ᠮᠠᠨᠽᠤᠰᠢᠷᠢ ᠬᠡᠶᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠩᠵᠤᠰᠢᠷᠢ ᠬᠡᠶᠢᠳ ᠨᠢ ᠮᠣᠩᠭᠣᠯ ᠳᠤ ᠪᠠᠶᠢᠳᠠᠭ ᠪᠤᠳ᠋ᠳ᠋ᠾᠠ ᠶᠢᠨ ᠱᠠᠰᠢᠨ ᠤ ᠬᠡᠶᠢᠳ ᠶᠤᠮ᠃ "ᠮᠠᠩᠵᠤᠰᠢᠷᠢ" ᠭᠡᠳᠡᠭ ᠨᠢ "ᠣᠶᠤᠨ ᠪᠢᠯᠢᠭ ᠦᠨ ᠲᠩᠷᠢ ᠶᠢ ᠰᠠᠬᠢᠬᠤ ᠪᠤᠷᠬᠠᠨ" ᠭᠡᠰᠡᠨ ᠤᠳᠬ᠎ᠠ ᠲᠠᠢ᠃ ᠮᠠᠩᠵᠤᠰᠢᠷᠢ ᠯᠠᠮᠠᠲᠠᠨ ᠤ ᠠᠩᠬᠠᠳᠤᠭᠠᠷ ᠳᠦᠷᠢ ᠶᠢᠨ ᠬᠤᠪᠢᠯᠭᠠᠨ ᠯᠤᠪᠰᠠᠩᠵᠠᠮᠪᠠᠯᠳᠠᠨᠽᠠᠨ ᠤᠳᠤᠷᠢᠳᠤᠨ 1733 ᠣᠨ ᠳᠤ ᠪᠣᠭᠳᠠᠬᠠᠨ ᠠᠭᠤᠯᠠ ᠶᠢᠨ ᠡᠩᠭᠡᠷ ᠲᠦ ᠪᠠᠷᠢᠭᠤᠯᠤᠭᠰᠠᠨ ᠢᠶᠠᠷ ᠮᠠᠩᠵᠤᠰᠢᠷᠢ ᠶᠢᠨ ᠬᠡᠶᠢᠳ ᠦᠨ ᠰᠠᠭᠤᠷᠢ ᠲᠠᠯᠪᠢᠭᠳᠠᠵᠠᠢ᠃ XYIII ᠵᠠᠭᠤᠨ ᠤ ᠰᠡᠭᠦᠯᠴᠢ ᠪᠡᠷ ᠴᠣᠭᠴᠢᠨ ᠳᠤᠭᠠᠩ ᠢ ᠪᠠᠶᠢᠭᠤᠯᠵᠤ᠂ ᠡᠮᠦᠨ᠎ᠡ ᠲᠠᠯ᠎ᠠ ᠳᠤ ᠨᠢ ᠪᠣᠭᠳᠠ ᠠᠭᠤᠯᠠᠨ ᠠᠴᠠ ᠤᠰᠤ ᠲᠠᠲᠠᠵᠤ᠂ ᠬᠢᠮᠡᠯ ᠨᠠᠭᠤᠷ ᠡᠭᠦᠰᠬᠡᠵᠡᠢ᠃ 1760 ᠣᠨ ᠳᠤ ᠪᠠᠳᠮ᠎ᠠ ᠶᠢᠨ ᠳᠤᠭᠠᠩ᠂ 1770 ᠣᠨ ᠳᠤ ᠰᠢᠷ᠎ᠠ ᠬᠦᠷᠢᠶ᠎ᠡ ᠬᠡᠮᠡᠬᠦ ᠪᠣᠭᠳᠠ ᠶᠢᠨ ᠣᠷᠳᠣᠨ ᠢ ᠪᠠᠷᠢᠵᠤ᠂ ᠬᠠᠩᠭᠠᠯ᠂ ᠴᠣᠭᠴᠢᠨ᠂ ᠡᠷᠭᠢᠳᠡᠭ ᠮᠠᠶᠢᠳᠠᠷ᠂ ᠰᠤᠪᠤᠷᠭᠠᠨ ᠰᠦᠮ᠎ᠡ᠂ ᠰᠡᠷᠢᠭᠦᠨ ᠯᠠᠪᠷᠤᠩ᠂ ᠮᠠᠮᠪᠠ᠂ ᠴᠠᠨᠢᠳ᠂ ᠵᠦᠳ᠂ ᠮᠠᠩᠭᠠᠯ ᠵᠡᠷᠭᠡ ᠰᠦᠮ᠎ᠡ ᠳᠤᠭᠠᠩ ᠤᠳ ᠢ ᠤᠷᠠᠨ ᠪᠠᠷᠢᠯᠭ᠎ᠠ ᠶᠢᠨ ᠭᠠᠶᠢᠬᠠᠯᠲᠠᠢ ᠰᠢᠢᠳᠦᠯ ᠢᠶᠡᠷ ᠪᠠᠶᠢᠭᠤᠯᠤᠭᠰᠠᠨ ᠪᠠᠶᠢᠨ᠎ᠠ᠃ ᠡᠳᠡᠭᠡᠷ ᠰᠦᠮ᠎ᠡ ᠨᠦᠭᠦᠳ ᠨᠢ ᠪᠣᠭᠳᠠᠬᠠᠨ ᠠᠭᠤᠯᠠ ᠶᠢᠨ ᠦᠵᠡᠮᠵᠢᠲᠦ ᠰᠠᠶᠢᠬᠠᠨ ᠪᠠᠶᠢᠭᠠᠯᠢ ᠲᠠᠢ ᠵᠣᠬᠢᠴᠠᠨ ᠨᠡᠶᠢᠴᠡᠵᠦ ᠪᠠᠶᠢᠭᠰᠠᠨ ᠤᠴᠢᠷ ᠠᠴᠠ 《ᠬᠠᠯᠬ᠎ᠠ ᠮᠣᠩᠭᠣᠯ ᠤᠨ ᠠᠷᠤ ᠤᠲᠠᠢ》 ᠭᠡᠵᠦ ᠠᠯᠳᠠᠷᠰᠢᠵᠠᠢ᠃ ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠭᠡᠬᠦ ᠳᠦ 500 ᠭᠠᠷᠤᠢ ᠱᠠᠪᠢ ᠲᠠᠢ᠂ ᠭᠠᠪᠵᠤ ᠠᠭᠷᠠᠮᠪᠠ ᠶᠢᠨ ᠮᠢᠨᠳᠠᠭ ᠢ ᠣᠯᠭᠤᠳᠠᠭ ᠮᠣᠩᠭᠣᠯ ᠤᠨ ᠨᠡᠷ᠎ᠡ ᠨᠥᠯᠥᠭᠡ ᠲᠡᠢ ᠲᠣᠮᠣ ᠬᠡᠶᠢᠳ ᠪᠣᠯᠤᠭᠰᠠᠨ ᠪᠠᠶᠢᠨ᠎ᠠ᠃ ᠰᠦᠮ᠎ᠡ ᠡᠴᠡ ᠦᠯᠡᠳᠡᠭᠰᠡᠨ ᠬᠡᠰᠡᠭ ᠨᠢ ᠣᠳᠣ ᠮᠦᠽᠧᠢ ᠪᠣᠯᠵᠤ ᠬᠠᠳᠠᠭᠠᠯᠠᠭᠳᠠᠨ ᠢᠷᠡᠵᠡᠢ᠃ 200 ᠭᠠᠷᠤᠢ ᠵᠢᠯ ᠦᠨ ᠲᠡᠦᠬᠡ ᠲᠡᠢ ᠮᠠᠩᠵᠤᠰᠢᠷᠢ ᠶᠢᠨ ᠬᠡᠶᠢᠳ ᠢ 1937 ᠣᠨ ᠤ ᠬᠡᠯᠮᠡᠭᠳᠡᠭᠦᠯᠦᠯᠲᠡ ᠪᠡᠷ ᠨᠤᠷᠠᠭᠠᠨ ᠪᠠᠭᠤᠯᠭᠠᠬᠤ ᠦᠶ᠎ᠡ ᠳᠦ 20 ᠪᠠᠷᠢᠯᠭ᠎ᠠ ᠪᠠᠶᠢᠭᠤᠯᠤᠮᠵᠢ᠂ 300 ᠯᠠᠮᠠ ᠨᠠᠷ ᠲᠠᠢ ᠪᠠᠶᠢᠴᠠᠢ᠃ ᠡᠨᠡ ᠬᠡᠶᠢᠳ ᠦᠨ ᠲᠤᠭᠤᠷᠢ᠂ ᠠᠭᠤᠯᠠ ᠶᠢᠨ ᠡᠩᠭᠡᠷ ᠦᠨ ᠬᠠᠳᠠᠨ ᠳᠡᠭᠡᠷ᠎ᠡ ᠰᠡᠶᠢᠯᠪᠦᠷᠢᠯᠡᠭᠰᠡᠨ ᠲᠣᠮᠣ ᠪᠤᠷᠬᠠᠳ ᠤᠨ ᠵᠢᠷᠤᠭ ᠨᠢ ᠲᠡᠦᠬᠡ ᠰᠤᠶᠤᠯ ᠤᠨ ᠬᠣᠪᠣᠷ ᠨᠠᠨᠳᠢᠨ ᠪᠦᠲᠦᠭᠡᠯ ᠳᠤᠷᠠᠰᠬᠠᠯ ᠪᠣᠯᠵᠤ ᠦᠯᠡᠳᠡᠭᠰᠡᠨ ᠢ 1998 ᠣᠨ ᠳᠤ ᠤᠯᠤᠰ ᠤᠨ ᠬᠠᠮᠠᠭᠠᠯᠠᠯᠲᠠᠨ ᠳᠤ ᠠᠪᠤᠭᠰᠠᠨ᠃ ᠲᠤᠰ ᠮᠦᠽᠧᠢ ᠶᠢᠨ ᠵᠡᠭᠦᠨ ᠲᠠᠯ᠎ᠠ ᠳᠤ 1726 ᠣᠨ ᠳᠤ ᠠᠶᠠᠭᠠᠨ ᠤ ᠳᠠᠷᠬᠠᠨ ᠵᠢᠯᠠᠪᠠᠤ ᠠᠬ᠎ᠠ ᠳᠡᠭᠦᠦ ᠨᠠᠷ ᠤᠨ ᠢᠶᠠᠨ ᠬᠠᠮᠲᠤ ᠤᠷᠠᠯᠠᠨ ᠪᠦᠲᠦᠭᠡᠭᠰᠡᠨ ᠵᠢᠰᠠ ᠶᠢᠨ ᠲᠣᠮᠣ ᠲᠣᠭᠣᠭ᠎ᠠ ᠪᠠᠶᠢᠳᠠᠭ᠃ ᠨᠢᠭᠡ ᠤᠳᠠᠭ᠎ᠠ 1000 ᠬᠦᠮᠦᠨ ᠦ ᠬᠣᠭᠣᠯᠠ ᠪᠡᠯᠡᠳᠬᠡᠵᠦ ᠪᠣᠯᠳᠠᠭ ᠡᠨᠡ ᠲᠣᠭᠣᠭᠠᠨ ᠤ ᠠᠮᠠᠰᠠᠷ ᠨᠢ 215 ᠰᠠᠨᠲ᠋ᠢᠮᠧᠲ᠋ᠷ᠂ ᠭᠦᠨ ᠨᠢ 140 ᠰᠠᠨᠲ᠋ᠢᠮᠧᠲ᠋ᠷ᠂ ᠪᠠᠭᠲᠠᠭᠠᠮᠵᠢ ᠨᠢ 1800 ᠯᠢᠲ᠋ᠷ᠂ ᠬᠦᠨᠳᠦ ᠨᠢ 2 ᠲᠣᠨ ᠠᠵᠡᠢ᠃ 1000 ᠬᠦᠮᠦᠨ ᠦ ᠬᠣᠭᠣᠯᠠ ᠪᠡᠯᠡᠳᠬᠡᠬᠦ ᠳᠦ ᠨᠢᠭᠡᠮᠦᠰᠦᠨ 2 ᠰᠢᠷ᠎ᠠ ᠶᠢᠨ ᠮᠢᠬ᠎ᠠ ᠪᠤᠶᠤ 10 ᠭᠠᠷᠤᠢ ᠬᠣᠨᠢᠨ ᠤ ᠮᠢᠬ᠎ᠠ ᠶᠢ ᠴᠢᠨᠠᠬᠤ ᠳᠤ 4 ᠲᠡᠷᠭᠡ ᠲᠦᠯᠡᠭᠡ ᠲᠦᠯᠡᠳᠡᠭ ᠪᠠᠶᠢᠴᠠᠢ᠃

ᠬᠡᠶᠢᠳ ᠦᠨ ᠲᠥᠪ ᠬᠠᠭᠠᠯᠭ᠎ᠠ

ᠪᠢᠴᠢᠭᠡᠰᠦ