ᠮᠠᠨᠵᠤ ᠦᠰᠦᠭ ᠪᠢᠴᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠵᠦ ᠪᠢᠴᠢᠭ
ᠮᠠᠨᠵᡠ ᡥᡝᡵᡤᡝᠨ Manju hergen
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠲᠥᠷᠥᠯ Alphabet
ᠦᠭᠡ ᠬᠡᠯᠡ ᠮᠠᠨᠵᠤ ᠬᠡᠯᠡ
ᠰᠢᠪᠡᠭᠡ ᠬᠡᠯᠡ
ᠡᠬᠡ ᠦᠰᠦᠭ ᠤᠨ ᠰᠢᠰᠲ᠋ᠧᠮ
ᠠᠩᠬᠠᠷ᠄ᠡᠨᠡ ᠬᠠᠭᠤᠳᠠᠰᠤᠨ ᠳᠤ ᠶᠦᠨᠢᠺᠣᠳ᠋ ᠢᠶᠠᠷ ᠣᠯᠠᠨ ᠤᠯᠤᠰ ᠤᠨ ᠠᠪᠢᠶ᠎ᠠ ᠵᠦᠢ ᠶᠢᠨ ᠴᠠᠭᠠᠨ ᠲᠣᠯᠣᠭᠠᠢ ᠶᠢᠨ ᠦᠰᠦᠭ᠂ ᠲᠡᠮᠳᠡᠭ ᠦᠳ ᠪᠠᠶᠢᠵᠤ ᠮᠠᠭᠠᠳ ᠦᠭᠡᠢ᠃

ᠮᠠᠨᠵᠤ ᠦᠰᠦᠭ ᠪᠣᠯ ᠨᠢᠭᠡᠨᠲᠡ ᠤᠰᠠᠳᠬᠤ ᠭᠡᠵᠦ ᠪᠠᠶᠢᠭ᠎ᠠ ᠮᠠᠨᠵᠤ ᠬᠡᠯᠡ ᠶᠢ ᠳᠡᠮᠳᠡᠭᠯᠡᠳᠡᠭ ᠦᠰᠦᠭ ᠪᠢᠴᠢᠭ ᠶᠤᠮ᠂ ᠲᠡᠷᠡ ᠨᠢ ᠮᠣᠩᠭᠣᠯ ᠪᠢᠴᠢᠭ ᠡᠴᠡ ᠡᠭᠦᠰᠦᠯᠲᠡᠢ᠃ ᠮᠠᠨᠵᠤ ᠪᠢᠴᠢᠭ ᠢ ᠮᠠᠨᠵᠤ ᠦᠨᠳᠦᠰᠦᠲᠡᠨ ᠡᠴᠡ ᠭᠠᠳᠠᠨ᠎ᠠ ᠰᠢᠪᠡ ᠬᠡᠯᠡᠨ ᠳᠦ ᠪᠠᠰᠠ ᠬᠡᠷᠡᠭᠯᠡᠵᠦ ᠪᠠᠶᠢᠭ᠎ᠠ ᠮᠥᠷᠲᠡᠭᠡᠨ᠂ ᠣᠳᠣ ᠳᠤ ᠪᠠᠨ ᠠᠮᠢᠳᠤᠷᠠᠯ ᠳᠤ ᠬᠠᠮᠤᠭ ᠦᠷᠭᠡᠨ ᠬᠡᠷᠡᠭᠯᠡᠭᠳᠡᠵᠦ ᠪᠠᠶᠢᠭ᠎ᠠ ᠮᠠᠨᠵᠤ ᠦᠰᠦᠭ ᠪᠣᠯᠵᠠᠢ᠂ ᠭᠡᠪᠡᠴᠦ ᠬᠡᠷᠡᠭᠡᠯᠡᠬᠦ ᠬᠦᠷᠢᠶ᠎ᠡ ᠵᠦᠪᠬᠡᠨ ᠰᠢᠢᠨᠵᠢᠶᠠᠩ ᠤᠨ ᠴᠠᠪᠴᠢᠶᠠᠯ ᠤᠨ ᠴᠦᠬᠡᠨ ᠰᠢᠪᠡᠴᠤᠳ ᠶᠤᠮ᠂ ᠬᠠᠷᠢᠨ ᠮᠠᠨᠵᠤ ᠨᠠᠷ ᠨᠢᠭᠡᠨᠲᠡ ᠡᠨᠡ ᠦᠰᠦᠭ ᠢ ᠬᠡᠷᠡᠭᠯᠡᠬᠦ ᠪᠡᠨ ᠵᠣᠭᠰᠣᠵᠠᠢ᠃ ᠡᠭᠦᠨ ᠡᠴᠡ ᠭᠠᠳᠠᠨ᠎ᠠ ᠳᠠᠭᠤᠷᠴᠤᠳ ᠴᠤ ᠡᠷᠲᠡ ᠦᠶ᠎ᠡ ᠳᠦ ᠮᠠᠨᠵᠤ ᠦᠰᠦᠭ ᠢ ᠥᠪᠡᠷ ᠤᠨ ᠬᠡᠯᠡᠨ ᠳᠡᠭᠡᠷ᠎ᠡ ᠪᠡᠨ ᠵᠢᠭᠡᠯᠡᠵᠦ ᠬᠡᠷᠡᠭᠯᠡᠵᠦ ᠪᠠᠶᠢᠵᠠᠢ᠃ ᠴᠢᠩ ᠤᠯᠤᠰ ᠤᠨ ᠦᠶ᠎ᠡ ᠶᠢᠨ ᠵᠠᠷᠢᠮ ᠮᠣᠩᠭᠣᠯ ᠪᠢᠴᠢᠭᠲᠡᠳ ᠴᠤ ᠮᠠᠨᠵᠤ ᠦᠰᠦᠭ ᠢ ᠵᠢᠭᠡᠯᠡᠨ ᠮᠣᠩᠭᠣᠯ ᠬᠡᠯᠡᠨ ᠦ ᠡᠬᠡᠰᠢᠭ ᠢ ᠠᠪᠢᠶ᠎ᠠ ᠪᠠᠷ ᠨᠢ ᠲᠣᠳᠣ ᠳᠡᠮᠳᠡᠭᠯᠡᠬᠦ ᠪᠤᠶᠤ ᠬᠢᠲᠠᠳ ᠦᠭᠡᠰ ᠢ ᠳᠡᠮᠳᠡᠭᠯᠡᠵᠦ ᠪᠠᠶᠢᠵᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠨᠢᠭᠠᠨ ᠤᠭᠰᠠᠭᠠᠨ ᠤ ᠮᠠᠨᠵᠤ ᠨᠠᠷ 13 ᠍ ᠳᠤᠭᠠᠷ ᠵᠠᠭᠤᠨ ᠠᠴᠠ ᠡᠮᠦᠨ᠎ᠡ ᠨᠠᠩᠭᠢᠶᠠᠳ ᠤᠨ ᠳᠦᠷᠰᠦᠲᠦ ᠦᠰᠦᠭ ᠡᠴᠡ ᠥᠭᠡᠷᠡᠴᠢᠯᠡᠨ ᠵᠣᠬᠢᠶᠠᠭᠰᠠᠨ ᠶᠡᠬᠡ᠂ᠪᠠᠭ᠎ᠠ ᠬᠣᠶᠠᠷ ᠵᠦᠶᠢᠯ ᠦᠨ ᠵᠦᠷᠴᠢᠨ ᠦᠰᠦᠭ ᠢ ᠬᠡᠷᠡᠭᠯᠡᠵᠦ ᠪᠠᠶᠢᠵᠠᠢ᠃ ᠡᠨᠡ ᠨᠢ ᠵᠦᠷᠴᠢᠳ ᠤᠨ ᠠᠯᠲᠠᠨ ᠤᠯᠤᠰ ᠮᠥᠬᠥᠬᠦ ᠶᠢ ᠳᠠᠭᠠᠯᠳᠤᠨ ᠬᠡᠷᠡᠭᠡᠯᠭᠡ ᠦᠭᠡᠢ ᠪᠣᠯᠵᠠᠢ᠃

ᠲᠡᠭᠡᠭᠡᠳ ᠮᠣᠩᠭᠣᠯᠴᠤᠳ ᠲᠡᠦᠬᠡ ᠶᠢᠨ ᠲᠠᠪᠴᠠᠩ ᠳᠤ ᠬᠦᠴᠦᠷᠬᠡᠭᠵᠢᠨ ᠭᠠᠷᠴᠤ ᠢᠷᠡᠭᠰᠡᠨ ᠴᠠᠭ ᠠᠴᠠ ᠮᠠᠨᠵᠤ ᠨᠠᠷ ᠮᠣᠩᠭᠣᠯ ᠪᠢᠴᠢᠭ ᠢ ᠬᠡᠷᠡᠭᠯᠡᠬᠦ ᠪᠣᠯᠵᠤ ᠪᠠᠰᠠ ᠨᠢᠭᠡᠨ ᠬᠡᠰᠡᠭ ᠮᠣᠩᠭᠣᠯ ᠬᠡᠯᠡ ᠭᠠᠳᠠᠭᠠᠳᠤ ᠬᠠᠷᠢᠯᠴᠠᠭᠠᠨ ᠤ ᠠᠯᠪᠠᠨ ᠬᠡᠷᠡᠭ ᠲᠦ ᠪᠡᠨ ᠠᠰᠢᠭᠯᠠᠵᠤ ᠪᠠᠶᠢᠭᠰᠠᠨ ᠪᠠᠶᠢᠨ᠎ᠠ᠃ ᠴᠠᠭ ᠬᠤᠭᠤᠴᠠᠭ᠎ᠠ ᠥᠩᠭᠡᠷᠡᠭᠰᠡᠭᠡᠷ 16 ᠳᠤᠭᠠᠷ ᠵᠠᠭᠤᠨ ᠠᠴᠠ ᠮᠠᠨᠵᠤ ᠨᠠᠷ ᠬᠦᠴᠦᠷᠬᠡᠭ ᠪᠣᠯᠵᠤ ᠢᠷᠡᠬᠦ ᠶᠢᠨ ᠬᠠᠮᠲᠤ ᠠᠯᠪᠠᠨ ᠬᠡᠷᠡᠭ ᠢᠶᠡᠨ ᠮᠠᠨᠵᠤ ᠪᠠᠷ ᠢᠶᠠᠨ ᠶᠠᠪᠤᠭᠤᠯᠬᠤ᠂ ᠥᠪᠡᠷ ᠦᠨ ᠭᠡᠰᠡᠨ ᠪᠢᠴᠢᠭ ᠦᠰᠦᠭ ᠲᠡᠢ ᠪᠣᠯᠬᠤ ᠬᠡᠷᠡᠭᠴᠡᠭᠡ ᠭᠠᠷᠴᠤ ᠢᠷᠡᠭᠰᠡᠨ ᠨᠢ ᠮᠡᠳᠡᠭᠡᠵᠢ ᠪᠥᠯᠦᠭᠡ ᠡᠶᠢᠨᠬᠦᠦ 1599 ᠤᠨ ᠳᠤ ᠮᠠᠨᠵᠤ ᠶᠢᠨ ᠨᠤᠷᠬᠠᠴᠢ ᠬᠠᠭᠠᠨ ᠡᠷᠳᠡᠨᠢ ᠪᠠᠭᠰᠢ᠂ ᠭᠠᠭᠠᠢ ᠵᠠᠷᠭᠤᠴᠢ ᠭᠡᠳᠡᠭ ᠬᠣᠶᠠᠷ ᠲᠦᠰᠢᠮᠡᠯ ᠳᠦ ᠮᠣᠩᠭᠣᠯ ᠦᠰᠦᠭ ᠲᠦ ᠲᠦᠰᠢᠵᠦ ᠮᠠᠨᠵᠤ ᠪᠢᠴᠢᠭ ᠵᠣᠬᠢᠶᠠᠬᠤ ᠶᠢ ᠳᠠᠭᠠᠭᠠᠯᠭᠠᠭᠰᠠᠨ ᠪᠠᠷᠢᠮᠲᠠ ᠪᠠᠶᠢᠳᠠᠭ ᠨᠢ ᠪᠢᠳᠡᠨ ᠦ ᠦᠶ᠎ᠡ ᠳᠦ ᠢᠷᠡᠵᠡᠢ᠃ ᠲᠡᠷᠡ ᠬᠣᠶᠠᠷ ᠪᠢᠴᠢᠭ ᠦᠨ ᠶᠡᠬᠡ ᠲᠦᠰᠢᠮᠡᠯ ᠬᠠᠭᠤᠴᠢᠨ ᠤᠯᠠᠮᠵᠢᠯᠠᠯ ᠤᠨ ᠢᠶᠠᠨ ᠳᠠᠭᠠᠤ ᠮᠣᠩᠭᠣᠯ ᠬᠡᠯᠡ᠂ ᠪᠢᠴᠢᠭ ᠢ ᠤᠯᠤᠰ ᠤᠨ ᠭᠠᠳᠠᠭᠠᠳᠤ ᠬᠠᠷᠢᠯᠴᠠᠭᠠᠨ ᠳᠤ ᠬᠡᠷᠡᠭᠯᠡᠪᠡᠯ ᠶᠠᠮᠠᠷ ᠭᠡᠵᠦ ᠬᠦᠰᠡᠭᠰᠡᠨ ᠳᠦ ᠨᠤᠷᠬᠠᠴᠢ ᠡᠰᠡ ᠬᠦᠰᠡᠭᠰᠡᠨ ᠭᠡᠳᠡᠭ ᠮᠡᠳᠡᠭᠡ ᠪᠠᠶᠢᠳᠠᠭ ᠪᠠᠶᠢᠨ᠎ᠠ᠃ ᠤᠴᠢᠷ ᠦᠯᠦ ᠮᠡᠳᠡᠭᠳᠡᠬᠦ ᠰᠢᠯᠲᠠᠭᠠᠨ ᠢᠶᠠᠷ ᠮᠥᠨ ᠤᠨ ᠳᠤ ᠭᠠᠭᠠᠢ ᠵᠠᠷᠭᠤᠴᠢ ᠡᠵᠡᠨ ᠲᠥᠷᠥ ᠶᠢᠨ ᠡᠮᠦᠨ᠎ᠡ ᠨᠢᠭᠤᠷ ᠦᠭᠡᠢ ᠪᠣᠯᠵᠤ ᠦᠬᠦᠬᠦ ᠶᠠᠯ᠎ᠠ ᠣᠯᠤᠭᠰᠠᠨ ᠭᠡᠳᠡᠭ᠃ ᠡᠨᠡ ᠪᠦᠬᠦ ᠮᠡᠳᠡᠭᠡ ᠰᠡᠯᠲᠡ ᠬᠢᠭᠡᠳ ᠲᠡᠷᠡ ᠬᠣᠶᠠᠷ ᠲᠦᠰᠢᠮᠡᠯ ᠦᠨ ᠨᠡᠷ᠎ᠡ᠂ ᠴᠣᠯᠠ ᠵᠡᠷᠭᠡ ᠡᠴᠡ ᠡᠭᠦᠳᠴᠦ ᠡᠷᠳᠡᠨᠢ ᠪᠠᠭᠰᠢ᠂ ᠭᠠᠭᠠᠢ ᠵᠠᠷᠭᠤᠴᠢ ᠬᠣᠶᠠᠷ ᠢ ᠮᠣᠩᠭᠣᠯ ᠬᠦᠮᠦᠨ ᠪᠠᠶᠢᠭᠰᠠᠨ ᠭᠡᠵᠦ ᠰᠤᠳᠤᠯᠤᠭᠠᠴᠢᠨ ᠨᠠᠷ ᠦᠵᠡᠳᠡᠭ ᠠᠵᠢ᠃ ᠢᠩᠭᠢᠭᠡᠳ ᠮᠠᠨᠵᠤ ᠪᠢᠴᠢᠭ ᠵᠣᠬᠢᠶᠠᠬᠤ ᠠᠵᠢᠯ ᠳᠤ ᠡᠷᠳᠡᠨᠢ ᠪᠠᠭᠰᠢ ᠮᠠᠬᠠᠷᠠᠨ ᠵᠢᠳᠬᠦᠵᠦ ᠮᠣᠩᠭᠣᠯ ᠦᠰᠦᠭ ᠢ ᠮᠠᠨᠵᠤ ᠬᠡᠯᠡ ᠪᠡᠨ ᠲᠠᠭᠠᠴᠠᠭᠤᠯᠬᠤ ᠳᠤ ᠪᠠᠨ ᠦᠰᠦᠭ ᠦᠨ ᠳᠦᠷᠰᠦ ᠬᠡᠯᠪᠡᠷᠢ ᠶᠢ ᠶᠠᠯ᠎ᠠ ᠦᠭᠡᠢ ᠵᠢᠭᠠᠬᠠᠨ ᠥᠭᠡᠷᠡᠴᠢᠯᠡᠭᠰᠡᠨ ᠡᠴᠡ ᠭᠠᠳᠠᠨ᠎ᠠ ᠳᠤᠰᠤᠯ᠂ ᠪᠢᠨᠳᠦ ᠭᠡᠬᠦ ᠲᠤᠰᠬᠠᠢ ᠲᠡᠮᠳᠡᠭ ᠨᠡᠮᠡᠵᠦ 1632 ᠤᠨ ᠳᠤ ᠳᠠᠭᠤᠰᠬᠠᠭᠰᠠᠨ ᠪᠠᠶᠢᠨ᠎ᠠ᠃ ᠡᠨᠡ ᠠᠵᠢᠯ ᠳᠤ ᠳ᠋ᠠᠬᠠᠢ ᠭᠡᠳᠡᠭ ᠪᠢᠴᠢᠭ ᠦᠨ ᠲᠦᠰᠢᠮᠡᠯ ᠣᠷᠣᠯᠴᠠᠭᠰᠠᠨ ᠪᠠᠷᠢᠮᠲᠠ ᠮᠡᠳᠡᠭᠡ ᠪᠠᠶᠢᠳᠠᠭ᠃ ᠳ᠋ᠠᠬᠠᠢ ᠤᠤᠯ ᠤᠨ ᠮᠣᠩᠭᠣᠯ ᠪᠢᠴᠢᠭ ᠢᠶᠡᠷ ᠲᠡᠮᠳᠡᠭᠯᠡᠵᠦ ᠪᠠᠶᠢᠭᠰᠠᠨ ᠮᠠᠨᠵᠤ ᠦᠰᠦᠭ ᠤᠨ ᠳᠡᠭᠡᠷ ᠡ ᠥᠭᠡᠷᠡᠴᠢᠯᠡᠯᠲᠡ ᠬᠢᠵᠦ ᠂ ᠳᠤᠰᠤᠯ ᠪᠢᠨᠳᠦ ᠨᠡᠮᠡᠨ ᠴᠢᠩᠭ᠎ᠠ ᠬᠦᠨᠳᠡᠢ ᠵᠢᠴᠢ ᠲ‍ ᠂ᠳ  ᠶᠢ ᠢᠯᠭᠠᠨ ᠦᠰᠦᠭ ᠤᠨ ᠡᠨᠳᠡᠭᠦᠷᠡᠯ ᠦᠭᠡᠢ ᠪᠣᠯᠭᠠᠵᠤ ᠂ ᠣᠳᠣ ᠶᠢᠨ ᠮᠠᠨᠵᠤ ᠦᠰᠦᠭ ᠢ ᠵᠣᠬᠢᠶᠠᠵᠠᠢ᠂ ᠡᠭᠦᠨ ᠢ ᠨᠢ ᠰᠢᠨ᠎ᠡ ᠮᠠᠨᠵᠤ ᠦᠰᠦᠭ ᠭᠡᠳᠡᠭ᠃ ᠮᠠᠨᠵᠤ ᠪᠢᠴᠢᠭ ᠢ ᠵᠣᠬᠢᠶᠠᠬᠤ ᠠᠵᠢᠯ 30 ᠭᠠᠷᠤᠢ ᠵᠢᠯ ᠦᠷᠭᠦᠯᠵᠢᠯᠡᠭᠰᠡᠨ ᠪᠥᠭᠡᠳ ᠲᠡᠷᠡ ᠬᠤᠭᠤᠴᠠᠭᠠᠨ ᠳᠤ ᠮᠣᠩᠭᠣᠯ ᠪᠢᠴᠢᠭ ᠢ ᠪᠠᠷᠤᠭ ᠲᠡᠷᠡ ᠬᠡᠪ ᠢᠶᠡᠷ ᠰᠢᠬᠠᠭᠤ ᠬᠡᠷᠡᠭᠯᠡᠵᠦ ᠮᠠᠨᠵᠤ ᠦᠭᠡ ᠶᠢ ᠲᠡᠮᠳᠡᠭᠯᠡᠵᠦ ᠪᠠᠶᠢᠭᠰᠠᠨ ᠪᠥᠭᠡᠳ ᠡᠨᠡ ᠦᠶ᠎ᠡ ᠶᠢᠨ ᠪᠢᠴᠢᠭ ᠦᠨ ᠳᠤᠷᠠᠰᠬᠠᠯ ᠢ ᠮᠠᠨᠵᠤ ᠨᠠᠷ ᠰᠡᠭᠦᠯ ᠳᠦ 《ᠲᠣᠨᠺᠢ ᠹᠦᠺᠠ ᠠᠺᠦ᠋ ᠬᠡᠷᠭᠡᠨ ᠢ ᠪᠢᠳᠬᠡ》(ᠳᠤᠰᠤᠯ ᠪᠢᠨᠳᠦ ᠦᠭᠡᠢ ᠦᠰᠦᠭ ᠤᠨ ᠪᠢᠴᠢᠭ) ᠬᠡᠮᠡᠨ ᠨᠡᠷᠡᠯᠡᠬᠦ ᠪᠣᠯᠵᠠᠢ᠃ ᠳ᠋ᠠᠬᠠᠢ ᠶᠢᠨ ᠵᠣᠬᠢᠶᠠᠭᠰᠠᠨ ᠪᠢᠴᠢᠭ ᠢ ᠨᠢ ᠰᠢᠨ᠎ᠡ ᠮᠠᠨᠵᠤ ᠪᠢᠴᠢᠭ ᠪᠤᠶᠤ ᠳᠤᠰᠤᠯ ᠪᠢᠨᠳᠤᠲᠤ ᠮᠠᠨᠵᠤ ᠦᠰᠦᠭ ᠭᠡᠳᠡᠭ᠃

ᠳᠠᠶᠢᠴᠢᠩ ᠭᠦᠷᠦᠨ ᠤ ᠦᠶ᠎ᠡ ᠳᠦ ᠮᠠᠨᠵᠤ ᠬᠡᠯᠡ ᠪᠢᠴᠢᠭ ᠨᠢ 《ᠲᠥᠷᠥ ᠶᠢᠨ ᠬᠡᠯᠡ》᠂ 《ᠤᠯᠤᠰ ᠤᠨ ᠪᠢᠴᠢᠭ》 ᠤᠨ ᠪᠠᠶᠢᠷᠢ ᠰᠠᠭᠤᠷᠢ ᠲᠠᠢ ᠪᠠᠶᠢᠵᠤ ᠂ ᠪᠦᠬᠦ ᠤᠯᠤᠰ ᠤᠨ ᠬᠡᠪᠴᠢᠶᠡᠨ ᠳᠤ ᠬᠡᠷᠡᠭᠯᠡᠭᠳᠡᠵᠦ ᠪᠠᠶᠢᠭᠰᠠᠨ ᠪᠣᠯᠬᠣᠷ ᠮᠠᠨᠵᠤ ᠬᠡᠯᠡᠨ ᠳᠡᠭᠡᠷ᠎ᠡ ᠡᠯᠪᠡᠭ ᠪᠠᠶᠠᠯᠢᠭ ᠪᠢᠴᠢᠭ ᠰᠤᠷᠪᠤᠯᠵᠢᠰ ᠦᠯᠡᠳᠡᠭᠳᠡᠵᠦ ᠢᠷᠡᠬᠡᠢ᠃[1]

ᠴᠠᠭᠠᠨ ᠲᠣᠯᠣᠭᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠷᠠᠯ ᠤᠩᠰᠢᠯᠭ᠎ᠠ Unicode ᠲᠠᠶᠢᠯᠪᠤᠷᠢ
ᠳᠠᠩ ᠳᠡᠭᠡᠷ᠎ᠡ ᠣᠷᠣᠬᠤ ᠳᠤᠮᠳᠠ ᠣᠷᠣᠬᠤ ᠲᠣᠣᠷ᠎ᠠ ᠣᠷᠣᠬᠤ
ᠡᠬᠡᠰᠢᠭ [2]
ᠠ᠊ ᠊ᠠ᠊ ᠊ᠠ a [a] 1820
᠊ᠠ᠋
ᡝ᠊ ᠊ᡝ᠊ ᠊ᡝ e [ə] 185D ᠦᠭᠡ ᠶᠢᠨ ᠰᠡᠭᠦᠯ ᠳᠦ k, g, h ([qʰ], [q], [χ])  ᠶᠢᠨ ᠳᠠᠷᠠᠭ᠎ᠠ ᠣᠷᠣᠬᠤ ᠦᠶ᠎ᠡ ᠳᠦ ᠬᠣᠶᠠᠳᠤᠭᠠᠷ ᠬᠤᠪᠢᠷᠠᠯ ᠢ ᠬᠡᠷᠡᠭᠯᠡᠨ᠎ᠡ.[3]
(‍ ‍ᠡ᠋)
ᡳ᠊ ᠊ᡳ᠊ ᠊ᡳ i [i] 1873
᠊ᡳ᠌᠊
᠊ᡳ᠍᠊ ᠊ᡳ᠋
᠊ᡳ᠌
ᠣ᠊ ᠊ᠣ᠊ ᠊ᠣ o [ɔ] 1823
᠊ᠣ᠋
ᡠ᠊ ᠊ᡠ᠊ ᠊ᡠ u [u] 1860
 ??
ᡡ᠊ ᠊ᡡ᠊ ᠊ᡡ ū/uu/v [ʊ]
( ᠶ‍) ᠊ᡟ᠊ ᠊ᡟ y/y/i' [ɨ] 185F ᠬᠢᠲᠠᠳ ᠦᠭᠡᠰ ᠶᠢ ᠪᠢᠴᠢᠭᠯᠡᠬᠦ ᠳᠦ ᠠᠰᠢᠭᠯᠠᠨ᠎ᠠ᠃
ᡳᠣᡳ ᡳᠣᡳ᠊ ᠊ᡳᠣᡳ᠊ ᠊ᡳᠣᡳ ioi [y] ᠬᠢᠲᠠᠳ ᠦᠭᠡᠰ ᠶᠢ ᠪᠢᠴᠢᠭᠯᠡᠬᠦ ᠳᠦ ᠠᠰᠢᠭᠯᠠᠨ᠎ᠠ᠃
ᠭᠡᠶᠢᠭᠦᠯᠦᠭᠴᠢ [4]
ᠨ᠊ ᠊ᠨ᠋᠊ ᠊ᠨ ??? n [n] 1828 ᠳᠤᠮᠳᠠ ᠣᠷᠣᠬᠤ ᠬᠤᠪᠢᠷᠠᠯ ᠤᠨ ᠬᠣᠶᠠᠷ ᠬᠡᠯᠪᠡᠷᠢ ᠶᠢᠨ ᠡᠮᠦᠨᠡᠬᠢ ᠨᠢ ᠡᠬᠡᠰᠢᠭ ᠦᠰᠦᠭ ᠤᠨ ᠡᠮᠦᠨ᠎ᠡ ᠵᠠᠷᠤᠵᠤ᠂ ᠬᠣᠶᠢᠨᠠᠬᠢ ᠨᠢ ᠭᠡᠢᠭᠦᠯᠦᠭᠴᠢ ᠶᠢᠨ ᠡᠮᠦᠨ᠎ᠡ ᠵᠠᠷᠤᠨ᠎ᠠ᠃
᠊ᠨ᠊
᠊ᠩ᠊ ᠊ᠩ ng [ŋ] 1829
ᡴ᠊ ᠊ᡴ᠊ ᠊ᡴ k [kʰ] 1874
᠊ᡴ᠋᠊
( ᠭ᠍‍) ᠊ᡴ᠌᠊ ᠊ᡴ᠋ k [qʰ] 1874
ᡤ᠊ ᠊ᡤ᠊ g [k] 1864
g [q] 1864
ᡥ᠊ ᠊ᡥ᠊ h [x] 1865
h [χ] 1865
ᠪ᠊ ᠊ᠪ᠊ ᠊ᠪ b [p] 182A
ᡦ᠊ ᠊ᡦ᠊ p [pʰ] 1866
ᠰ᠊ ᠊ᠰ᠊ ᠊ᠰ s [s], [ɕ] before [i] 1867
ᡧ᠊ ᠊ᡧ᠊ ᠊ᡧ š [ʃ], [ɕ] before [i] 1867
ᡨ᠋᠊ ᠊ᡨ᠋᠊ t [tʰ] 1868

ᠡᠬᠢᠨ ᠦ ᠮᠥᠷ ᠤᠨ ᠳᠡᠭᠡᠷ᠎ᠡ ᠂ ᠳᠤᠮᠳᠠ ᠣᠷᠣᠬᠤ ᠬᠤᠪᠢᠷᠠᠯ ᠨᠢ a, o, i   ᠶᠢᠨ ᠡᠮᠦᠨ᠎ᠡ ᠵᠠᠷᠤᠨ᠎ᠠ;
ᠳᠤᠮᠳᠠᠬᠢ ᠮᠥᠷ ᠤᠨ ᠳᠤᠮᠳᠠ ᠡᠣᠷᠣᠬᠤ ᠬᠤᠪᠢᠷᠠᠯ ᠨᠢ ᠭᠡᠶᠢᠭᠦᠯᠦᠭᠴᠢ ᠶᠢᠨ ᠡᠮᠦᠨ᠎ᠡ ᠵᠠᠷᠤᠨ᠎ᠠ;
ᠭᠤᠷᠪᠠᠳᠠᠬᠢ ᠮᠥᠷ ᠤᠨ ᠳᠤᠮᠳᠠ ᠣᠷᠣᠬᠤ ᠬᠤᠪᠢᠷᠠᠯ ᠨᠢ e, u, ū  ᠶᠢᠨ ᠡᠮᠦᠨ᠎ᠡ ᠵᠠᠷᠤᠨ᠎ᠠ᠃

ᡨ᠌᠊ ᠊ᡨ᠌᠊ ᠊ᡨ
ᡨ᠊ ᠊ᡨ᠍᠊
ᡩ᠊ ᠊ᡩ᠊ d [t] 1869

ᠡᠬᠢᠨ ᠤ ᠮᠥᠷ ᠤᠨ ᠳᠡᠭᠡᠷ᠎ᠡ ᠳᠤᠮᠳᠠ ᠣᠷᠣᠬᠤ ᠬᠤᠪᠢᠷᠠᠯ ᠨᠢ a, o, i  ᠶᠢᠨ ᠡᠮᠦᠨ᠎ᠡ ᠵᠠᠷᠤᠨ᠎ᠠ;
ᠬᠣᠶᠠᠳᠠᠬᠢ ᠮᠥᠷ ᠤᠨ ᠳᠡᠭᠡᠷ᠎ᠡ ᠪᠣᠯᠣᠨ ᠳᠤᠮᠳᠠ ᠣᠷᠣᠬᠤ ᠬᠤᠪᠢᠷᠠᠯ ᠨᠢ e, u, ū  ᠶᠢᠨ ᠡᠮᠦᠨ᠎ᠡ ᠵᠠᠷᠤᠨ᠎ᠠ᠃

ᡩ᠋᠊ ᠊ᡩ᠋᠊
ᠯ᠊ ᠊ᠯ᠊ ᠊ᠯ l [l] 182F ᠳᠡᠭᠡᠷ᠎ᠡ ᠪᠣᠯᠣᠨ ᠳᠣᠣᠷ᠎ᠠ ᠣᠷᠣᠬᠤ ᠦᠶ᠎ᠡ ᠶᠢᠨ ᠬᠤᠪᠢᠷᠠᠯ ᠨᠢ ᠶᠡᠬᠡᠪᠴᠢᠯᠡᠨ ᠭᠠᠳᠠᠭᠠᠳᠤ ᠬᠡᠯᠡᠨ ᠤ ᠦᠭᠡᠨ ᠳᠦ ᠠᠰᠢᠭᠯᠠᠨ᠎ᠠ᠃
ᠮ᠊ ᠊ᠮ᠊ ᠊ᠮ m [m] 182E
ᠴ᠊ ᠊ᠴ᠊ c/ch/č/q [t͡ʃʰ], [t͡ɕʰ] before [i] 1834
ᠵ᠊ ᠊ᠵ᠊ j/zh/ž [t͡ʃ], [t͡ɕ] before [i] 1835
ᠶ᠊ ᠊ᠶ᠊ y [j] 1836
ᡵ᠊ ᠊ᡵ᠊ ᠊ᡵ r [r] 1875 ᠳᠡᠭᠡᠷ᠎ᠡ ᠪᠣᠯᠣᠨ ᠳᠣᠣᠷ᠎ᠠ ᠣᠷᠣᠬᠤ ᠬᠤᠪᠢᠷᠠᠯ ᠨᠢ ᠭᠣᠣᠯᠳᠠᠭᠤ ᠭᠠᠳᠠᠭᠠᠳᠤ ᠬᠡᠯᠡᠨ ᠤ ᠦᠭᠡᠨ ᠳᠦ ᠠᠰᠢᠭᠯᠠᠨ᠎ᠠ᠃
ᡶ᠊ ᠊ᡶ᠊ f [f] 1876 ᠡᠬᠢᠨ ᠤ ᠮᠥᠷ ᠤᠨ ᠳᠡᠭᠡᠷ᠎ᠡ ᠪᠣᠯᠣᠨ ᠳᠤᠮᠳᠠ ᠣᠷᠣᠬᠤ ᠬᠤᠪᠢᠷᠠᠯ ᠨᠢ a e  ᠶᠢᠨ ᠡᠮᠦᠨ᠎ᠡ ᠬᠡᠷᠡᠭᠯᠡᠨ᠎ᠡ ;

ᠬᠣᠶᠠᠳᠠᠬᠢ ᠮᠥᠷ ᠤᠨ ᠳᠡᠭᠡᠷ᠎ᠡ ᠪᠣᠯᠣᠨ ᠳᠤᠮᠳᠠ ᠣᠷᠣᠬᠤ ᠬᠤᠪᠢᠷᠠᠯ ᠨᠢ i o u ū  ᠶᠢᠨ ᠡᠮᠦᠨ᠎ᠡ ᠬᠡᠷᠡᠭᠯᠡᠨ᠎ᠡ᠃

ᡶ‍᠋ ᠊‍ᡶ‍
ᠸ᠊ ᠊ᠸ᠊ v (w) [w], [v-] 1838
ᠺ᠊ ᠊ᠺ᠊ k'/kk/k῾/k’ [kʰ] 183A ᠬᠢᠲᠠᠳ ᠬᠡᠯᠡᠨ ᠤ k [kʰ]  ᠢ ᠢᠯᠡᠳᠭᠡᠵᠦ᠂ a, o  ᠶᠢᠨ ᠡᠮᠦᠨ᠎ᠡ ᠣᠷᠣᠬᠤ ᠦᠶ᠎ᠡ ᠳᠦ ᠰᠠᠶᠢ ᠠᠰᠢᠭᠯᠠᠨ᠎ᠠ᠃
ᡬ᠊ ᠊ᡬ᠊ g'/gg/ǵ/g’ [k] 186C ᠬᠢᠲᠠᠳ ᠬᠡᠯᠡᠨ ᠤ g [k]  ᠢ ᠢᠯᠡᠳᠭᠡᠵᠦ᠂ a, o  ᠶᠢᠨ ᠡᠮᠦᠨ᠎ᠡ ᠣᠷᠣᠬᠤ ᠦᠶ᠎ᠡ ᠳᠦ ᠰᠠᠶᠢ ᠠᠰᠢᠭᠯᠠᠨ᠎ᠠ᠃
ᡭ᠊ ᠊ᡭ᠊ h'/hh/h́/h’ [x] 186D ᠬᠢᠲᠠᠳ ᠬᠡᠯᠡᠨ ᠤ h [x]  ᠢ ᠢᠯᠡᠳᠭᠡᠵᠦ᠂ a, o   ᠶᠢᠨ ᠡᠮᠦᠨ᠎ᠡ ᠣᠷᠣᠬᠤ ᠦᠶ᠎ᠡ ᠳᠦ ᠰᠠᠶᠢ ᠠᠰᠢᠭᠯᠠᠨ᠎ᠠ᠃
ᡮ᠊ ᠊ᡮ᠊ ts'/c/ts῾/c [tʂʰ] 186E ᠬᠢᠲᠠᠳ ᠬᠡᠯᠡᠨ ᠤ c [t͡ʂʰ]  ᠢ ᠢᠯᠡᠳᠭᠡᠬᠦ ᠳᠦ ᠠᠰᠢᠭᠯᠠᠨ᠎ᠠ᠃
ᡯ᠊ ᠊ᡯ᠊ dz/z/dz/z [t͡s] 186F ᠬᠢᠲᠠᠳ ᠬᠡᠯᠡᠨ ᠤ z [t͡s]  ᠢ ᠢᠯᠡᠳᠭᠡᠬᠦ ᠳᠦ ᠠᠰᠢᠭᠯᠠᠨ᠎ᠠ᠃
ᡰ᠊ ᠊ᡰ᠊ ž/rr/ž/r’ [ʐ] 1870 ᠬᠢᠲᠠᠳ ᠬᠡᠯᠡᠨ ᠤ r [ʐ]  ᠶᠢ ᠢᠯᠡᠳᠭᠡᠬᠦ ᠳᠦ ᠠᠰᠢᠭᠯᠠᠨ᠎ᠠ᠃
ᡱ᠊ ᠊ᡱ᠊ c'/ch/c῾/c’ [tʂʰ] 1871 ᠬᠢᠲᠠᠳ ᠬᠡᠯᠡᠨ ᠤ ch [tʂʰ] ᠂ chi/c'y [tʂʰɨ]  ᠶᠢ ᠢᠯᠡᠳᠭᠡᠬᠦ ᠳᠦ ᠠᠰᠢᠭᠯᠠᠨ᠎ᠠ᠃
ᡷ᠊ ᠊ᡷ᠊ j/zh/j̊/j’ [tʂ] 1877 ᠬᠢᠲᠠᠳ ᠦᠰᠦᠭ ᠤᠨ zh [tʂ] ᠂ zhi/j'y [tʂɨ]  ᠶᠢ ᠢᠯᠡᠳᠭᠡᠬᠦ ᠳᠦ ᠠᠰᠢᠭᠯᠠᠨ᠎ᠠ᠃
ᡀ᠊ ᠊ᡀ᠊ lh/l"/l̊ [lx] 18AA ᠲᠥᠪᠡᠳ ᠬᠡᠯᠡᠨ ᠦ lh ལྷ [lh]  ᠢ ᠢᠯᠡᠳᠭᠡᠬᠦ ᠳᠦ ᠠᠰᠢᠭᠯᠠᠨ᠎ᠠ᠃

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪ‍ ᠰᠣᠳᠣ᠂ ᠭᠡᠭᠡᠨᠬᠠᠰ ᠃ ᠠᠩᠬ᠎ᠠ ᠰᠤᠷᠬᠤ ᠮᠠᠨᠵᠤ ᠪᠢᠴᠢᠭ᠂ ᠯᠢᠶᠣᠣᠨᠢᠩ ᠤᠨ ᠦᠨᠳᠦᠰᠦᠲᠡᠨ ᠤ ᠬᠡᠪᠯᠡᠯ ᠤᠨ ᠬᠣᠷᠢᠶ᠎ᠠ᠃ p.01᠃ ISBN9787807229919 ᠃ 2010 ᠤᠨ ᠤ 7ᠰᠠᠷ᠎ᠠ᠃
  2. Gorelova, L: "Manchu Grammar", page 59. Brill, 2002.
  3. Gorelova, L: "Manchu Grammar", page 53. Brill, 2002.
  4. Gorelova, L: "Manchu Grammar", page 70. Brill, 2002.

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ