠠᠨ ᠤ ᠪᠠᠱᠣ 2001 ᠣᠨ ᠤ 11 ᠰᠠᠷ᠎ᠠ
ᠮᠠᠺᠦᠦ᠋ᠴᠢ ᠵᠢᠩᠳᠠᠭᠠᠨ ᠳᠤ ᠳᠡᠪᠰᠢᠭᠰᠡᠨ 2006 ᠣᠨ ᠤ 11 ᠰᠠᠷ᠎ᠠ
ᠲᠠᠶᠢᠯᠪᠤᠷᠢ
{{{ᠣᠷᠣᠭᠤᠯᠤᠭᠰᠠᠨ ᠣᠩᠨᠠᠭ᠎ᠠ}}} ᠍ ᠤ ᠪᠠᠶᠢᠳᠠᠯ ᠢᠶᠠᠷ
ᠵᠠᠭᠪᠤᠷ᠂ ᠬᠡᠯᠡᠯᠴᠡᠭᠦᠯᠭᠡ)
ᠮᠠᠩᠭᠠᠯᠵᠠᠯᠠᠪ ᠤᠨ ᠠᠨᠠᠨᠳᠠ ( 1985 ᠣᠨ ᠤ 8 ᠰᠠᠷ᠎ᠠ ᠶᠢᠨ 10 - ) ᠨᠢ ᠮᠣᠩᠭᠣᠯ ᠤᠯᠤᠰ ᠍ ᠤᠨ ᠤᠯᠠᠭᠠᠨᠪᠠᠭᠠᠲᠤᠷ ᠬᠣᠳᠠ ᠳᠤ ᠲᠦᠷᠦᠭᠰᠡᠨ ᠰᠦᠮᠤᠴᠢᠨ ᠪᠢᠯᠡ᠃ ᠲᠡᠭᠦᠨ ᠤ ᠰᠦᠮᠤ ᠶᠢᠨ ᠨᠡᠷ ᠡ ᠨᠢ ᠺᠠᠺᠥᠷᠢᠶᠦ ᠷᠢᠺᠢᠰᠠᠪᠦᠷᠣ᠋ (鶴竜力三郎᠂ かくりゅう りきさぶろう) ᠭᠡᠳᠡᠭ᠃ ᠢᠼᠡᠽ ᠳᠡᠪᠵᠢᠶ ᠡ (井筒部屋)  ᠶᠢᠨ ᠰᠦᠮᠦᠴᠢᠨ ᠪᠦᠭᠡᠳ ᠶᠠᠫᠤᠨ ᠤ ᠮᠡᠷᠭᠡᠵᠢᠯ ᠤᠨ ᠰᠦᠮᠤ ᠶᠢᠨ 71 ᠳ᠋ᠡᠬᠢ ᠠᠪᠤᠷᠭᠤ (ᠶᠤᠺᠤᠽᠡᠨᠠ) ᠂ ᠮᠤᠩᠭᠤᠯ  ᠰᠦᠮᠤᠴᠢᠳ ᠤᠨ ᠳᠤᠲᠤᠷ  ᠠ ᠲᠦᠷᠪᠡᠳᠡᠬᠢ ᠠᠪᠤᠷᠭᠤ ᠪᠤᠯᠤᠨ  ᠠ᠃ ᠪᠡᠶ ᠡ ᠶᠢᠨ ᠦᠨᠳᠦᠷ 186 ᠰᠡᠨᠲ᠋ᠢᠮᠸᠲᠷ᠂ ᠪᠡᠶ ᠡ ᠶᠢᠨ ᠵᠢᠩ ᠨᠢ 155 ᠺᠢᠯᠣᠭ᠍ᠷᠠᠮ ᠪᠠᠶᠢᠳᠠᠭ᠃ ᠦᠨᠳᠦᠰᠦᠨ ᠮᠡᠬᠡ ᠨᠢ ᠪᠠᠷᠠᠭᠤᠨ ᠲᠠᠯ ᠠ ᠪᠡᠷ ᠵᠤᠯᠭᠠᠬᠤ (右四つ)᠂ ᠵᠤᠯᠭᠠᠭᠰᠠᠨ ᠪᠠᠷᠢᠴᠠ ᠪᠡᠷ ᠲᠦᠯᠬᠢᠬᠦ (寄り)᠂ ᠳᠤᠲᠤᠷ  ᠠ ᠪᠠᠷᠢᠴᠠ ᠲᠠᠢ ᠭᠠᠨᠵᠤᠭᠠᠯᠠᠬᠤ (下手投げ)᠂ ᠰᠤᠭᠤᠳᠠᠵᠤ ᠲᠡᠪᠡᠷᠢᠬᠦ (もろ差し) ᠵᠡᠷᠭᠡ ᠪᠤᠯᠤᠨ᠎ ᠠ᠃
ᠦᠩᠭᠡᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]
ᠠᠨᠠᠨᠳᠠ᠂ ᠶᠡᠬᠡ ᠰᠤᠷᠭᠠᠭᠤᠯᠢ ᠶᠢᠨ ᠫᠷᠤᠹᠸᠰᠰᠷ ᠤᠨ ᠭᠡᠷ ᠪᠦᠯᠢ ᠳᠤ ᠮᠡᠨᠳᠦᠯᠡᠭᠰᠡᠨ ᠪᠤᠯᠬᠤᠷ᠂ ᠪᠠᠶᠠᠨ ᠲᠠᠩᠰᠤᠭ ᠠᠮᠢᠳᠤᠷᠠᠯ ᠳᠤ ᠦᠰᠦᠨ ᠪᠤᠶᠢᠵᠢᠭᠰᠠᠨ ᠪᠦᠭᠡᠳ ᠪᠠᠭ᠎ ᠠ ᠳᠤ ᠪᠠᠨ ᠲᠤᠤᠷ ᠪᠦᠮᠪᠦᠭᠡ ᠪᠤᠯᠤᠨ ᠰᠠᠭᠰᠤᠨ ᠪᠦᠮᠪᠦᠭᠡ ᠲᠤᠭᠯᠠᠳᠠᠭ ᠪᠠᠶᠢᠵᠠᠢ᠃ ᠡᠴᠢᠭᠡ ᠤᠨ ᠶᠢᠡᠨ ᠨᠦᠯᠦᠭᠡ ᠪᠡᠷ ᠪᠠᠰᠠ ᠰᠤᠷᠤᠯᠭ᠎ ᠠ ᠳᠤ ᠪᠠᠨ ᠴᠢᠷᠮᠠᠶᠢᠯᠲᠠ ᠲᠠᠢ ᠂ ᠰᠢᠯᠢᠳᠡᠭ ᠪᠦᠲᠦᠮᠵᠢ ᠲᠠᠢ ᠬᠡᠦᠬᠡᠳ ᠪᠠᠶᠢᠵᠠᠢ᠃ ᠲᠤᠬᠠᠢ ᠶᠢᠨ ᠦᠶᠡᠰ ᠠᠮᠢᠳᠤᠷᠠᠯ ᠤᠨ ᠨᠦᠬᠦᠴᠡᠯ ᠰᠠᠶᠢᠨ ᠪᠠᠶᠢᠭᠰᠠᠨ ᠪᠤᠯᠬᠤᠷ ᠶᠠᠫᠤᠨ ᠤ ᠮᠡᠷᠭᠡᠵᠢᠯ ᠤᠨ ᠰᠦᠮᠤ ᠶᠢᠨ ᠮᠦᠷᠦᠢᠢᠴᠡᠭᠡᠨ ᠢ ᠵᠢᠷᠤᠭᠲᠤ ᠡᠴᠡ ᠬᠠᠷᠠᠳᠠᠭ ᠪᠠᠶᠢᠭᠰᠠᠨ ᠪᠦᠭᠡᠳ ᠲᠤᠬᠠᠢ ᠶᠢᠨ ᠦᠶᠡᠰ ᠤᠨ ᠪᠠᠷᠢᠯᠳᠤᠵᠤ ᠪᠠᠶᠢᠭᠰᠠᠨ ᠳ᠋ᠠᠸᠠ ᠶᠢᠨ ᠪᠠᠲᠤᠪᠠᠶᠠᠷ (旭鷲山) ᠵᠡᠷᠭᠡ ᠰᠦᠮᠦᠴᠢᠳ ᠢ ᠲᠤᠩ ᠪᠢᠰᠢᠷᠡᠨ᠂ ᠦᠪᠡᠷ ᠶᠢᠡᠨ ᠴᠤ ᠰᠦᠮᠤᠴᠢᠨ ᠪᠤᠯᠬᠤ ᠬᠦᠰᠡᠯ ᠲᠠᠢ ᠪᠤᠯᠵᠤ᠂ ᠬᠠᠨᠠᠺᠠᠭᠤ ᠳᠡᠪᠵᠢᠶ ᠡ (花籠部屋) ᠶᠢᠨ ᠮᠤᠩᠭᠤᠯ ᠳᠤ ᠪᠤᠯᠤᠭᠰᠠᠨ ᠰᠤᠩᠭᠤᠯᠲᠠ ᠬᠤᠷᠠᠯ ᠳᠤ ᠤᠷᠤᠯᠴᠠᠭᠰᠠᠨ ᠪᠤᠯᠪᠠᠴᠤ ᠬᠢᠷᠢ ᠬᠦᠷᠦᠭᠡ ᠦᠭᠡᠢ ᠪᠢᠯᠡ᠃ ᠭᠡᠪᠡᠴᠤ ᠂ ᠵᠤᠷᠢᠭ ᠮᠤᠬᠤᠭᠰᠠᠨ ᠦᠭᠡᠢ᠂ グラフNHK ᠭᠡᠰᠡᠨ ᠰᠡᠳᠬᠦᠯ ᠡᠴᠡ ᠰᠦᠮᠤ ᠶᠢᠨ ᠰᠤᠨᠢᠷᠬᠠᠭᠴᠢᠳ ᠤᠨ ᠬᠤᠯᠪᠤᠭ᠎ ᠠ (相撲愛好会(日本相撲振興会)) ᠭᠡᠵᠤ ᠪᠠᠶᠢᠬᠤ ᠶᠢ ᠮᠡᠳᠡᠵᠤ᠂ ᠠᠪᠤ ᠶᠢᠨ ᠶᠢᠡᠨ ᠠᠵᠢᠯᠯᠠᠵᠤ ᠪᠠᠶᠢᠭᠰᠠᠨ ᠰᠤᠷᠭᠠᠭᠤᠯᠢ ᠶᠢᠨ ᠶᠠᠫᠤᠨ ᠬᠡᠯᠡ ᠵᠢᠭᠠᠵᠤ ᠪᠠᠶᠢᠭᠰᠠᠨ ᠬᠠᠮᠲᠤ ᠪᠠᠶᠢᠷᠢ ᠶᠢᠨ ᠨᠦᠬᠦᠳ ᠳᠤ ᠪᠠᠨ ᠨᠠᠶᠢᠳᠠᠵᠤ᠂ ᠦᠪᠡᠷ ᠤᠨ ᠡᠷᠭᠦᠲᠡᠯ ᠤᠨ ᠪᠢᠴᠢᠭ ᠶᠢᠡᠨ ᠤᠷᠴᠢᠭᠤᠯᠵᠤ᠂ ᠲᠤᠰ ᠬᠤᠯᠪᠤᠭᠠᠨ ᠤ ᠠᠬᠠᠯᠠᠭᠴᠢ 時田一弘 ᠳᠤ ᠭᠤᠪᠢᠭᠤᠯᠵᠠᠢ᠃ ᠲᠤᠰ ᠵᠠᠬᠢᠲᠠᠯ ᠢ ᠤᠯᠤᠭᠰᠠᠨ 時田一弘 ᠠᠬᠠᠯᠠᠭᠴᠢ ᠦᠪᠡᠷ ᠤᠨ ᠬᠠᠮᠲᠤ ᠠᠵᠢᠯᠯᠠᠭᠴᠢ ᠽᠸᠼᠸᠺᠢ ᠺᠸᠨᠶᠢᠴᠢ (鈴木賢一 ) ᠲᠠᠢ ᠵᠦᠪᠳᠡᠵᠤ ᠪᠠᠶᠢᠭᠠᠳ᠂ ᠢᠽᠡᠼ ᠳᠡᠪᠵᠢᠶ ᠡ ᠶᠢᠨ ᠡᠵᠡᠨᠲᠡᠨ ᠳᠤ ᠤᠨᠴᠠᠯᠠᠨ ᠲᠠᠨᠢᠯᠴᠠᠭᠤᠯᠵᠤ ᠤᠷᠤᠭᠤᠯᠵᠠᠢ᠃ ᠲᠡᠭᠡᠭᠡᠳ 2001 ᠤᠨ ᠤ 5 ᠰᠠᠷ  ᠠ ᠳᠤ ᠶᠠᠫᠤᠨ ᠳᠤ ᠢᠷᠡᠵᠤ᠂ 11 ᠰᠠᠷ  ᠠ ᠡᠴᠡ ᠨᠢ ᠡᠬᠢᠯᠡᠨ ᠪᠠᠷᠢᠯᠳᠤᠵᠠᠢ᠃
2001 ᠤᠨ ᠤ 9 ᠰᠠᠷ  ᠠ ᠳᠤ ᠠᠨᠠᠨᠲᠠ ᠶᠢᠨ ᠪᠡᠶ ᠡ ᠶᠢᠨ ᠵᠢᠩ ᠨᠢ ᠵᠦᠪᠭᠡᠨ 65 ᠺᠢᠯᠣᠭ᠍ᠷᠠᠮ ᠯᠡ ᠪᠠᠶᠢᠵᠠᠢ᠃ ᠭᠡᠪᠡᠴᠤ ᠭᠤᠷᠪᠠᠬᠠᠨ ᠰᠠᠷ  ᠠ ᠶᠢᠨ ᠳᠠᠷᠠᠭ᠎ ᠠ 82 ᠺᠢᠯᠣᠭ᠍ᠷᠠᠮ ᠪᠤᠯᠲᠠᠯ  ᠠ ᠦᠰᠴᠤ᠂ ᠰᠢᠨ᠎ ᠠ ᠰᠦᠮᠤᠴᠢᠳ ᠤᠨ ᠪᠠᠶᠢᠴᠠᠭᠠᠯᠲᠠ ᠳᠤ ᠬᠢᠷᠢ ᠲᠡᠩᠴᠡᠵᠡᠢ᠃ ᠠᠨᠠᠨᠲᠠ ᠶᠠᠫᠤᠨ ᠬᠡᠯᠡᠨ ᠤ ᠰᠤᠷᠤᠯᠭ᠎ ᠠ ᠪᠤᠯᠤᠨ ᠰᠦᠮᠤ ᠶᠢᠨ ᠪᠤᠯᠪᠠᠰᠤᠷᠠᠯ ᠳᠤ ᠪᠠᠨ ᠲᠤᠩ ᠴᠢᠷᠮᠠᠶᠢᠯᠲᠠ ᠲᠠᠢ ᠪᠠᠶᠢᠵᠤ᠂ ᠶᠠᠫᠤᠨ ᠬᠡᠯᠡ ᠨᠢ ᠲᠤᠩ ᠲᠦᠷᠭᠡᠨ ᠲᠡᠭᠡᠭᠰᠢᠯᠡᠭᠰᠡᠨ ᠮᠦᠷᠲᠡᠭᠡᠨ ᠰᠦᠮᠤ ᠶᠢᠨ ᠮᠡᠷᠭᠡᠵᠢᠯ ᠨᠢ ᠴᠤ ᠦᠳᠲᠦᠷ ᠲᠦᠷᠭᠡᠨ ᠲᠡᠭᠭᠰᠢᠯᠡᠵᠡᠢ᠃
2004 ᠤᠨ ᠤ 7 ᠰᠠᠷ  ᠠ ᠶᠢᠨ ᠲᠠᠯᠠᠪᠠᠢ (ᠪᠠᠱᠤ)  ᠳᠤ 7᠄ 0 ᠤᠨ ᠤᠨᠤᠭ᠎ ᠠ ᠪᠡᠷ ᠰᠠᠨᠳᠠᠨᠮᠠᠢ ᠵᠢᠩᠳᠠᠭᠠᠨ (三段目) ᠳᠤ ᠲᠡᠷᠢᠭᠦᠯᠡᠵᠤ᠂ 9 ᠰᠠᠷ ᠠ ᠡᠴᠡ ᠨᠢ ᠮᠠᠺᠦᠰᠢᠲᠠ ᠵᠢᠩᠳᠠᠭᠠᠨ (幕下) ᠤ 14 ᠳ᠋ᠦ᠋ᠭᠡᠷ ᠪᠠᠶᠢᠷᠢ ᠳᠤ ᠳᠠᠪᠰᠢᠨ ᠪᠠᠷᠢᠯᠳᠤᠵᠠᠢ᠃ ᠭᠡᠪᠡᠴᠤ᠂ ᠲᠤᠰ ᠪᠠᠱᠤ ᠳᠤ 1᠄ 6 ᠶᠢᠨ ᠤᠨᠤᠭ᠎ ᠠ ᠲᠠᠢ ᠢᠯᠠᠭᠳᠠᠵᠤ᠂ ᠳᠡᠪᠵᠢᠶ ᠡ ᠳᠤ ᠪᠠᠨ ᠪᠤᠴᠠᠭᠰᠠᠨ ᠤ ᠳᠠᠷᠠᠭ᠎ ᠠ ᠤᠬᠢᠯᠠᠵᠤ ᠪᠠᠶᠢᠭᠰᠠ ᠪᠢᠯᠡ᠃ ᠲᠡᠭᠡᠭᠡᠳ ᠨᠢᠭᠡ ᠭᠠᠷᠠᠭ ᠠᠮᠠᠷᠠᠭᠰᠠᠨ ᠤ ᠳᠠᠷᠠᠭ᠎ ᠠ᠂ ᠪᠤᠯᠪᠠᠰᠤᠷᠠᠯ ᠶᠢᠡᠨ ᠰᠢᠷᠭᠠᠭᠤ ᠬᠠᠳᠠᠭᠤᠵᠢᠯᠲᠠᠢ ᠬᠢᠵᠤ᠂ 11 ᠰᠠᠷ  ᠠ ᠶᠢᠨ ᠪᠠᠱᠤ ᠡᠴᠡ 6 ᠪᠠᠱᠤ ᠵᠠᠯᠭᠠᠪᠡᠷ ᠢᠯᠠᠵᠤ (勝ち越し)᠂ 2005 ᠤᠨ ᠤ 9 ᠰᠠᠷ  ᠠ ᠶᠢᠨ ᠪᠠᠱᠤ ᠳᠤ ᠮᠠᠺᠦᠰᠢᠲᠠ ᠶᠢᠨ 5 ᠳ᠋ᠤᠭᠠᠷ ᠪᠠᠶᠢᠷᠢ ᠡᠴᠡ 5᠄ 2 ᠶᠢᠨ ᠢᠯᠠᠯᠲᠠ ᠭᠠᠷᠭᠠᠵᠤ᠂ 11 ᠰᠠᠷ  ᠠ ᠡᠴᠡ ᠨᠢ ᠵᠢᠶᠦᠦᠷᠢᠶᠦ᠋ ᠵᠢᠩᠳᠠᠭᠠᠨ (十両) ᠳᠤ ᠳᠠᠪᠰᠢᠵᠠᠢ᠃ ᠭᠡᠪᠡᠴᠤ ᠂ ᠵᠢᠶᠦᠦᠷᠢᠶᠦ᠋ ᠵᠢᠩᠳᠠᠭᠠᠨ ᠳᠡᠬᠢ ᠬᠢᠷᠢ ᠪᠦᠲᠦᠮᠵᠢ ᠨᠢ ᠠᠨᠠᠢ ᠪᠠᠶᠢᠭᠰᠠᠨ ᠪᠤᠯᠬᠤᠷ ᠨᠢᠭᠡ ᠪᠠᠱᠤ ᠶᠢᠨ ᠳᠠᠷᠠᠭ᠎ ᠠ ᠳᠡᠬᠢᠨ ᠮᠠᠺᠦᠰᠢᠲᠠ ᠵᠢᠩᠳᠠᠭᠠᠨ ᠳᠤ ᠪᠠᠭᠤᠵᠠᠢ᠃
2006 ᠤᠨ ᠤ 1 ᠰᠠᠷ  ᠠ ᠶᠢᠨ ᠪᠠᠱᠤ ᠳᠤ 5᠄ 2 ᠶᠢᠨ ᠢᠯᠠᠯᠲᠠ ᠭᠠᠷᠭᠠᠵᠤ᠂ ᠳᠠᠬᠢᠨ ᠵᠢᠶᠦᠦᠷᠢᠶᠦ᠋ ᠵᠢᠩᠳᠠᠭᠠᠨ (十両) ᠳᠤ ᠳᠠᠪᠰᠢᠵᠠᠢ᠃ ᠳᠠᠪᠰᠢᠭᠰᠠᠨ ᠤ ᠳᠠᠷᠠᠭ᠎ ᠠ 3 ᠰᠠᠷ  ᠠ ᠶᠢᠨ ᠪᠠᠱᠤ ᠳᠤ 3᠄ 6 ᠤᠨᠤᠭ᠎ ᠠ ᠪᠠᠶᠢᠭᠰᠠᠨ ᠡᠴᠡ ᠪᠠᠨ 6 ᠵᠠᠯᠭᠠᠨ ᠢᠯᠠᠵᠤ᠂ 9᠄ 6 ᠶᠢᠨ ᠢᠯᠠᠯᠲᠠ ᠭᠠᠷᠭᠠᠵᠤ᠂ ᠲᠡᠭᠦᠨ ᠡᠴᠡ ᠰᠡᠭᠦᠯ ᠳᠤ ᠴᠤ ᠵᠠᠯᠭᠠᠪᠡᠷ ᠢᠯᠠᠯᠲᠠ ᠭᠠᠷᠭᠠᠵᠤ᠂ 2006 ᠤᠨ ᠤ 9 ᠰᠠᠷ  ᠠ ᠶᠢᠨ ᠪᠠᠱᠤ ᠳᠤ 9 ᠢᠯᠠᠵᠤ᠂ 11 ᠰᠠᠷ  ᠠ ᠡᠴᠡ ᠨᠢ ᠮᠠᠺᠦᠦᠴᠢ ᠵᠢᠩᠳᠠᠭᠠᠨ (幕内)  ᠳᠤ ᠳᠠᠪᠰᠢᠵᠠᠢ᠃ 2006 ᠤᠨ ᠤ 11 ᠰᠠᠷ  ᠠ ᠶᠢᠨ ᠪᠠᠱᠤ ᠳᠤ ᠦᠪᠡᠷ ᠤᠨ ᠪᠠᠶᠢᠷᠢ ᠪᠠᠨ ᠮᠠᠭᠠᠰᠢᠷᠠ ᠵᠡᠭᠦᠨ ᠤ 8 ᠳ᠋ᠤᠭᠠᠷ (前頭東8枚目) ᠪᠤᠯᠲᠠᠯ᠎ᠠ ᠲᠡᠭᠡᠭᠰᠢᠯᠡᠭᠦᠯᠵᠠᠢ᠃
2008 ᠤᠨ ᠤ 1 ᠰᠠᠷ  ᠠ ᠶᠢᠨ ᠪᠠᠱᠤ ᠳᠤ 11᠄ 4 ᠶᠢᠨ ᠢᠯᠠᠯᠲᠠ ᠭᠠᠷᠭᠠᠵᠤ᠂ ᠠᠩᠬᠠᠨ ᠤ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃
2009 ᠤᠨ ᠤ 3 ᠰᠠᠷ  ᠠ ᠶᠢᠨ ᠪᠠᠱᠤ ᠳᠤ᠂ ᠳᠤᠯᠤᠳᠤᠭᠠᠷ ᠡᠳᠦᠷ ᠪᠤᠯᠲᠠᠯ᠎ ᠠ 2᠄ 5 ᠶᠢᠨ ᠤᠨᠤᠭ᠎ ᠠ ᠲᠠᠢ ᠪᠠᠶᠢᠭᠰᠠᠨ ᠪᠠ ᠨᠠᠶᠢᠮᠠᠳᠤᠭᠠᠷ ᠡᠳᠦᠷ  ᠡᠴᠡ ᠵᠠᠯᠭᠠᠪᠡᠷ 8 ᠢᠯᠠᠵᠤ᠂ 3 ᠠᠷᠰᠯᠠᠨ(ᠤᠤᠽᠡᠺᠢ᠂ 大関) ᠢ ᠵᠠᠯᠭᠠᠨ ᠰᠢᠷᠤᠶᠢᠳᠠᠭᠤᠯᠵᠤ᠂  10᠄ 5 ᠢᠯᠠᠯᠲᠠ ᠤᠯᠵᠤ᠂ ᠬᠤᠶᠠᠳᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃ 5 ᠰᠠᠷ  ᠠ ᠶᠢᠨ ᠪᠠᠱᠤ ᠳᠤ᠂ ᠵᠠᠭᠠᠨ ᠴᠤᠯᠠ (ᠺᠤᠮᠡᠰᠦᠪᠢ᠂ 小結) ᠳᠤ ᠬᠦᠷᠴᠤ᠂ 9᠄ 6 ᠶᠢᠨ ᠢᠯᠠᠯᠲᠠ ᠪᠠᠶᠢᠭᠤᠯᠵᠤ᠂ ᠭᠤᠷᠪᠠᠳᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃ 7 ᠰᠠᠷ  ᠠ ᠶᠢᠨ ᠪᠠᠱᠤ ᠳᠤ᠂ ᠭᠠᠷᠤᠳᠢ ᠴᠤᠯᠠ (ᠰᠸᠺᠢᠸᠠᠺᠢ᠂ 関脇) ᠳᠤ ᠬᠦᠷᠦᠭᠰᠡᠨ ᠪᠤᠯᠪᠠᠴᠤ᠂ 5᠄ 10 ᠶᠢᠨ ᠤᠨᠤᠭ᠎ ᠠ ᠪᠡᠷ ᠴᠤᠯᠠᠨ ᠡᠴᠡ ᠪᠠᠨ ᠪᠠᠭᠤᠵᠠᠢ᠃ 9 ᠰᠠᠷ  ᠠ ᠶᠢᠨ ᠪᠠᠱᠤ ᠳᠤ᠂ 11᠄ 4 ᠢᠯᠠᠯᠲᠠ ᠤᠯᠵᠤ᠂ ᠳᠦᠷᠪᠡᠳᠡᠬᠢ ᠤᠳᠠᠭ᠎ ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠤ᠂ 11 ᠰᠠᠷ  ᠠ ᠶᠢᠨ ᠪᠠᠱᠤ ᠳᠤ ᠭᠠᠷᠤᠳᠢ ᠴᠤᠯᠠ (ᠰᠸᠺᠢᠸᠠᠺᠢ᠂ 関脇) ᠪᠠᠨ ᠰᠡᠷᠭᠦᠭᠡᠭᠰᠡᠨ ᠪᠤᠯᠪᠠᠴᠤ᠂ 7᠄ 8 ᠤᠨᠤᠭ᠎ ᠠ ᠲᠠᠢ ᠢᠯᠠᠭᠳᠠᠵᠤ ᠴᠤᠯᠠᠨ ᠡᠴᠡ ᠪᠠᠨ ᠪᠠᠭᠤᠵᠠᠢ᠃
2010 ᠤᠨ ᠤ ᠡᠬᠢᠨ ᠤ ᠬᠡᠳᠤᠨ ᠪᠠᠱᠤ ᠤ ᠪᠠᠷᠢᠯᠳᠤᠭᠠᠨ ᠨᠢ ᠠᠨᠠᠶᠢᠬᠠᠨ ᠪᠠᠶᠢᠭᠰᠠᠨ ᠪᠤᠯᠪᠠᠴᠤ᠂ 7 ᠰᠠᠷ  ᠠ ᠶᠢᠨ ᠪᠠᠱᠤ ᠳᠤ ᠡᠬᠢᠨ ᠤ ᠡᠳᠦᠷ ᠡᠴᠡ ᠵᠠᠯᠭᠠᠪᠡᠷ 8 ᠢᠯᠡᠵᠤ᠂ ᠠᠷᠰᠯᠠᠨ ᠴᠤᠯᠠᠲᠠᠨ ‍(ᠤᠤᠽᠡᠺᠢ᠂ 大関) ᠺᠤᠲᠤᠰᠢᠶᠦ (琴欧洲) ᠶᠢ ᠢᠯᠡᠵᠤ᠂ ᠮᠠᠰᠢ ᠭᠤᠴᠤ ᠪᠠᠷᠢᠯᠳᠤᠭᠠᠨ ᠭᠠᠷᠭᠠᠵᠤ᠂ ᠲᠠᠪᠤᠳᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃
2011 ᠤᠨ ᠤ 5 ᠰᠠᠷ  ᠠ ᠶᠢᠨ ᠪᠠᠱᠤ ᠳᠤ᠂ ᠵᠠᠭᠠᠨ ᠴᠤᠯᠠᠲᠠᠨ (ᠺᠤᠮᠡᠰᠦᠪᠢ᠂ 小結) ᠪᠠᠶᠢᠭᠰᠠᠨ ᠦᠶ ᠡ ᠳᠦ ᠪᠠᠨ 13᠄ 2 ᠶᠢᠨ ᠤᠨᠤᠭ᠎ ᠠ ᠪᠡᠷ ᠲᠡᠷᠢᠭᠦᠯᠡᠭᠰᠡᠨ ᠬᠠᠺᠦᠬᠤ᠋ (白鵬) ᠠᠪᠤᠷᠭᠤ ᠶᠢᠨ ᠳᠠᠷᠠᠭ᠎ ᠠ᠂ 12᠄ 3 ᠶᠢᠨ ᠢᠯᠠᠯᠲᠠ ᠪᠠᠶᠢᠭᠤᠯᠵᠤ᠂ ᠵᠢᠷᠭᠤᠭᠠᠳᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠤ᠂ ᠪᠠᠰᠠ ᠭᠠᠷᠤᠳᠢ ᠴᠤᠯᠠ (ᠰᠸᠺᠢᠸᠠᠺᠢ᠂ 関脇) ᠳᠤ ᠬᠦᠷᠴᠤ᠂ 7 ᠰᠠᠷ  ᠠ ᠶᠢᠨ ᠪᠠᠱᠤ ᠳᠤ 3 ᠠᠷᠰᠯᠠᠨ ‍(ᠤᠤᠽᠡᠺᠢ᠂ 大関) ᠢ ᠤᠨᠠᠭᠠᠵᠤ᠂ 10᠄ 5 ᠤᠨ ᠢᠯᠠᠯᠲᠠ ᠪᠠᠶᠢᠭᠤᠯᠵᠤ᠂ 9 ᠰᠠᠷ  ᠠ ᠶᠢᠨ ᠪᠠᠱᠤ ᠳᠤ 9᠄ 6 ᠶᠢᠨ ᠤᠨᠤᠭ᠎ ᠠ ᠠᠪᠴᠠᠢ᠃
2012 ᠤᠨ ᠤ 1 ᠰᠠᠷ  ᠠ ᠶᠢᠨ ᠪᠠᠱᠤ ᠶᠢᠨ 10 ᠳ᠋ᠡᠬᠢ ᠡᠳᠦᠷ ᠬᠠᠺᠦᠬᠤ᠋ (白鵬) ᠠᠪᠤᠷᠭᠤ ᠲᠠᠢ ᠠᠩᠬ ᠠ ᠤᠳᠠᠭ᠎ ᠠ ᠲᠠᠭᠠᠷᠠᠯᠳᠤᠵᠤ ᠢᠯᠠᠭᠠᠳ᠂ ᠪᠠᠰᠠ 10᠄ 5 ᠶᠢᠨ ᠢᠯᠠᠯᠲᠠ ᠤᠯᠵᠤ᠂ ᠠᠩᠬᠠᠨ ᠤ ᠳᠠᠶᠢᠴᠢᠨ ᠱᠠᠩᠨᠠᠯ (殊勲賞) ᠬᠦᠷᠲᠡᠵᠡᠢ᠃ 3 ᠰᠠᠷ  ᠠ ᠶᠢᠨ ᠪᠠᠱᠤ ᠳᠤ ᠠᠩᠬᠠᠨ ᠤ ᠡᠳᠦᠷ ᠡᠴᠡ 7 ᠵᠠᠯᠭᠠᠨ ᠢᠯᠠᠵᠤ᠂ 8 ᠳ᠋ᠡᠬᠢ ᠡᠳᠦᠷ ᠠᠷᠰᠯᠠᠨ ‍(ᠤᠤᠽᠡᠺᠢ᠂ 大関) ᠺᠢᠰᠸᠨᠤᠰᠠᠲᠤ᠋ (稀勢の里) ᠳᠤ ᠰᠢᠷᠤᠶᠢᠳᠠᠵᠤ ᠪᠠᠶᠢᠭᠰᠠᠨ ᠪᠠ 9 ᠳ᠋ᠡᠬᠢ ᠡᠳᠦᠷ ᠨᠢ ᠬᠠᠺᠦᠬᠤ᠋ (白鵬) ᠠᠪᠤᠷᠭᠤ ᠶᠢ ᠳᠠᠬᠢᠨ ᠢᠯᠠᠵᠤ᠂ ᠬᠠᠮᠤᠭ ᠰᠡᠭᠦᠯᠴᠢ ᠶᠢᠨ ᠡᠳᠦᠷ 12᠄ 2 ᠤᠨ ᠠᠳᠠᠯᠢᠬᠠᠨ ᠤᠨᠤᠭ᠎ ᠠ ᠲᠠᠢ ᠪᠡᠷ ᠬᠠᠺᠦᠬᠤ᠋ (白鵬) ᠠᠪᠤᠷᠭᠤ ᠲᠠᠢ ᠲᠡᠷᠢᠭᠦᠨ ᠪᠤᠯᠢᠶᠠᠯᠳᠤᠵᠤ ᠢᠯᠠᠭᠳᠠᠭᠰᠠᠨ ᠪᠤᠯᠪᠠᠴᠤ᠂ ᠳᠠᠶᠢᠴᠢᠨ ᠱᠠᠩᠨᠠᠯ (殊勲賞) ᠪᠤᠯᠤᠨ ᠤᠷᠠᠨ ᠪᠠᠷᠢᠯᠳᠤᠭᠠᠨ ᠤ ᠱᠠᠩᠨᠠᠯ (技能賞) ᠬᠤᠤᠰ ᠱᠠᠩᠨᠠᠯ ᠲᠤᠰᠴᠠᠢ᠃ ᠪᠠᠰᠠ 14 ᠳᠡᠬᠢ ᠡᠳᠦᠷ ᠨᠢ ᠠᠷᠰᠯᠠᠨ ‍(ᠤᠤᠽᠡᠺᠢ᠂ 大関) ᠺᠤᠲᠤᠰᠢᠶᠦ (琴欧洲) ᠶᠢ ᠢᠯᠠᠭᠰᠠᠨ ᠮᠦᠷᠲᠡᠭᠡᠨ ᠡᠮᠦᠨ᠎ ᠠ 3 ᠪᠠᠱᠤ ᠳᠤ ᠨᠡᠶᠢᠲᠡ 33 ᠢᠯᠠᠭᠰᠠᠨ ᠪᠤᠯᠬᠤᠷ᠂ ᠠᠷᠰᠯᠠᠨ ᠴᠤᠯᠠ ᠶᠢᠨ ᠪᠤᠯᠵᠤᠯ ᠬᠠᠩᠭᠠᠵᠤ᠂ 5 ᠰᠠᠷ  ᠠ ᠶᠢᠨ ᠪᠠᠱᠤ ᠪᠡᠷ ᠠᠷᠰᠯᠠᠨ ‍(ᠤᠤᠽᠡᠺᠢ᠂ 大関) ᠪᠤᠯᠵᠠᠢ᠃ 5 ᠰᠠᠷ  ᠠ ᠶᠢᠨ ᠪᠠᠱᠤ ᠳᠤ 8᠄ 7 ᠶᠢᠨ ᠤᠨᠤᠭ᠎ ᠠ ᠠᠪᠴᠤ᠂ 7 ᠰᠠᠷ  ᠠ ᠶᠢᠨ ᠪᠠᠱᠤ ᠳᠤ 9᠄ 6 ᠶᠢᠨ ᠤᠨᠤᠭ᠎ ᠠ ᠠᠪᠴᠠᠢ᠃ 9 ᠰᠠᠷ  ᠠ ᠶᠢᠨ ᠪᠠᠱᠤ ᠳᠤ 2 ᠢᠯᠠᠭᠳᠠᠭᠰᠠᠨ ᠤᠨᠤᠭ᠎ ᠠ ᠪᠠᠨ ᠪᠠᠲᠤᠯᠠᠵᠤ ᠪᠠᠶᠢᠭᠰᠠᠨ ᠪᠤᠯᠪᠠᠴᠤ᠂ 13 ᠳ᠋ᠡᠬᠢ ᠡᠳᠦᠷ ᠬᠠᠺᠦᠬᠤ᠋ (白鵬) ᠠᠪᠤᠷᠭᠤ  ᠳᠤ᠂ 14 ᠳ᠋ᠡᠬᠢ ᠡᠳᠦᠷ ᠬᠠᠷᠦᠮᠠᠹᠦᠵᠢ (日馬富士) ᠠᠠᠪᠤᠷᠭᠤ ᠳᠤ ᠲᠤᠰ ᠲᠤᠰ ᠡᠪᠦᠳᠦᠭ ᠰᠢᠷᠤᠶᠢᠳᠠᠵᠤ᠂ ᠲᠡᠷᠢᠭᠦᠯᠡᠬᠦ ᠪᠤᠯᠤᠮᠵᠢ ᠪᠠᠨ ᠠᠯᠳᠠᠵᠤ᠂ ᠬᠠᠮᠤᠭ ᠰᠡᠭᠦᠯᠴᠢ ᠶᠢᠨ ᠡᠳᠦᠷ ᠠᠷᠰᠯᠠᠨ ‍(ᠤᠤᠽᠡᠺᠢ᠂ 大関) ᠺᠢᠰᠸᠨᠤᠰᠠᠲᠤ᠋ (稀勢の里) ᠶᠢ ᠢᠯᠠᠵᠤ᠂ 11᠄ 4 ᠶᠢᠨ ᠢᠯᠠᠯᠲᠠ ᠭᠠᠷᠭᠠᠵᠠᠢ᠃
2013 ᠤᠨ ᠤ 1 ᠰᠠᠷ  ᠠ ᠶᠢᠨ ᠪᠠᠱᠤ ᠳᠤ 8᠄ 7 ᠶᠢᠨ ᠤᠨᠤᠭ᠎ ᠠ ᠠᠪᠴᠠᠢ᠃ 2 ᠰᠠᠷ  ᠠ ᠶᠢᠨ ᠰᠦᠮᠤ ᠶᠢᠨ ᠤᠨᠤᠭᠠᠯᠠᠯᠲᠠ ᠤᠷᠤᠯᠳᠤᠭᠠᠨ (日本大相撲トーナメント) ᠳᠤ ᠲᠤᠶᠤᠨᠤᠰᠢᠮᠠ (豊ノ島) ᠶᠢ ᠢᠯᠠᠵᠤ ᠠᠩᠬ ᠠ ᠲᠡᠷᠢᠭᠦᠯᠡᠵᠡᠢ᠃ 3 ᠰᠠᠷ  ᠠ ᠶᠢᠨ ᠪᠠᠱᠤ ᠳᠤ 8᠄ 7 ᠶᠢᠨ ᠤᠨᠤᠭ᠎ ᠠ ᠠᠪᠴᠠᠢ᠃ 5 ᠰᠠᠷ  ᠠ ᠶᠢᠨ ᠪᠠᠱᠤ ᠳᠤ ᠵᠠᠯᠭᠠᠨ 8 ᠢᠯᠠᠵᠤ᠂ 9 ᠳ᠋ᠡᠬᠢ ᠡᠳᠦᠷ ᠺᠤᠲᠤᠰᠢᠶᠥᠺᠢᠺᠦ᠋ (琴奨菊) ᠳᠤ ᠤᠨᠠᠵᠤ᠂ ᠰᠡᠭᠦᠯᠴᠢ ᠶᠢᠨ ᠠᠷᠰᠯᠠᠨ ᠪᠤᠯᠤᠨ ᠠᠪᠤᠷᠭᠤ ᠨᠠᠷ ᠤᠨ ᠪᠠᠷᠢᠯᠳᠤᠭᠠᠨ ᠳᠤ ᠴᠤ ᠢᠯᠠᠭᠳᠠᠵᠤ᠂ 10᠄ 5 ᠶᠢᠨ ᠤᠨᠤᠭ᠎ ᠠ ᠠᠪᠴᠠᠢ᠃ 7 ᠰᠠᠷ  ᠠ ᠶᠢᠨ ᠪᠠᠱᠤ ᠳᠤ ᠴᠤ 10᠄ 5 ᠶᠢᠨ ᠤᠨᠤᠭ᠎ ᠠ ᠠᠪᠴᠠᠢ᠃ 9 ᠪᠤᠯᠤᠨ 11 ᠰᠠᠷ  ᠠ ᠶᠢᠨ ᠪᠠᠱᠤ ᠳᠤ  9᠄ 6 ᠶᠢᠨ ᠤᠨᠤᠭ᠎ ᠠ ᠠᠪᠴᠠᠢ᠃
2014 ᠤᠨ ᠤ 1 ᠰᠠᠷ  ᠠ ᠶᠢᠨ ᠪᠠᠱᠤ ᠶᠢᠨ 1 ᠳ᠋ᠡᠬᠢ ᠡᠳᠦᠷ ᠤᠺᠢᠨᠤᠦᠮᠢ (隠岐の海) ᠳᠤ ᠢᠯᠠᠭᠳᠠᠭᠰᠠᠨ ᠪᠤᠯᠪᠠᠴᠤ᠂ ᠵᠠᠯᠭᠠᠨ ᠢᠯᠠᠵᠤ᠂ 13᠄ 1 ᠤᠨ ᠢᠯᠠᠯᠲᠠ ᠭᠠᠷᠭᠠᠵᠤ᠂ 14᠄ 0  ᠪᠡᠷ ᠢᠯᠠᠭᠳᠠᠭ᠎ ᠠ ᠦᠭᠡᠢ ᠪᠠᠶᠢᠭᠰᠠᠨ ᠬᠠᠺᠦᠬᠤ᠋ (白鵬) ᠠᠪᠤᠷᠭᠤ ᠶᠢ ᠢᠯᠠᠵᠤ᠂ ᠲᠡᠷᠢᠭᠦᠨ ᠪᠠᠶᠢᠷᠢ ᠢ ᠪᠤᠯᠢᠶᠠᠯᠳᠤᠵᠤ ᠢᠯᠠᠭᠳᠠᠭᠰᠠᠨ ᠪᠤᠯᠪᠠᠴᠤ ᠺᠢᠲᠠᠨᠤᠦᠮᠢ ᠰᠦᠮᠤ ᠶᠢᠨ ᠬᠤᠯᠪᠤᠭᠠᠨ ᠤ ᠬᠡᠷᠡᠭ ᠡᠷᠬᠢᠯᠡᠭᠴᠢ ᠶᠢᠨ ᠲᠡᠷᠢᠭᠦᠨ (湖理事長) ᠤ ᠦᠨᠳᠦᠷ ᠦᠨᠡᠯᠡᠯᠲᠡ ᠶᠢ ᠤᠯᠵᠤ᠂ ᠠᠪᠤᠷᠭᠤ ᠪᠤᠯᠬᠤ ᠪᠤᠯᠤᠮᠵᠢ ᠦᠨᠳᠦᠷ ᠪᠤᠯᠵᠠᠢ᠃ 3 ᠰᠠᠷ  ᠠ ᠶᠢᠨ ᠪᠠᠱᠤ ᠶᠢᠨ 3 ᠳ᠋ᠡᠬᠢ ᠡᠳᠦᠷ ᠪᠠᠰᠠ ᠤᠺᠢᠨᠤᠦᠮᠢ (隠岐の海) ᠳᠤ ᠢᠯᠠᠭᠳᠠᠭᠰᠠᠨ ᠪᠤᠯᠪᠠᠴᠤ᠂ 10 ᠳ᠋ᠡᠬᠢ ᠡᠳᠦᠷ ᠬᠠᠷᠦᠮᠠᠹᠦᠵᠢ (日馬富士) ᠠᠠᠪᠤᠷᠭᠤ ᠶᠢ᠂ 14 ᠳ᠋ᠡᠬᠢ ᠡᠳᠦᠷ ᠬᠠᠺᠦᠬᠤ᠋ (白鵬) ᠠᠪᠤᠷᠭᠤ ᠶᠢ ᠢᠯᠠᠵᠤ᠂ ᠬᠠᠮᠤᠭ ᠰᠡᠭᠦᠯᠴᠢ ᠶᠢᠨ ᠡᠳᠦᠷ (千秋楽)᠂ ᠠᠷᠰᠯᠠᠨ ᠺᠤᠲᠤᠰᠢᠶᠥᠺᠢᠺᠦ᠋ (琴奨菊) ᠶᠢ ᠢᠯᠠᠵᠤ᠂ 14᠄ 1 ᠶᠢᠨ ᠤᠨᠤᠭ᠎ ᠠ ᠪᠡᠷ ᠮᠠᠺᠦᠦᠴᠢ ᠵᠢᠩᠳᠠᠭᠠᠨ  ᠳᠤ ᠠᠩᠬ ᠠ ᠤᠳᠠᠭ᠎ ᠠ ᠪᠠᠨ ᠲᠡᠷᠢᠭᠦᠯᠡᠵᠡᠢ᠃ ᠲᠤᠰ ᠲᠡᠷᠢᠭᠦᠨ ᠨᠢ 1909 ᠤᠨ ᠡᠴᠡ ᠰᠡᠭᠦᠯᠡᠷᠬᠢ 100 ᠳ᠋ᠡᠬᠢ ᠲᠡᠷᠢᠭᠦᠯᠡᠭᠰᠡᠨ ᠰᠦᠮᠤᠴᠢᠨ ᠪᠤᠯᠵᠠᠢ᠃ ᠲᠡᠭᠡᠭᠡᠳ᠂ 3 ᠰᠠᠷ  ᠠ ᠶᠢᠨ 24 ᠤ ᠡᠳᠦᠷ ᠪᠤᠯᠤᠭᠰᠠᠨ ᠰᠦᠮᠤ ᠶᠢᠨ ᠬᠤᠯᠪᠤᠭᠠᠨ ᠤ ᠬᠡᠷᠡᠭ ᠡᠷᠬᠢᠯᠡᠭᠴᠢᠳ ᠤᠨ ᠬᠤᠷᠠᠯ (相撲協会の臨時理事会) ᠳᠡᠭᠡᠷ ᠡ ᠠᠨᠠᠨᠳᠠ (ᠺᠠᠺᠥᠷᠢᠶᠦ ᠂ 鶴竜) ᠶᠢᠨ ᠪᠠᠷᠢᠯᠳᠤᠭᠠᠨ ᠨᠢ ᠲᠤᠩ ᠦᠨᠳᠦᠷ ᠦᠨᠡᠯᠡᠯᠲᠡ ᠤᠯᠵᠤ᠂ ᠠᠪᠤᠷᠭᠤ (ᠶᠤᠺᠤᠽᠡᠨᠠ᠂ 横綱) ᠪᠤᠯᠭᠠᠬᠤ ᠶᠠᠪᠤᠳᠠᠯ ᠢ ᠳᠠᠭᠤ ᠨᠢᠭᠡᠲᠡᠢ ᠵᠦᠪᠰᠢᠶᠡᠷᠡᠵᠡᠢ᠃ ᠲᠡᠭᠡᠭᠡᠳ ᠠᠨᠠᠨᠳᠠ ᠨᠢ ᠶᠠᠫᠤᠨ ᠤ ᠮᠡᠷᠭᠡᠵᠢᠯ ᠤᠨ ᠰᠦᠮᠤ ᠶᠢᠨ 71 ᠳ᠋ᠡᠬᠢ ᠠᠪᠤᠷᠭᠤ ᠪᠤᠯᠵᠠᠢ᠃ 2014 ᠤᠨ ᠤ 12 ᠰᠠᠷ  ᠠ ᠶᠢᠨ 31 ᠤ ᠡᠳᠦᠷ ᠬᠤᠷᠢᠮ ᠶᠢᠡᠨ ᠬᠢᠵᠠᠢ᠃
2015 ᠤᠨ ᠤ 5 ᠰᠠᠷ ᠠ ᠶᠢᠨ 29 ᠤ ᠡᠳᠦᠷ ᠬᠡᠦᠬᠡᠨ ᠨᠢ ᠮᠡᠨᠳᠦᠯᠡᠵᠡᠢ᠃ 2015 ᠤᠨ ᠤ 9 ᠰᠠᠷ  ᠠ ᠶᠢᠨ ᠪᠠᠱᠤ ᠶᠢᠨ 2 ᠳ᠋ᠡᠬᠢ ᠡᠳᠦᠷ ᠡᠴᠡ ᠬᠠᠷᠦᠮᠠᠹᠦᠵᠢ (日馬富士) ᠠᠠᠪᠤᠷᠭᠤ ᠠᠮᠠᠷᠠᠯᠲᠠ ᠠᠪᠴᠤ᠂ 3 ᠳ᠋ᠡᠬᠢ ᠡᠳᠦᠷ ᠡᠴᠡ ᠬᠠᠺᠦᠬᠤ᠋ (白鵬) ᠠᠪᠤᠷᠭᠤ ᠠᠮᠠᠷᠠᠯᠲᠠ ᠠᠪᠴᠤ᠂ ᠭᠠᠭᠴᠠᠬᠠᠨ ᠠᠪᠤᠷᠭᠤ ᠳᠤᠯᠭᠠᠭᠤᠷᠢ ᠪᠤᠯᠵᠤ᠂ 12᠄ 3 ᠶᠢᠨ ᠤᠨᠤᠭ᠎ ᠠ ᠪᠡᠷ ᠬᠤᠶᠠᠲᠡᠬᠢ ᠤᠳᠠᠭ᠎ ᠠ ᠪᠠᠨ ᠲᠡᠷᠢᠭᠦᠯᠡᠵᠡᠢ᠃
ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠠᠷᠠᠭᠤᠨ ᠤ ᠵᠢᠤᠨᠦᠺᠦ᠋ᠴᠢ ᠵᠢᠩᠳᠠᠭᠠᠨ #32
5–2
ᠪᠠᠷᠠᠭᠤᠨ ᠤ ᠵᠣᠨᠢᠳᠠᠨ ᠵᠢᠩᠳᠠᠭᠠᠨ #97
4–3
ᠵᠡᠭᠦᠨ ᠦ ᠵᠣᠨᠢᠳᠠᠨ ᠵᠢᠩᠳᠠᠭᠠᠨ #74
5–2
ᠪᠠᠷᠠᠭᠤᠨ ᠤ ᠵᠣᠨᠢᠳᠠᠨ ᠵᠢᠩᠳᠠᠭᠠᠨ #32
6–1
ᠵᠡᠭᠦᠨ ᠦ ᠰᠠᠨᠳᠠᠨᠮᠠᠢ ᠵᠢᠩᠳᠠᠭᠠᠨ #70
5–2
ᠪᠠᠷᠠᠭᠤᠨ ᠤ ᠰᠠᠨᠳᠠᠨᠮᠠᠢ ᠵᠢᠩᠳᠠᠭᠠᠨ #40
1–6
ᠪᠠᠷᠠᠭᠤᠨ ᠤ ᠰᠠᠨᠳᠠᠨᠮᠠᠢ ᠵᠢᠩᠳᠠᠭᠠᠨ #76
2–5
ᠵᠡᠭᠦᠨ ᠦ ᠵᠣᠨᠢᠳᠠᠨ ᠵᠢᠩᠳᠠᠭᠠᠨ #4
4–3
ᠵᠡᠭᠦᠨ ᠦ ᠰᠠᠨᠳᠠᠨᠮᠠᠢ ᠵᠢᠩᠳᠠᠭᠠᠨ #87
3–4
ᠵᠡᠭᠦᠨ ᠦ ᠵᠣᠨᠢᠳᠠᠨ ᠵᠢᠩᠳᠠᠭᠠᠨ #5
5–2
ᠪᠠᠷᠠᠭᠤᠨ ᠤ ᠰᠠᠨᠳᠠᠨᠮᠠᠢ ᠵᠢᠩᠳᠠᠭᠠᠨ #70
3–4
ᠪᠠᠷᠠᠭᠤᠨ ᠤ ᠰᠠᠨᠳᠠᠨᠮᠠᠢ ᠵᠢᠩᠳᠠᠭᠠᠨ #86
6–1
ᠵᠡᠭᠦᠨ ᠦ ᠰᠠᠨᠳᠠᠨᠮᠠᠢ ᠵᠢᠩᠳᠠᠭᠠᠨ #25
4–3
ᠪᠠᠷᠠᠭᠤᠨ ᠤ ᠰᠠᠨᠳᠠᠨᠮᠠᠢ ᠵᠢᠩᠳᠠᠭᠠᠨ #13
4–3
ᠵᠡᠭᠦᠨ ᠦ ᠰᠠᠨᠳᠠᠨᠮᠠᠢ ᠵᠢᠩᠳᠠᠭᠠᠨ #3
3–4
ᠪᠠᠷᠠᠭᠤᠨ ᠤ ᠰᠠᠨᠳᠠᠨᠮᠠᠢ ᠵᠢᠩᠳᠠᠭᠠᠨ #17
7–0
ᠪᠠᠷᠠᠭᠤᠨ ᠤ ᠮᠠᠺᠦᠰᠢᠲ᠋ᠠ ᠵᠢᠩᠳᠠᠭᠠᠨ #14
1–6
ᠪᠠᠷᠠᠭᠤᠨ ᠤ ᠮᠠᠺᠦᠰᠢᠲ᠋ᠠ ᠵᠢᠩᠳᠠᠭᠠᠨ #35
4–3
ᠪᠠᠷᠠᠭᠤᠨ ᠤ ᠮᠠᠺᠦᠰᠢᠲ᠋ᠠ ᠵᠢᠩᠳᠠᠭᠠᠨ #27
4–3
ᠪᠠᠷᠠᠭᠤᠨ ᠤ ᠮᠠᠺᠦᠰᠢᠲ᠋ᠠ ᠵᠢᠩᠳᠠᠭᠠᠨ #21
5–2
ᠪᠠᠷᠠᠭᠤᠨ ᠤ ᠮᠠᠺᠦᠰᠢᠲ᠋ᠠ ᠵᠢᠩᠳᠠᠭᠠᠨ #12
4–3
ᠪᠠᠷᠠᠭᠤᠨ ᠤ ᠮᠠᠺᠦᠰᠢᠲ᠋ᠠ ᠵᠢᠩᠳᠠᠭᠠᠨ #7
4–3
ᠵᠡᠭᠦᠨ ᠦ ᠮᠠᠺᠦᠰᠢᠲ᠋ᠠ ᠵᠢᠩᠳᠠᠭᠠᠨ #5
5–2
ᠪᠠᠷᠠᠭᠤᠨ ᠤ ᠵᠢᠶᠦᠦᠷᠢᠤ᠋ ᠵᠢᠩᠳᠠᠭᠠᠨ #14
5–10
ᠵᠡᠭᠦᠨ ᠦ ᠮᠠᠺᠦᠰᠢᠲ᠋ᠠ ᠵᠢᠩᠳᠠᠭᠠᠨ #3
5–2
ᠪᠠᠷᠠᠭᠤᠨ ᠤ ᠵᠢᠶᠦᠦᠷᠢᠤ᠋ ᠵᠢᠩᠳᠠᠭᠠᠨ #11
9–6
ᠪᠠᠷᠠᠭᠤᠨ ᠤ ᠵᠢᠶᠦᠦᠷᠢᠤ᠋ ᠵᠢᠩᠳᠠᠭᠠᠨ #8
9–6
ᠵᠡᠭᠦᠨ ᠦ ᠵᠢᠶᠦᠦᠷᠢᠤ᠋ ᠵᠢᠩᠳᠠᠭᠠᠨ #4
9–6
ᠪᠠᠷᠠᠭᠤᠨ ᠤ ᠵᠢᠶᠦᠦᠷᠢᠤ᠋ ᠵᠢᠩᠳᠠᠭᠠᠨ #1
9–6
ᠪᠠᠷᠠᠭᠤᠨ ᠤ ᠮᠠᠠᠭᠠᠰᠢᠷᠠ #8
8–7
ᠵᠡᠭᠦᠨ ᠦ ᠮᠠᠠᠭᠠᠰᠢᠷᠠ #8
6–9
ᠪᠠᠷᠠᠭᠤᠨ ᠤ ᠮᠠᠠᠭᠠᠰᠢᠷᠠ #11
9–6
ᠪᠠᠷᠠᠭᠤᠨ ᠤ ᠮᠠᠠᠭᠠᠰᠢᠷᠠ #5
6–9
ᠵᠡᠭᠦᠨ ᠦ ᠮᠠᠠᠭᠠᠰᠢᠷᠠ #8
9–6
ᠪᠠᠷᠠᠭᠤᠨ ᠤ ᠮᠠᠠᠭᠠᠰᠢᠷᠠ #2
7–8
ᠵᠡᠭᠦᠨ ᠦ ᠮᠠᠠᠭᠠᠰᠢᠷᠠ #3
4–11
ᠵᠡᠭᠦᠨ ᠦ ᠮᠠᠠᠭᠠᠰᠢᠷᠠ #8
11–4
ᠪᠠᠷᠠᠭᠤᠨ ᠤ ᠮᠠᠠᠭᠠᠰᠢᠷᠠ #1
6–9
ᠪᠠᠷᠠᠭᠤᠨ ᠤ ᠮᠠᠠᠭᠠᠰᠢᠷᠠ #3
5–10
ᠪᠠᠷᠠᠭᠤᠨ ᠤ ᠮᠠᠠᠭᠠᠰᠢᠷᠠ #7
8–7
ᠵᠡᠭᠦᠨ ᠦ ᠮᠠᠠᠭᠠᠰᠢᠷᠠ #5
7–8
ᠵᠡᠭᠦᠨ ᠦ ᠮᠠᠠᠭᠠᠰᠢᠷᠠ #6
5–6–4
ᠵᠡᠭᠦᠨ ᠦ ᠮᠠᠠᠭᠠᠰᠢᠷᠠ #8
9–6
ᠪᠠᠷᠠᠭᠤᠨ ᠤ ᠮᠠᠠᠭᠠᠰᠢᠷᠠ #1
10–5
ᠵᠡᠭᠦᠨ ᠦ ᠺᠣᠮᠡᠰᠦᠪᠢ
9–6
ᠵᠡᠭᠦᠨ ᠦ ᠰᠡᠬᠢᠸᠠᠺᠢ
5–10
ᠪᠠᠷᠠᠭᠤᠨ ᠤ ᠮᠠᠠᠭᠠᠰᠢᠷᠠ #3
11–4
ᠪᠠᠷᠠᠭᠤᠨ ᠤ ᠰᠡᠬᠢᠸᠠᠺᠢ
7–8
ᠪᠠᠷᠠᠭᠤᠨ ᠤ ᠺᠣᠮᠡᠰᠦᠪᠢ
7–8
ᠵᠡᠭᠦᠨ ᠦ ᠮᠠᠠᠭᠠᠰᠢᠷᠠ #1
6–9
ᠵᠡᠭᠦᠨ ᠦ ᠮᠠᠠᠭᠠᠰᠢᠷᠠ #3
6–9
ᠵᠡᠭᠦᠨ ᠦ ᠮᠠᠠᠭᠠᠰᠢᠷᠠ #6
11–4
ᠪᠠᠷᠠᠭᠤᠨ ᠤ ᠺᠣᠮᠡᠰᠦᠪᠢ
9–6
ᠪᠠᠷᠠᠭᠤᠨ ᠤ ᠰᠡᠬᠢᠸᠠᠺᠢ
7–8
ᠪᠠᠷᠠᠭᠤᠨ ᠤ ᠺᠣᠮᠡᠰᠦᠪᠢ
8–7
ᠲᠡᠮᠡᠴᠡᠭᠡᠨ ᠪᠣᠯᠤᠭ᠎ᠠ ᠦᠭᠡᠢ
ᠵᠡᠭᠦᠨ ᠦ ᠺᠣᠮᠡᠰᠦᠪᠢ
12–3
ᠪᠠᠷᠠᠭᠤᠨ ᠤ ᠰᠡᠬᠢᠸᠠᠺᠢ #2
10–5
ᠵᠡᠭᠦᠨ ᠦ ᠰᠡᠬᠢᠸᠠᠺᠢ
9–6
ᠪᠠᠷᠠᠭᠤᠨ ᠤ ᠰᠡᠬᠢᠸᠠᠺᠢ
10–5
ᠵᠡᠭᠦᠨ ᠦ ᠰᠡᠬᠢᠸᠠᠺᠢ
10–5
ᠵᠡᠭᠦᠨ ᠦ ᠰᠡᠬᠢᠸᠠᠺᠢ
13–2[1]
ᠪᠠᠷᠠᠭᠤᠨ ᠤ ᠣᠣᠽᠡᠺᠢ (ᠠᠷᠰᠠᠯᠠᠨ) #3
8–7
ᠪᠠᠷᠠᠭᠤᠨ ᠤ ᠣᠣᠽᠡᠺᠢ (ᠠᠷᠰᠠᠯᠠᠨ) #3
9–6
ᠪᠠᠷᠠᠭᠤᠨ ᠤ ᠣᠣᠽᠡᠺᠢ (ᠠᠷᠰᠠᠯᠠᠨ) #3
11–4
ᠵᠡᠭᠦᠨ ᠦ ᠣᠣᠽᠡᠺᠢ (ᠠᠷᠰᠠᠯᠠᠨ)
9–6
ᠪᠠᠷᠠᠭᠤᠨ ᠤ ᠣᠣᠽᠡᠺᠢ (ᠠᠷᠰᠠᠯᠠᠨ)
8–7
ᠵᠡᠭᠦᠨ ᠦ ᠣᠣᠽᠡᠺᠢ (ᠠᠷᠰᠠᠯᠠᠨ) #2
8–7
ᠪᠠᠷᠠᠭᠤᠨ ᠤ ᠣᠣᠽᠡᠺᠢ (ᠠᠷᠰᠠᠯᠠᠨ)
10–5
ᠵᠡᠭᠦᠨ ᠦ ᠣᠣᠽᠡᠺᠢ (ᠠᠷᠰᠠᠯᠠᠨ) #2
10–5
ᠪᠠᠷᠠᠭᠤᠨ ᠤ ᠣᠣᠽᠡᠺᠢ (ᠠᠷᠰᠠᠯᠠᠨ) #1
9–6
ᠵᠡᠭᠦᠨ ᠦ ᠣᠣᠽᠡᠺᠢ (ᠠᠷᠰᠠᠯᠠᠨ) #2
9–6
ᠪᠠᠷᠠᠭᠤᠨ ᠤ ᠣᠣᠽᠡᠺᠢ (ᠠᠷᠰᠠᠯᠠᠨ) #1
14–1
ᠵᠡᠭᠦᠨ ᠦ ᠣᠣᠽᠡᠺᠢ (ᠠᠷᠰᠠᠯᠠᠨ) #1
14–1
ᠵᠡᠭᠦᠨ ᠦ ᠶᠣᠺᠣᠽᠦᠨᠠ (ᠠᠪᠤᠷᠭᠤ)
9–6
ᠵᠡᠭᠦᠨ ᠦ ᠶᠣᠺᠣᠽᠦᠨᠠ (ᠠᠪᠤᠷᠭᠤ) #2
11–4
ᠪᠠᠷᠠᠭᠤᠨ ᠤ ᠶᠣᠺᠣᠽᠦᠨᠠ (ᠠᠪᠤᠷᠭᠤ)
11–4
ᠪᠠᠷᠠᠭᠤᠨ ᠤ ᠶᠣᠺᠣᠽᠦᠨᠠ (ᠠᠪᠤᠷᠭᠤ)
12–3
ᠪᠠᠷᠠᠭᠤᠨ ᠤ ᠶᠣᠺᠣᠽᠦᠨᠠ (ᠠᠪᠤᠷᠭᠤ)
10–5
ᠵᠡᠭᠦᠨ ᠦ ᠶᠣᠺᠣᠽᠦᠨᠠ (ᠠᠪᠤᠷᠭᠤ) #2
0–1–14
ᠵᠡᠭᠦᠨ ᠦ ᠶᠣᠺᠣᠽᠦᠨᠠ (ᠠᠪᠤᠷᠭᠤ) #2
0–0–15
ᠵᠡᠭᠦᠨ ᠦ ᠶᠣᠺᠣᠽᠦᠨᠠ (ᠠᠪᠤᠷᠭᠤ) #2
12–3
ᠪᠠᠷᠠᠭᠤᠨ ᠤ ᠶᠣᠺᠣᠽᠦᠨᠠ (ᠠᠪᠤᠷᠭᠤ)
12–3
ᠵᠡᠭᠦᠨ ᠦ ᠶᠣᠺᠣᠽᠦᠨᠠ (ᠠᠪᠤᠷᠭᠤ)
9–6
ᠵᠡᠭᠦᠨ ᠦ ᠶᠣᠺᠣᠽᠦᠨᠠ (ᠠᠪᠤᠷᠭᠤ) #2
10–5
ᠵᠡᠭᠦᠨ ᠦ ᠶᠣᠺᠣᠽᠦᠨᠠ (ᠠᠪᠤᠷᠭᠤ) #2
10–5
ᠪᠠᠷᠠᠭᠤᠨ ᠤ ᠶᠣᠺᠣᠽᠦᠨᠠ (ᠠᠪᠤᠷᠭᠤ)
11–4
x
x
x
ᠬᠦᠰᠦᠨᠦᠭ ᠪᠣᠯᠭᠠᠨ ᠳᠠᠬᠢ ᠲᠣᠭ᠎ᠠ ᠨᠢ 《ᠳᠠᠪᠠᠭ᠎ᠠ ᠤᠨᠤᠭ᠎ᠠ ᠍ ᠥᠨᠵᠢᠭᠡ》 ᠍ ᠢ ᠢᠯᠡᠷᠬᠡᠶᠢᠯᠡᠨ᠎ᠡ᠃    ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠵᠣᠳᠣᠭ ᠲᠠᠶᠢᠯᠤᠭᠰᠠᠨ ᠵᠢᠭᠤᠷᠶᠣ᠂ ᠮᠠᠺᠦᠰᠢᠲ᠋ᠠ ᠵᠢᠩᠳᠠᠭᠠᠨ
ᠲᠤᠰᠬᠠᠢ ᠱᠠᠩᠨᠠᠯ: =ᠳᠠᠶᠢᠴᠢᠨ ᠪᠠᠷᠢᠯᠳᠤᠭᠠᠨ ᠤ ᠱᠠᠩᠨᠠᠯ =ᠭᠠᠷᠮᠠᠭᠠᠢ ᠪᠠᠷᠢᠯᠳᠤᠭᠠᠨ ᠤ ᠱᠠᠩᠨᠠᠯ =ᠤᠷᠠᠨ ᠪᠠᠷᠢᠯᠳᠤᠭᠠᠨ ᠤ ᠱᠠᠩᠨᠠᠯ     ᠪᠤᠰᠤᠳ: =ᠺᠢᠨᠪᠣᠰᠢ(ᠠᠯᠲᠠᠨ ᠤᠳᠤ)
ᠵᠢᠨᠳᠠᠮᠠᠺᠦᠦ᠋ᠴᠢ ᠵᠢᠩᠳᠠᠭᠠᠨ - ᠵᠢᠶᠦᠦᠷᠢᠤ᠋ ᠵᠢᠩᠳᠠᠭᠠᠨ - ᠮᠠᠺᠦᠰᠢᠲ᠋ᠠ ᠵᠢᠩᠳᠠᠭᠠᠨ - ᠰᠠᠨᠳᠠᠨᠮᠠᠢ ᠵᠢᠩᠳᠠᠭᠠᠨ - ᠵᠣᠨᠢᠳᠠᠨ ᠵᠢᠩᠳᠠᠭᠠᠨ - ᠵᠢᠤᠨᠦᠺᠦ᠋ᠴᠢ ᠵᠢᠩᠳᠠᠭᠠᠨ
ᠴᠣᠯᠠᠶᠣᠺᠣᠽᠦᠨᠠ (ᠠᠪᠤᠷᠭᠤ) - ᠣᠣᠽᠡᠺᠢ (ᠠᠷᠰᠠᠯᠠᠨ) - ᠰᠡᠬᠢᠸᠠᠺᠢ - ᠺᠣᠮᠡᠰᠦᠪᠢ - ᠮᠠᠠᠭᠠᠰᠢᠷᠠ (《#ᠲᠣᠭ᠎ᠠ》 ᠨᠢ ᠡᠷᠡᠮᠪᠠ ᠶᠢ ᠢᠯᠡᠳᠬᠡᠨ᠎ᠡ)
1. ᠬᠠᠺᠥᠬᠤ᠋ ᠲᠠᠢ ᠦᠵᠦᠭᠦᠷ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠤᠯᠢᠶᠠᠯᠳᠤᠭᠰᠠᠨ᠃
ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠢᠴᠢᠭᠡᠰᠦ
ᠺᠠᠺᠥᠷᠢᠶᠦ ᠷᠢᠺᠢᠰᠠᠪᠦᠷᠣ᠋
1 ᠰᠠᠷ᠎ᠠ
ᠡᠬᠢᠨ ᠤ ᠪᠠᠱᠣ (ᠲᠣᠤᠺᠢᠣ᠋)
3 ᠰᠠᠷ᠎ᠠ
ᠬᠠᠪᠤᠷ ᠤᠨ ᠪᠠᠱᠣ (ᠣᠤᠰᠠᠺᠠ)
5 ᠰᠠᠷ᠎ᠠ
ᠵᠤᠨ ᠤ ᠪᠠᠱᠣ (ᠲᠣᠤᠺᠢᠣ᠋)
7 ᠰᠠᠷ᠎ᠠ
ᠨᠠᠭᠤᠶᠠ ᠪᠠᠱᠣ (ᠠᠶᠢᠴᠢ ᠮᠤᠵᠢ)
9 ᠰᠠᠷ᠎ᠠ
ᠨᠠᠮᠤᠷ ᠤᠨ ᠪᠠᠱᠣ (ᠲᠣᠤᠺᠢᠣ᠋)
11 ᠰᠠᠷ᠎ᠠ
ᠺᠢᠶᠦᠦᠱᠢᠦᠦ ᠪᠠᠱᠣ (ᠹᠦᠺᠥᠣᠺᠠ)
2001 ᠣᠨ
x x x x x (ᠡᠮᠦᠨ᠎ ᠡ ᠬᠤᠭᠤᠴᠠᠭ᠎ ᠠ)
2002 ᠣᠨ