ᠮᠠᠩᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Wikipe-tan sailor fuku.png

ᠮᠠᠩᠭ᠎ᠠ (漢字: 漫画ᠾᠢᠷᠠᠭᠠᠨᠠ: まんがᠺᠠᠲ᠋ᠠᠺᠠᠨᠠ: マンガ) ᠭᠡᠳᠡᠭ ᠨᠢ ᠶᠠᠫᠣᠨ ᠤ ᠴᠤᠪᠤᠷᠠᠯ ᠵᠢᠷᠤᠭᠲᠤ ᠨᠣᠮ ᠶᠤᠮ᠃ ᠮᠠᠩᠭ᠎ᠠ  ᠶᠢ ᠺᠣᠮᠢᠺᠰ ᠨᠣᠮ ᠭᠡᠵᠦ ᠬᠡᠯᠡᠵᠦ ᠪᠣᠯᠬᠤ ᠴᠤ ᠺᠣᠮᠢᠺᠰ ᠨᠣᠮ ᠠᠴᠠ ᠪᠠᠭ᠎ᠠ ᠵᠡᠷᠭᠡ ᠢᠯᠭᠠᠭ᠎ᠠ ᠲᠠᠢ ᠶᠤᠮ᠃ ᠮᠠᠩᠭ᠎ᠠ (漫画) ᠭᠡᠬᠦ ᠦᠭᠡ ᠨᠢ ᠬᠣᠶᠠᠷ ᠬᠢᠲᠠᠳ ᠦᠰᠦᠭ ᠠᠴᠠ (ᠺᠠᠨᠵᠢ) ᠭᠠᠷᠤᠯ ᠲᠠᠢ᠃ 《ᠮᠠᠩ》 (漫) ᠭᠡᠬᠦ ᠦᠭᠡ ᠨᠢ 《ᠬᠥᠭᠵᠢᠯᠲᠡᠢ᠂ ᠵᠦᠵᠦᠭᠡᠯᠡᠯᠳᠦ》 ᠭᠡᠰᠡᠨ ᠤᠳᠬ᠎ᠠ ᠲᠠᠢ ᠪᠥᠭᠡᠳ ᠬᠠᠷᠢᠨ 《ᠭᠠ》 (画) ᠨᠢ 《ᠵᠢᠷᠤᠭ》 ᠭᠡᠰᠡᠨ ᠤᠳᠬ᠎ᠠ ᠶᠢ ᠢᠯᠡᠷᠬᠡᠶᠢᠯᠡᠳᠡᠭ ᠪᠠᠶᠢᠨ᠎ᠠ᠃ ᠮᠠᠩᠭ᠎ᠠ ᠨᠢ ᠣᠳᠣ ᠶᠢᠨ ᠬᠡᠪ ᠮᠠᠶ᠋ᠢᠭ ᠢᠶᠠᠨ 19 ᠍ ᠳᠦᠭᠡᠷ ᠵᠠᠭᠤᠨ ᠠᠴᠠ ᠣᠯᠵᠤ ᠠᠪᠤᠭᠰᠠᠨ ᠪᠠ ᠳᠡᠯᠡᠬᠡᠢ ᠶᠢᠨ 2 ᠍ ᠳᠦᠭᠡᠷ ᠳᠠᠶᠢᠨ ᠤ(1940 ᠍ ᠊ᠭᠡᠳ ᠤᠨ ᠠᠴᠠ) ᠳᠠᠷᠠᠭ᠎ᠠ ᠪᠦᠷᠢᠨ ᠤᠳᠬ᠎ᠠ ᠪᠠᠷ ᠢᠶᠠᠨ ᠬᠥᠭᠵᠢᠵᠦ ᠡᠬᠢᠯᠡᠭᠰᠡᠨ᠃  ᠶᠠᠫᠣᠨ ᠳᠤ ᠮᠠᠩᠭ᠎ᠠ ᠬᠦᠮᠦᠰ ᠦᠨ ᠨᠠᠰᠤᠨ ᠤ ᠣᠨᠴᠠᠯᠢᠭ ᠠᠴᠠ ᠨᠢ ᠰᠢᠯᠲᠠᠭᠠᠯᠠᠵᠤ ᠠᠳᠠᠯ ᠶᠠᠪᠤᠳᠠᠯᠳᠤ᠂ ᠠᠶᠤᠮᠰᠢᠭ ᠤᠨ᠂ ᠤᠷᠠᠨ ᠵᠥᠩᠨᠡᠯᠲᠡ᠂ ᠬᠠᠶᠢᠷ᠎ᠠ ᠳᠤᠷᠠᠯᠠᠯ ᠤᠨ᠂ ᠲᠡᠦᠬᠡ ᠶᠢᠨ ᠭᠡᠬᠦ ᠵᠡᠷᠭᠡ ᠣᠯᠠᠨ ᠲᠥᠷᠥᠯ ᠳᠦ ᠬᠤᠪᠢᠶᠠᠳᠠᠭ᠃ ᠬᠡᠳᠦᠢ ᠪᠡᠷ ᠶᠠᠫᠣᠨ ᠳᠤ 《ᠮᠠᠩᠭ᠎ᠠ》 ᠭᠡᠳᠡᠭ ᠢᠶᠡᠷ ᠣᠯᠠᠨ ᠲᠥᠷᠥᠯ ᠦᠨ ᠵᠢᠷᠤᠭᠲᠤ ᠨᠣᠮ᠂ ᠬᠡᠦᠬᠡᠯᠳᠡᠢ ᠶᠢᠨ ᠺᠢᠨᠣ᠋᠂ ᠠᠨᠢᠮᠧᠢᠰᠢᠨ ᠵᠡᠷᠭᠡ ᠵᠦᠢᠯ ᠦᠳ ᠢ ᠬᠠᠮᠤᠷᠤᠭᠤᠯᠤᠨ ᠣᠶᠢᠯᠠᠭᠠᠳᠠᠭ ᠪᠣᠯᠪᠠᠴᠤ ᠳᠡᠯᠡᠬᠡᠢ ᠶᠢᠨ ᠣᠯᠠᠨ ᠤᠯᠤᠰ ᠣᠷᠣᠨ ᠳᠤ 《ᠮᠠᠩᠭ᠎ᠠ》 ᠭᠡᠳᠡᠭ ᠢᠶᠡᠷ ᠵᠥᠪᠬᠡᠨ 《ᠶᠠᠫᠣᠨ ᠤ ᠵᠢᠷᠤᠭᠲᠤ ᠨᠣᠮ》 ᠭᠡᠵᠦ ᠣᠶᠢᠯᠠᠭᠠᠵᠤ ᠬᠡᠪᠰᠢᠵᠡᠢ᠃ ᠤᠷᠠᠯᠢᠭ ᠰᠤᠳᠤᠯᠤᠭᠠᠴᠢᠳ ᠮᠠᠩᠭ᠎ᠠ ᠰᠢᠩᠲᠠ ᠱᠠᠰᠢᠨ ᠤ (神道) ᠬᠠᠨ᠎ᠠ ᠶᠢᠨ ᠵᠢᠷᠤᠭ ᠠᠴᠠ ᠡᠭᠦᠰᠦᠯ ᠲᠡᠢ ᠭᠡᠵᠦ ᠦᠵᠡᠳᠡᠭ ᠪᠥᠭᠡᠳ ᠳᠡᠯᠡᠬᠡᠢ ᠳᠠᠶᠠᠭᠠᠷ ᠮᠠᠩᠭ᠎ᠠ ᠬᠦᠴᠦᠲᠡᠢ ᠪᠠᠶᠢᠷᠢ ᠰᠠᠭᠤᠷᠢ ᠪᠠᠨ ᠬᠠᠳᠠᠭᠠᠯᠠᠭᠰᠠᠭᠠᠷ ᠪᠠᠶᠢᠭ᠎ᠠ ᠪᠢᠯᠡ᠃


ᠮᠠᠩᠭᠠᠨ ᠤ ᠲᠥᠷᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠠᠫᠣᠨ ᠳᠤ ᠮᠠᠩᠭ᠎ᠠ ᠪᠦᠬᠦ ᠨᠠᠰᠤᠨ ᠤ ᠬᠦᠮᠦᠰ ᠰᠢᠮᠡᠳᠦᠨ ᠤᠩᠰᠢᠳᠠᠭ᠃ ᠮᠠᠩᠭ᠎ᠠ ᠤᠩᠰᠢᠭᠴᠢᠳ ᠤᠨ ᠨᠠᠰᠤᠨ ᠤ ᠣᠨᠴᠠᠯᠠᠭᠴᠢ᠂ ᠰᠣᠨᠢᠷᠬᠠᠯ ᠤᠨ ᠬᠦᠷᠢᠶᠡᠨ ᠡᠴᠡ ᠬᠠᠮᠢᠶᠠᠷᠤᠭᠠᠳ ᠲᠥᠷᠥᠯ ᠰᠡᠳᠦᠪ ᠦᠨ ᠬᠠᠮᠤᠷᠬᠤ ᠬᠦᠷᠢᠶ᠎ᠡ ᠥᠷᠭᠡᠨ᠃ ᠠᠳᠠᠯ ᠶᠠᠪᠤᠳᠠᠯᠳᠤ᠂ ᠲᠷᠢᠯᠯᠧᠷ᠂ ᠬᠠᠶᠢᠷ᠎ᠠ ᠳᠤᠷᠠᠯᠠᠯ᠂ ᠳ᠋ᠧᠲ᠋ᠧᠺᠲ᠋ᠢᠣ᠂ ᠪᠢᠽᠢᠨ᠋ᠧᠰ ᠬᠤᠳᠠᠯᠳᠤᠭ᠎ᠠ᠂ ᠺᠣᠮᠧᠳᠢ᠂ ᠲᠡᠦᠬᠡᠨ᠂ ᠳ᠋ᠷᠠᠮ᠎ᠠ᠂ ᠵᠥᠩᠨᠡᠯᠳᠦ᠂ ᠹᠠᠨᠲ᠋ᠠᠽᠢ᠂ ᠰᠧᠺᠰ᠂ ᠰᠫᠣᠷᠲ᠂ ᠲᠣᠭᠯᠠᠭᠠᠮ ᠭᠡᠬᠦ ᠮᠡᠲᠦ ᠣᠯᠠᠨ ᠲᠥᠷᠥᠯ ᠳᠦ ᠬᠤᠪᠢᠶᠠᠭᠳᠠᠳᠠᠭ᠃ ᠭᠡᠬᠦ ᠳᠦ ᠪᠡᠨ ᠡᠳᠡᠭᠡᠷ ᠢ ᠶᠡᠷᠦᠩᠬᠡᠢ ᠳᠦ ᠨᠢ ᠠᠩᠭᠢᠯᠠᠵᠤ ᠨᠡᠷᠡᠯᠡᠵᠦ ᠵᠠᠩᠰᠢᠭᠰᠠᠨ ᠨᠡᠷᠡᠰᠢᠯ ᠪᠠᠶᠢᠳᠠᠭ᠃

 • ᠶᠣᠣᠵᠢ (Yōji᠂ 幼児向け漫画) ᠪᠤᠶᠤ 1-4 ᠨᠠᠰᠤᠨ ᠤ ᠬᠡᠦᠬᠡᠳ ᠦᠨ ᠮᠠᠩᠭ᠎ᠠ
 • ᠺᠣᠳ᠋ᠣᠮᠣ᠋ ᠪᠤᠶᠤ ᠵᠢᠳᠣ (Kodomo ᠡᠰᠡᠪᠡᠯ Jidō) ᠮᠠᠩᠭ᠎ᠠ (児童漫画、子ども漫画) - ᠪᠠᠭ᠎ᠠ ᠨᠠᠰᠤᠨ ᠤ ᠬᠡᠦᠬᠡᠳ ᠲᠦ ᠵᠣᠷᠢᠭᠤᠯᠤᠭᠳᠠᠭᠰᠠᠨ ᠮᠠᠩᠭ᠎ᠠ᠃ ᠰᠡᠳᠦᠪ ᠦᠨ ᠬᠤᠪᠢ ᠳᠤ ᠮᠡᠳᠡᠯᠭᠡ᠂ ᠬᠦᠮᠦᠵᠢᠯ ᠣᠯᠭᠤᠬᠤ ᠳᠤ ᠴᠢᠭᠯᠡᠭᠰᠡᠨ ᠪᠠᠶᠢᠳᠠᠭ᠃
 • ᠱᠣᠣᠨᠧᠨ (Shōnen᠂ 少年漫画) - ᠪᠦᠬᠦ ᠨᠠᠰᠤᠨ ᠤ ᠬᠢᠨ ᠳᠤ ᠵᠣᠷᠢᠭᠤᠯᠤᠭᠳᠠᠭᠰᠠᠨ᠂ ᠠᠳᠠᠯ ᠶᠠᠪᠤᠳᠠᠯ᠂ ᠲᠡᠮᠡᠴᠡᠯ ᠲᠤᠯᠤᠭᠠᠨ ᠭᠣᠣᠯᠯᠠᠭᠰᠠᠨ ᠰᠡᠳᠦᠪ ᠲᠡᠢ ᠮᠠᠩᠭ᠎ᠠ᠃ ᠴᠤᠪᠤᠷᠠᠯ ᠣᠯᠠᠨ ᠪᠦᠯᠦᠭ ᠲᠡᠢ ᠪᠠᠶᠢᠬᠤ ᠨᠢ ᠣᠯᠠᠨᠲᠠ᠃
 • ᠱᠣᠣᠵᠣ (Shōjo᠂ 少女漫画) - ᠰᠡᠳᠬᠢᠯ ᠵᠢᠷᠦᠬᠡᠨ ᠦ ᠡᠭᠡᠳᠡᠷᠡᠭᠡ᠂ ᠬᠠᠶᠢᠷ᠎ᠠ ᠳᠤᠷᠠᠯᠠᠯ ᠤᠨ ᠬᠡᠪ ᠮᠠᠶ᠋ᠢᠭᠲᠠᠢ ᠮᠠᠩᠭ᠎ᠠ᠃ ᠭᠣᠣᠯ ᠲᠥᠯᠥᠪ 13-17 ᠨᠠᠰᠤᠨ ᠤ ᠣᠬᠢᠳ ᠳᠤ ᠵᠣᠷᠢᠭᠤᠯᠤᠭᠳᠠᠭᠰᠠᠨ ᠪᠠᠶᠢᠳᠠᠭ᠃
 • ᠰᠧᠶᠢᠨᠧᠨ (Seinen᠂ 青年漫画) - ᠨᠠᠰᠤᠨ ᠳᠤ ᠬᠦᠷᠦᠭᠰᠡᠨ ᠬᠦᠮᠦᠰ ᠲᠦ ᠴᠢᠭᠯᠡᠭᠰᠡᠨ ᠮᠠᠩᠭ᠎ᠠ᠃ ᠪᠠᠭᠤᠷᠢ ᠲᠠᠢ ᠪᠤᠶᠤ ᠠᠮᠢᠳᠤᠷᠠᠯ᠂ ᠹᠢᠯᠣᠰᠣᠹᠢ ᠵᠡᠷᠭᠡ ᠰᠡᠳᠦᠪ ᠢ ᠭᠣᠣᠯ ᠲᠥᠯᠥᠪ ᠬᠥᠨᠳᠡᠭᠰᠡᠨ ᠪᠠᠶᠢᠳᠠᠭ᠃
 • ᠰᠧᠶᠢᠵᠢᠨ (Seijin᠂ 成人漫画) - ᠵᠥᠪᠬᠡᠨ ᠨᠠᠰᠤᠨ ᠳᠤ ᠬᠦᠷᠦᠭᠴᠢᠳ ᠲᠦ ᠵᠣᠷᠢᠭᠤᠯᠤᠭᠰᠠᠨ ᠮᠠᠩᠭ᠎ᠠ᠃ ᠶᠡᠬᠡᠪᠴᠢᠯᠡᠨ ᠪᠡᠯᠭᠡ ᠶᠢᠨ ᠳᠤᠷ᠎ᠠ ᠬᠦᠰᠡᠯ ᠳᠡᠭᠡᠷ᠎ᠡ ᠲᠤᠯᠭᠠᠭᠤᠷᠢᠯᠠᠭᠰᠠᠨ ᠰᠡᠳᠦᠪ ᠲᠡᠢ ᠪᠠᠶᠢᠳᠠᠭ᠃

ᠮᠠᠩᠭ᠎ᠠ ᠬᠡᠪᠯᠡᠯ ᠦᠨ ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠣᠨᠺᠣᠮᠠ (Yonkoma) ᠪᠤᠶᠤ 4 ᠨᠢᠳᠦᠲᠦ ᠮᠠᠩᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠩᠭ᠎ᠠ ᠳᠦᠷᠰᠦᠯᠡᠯ ᠦᠨ ᠡᠭᠦᠰᠦᠯ ᠦᠨ ᠰᠢᠲᠠ
 ᠶᠣᠨᠺᠣᠮᠠ ᠪᠤᠶᠤ 4 ᠨᠢᠳᠦᠲᠦ ᠮᠠᠩᠭ᠎ᠠ ᠨᠤᠭᠤᠳ ᠨᠢ ᠶᠡᠬᠡᠪᠴᠢᠯᠡᠨ ᠰᠣᠨᠢᠨ᠂ ᠨᠡᠶᠢᠲᠡᠯᠡᠯ ᠦᠨ ᠬᠠᠮᠲᠤ ᠪᠠᠷ ᠬᠡᠪᠯᠡᠭᠳᠡᠨ ᠤᠩᠰᠢᠭᠴᠢᠳ ᠲᠤ ᠬᠦᠷᠦᠳᠡᠭ᠃ ᠶᠣᠨᠺᠣᠮᠠ ᠮᠠᠩᠭ᠎ᠠ ᠨᠤᠭᠤᠳ ᠨᠢ ᠵᠥᠪᠬᠡᠨ 4 ᠬᠦᠰᠦᠨᠦᠭᠲᠦ ᠳᠦ ᠪᠠᠭᠲᠤᠭᠰᠠᠨ ᠵᠣᠬᠢᠶᠠᠯ ᠪᠣᠯᠤᠭᠠᠳ ᠥᠷᠨᠢᠯ ᠲᠡᠢ᠃ ᠶᠡᠬᠡᠪᠴᠢᠯᠡᠨ ᠬᠣᠱᠣᠩ ᠱᠣᠭ ᠪᠣᠯᠤᠭᠠᠳ ᠮᠡᠳᠡᠭᠡᠯᠡᠯ ᠣᠯᠭᠣᠬᠤ ᠵᠣᠷᠢᠯᠭ᠎ᠠ ᠲᠠᠢ ᠪᠣᠯᠪᠠᠴᠤ ᠶᠣᠨᠺᠣᠮᠠ ᠮᠠᠩᠭ᠎ᠠ ᠨᠤᠭᠤᠳ ᠨᠢ ᠣᠯᠠᠨ ᠣᠯᠠᠨ ᠰᠡᠳᠦᠪ ᠢ ᠬᠥᠨᠳᠡᠵᠦ ᠴᠢᠳᠠᠳᠠᠭ 《ᠤᠶᠠᠨ ᠬᠠᠲᠠᠨ》 ᠮᠠᠩᠭ᠎ᠠ ᠶᠢᠨ ᠲᠥᠷᠥᠯ ᠶᠤᠮ᠃

ᠰᠡᠳᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠩᠭ᠎ᠠ ᠰᠡᠳᠬᠦᠯ ᠦᠳ ᠨᠢ 200 ᠍ ᠠᠴᠠ 850 ᠬᠠᠭᠤᠳᠠᠰᠤ ᠲᠠᠢ ᠰᠢᠷ᠎ᠠ ᠴᠠᠭᠠᠰᠤᠨ ᠳᠡᠭᠡᠷ᠎ᠡ ᠬᠡᠪᠯᠡᠭᠳᠡᠳᠡᠭ ᠪᠥᠭᠡᠳ ᠡᠨᠡᠬᠦ ᠰᠡᠳᠬᠦᠯ ᠦᠳ ᠲᠦ ᠣᠯᠠᠨ ᠮᠠᠩᠭ᠎ᠠ ᠵᠡᠷᠭᠡ ᠬᠡᠪᠯᠡᠭᠳᠡᠳᠡᠭ. Shueisha᠂ Kodansha᠂ Shogakukan᠂ Square Enix ᠭᠡᠬᠦ ᠮᠡᠲᠦ ᠬᠡᠪᠯᠡᠭᠴᠢ ᠺᠣᠮᠫᠠᠨᠢ ᠨᠤᠭᠤᠳ ᠨᠢ ᠡᠷᠬᠢᠯᠡᠨ ᠭᠠᠷᠭᠠᠵᠤ ᠪᠤᠢ ᠰᠡᠳᠬᠦᠯ ᠳᠡᠭᠡᠷ᠎ᠡ ᠮᠠᠩᠭ᠎ᠠ ᠶᠢ ᠴᠤᠪᠤᠷᠠᠯ ᠪᠣᠯᠭᠠᠨ ᠬᠡᠪᠯᠡᠨ ᠭᠠᠷᠭᠠᠳᠠᠭ ᠠᠵᠢ᠃

Weekly Shōnen Jump (週刊少年ジャンプ Shūkan Shōnen Janpu) ᠰᠡᠳᠬᠦᠯ ᠨᠢ ᠱᠣᠣᠨᠧᠨ ᠲᠥᠷᠦᠯ ᠳᠦ ᠬᠠᠮᠤᠷᠤᠭᠳᠠᠳᠠᠭ᠃ 1968 ᠤᠨ ᠤ 7 ᠍ ᠳᠦᠭᠡᠷ ᠰᠠᠷ᠎ᠠ ᠶᠢᠨ 2 ᠍ ᠤᠨ ᠠᠴᠠ ᠡᠳᠦᠭᠡ ᠬᠦᠷᠲᠡᠯ᠎ᠡ ᠬᠡᠪᠯᠡᠭᠳᠡᠨ ᠡᠷᠬᠢᠯᠡᠨ ᠭᠠᠷᠴᠤ ᠪᠠᠶᠢᠭ᠎ᠠ ᠠᠯᠳᠠᠷᠲᠠᠢ ᠰᠡᠳᠬᠦᠯ ᠶᠤᠮ᠃

Shueisha ᠺᠣᠮᠫᠠᠨᠢ ᠨᠢ Weekly Shōnen Jump ᠰᠡᠳᠬᠦᠯ ᠢ ᠡᠵᠡᠮᠰᠢᠳᠡᠭ᠃ ᠲᠤᠰ ᠰᠡᠳᠬᠦᠯ ᠳᠡᠭᠡᠷ᠎ᠡ ᠬᠡᠪᠯᠡᠭᠳᠡᠨ ᠭᠠᠷᠴᠤ ᠪᠤᠢ ᠮᠠᠩᠭ᠎ᠠ ᠨᠤᠭᠤᠳ ᠨᠢ ᠳᠡᠯᠡᠬᠡᠢ ᠶᠢ ᠪᠠᠶᠢᠯᠳᠤᠨ ᠳᠠᠭᠠᠭᠤᠯᠤᠭᠰᠠᠨ ᠪᠦᠲᠦᠭᠡᠯ ᠦᠳ ᠪᠠᠶᠢᠳᠠᠭ᠃ One Piece᠂ Slam Dunk᠂ Yu-gi-oh!᠂ Dragon Ball᠂ Kochikame᠂ Naruto᠂ Bleach᠂ Gintama᠂ Death Note᠂ Rurouni Kenshin᠂ Hunter X Hunter ᠮᠠᠩᠭ᠎ᠠ ᠴᠤᠪᠤᠷᠠᠯ ᠤᠳ ᠨᠢ ᠾᠢᠲ ᠪᠣᠯᠤᠭᠰᠠᠨ ᠪᠦᠲᠦᠭᠡᠯ ᠦᠳ ᠶᠤᠮ᠃

ᠪᠣᠲᠢ (Tankōbon᠂ 単行本)[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠳᠬᠦᠯ ᠳᠡᠭᠡᠷ᠎ᠡ ᠬᠡᠪᠯᠡᠭᠳᠡᠨ ᠭᠠᠷᠤᠭᠰᠠᠨ ᠮᠠᠩᠭ᠎ᠠ ᠤᠩᠰᠢᠭᠴᠢᠳ ᠤᠨ ᠳᠤᠮᠳᠠ ᠨᠡᠷ᠎ᠡ ᠬᠦᠨᠳᠦᠲᠡᠢ᠂ ᠠᠯᠳᠠᠷᠲᠠᠢ ᠪᠠᠶᠢᠬᠤ ᠶᠤᠮ ᠪᠣᠯ ᠲᠤᠬᠠᠢ ᠶᠢᠨ ᠮᠠᠩᠭ᠎ᠠ ᠴᠤᠪᠤᠷᠠᠯ ᠪᠣᠲᠢ ᠪᠣᠯᠵᠤ ᠴᠤᠭᠯᠠᠭᠤᠯᠤᠭᠳᠠᠨ ᠬᠡᠪᠯᠡᠭᠳᠡᠳᠡᠭ᠃ ᠪᠣᠲᠢ (Tankōbon ᠂ 単行本) ᠪᠣᠯᠤᠨ ᠴᠤᠭᠯᠠᠭᠤᠯᠤᠭᠳᠠᠭᠰᠠᠨ ᠮᠠᠩᠭ᠎ᠠ ᠴᠤᠪᠤᠷᠠᠯ ᠨᠢ ᠰᠡᠳᠬᠦᠯ ᠳᠡᠭᠡᠷ᠎ᠡ ᠡᠷᠬᠢᠯᠡᠨ ᠭᠠᠷᠭᠠᠳᠠᠭ ᠬᠤᠪᠢᠯᠪᠤᠷᠢ ᠶᠢ ᠪᠣᠳᠣᠪᠠᠯ ᠨᠡᠮᠡᠯᠲᠡ ᠮᠠᠲ᠋ᠧᠷᠢᠶᠠᠯ ᠤᠳ ᠢᠶᠠᠷ ᠪᠠᠶᠠᠯᠢᠭ ᠪᠠᠶᠢᠳᠠᠭ ᠪᠠᠶᠢᠨ᠎ᠠ᠃ ᠤᠩᠰᠢᠭᠴᠢᠳ ᠲᠤ ᠵᠣᠷᠢᠭᠤᠯᠤᠭᠰᠠᠨ ᠭᠡᠳᠡᠭ ᠤᠳᠬ᠎ᠠ ᠪᠠᠷ ᠢᠶᠠᠨ ᠲᠡᠳᠡᠨ ᠦ ᠮᠡᠳᠡᠬᠦ ᠶᠢ ᠬᠦᠰᠡᠭᠰᠡᠨ ᠨᠡᠮᠡᠯᠲᠡ ᠮᠠᠲ᠋ᠧᠷᠢᠶᠠᠯ ᠪᠣᠯᠤᠨ ᠵᠢᠷᠤᠭ ᠤᠳ ᠪᠣᠲᠢ ᠳᠡᠭᠡᠷ᠎ᠡ ᠠᠭᠤᠯᠠᠯᠠᠭᠳᠠᠳᠠᠭ᠃

ᠪᠢᠳᠡᠨ ᠦ ᠮᠡᠳᠡᠬᠦ ᠨᠠᠷᠦ᠋ᠲ᠋ᠣ᠋ ᠮᠠᠩᠭ᠎ᠠ ᠴᠤᠪᠤᠷᠠᠯ ᠨᠢ ᠨᠡᠶᠢᠲᠡ 700 ᠪᠦᠯᠦᠭ ᠲᠡᠢ ᠪᠥᠭᠡᠳ ᠨᠡᠶᠢᠲᠡ 72 ᠪᠣᠲᠢ ᠪᠣᠯᠤᠨ ᠴᠤᠭᠯᠠᠭᠤᠯᠤᠭᠳᠠᠭᠰᠠᠨ ᠪᠠᠶᠢᠨ᠎ᠠ᠃

Weekly Shonen Jump ᠰᠡᠳᠬᠦᠯ ᠡᠴᠡ 1976 ᠤᠨ ᠤ 9 ᠍ ᠳᠦᠭᠡᠷ ᠰᠠᠷ᠎ᠠ ᠠᠴᠠ ᠣᠳᠣ ᠶᠢ ᠬᠦᠷᠲᠡᠯ᠎ᠡ ᠡᠷᠬᠢᠯᠡᠨ ᠭᠠᠷᠭᠠᠵᠤ ᠪᠠᠶᠢᠭ᠎ᠠ Kochikame ᠪᠤᠶᠤ Kochira Katsushika-ku Kameari Kōen Mae Hashutsujo ᠮᠠᠩᠭ᠎ᠠ ᠴᠤᠪᠤᠷᠠᠯ ᠨᠢ 1911 ᠪᠦᠯᠦᠭ ᠲᠡᠢ ᠡᠴᠡ 197 ᠪᠣᠲᠢ ᠴᠤᠭᠯᠠᠭᠤᠯᠤᠭᠳᠠᠨ ᠭᠠᠷᠴᠠᠢ᠃

ᠳ᠋ᠣᠦ᠋ᠵᠢᠨᠰᠢ (Dojinshi)[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭᠠᠴᠢ ᠪᠣᠯᠤᠨ ᠵᠣᠬᠢᠶᠠᠯᠴᠢ ᠨᠠᠷ ᠥᠪᠡᠷ ᠦᠨ ᠬᠤᠪᠢ ᠶᠢᠨ ᠵᠦᠭ ᠡᠴᠡ ᠪᠡᠶ᠎ᠡ ᠳᠠᠭᠠᠭᠠᠵᠤ ᠬᠡᠪᠯᠡᠨ ᠤᠩᠰᠢᠭᠴᠢᠳ ᠲᠤ ᠬᠦᠷᠭᠡᠵᠦ ᠪᠠᠶᠢᠭ᠎ᠠ ᠨᠢ ᠳ᠋ᠣᠦ᠋ᠵᠢᠨᠰᠢ (同人誌)ᠮᠠᠩᠭ᠎ᠠ ᠶᠤᠮ᠃ ᠳᠡᠶᠢᠯᠦᠩᠬᠢ ᠳ᠋ᠣᠦ᠋ᠵᠢᠨᠰᠢ ᠮᠠᠩᠭ᠎ᠠ ᠨᠤᠭᠤᠳ ᠨᠢ 《ᠰᠧᠶᠢᠵᠢᠨ》 ᠲᠥᠷᠦᠯ ᠳᠦ ᠪᠠᠭᠲᠠᠳᠠᠭ᠃

ᠮᠠᠩᠭ᠎ᠠ ᠶᠢᠨ ᠤᠩᠰᠢᠭᠳᠠᠬᠤ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠠᠫᠣᠨ ᠤ ᠮᠠᠩᠭ᠎ᠠ ᠶᠢ ᠪᠠᠷᠠᠭᠤᠨ ᠠᠴᠠ ᠵᠡᠭᠦᠨ ᠴᠢᠭᠯᠡᠯ ᠳᠦ ᠤᠩᠰᠢᠳᠠᠭ᠃ ᠡᠨᠡ ᠨᠢ ᠲᠡᠳᠡᠨ ᠦ ᠵᠠᠭᠤᠨ ᠳᠠᠮᠵᠢᠨ ᠢᠷᠡᠭᠰᠡᠨ ᠪᠢᠴᠢᠭ ᠦᠨ ᠥᠪ ᠰᠤᠶᠤᠯ ᠲᠠᠢ ᠨᠢᠭᠲᠠ ᠬᠣᠯᠪᠣᠭ᠎ᠠ ᠲᠠᠢ᠃ ᠶᠡᠬᠡᠩᠬᠢ ᠮᠠᠩᠭ᠎ᠠ ᠨᠤᠭᠤᠳ ᠬᠠᠨᠵᠢ (ᠺᠠᠨᠵᠢ)᠂ ᠹᠥᠷᠠᠭᠠᠨᠠ ᠦᠰᠦᠭ  ᠦᠳ ᠢ ᠬᠡᠷᠡᠭᠯᠡᠵᠦ ᠪᠢᠴᠢᠭᠳᠡᠭᠰᠡᠨ ᠪᠠᠶᠢᠳᠠᠭ᠃ ᠮᠠᠩᠭ᠎ᠠ ᠳᠤ ᠭᠠᠷᠴᠤ ᠪᠤᠢ ᠳᠦᠷᠢ ᠨᠦᠭᠦᠳ ᠦᠨ ᠬᠣᠭᠣᠷᠣᠨᠳᠣ ᠥᠷᠨᠢᠬᠦ ᠬᠠᠷᠢᠯᠴᠠᠨ ᠶᠠᠷᠢᠶ᠎ᠠ ᠳᠠᠪᠬᠤᠷ ᠤᠳᠬ᠎ᠠ ᠢᠯᠡᠷᠬᠡᠶᠢᠯᠡᠳᠡᠭ ᠤᠴᠢᠷ ᠺᠠᠨᠵᠢ ᠶᠢ ᠭᠣᠣᠯᠴᠢᠯᠠᠨ ᠬᠡᠷᠡᠭᠯᠡᠳᠡᠭ᠃ ᠭᠡᠬᠦ ᠳᠦ ᠪᠡᠨ ᠲᠤᠬᠠᠢ ᠶᠢᠨ ᠮᠠᠩᠭ᠎ᠠ ᠶᠢᠨ ᠲᠥᠷᠥᠯ ᠡᠴᠡ ᠬᠠᠮᠢᠶᠠᠷᠴᠤ ᠬᠠᠷᠢᠯᠴᠠᠨ ᠠᠳᠠᠯᠢ ᠦᠭᠡᠢ ᠪᠠᠶᠢᠵᠤ ᠪᠣᠯᠤᠨ᠎ᠠ᠃

ᠬᠡᠦᠬᠡᠳ ᠲᠦ ᠵᠣᠷᠢᠭᠤᠯᠤᠭᠰᠠᠨ ᠮᠠᠩᠭ᠎ᠠ ᠨᠤᠭᠤᠳ ᠲᠤ ᠺᠠᠨᠵᠢ ᠪᠢᠰᠢ ᠹᠥᠷᠢᠭᠠᠨᠠ ᠬᠡᠷᠡᠭᠯᠡᠳᠡᠭ ᠤᠴᠢᠷ ᠨᠢ ᠤᠩᠰᠢᠭᠳᠠᠬᠤ ᠳᠤ ᠬᠢᠯᠪᠠᠷ ᠬᠡᠮᠡᠨ ᠦᠵᠡᠳᠡᠭ ᠪᠠᠶᠢᠨ᠎ᠠ᠃ ᠬᠠᠷᠢᠨ ᠥᠰᠪᠦᠷᠢ ᠨᠠᠰᠤᠨ ᠤ ᠬᠢᠨ ᠪᠣᠯᠤᠨ ᠨᠠᠰᠤᠨ ᠳᠤ ᠬᠦᠷᠦᠭᠴᠢᠳ ᠲᠦ ᠵᠣᠷᠢᠭᠤᠯᠤᠭᠰᠠᠨ ᠮᠠᠩᠭ᠎ᠠ ᠺᠠᠨᠵᠢ᠂ ᠹᠥᠷᠢᠭᠠᠨᠠ ᠶᠢᠨ ᠬᠠᠮᠲᠤ ᠪᠠᠷ ᠬᠡᠷᠡᠭᠯᠡᠭᠳᠡᠨ ᠪᠢᠴᠢᠭᠳᠡᠳᠡᠭ᠃  ᠶᠡᠬᠡᠩᠬᠢ ᠮᠠᠩᠭ᠎ᠠ ᠪᠠᠷᠠᠭᠤᠨ ᠠᠴᠠ ᠵᠡᠭᠦᠨᠰᠢ ᠤᠩᠰᠢᠬᠤ ᠪᠠᠷ ᠪᠦᠲᠦᠭᠡᠭᠳᠡᠭᠰᠡᠨ ᠪᠠᠶᠢᠳᠠᠭ ᠪᠣᠯᠪᠠᠴᠤ ᠶᠠᠫᠣᠨ ᠠᠴᠠ ᠥᠭᠡᠷ᠎ᠡ ᠤᠯᠤᠰ ᠲᠤ ᠪᠦᠲᠦᠭᠡᠭᠳᠡᠭᠰᠡᠨ ᠮᠠᠩᠭ᠎ᠠ ᠨᠤᠭᠤᠳ ᠰᠲ᠋ᠠᠨᠳᠠᠷᠲ ᠪᠤᠶᠤ ᠵᠡᠭᠦᠨ ᠡᠴᠡ ᠪᠠᠷᠠᠭᠤᠨ ᠴᠢᠭᠯᠡᠯ ᠳᠦ ᠤᠩᠰᠢᠬᠤ ᠪᠠᠷ ᠪᠠᠶᠢᠵᠤ ᠪᠣᠯᠳᠠᠭ᠃ ᠬᠢᠲᠠᠳ᠂ ᠰᠣᠯᠣᠩᠭᠣᠰ ᠤᠯᠤᠰ ᠤᠨ ᠮᠠᠨᠬᠤᠸᠠ᠂ ᠮᠠᠨᠬᠤᠸᠠ(manhwa) ᠨᠤᠭᠤᠳ ᠵᠡᠭᠦᠨ ᠡᠴᠡ ᠪᠠᠷᠠᠭᠤᠨ ᠤᠩᠰᠢᠬᠤ ᠤᠷᠤᠰᠬᠠᠯ ᠢ ᠳᠠᠭᠠᠳᠠᠭ᠃

ᠮᠠᠩᠭ᠎ᠠ ᠬᠡᠪᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠩᠭ᠎ᠠ ᠤᠷᠠᠯᠢᠭ ᠨᠢ ᠶᠠᠫᠣᠨ ᠤ ᠬᠡᠪᠯᠡᠯ ᠮᠡᠳᠡᠭᠡᠯᠡᠯ ᠦᠨ ᠰᠠᠯᠪᠤᠷᠢ ᠳᠤ 2007 ᠤᠨ ᠳᠤ 40.6 ᠲᠡᠷᠪᠤᠮ ᠶᠸᠨ ᠪᠤᠶᠤ ᠣᠶᠢᠷᠠᠯᠴᠠᠭ᠎ᠠ ᠪᠠᠷ 395$ ᠰᠠᠶ᠎ᠠ ᠳ᠋ᠣᠯᠯᠠᠷ ᠤᠨ ᠮᠥᠩᠭᠥᠨ ᠦ ᠡᠷᠭᠢᠯᠲᠡ ᠪᠤᠢ ᠪᠣᠯᠭᠠᠭᠰᠠᠨ ᠪᠠᠶᠢᠯ᠎ᠠ᠃ [1] 2006 ᠤᠨ ᠳᠤ ᠶᠠᠫᠣᠨ ᠳᠤ ᠨᠡᠶᠢᠲᠡ ᠵᠠᠷᠤᠭᠳᠠᠵᠤ ᠪᠤᠢ ᠨᠣᠮ ᠪᠣᠯᠤᠨ ᠰᠡᠳᠬᠦᠯ ᠦᠨ 27% ᠍ ᠶᠢ 《ᠮᠠᠩᠭ᠎ᠠ》 ᠡᠵᠡᠯᠡᠵᠦ ᠪᠠᠶᠢᠭᠰᠠᠨ ᠠᠴᠠ ᠲᠡᠭᠦᠨ ᠦ ᠳᠣᠲᠣᠷ᠎ᠠ ᠠᠴᠠ 20% ᠍ ᠢ ᠳᠣᠯᠣᠭ᠎ᠠ ᠬᠣᠨᠣᠭ᠂ ᠰᠠᠷ᠎ᠠ ᠲᠤᠲᠤᠮ ᠤᠨ ᠮᠠᠩᠭ᠎ᠠ ᠰᠡᠳᠬᠦᠯ ᠦᠳ ᠵᠣᠩᠬᠢᠯᠠᠵᠤ ᠪᠠᠶᠢᠵᠠᠢ᠃ [2] ᠬᠤᠷᠳᠤᠴᠠ ᠲᠠᠢ ᠬᠥᠭᠵᠢᠵᠦ ᠪᠤᠢ ᠶᠠᠫᠣᠨ ᠤ ᠮᠠᠩᠭ᠎ᠠ ᠰᠠᠯᠪᠤᠷᠢ ᠤᠯᠠᠮ ᠢᠶᠠᠷ ᠣᠯᠠᠨ ᠤᠯᠤᠰ ᠣᠷᠣᠨ ᠤᠷᠤᠭᠤ ᠬᠦᠷᠢᠶ᠎ᠡ ᠪᠡᠨ ᠲᠡᠯᠡᠬᠦ ᠪᠣᠯᠤᠭᠰᠠᠨ ᠪᠥᠭᠡᠳ ᠭᠠᠳᠠᠭᠠᠳᠤ ᠤᠯᠤᠰ ᠣᠷᠣᠨ ᠳᠤ ᠦᠢᠯᠡ ᠠᠵᠢᠯᠯᠠᠭ᠎ᠠ ᠪᠠᠨ ᠶᠠᠪᠤᠭᠤᠯᠬᠤ ᠬᠡᠪᠯᠡᠯ ᠦᠨ ᠪᠠᠶᠢᠭᠤᠯᠤᠯᠭ᠎ᠠ ᠨᠤᠭᠤᠳ ᠥᠪᠡᠷᠰᠡᠳ ᠦᠨ ᠬᠡᠯᠡ ᠳᠡᠭᠡᠷ᠎ᠡ ᠣᠷᠴᠢᠭᠤᠯᠤᠨ ᠬᠡᠪᠯᠡᠵᠦ ᠤᠩᠰᠢᠭᠴᠢᠳ ᠲᠤ ᠬᠦᠷᠭᠡᠵᠦ ᠪᠠᠶᠢᠨ᠎ᠠ᠃

ᠬᠠᠮᠤᠷᠬᠤ ᠬᠦᠷᠢᠶ᠎ᠡ ᠪᠠ ᠨᠥᠯᠥᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠵᠢᠯ ᠬᠥᠭᠵᠢᠵᠦ ᠪᠠᠶᠢᠭ᠎ᠠ ᠶᠠᠫᠣᠨ ᠤ ᠮᠠᠩᠭ᠎ᠠ ᠤᠷᠠᠯᠢᠭ ᠨᠢ ᠳᠡᠯᠡᠬᠡᠢ ᠶᠢᠨ ᠣᠯᠠᠨ ᠤᠯᠤᠰ ᠣᠷᠣᠨ ᠳᠤ ᠥᠪᠡᠷ ᠦᠨ ᠪᠠᠶᠢᠷᠢ ᠰᠠᠭᠤᠷᠢ᠂ ᠨᠥᠯᠥᠭᠡᠯᠡᠯ ᠢᠶᠡᠨ ᠲᠣᠭᠲᠠᠭᠠᠵᠤ ᠪᠠᠶᠢᠨ᠎ᠠ᠃ ᠮᠠᠩᠭ᠎ᠠ ᠳᠤ ᠲᠣᠭᠲᠠᠭᠰᠠᠨ ᠲᠤᠰᠬᠠᠢ ᠬᠡᠪ ᠮᠠ᠍ᠶᠢᠭ ᠨᠢ ᠳᠡᠯᠡᠬᠡᠢ ᠶᠢᠨ ᠣᠯᠠᠨ ᠬᠡᠦᠬᠡᠳ ᠪᠠᠭᠠᠴᠤᠳ᠂ ᠥᠰᠪᠦᠷᠢ ᠨᠠᠰᠤᠨ ᠤ ᠬᠢᠨ ᠳᠤ ᠪᠣᠯᠤᠨ ᠤᠷᠠᠨ ᠪᠦᠲᠦᠭᠡᠯᠴᠢᠳ ᠲᠦ ᠨᠥᠯᠦᠭᠡᠯᠡᠭᠡᠳ ᠵᠣᠭᠰᠣᠬᠤ ᠦᠭᠡᠢ ᠦᠭᠦᠯᠡᠭᠳᠡᠬᠦ ᠰᠠᠨᠠᠭ᠎ᠠ᠂ ᠰᠡᠳᠦᠪ ᠦᠳ ᠨᠢ ᠤᠩᠰᠢᠭᠴᠢᠳ ᠤᠨ ᠰᠡᠳᠬᠢᠯ ᠳᠦ ᠬᠦᠷᠬᠦᠶᠢᠴᠡ ᠬᠡᠮᠵᠢᠶᠡᠨ ᠦ ᠴᠢᠨᠠᠷᠲᠠᠢ ᠪᠦᠲᠦᠭᠡᠭᠳᠡᠳᠡᠭ᠃

ᠬᠢᠲᠠᠳ ᠪᠣᠯᠤᠨ ᠡᠮᠦᠨ᠎ᠡ ᠰᠣᠯᠣᠩᠭᠣᠰ ᠵᠡᠷᠭᠡ ᠤᠯᠤᠰ ᠣᠷᠣᠨ ᠨᠤᠭᠤᠳ ᠲᠤ ᠶᠠᠫᠣᠨ ᠤ ᠮᠠᠩᠭ᠎ᠠ ᠤᠷᠠᠯᠢᠭ ᠬᠦᠴᠦᠲᠡᠢ ᠨᠥᠯᠦᠭᠡᠯᠡᠭᠰᠡᠨ ᠲᠡᠳᠦᠢ ᠦᠭᠡᠢ ᠲᠡᠳᠡ ᠥᠪᠡᠷᠰᠡᠳ ᠦᠨ ᠭᠡᠰᠡᠨ ᠨᠡᠷᠡᠰᠢᠯ ᠲᠡᠢ ᠪᠣᠯᠤᠭᠰᠠᠨ᠃

 • ᠮᠠᠨᠬᠤᠸᠠ (Manhua) - ᠬᠢᠲᠠᠳ ᠤᠯᠤᠰ ᠤᠨ ᠮᠠᠩᠭ᠎ᠠ ᠶᠢᠨ ᠨᠡᠷᠡᠰᠢᠯ
 • ᠮᠠᠨᠬᠤᠸᠠ (Manhwa) - ᠡᠮᠦᠨ᠎ᠡ ᠰᠣᠯᠣᠩᠭᠣᠰ ᠤᠨ ᠮᠠᠩᠭ᠎ᠠ ᠨᠡᠷᠡᠰᠢᠯ

ᠮᠥᠨ ᠹᠷᠠᠨᠼᠢ ᠤᠯᠤᠰ ᠥᠪᠡᠷᠰᠡᠳ ᠦᠨ ᠭᠡᠰᠡᠨ ᠲᠣᠭᠲᠠᠭᠰᠠᠨ ᠨᠡᠷᠡᠰᠢᠯ ᠲᠡᠢ᠃ ᠬᠡᠳᠦᠢ ᠪᠡᠷ ᠲᠡᠳᠡ ᠥᠪᠡᠷᠰᠡᠳ ᠦᠨ ᠭᠡᠰᠡᠨ ᠵᠢᠷᠤᠭᠲᠤ ᠨᠣᠮ ᠢ ᠨᠡᠷᠡᠯᠡᠳᠡᠭ ᠲᠣᠭᠲᠠᠭᠰᠠᠨ ᠨᠡᠷᠡᠰᠢᠯ ᠲᠡᠢ ᠪᠣᠯᠪᠠᠴᠤ ᠹᠷᠠᠨᠼᠢ ᠤᠯᠤᠰ ᠲᠤ ᠶᠠᠫᠣᠨ ᠤ ᠮᠠᠩᠭ᠎ᠠ ᠠᠴᠠ ᠰᠡᠳᠦᠪᠯᠡᠭᠰᠡᠨ ᠨᠥᠯᠥᠭᠡᠯᠡᠯ ᠬᠦᠴᠦᠲᠡᠢ ᠪᠠᠶᠢᠳᠠᠭ᠃

 • ᠮᠠᠨᠹᠷᠠ (Manfra) - ᠹᠷᠠᠨᠼᠢ ᠤᠯᠤᠰ ᠤᠨ ᠮᠠᠩᠭ᠎ᠠ ᠶᠢᠨ ᠨᠡᠷᠡᠰᠢᠯ

ᠳᠡᠯᠡᠬᠡᠢ ᠶᠢᠨ ᠣᠯᠠᠨ ᠤᠯᠤᠰ ᠣᠷᠣᠨ ᠳᠤ ᠶᠠᠫᠣᠨ ᠤ ᠮᠠᠩᠭ᠎ᠠ ᠶᠢ ᠥᠪᠡᠷᠰᠡᠳ ᠦᠨ ᠬᠡᠯᠡ ᠪᠣᠯᠤᠨ ᠠᠩᠭᠯᠢ ᠬᠡᠯᠡ ᠳᠡᠭᠡᠷ᠎ᠡ ᠣᠷᠴᠢᠭᠤᠯᠤᠨ ᠤᠩᠰᠢᠭᠴᠢᠳ ᠲᠤ ᠬᠦᠷᠭᠡᠳᠡᠭ᠃ ᠠᠮᠧᠷᠢᠺᠠ ᠶᠢᠨ ᠨᠢᠭᠡᠳᠦᠭᠰᠡᠨ ᠤᠯᠤᠰ ᠲᠤ ᠦᠢᠯᠡ ᠠᠵᠢᠯᠯᠠᠭ᠎ᠠ ᠪᠠᠨ ᠶᠠᠪᠤᠭᠤᠯᠳᠠᠭ VIZ Media᠂ Yen Press᠂ Vertical Inc ᠬᠡᠮᠡᠬᠦ ᠺᠣᠮᠫᠠᠨᠢ ᠨᠤᠭᠤᠳ ᠨᠢ ᠶᠠᠫᠣᠨ ᠤ ᠮᠠᠩᠭ᠎ᠠ ᠶᠢ ᠠᠩᠭᠯᠢ ᠬᠡᠯᠡ ᠳᠡᠭᠡᠷ᠎ᠡ ᠬᠥᠷᠪᠡᠭᠦᠯᠦᠨ᠂ ᠵᠠᠷᠤᠵᠤ ᠪᠣᠷᠣᠯᠠᠭᠤᠯᠳᠠᠭ ᠺᠣᠮᠫᠠᠨᠢ ᠨᠤᠭᠤᠳ ᠶᠤᠮ᠃

ᠮᠠᠩᠭ᠎ᠠ ᠲᠠᠢ ᠬᠣᠯᠪᠣᠭ᠎ᠠ ᠲᠠᠢ ᠲᠡᠮᠡᠴᠡᠭᠡᠨ ᠤᠷᠤᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠠᠫᠣᠨ ᠤ ᠮᠠᠩᠭ᠎ᠠ ᠦᠢᠯᠡᠳᠪᠦᠷᠢᠯᠡᠯ ᠦᠨ ᠰᠠᠯᠪᠤᠷᠢ ᠠᠴᠠ ᠤᠷᠠᠨ ᠪᠦᠲᠦᠭᠡᠯᠴᠢᠳ ᠲᠦ ᠵᠣᠷᠢᠭᠤᠯᠵᠤ ᠣᠯᠠᠨ ᠲᠥᠷᠥᠯ ᠦᠨ ᠨᠡᠷᠡᠮᠵᠢᠲᠦ ᠤᠷᠤᠯᠳᠤᠭᠠᠨ᠂ ᠲᠡᠮᠡᠴᠡᠭᠡᠨ ᠢ ᠵᠣᠬᠢᠶᠠᠨ ᠪᠠᠶᠢᠭᠤᠯᠳᠠᠭ᠃ ᠶᠡᠬᠡᠪᠴᠢᠯᠡᠨ ᠮᠠᠩᠭ᠎ᠠ ᠡᠷᠬᠢᠯᠡᠨ ᠭᠠᠷᠭᠠᠭᠴᠢ ᠺᠣᠮᠫᠠᠨᠢ ᠨᠤᠭᠤᠳ ᠰᠫᠣᠩᠰᠣᠷᠯᠠᠵᠤ ᠵᠣᠬᠢᠶᠠᠳᠠᠭ ᠪᠠᠶᠢᠨ᠎ᠠ᠃


 • The Akatsuka Award - ᠬᠣᠱᠣᠩ᠂ ᠢᠨᠢᠶᠡᠳᠦᠮ ᠦᠨ ᠲᠥᠷᠥᠯ ᠦᠨ ᠮᠠᠩᠭ᠎ᠠ ᠪᠦᠲᠦᠭᠡᠯ ᠦᠨ ᠤᠷᠤᠯᠳᠤᠭᠠᠨ᠃
 • The Dengeki Comic Grand Prix - ᠣᠨᠧᠱᠣᠲ ᠮᠠᠩᠭ᠎ᠠ ᠪᠦᠲᠦᠭᠡᠯ ᠦᠨ ᠤᠷᠤᠯᠳᠤᠭᠠᠨ᠃
 • The Japan Cartoonists Association Award - ᠣᠯᠠᠨ ᠲᠥᠷᠥᠯᠳᠦ ᠮᠠᠩᠭ᠎ᠠ ᠪᠦᠲᠦᠭᠡᠯ ᠦᠨ ᠤᠷᠤᠯᠳᠤᠭᠠᠨ᠃
 • The Kodansha Manga Award - ᠣᠯᠠᠨ ᠲᠥᠷᠥᠯᠳᠦ ᠮᠠᠩᠭ᠎ᠠ ᠪᠦᠲᠦᠭᠡᠯ ᠦᠨ ᠤᠷᠤᠯᠳᠤᠭᠠᠨ᠃
 • The Seiun Award - ᠰᠢᠨᠵᠢᠯᠡᠬᠦ ᠤᠬᠠᠭᠠᠨ᠂ ᠵᠥᠩᠨᠡᠯᠳᠦ ᠲᠥᠷᠥᠯ ᠦᠨ ᠮᠠᠩᠭ᠎ᠠ ᠪᠦᠲᠦᠭᠡᠯ ᠦᠨ ᠤᠷᠤᠯᠳᠤᠭᠠᠨ᠃
 • The Shogakukan Manga Award - ᠣᠯᠠᠨ ᠲᠥᠷᠥᠯᠳᠦ ᠮᠠᠩᠭ᠎ᠠ ᠪᠦᠲᠦᠭᠡᠯ ᠦᠨ ᠤᠷᠤᠯᠳᠤᠭᠠᠨ᠃
 • The Tezuka Award - ᠲᠧᠽᠦᠺᠠ ᠣᠰᠠᠮᠦ᠋ ᠶᠢᠨ ᠨᠡᠷᠡᠮᠵᠢᠲᠦ ᠮᠠᠩᠭ᠎ᠠ ᠪᠦᠲᠦᠭᠡᠯ ᠦᠨ ᠤᠷᠤᠯᠳᠤᠭᠠᠨ᠃
 • International Manga Award - International Manga Award - ᠶᠠᠫᠣᠨ ᠤ ᠭᠠᠳᠠᠭᠠᠳᠤ ᠬᠡᠷᠡᠭ ᠦᠨ ᠶᠠᠮᠤᠨ ᠠᠴᠠ ᠣᠯᠠᠨ ᠤᠯᠤᠰ ᠤᠨ ᠬᠡᠮᠵᠢᠶᠡᠨ ᠳᠦ ᠵᠣᠬᠢᠶᠠᠳᠠᠭ ᠮᠠᠩᠭ᠎ᠠ ᠪᠦᠲᠦᠭᠡᠯ ᠦᠨ ᠤᠷᠤᠯᠳᠤᠭᠠᠨ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠩᠭ᠎ᠠ&oldid=481131》 ᠍  ᠡᠴᠡ ᠠᠪᠤᠭᠰᠠᠨ

ᠪᠢᠴᠢᠭᠡᠰᠦ