ᠮᠠᠩᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠮᠠᠩᠭᠠᠨ (ᠠᠩᠭᠯᠢ ᠪᠠᠷ Manganese) ᠪᠤᠶᠤ ᠮᠠᠷᠭᠠᠨᠼ ᠨᠢ ᠠᠲ᠋ᠣᠮ ᠤᠨ ᠳ᠋ᠤᠭᠠᠷ 25 ᠪᠦᠬᠦᠢ ᠬᠢᠮᠢ ᠶᠢᠨ ᠡᠯᠧᠮᠧᠨᠲ ᠪᠥᠭᠡᠳ Mn ᠭᠡᠵᠦ ᠲᠡᠮᠳᠡᠭᠯᠡᠨ᠎ᠡ᠃

ᠮᠠᠩᠭᠠᠨ ᠢ ᠨᠡᠭᠡᠭᠡᠭᠰᠡᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1540 ᠣᠨ ᠳᠤ ᠢᠲ᠋ᠠᠯᠢ ᠍ ᠶᠢᠨ ᠮᠧᠲ᠋ᠠᠯᠯᠦ᠋ᠷᠭᠴᠢ ᠸ᠃ᠪᠢᠷᠢᠩᠭᠤᠢᠴᠤᠴᠢᠨ᠎ᠠ ᠫᠢᠷᠣᠯᠢᠶᠽᠢᠲ ᠬᠦᠷᠡᠩ ᠥᠩᠭᠡ ᠲᠡᠢ᠂ ᠬᠠᠶᠢᠯᠠᠳᠠᠭ ᠦᠭᠡᠢ ᠪᠥᠭᠡᠳ ᠰᠢᠯ ᠱᠠᠭᠠᠵᠠᠩ ᠡᠳ᠋ᠯᠡᠯ ᠢ ᠶᠠᠭᠠᠨ ᠥᠩᠭᠡ ᠲᠡᠢ ᠪᠣᠯᠭᠠᠬᠤ ᠳᠤ ᠬᠡᠷᠡᠭᠯᠡᠳᠡᠭ ᠭᠡᠵᠦ ᠪᠢᠴᠢᠭᠰᠡᠨ ᠪᠠᠶᠢᠨ᠎ᠠ᠃ ᠫᠢᠷᠣᠯᠢᠶᠽᠢᠲ ᠤᠨ ᠥᠭᠡᠷ᠎ᠡ ᠪᠠᠰᠠ ᠨᠢᠭᠡ ᠭᠠᠶᠢᠬᠠᠮᠰᠢᠭ ᠲᠠᠢ ᠰᠢᠨᠵᠢ ᠴᠢᠨᠠᠷ ᠨᠢ ᠨᠣᠭᠣᠭᠠᠨ ᠰᠢᠷ᠎ᠠ ᠰᠢᠯᠢᠨ ᠦ ᠪᠦᠦᠳᠡᠭᠡᠷ ᠥᠩᠭᠡ ᠶᠢ ᠠᠷᠢᠯᠭᠠᠳᠠᠭ ᠪᠣᠯᠬᠤ ᠶᠢ ᠲᠡᠮᠳᠡᠭᠡᠯᠡᠭᠰᠡᠨ ᠪᠠᠶᠢᠨ᠎ᠠ᠃ ᠮᠧᠲ᠋ᠠᠯ ᠮᠠᠩᠭᠠᠨᠼ ᠢ ᠠᠩᠬ᠎ᠠ ᠭᠠᠷᠭᠠᠵᠤ ᠴᠢᠳᠠᠭᠰᠠᠨ ᠬᠦᠮᠦᠨ ᠨᠢ ᠠᠦᠢᠰᠲᠷᠶ᠎ᠠ ᠶᠢᠨ ᠡᠷᠳᠡᠮᠲᠡᠨ ᠢ᠃ᠺᠠᠶᠢᠮ ᠮᠥᠨ ᠶᠤᠮ᠃ ᠲᠡᠷᠡᠪᠡᠷ 1770 ᠣᠨ ᠳᠤ 1 ᠵᠢᠩ ᠦᠨ ᠬᠡᠰᠡᠭ ᠫᠢᠷᠣᠯᠢᠶᠽᠢᠲ᠂ 2 ᠵᠢᠩ ᠦᠨ ᠬᠡᠰᠡᠭ ᠬᠠᠷ᠎ᠠ ᠬᠠᠶᠢᠯᠤᠭᠤᠷ ᠠᠴᠠ ᠲᠣᠭᠲᠠᠭᠰᠠᠨ ᠬᠣᠯᠢᠴᠠ ᠶᠢ ᠬᠠᠯᠠᠵ ᠬᠡᠪᠡᠷᠡᠭ᠂ ᠴᠠᠭᠠᠨ ᠴᠡᠩᠬᠡᠷ ᠥᠩᠭᠡ ᠲᠡᠢ ᠲᠠᠯᠠᠰᠲᠤ ᠭᠠᠷᠭᠠᠵᠤ ᠠᠪᠤᠭᠰᠠᠨ ᠪᠠᠶᠢᠨ᠎ᠠ᠃ ᠡᠨᠡ ᠨᠢ ᠪᠣᠬᠢᠷ ᠮᠠᠩᠭᠠᠨᠼ ᠪᠠᠶᠢᠭᠰᠠᠨ ᠪᠠᠶᠢᠨ᠎ᠠ᠃ ᠲᠡᠭᠡᠭᠡᠳ ᠡᠨᠡ ᠡᠷᠳᠡᠮᠲᠡᠨ ᠥᠪᠡᠷ ᠦᠨ ᠢᠶᠡᠨ ᠭᠠᠷᠭᠠᠵᠤ ᠠᠪᠤᠭᠰᠠᠨ ᠮᠧᠲ᠋ᠠᠯ ᠳᠤ ᠲᠡᠮᠦᠷ ᠪᠠᠶᠢᠬᠤ ᠦᠭᠡᠢ ᠬᠡᠮᠡᠨ ᠲᠡᠮᠳᠡᠭᠯᠡᠵᠦ ᠰᠤᠳᠤᠯᠭ᠎ᠠ ᠶᠢ ᠪᠠᠨ ᠡᠴᠦᠰ ᠲᠦ ᠨᠢ ᠬᠦᠷᠭᠡᠯ ᠦᠭᠡᠢ ᠣᠷᠬᠢᠭᠰᠠᠨ ᠪᠠᠶᠢᠨ᠎ᠠ᠃ ᠮᠠᠩᠭᠤᠨᠴᠠ ᠶᠢᠨ ᠴᠢᠨᠠᠭᠰᠢᠳᠠ ᠶᠢᠨ ᠬᠤᠪᠢ ᠵᠠᠶᠠᠭ᠎ᠠ ᠨᠢ ᠡᠨᠡ ᠦᠶ᠎ᠡ ᠳᠦ ᠨᠢᠺᠧᠯ ᠦᠨ ᠨᠡᠭᠡᠭᠡᠯᠲᠡ ᠶᠢ ᠪᠠᠲᠤᠯᠠᠭᠠᠳ ᠪᠠᠶᠢᠭᠰᠠᠨ ᠲ᠃ᠪᠧᠺᠭᠮᠠᠨ ᠤ ᠨᠡᠷ᠎ᠡ ᠲᠡᠢ ᠬᠣᠯᠪᠣᠭ᠎ᠠ ᠲᠠᠢ ᠪᠣᠯᠵᠠᠢ᠃ ᠲᠡᠷᠡᠪᠡᠷ ᠫᠢᠷᠣᠯᠢᠶᠽᠢᠲ ᠭᠡᠳᠡᠭ ᠡᠷᠦᠳᠡᠰᠦ ᠪᠣᠳᠠᠰ ᠪᠣᠯ ᠬᠠᠷ᠎ᠠ ᠮᠠᠭᠨᠧᠽᠢ ᠭᠡᠵᠦ ᠨᠡᠷᠡᠯᠡᠳᠡᠭ ᠰᠢᠨ᠎ᠡ ᠰᠢᠷᠣᠢ ᠶᠤᠮ ᠭᠡᠵᠦ ᠲᠣᠳᠣᠷᠬᠠᠶᠢᠯᠠᠯᠲᠠ ᠥᠭᠭᠦᠭᠡᠳ᠂ ᠲᠡᠭᠦᠨ ᠢ ᠰᠢᠲᠠᠭᠠᠭᠰᠠᠨ ᠱᠣᠬᠣᠢ᠂ ᠴᠠᠭᠠᠨ ᠮᠠᠭᠨᠧᠽᠢ ᠣᠺᠰᠢᠳ ᠲᠠᠢ ᠬᠣᠯᠢᠵᠤ ᠠᠨᠳᠠᠭᠤᠷᠴᠢ ᠪᠣᠯᠬᠤ ᠦᠭᠡᠢ ᠭᠡᠵᠡᠢ᠃ ᠭᠡᠪᠡᠴᠦ ᠲ᠃ᠪᠧᠺᠭᠮᠠᠨ ᠫᠢᠷᠣᠯᠢᠶᠽᠢᠳ᠋ ᠍ ᠠᠴᠠ ᠮᠧᠲ᠋ᠠᠯ ᠢᠯᠭᠠᠵᠤ ᠠᠪᠴᠤ ᠴᠢᠳᠠᠭ᠎ᠠ ᠦᠭᠡᠢ ᠪᠡᠷ ᠢᠶᠡᠨ ᠢ᠃ᠺᠠᠶᠢᠮᠠ ᠠᠴᠠ ᠢᠯᠭᠠᠭ᠎ᠠ ᠲᠠᠢ᠃ ᠡᠨᠡ ᠡᠷᠦᠳᠡᠰᠦ ᠡᠴᠡ ᠰᠢᠨ᠎ᠡ ᠡᠯᠧᠮᠧᠨᠲ ᠢᠯᠭᠠᠵᠤ ᠠᠪᠬᠤ ᠭᠡᠰᠡᠨ ᠵᠣᠷᠢᠯᠲᠠ ᠲᠠᠯᠪᠢᠭᠰᠠᠨ 3 ᠳᠠᠬᠢ ᠬᠦᠮᠦᠨ ᠪᠣᠯ ᠱᠧᠧᠯᠧ ᠶᠤᠮ᠃ ᠲᠡᠷᠡᠪᠡᠷ 1774 ᠣᠨ ᠳᠤ ᠫᠢᠷᠣᠯᠢᠶᠽᠢᠲ ᠢ ᠰᠤᠳᠤᠯᠤᠭᠰᠠᠨ ᠭᠤᠷᠪᠠᠨ ᠵᠢᠯ ᠦᠨ ᠢᠶᠡᠨ ᠳᠦᠩᠭᠡ ᠡᠮᠬᠢᠳᠬᠡᠵᠦ 《ᠮᠠᠩᠭᠠᠨᠼ ᠲᠡᠭᠦᠨ ᠦ ᠰᠢᠨᠵᠢ ᠴᠢᠨᠠᠷ ᠤᠨ ᠲᠤᠬᠠᠢ》 ᠭᠡᠰᠡᠨ ᠢᠯᠡᠳᠬᠡᠯ ᠢ ᠰᠲ᠋ᠣᠺ ᠬᠢᠯᠮ ᠤᠨ ᠠᠺᠧᠳᠧᠮᠢ ᠳᠤ ᠬᠡᠯᠡᠯᠴᠡᠭᠦᠯᠦᠭᠰᠡᠨ ᠪᠠᠶᠢᠨ᠎ᠠ᠃ ᠲᠡᠷᠡ ᠪᠡᠷ ᠦᠯᠡᠮᠵᠢ ᠤᠳᠬ᠎ᠠ ᠲᠡᠭᠦᠯᠳᠡᠷ ᠡᠨᠡ ᠠᠵᠢᠯ ᠳᠤ ᠪᠠᠨ ᠬᠣᠶᠠᠷ ᠮᠧᠲ᠋ᠠᠯ 《ᠪᠠᠷᠢ᠂ ᠮᠠᠩᠭᠠᠨᠼ》 ᠪᠠᠶᠢᠨ᠎ᠠ ᠭᠡᠳ ᠬᠡᠢ ᠶᠢᠨ ᠪᠠᠶᠢᠳᠠᠯ ᠲᠠᠢ ᠬᠣᠶᠠᠷ ᠡᠯᠧᠮᠧᠨᠲ 《ᠬᠣᠵᠢᠮ ᠤᠨ ᠾᠯᠣᠷ᠂ ᠬᠦᠴᠢᠯᠲᠥᠷᠦᠭᠴᠢ》 ᠬᠣᠶᠠᠷ ᠢ ᠲᠣᠳᠣᠷᠬᠠᠶᠢᠯᠠᠵᠤ ᠪᠢᠴᠢᠭᠰᠡᠨ ᠪᠠᠶᠢᠨ᠎ᠠ᠃ ᠺ᠃ᠱᠧᠧᠯᠧ ᠮᠠᠩᠭᠤᠨᠴᠠ ᠶᠢᠨ ᠢᠰᠦᠯ ᠨᠢ ᠲᠡᠷᠡ ᠦᠶ᠎ᠡ ᠳᠦ ᠮᠡᠳᠡᠭᠳᠡᠭᠡᠳ ᠪᠠᠶᠢᠭᠰᠠᠨ ᠪᠦᠬᠦ ᠰᠢᠷᠤᠶᠢᠨ ᠠᠴᠠ ᠢᠯᠭᠠᠭ᠎ᠠ ᠲᠠᠢ ᠪᠣᠯᠬᠤ ᠶᠢ ᠲᠣᠭᠲᠠᠭᠠᠭᠰᠠᠨ ᠪᠠᠶᠢᠨ᠎ᠠ᠃ ᠮᠠᠩᠭᠤᠨᠴᠠ ᠶᠢᠨ ᠲᠡᠦᠬᠡᠨ ᠳᠦ 1774 ᠣᠨ ᠤ 5 ᠰᠠᠷ᠎ᠠ ᠶᠢᠨ 16 ᠍ ᠳᠦ ᠮᠥᠨ 1974 ᠣᠨ ᠤ 6 ᠰᠠᠷ᠎ᠠ ᠶᠢᠨ 27 ᠍ ᠳᠦ ᠭᠡᠰᠡᠨ ᠬᠣᠶᠠᠷ ᠡᠳᠦᠷ ᠪᠠᠶᠢᠳᠠᠭ ᠨᠢ ᠨᠡᠩ ᠰᠣᠨᠢᠷᠬᠠᠯᠲᠠᠢ᠃ ᠺ᠃ᠱᠧᠧᠯᠧ ᠡᠬᠢᠯᠡᠭᠡᠳ ᠨᠢᠭᠡ ᠨᠤᠲᠤᠭ ᠤᠨ ᠨᠠᠶᠢᠵᠠ ᠢ᠃ᠭᠠᠩᠳᠠ ᠵᠠᠳᠠᠯᠵᠤ ᠥᠭᠭᠦᠭᠡᠴᠢ ᠭᠡᠳ ᠴᠡᠪᠡᠷᠯᠡᠭᠰᠡᠨ ᠫᠢᠷᠣᠯᠢᠶᠽᠢᠲ ᠥᠭᠴᠦ ᠶᠠᠪᠤᠭᠤᠯᠵᠠᠢ᠃ ᠢᠩᠭᠢᠭᠡᠳ ᠢ᠃ᠭᠠᠨ ᠨᠡᠭᠦᠷᠡᠰᠦᠨ ᠦ ᠲ ᠢᠧᠯ ᠳᠤ ᠫᠢᠷᠣᠯᠢᠶᠦ᠋ᠽᠢᠲ ᠦᠨ ᠨᠤᠨᠲᠠᠭ ᠢ ᠪᠤᠲᠠᠯᠠᠭᠰᠠᠨ ᠨᠡᠭᠦᠷᠡᠰᠦ᠂ ᠲᠣᠰᠣ ᠬᠣᠶᠠᠷ ᠲᠠᠢ ᠬᠣᠯᠢᠵᠤ ᠬᠢᠭᠡᠳ ᠪᠦᠲᠦᠨ ᠴᠠᠭ ᠤᠨ ᠲᠤᠷᠰᠢ ᠬᠦᠴᠦᠲᠡᠢ ᠤᠯᠠᠶᠢᠰᠬᠠᠬᠤ ᠳᠤ ᠠᠩᠬ᠎ᠠ ᠠᠪᠤᠭᠰᠠᠨ ᠫᠢᠷᠣᠯᠢᠶᠦ᠋ᠽᠢᠳ᠋ ᠍ ᠠᠴᠠ ᠣᠶᠢᠷᠠᠯᠴᠠᠭ᠎ᠠ ᠪᠠᠷ ᠭᠤᠷᠪᠠ ᠳᠠᠬᠢᠨ ᠪᠠᠭ᠎ᠠ ᠵᠢᠩ ᠲᠡᠢ ᠮᠧᠲ᠋ᠠᠯ ᠡᠭᠦᠰᠴᠡᠢ᠃ 6 ᠰᠠᠷ᠎ᠠ ᠶᠢᠨ 27 ᠨᠳ ᠢ᠃ᠭᠠᠨ ᠠᠴᠠ ᠰᠢᠨ᠎ᠡ ᠮᠧᠲ᠋ᠠᠯ ᠤᠨ ᠳᠡᠭᠡᠵᠢ ᠶᠢ ᠬᠦᠯᠢᠶᠡᠨ ᠠᠪᠤᠭᠠᠳ ᠺ᠃ᠱᠧᠧᠯᠧ ᠨᠠᠶᠢᠵᠠ ᠳᠤ ᠪᠠᠨ ᠫᠢᠷᠣᠯᠢᠶᠦ᠋ᠽᠢᠳ᠋ ᠍ ᠠᠴᠠ ᠭᠠᠷᠭᠠᠵᠤ ᠠᠪᠤᠭᠰᠠᠨ ᠪᠦᠬᠦ ᠵᠦᠢᠯ ᠪᠤᠰᠤᠳ ᠮᠧᠲ᠋ᠠᠯ ᠤᠳ ᠠᠴᠠ ᠢᠯᠭᠠᠭ᠎ᠠ ᠲᠠᠢ ᠲᠡᠮᠦᠷ ᠲᠡᠢ ᠲᠥᠰᠲᠡᠢ ᠰᠢᠨ᠎ᠡ ᠵᠠᠷᠢᠮᠳᠤᠭ ᠮᠧᠲ᠋ᠠᠯ ᠭᠡᠵᠦ ᠪᠢᠴᠢᠵᠡᠢ᠃ 《ᠵᠠᠷᠢᠮᠳᠤᠭ ᠮᠧᠲ᠋ᠠᠯ》 ᠭᠡᠳᠡᠭ ᠨᠡᠷ᠎ᠡ ᠲᠣᠮᠢᠶ᠎ᠠ ᠪᠣᠯ ᠨᠢᠭᠡ ᠬᠡᠰᠡᠭ ᠬᠤᠭᠤᠴᠠᠭᠠᠨ ᠳᠤ ᠬᠢᠮᠢ ᠪᠣᠯᠤᠭᠠᠳ ᠮᠧᠲ᠋ᠠᠯᠯᠦ᠋ᠷᠭᠢ ᠶᠢᠨ ᠣᠶᠢᠯᠠᠭᠠᠯᠲᠠᠨ ᠳᠤ ᠪᠠᠶᠢᠭᠰᠠᠭᠠᠷ ᠪᠠᠶᠢᠨ᠎ᠠ᠃ ᠡᠶᠢᠮᠦ ᠤᠴᠢᠷ ᠠᠴᠠ ᠮᠧᠲ᠋ᠠᠯ ᠮᠠᠩᠭᠠᠨᠼ ᠢ ᠭᠠᠷᠭᠠᠵᠤ ᠠᠪᠤᠭᠰᠠᠨ ᠤ ᠭᠠᠪᠢᠶ᠎ᠠ ᠢ᠃ᠭᠠᠩᠳᠠ ᠨᠣᠣᠭ ᠲᠤ ᠬᠢ ᠶᠣᠰᠣᠲᠠᠢ ᠶᠤᠮ᠃ ᠲᠡᠷᠡᠪᠡᠷ ᠡᠨᠡ ᠡᠯᠧᠮᠧᠨᠲ ᠢ ᠨᠡᠭᠡᠭᠡᠭᠰᠡᠨ ᠲᠡᠦᠬᠡᠨ ᠳᠦ ᠶᠠᠮᠠᠷ ᠴᠤ ᠪᠠᠶᠢᠭᠰᠠᠨ ᠴᠡᠭ ᠲᠠᠯᠪᠢᠯᠴᠠᠭᠰᠠᠨ ᠪᠠᠶᠢᠨ᠎ᠠ᠃ ᠭᠡᠬᠦ ᠳᠦ ᠪᠡᠨ ᠲᠡᠭᠦᠨ ᠦ ᠭᠠᠷᠭᠠᠵᠤ ᠠᠪᠤᠭᠰᠠᠨ ᠮᠠᠩᠭᠠᠨᠼ ᠨᠢ ᠨᠡᠭᠦᠷᠡᠰᠦᠲᠥ᠋ᠷᠥᠭᠴᠢ ᠶᠢᠨ ᠬᠣᠯᠢᠴᠠ ᠶᠡᠬᠡ ᠲᠡᠢ ᠪᠠᠶᠢᠭᠰᠠᠨ ᠶᠤᠮ᠃ ᠴᠡᠪᠡᠷ ᠮᠧᠲ᠋ᠠᠯ ᠢ ᠬᠣᠵᠢᠮ ᠭᠠᠷᠭᠠᠵᠤ ᠠᠪᠴᠠᠢ᠃ ᠢ᠃ᠭᠠᠨ᠂ ᠺ᠃ᠱᠧᠧᠯᠧ ᠬᠣᠶᠠᠷ ᠲᠠᠢ ᠶᠠᠮᠠᠷ ᠴᠤ ᠬᠣᠯᠪᠣᠭ᠎ᠠ ᠦᠭᠡᠢ ᠪᠡᠷ 1785 ᠣᠨ ᠳᠤ ᠭᠧᠷᠮᠠᠨ ᠤ ᠬᠢᠮᠢᠴ ᠢ᠃ᠢᠯᠡᠵᠧᠮᠧᠨ ᠫᠢᠷᠣᠯᠢᠶᠽᠢᠲ ᠢ ᠬᠠᠶᠢᠯᠤᠭᠤᠷ ᠵᠣᠩᠰᠢ᠂ ᠱᠣᠬᠣᠢ ᠨᠡᠭᠦᠷᠡᠰᠦᠨ ᠦ ᠨᠤᠨᠲᠠᠭ ᠲᠠᠢ ᠬᠣᠯᠢᠵᠤ ᠬᠠᠯᠭᠠᠭᠠᠳ ᠮᠧᠲ᠋ᠠᠯ ᠮᠠᠩᠭᠠᠨ ᠢ ᠭᠠᠷᠭᠠᠨ ᠠᠪᠴᠠᠢ᠃ ᠮᠠᠰᠢ ᠬᠦᠴᠦᠲᠡᠢ ᠬᠠᠯᠠᠵ ᠭᠠᠷᠭᠠᠭᠰᠠᠨ ᠪᠠᠶᠢᠨ᠎ᠠ᠃

ᠹᠢᠽᠢᠺ ᠬᠢᠮᠢ ᠶᠢᠨ ᠰᠢᠨᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠩᠭᠠᠨ ᠤ ᠪᠦᠯᠦᠭ ᠦᠨ ᠡᠯᠧᠮᠧᠨᠲ ᠦᠳ ᠨᠢ ᠮᠥᠩᠭᠥᠯᠢᠭ ᠴᠠᠭᠠᠨ ᠥᠩᠭᠡᠲᠡᠢ᠂ ᠬᠠᠲᠠᠭᠤ ᠴᠢᠨᠠᠷᠲᠠᠢ᠂ ᠠᠭᠠᠷ ᠲᠤ ᠢᠰᠦᠯᠳᠦᠳᠡᠭ ᠦᠭᠡᠢ᠂ ᠮᠠᠭᠤ ᠬᠠᠶᠢᠯᠠᠳᠠᠭ ᠮᠧᠲ᠋ᠠᠯ ᠤᠳ ᠶᠤᠮ᠃ ᠲᠤᠬᠠᠶᠢᠯᠠᠪᠠᠯ: ᠬᠠᠮᠤᠭ ᠤᠨ ᠲᠣᠭᠲᠠᠪᠤᠷᠢᠲᠠᠢ ᠢᠰᠦᠯᠳᠦᠯᠲᠡ ᠶᠢᠨ ᠵᠡᠷᠭᠡ ᠨᠢ ᠮᠠᠩᠭᠠᠨ ᠳᠤ +2, +4, +7 ᠪᠠᠶᠢᠳᠠᠭ᠃ Mn-3d54s2 ᠭᠡᠰᠡᠨ ᠡᠯᠧᠺᠲ᠋ᠷᠣᠨ ᠳᠤ ᠪᠠᠭᠤᠯᠤᠮᠵᠢ ᠲᠠᠢ᠃ Mn-12440 ᠰ ᠳᠦ ᠬᠠᠶᠢᠯᠠᠳᠠᠭ ᠪᠠᠶᠢᠨ᠎ᠠ᠃ ᠮᠠᠩᠭᠠᠨ ᠤ ᠳᠥᠷᠪᠡᠨ ᠫᠣᠯᠢᠮᠠᠷᠹ ᠳᠦᠷᠰᠦ ᠬᠤᠪᠢᠷᠠᠯ ᠪᠠᠶᠢᠳᠠᠭ᠃ α-〖Mn〗^(〖710〗^0 C)↔β-〖Mn〗^(〖1079〗^0 C)↔γ-〖Mn〗^(〖1143〗^0 C)↔δMn ᠮᠠᠩᠭᠠᠨ ᠰᠤᠯᠠ ᠺᠣᠨᠼᠧᠨᠲᠷᠠᠴᠠ ᠲᠠᠢ ᠡᠷᠦᠳᠡᠰᠦ ᠬᠦᠴᠢᠯ ᠦᠳ ᠲᠡᠢ ᠦᠢᠯᠡᠴᠢᠯᠡᠯᠴᠡᠵᠦ Mn2+ ᠍ ᠶᠢᠨ ᠳᠠᠪᠤᠰᠤ ᠡᠭᠦᠰᠬᠡᠳᠡᠭ᠃ ᠠᠭᠠᠷ ᠤᠨ ᠤᠷᠴᠢᠨ ᠳᠤ ᠬᠠᠯᠬᠤ ᠳᠤ ᠮᠠᠩᠭᠠᠨ ᠨᠢ Mn3O4 ᠡᠭᠦᠰᠬᠡᠨ᠎ᠡ᠃ ᠮᠠᠩᠭᠠᠨ ᠨᠢ ᠢᠳᠡᠪᠬᠢ ᠲᠡᠢ ᠮᠧᠲ᠋ᠠᠯ ᠶᠤᠮ᠃ Mn+2HCl=MnCl2+H2 3Mn+8HNO3=3Mn(NO3)2+2NO+4H2O Mn ᠨᠢ ᠾᠯᠣᠷ᠂ ᠹᠲ᠋ᠣᠷ ᠲᠠᠢ MnF3 , MnF4 , MnCl2 , ᠵᠡᠷᠭᠡ ᠨᠢᠭᠡᠳᠦᠯ ᠦᠳ ᠢ ᠡᠭᠦᠰᠬᠡᠳᠡᠭ᠃

ᠲᠠᠷᠬᠠᠯᠲᠠ᠂ ᠪᠠᠶᠢᠭᠠᠯᠢ ᠶᠢᠨ ᠡᠷᠦᠳᠡᠰᠦ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠠᠯᠢ ᠳᠠᠬᠢ ᠮᠠᠩᠭᠠᠨ ᠤ ᠪᠦᠯᠦᠭ ᠦᠨ ᠡᠯᠧᠮᠧᠨᠲ ᠦᠳ ᠦᠨ ᠲᠠᠷᠬᠠᠯᠲᠠ ᠨᠢ ᠬᠠᠷᠢᠯᠴᠠᠨ ᠠᠳᠠᠯᠢ ᠦᠭᠡᠢ ᠪᠠᠶᠢᠳᠠᠭ᠃ ᠮᠠᠩᠭᠠᠨ ᠭᠠᠵᠠᠷ ᠤᠨ ᠴᠠᠷᠴᠠᠳᠠᠰᠤ ᠶᠢᠨ ᠮᠠᠰ ᠤᠨ 0,09% ᠍ ᠢ ᠡᠵᠡᠯᠡᠬᠦ ᠪᠥᠭᠡᠳ ᠲᠠᠷᠬᠠᠯᠲᠠ ᠶᠢᠨ ᠬᠤᠪᠢ ᠳᠤ ᠬᠦᠨᠳᠦ ᠮᠧᠲ᠋ᠠᠯ ᠤᠳ ᠠᠴᠠ ᠲᠡᠮᠦᠷ ᠦᠨ ᠳᠠᠷᠠᠭ᠎ᠠ ᠬᠣᠶᠠᠷ ᠳ᠋ᠤᠭᠠᠷᠲᠤ ᠣᠷᠣᠳᠠᠭ ᠡᠯᠧᠮᠧᠨᠲ ᠶᠤᠮ᠃ ᠮᠠᠩᠭᠠᠨ ᠤ ᠭᠣᠣᠯ ᠡᠷᠦᠳᠡᠰᠦ ᠨᠢ ᠫᠢᠷᠣᠯᠢᠶᠽᠢᠲ MnO2xH2O ᠶᠤᠮ᠃ ᠮᠠᠩᠭᠠᠨ ᠨᠢ ᠣᠺᠰᠢᠳ ᠤᠨ᠂ ᠺᠠᠷᠪᠶᠣᠨᠠᠲ ᠤᠨ ᠪᠣᠯᠤᠨ ᠰᠦᠯᠢᠹᠢᠳ ᠤᠨ ᠬᠦᠳᠡᠷᠲᠦ ᠲᠡᠮᠦᠷ ᠦᠨ ᠡᠷᠦᠳᠡᠰᠦ ᠨᠦᠭᠦᠳ ᠢ ᠳᠠᠭᠠᠯᠳᠤᠨ ᠣᠷᠣᠰᠢᠨ᠎ᠠ᠃ ᠲᠤᠬᠠᠶᠢᠯᠠᠪᠠᠯ: ᠭᠠᠭᠰᠠᠮᠠᠨᠢ ᠳᠤ Mn3O4 ᠲᠡᠮᠦᠷ ᠦᠨ ᠰᠣᠷᠢᠨᠵᠢᠨ Fe3O4 ᠍ ᠲᠠᠢ᠂ ᠷᠣ ᠳᠤ ᠬᠢᠷᠽᠢᠲ MnCO3 ᠨᠢ ᠰᠢᠳᠧᠷ ᠲᠤ FeCO3 ᠍ ᠲᠠᠢ᠂ ᠮᠠᠩᠭᠠᠨ ᠤ ᠺᠣᠯᠴᠡᠳ᠋ ᠍ ᠦᠨ MnS2 ᠨᠢ ᠲᠡᠮᠦᠷ ᠦᠨ ᠺᠣᠯᠴᠧᠳᠠᠨ FeS2 ᠍ ᠲᠠᠢ ᠬᠠᠮᠲᠤ ᠲᠣᠬᠢᠶᠠᠯᠳᠤᠳᠠᠭ᠃

ᠭᠠᠷᠭᠠᠨ ᠠᠪᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠢᠯᠡᠳᠪᠦᠷᠢ ᠳᠦ ᠮᠧᠲ᠋ᠠᠯ ᠮᠠᠩᠭᠠᠨ ᠤ ᠶᠡᠬᠡᠩᠬᠢ ᠬᠡᠰᠡᠭ ᠢ ᠫᠢᠷᠣᠯᠢᠶᠽᠢᠲ᠂ ᠭᠠᠭᠰᠠᠮᠠᠨᠢ ᠳᠤ ᠵᠡᠷᠭᠡ ᠣᠺᠰᠢᠳ ᠢ ᠨᠢ ᠠᠯᠶᠦ᠋ᠮᠣᠲ᠋ᠧᠷᠮᠢ ᠶᠢᠨ ᠠᠷᠭ᠎ᠠ ᠪᠠᠷ ᠠᠩᠭᠢᠵᠢᠷᠠᠭᠤᠯᠵᠤ ᠭᠠᠷᠭᠠᠨ ᠠᠪᠴᠤ ᠪᠠᠶᠢᠨ᠎ᠠ᠃ 3Mn3O4+8Al=9Mn+4Al2O3

ᠴᠢᠬᠤᠯᠠ ᠨᠢᠭᠡᠳᠦᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠺᠰᠢᠳ ᠤᠳ ᠪᠠ ᠲᠡᠳᠡᠭᠡᠷ ᠦᠨ ᠤᠯᠠᠮᠵᠢᠯᠠᠯ ᠨᠢᠭᠡᠳᠦᠯ ᠦᠳ᠃ ᠮᠠᠩᠭᠠᠨ ᠨᠢ MnO, Mn2O3, MnO2, Mn2O7 ᠭᠡᠰᠡᠨ ᠳᠥᠷᠪᠡᠨ ᠣᠺᠰᠢ ᠳᠤ ᠡᠭᠦᠰᠦᠨ᠎ᠡ᠃ ᠮᠠᠩᠭᠠᠨ᠎ᠠ ᠶᠢᠨ ᠣᠺᠰᠢᠳ ᠤᠳ ᠢ ᠳᠠᠷᠠᠭᠠᠬᠢ ᠤᠷᠪᠠᠯ ᠤᠳ ᠢᠶᠠᠷ ᠭᠠᠷᠭᠠᠨ᠎ᠠ᠃ Mn2O7 ᠨᠢ ᠬᠠᠷ᠎ᠠ ᠨᠣᠭᠣᠭᠠᠨ ᠥᠩᠭᠡ ᠲᠡᠢ᠂ ᠲᠣᠰᠣᠷᠬᠠᠭ ᠰᠢᠩᠭᠡᠨ ᠪᠠᠶᠢᠳᠠᠭ ᠪᠣᠯ ᠪᠤᠰᠤᠳ ᠣᠵᠣᠰᠢᠳ ᠤᠳ ᠨᠢ ᠬᠠᠲᠠᠭᠤ ᠪᠣᠳᠠᠰ ᠤᠳ ᠶᠤᠮ᠃ ᠮᠠᠩᠭᠠᠨ ᠤ ᠣᠺᠰᠢᠳ ᠤᠳ ᠬᠦᠴᠦᠲᠡᠢ ᠢᠰᠦᠯᠳᠦᠭᠦᠯᠦᠭᠴᠢ ᠰᠢᠨᠵᠢ ᠴᠢᠨᠠᠷᠲᠠᠢ᠃ ᠮᠠᠩᠭᠠᠨ ᠤ ᠬᠦᠴᠢᠯ ᠨᠢ ᠵᠥᠪᠬᠡᠨ ᠠᠭᠤᠰᠤᠮᠠᠯ ᠤᠨ ᠲᠥᠯᠥᠪ ᠲᠦ᠂ 20% ᠍ ᠠᠴᠠ ᠢᠯᠡᠭᠦᠦ ᠦᠭᠡᠢ ᠺᠣᠨᠼᠧᠨᠲᠷᠠᠴᠠ ᠲᠠᠢ ᠪᠠᠶᠢᠳᠠᠭ᠂ ᠲᠣᠭᠲᠠᠪᠤᠷᠢ ᠮᠠᠭᠤ ᠲᠠᠢ ᠬᠦᠴᠢᠯ ᠪᠠ ᠶᠡᠬᠡ ᠺᠣᠨᠼᠧᠨᠲᠷᠠᠴᠠ ᠲᠠᠢ ᠪᠣᠯ ᠬᠦᠴᠢᠯᠲᠥᠷᠦᠭᠴᠢ ᠢᠯᠭᠠᠷᠠᠭᠤᠯᠤᠨ ᠵᠠᠳᠠᠷᠠᠨ᠎ᠠ᠃ 4 ᠨMnO4=4MnO2+2H2O+3O2 〖MnO〗_4^(2-) ᠠᠨᠢᠶᠣᠨ ᠢ ᠮᠠᠩᠭᠤᠨ᠎ᠠ ᠳᠤ ᠭᠡᠵᠦ ᠨᠡᠷᠡᠯᠡᠨ᠎ᠡ᠃ ᠨ 2 ᠡᠺᠰᠺᠠᠸᠠᠲ᠋ᠣᠷ ᠣᠳᠣᠨᠣᠺᠣᠪᠰᠢᠪ ᠤᠢ 4 ᠬᠦᠴᠢᠯ ᠦᠳ ᠨᠢ ᠮᠠᠰᠢ ᠲᠣᠭᠲᠠᠪᠤᠷᠢ ᠦᠭᠡᠢ ᠪᠠᠶᠢᠳᠠᠭ ᠲᠤᠯᠠ ᠳᠠᠩ ᠢᠶᠠᠷ ᠨᠢ ᠭᠠᠷᠭᠠᠨ ᠠᠪᠬᠤ ᠪᠣᠯᠤᠮᠵᠢ ᠦᠭᠡᠢ ᠶᠤᠮ᠃ ᠡᠳᠡᠭᠡᠷ ᠬᠦᠴᠢᠯ ᠦᠨ ᠳᠠᠪᠤᠰᠤ ᠶᠢ ᠭᠠᠷᠭᠠᠨ ᠠᠪᠬᠤ ᠳᠤ ᠪᠠᠨ ᠫᠧᠷᠮᠠᠩᠭᠠᠨᠠᠲᠤ ᠶᠢ ᠨᠢ ᠠᠩᠭᠢᠵᠢᠷᠭᠠᠭᠤᠯᠬᠤ ᠠᠷᠭ᠎ᠠ ᠶᠢ ᠬᠡᠷᠭᠡᠯᠡᠳᠡᠭ᠃ 2 ᠺMnO4+K2SO3+2KOH=2K2MnO4+K2SO4+H2O ᠡᠰᠡᠪᠡᠯ ᠳ᠋ᠠᠨ ᠮᠧᠲ᠋ᠠᠯ ᠪᠤᠶᠤ ᠲᠡᠳᠡᠭᠡᠷ ᠦᠨ ᠣᠺᠰᠢᠳ ᠢ ᠢᠰᠦᠯᠳᠦᠭᠦᠯᠦᠭᠴᠢ ᠶᠢᠨ ᠤᠷᠴᠢᠨ ᠳᠤ ᠱᠦᠯᠲᠦ ᠲᠡᠢ ᠬᠠᠶᠢᠯᠤᠭᠤᠯᠤᠨ᠎ᠠ᠃ ¬2MnO2+4KOH+O2=2K2MnO4+2H2O 〖MnO〗_4^- ᠢᠶᠤᠨ ᠶᠠᠭᠠᠨ ᠪᠠᠶᠢᠳᠠᠭ ᠪᠣᠯ 〖ᠡᠺᠰᠺᠠᠸᠠᠲ᠋ᠣᠷ ᠣᠳᠣᠨᠣᠺᠣᠪᠰᠢᠪ ᠤᠢ〗_4^(2-) ᠢᠣᠨ ᠨᠤᠭᠤᠳ ᠨᠢ ᠪᠦᠭᠦᠳᠡ ᠬᠠᠷ᠎ᠠ ᠨᠣᠭᠣᠭᠠᠨ ᠥᠩᠭᠡ ᠲᠡᠢ ᠪᠠᠶᠢᠳᠠᠭ᠃ ᠲᠠᠯᠠᠰᠲᠤ ᠫᠧᠷᠮᠠᠩᠭᠠᠨᠠᠲ ᠤᠳ ᠨᠢ ᠬᠠᠯᠬᠤ ᠳᠤ ᠬᠦᠴᠢᠯᠲᠥᠷᠦᠭᠴᠢ ᠢᠯᠭᠠᠷᠠᠭᠤᠯᠤᠨ ᠵᠠᠳᠠᠷᠠᠨ᠎ᠠ᠃ 2 ᠺMnO4=K2MnO4+MnO2+O2 ᠫᠧᠷᠮᠠᠩᠭᠠᠨᠠᠲᠤ ᠶᠢ ᠱᠦᠯᠲᠦᠯᠢᠭ ᠤᠷᠴᠢᠨ ᠳᠤ 00 ᠰ ᠬᠦᠷᠲᠡᠯ᠎ᠡ ᠬᠥᠷᠥᠭᠡᠵᠦ Mn(ᠦ) ᠍ ᠤᠨ ᠤᠯᠠᠮᠵᠢᠯᠠᠯ ᠨᠢᠭᠡᠳᠦᠯ ᠦᠳ ᠢ ᠭᠠᠷᠭᠠᠨ ᠠᠪᠴᠤ ᠪᠣᠯᠤᠨ᠎ᠠ᠃ KMnO4+K2SO3+2KOH=K3MnO4+K2SO4+H2O ᠭᠠᠯᠢᠳ ᠤᠳ: ᠮᠠᠩᠭᠠᠨ ᠨᠢ ᠭᠠᠯᠢᠭᠧᠨ ᠨᠤᠭᠤᠳ ᠲᠠᠢ +2, +3, +4 ᠵᠡᠷᠭᠡ ᠳ᠋ᠣᠣ ᠳᠤ ᠢᠰᠦᠯᠳᠦᠯᠲᠡ ᠶᠢᠨ ᠵᠡᠷᠭᠡ ᠪᠦᠬᠦᠢ ᠨᠢᠭᠡᠳᠦᠯ ᠦᠳ ᠡᠭᠦᠰᠬᠡᠨ᠎ᠡ᠃ ᠮᠠᠩᠭᠠᠨ ᠤ ᠳᠠᠭᠠᠯᠢᠭᠧᠨ ᠨᠤᠭᠤᠳ ᠨᠢ ᠢᠶᠤᠨ ᠤ ᠬᠣᠯᠪᠣᠭ᠎ᠠ ᠵᠣᠩᠬᠢᠯᠠᠭᠰᠠᠨ ᠤᠰᠤ ᠦᠭᠡᠢ ᠪᠤᠶᠤ ᠲᠠᠯᠠᠰᠲᠤᠭᠢᠳ᠋ᠷᠠ ᠳᠤ ᠨᠢᠭᠡᠳᠦᠯ ᠦᠳ ᠪᠠᠶᠢᠳᠠᠭ ᠪᠥᠭᠡᠳ ᠲᠡᠳᠡᠭᠡᠷ ᠢ ᠮᠧᠲ᠋ᠠᠯ ᠮᠠᠩᠭᠠᠨ ᠪᠤᠶᠤ MnO ᠍ ᠢ ᠬᠠᠯᠠᠭᠠᠯᠲᠠ ᠶᠢᠨ ᠳᠣᠣᠷ᠎ᠠ ᠭᠠᠯᠢᠭᠧᠨ᠂ ᠭᠠᠯᠢᠭᠧᠨᠲ ᠤᠰᠤᠲᠥᠶᠢᠷᠦᠭᠴᠢ ᠪᠡᠷ ᠦᠢᠯᠡᠴᠢᠯᠡᠵᠦ ᠠᠪᠳᠠᠭ᠃ Mn+Cl2=MnCl2 ᠮᠠᠩᠭᠠᠨ ᠡᠺᠰᠺᠠᠸᠠᠲ᠋ᠣᠷ ᠣᠳᠣᠨᠣᠺᠣᠪᠰᠢᠪ ᠤᠢ 3 ᠨᠠl ᠬᠡᠯᠪᠡᠷᠢ ᠶᠢᠨ ᠣᠺᠰᠣᠭᠣᠯᠭᠧᠨᠢᠳ ᠡᠭᠦᠰᠭᠡᠬᠦ ᠶᠠᠪᠤᠳᠠᠯ ᠶᠤᠮ᠃ ᠣᠰᠺᠣᠭᠣᠯᠭᠧᠨ ᠨᠤᠭᠤᠳ ᠨᠢ ᠭᠢᠳ᠋ᠷᠣᠯᠢᠽᠣᠳ ᠣᠷᠣᠵᠤ ᠮᠠᠩᠭᠠᠨ᠎ᠠ ᠶᠢᠨ ᠬᠦᠴᠢᠯ ᠢ ᠡᠭᠦᠰᠬᠡᠨ᠎ᠡ᠃ ᠮᠧᠲ᠋ᠠᠯ ᠪᠢᠰᠢ ᠨᠦᠭᠦᠳ ᠲᠡᠢ ᠡᠭᠦᠰᠦᠭᠰᠡᠨ ᠨᠢᠭᠡᠳᠦᠯ ᠦᠳ: ᠮᠠᠩᠭᠠᠨ ᠨᠢ ᠬᠦᠬᠢᠷ᠂ ᠰᠧᠯᠧᠨ ᠲᠧᠯᠯᠦᠶᠢᠷ ᠲᠠᠢ MnS2, MnSe2 ᠭᠡᠬᠦ ᠮᠡᠲᠦ ᠬᠦᠴᠢᠯᠲᠥᠷᠦᠭᠴᠢ ᠲᠡᠢ ᠬᠦᠴᠢᠯ ᠦᠨ ᠳᠠᠪᠤᠰᠤ ᠨᠤᠭᠤᠳ: ᠺᠣᠮᠫᠯᠧᠺᠰ ᠨᠢᠭᠡᠳᠦᠯ ᠦᠳ Mn2+ ᠢᠶᠤᠨ ᠪᠠᠷᠤᠭ ᠪᠦᠬᠦ ᠡᠷᠦᠳᠡᠰᠦ ᠬᠦᠴᠢᠯ ᠦᠨ ᠠᠨᠢᠶᠣᠨ ᠨᠤᠭᠤᠳ ᠲᠠᠢ ᠭᠣᠣᠯ ᠲᠥᠯᠥᠪ ᠠᠭᠤᠰᠳᠠᠭ ᠳᠠᠪᠤᠰᠤ ᠡᠭᠦᠰᠬᠡᠨ᠎ᠡ᠃ ᠬᠠᠷᠢᠨ MnCO3 ᠪᠠ Mn(PO4)2 ᠨᠢ ᠤᠰᠤᠨ ᠳᠤ ᠠᠭᠤᠰᠳᠠᠭ ᠦᠭᠡᠢ᠃

ᠮᠠᠩᠭᠠᠨ ᠤ ᠳᠡᠳ᠋ ᠪᠦᠯᠦᠭ ᠦᠨ ᠡᠯᠧᠮᠧᠨᠲ ᠦᠳ ᠦᠨ ᠨᠢᠭᠡ ᠣᠨᠴᠠᠯᠢᠭ ᠪᠣᠯ᠎ᠡ 2(ᠰᠧᠢᠯᠺᠠ ᠣᠭᠣᠷᠣᠳᠨᠠᠶ᠎ᠠ)10 ᠬᠡᠯᠪᠡᠷᠢ ᠶᠢᠨ ᠬᠣᠶᠠᠷ ᠴᠥᠮ᠎ᠡ ᠲᠡᠢ ᠺᠠᠷᠪᠶᠣᠨᠢᠯ ᠤᠨ ᠺᠣᠮᠫᠯᠧᠺᠰ ᠡᠭᠦᠰᠬᠡᠳᠡᠭ ᠶᠠᠪᠤᠳᠠᠯ ᠶᠤᠮ᠃ ᠡᠳᠡᠭᠡᠷ ᠺᠣᠮᠫᠯᠧᠺᠰ ᠤᠳ ᠲᠤ ᠮᠧᠲ᠋ᠠᠯ ᠮᠧᠲ᠋ᠠᠯ ᠭᠡᠰᠡᠨ ᠬᠣᠯᠪᠣᠭ᠎ᠠ ᠡᠭᠦᠰᠦᠭᠰᠡᠨ ᠪᠠᠶᠢᠬᠤ ᠪᠠ ᠮᠧᠲ᠋ᠠᠯ ᠤᠨ ᠢᠰᠦᠯᠳᠦᠯᠲᠡ ᠶᠢᠨ ᠵᠡᠷᠭᠡ ᠲᠡᠭ ᠲᠡᠢ ᠲᠡᠩᠴᠡᠭᠦᠦ᠃

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

VIIᠪ ᠪᠦᠯᠦᠭ ᠦᠨ ᠡᠯᠧᠮᠧᠨᠲ ᠦᠳ ᠡᠴᠡ ᠫᠷᠠᠺᠲ᠋ᠢᠭ ᠤᠨ ᠴᠢᠬᠤᠯᠠ ᠠᠴᠢ ᠬᠣᠯᠪᠣᠭᠳᠠᠯ ᠲᠠᠢ ᠨᠢ ᠮᠠᠩᠭᠠᠨ ᠶᠤᠮ᠃ ᠥᠩᠭᠡᠲᠦ ᠪᠠ ᠬᠠᠷ᠎ᠠ ᠮᠧᠲ᠋ᠠᠯᠯᠦ᠋ᠷᠭᠢ ᠶᠢᠨ ᠦᠢᠯᠡᠳᠪᠦᠷᠢᠯᠡᠯ ᠳᠦ ᠮᠠᠩᠭᠠᠨ ᠢ ᠭᠠᠩᠭ᠎ᠠ ᠶᠢᠨ ᠰᠢᠨᠵᠢ ᠴᠢᠨᠠᠷ ᠢ ᠰᠠᠶᠢᠵᠢᠷᠠᠭᠤᠯᠤᠭᠴᠢ ᠨᠡᠮᠡᠯᠲᠡ ᠪᠣᠯᠭᠠᠨ ᠬᠡᠷᠡᠭᠯᠡᠳᠡᠭ᠃ ᠲᠥᠷᠥᠯ ᠪᠦᠷᠢ ᠶᠢᠨ ᠬᠠᠶᠢᠯᠤᠰᠢ ᠨᠤᠭᠤᠳ ᠲᠤ ᠮᠠᠩᠭᠠᠨ ᠢ 0,3-14% ᠬᠦᠷᠲᠡᠯ᠎ᠡ ᠬᠡᠮᠵᠢᠶ᠎ᠡ ᠪᠡᠷ ᠨᠡᠮᠡᠵᠦ ᠥᠭᠬᠦ ᠳᠦ ᠲᠡᠳᠡᠭᠡᠷ ᠦᠨ ᠴᠣᠬᠢᠯᠲᠠ᠂ ᠳᠣᠷᠭᠢᠯᠲᠠ᠂ ᠡᠯᠡᠭᠳᠡᠯ ᠢ ᠲᠡᠰᠪᠦᠷᠢᠯᠡᠬᠦ ᠴᠢᠨᠠᠷ ᠨᠢ ᠡᠷᠡᠰ ᠳᠡᠭᠡᠭᠰᠢᠯᠡᠳᠡᠭ ᠪᠠᠶᠢᠨ᠎ᠠ᠃ ᠡᠶᠢᠮᠦ ᠳᠦ ᠮᠠᠩᠭᠠᠨ ᠢ ᠠᠭᠤᠯᠠᠭᠰᠠᠨ ᠬᠠᠶᠢᠯᠤᠰᠢ ᠨᠤᠭᠤᠳ ᠢᠶᠠᠷ ᠮᠠᠰᠢᠨ᠂ ᠲᠧᠭᠨᠢᠭ ᠦᠨ ᠲᠥᠷᠥᠯ ᠪᠦᠷᠢ ᠶᠢᠨ ᠡᠳ᠋ ᠠᠩᠭᠢ ᠨᠤᠭᠤᠳ ᠢ ᠬᠢᠳᠡᠭ᠃ 60 % Mn, 30% Ni,10% Cu ᠠᠭᠤᠯᠠᠭᠰᠠᠨ ᠮᠠᠩᠭᠠᠨᠢᠨ ᠨᠡᠷᠡᠲᠡᠢ ᠬᠠᠶᠢᠯᠤᠰᠢ ᠶᠢ ᠴᠠᠬᠢᠯᠭᠠᠨ ᠬᠡᠮᠵᠢᠭᠦᠷ ᠦᠨ ᠪᠠᠭᠠᠵᠢ ᠬᠡᠷᠡᠭᠰᠡᠯ ᠦᠨ ᠦᠢᠯᠡᠳᠪᠦᠷᠢᠯᠡᠯ ᠳᠦ ᠶᠡᠬᠡ ᠬᠡᠷᠡᠭᠯᠡᠵᠦ ᠪᠠᠶᠢᠨ᠎ᠠ᠃ ᠫᠢᠷᠣᠯᠢᠶᠽᠢᠲ ᠮᠧᠲ᠋ᠠᠯ ᠮᠠᠩᠭᠠᠨ ᠭᠠᠷᠭᠠᠬᠤ ᠳᠤ ᠬᠡᠷᠡᠭᠯᠡᠬᠦ ᠡᠴᠡ ᠭᠠᠳᠠᠨ᠎ᠠ ᠰᠢᠯᠢᠨ ᠦ ᠦᠢᠯᠡᠳᠪᠦᠷᠢ ᠳᠦ ᠲᠤᠩᠭᠠᠯᠠᠭᠵᠢᠭᠤᠯᠤᠭᠴᠢ᠂ ᠲᠥᠷᠥᠯ ᠪᠦᠷᠢ ᠶᠢᠨ ᠬᠠᠭᠤᠷᠠᠢ ᠵᠠᠢ᠂ ᠪᠤᠳᠤᠭ᠂ ᠯᠠᠺ ᠤᠨ ᠦᠢᠯᠡᠳᠪᠦᠷᠢᠯᠡᠯ ᠳᠦ ᠠᠰᠢᠭᠯᠠᠳᠠᠭ᠃ ᠲᠡᠭᠦᠨᠴᠢᠯᠡᠨ MnO, MnSO4 , MnNO3 ᠵᠡᠷᠭᠡ ᠨᠢᠭᠡᠳᠦᠯ ᠦᠳ ᠮᠠᠩᠭᠠᠨ ᠠᠭᠤᠯᠠᠭᠰᠠᠨ ᠮᠢᠺᠷᠣᠪᠣᠷᠳᠣᠭᠠᠨ ᠤ ᠨᠠᠶᠢᠷᠠᠯᠭ᠎ᠠ ᠳᠤ ᠣᠷᠣᠨ᠎ᠠ᠃

http://wiki.uhaan.com/index.php?title=ᠮᠠᠩᠭᠠᠨ&oldid=443477》 ᠍  ᠡᠴᠡ ᠠᠪᠤᠭᠰᠠᠨ

ᠪᠢᠴᠢᠭᠡᠰᠦ