ᠮᠠᠨᠵᠤ ᠦᠨᠳᠦᠰᠦᠳᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠨᠵᠤ (ᠮᠠᠨᠵᠤ ; ᠬᠢᠳᠠᠳ ᠬᠡᠯᠡ 滿族 Mǎnzú) — ᠲᠤᠮᠳᠠᠳᠤ ᠤᠯᠤᠰ ᠤᠨ ᠵᠡᠭᠦᠨ ᠬᠣᠶᠢᠳᠤ ᠣᠷᠣᠨ᠂ ᠮᠠᠨᠵᠤᠤᠷ ᠨᠤᠲᠤᠭ ᠤᠨ ᠠᠭᠤᠭᠤᠯ᠂ ᠲᠤᠩᠭᠤᠰ ᠤᠭᠰᠠᠭᠠᠳᠤ ᠠᠷᠠᠳ ᠲᠦᠮᠡᠨ᠂ 10 ᠰᠠᠶ᠎ᠠ ᠬᠦᠮᠦᠨ ᠲᠡᠢ ᠦᠨᠳᠦᠰᠦᠲᠡᠨ᠃ ᠲᠥᠷᠥᠯᠬᠢ ᠠᠯᠲᠠᠢ ᠢᠵᠠᠭᠤᠷ ᠤᠨ ᠮᠠᠨᠵᠤ ᠬᠡᠯᠡ ᠪᠡᠨ ᠭᠡᠭᠡᠵᠦ᠂ ᠨᠡᠶᠢᠲᠡ ᠪᠡᠷ ᠢᠶᠡᠨ ᠬᠢᠲᠠᠳ ᠬᠡᠯᠡᠲᠡᠨ ᠪᠣᠯᠤᠭᠰᠠᠨ᠃

ᠵᠥᠷᠴᠢᠳ ᠦᠨ ᠤᠳᠤᠮ ᠪᠥᠭᠡᠳ ᠴᠢᠩ ᠤᠯᠤᠰ ᠢ (1644-1912) ᠪᠠᠶᠢᠭᠤᠯᠤᠭᠰᠠᠨ ᠤ ᠳᠠᠷᠠᠭ᠎ᠠ ᠥᠪᠡᠷᠰᠡᠳ ᠢ ᠪᠡᠨ «ᠮᠠᠨᠵᠤ» ᠬᠡᠮᠡᠨ ᠨᠡᠷᠡᠶᠢᠳᠦᠭᠰᠡᠨ᠃

ᠨᠡᠷ ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠡᠷ ᠡ ᠵᠢᠨ ᠤᠳᠬ᠎ᠠ ᠶᠢᠨ ᠶᠠᠭ ᠭᠠᠷᠤᠯ ᠪᠠᠲᠤ ᠪᠤᠰᠤ ᠪᠠᠶᠢᠨ᠎ᠠ᠃ ᠮᠠᠨᠵᠤᠱᠷᠢ ᠪᠤᠷᠬᠠᠨ ᠤ ᠨᠡᠷ᠎ᠡ ᠡᠴᠡ ᠡᠭᠦᠰᠦᠭᠰᠡᠨ ᠪᠠᠶᠢᠵᠤ ᠪᠣᠯᠬᠤ ᠶᠤᠮ᠃ ᠨᠢᠭᠡ ᠡᠷᠳᠡᠮᠲᠡᠨ ᠦ ᠬᠡᠯᠡᠭᠰᠡᠨ ᠢᠶᠡᠷ 《ᠮᠠᠩᠬᠭ》 (ᠮᠠᠩᡤᠠ)᠂ 《ᠵᠤ》 (ᠵᡠ) ᠪᠤᠶᠤ 《ᠠᠶᠤᠮᠰᠢᠭ ᠦᠭᠡᠢ ᠰᠤᠮᠤ》 ᠬᠡᠮᠡᠬᠦ ᠨᠡᠶᠢᠯᠡᠮᠵᠢ ᠪᠠᠶᠢᠵᠤ ᠮᠠᠭᠠᠳ ᠦᠭᠡᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠵᠠᠭᠤᠷ ᠭᠠᠷᠤᠯ [ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠶᠢᠨ ᠲᠦᠷᠦᠭᠦᠦ ᠡᠪᠦᠭᠡ ᠨᠡᠶᠢᠲᠡ ᠲᠠᠸᠠᠷ ᠤᠨ ᠥᠷᠲᠡᠭ ᠰᠦᠰᠢᠨᠢ ᠬᠡᠮᠡᠬᠦ ᠪᠢᠴᠢᠭ ᠲᠦ ᠲᠡᠮᠳᠡᠭᠯᠡᠳᠡᠵᠡᠢ᠃ ᠳᠠᠷᠠᠭ᠎ᠠ ᠨᠢ ᠢᠯᠤ᠂ ᠦᠵᠢ ᠭᠡᠭᠳᠡᠵᠦ ᠪᠠᠶᠢᠭᠠᠳ 11 ᠍ ᠳᠦᠭᠡᠷ ᠵᠠᠭᠤᠨ ᠳᠤ ᠨᠦᠢᠵᠢ ᠪᠤᠶᠤ ᠵᠥᠷᠴᠢᠨ ᠨᠡᠷ᠎ᠡ ᠪᠡᠷ ᠮᠠᠨᠳᠤᠵᠠᠢ᠃

1114  ᠤᠨ ᠳᠤ ᠠᠭᠤᠳᠠ ᠵᠥᠷᠴᠢᠨ ᠠᠶᠢᠮᠠᠭ ᠤᠳ ᠢ ᠨᠢᠭᠡᠳᠬᠡᠨ ᠠᠯᠲᠠᠨ ᠤᠯᠤᠰ ᠢ (1114-1234) ᠦᠨᠳᠦᠰᠦᠯᠡᠵᠦ᠂ ᠮᠣᠩᠭᠣᠯ ᠤᠨ ᠬᠢᠲᠠᠨ ᠤᠯᠤᠰ ᠢ ᠮᠥᠬᠥᠭᠡᠵᠦ᠂ ᠨᠠᠩᠭᠢᠶᠠᠳ ᠤᠨ ᠰᠦᠨ ᠤᠯᠤᠰ ᠢ ᠤᠷᠤᠭᠰᠢ ᠲᠦᠷᠢᠵᠦ ᠣᠷᠣᠰᠢᠨ ᠲᠣᠭᠲᠠᠨᠢᠵᠠᠢ᠃ 1211  ᠤᠨ ᠠᠴᠠ ᠮᠣᠩᠭᠣᠯᠴᠤᠳ ᠳᠠᠶᠢᠯᠠᠭᠰᠠᠭᠠᠷ 1234  ᠤᠨ ᠳᠤ ᠴᠠᠩ ᠵᠧᠤ ᠢ ᠡᠵᠡᠯᠡᠭᠰᠡᠨ ᠢᠶᠡᠷ ᠠᠯᠲᠠᠨ ᠤᠯᠤᠰ ᠢ ᠮᠥᠬᠥᠭᠡᠭᠰᠡᠨ᠃

ᠵᠥᠷᠴᠢᠳ ᠰᠤᠩᠭᠠᠷᠢ ᠪᠣᠯᠤᠨ ᠬᠠᠷ᠎ᠠ ᠮᠥᠷᠡᠨ ᠢᠶᠡᠷ ᠨᠤᠲᠤᠭᠯᠠᠵᠤ ᠪᠠᠶᠢᠭᠰᠠᠨ ᠪᠠ 16 ᠍ ᠳᠦᠭᠡᠷ ᠵᠠᠭᠤᠨ ᠳᠤ ᠬᠠᠶᠢᠰᠢ᠂ ᠵᠢᠨᠵᠢᠤ᠂ ᠶᠡᠷᠡᠨᠢ ᠭᠤᠷᠪᠠᠨ ᠬᠡᠰᠡᠭ ᠪᠣᠯᠵᠤ ᠪᠠᠶᠢᠯ᠎ᠠ᠃ ᠡᠭᠦᠨ ᠡᠴᠡ ᠵᠢᠨᠵᠢᠤ ᠵᠥᠷᠴᠢᠨ ᠦ ᠨᠤᠷᠬᠠᠴᠢ ᠪᠠᠭᠠᠲᠤᠷ (ᠬᠦᠨᠳᠦᠯᠡᠯᠳᠦ ᠬᠠᠭᠠᠨ) ᠣᠯᠠᠨ ᠠᠶᠢᠮᠠᠭ ᠢ ᠳᠠᠭᠠᠭᠤᠯᠵᠤ «ᠬᠣᠵᠢᠭᠤ ᠠᠯᠲᠠᠨ ᠤᠯᠤᠰ» ᠍ ᠢ ᠡᠭᠦᠰᠬᠡᠭᠰᠡᠨ ᠪᠠ ᠳᠡᠭᠡᠳᠦ ᠡᠷᠳᠡᠮᠲᠦ ᠬᠠᠭᠠᠨ ᠦᠨᠳᠦᠰᠦ ᠪᠡᠨ 1635  ᠤᠨ ᠳᠤ «ᠮᠠᠨᠵᠤ»᠂ ᠤᠯᠤᠰ ᠢᠶᠠᠨ 1636  ᠤᠨ ᠳᠤ «ᠴᠢᠩ» ᠬᠡᠮᠡᠵᠡᠢ᠃

ᠮᠠᠨᠵᠤ ᠴᠢᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠨᠤᠭᠤᠳ 1636  ᠤᠨ ᠳᠤ ᠥᠪᠥᠷ ᠮᠣᠩᠭᠣᠯ ᠢ ᠪᠦᠷᠢᠨ ᠳᠠᠭᠠᠭᠤᠯᠵᠤ᠂ 1644  ᠤᠨ ᠳᠤ ᠪᠡᠭᠡᠵᠢᠩ ᠢ ᠡᠵᠡᠯᠡᠨ᠂ 1683  ᠤᠨ ᠭᠡᠬᠦ ᠳᠦ ᠬᠠᠭᠤᠴᠢᠨ ᠲᠤᠮᠳᠠᠳᠤ ᠤᠯᠤᠰ ᠤᠨ ᠳᠣᠲᠣᠷ᠎ᠠ ᠭᠠᠵᠠᠷ ᠢ ᠭᠦᠢᠴᠡᠭᠡᠵᠦ᠂ 1691  ᠤᠨ ᠳᠤ ᠠᠷᠤ ᠮᠣᠩᠭᠣᠯ᠂ 1755  ᠤᠨ ᠳᠤ ᠪᠠᠷᠠᠭᠤᠨ ᠮᠣᠩᠭᠣᠯ ᠢ ᠡᠵᠡᠯᠡᠨ ᠳᠠᠭᠠᠭᠤᠯᠤᠭᠰᠠᠨ ᠪᠠᠶᠢᠳᠠᠭ᠃ ᠮᠠᠨᠵᠤ ᠴᠢᠩ ᠤᠯᠤᠰ ᠪᠤᠶᠤ ᠳᠠᠶᠢᠴᠢᠨ ᠭᠦᠷᠦᠨ ᠦ ᠲᠥᠷᠥ ᠶᠢ «ᠲᠩᠷᠢ ᠶᠢᠨ ᠪᠣᠱᠢᠭᠤᠳᠤ» ᠬᠡᠮᠡᠬᠦ ᠨᠤᠷᠬᠠᠴᠢ ᠠᠴᠠ «ᠬᠡᠪᠲᠦ ᠶᠣᠰᠣ» ᠹᠦ᠋ ᠢ ᠬᠦᠷᠲᠡᠯ᠎ᠡ 12 ᠬᠠᠭᠠᠨ ᠪᠠᠷᠢᠵᠠᠢ᠃ ᠡᠭᠦᠨ ᠡᠴᠡ ᠡᠩᠬᠡ ᠠᠮᠤᠭᠤᠯᠠᠩ (1662-1722)᠂ ᠲᠩᠷᠢ ᠲᠡᠳᠬᠦᠭᠴᠢ (1735-1794) ᠬᠣᠶᠠᠷ ᠬᠠᠭᠠᠨ ᠵᠢᠷᠠᠨ ᠵᠢᠯ ᠬᠠᠭᠠᠨ ᠰᠠᠭᠤᠭᠰᠠᠨ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠦᠨᠳᠦᠰᠦᠲᠡᠨ ᠨᠢ ᠭᠣᠣᠯᠴᠢᠯᠠᠨ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠶᠢᠨ ᠡᠬᠡ ᠭᠠᠵᠠᠷ ᠢᠶᠠᠷ ᠲᠥᠪᠯᠡᠷᠡᠨ ᠰᠠᠭᠤᠬᠤ ᠪᠥᠭᠡᠳ 2000  ᠤᠨ ᠤ ᠬᠦᠮᠦᠨ ᠠᠮᠠ ᠶᠢᠨ ᠰᠤᠳᠤᠯᠭ᠎ᠠ ᠪᠠᠷ 10708464 ᠬᠦᠮᠦᠨ ᠲᠡᠢ ᠬᠡᠮᠡᠨ ᠲᠣᠭᠠᠯᠠᠭᠳᠠᠵᠠᠢ᠃ ᠡᠨᠡ ᠨᠢ ᠴᠥᠭᠡᠨ ᠲᠣᠭᠠᠲᠤ ᠦᠨᠳᠦᠰᠦᠲᠡᠨ ᠦ 10.17 ᠬᠤᠪᠢ᠂ ᠨᠡᠶᠢᠲᠡ ᠬᠦᠮᠦᠨ ᠠᠮᠠ ᠶᠢᠨ 0.86 ᠬᠤᠪᠢ᠃

ᠬᠡᠯᠡ ᠶᠠᠷᠢᠶ᠎ᠠ ᠪᠠ ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠦᠨᠳᠦᠰᠦᠲᠡᠨ ᠦ ᠦᠨᠳᠦᠰᠦᠨ ᠬᠡᠯᠡ ᠨᠢ ᠮᠠᠨᠵᠤ ᠬᠡᠯᠡ ᠪᠥᠭᠡᠳ ᠠᠯᠲᠠᠢ ᠬᠡᠯᠡᠨ ᠦ ᠢᠵᠠᠭᠤᠷ ᠤᠨ ᠮᠠᠨᠵᠤ-ᠲᠤᠩᠭᠤᠰ ᠬᠡᠯᠡᠨ ᠦ ᠪᠦᠯᠦᠭ ᠦᠨ ᠡᠮᠦᠨᠡᠲᠦ ᠲᠤᠩᠭᠤᠰ ᠤᠨ ᠬᠡᠯᠡᠨ ᠦ ᠳᠡᠳ᠋ ᠪᠦᠯᠦᠭ ᠲᠦ ᠪᠠᠭᠲᠠᠳᠠᠭ᠃ ᠴᠢᠩ ᠤᠯᠤᠰ ᠤᠨ ᠦᠶ᠎ᠡ ᠳᠦ 《ᠤᠯᠤᠰ ᠤᠨ ᠬᠡᠯᠡ》᠂ 《ᠴᠢᠩ ᠬᠡᠯᠡ》 ᠭᠡᠬᠦ ᠮᠡᠲᠦ ᠪᠡᠷ ᠨᠡᠷᠡᠯᠡᠭᠳᠡᠵᠦ ᠪᠠᠶᠢᠭᠰᠠᠨ᠃

ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠷᠴᠢᠳ ᠪᠢᠴᠢᠭ ᠢ ᠠᠰᠢᠭᠯᠠᠵᠤ ᠪᠠᠶᠢᠭᠰᠠᠨ ᠪᠥᠭᠡᠳ ᠬᠣᠶᠢᠳᠤ ᠠᠯᠲᠠᠨ ᠤᠯᠤᠰ ᠤᠨ ᠨᠤᠷᠬᠠᠴᠢ ᠬᠠᠭᠠᠨ ᠤ ᠵᠠᠷᠯᠢᠭ ᠢᠶᠠᠷ ᠰᠦᠢᠮᠢᠨ᠂ ᠡᠷᠳᠡᠨᠢ ᠭᠡᠰᠡᠨ 2 ᠬᠦᠮᠦᠨ ᠮᠣᠩᠭᠣᠯ ᠪᠢᠴᠢᠭ ᠦᠨ ᠭᠠᠯᠢᠭᠯᠠᠬᠤ ᠰᠢᠰᠲ᠋ᠧᠮ ᠢ ᠭᠣᠣᠯ ᠪᠣᠯᠭᠠᠵᠤ ᠮᠠᠨᠵᠤ ᠪᠢᠴᠢᠭ ᠢ ᠵᠣᠬᠢᠶᠠᠵᠠᠢ᠃ ᠣᠳᠣ ᠮᠠᠨᠵᠤ ᠪᠢᠴᠢᠭ ᠮᠡᠳᠡᠬᠦ ᠬᠦᠮᠦᠨ ᠦ ᠲᠣᠭ᠎ᠠ 200 ᠭᠠᠷᠤᠢ ᠪᠣᠯᠤᠨ᠎ᠠ᠃

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠨᠤᠭᠤᠳ ᠰᠢᠷ᠎ᠠ ᠶᠢᠨ ᠱᠠᠱᠢᠨ᠂ ᠾᠷᠢᠰᠲ᠋ᠤᠰ᠂ ᠪᠥᠭᠡ ᠮᠥᠷᠭᠥᠯ ᠢ ᠰᠢᠲᠦᠨ ᠪᠢᠰᠢᠷᠡᠳᠡᠭ᠃

ᠪᠢᠴᠢᠭᠡᠰᠦ