ᠮᠠᠨᠵᠤ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠵᠤ ᠬᠡᠯᠡ
Manju gisun.svg
ᠮᠠᠨᠵᠤ ᠪᠠᠷ ᠪᠢᠴᠢᠭᠰᠡᠨ manju gisun («ᠮᠠᠨᠵᠤ ᠬᠡᠯᠡ»)
ᠲᠠᠷᠬᠠᠯᠲᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠬᠠᠷᠠᠮᠦ᠋ᠷᠡᠨ ᠮᠤᠵᠢ
ᠠᠷᠠᠳ ᠲᠦᠮᠡᠨ ᠮᠠᠨᠵᠤ
ᠲᠥᠷᠥᠯᠬᠢ ᠬᠡᠯᠡᠲᠡᠨ ᠦ ᠲᠣᠭ᠎ᠠ 60 (1999) [1]
ᠬᠡᠯᠡᠨ ᠦ ᠠᠩᠬᠢᠯᠠᠯ
ᠠᠯᠲᠠᠢ ᠢᠵᠠᠭᠤᠷ
ᠪᠢᠴᠢᠭ ᠦᠰᠦᠭ ᠮᠠᠨᠵᠤ ᠦᠰᠦᠭ ᠪᠢᠴᠢᠭ
ᠲᠣᠮᠢᠶᠠᠯᠠᠪᠤᠷᠢ
ISO 639-1
ISO 639-2 mnc
ISO 639-3 mnc

ᠮᠠᠨᠵᠤ ᠬᠡᠯᠡ ᠪᠣᠯ ᠠᠯᠲᠠᠢ ᠬᠡᠯᠡᠨ ᠦ ᠢᠵᠠᠭᠤᠷᠡᠶᠢᠨ ᠮᠠᠨᠵᠤ-ᠲ᠋ᠦᠩᠬᠦᠰ ᠬᠡᠯᠡᠨ ᠦ ᠪᠦᠯᠦᠭ ᠦᠨ ᠮᠠᠨᠵᠤᠤᠷ ᠤᠨ ᠳᠡᠳ᠋ ᠪᠦᠯᠦᠭ ᠲᠦ ᠪᠠᠭᠠᠳᠬᠤ ᠬᠡᠯᠡ ᠶᠤᠮ᠃ ᠮᠠᠨᠵᠤ ᠬᠡᠯᠡ ᠪᠡᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠮᠠᠨᠵᠤ᠂ ᠲᠤᠩᠭᠤᠰ᠂ ᠡᠸᠡᠩᠬᠢ ᠦᠨᠳᠦᠰᠦᠲᠡᠨ ᠨᠦᠭᠦᠳ ᠶᠠᠷᠢᠯᠴᠠᠨ᠎ᠠ᠃ ᠪᠢᠴᠢᠭ ᠦᠨ ᠪᠢᠴᠢᠭ ᠦᠨ ᠰᠢᠰᠲ᠋ᠧᠮ ᠨᠢ ᠮᠣᠩᠭᠣᠯ ᠪᠢᠴᠢᠭ ᠡᠴᠡ ᠰᠠᠨᠠᠭ᠎ᠠ ᠠᠪᠴᠤ ᠵᠣᠬᠢᠶᠠᠭᠰᠠᠨ ᠮᠠᠨᠵᠤ ᠪᠢᠴᠢᠭ ᠢ ᠠᠰᠢᠭᠯᠠᠳᠠᠭ᠃

ᠭᠠᠷᠤᠯ ᠪᠠ ᠬᠡᠪ ᠰᠢᠨᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠬᠡᠯᠡ ᠨᠢ ᠮᠥᠬᠦᠭᠰᠡᠨ ᠵᠦᠷᠴᠢᠳ ᠬᠡᠯᠡᠨ ᠡᠴᠡ ᠤᠯᠪᠠᠭ᠎ᠠ ᠲᠠᠢ ᠪᠥᠭᠡᠳ ᠲᠡᠦᠬᠡ ᠶᠢᠨ ᠤᠨ ᠤᠳᠠᠭᠠᠨ ᠵᠢᠯ ᠦᠨ ᠲᠤᠷᠰᠢ ᠬᠤᠪᠢᠰᠴᠤ ᠥᠭᠡᠷᠡᠴᠢᠯᠡᠭᠳᠡᠭᠰᠡᠭᠡᠷ ᠣᠳᠣ ᠶᠢᠨ ᠬᠡᠪ ᠰᠢᠨᠵᠢ ᠪᠡᠨ ᠣᠯᠤᠭᠰᠠᠨ ᠪᠠᠶᠢᠨ᠎ᠠ᠃ 13 ᠍ ᠳᠦᠭᠡᠷ ᠵᠠᠭᠤᠨ ᠳᠤ ᠵᠦᠷᠴᠢᠳ ᠤᠭᠰᠠᠭᠠᠨ ᠤ ᠠᠯᠲᠠᠨ ᠤᠯᠤᠰᠶᠡᠬᠡ ᠮᠣᠩᠭᠣᠯ ᠤᠯᠤᠰ ᠲᠤ ᠡᠵᠡᠯᠡᠭᠳᠡᠭᠰᠡᠨ ᠢᠶᠡᠷ ᠪᠦᠷᠢᠨ ᠰᠦᠢᠷᠡᠭᠰᠡᠨ ᠪᠣᠯᠪᠠᠴᠤ 17 ᠍ ᠳᠦᠭᠡᠷ ᠵᠠᠭᠤᠨ ᠳᠤ ᠵᠦᠷᠴᠢᠳ ᠤᠭᠰᠠᠭᠠᠨ ᠤ ᠦᠨᠳᠦᠰᠦᠲᠡᠨ ᠭᠠᠷᠴᠤ ᠢᠷᠡᠭᠰᠡᠨ ᠨᠢ ᠮᠠᠨᠵᠤ ᠦᠨᠳᠦᠰᠦᠲᠡᠨ ᠪᠠᠶᠢᠭᠰᠠᠨ᠃ ᠲᠡᠳᠡᠨ ᠦ ᠬᠡᠯᠡ ᠠᠶᠠᠯᠭᠤ ᠨᠢ ᠮᠥᠬᠦᠭᠰᠡᠨ ᠵᠦᠷᠴᠢᠳ ᠬᠡᠯᠡᠨ ᠦ ᠬᠡᠪ ᠰᠢᠨᠵᠢ ᠶᠢ ᠬᠠᠳᠠᠭᠠᠯᠠᠭᠰᠠᠨ ᠮᠠᠨᠵᠤ ᠬᠡᠯᠡ ᠪᠠᠶᠢᠯ᠎ᠠ᠃ ᠭᠡᠬᠦ ᠳᠦ ᠪᠡᠨ ᠮᠠᠨᠵᠤ ᠬᠡᠯᠡ ᠨᠢ ᠶᠠᠭ ᠵᠦᠷᠴᠢᠳ ᠬᠡᠯᠡ ᠪᠢᠰᠢ ᠪᠥᠭᠡᠳ ᠲᠡᠦᠬᠡ ᠶᠢᠨ ᠮᠠᠰᠢ ᠤᠷᠲᠤ ᠬᠤᠭᠤᠴᠠᠭᠠᠨ ᠤ ᠲᠤᠷᠰᠢᠳᠠ ᠥᠭᠡᠷᠡᠴᠢᠯᠡᠭᠳᠡᠨ ᠪᠤᠢ ᠪᠣᠯᠤᠭᠰᠠᠨ ᠰᠢᠨ᠎ᠡ ᠬᠡᠯᠡ ᠶᠤᠮ᠃ ᠮᠠᠨᠵᠤ ᠬᠡᠯᠡ ᠨᠢ ᠮᠣᠩᠭᠣᠯ ᠬᠡᠯᠡ ᠪᠣᠯᠤᠨ ᠬᠢᠲᠠᠳ ᠬᠡᠯᠡᠨ ᠦ ᠦᠭᠡᠰ ᠢᠶᠡᠷ ᠪᠠᠶᠠᠵᠢᠭ᠌ᠰᠠᠨ᠂ ᠳᠦᠷᠢᠮ ᠦᠨ ᠬᠤᠪᠢ ᠳᠤ ᠠᠯᠢ ᠠᠯᠢᠨ ᠤ ᠰᠢᠨᠵᠢ ᠶᠢ ᠬᠠᠳᠠᠭᠠᠯᠠᠭᠰᠠᠨ ᠬᠡᠯᠡ ᠶᠤᠮ᠃

ᠬᠡᠯᠡ ᠰᠢᠨᠵᠢᠭᠡᠴᠢᠳ ᠮᠠᠨᠵᠤ ᠬᠡᠯᠡ ᠶᠢ ᠠᠯᠲᠠᠢ ᠢᠵᠠᠭᠤᠷ ᠤᠨ ᠬᠡᠯᠡᠨ ᠳᠦ ᠪᠠᠭᠲᠠᠭᠠᠨ ᠦᠵᠡᠳᠡᠭ ᠪᠥᠭᠡᠳ ᠬᠡᠯᠡᠨ ᠦ ᠭᠠᠷᠤᠯ ᠡᠭᠦᠰᠦᠯ ᠨᠢ ᠬᠢᠲᠠᠳ ᠤᠨ ᠬᠣᠶᠢᠳᠤ ᠬᠡᠰᠡᠭ ᠲᠦ ᠪᠦᠷᠢᠯᠳᠦᠭᠰᠡᠨ ᠭᠡᠵᠦ ᠦᠵᠡᠳᠡᠭ ᠪᠠᠶᠢᠨ᠎ᠠ᠃ ᠮᠠᠨᠵᠤ ᠴᠢᠩ ᠤᠯᠤᠰ ᠤᠨ ᠦᠶ᠎ᠡ ᠳᠦ ᠮᠠᠨᠵᠤ ᠬᠡᠯᠡ ᠨᠢ "ᠴᠢᠨ ᠬᠡᠯᠡ", "ᠤᠯᠤᠰ ᠤᠨ ᠬᠡᠯᠡ" ᠭᠡᠬᠦ ᠮᠡᠲᠦ ᠨᠡᠷᠡᠰᠢᠯᠲᠡᠢ ᠪᠠᠶᠢᠭᠰᠠᠨ ᠪᠥᠭᠡᠳ ᠨᠡᠶᠢᠲᠡ 25 ᠭᠡᠶᠢᠭᠦᠯᠦᠭᠴᠢ ᠲᠡᠢ᠃ ᠡᠭᠦᠨ ᠦ 3 ᠨᠢ ᠬᠢᠲᠠᠳ ᠬᠡᠯᠡᠨ ᠡᠴᠡ ᠵᠢᠭᠡᠯᠡᠳᠦᠭᠰᠡᠨ ᠲᠤᠰᠠᠯᠠᠬᠤ ᠠᠪᠢᠶ᠎ᠠ ᠶᠤᠮ᠃ ᠦᠨᠳᠦᠰᠦᠨ 6 ᠡᠭᠡᠰᠢᠭ ᠲᠡᠢ ᠪᠠ ᠤᠷᠲᠤ ᠪᠠ ᠪᠣᠭᠣᠨᠢ ᠪᠠᠷ ᠳᠠᠭᠤᠳᠠᠨ᠎ᠠ ᠭᠡᠰᠡᠨ ᠣᠶᠢᠯᠠᠭᠠᠯᠲᠠ ᠪᠠᠶᠢᠳᠠᠭ ᠦᠭᠡᠢ᠃ ᠥᠭᠦᠯᠡᠪᠦᠷᠢ ᠶᠢᠨ ᠪᠦᠲᠦᠴᠡ ᠨᠢ ᠥᠭᠦᠯᠡᠭᠳᠡᠬᠦᠨ ᠨᠢ ᠡᠬᠢᠨ ᠳᠦ᠂ ᠲᠤᠰᠤᠭᠳᠠᠬᠤᠨ ᠨᠢ ᠳᠤᠮᠳᠠ᠂ ᠥᠭᠦᠯᠡᠬᠦᠨ ᠨᠢ ᠠᠳᠠᠭ ᠲᠤ ᠭᠡᠰᠡᠨ ᠵᠣᠬᠢᠶᠠᠨ ᠪᠠᠶᠢᠭᠤᠯᠤᠯᠲᠠ ᠲᠠᠢ᠃

ᠮᠠᠨᠵᠤ ᠬᠡᠯᠡᠨ ᠳᠦ ᠮᠣᠩᠭᠣᠯ ᠬᠡᠯᠡᠨ ᠦ ᠨᠥᠯᠥᠭᠡ ᠶᠡᠬᠡ ᠪᠤᠢ᠃ ᠶᠤᠸᠠᠨ ᠤᠯᠤᠰ ᠤᠨᠠᠭᠰᠠᠨ ᠤ ᠳᠠᠷᠠᠭ᠎ᠠ ᠴᠤ ᠵᠠᠷᠢᠮ ᠮᠠᠨᠵᠤ ᠬᠦᠮᠦᠰ ᠬᠡᠰᠡᠭ ᠬᠤᠭᠤᠴᠠᠭᠠᠨ ᠤ ᠲᠤᠷᠰᠢᠳᠠ ᠮᠣᠩᠭᠣᠯ ᠨᠡᠷ᠎ᠡ ᠠᠪᠴᠤ ᠬᠡᠷᠡᠭᠯᠡᠭᠰᠡᠭᠡᠷ ᠪᠠᠶᠢᠴᠠᠢ᠃ ᠮᠠᠨᠵᠤ ᠬᠡᠯᠡᠨ ᠦ ᠮᠥᠬᠥᠯ 19 ᠍ ᠳᠦᠭᠡᠷ ᠵᠠᠭᠤᠨ ᠠᠴᠠ ᠡᠬᠢᠯᠡᠭᠰᠡᠨ ᠪᠠ 19 ᠍ ᠳᠦᠭᠡᠷ ᠵᠠᠭᠤᠨ ᠤ ᠰᠡᠭᠦᠯ ᠭᠡᠬᠦ ᠳᠦ ᠮᠠᠨᠵᠤ ᠶᠢᠨ ᠬᠠᠭᠠᠨ ᠤ ᠣᠷᠳᠣᠨ ᠳᠤ ᠮᠠᠨᠵᠤ ᠪᠠᠷ ᠶᠠᠷᠢᠬᠤ ᠬᠦᠮᠦᠨ ᠬᠣᠪᠣᠷ ᠪᠣᠯᠤᠭᠰᠠᠨ ᠴᠤ ᠮᠣᠩᠭᠣᠯᠴᠤᠳ ᠮᠠᠨᠵᠤ ᠬᠡᠯᠡ ᠪᠢᠴᠢᠭ ᠢ ᠰᠠᠶᠢᠨ ᠮᠡᠳᠡᠳᠡᠭ ᠬᠡᠪ ᠢᠶᠡᠷ ᠪᠠᠶᠢᠪᠠ᠃ ᠲᠡᠳᠡ ᠮᠣᠩᠭᠣᠯ ᠪᠢᠴᠢᠭ ᠡᠴᠡ ᠰᠠᠨᠠᠭ᠎ᠠ ᠠᠪᠴᠤ ᠪᠣᠰᠤᠭ᠎ᠠ ᠪᠢᠴᠢᠳᠡᠭ ᠮᠠᠨᠵᠤ ᠦᠰᠦᠭ ᠢ ᠵᠣᠬᠢᠶᠠᠵᠠᠢ᠃

  • *25 ᠭᠡᠶᠢᠭᠦᠯᠦᠭᠴᠢ ᠨᠢ ᠮᠠᠨᠵᠤ-ᠴᠢᠩ ᠤᠯᠤᠰ ᠤᠨ ᠦᠶ᠎ᠡ ᠳᠦ ᠬᠡᠷᠡᠭᠯᠡᠵᠦ ᠪᠠᠶᠢᠭᠰᠠᠨ ᠭᠡᠶᠢᠭᠦᠯᠦᠭᠴᠢ ᠪᠣᠯᠤᠨ᠎ᠠ᠃ ᠣᠳᠣ 19 ᠭᠡᠶᠢᠭᠦᠯᠦᠭᠴᠢ ᠲᠡᠢ᠃

ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠪᠢᠴᠢᠭ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠨᠵᠤ ᠪᠢᠴᠢᠭ ᠢᠶᠡᠷ ᠸᠢᠺᠢ ᠤᠬᠠᠭᠠᠨ

ᠮᠣᠩᠭᠣᠯ ᠪᠢᠴᠢᠭ ᠢ ᠵᠠᠰᠠᠵᠤ ᠵᠣᠬᠢᠶᠠᠭᠰᠠᠨ ᠮᠠᠨᠵᠤ ᠪᠢᠴᠢᠭ ᠢ ᠠᠰᠢᠭᠯᠠᠳᠠᠭ᠃ ᠨᠡᠶᠢᠲᠡ 35 ᠦᠰᠦᠭ ᠲᠡᠢ᠃ ᠮᠣᠩᠭᠣᠯ ᠪᠢᠴᠢᠭ ᠲᠡᠢ ᠠᠳᠠᠯᠢ ᠦᠰᠦᠭ ᠨᠢ ᠡᠬᠢᠨ᠂ ᠳᠤᠮᠳᠠ᠂ ᠠᠳᠠᠭ ᠲᠤ ᠣᠷᠣᠬᠤ ᠳᠤ ᠪᠠᠨ ᠬᠤᠪᠢᠷᠠᠯ ᠠᠪᠳᠠᠭ᠃

ᠬᠡᠯᠡᠵᠦᠢ ᠶᠢᠨ ᠳᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠬᠡᠯᠡᠨ ᠦ ᠦᠭᠡᠰ ᠦᠨ ᠰᠠᠩ ᠨᠢ ᠵᠢᠩᠬᠢᠨᠢ ᠨᠡᠷ᠎ᠡ᠂ ᠲᠥᠯᠥᠭᠡᠨ ᠦ ᠨᠡᠷ᠎ᠡ᠂ ᠦᠢᠯᠡ ᠦᠭᠡ᠂ ᠲᠡᠮᠳᠡᠭ ᠨᠡᠷ᠎ᠡ᠂ ᠳᠠᠶᠢᠪᠤᠷᠢ ᠦᠭᠡ᠂ ᠲᠣᠭᠠᠨ ᠤ ᠨᠡᠷ᠎ᠡ᠂ ᠣᠷᠣᠨ ᠴᠠᠭ ᠤᠨ ᠨᠡᠷ᠎ᠡ᠂ ᠬᠣᠯᠪᠣᠭᠠᠰᠤ ᠦᠭᠡ᠂ ᠠᠪᠢᠶ᠎ᠠ ᠳᠠᠭᠤᠷᠢᠶᠠᠬᠤ ᠦᠭᠡᠰ᠂ ᠪᠠᠶᠢᠮᠵᠢ ᠦᠭᠡᠰ᠂ ᠲᠤᠰᠠᠯᠠᠬᠤ ᠦᠭᠡᠰ ᠵᠡᠷᠭᠡ ᠡᠴᠡ ᠪᠦᠲᠦᠨ᠎ᠡ᠃

ᠥᠭᠦᠯᠡᠪᠦᠷᠵᠦᠢ ᠨᠢ ᠠᠯᠲᠠᠢ ᠬᠡᠯᠡᠨ ᠦ ᠢᠵᠠᠭᠤᠷ ᠤᠨ ᠭᠣᠣᠯ ᠰᠢᠨᠵᠢ ᠪᠣᠯᠬᠤ SOV (ᠥᠭᠦᠯᠡᠭᠳᠡᠬᠦᠨ-ᠲᠤᠰᠤᠭᠳᠠᠬᠤᠨ-ᠥᠭᠦᠯᠡᠬᠦᠨ) ᠭᠡᠰᠡᠨ ᠳᠠᠷᠠᠭᠠᠯᠠᠯ ᠲᠠᠢ᠃

ᠬᠠᠷᠢ ᠬᠡᠯᠡᠨ ᠦ ᠲᠤᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳ ᠬᠡᠯᠡᠨ ᠦ "y" ᠡᠭᠡᠰᠢᠭ ᠮᠠᠨᠵᠤ ᠬᠡᠯᠡᠨ ᠦ ᠦᠭᠡ ᠶᠢᠨ ᠪᠦᠲᠦᠴᠡ ᠳᠦ ᠨᠥᠯᠦᠭᠡᠯᠡᠵᠦ ᠢᠵᠢᠯᠢᠰᠦᠭᠰᠡᠨ ᠪᠠᠶᠢᠳᠠᠭ ᠪᠥᠭᠡᠳ ᠦᠭᠡ ᠵᠢᠭᠡᠯᠡᠳᠬᠦ ᠠᠷᠭ᠎ᠠ ᠪᠠᠷ ᠮᠣᠩᠭᠣᠯ ᠬᠡᠯᠡᠨ ᠡᠴᠡ ᠦᠭᠡ ᠵᠢᠭᠡᠯᠡᠳᠦᠭᠰᠡᠨ ᠪᠠᠶᠢᠬᠤ ᠶᠢ ᠬᠠᠷᠠᠵᠤ ᠪᠣᠯᠤᠨ᠎ᠠ᠃ ᠵᠢᠱᠢᠶ᠎ᠡ ᠨᠢ:

  • morin - ᠮᠣᠷᠢ
  • temen - ᠲᠡᠮᠡᠭᠡ
  • sain - ᠰᠠᠶᠢᠨ
  • arsalan - ᠠᠷᠰᠯᠠᠨ
  • bi - ᠪᠢ᠂ ᠮᠢᠨᠦ ᠭᠡᠬᠦ ᠮᠡᠲᠦ ᠪᠣᠯᠤᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Zhao Aping (1999)

ᠪᠢᠴᠢᠭᠡᠰᠦ