ᠮᠠᠩᠬᠠᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

МАНХАН СУМ

ХОВД ᠠᠶᠢᠮᠠᠭ ᠤᠨ МАНХАН ᠰᠤᠮᠤ ᠨᠢ ᠠᠷᠠᠳ ᠤᠨ ᠬᠤᠪᠢᠰᠬᠠᠯ ᠢᠯᠠᠭᠰᠠᠨ ᠤ ᠳᠠᠷᠠᠭ᠎ᠠ 1923 ᠣᠨ ᠳᠤ ᠴᠢᠨᠳᠠᠮᠠᠨᠢ ᠤᠤᠯ ᠤᠨ ᠬᠠᠨᠪᠠᠭᠠᠲᠤᠷ ᠬᠠᠶᠢᠷᠬᠠᠨ ᠠᠭᠤᠯᠠ ᠶᠢᠨ ᠬᠣᠰᠢᠭᠤ ᠲᠤᠰ ᠪᠦᠷᠢ ᠡᠴᠡ 50 ᠡᠷᠦᠬᠡ ᠶᠢ 

ᠨᠢᠭᠡᠳᠬᠡᠵᠦ 10 ᠪᠠᠭ ᠪᠣᠯᠭᠠᠨ ᠡᠭᠦᠰᠬᠡᠨ ᠪᠠᠶᠢᠭᠤᠯᠵᠠᠢ᠃ 1930 ᠍ ᠍ ᠍ ᠊ᠭᠠᠳ ᠣᠨ ᠬᠦᠷᠲᠡᠯ᠎ᠡ ᠲᠣᠭᠲᠠᠭᠰᠠᠨ ᠨᠡᠷ᠎ᠡ ᠦᠭᠡᠢ ᠪᠠᠶᠢᠭᠰᠠᠨ ᠪᠠ ᠲᠤᠬᠠᠢ ᠶᠢᠨ ᠦᠶ᠎ᠡ ᠳᠦ ᠬᠠᠷᠶᠠᠯᠠᠨ ᠵᠠᠬᠢᠷᠴᠢ ᠪᠠᠶᠢᠭᠰᠠᠨ ᠨᠣᠶᠠᠳ᠂ ᠵᠠᠩᠭᠢ ᠨᠤᠭᠤᠳ ᠤᠨ ᠨᠡᠷ᠎ᠡ ᠪᠡᠷ ... ᠨᠣᠶᠠᠨ ᠤ ᠬᠣᠰᠢᠭᠤ ᠭᠡᠬᠦ ᠮᠡᠲᠦ ᠪᠡᠷ ᠨᠡᠷᠡᠯᠡᠵᠦ ᠪᠠᠶᠢᠪᠠ᠃ 1930 ᠣᠨ ᠠᠴᠠ ᠰᠤᠮᠤ ᠶᠢᠨ ᠨᠡᠷ᠎ᠡ ᠶᠢ ᠨᠤᠲᠤᠭ ᠤᠨ ᠬᠣᠶᠢᠲᠤ ᠵᠦᠭ ᠲᠤ ᠤᠷᠤᠰᠢᠬᠤ ᠲᠠᠬᠢᠯᠭᠠᠲᠤ ᠠᠭᠤᠯᠠ ᠪᠣᠯᠬᠤ ᠮᠠᠩᠬᠠᠨ ᠠᠭᠤᠯᠠ ᠶᠢᠨ ᠨᠡᠷ᠎ᠡ ᠪᠡᠷ ᠮᠠᠩᠬᠠᠨ ᠤᠤᠯ ᠤᠨ ᠰᠤᠮᠤ ᠭᠡᠵᠦ ᠨᠡᠷᠡᠯᠡᠵᠦ ᠪᠠᠶᠢᠭᠠᠳ ᠶᠠᠪᠤᠴᠠ ᠶᠢᠨ ᠳᠤᠮᠳᠠ ᠤᠤᠯ ᠤᠨ ᠭᠡᠳᠡᠭ ᠦᠭᠡ ᠨᠢ ᠭᠡᠭᠡᠭᠳᠡᠵᠦ МАНХАН СУМ ᠪᠣᠯᠵᠠᠢ᠃ ᠠᠩᠬ᠎ᠠ ᠰᠤᠮᠤ ᠶᠢᠨ ᠲᠥᠪ ᠢ ᠵᠡᠷᠭᠡ ᠶᠢᠨ ᠭᠣᠣᠯ ᠬᠡᠮᠡᠬᠦ ᠭᠠᠵᠠᠷ ᠪᠠᠶᠢᠷᠢᠯᠠᠵᠤ ᠪᠠᠶᠢᠭᠠᠳ 1932 ᠣᠨ ᠳᠤ ᠪᠠᠶᠠᠨ᠋ᠲᠦᠮᠪᠦ ᠠᠭᠤᠯᠠ ᠶᠢᠨ ᠠᠷᠤ ᠳᠤ ᠲᠥᠭᠥᠷᠢᠭ ᠦᠨ ᠭᠣᠣᠯ ᠤᠨ ᠬᠥᠪᠡᠭᠡᠨ ᠳᠤ ᠰᠠᠭᠤᠷᠢᠰᠢᠭᠰᠠᠨ ᠪᠠᠶᠢᠨ᠎ᠠ᠃

ᠰᠤᠮᠤ ᠶᠢᠨ ᠲᠥᠪ ᠨᠢ ᠪᠦᠬᠦ ᠲᠠᠯ᠎ᠠ ᠪᠠᠷ ᠢᠶᠠᠨ ᠠᠤᠯᠠᠯᠠᠰ ᠢᠶᠠᠷ ᠬᠦᠷᠢᠶᠡᠯᠡᠭᠳᠡᠭᠰᠡᠨ ᠪᠠᠶᠢᠬᠤ ᠪᠠ ᠬᠣᠶᠢᠨ᠎ᠠ ᠠᠴᠠ ᠤᠷᠤᠭᠰᠢ 80 ᠭᠠᠷᠤᠢ ᠺᠮ᠂ ᠪᠠᠷᠠᠭᠤᠨ ᠠᠴᠠ ᠵᠡᠭᠦᠨ ᠲᠡᠰᠢ 90 ᠭᠠᠷᠤᠢ km ᠰᠤᠨᠵᠤ ᠲᠣᠭᠲᠠᠭᠰᠠᠨ 

4,330 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠃ ᠨᠡᠶᠢᠰᠯᠡᠯ ᠤᠯᠠᠭᠠᠨᠪᠠᠭᠠᠲᠤᠷ ᠬᠣᠲᠠ ᠠᠴᠠ 1336 ᠺᠢᠯᠣᠮᠧᠲ᠋ᠷ᠂ ᠠᠶᠢᠮᠠᠭ ᠤᠨ ᠲᠥᠪ ᠡᠴᠡ 84 ᠺᠢᠯᠣᠮᠧᠲ᠋ᠷ ᠵᠠᠶᠢᠲᠠᠢ᠃ 2011 ᠣᠨ ᠤ ᠪᠠᠶᠢᠳᠠᠯ ᠢᠶᠠᠷ 4000 ᠭᠠᠷᠤᠢ ᠬᠦᠮᠦᠨ ᠠᠮᠠ ᠲᠠᠢ ᠪᠠ ᠨᠡᠶᠢᠲᠡ ᠬᠦᠮᠦᠨ ᠠᠮᠠ ᠶᠢᠨ 90 ᠣᠷᠴᠢᠮ ᠬᠤᠪᠢ ᠶᠢ ᠵᠠᠬᠠᠴᠢᠨ ᠶᠠᠰᠤᠲᠠᠨ ᠨᠤᠭᠤᠳ ᠡᠵᠡᠯᠡᠳᠡᠭ᠃ ᠵᠠᠬᠠᠴᠢᠳ ᠨᠢ ᠮᠣᠩᠭᠣᠯ ᠤᠨ ᠦᠶ᠎ᠡ ᠦᠶ᠎ᠡ ᠶᠢᠨ ᠲᠡᠦᠬᠡᠨ ᠳᠦ ᠠᠮᠢ ᠪᠡᠶ᠎ᠡ ᠦᠯᠦ ᠬᠠᠶᠢᠷᠠᠯᠠᠨ ᠵᠢᠳᠬᠦᠵᠦ ᠢᠷᠡᠭᠰᠡᠨ ᠪᠠᠭᠠᠲᠤᠷᠯᠢᠭ ᠲᠡᠦᠬᠡ ᠲᠡᠢ ᠶᠠᠰᠤᠲᠠᠨ ᠶᠤᠮ᠃


ХҮМҮҮС

ᠮᠣᠩᠭᠣᠯ ᠤᠯᠤᠰ ᠤᠨ ᠪᠠᠭᠠᠲᠤᠷ ᠴᠡᠨᠳᠡᠶᠢᠨ ᠣᠯᠵᠠᠪᠠᠢ

ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠪᠣᠷᠣᠨᠳᠣᠩ ᠤᠨ ᠯᠤᠪᠰᠠᠩ

ᠤᠯᠤᠰ ᠤᠨ ᠶᠡᠬᠡ ᠬᠤᠷᠠᠯ ᠤᠨ ᠳᠠᠷᠤᠭ᠎ᠠ ᠠᠰᠠᠨ ᠳᠠᠮᠳᠢᠨ ᠤ ᠳᠡᠮᠪᠡᠷᠢᠯ


ᠪᠢᠴᠢᠭᠡᠰᠦ