ᠮᠠᠨ ᠢᠶᠸᠨ ᠦ ᠬᠢᠳᠤᠯᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠡᠷᠡᠭ ᠪᠣᠯᠤᠭᠰᠠᠨ ᠪᠠᠶᠢᠷᠢ

ᠪᠠᠷᠠᠭᠤᠨ ᠭᠧᠷᠮᠠᠨᠪᠠᠪᠠᠷᠢ ᠮᠤᠵᠢ ᠶᠢᠨ ᠮᠠᠨ ᠢᠶᠸᠨ ᠬᠣᠳᠠ ᠳᠤ ᠵᠣᠬᠢᠶᠠᠭᠳᠠᠭᠰᠠᠨ 1972 ᠣᠨ ᠤ ᠵᠤᠨ ᠤ ᠣᠯᠢᠮᠫᠢᠺ ᠤᠨ ᠦᠶ᠎ᠡ ᠪᠡᠷ ᠫᠠᠯᠧᠰᠲ᠋ᠠᠨᠬᠠᠷ᠎ᠠ ᠶᠢᠰᠦᠳᠦᠭᠡᠷ ᠰᠠᠷ᠎ᠠ ᠪᠦᠯᠦᠭ ᠦᠨ ᠬᠢᠨ ᠢᠰᠷᠸᠯ ᠤᠨ ᠲᠠᠮᠢᠷᠴᠢᠨ᠂ ᠳᠠᠰᠬᠠᠯᠵᠢᠭᠤᠯᠤᠭᠴᠢ 11 ᠬᠦᠮᠦᠨ ᠢ ᠪᠠᠷᠢᠴᠠᠭᠠᠯᠠᠵᠤ᠂ ᠤᠯᠠᠮ ᠢᠶᠠᠷ ᠪᠦᠭᠦᠳᠡ ᠠᠮᠢ ᠦᠷᠡᠭᠳᠡᠭᠰᠡᠨ (ᠮᠥᠨ ᠭᠧᠷᠮᠠᠨ ᠤ ᠴᠠᠭᠳᠠᠭ᠎ᠠ ᠶᠢᠨ ᠨᠢᠭᠡ ᠠᠯᠪᠠᠨ ᠬᠠᠭᠠᠭᠴᠢ ᠠᠮᠢ ᠠᠯᠠᠳᠠᠭᠰᠠᠨ) ᠡᠮᠭᠡᠨᠢᠯ ᠳᠦ ᠶᠠᠪᠤᠳᠠᠯ ᠢ ᠮᠠᠨ ᠢᠶᠸᠨ ᠦ ᠬᠢᠳᠤᠯᠭ᠎ᠠ (ᠠᠩᠭᠯᠢ ᠪᠠᠷ Munich massacre) ᠭᠡᠳᠡᠭ᠃ ᠪᠠᠷᠢᠴᠠᠭᠠᠯᠠᠭᠴᠢᠳ ᠢᠰᠷᠸᠯ ᠤᠨ ᠱᠣᠷᠣᠩ ᠳᠤ ᠬᠣᠷᠢᠭᠳᠠᠵᠤ ᠪᠠᠶᠢᠭᠰᠠᠨ 234 ᠬᠣᠷᠢᠭᠳᠠᠯ[1], ᠮᠥᠨ ᠭᠧᠷᠮᠠᠨ ᠤ ᠱᠣᠷᠣᠩ ᠳᠤ ᠬᠣᠷᠢᠭᠳᠠᠵᠤ ᠪᠠᠶᠢᠭᠰᠠᠨ᠂ ᠲᠤᠰ ᠤᠯᠤᠰ ᠤᠨ ᠤᠯᠠᠭᠠᠨ ᠠᠷᠮᠢ ᠶᠢᠨ ᠹᠷᠠᠺᠼᠢ ᠍ ᠢ ᠦᠨᠳᠦᠰᠦᠯᠡᠭᠴᠢᠳ ᠢ (ᠠᠨᠳᠠᠷ ᠠᠴᠠ ᠪᠠᠳᠧᠷᠤᠯᠠᠷᠢᠺᠧ ᠮᠠᠶᠢᠩᠬᠣᠹ) ᠨᠠᠷ ᠢ ᠰᠤᠯᠠᠯᠠᠬᠤ ᠱᠠᠭᠠᠷᠳᠠᠯᠭ᠎ᠠ ᠲᠠᠯᠪᠢᠵᠤ ᠪᠠᠶᠢᠪᠠ[2]᠃ ᠲᠡᠳᠡ ᠤᠭ ᠠᠵᠢᠯᠯᠠᠭ᠎ᠠ ᠶᠢ ᠪᠠᠨ 1948 ᠣᠨ ᠳᠤ ᠬᠠᠩᠨᠠ ᠪᠤᠶᠤ ᠪᠷᠢᠲ᠋ᠠᠨ(ᠠᠩᠭᠯᠢ) ᠤᠨ ᠢᠪᠡᠭᠡᠯ ᠳ᠋ᠡᠬᠢ ᠫᠠᠯᠧᠰᠲ᠋ᠠᠨ ᠤ ᠫᠠᠷᠯᠠᠮᠧᠨᠲ ᠤᠨ ᠰᠢᠢᠳᠪᠦᠷᠢ ᠪᠡᠷ ᠴᠥᠯᠡᠭᠳᠡᠭᠰᠡᠨ ᠾᠷᠢᠰᠲ᠋ ᠢᠲᠡᠭᠡᠯᠲᠦ ᠠᠷᠠᠪᠴᠤᠳ ᠤᠨ 2 ᠲᠣᠰᠬᠣᠨ ᠤ ᠨᠡᠷ᠎ᠡ ᠪᠡᠷ "ᠢᠺᠷᠢᠳ᠋ ᠪᠠ ᠪᠢᠷᠠᠮ" ᠬᠡᠮᠡᠨ ᠨᠡᠷᠡᠯᠡᠵᠦ ᠪᠠᠶᠢᠪᠠ[3]

ᠰᠢᠯᠲᠠᠭᠠᠨ ᠰᠡᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠣᠯᠠᠨ ᠤᠯᠤᠰ ᠤᠨ ᠣᠯᠢᠮᠫᠢᠺ ᠤᠨ ᠬᠣᠷᠢᠶ᠎ᠠ ᠫᠠᠯᠧᠰᠲ᠋ᠠᠨ ᠤᠯᠤᠰ ᠢ ᠰᠫᠣᠷᠲ ᠤᠨ ᠶᠡᠬᠡ ᠨᠠᠭᠠᠳᠤᠮ ᠳᠤ ᠤᠷᠤᠯᠴᠠᠬᠤ ᠬїᠰᠡᠯᠲᠡ ᠪᠡᠨ ᠢᠯᠡᠷᠬᠡᠶᠢᠯᠡᠭᠰᠡᠨ ᠦ ᠬᠠᠷᠢᠭᠤ ᠳᠤ ᠲᠠᠲᠠᠭᠠᠯᠵᠠᠭᠰᠠᠨ ᠭᠡᠳᠡᠭ ᠢ ᠪᠢᠳᠡ ᠳᠣᠯᠣᠭᠠᠳᠤᠭᠠᠷ ᠰᠠᠷ᠎ᠠ ᠶᠢᠨ 13 ᠍ ᠤ єᠭᠯєє ᠷᠤᠮᠠ ᠬᠣᠳᠠ ᠳᠤ ᠪᠠᠶᠢᠬᠤ ᠳᠤ ᠪᠠᠨ ᠮᠡᠳᠡᠭᠡᠳ ᠡᠨᠡ ᠰᠠᠨᠠᠭ᠎ᠠ ᠶᠢ ᠰᠡᠳᠡᠭᠰᠡᠨ ᠪᠢᠯᠡ᠃ ᠫᠠᠯᠧᠰᠲ᠋ᠠᠨ ᠭᠡᠵᠦ ᠤᠯᠤᠰ ᠡᠨᠡ ᠳᠡᠯᠡᠬᠡᠢ ᠳᠡᠭᠡᠷ᠎ᠡ ᠪᠠᠶᠢᠬᠠᠭїᠢ ᠭᠡᠰᠡᠨ ᠬᠠᠷᠢᠭᠤᠭ ᠲᠡᠭᠡᠬᠦ ᠳᠦ єᠭᠰєᠨ ᠶᠤᠮ᠃ ᠵᠠ᠂ ᠶᠠᠬᠤᠪ᠃ ᠲᠡᠭᠡᠪᠡᠯ ᠪᠢᠳᠡ ᠡᠶᠢᠮᠦ ᠤᠯᠤᠰ ᠳᠡᠯᠡᠬᠡᠢ ᠳᠡᠭᠡᠷ᠎ᠡ ᠪᠠᠶᠢᠳᠠᠭ ᠭᠡᠳᠡᠭ ᠢ ᠬᠦᠮᠦᠨ ᠲєᠷєᡀᠲєᠨᠳ ᠬᠠᠷᠠᠭᠤᠯᠤᠭᠠᠳ ᠣᠷᠬᠢᠶ᠎ᠠ ᠯᠠ ᠳ᠋ᠠ ᠭᠡᠵᠦ ᠪᠢ ᠬᠡᠯᠡᠭᠰᠡᠨ᠃ ᠪᠠᠷᠠᠭᠤᠨ ᠤ ᠤᠯᠤᠰ᠂ ᠣᠷᠣᠨ ᠨᠤᠭᠤᠳ ᠲᠡᠷᠡ ᠦᠶ᠎ᠡ ᠳᠦ ᠫᠠᠯᠧᠰᠲ᠋ᠠᠨ ᠭᠡᠳᠡᠭ ᠤᠯᠤᠰ ᠣᠭᠲᠣ ᠪᠠᠶᠢᠬᠠᠭїᠢ ᠮᠡᠲᠦ ᠪᠡᠷ ᠶᠠᠷᠢᠵᠤ ᠪᠠᠶᠢᠯ᠎ᠠ᠃ ᠲᠡᠭᠡᠪᠡᠯ ᠪᠢᠳᠡ ᠣᠯᠢᠮᠫᠢᠺ ᠤᠨ ᠲᠣᠭᠯᠠᠯᠲᠠ ᠶᠢ ᠦᠵᠡᠵᠦ ᠰᠠᠭᠤᠭ᠎ᠠ 500 ᠰᠠᠶ᠎ᠠ ᠬᠦᠨᠳᠦ ᠲᠡᠶᠢᠮᠦ ᠤᠯᠤᠰ ᠪᠠᠶᠢᠳᠠᠭ ᠶᠤᠮ ᠰᠢᠦ ᠭᠡᠳᠡᠭ ᠢ ᠬᠠᠷᠠᠭᠤᠯᠬᠤ ᠶᠢ ᠵᠣᠷᠢᠭᠰᠠᠨ》 ᠭᠡᠵᠦ ᠲᠡᠷᠬᠡᠦ ᠪᠠᠷᠢᠴᠠᠭᠠᠯᠠᠯᠲᠠ ᠶᠢ ᠵᠣᠬᠢᠶᠠᠨ ᠪᠠᠶᠢᠭᠤᠯᠤᠭᠴᠢᠳ ᠤᠨ ᠨᠢᠭᠡ ᠳᠠᠦ᠋ᠳ ᠬᠣᠵᠢᠮ ᠳᠤᠷᠠᠰᠴᠠᠢ᠃[4]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠯᠧᠰᠲ᠋ᠠᠨᠬᠠᠷ᠎ᠠ ᠶᠢᠰᠦᠳᠦᠭᠡᠷ ᠰᠠᠷ᠎ᠠ ᠍ ᠤᠨ 11 ᠭᠡᠰᠢᠭᠦᠨ ᠣᠯᠢᠮᠫᠢᠺ ᠤᠨ ᠲᠣᠰᠬᠣᠨ ᠳᠤ ᠨᠢᠭᠤᠴᠠ ᠪᠠᠷ ᠨᠡᠪᠲᠡᠷᠡᠨ ᠢᠰᠷᠸᠯ ᠤᠨ ᠲᠠᠮᠢᠷᠴᠢᠨᠳᠠᠰᠬᠠᠯᠵᠢᠭᠤᠯᠤᠭᠴᠢ 11 ᠬᠦᠮᠦᠨ ᠢ ᠪᠠᠶᠢᠷᠢᠯᠠᠵᠤ ᠪᠠᠶᠢᠭᠰᠠᠨ ᠪᠠᠶᠢᠷᠢᠨ ᠳᠤ ᠨᠢ ᠪᠠᠷᠢᠴᠠᠭᠠᠯᠠᠭᠰᠠᠨ ᠪᠠᠶᠢᠨ᠎ᠠ᠃ ᠪᠠᠷᠢᠴᠠᠭᠠᠯᠠᠭᠴᠢ ᠨᠠᠷᠠ ᠢᠰᠷᠢᠶᠡᠯᠢ ᠶᠢᠨ ᠲᠠᠮᠢᠷᠴᠢᠳ ᠢ ᠪᠠᠷᠢᠴᠠᠭᠠᠯᠠᠭᠰᠠᠨ ᠢᠶᠠᠨ ᠵᠠᠷᠯᠠᠨ ᠢᠰᠷᠢᠠᠯ ᠪᠠ ХБНГУ ᠍ ᠤᠨ ᠱᠣᠷᠣᠩ ᠳᠤ ᠬᠣᠷᠢᠭᠳᠠᠵᠤ ᠪᠠᠶᠢᠭ᠎ᠠ ᠫᠠᠯᠧᠰᠲ᠋ᠠᠨ ᠤ ᠬᠣᠷᠢᠭᠳᠠᠯ ᠤᠳ ᠍ ᠢ ᠰᠤᠯᠠᠯᠠᠬᠤ ᠱᠠᠭᠠᠷᠳᠠᠯᠭ᠎ᠠ ᠲᠠᠯᠪᠢᠭᠰᠠᠨ ᠪᠠᠶᠢᠨ᠎ᠠ᠃ ᠪᠠᠷᠠᠭᠤᠨ ᠭᠧᠷᠮᠠᠨ ᠤ ᠴᠠᠭᠳᠠᠭ᠎ᠠ ᠪᠣᠯᠤᠨ ᠲᠤᠰᠬᠠᠢ ᠬᠦᠴᠦᠨ ᠦ ᠬᠢᠨ ᠪᠠᠷᠢᠴᠠᠭᠠᠯᠠᠭᠴᠢ ᠨᠠᠷ ᠤᠨ ᠪᠠᠶᠢᠭᠰᠠᠨ ᠪᠠᠶᠢᠷᠢ ᠶᠢ ᠪᠥᠰᠡᠯᠡᠨ ᠬᠠᠭᠠᠭᠰᠠᠨ ᠪᠠᠶᠢᠨ᠎ᠠ᠃ ᠡᠨᠡ ᠦᠶ᠎ᠡ ᠳᠦ ᠢᠰᠷᠢᠶᠡᠯᠢ ᠶᠢᠨ ᠨᠢᠭᠤᠴᠠ ᠠᠯᠪᠠ ᠪᠣᠯᠬᠤ ᠮᠣᠰ ᠲᠤ ᠠᠯᠠᠨ ᠬᠢᠳᠤᠭᠴᠢ᠂ ᠪᠠᠷᠢᠴᠠᠭᠠᠯᠠᠭᠢᠳᠠ ᠲᠠᠢ ᠲᠡᠮᠡᠴᠡᠬᠦ ᠲᠤᠰᠬᠠᠢ ᠪᠦᠯᠦᠭ ᠢ ᠪᠠᠶᠢᠰᠢᠩ ᠳᠤ ᠨᠡᠪᠲᠡᠷᠡᠭᠦᠯᠦᠨ ᠲᠤᠰᠬᠠᠢ ᠠᠵᠢᠯᠯᠠᠭ᠎ᠠ ᠶᠠᠪᠤᠭᠤᠯᠬᠤ ᠶᠢ ᠪᠠᠷᠠᠭᠤᠨ ᠭᠧᠷᠮᠠᠨᠢ ᠲᠠᠯ᠎ᠠ ᠳᠤ ᠰᠠᠨᠠᠯ ᠪᠣᠯᠭᠠᠵᠠᠢ᠃ ᠭᠡᠪᠡᠴᠦ ᠪᠠᠷᠠᠭᠤᠨ ᠭᠧᠷᠮᠠᠨ ᠤ ᠲᠠᠯ᠎ᠠ ᠰᠠᠨᠠᠯ ᠳᠤ ᠲᠠᠲᠠᠭᠠᠯᠵᠠᠭᠰᠠᠨ ᠬᠠᠷᠢᠭᠤ ᠥᠭᠴᠦ ᠪᠠᠷᠢᠴᠠᠭᠠᠯᠠᠭᠴᠢ ᠨᠠᠷ ᠤᠨ ᠱᠠᠭᠠᠷᠳᠠᠯᠭ᠎ᠠ ᠶᠢ ᠪᠡᠶᠡᠯᠡᠭᠦᠯᠬᠦ ᠦᠭᠡᠢ ᠪᠠᠶᠢᠬᠤ ᠰᠢᠢᠳᠪᠦᠷᠢ ᠭᠠᠷᠭᠠᠨ ᠥᠪᠡᠷ ᠦᠨ ᠲᠤᠰᠬᠠᠢ ᠬᠦᠴᠦᠨ ᠦ ᠬᠦᠴᠦ ᠪᠡᠷ ᠪᠠᠷᠢᠴᠠᠭᠠᠯᠠᠭᠤᠯᠤᠭᠴᠢ ᠨᠠᠷ ᠢ ᠴᠢᠯᠦᠭᠡᠯᠡᠬᠦ ᠰᠢᠢᠳᠪᠦᠷᠢ ᠭᠠᠷᠭᠠᠭᠰᠠᠨ ᠪᠠᠶᠢᠨ᠎ᠠ᠃ ᠴᠢᠯᠦᠭᠡᠯᠡᠬᠦ ᠠᠵᠢᠯᠯᠠᠭ᠎ᠠᠨ ᠤ ᠦᠶ᠎ᠡ ᠳᠦ 11 ᠪᠠᠷᠢᠴᠠᠭᠠᠯᠠᠭᠴᠢ ᠶᠢᠨ 8 ᠍ ᠶᠢ ᠤᠰᠠᠳᠬᠠᠨ 3 ᠍ ᠶᠢ ᠪᠠᠷᠢᠪᠴᠢᠯᠠᠭᠰᠠᠨ ᠪᠥᠭᠡᠳ ᠪᠠᠷᠢᠴᠠᠭᠠᠯᠠᠭᠤᠯᠤᠭᠴᠢ ᠨᠠᠷ ᠢ ᠠᠮᠢᠳᠤ ᠪᠠᠷ ᠨᠢ ᠠᠪᠤᠷᠠᠵᠤ ᠴᠢᠳᠠᠭ᠎ᠠ ᠦᠭᠡᠢ ᠪᠠ ᠲᠤᠰᠬᠠᠢ ᠶᠢᠨ 1 ᠠᠵᠢᠯᠲᠠᠨ ᠠᠮᠢ ᠦᠷᠡᠭᠳᠡᠨ ᠬᠣᠬᠢᠷᠠᠵᠠᠢ᠃ ᠶᠡᠷᠦᠩᠬᠡᠢ ᠳᠤ ᠪᠡᠨ ᠠᠪᠤᠷᠠᠬᠤ ᠠᠵᠢᠯᠯᠠᠭ᠎ᠠ ᠪᠦᠷᠢᠨ ᠪᠦᠲᠦᠯᠭᠦᠶᠢᠲᠦᠵᠦ ᠳᠠᠭᠤᠰᠤᠭᠰᠠᠨ ᠨᠢ ᠪᠠᠷᠠᠭᠤᠨ ᠭᠧᠷᠮᠠᠨ ᠤ ᠲᠤᠰᠬᠠᠢ ᠬᠦᠴᠦᠨ ᠦ ᠪᠡᠯᠡᠳᠬᠡᠯ ᠮᠠᠰᠢ ᠬᠠᠩᠭᠠᠯᠲᠠ ᠦᠭᠡᠢ ᠮᠠᠭᠤ ᠪᠠᠶᠢᠭᠰᠠᠨ ᠢ ᠬᠠᠷᠠᠭᠤᠯᠤᠭᠰᠠᠨ ᠪᠠᠶᠢᠨ᠎ᠠ᠃ ᠬᠠᠯᠳᠠᠯᠭ᠎ᠠ ᠦᠢᠯᠡᠳᠡᠭᠰᠡᠳ ᠬᠣᠲᠠᠬᠠᠨ ᠳᠤ ᠨᠡᠪᠲᠡᠷᠡᠬᠦ ᠳᠦ ᠪᠡᠨ ᠭᠧᠷᠮᠠᠨ ᠤ ᠨᠧᠣ-ᠨᠠᠼᠢᠰᠲ ᠤᠳ ᠠᠴᠠ ᠲᠤᠰᠠᠯᠠᠯᠴᠠᠭ᠎ᠠ ᠠᠪᠤᠭᠰᠠᠨ ᠭᠡᠳᠡᠭ[5]᠃ ᠠᠮᠵᠢᠯᠲᠠ ᠦᠭᠡᠢ ᠪᠣᠯᠤᠭᠰᠠᠨ ᠠᠪᠤᠷᠠᠬᠤ ᠣᠷᠣᠯᠳᠤᠯᠭ᠎ᠠ ᠶᠢᠨ ᠦᠶ᠎ᠡ ᠪᠡᠷ ᠬᠠᠷ᠎ᠠ ᠶᠢᠰᠦᠳᠦᠭᠡᠷ ᠰᠠᠷ᠎ᠠ ᠶᠢᠨ 8 ᠭᠡᠰᠢᠭᠦᠨ ᠦ 5 ᠨᠢ ᠴᠠᠭᠳᠠᠭ᠎ᠠ ᠶᠢᠨ ᠬᠢᠨ ᠦ ᠰᠤᠮᠤᠨ ᠳᠤ ᠥᠷᠲᠥᠵᠦ ᠠᠯᠠᠭᠳᠠᠭᠰᠠᠨ᠃ ᠠᠮᠢᠳᠤ ᠦᠯᠡᠳᠡᠭᠰᠡᠨ 3 ᠪᠠᠷᠢᠴᠠᠭᠠᠯᠠᠭᠴᠢ ᠪᠠᠷᠢᠪᠴᠢᠯᠠᠭᠳᠠᠭᠰᠠᠨ ᠴᠤ ᠬᠠᠷ᠎ᠠ ᠶᠢᠰᠦᠳᠦᠭᠡᠷ ᠰᠠᠷ ᠤᠨ ᠬᠢᠨ ᠯᠦᠹᠲᠤᠬᠠᠨᠵᠠᠭᠡᠶᠢᠨ ᠣᠩᠭᠣᠴᠠ ᠶᠢ ᠪᠠᠷᠢᠴᠠᠭᠠᠯᠠᠭᠰᠠᠨ ᠬᠡᠷᠡᠭ ᠭᠠᠷᠴᠤ᠂ ᠲᠡᠷᠬᠡᠦ ᠭᠤᠷᠪᠠᠨ ᠠᠯᠠᠨ ᠬᠢᠳᠤᠭᠴᠢ ᠶᠢ ᠪᠠᠷᠠᠭᠤᠨ ᠭᠧᠷᠮᠠᠨ ᠤ ᠲᠠᠯ᠎ᠠ ᠰᠤᠯᠠᠯᠠᠬᠤ ᠠᠴᠠ ᠥᠭᠡᠷ᠎ᠡ ᠠᠷᠭ᠎ᠠ ᠦᠭᠡᠢ ᠪᠣᠯᠤᠭᠰᠠᠨ ᠲᠡᠦᠬᠡ ᠲᠡᠢ᠃

ᠰᠤᠷᠭᠠᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠬᠦ ᠡᠮᠭᠡᠨᠢᠯ ᠳᠦ ᠶᠠᠪᠤᠳᠠᠯ ᠠᠴᠠ ᠰᠤᠷᠭᠠᠮᠵᠢ ᠠᠪᠤᠭᠰᠠᠨ ᠢᠰᠷᠢᠠᠯ ᠡᠭᠦᠨ ᠡᠴᠡ ᠬᠣᠶᠢᠰᠢ ᠠᠯᠠᠨ ᠬᠢᠳᠤᠭᠴᠢ ᠪᠠᠷᠢᠴᠠᠭᠠᠯᠠᠭᠴᠢ ᠨᠠᠷ ᠲᠠᠢ ᠬᠡᠵᠢᠶ᠎ᠡ ᠴᠤ ᠲᠣᠬᠢᠷᠠᠯᠴᠠᠭ᠎ᠠ ᠬᠢᠬᠦ ᠦᠭᠡᠢ ᠬᠠᠷᠢᠨ ᠡᠶᠢᠮᠦ ᠦᠢᠯᠡᠳᠦᠯ ᠪᠦᠬᠦᠨ ᠳᠦ ᠲᠡᠭᠦᠨ ᠢ ᠵᠣᠬᠢᠶᠠᠨ ᠪᠠᠶᠢᠭᠤᠯᠤᠭᠰᠠᠨ ᠠᠯᠠᠨ ᠬᠢᠳᠤᠭᠴᠢ ᠨᠠᠷ ᠢ ᠤᠰᠠᠳᠬᠠᠬᠤ ᠪᠣᠯᠬᠤ ᠪᠠᠨ ᠠᠯᠪᠠᠨ ᠶᠣᠰᠣᠭᠠᠷ ᠮᠡᠳᠡᠭᠯᠡᠭᠰᠡᠨ ᠪᠠᠶᠢᠨ᠎ᠠ᠃ ᠢᠰᠷᠢᠠᠯ ᠮᠣᠰᠰᠠᠳ ᠤᠨ ᠲᠤᠰᠬᠠᠢ ᠬᠦᠴᠦᠨ ᠦ ᠪᠡᠯᠡᠳᠬᠡᠯ ᠢ ᠰᠠᠶᠢᠵᠢᠷᠠᠭᠤᠯᠤᠨ ᠠᠯᠠᠨ ᠬᠢᠳᠤᠭᠴᠢ ᠨᠠᠷᠠᠲᠠᠢ ᠲᠡᠮᠡᠴᠡᠨ ᠥᠰᠢᠶ᠎ᠡ ᠠᠪᠬᠤ ᠲᠤᠰᠬᠠᠢ ᠬᠡᠰᠡᠭ ᠢ ᠮᠠᠰᠢ ᠨᠢᠭᠤᠴᠠ ᠪᠠᠷ ᠵᠣᠬᠢᠶᠠᠨ ᠪᠠᠶᠢᠭᠤᠯᠠᠰᠤᠭᠰᠠᠨ ᠪᠠᠶᠢᠨ᠎ᠠ᠃ ᠡᠭᠦᠨ ᠡᠴᠡ ᠬᠣᠶᠢᠰᠢ ᠫᠠᠯᠧᠰᠲ᠋ᠠᠨ ᠢ ᠴᠢᠯᠦᠭᠡᠯᠡᠬᠦ ᠪᠠᠶᠢᠭᠤᠯᠤᠯᠭ᠎ᠠ ᠪᠣᠯᠤᠨ ᠪᠤᠰᠤᠳ ᠠᠷᠠᠪ ᠤᠨ ᠰᠠᠯᠠᠩ ᠲᠤᠰᠠᠭᠠᠷᠯᠠᠬᠤ ᠪᠠᠶᠢᠭᠤᠯᠤᠯᠭ᠎ᠠ ᠨᠤᠭᠤᠳ ᠍ ᠤᠨ ᠡᠰᠡᠷᠬᠦ ᠲᠡᠳᠡ ᠨᠠᠷ ᠤᠨ ᠤᠳᠤᠷᠢᠳᠤᠭᠴᠢ᠂ ᠪᠠᠷᠢᠴᠠᠭᠠᠯᠠᠯᠲᠠ ᠶᠢ ᠵᠣᠬᠢᠶᠠᠨ ᠪᠠᠶᠢᠭᠤᠯᠤᠭᠴᠢ᠂ ᠣᠷᠣᠯᠴᠠᠭᠴᠢ ᠨᠠᠷ ᠢ ᠠᠯᠢ ᠴᠤ ᠤᠯᠤᠰ ᠤᠨ ᠨᠤᠲᠤᠭ ᠳᠡᠪᠢᠰᠬᠡᠷ ᠲᠦ ᠪᠠᠶᠢᠭᠰᠠᠨ ᠬᠠᠮᠢᠶ᠎ᠠ ᠦᠭᠡᠢ ᠤᠰᠠᠳᠭᠠᠬᠤ ᠦᠢᠯᠡ ᠠᠵᠢᠯᠯᠠᠭ᠎ᠠ ᠨᠤᠭᠤᠳ ᠢ ᠬᠢᠵᠦ ᠡᠬᠢᠯᠡᠵᠡᠢ᠃ ᠫᠠᠯᠧᠰᠲ᠋ᠠᠨᠢ ᠲᠠᠯ᠎ᠠ ᠢᠰᠷᠢᠶᠡᠯᠢ ᠶᠢᠨ ᠲᠠᠯ᠎ᠠ ᠳᠤ ᠣᠯᠠᠨ ᠤᠯᠤᠰ ᠤᠨ ᠲᠦᠪᠰᠢᠨ ᠳᠦ ᠰᠢᠬᠠᠯᠲᠠ ᠤᠴᠠᠷᠠᠭᠤᠯᠬᠤ ᠵᠣᠷᠢᠯᠭ᠎ᠠ ᠪᠠᠷ ᠢᠰᠷᠢᠠᠯ ᠤᠨ ᠢᠷᠭᠡᠨ ᠦ ᠠᠭᠠᠷ ᠤᠨ ᠨᠢᠰᠬᠦ ᠺᠣᠮᠫᠠᠨᠢ ᠨᠤᠭᠤᠳ ᠍ ᠤᠨ ᠣᠩᠭᠣᠴᠠ ᠦᠳ ᠢ ᠤᠳᠠᠭ᠎ᠠ ᠳᠠᠷᠠᠭᠠᠯᠠᠨ ᠪᠠᠷᠢᠴᠠᠭᠠᠯᠠᠵᠤ ᠡᠬᠢᠯᠡᠭᠰᠡᠨ ᠪᠠᠶᠢᠨ᠎ᠠ᠃ ᠡᠭᠦᠨ ᠦ ᠬᠠᠷᠢᠭᠤ ᠳᠤ ᠢᠰᠷᠢᠶᠡᠯᠢ ᠶᠢᠨ ᠮᠣᠰ ᠲᠤ ᠲᠡᠭᠦᠨ ᠢ ᠵᠣᠬᠢᠶᠠᠨ ᠪᠠᠶᠢᠭᠤᠯᠤᠭᠴᠢ ᠨᠠᠷ ᠢ ᠢᠣᠷᠳᠠᠨᠶᠥᠭᠢᠫᠢᠲᠯᠢᠪᠢᠶ ᠠᠹᠷᠠᠨᠼᠢᠰᠸᠸᠳᠡᠨ ᠪᠣᠯᠤᠨ ᠪᠤᠰᠤᠳ ᠤᠯᠤᠰ ᠤᠳ ᠲᠤ ᠠᠯᠠᠬᠤ ᠣᠯᠠᠨ ᠤᠳᠠᠭ᠎ᠠ ᠶᠢᠨ ᠲᠤᠰᠬᠠᠢ ᠠᠵᠢᠯᠯᠠᠭ᠎ᠠ ᠨᠤᠭᠤᠳ ᠢ ᠨᠢᠭᠤᠴᠠ ᠪᠠᠷ ᠵᠣᠬᠢᠶᠠᠨ ᠪᠠᠶᠢᠭᠤᠯᠵᠠᠢ᠃ ᠡᠳᠡᠭᠡᠷ ᠢ ᠲᠤᠬᠠᠢ ᠶᠢᠨ ᠤᠯᠤᠰ ᠤᠨ ᠡᠷᠬᠡ ᠪᠠᠷᠢᠭᠴᠢ ᠨᠠᠷᠠᠲᠤ ᠮᠡᠳᠡᠭᠳᠡᠯ ᠦᠭᠡᠢ ᠬᠠᠭᠤᠷᠮᠠᠴᠢ ᠪᠢᠴᠢᠭ ᠪᠠᠷᠢᠮᠲᠠ ᠠᠰᠢᠭᠯᠠᠨ ᠵᠣᠬᠢᠶᠠᠨ ᠪᠠᠶᠢᠭᠤᠯᠵᠤ ᠪᠠᠶᠢᠭᠰᠠᠨ ᠨᠢ ᠲᠤᠬᠠᠢ ᠶᠢᠨ ᠠᠯᠠᠯᠭ᠎ᠠ ᠶᠢ ᠮᠥᠷᠳᠡᠨ ᠰᠢᠯᠭᠠᠯᠲᠠ ᠪᠠᠷ ᠢᠯᠡᠷᠡᠨ ᠲᠡᠭᠦᠨ ᠳᠦ ᠣᠷᠣᠯᠴᠠᠭᠴᠢ ᠨᠠᠷ ᠤᠨ ᠵᠠᠷᠢᠮ ᠢ ᠪᠠᠷᠢᠪᠴᠢᠯᠠᠭᠰᠠᠨ ᠨᠢ ᠳᠡᠯᠡᠬᠡᠢ ᠳᠠᠶᠠᠭᠠᠷ ᠶᠡᠬᠡᠬᠡᠨ ᠱᠤᠤᠭᠢᠶᠠᠨ ᠲᠠᠷᠢᠵᠠᠢ᠃ ᠲᠡᠭᠦᠨᠴᠢᠯᠡᠨ ᠮᠣᠰ ᠲᠤ ᠰᠸᠸᠳᠡᠨ ᠲᠦ ᠠᠯᠠᠯᠭ᠎ᠠ ᠬᠢᠬᠦ ᠳᠦ ᠪᠡᠨ ᠲᠤᠰ ᠤᠯᠤᠰ ᠤᠨ ᠢᠷᠭᠡᠨ ᠪᠣᠯᠤᠭᠰᠠᠨ ᠡᠩ ᠦᠨ ᠢᠷᠭᠡᠨᠡᠶᠢᠭ ᠠᠯᠠᠨ ᠬᠢᠳᠤᠭᠴᠢ ᠲᠠᠢ ᠠᠨᠳᠠᠭᠤᠷᠠᠨ ᠤᠰᠠᠳᠬᠠᠭᠰᠠᠨ ᠨᠢ ᠪᠦᠷᠢ ᠪᠠᠶᠢᠳᠠᠯ ᠢ ᠬᠦᠨᠳᠦᠷᠡᠭᠦᠯᠦᠭᠰᠡᠨ ᠪᠠ ᠺᠠᠨᠠᠳᠠ ᠪᠣᠯᠤᠨ ᠪᠤᠰᠤᠳ ᠤᠯᠤᠰ ᠤᠳ ᠥᠪᠡᠷ ᠦᠨ ᠬᠢ ᠨᠢ ᠭᠠᠳᠠᠭᠠᠳᠤ ᠫᠠᠰᠫᠣᠷᠲ ᠦᠳ ᠶᠠᠭᠠᠬᠢᠭᠠᠳ ᠢᠰᠷᠢᠶᠡᠯᠢ ᠶᠢᠨ ᠢᠷᠭᠡᠳ ᠲᠦ ᠬᠠᠭᠤᠷᠮᠠᠴᠢ ᠪᠠᠷ ᠣᠯᠭᠣᠭᠳᠠᠭᠰᠠᠨ ᠪᠠᠶᠢᠭᠰᠠᠨ ᠲᠤᠬᠠᠢ ᠠᠯᠪᠠᠨ ᠶᠣᠰᠣᠨ ᠤ ᠠᠰᠠᠭᠤᠯᠭ᠎ᠠ ᠶᠢ ᠢᠰᠷᠢᠶᠡᠯᠢ ᠶᠢᠨ ᠭᠠᠳᠠᠭᠠᠳᠤ ᠶᠠᠪᠤᠳᠠᠯ ᠤᠨ ᠶᠠᠮᠤᠠᠨᠳᠠ ᠠᠯᠪᠠᠨ ᠶᠣᠰᠣᠭᠠᠷ ᠲᠠᠯᠪᠢᠭᠰᠠᠨ ᠪᠠᠶᠢᠨ᠎ᠠ᠃

ᠬᠣᠬᠢᠷᠠᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠢᠴᠠᠭᠠᠴᠠᠯᠠᠭᠤᠯᠤᠯᠲᠠ ᠶᠢᠨ ᠡᠬᠢᠨ ᠳᠦ ᠪᠤᠤᠳᠠᠭᠤᠯᠤᠭᠰᠠᠨ
  • Moshe Weinberg, ᠪᠥᠬᠡ ᠶᠢᠨ ᠳᠠᠰᠬᠠᠯᠵᠢᠭᠤᠯᠤᠭᠴᠢ
  • Yossef Romano, ᠬᠦᠨᠳᠦ ᠶᠢᠨ ᠡᠷᠭᠦᠭᠴᠢ
ᠨᠢᠰᠳᠡᠭ ᠲᠡᠷᠭᠡᠨ ᠦ ᠵᠡᠭᠦᠨ ᠲᠠᠯ᠎ᠠ ᠳᠤ ᠪᠤᠤᠳᠠᠭᠤᠯᠵᠤ ᠪᠠ ᠭᠠᠷᠨᠠᠲᠠᠨ ᠳᠤ ᠥᠷᠲᠦᠭᠰᠡᠨ
ᠲᠡᠳᠡ ᠨᠠᠷ ᠢ ᠰᠠᠭᠤᠬᠤ ᠺᠣᠮᠠᠨᠳ ᠥᠭᠭᠦᠭᠰᠡᠨ ᠪᠠᠶᠢᠨ᠎ᠠ:
ᠨᠢᠰᠳᠡᠭ ᠲᠡᠷᠭᠡᠨ ᠦ ᠪᠠᠷᠠᠭᠤᠨ ᠲᠠᠯ᠎ᠠ ᠳᠤ ᠪᠤᠤᠳᠠᠭᠤᠯᠤᠭᠰᠠᠨ
ᠲᠡᠳᠡ ᠨᠠᠷ ᠢ ᠰᠠᠭᠤᠬᠤ ᠺᠣᠮᠠᠨᠳ ᠥᠭᠭᠦᠭᠰᠡᠨ ᠪᠠᠶᠢᠨ᠎ᠠ:
ᠠᠭᠠᠷ ᠢᠶᠠᠷ ᠳᠠᠭᠠᠷᠢᠬᠤ ᠦᠶ᠎ᠡ ᠳᠦ ᠪᠤᠤᠳᠠᠭᠤᠯᠤᠭᠰᠠᠨ
  • Anton Fliegerbauer, ᠭᠧᠷᠮᠠᠨ ᠤ ᠴᠠᠭᠳᠠᠭ᠎ᠠ ᠶᠢᠨ ᠣᠹᠢᠼᠧᠷ
ᠭᠧᠷᠮᠠᠨ ᠤ ᠴᠠᠭ ᠲᠤ ᠪᠠᠨ ᠨᠠᠷᠠᠲᠤ ᠪᠤᠤᠳᠠᠭᠤᠯᠤᠭᠰᠠᠨ ᠫᠠᠯᠧᠰᠲ᠋ᠢᠨᠴᠢ ᠨᠤᠭᠤᠳ
  • Luttif Afif ("Issa")
  • Yusuf Nazzal ("Tony")
  • Afif Ahmed Hamid ("Paolo")
  • Khalid Jamal ("Salah")
  • Ahmed Chic Thaa ("Abu Halla")


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ