ᠮᠠᠨᠵᠤ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠠᠢᠢᠯ:ᠮᠠᠨ ᠦᠨ ᠮᠪ᠃png
ᠮᠠᠨᠵᠤ ᠦᠨᠳᠦᠰᠦᠲᠡᠨ
Manchu celeb 7.jpg
ᠨᠤᠷᠬᠠᠴᠢᠠᠪᠠᠬᠠᠢ ᠬᠠᠭᠠᠨᠴᠦᠰᠢ
ᠪᠦᠭᠦᠳᠡ ᠲᠣᠭ᠎ᠠ
10,700,000
ᠲᠥᠪᠯᠡᠷᠡᠭᠰᠡᠨ ᠭᠠᠵᠠᠷ ᠣᠷᠣᠨ
Flag of the People's Republic of China.svg ᠬᠢᠲᠠᠳ 10,682,263[1]
ᠬᠡᠯᠡ ᠠᠶᠠᠯᠭᠤ

ᠤᠷᠢᠳᠠ ᠨᠢ ᠮᠠᠨᠵᠤ ᠬᠡᠯᠡ᠂ ᠣᠳᠣ ᠬᠢᠲᠠᠳ ᠬᠡᠯᠡ

ᠲᠥᠷᠥᠯ ᠠᠷᠠᠳ ᠲᠦᠮᠡᠨ

ᠬᠠᠮᠨᠢᠭᠠᠨᠣᠷᠴᠣᠨ ᠭᠡᠬᠦ ᠮᠡᠲᠦ
ᠪᠤᠰᠤᠳ ᠮᠠᠨᠵᠤ-ᠲᠦᠩᠭᠦᠰ ᠬᠡᠯᠡᠲᠡᠨ

ᠮᠠᠨᠵᠤ (ᠮᠠᠨᠵᠤ᠃ Manjui gisun.svg; ᠬᠢᠲᠠᠳ ᠢᠶᠠᠷ 滿族 Mǎnzú) — ᠮᠠᠨᠵᠤᠤᠷ ᠍ ᠤᠨ (ᠣᠳᠣ ᠶᠢᠨ ᠳᠣᠷᠣᠨ᠎ᠠ ᠤᠮᠠᠷᠠᠳᠤ ᠬᠢᠲᠠᠳ) ᠠᠭᠤᠭᠤᠯ ᠤᠭᠰᠠᠭᠠᠲᠠᠨ ᠤ ᠨᠡᠶᠢᠲᠡᠯᠢᠭ. 2000 ᠣᠨ ᠤ ᠲᠣᠭᠠᠯᠠᠯᠭ᠎ᠠ ᠪᠠᠷ 10.68 ᠰᠠᠶ᠋ ᠠ ᠮᠠᠨᠵᠤ ᠬᠦᠮᠦᠨ ᠪᠦᠷᠢᠳᠬᠡᠭᠳᠡᠭᠰᠡᠨ ᠢᠶᠡᠷ ᠪᠣᠯᠪᠠᠯ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠣᠲᠣᠷ᠎ᠠ ᠢᠯᠭᠠᠨ ᠲᠠᠨᠢᠳᠠᠭ 56 ᠤᠭᠰᠠᠭᠠᠲᠠᠨ ᠤ 3 ᠍ ᠳᠦᠭᠡᠷ ᠣᠯᠠᠨ ᠲᠣᠭ᠎ᠠ ᠲᠠᠢ ᠨᠢ ᠪᠣᠯᠤᠨ᠎ᠠ᠃[2]

ᠮᠠᠨᠵᠤ ᠨᠤᠭᠤᠳ ᠤᠷᠢᠳᠤ ᠨᠢ ᠮᠠᠯᠴᠢᠨ ᠨᠡᠭᠦᠳᠡᠯᠴᠢᠨ ᠠᠯᠲᠠᠢ ᠢᠵᠠᠭᠤᠷ ᠤᠨ ᠮᠠᠨᠵᠤ-ᠲᠦᠩᠭᠦᠰ ᠪᠦᠯᠦᠭ ᠦᠨ ᠮᠠᠨᠵᠤ ᠬᠡᠯᠡᠪᠠᠷ ᠵᠢᠡᠨ ᠶᠠᠷᠢᠳᠠᠭ ᠪᠠᠶᠢᠭᠰᠠᠨ ᠪᠣᠯ ᠥᠨᠥ ᠶᠢᠨ ᠬᠢᠲᠠᠳ ᠍ ᠢ ᠪᠦᠷᠢᠨ ᠨᠢᠭᠡᠳᠬᠡᠭᠰᠡᠨ ᠳᠠᠶᠢᠴᠢᠩ ᠭᠦᠷᠦᠨ ᠪᠠᠶᠢᠭᠤᠯᠤᠭᠰᠠᠨ ᠠᠴᠠ ᠪᠠᠨ ᠬᠣᠶᠢᠰᠢ ᠰᠠᠭᠤᠷᠢᠨ ᠰᠠᠭᠤᠵᠤ ᠤᠯᠤᠰ ᠤᠨ ᠣᠯᠠᠩᠬᠢ ᠤᠭᠰᠠᠭᠠᠲᠠᠨ ᠳᠤ ᠠᠭᠤᠰᠤᠨ ᠬᠢᠲᠠᠳᠵᠢᠭᠠᠭᠠᠳ ᠮᠠᠨᠵᠤ ᠶᠢᠨ ᠭᠡᠬᠦ ᠬᠡᠯᠡ᠂ ᠰᠤᠶᠤᠯ᠂ ᠠᠵᠤ ᠲᠥᠷᠥᠬᠦ ᠶᠣᠰᠣ ᠪᠠᠨ ᠨᠡᠶᠢᠲᠡ ᠪᠡᠷ ᠢᠶᠡᠨ ᠭᠡᠭᠡᠭᠰᠡᠨ ᠦ ᠤᠴᠢᠷ ᠣᠷᠴᠢᠨ ᠴᠠᠭ ᠲᠤ ᠲᠥᠷᠥᠯ ᠠᠷᠠᠯᠵᠢᠭ᠌ᠰᠠᠨ ᠤᠭᠰᠠᠭᠠᠲᠠᠨ ᠤ ᠲᠣᠳᠣ ᠵᠢᠱᠢᠶ᠎ᠡ ᠪᠣᠯᠳᠠᠭ᠃

  1. ᠮᠠᠨᠵᠤ ᠦᠨᠳᠦᠰᠦᠲᠡᠨ ᠭᠡᠬᠦ ᠶᠢᠨ ᠤᠴᠢᠷ - ᠰᠡᠭᠦᠯ ᠦᠨ ᠮᠢᠩᠭᠠᠨ  ᠤ ᠲᠤᠷᠰᠢᠳᠠ ᠪᠠᠯᠠᠷᠠᠯ ᠦᠭᠡᠢ ᠣᠷᠣᠰᠢᠨ ᠪᠠᠶᠢᠵᠤ ᠬᠠᠮᠤᠭ ᠰᠡᠭᠦᠯ ᠳᠦ ᠶᠡᠬᠡ ᠭᠦᠷᠦᠨ ᠪᠠᠶᠢᠭᠤᠯᠵᠤ ᠬᠦᠴᠦᠷᠬᠡᠭ ᠢᠶᠡᠷ ᠮᠠᠨᠳᠤᠵᠤ ᠶᠠᠪᠤᠭᠠᠳ ᠰᠠᠶ᠋ᠢᠬᠠᠨ ᠪᠤᠶᠤ 1945 ᠣᠨ ᠳᠤ ᠯᠠ ᠮᠠᠨᠵᠤ ᠭᠣ ᠳᠠᠭᠤᠰᠤᠭᠰᠠᠨ ᠢᠶᠠᠷ ᠲᠤᠰᠠᠭᠠᠷ ᠲᠣᠭᠲᠠᠨᠢᠯ ᠢᠶᠠᠨ ᠠᠯᠠᠳᠠᠭᠰᠠᠨ᠃ ᠮᠠᠨᠵᠤ ᠶᠢᠨ ᠭᠡᠬᠦ ᠬᠡᠯᠡᠦᠰᠦᠭ ᠪᠢᠴᠢᠭ᠂ ᠰᠤᠶᠤᠯ᠂ ᠵᠠᠩ ᠵᠠᠩᠰᠢᠯ ᠪᠤᠢ᠃ ᠬᠢᠲᠠᠳ ᠤᠨ ᠲᠥᠷᠥ ᠡᠴᠡ ᠬᠢᠲᠠᠳ ᠦᠨᠳᠦᠰᠦᠲᠡᠨ ᠡᠴᠡ ᠴᠥᠭᠡᠨ ᠲᠣᠭᠠᠲᠤ 55 ᠤᠭᠰᠠᠭᠠᠲᠠᠨ ᠢ ᠬᠢᠲᠠᠳ ᠦᠨᠳᠦᠰᠦᠲᠡᠨ ᠲᠡᠢ ᠠᠳᠠᠯᠢᠳᠬᠠᠨ ᠦᠵᠡᠳᠡᠭ ᠡᠴᠡ ᠮᠠᠨᠵᠤ ᠴᠤ ᠪᠠᠰᠠ ᠢᠯᠭᠠᠭ᠎ᠠ ᠦᠭᠡᠢ ᠦᠨᠳᠦᠰᠦᠲᠡᠨ ᠭᠡᠵᠦ ᠡᠷᠭᠦᠮᠵᠢᠯᠡᠭᠳᠡᠳᠡᠭ᠃
  2. ᠮᠠᠨᠵᠤ ᠶᠠᠰᠤᠲᠠᠨ ᠭᠡᠬᠦ ᠶᠢᠨ ᠤᠴᠢᠷ - ᠵᠥᠪᠬᠡᠨ ᠣᠳᠣ ᠦᠶ᠎ᠡ ᠳᠦ ᠬᠢᠲᠠᠳ ᠦᠨᠳᠦᠰᠦᠲᠡᠨ ᠦ ᠮᠠᠨᠵᠤ ᠶᠠᠰᠤᠲᠠᠨ ᠭᠡᠵᠦ ᠨᠡᠷᠡᠯᠡᠬᠦ ᠦᠨᠳᠦᠰᠦ ᠲᠡᠢ᠃ 10 ᠰᠠᠶ᠎ᠠ ᠮᠠᠨᠵᠤ ᠬᠦᠮᠦᠨ ᠪᠠᠶᠢᠨ᠎ᠠ ᠭᠡᠪᠡᠴᠦ ᠨᠡᠶᠢᠲᠡ ᠪᠡᠷ ᠢᠶᠡᠨ (ᠨᠡᠶᠢᠲᠡ ᠪᠡᠷ ᠢᠶᠡᠨ ᠭᠡᠳᠡᠭ ᠨᠢ 99.9% ᠣᠷᠴᠢᠮ) ᠮᠠᠨᠵᠤ ᠬᠡᠯᠡᠮᠠᠨᠵᠤ ᠦᠰᠦᠭ ᠪᠢᠴᠢᠭ ᠬᠡᠷᠡᠭᠯᠡᠬᠦ ᠦᠭᠡᠢ ᠬᠢᠲᠠᠳ ᠬᠡᠯᠡᠪᠢᠴᠢᠭ ᠬᠡᠷᠡᠭᠯᠡᠳᠡᠭ᠃ ᠤᠯᠠᠮᠵᠢᠯᠠᠯᠲᠤ ᠨᠡᠭᠦᠳᠡᠯᠴᠢᠨ ᠰᠤᠶᠤᠯ ᠪᠤᠰᠤ ᠨᠡᠶᠢᠲᠡ ᠪᠡᠷ ᠢᠶᠡᠨ ᠰᠠᠭᠤᠷᠢᠨ ᠬᠢᠲᠠᠳ ᠰᠤᠶᠤᠯ ᠲᠠᠢ᠃
  3. ᠮᠠᠨᠵᠤ ᠤᠭᠰᠠᠭᠠᠲᠠᠨ ᠭᠡᠬᠦ ᠶᠢᠨ ᠤᠴᠢᠷ - ᠤᠷᠢᠳᠤ ᠪᠣᠯᠤᠨ ᠣᠳᠣ ᠶᠢᠨ ᠠᠯᠢ ᠴᠤ ᠦᠶ᠎ᠡ ᠳᠦ ᠳᠡᠭᠡᠷᠡᠬᠢ ᠬᠣᠶᠠᠷ ᠤᠭᠰᠠᠭᠠᠲᠠᠨ ᠤ ᠨᠡᠶᠢᠲᠡᠯᠢᠭᠡᠶᠢᠨ ᠬᠡᠪ ᠰᠢᠨᠵᠢ ᠶᠢᠨ ᠠᠯᠢ ᠨᠢ ᠴᠤ ᠪᠠᠢ ᠳᠡᠯᠡᠬᠡᠢ ᠳᠦ ᠪᠤᠰᠤᠳ ᠠᠴᠠ ᠮᠠᠨᠵᠤ ᠭᠡᠵᠦ ᠢᠯᠭᠠᠭᠳᠠᠨ᠎ᠠ᠃

ᠡᠳᠦᠭᠡ ᠮᠠᠨᠵᠤ ᠤᠭᠰᠠᠭᠠᠲᠠᠨ ᠤ 50.4% ᠨᠢ ᠯᠢᠶᠤᠤᠨᠢᠩᠳ᠋ᠦ᠂ 19.8% ᠨᠢ ᠾᠸᠪᠸᠢᠳ᠋ᠦ᠂ 9.7% ᠨᠢ ᠬᠠᠷᠠᠮᠦ᠋ᠷᠡᠨᠳ᠋ᠦ᠂ 4.7% ᠨᠢ ᠥᠪᠥᠷ ᠮᠣᠩᠭᠣᠯ ᠳᠤ ᠰᠠᠭᠤᠷᠢᠰᠢᠳᠠᠭ᠃ ᠭᠤᠷᠪᠠᠨ ᠮᠤᠵᠢ ᠶᠢᠨ ᠳᠣᠯᠣᠭᠠᠨ ᠬᠣᠳᠠ ᠳᠤ ᠬᠠᠷᠢᠶᠠᠯᠠᠭᠳᠠᠳᠠᠭ ᠬᠣᠰᠢᠭᠤᠲᠠᠢ ᠲᠡᠩᠴᠡᠬᠦ (ᠭᠤᠷᠪᠠᠳᠤᠭᠠᠷ) ᠲᠦᠪᠰᠢᠨ ᠦ ᠮᠠᠨᠵᠤ ᠶᠢᠨ ᠥᠪᠡᠷᠲᠡᠭᠡᠨ ᠵᠠᠰᠠᠬᠤ ᠲᠣᠳᠣᠳᠬᠠᠯ ᠲᠠᠢ ᠵᠠᠰᠠᠭ ᠵᠠᠬᠢᠷᠭᠠᠨ ᠤ 11 ᠨᠢᠭᠡᠴᠡ ᠪᠠᠶᠢᠳᠠᠭ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠭᠡᠬᠦ ᠨᠡᠷ᠎ᠡ ᠨᠢ man+ju ᠭᠡᠰᠡᠨ 2 ᠦᠭᠡᠨ ᠡᠴᠡ ᠪᠦᠲᠦᠳᠡᠭ ᠪᠠ ᠮᠠᠨᠵᠤ ᠬᠡᠯᠡ ᠪᠡᠷ mangga (ᠮᠠᠩᡤᠠ), ᠤᠳᠬ᠎ᠠ ᠨᠢ ᠬᠦᠴᠦᠲᠡᠢ᠂ ᠬᠤᠷᠳᠤᠨ; ju (ᠵᡠ) ᠨᠢ ᠰᠤᠮᠤ ᠭᠡᠰᠡᠨ ᠤᠳᠬ᠎ᠠ ᠲᠠᠢ᠃ 2 ᠦᠭᠡ ᠶᠢ ᠨᠡᠶᠢᠯᠡᠭᠦᠯᠪᠡᠯ ᠬᠤᠷᠳᠤᠨ ᠬᠠᠷᠪᠤᠭᠰᠠᠨ ᠰᠤᠮᠤ ᠭᠡᠰᠡᠨ ᠤᠳᠬ᠎ᠠ ᠭᠠᠷᠴᠤ ᠢᠷᠡᠳᠡᠭ᠃

ᠤᠭ ᠭᠠᠷᠤᠯ ᠪᠠ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠣᠬᠢᠰᠲᠤ ᠭᠣᠶᠣᠯ ᠲᠠᠢ ᠮᠠᠨᠵᠤ ᠴᠡᠷᠢᠭ(1700 ᠍ ᠊ᠭᠠᠳ ᠣᠨ ᠤ ᠰᠡᠭᠦᠯᠴᠢᠭᠡᠷᠬᠡ ᠵᠢᠷᠤᠭ)

ᠮᠠᠨᠵᠤ ᠦᠨᠳᠦᠰᠦᠲᠡᠨ ᠦ ᠡᠪᠦᠭᠡ ᠳᠡᠭᠡᠳᠦᠰ ᠨᠢ ᠰᠢ ᠪᠣᠯᠤᠨ ᠱᠠᠩ ᠤᠯᠤᠰ ᠤᠨ ᠦᠶ᠎ᠡ ᠳᠦ ᠰᠦᠱᠧᠨ ᠭᠡᠳᠡᠭ ᠨᠡᠷ᠎ᠡ ᠲᠡᠢ ᠪᠡᠷ ᠣᠳᠣ ᠶᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠦᠨ ᠮᠠᠨᠵᠤᠤᠷ᠂ ᠭᠢᠷᠢᠨ᠂ ᠬᠠᠷᠠᠮᠦ᠋ᠷᠡᠨ ᠮᠤᠵᠢ ᠬᠠᠪᠢᠴᠠᠭ᠎ᠠ ᠨᠤᠲᠤᠭᠯᠠᠨ ᠰᠠᠭᠤᠵᠤ ᠪᠠᠶᠢᠴᠠᠢ᠃

ᠵᠡᠭᠦᠨ ᠬᠠᠨ ᠤᠯᠤᠰ ᠍ ᠤᠨ ᠦᠶ᠎ᠡ ᠳᠦ ᠨᠡᠷ᠎ᠡ ᠪᠡᠨ ᠥᠭᠡᠷᠡᠴᠢᠯᠡᠨ ᠢᠯᠤ ᠨᠡᠷ᠎ᠡ ᠲᠡᠢ ᠪᠣᠯᠤᠭᠰᠠᠨ ᠪᠥᠭᠡᠳ ᠬᠣᠶᠢᠳᠤ᠂ ᠡᠮᠦᠨᠡᠲᠦ ᠵᠢᠣ ᠤᠯᠤᠰ ᠍ ᠤᠨ ᠦᠶ᠎ᠡ ᠳᠦ ᠦᠵᠢ᠂ ᠲᠠᠩ ᠤᠯᠤᠰ ᠍ ᠤᠨ ᠦᠶ᠎ᠡ ᠳᠦ ᠮᠦᠸᠧᠾᠧ᠂ ᠲᠠᠩ ᠤᠯᠤᠰ ᠮᠥᠬᠥᠭᠰᠡᠨ ᠤ ᠳᠠᠷᠠᠭᠠᠬᠠᠨ ᠨᠡᠷ᠎ᠡ ᠪᠡᠨ ᠳᠠᠬᠢᠨ ᠥᠭᠡᠷᠡᠴᠢᠯᠡᠨ ᠨᠢᠦᠢᠵᠧᠨ ᠪᠤᠶᠤ ᠵᠦᠷᠴᠢᠳ ᠪᠣᠯᠭᠠᠵᠠᠢ᠃ ᠨᠢᠦᠢᠵᠧᠨ ᠭᠡᠳᠡᠭ ᠨᠢ ᠰᠦᠱᠧᠨ ᠭᠡᠳᠡᠭ ᠨᠡᠷ᠎ᠡ ᠶᠢᠨ ᠣᠨᠳᠣᠣᠰᠢᠭᠰᠠᠨ ᠳᠠᠭᠤᠳᠠᠯᠭ᠎ᠠ ᠶᠤᠮ᠃ ᠬᠣᠶᠢᠳᠤ ᠰᠦᠩ ᠤᠯᠤᠰ ᠤᠨ ᠡᠬᠢᠨ ᠦᠶ᠎ᠡ᠂ ᠬᠢᠲᠠᠨ ᠤᠯᠤᠰ ᠮᠠᠨᠳᠤᠵᠤ ᠯᠢᠶᠣᠣ ᠤᠯᠤᠰ ᠬᠡᠮᠡᠨ ᠨᠡᠷᠡᠶᠢᠳᠴᠦ ᠪᠠᠶᠢᠬᠤ ᠦᠶ᠎ᠡ ᠳᠦ ᠵᠦᠷᠴᠢᠳ ᠦᠳ ᠯᠢᠶᠣᠣ ᠤᠯᠤᠰ ᠤᠨ ᠪᠦᠷᠢᠯᠳᠦᠬᠦᠨ ᠣᠷᠣᠵᠤ ᠶᠠᠪᠤᠭᠰᠠᠨ ᠪᠠᠶᠢᠨ᠎ᠠ᠃ 1114 ᠣᠨ ᠳᠤ ᠸᠠᠩᠭᠢᠶᠠᠨ ᠠᠭᠤᠳᠠ ᠯᠢᠶᠣᠣ ᠤᠯᠤᠰ ᠤᠨ ᠳᠠᠷᠤᠯᠠᠯ ᠢ ᠡᠰᠡᠷᠭᠦᠴᠡᠵᠦ ᠪᠣᠰᠤᠭᠰᠠᠨ᠎ᠠ ᠪᠠᠷ ᠯᠢᠶᠣᠣ ᠤᠯᠤᠰ ᠤᠨ ᠮᠥᠬᠥᠯ ᠢᠷᠡᠵᠦ ᠠᠯᠲᠠᠨ ᠤᠯᠤᠰ ᠪᠠᠶᠢᠭᠤᠯᠤᠭᠳᠠᠵᠠᠢ᠃ ᠤᠯᠠᠮ ᠢᠶᠠᠷ ᠬᠣᠶᠢᠳᠤ ᠰᠦᠩ ᠤᠯᠤᠰ ᠢ ᠮᠥᠬᠥᠭᠡᠵᠦ ᠡᠮᠦᠨᠡᠲᠦ ᠰᠦᠩ ᠤᠯᠤᠰ ᠢ ᠬᠠᠷᠢᠶᠠᠲᠤ ᠤᠯᠤᠰ ᠢᠶᠠᠨ ᠪᠣᠯᠭᠠᠭᠰᠠᠨ᠃

ᠠᠩ ᠠᠩᠨᠠᠬᠤ ᠪᠠᠷ ᠶᠠᠪᠤᠵᠤ ᠪᠤᠢ

1206 ᠣᠨ ᠳᠤ ᠶᠡᠬᠡ ᠮᠣᠩᠭᠣᠯ ᠤᠯᠤᠰ ᠤᠨ ᠴᠢᠩᠭᠢᠰ ᠬᠠᠭᠠᠨ ᠠᠯᠲᠠᠨ ᠤᠯᠤᠰ ᠢ ᠳᠠᠶᠢᠯᠠᠷ᠎ᠠ ᠮᠣᠷᠳᠠᠵᠤ 1234 ᠣᠨ ᠳᠤ ᠴᠢᠩᠭᠢᠰ ᠬᠠᠭᠠᠨ ᠤ ᠬᠦᠦ ᠥᠭᠡᠲᠡᠢ ᠠᠯᠲᠠᠨ ᠤᠯᠤᠰ ᠤᠨ ᠴᠠᠩ ᠵᠢᠤ ᠢ ᠡᠵᠡᠯᠡᠭᠰᠡᠨ ᠢᠶᠡᠷ ᠠᠯᠲᠠᠨ ᠪᠦᠷᠢᠮᠰᠦᠨ ᠤᠰᠠᠳᠬᠠᠭᠳᠠᠭᠰᠠᠨ᠃ 1271 ᠣᠨ ᠳᠤ ᠮᠣᠩᠭᠣᠯ ᠤᠨ ᠶᠡᠬᠡ ᠬᠠᠭᠠᠨ ᠬᠤᠪᠢᠯᠠᠢ ᠤᠯᠤᠰ ᠤᠨ ᠢᠶᠠᠨ ᠨᠡᠷ᠎ᠡ ᠶᠢ ᠥᠭᠡᠷᠡᠴᠢᠯᠡᠨ ᠶᠤᠸᠠᠨ ᠪᠣᠯᠭᠠᠵᠤ᠂ ᠯᠢᠶᠣᠣᠨᠢᠩ ᠮᠤᠵᠢ ᠂ ᠬᠠᠷᠠᠮᠥᠶᠷᠡᠨ᠂ ᠰᠤᠩᠭᠠᠷᠢ ᠮᠥᠷᠡᠨ᠂ ᠨᠣᠨ ᠮᠥᠷᠡᠨ ᠵᠡᠷᠭᠡ ᠤᠷᠤᠰᠬᠠᠯ ᠮᠥᠷᠡᠨ ᠦ ᠳᠠᠭᠠᠭᠤᠬᠢ ᠰᠠᠭᠤᠷᠢ ᠨᠤᠭᠤᠳ ᠲᠤ ᠠᠷᠪᠠᠨ ᠮᠢᠩᠭᠠᠨ ᠵᠦᠷᠴᠢᠳ ᠦᠳ ᠢ ᠰᠠᠭᠤᠯᠭᠠᠵᠠᠢ᠃ ᠮᠣᠩᠭᠣᠯ ᠡᠵᠡᠨᠲᠦ ᠭᠦᠷᠦᠨ ᠤᠨᠠᠵᠤ ᠮᠢᠩ ᠤᠯᠤᠰ ᠪᠠᠶᠢᠭᠤᠯᠤᠭᠳᠠᠬᠤ ᠦᠶ᠎ᠡ ᠳᠦ ᠬᠠᠷᠢᠶᠠᠲᠤ ᠪᠣᠯᠵᠤ ᠠᠯᠪᠠ ᠡᠷᠭᠦᠵᠦ ᠶᠠᠪᠤᠭᠰᠠᠨ ᠪᠠᠶᠢᠨ᠎ᠠ᠃ ᠮᠢᠩ ᠤᠯᠤᠰ ᠤᠨ ᠰᠡᠭᠦᠯ ᠦᠨ ᠵᠢᠯ ᠤᠳ ᠲᠤ ᠵᠦᠷᠴᠢᠳ ᠤᠭᠰᠠᠭᠠᠨ ᠤ ᠨᠤᠷᠬᠠᠴᠢ ᠨᠠᠢᠮᠠᠨ ᠲᠤᠭᠲᠤ ᠴᠡᠷᠢᠭ ᠢᠶᠡᠨ ᠬᠤᠪᠢᠶᠠᠵᠤ᠂ ᠪᠦᠬᠦ ᠵᠦᠷᠴᠢᠳ ᠤᠭᠰᠠᠭᠠᠨ ᠤ ᠬᠦᠮᠦᠰ ᠢ ᠨᠢᠭᠡᠳᠬᠡᠨ ᠬᠣᠵᠢᠭᠤ ᠤᠮᠠᠷᠠᠳᠤ ᠠᠯᠲᠠᠨ ᠤᠯᠤᠰ ᠪᠠᠶᠢᠭᠤᠯᠤᠭᠰᠠᠨ᠃

ᠳᠡᠭᠡᠳᠦ ᠡᠷᠳᠡᠮᠲᠦ ᠶᠢᠨ 9 ᠍ ᠳᠦᠭᠡᠷ ᠣᠨ ᠪᠤᠶᠤ 1635 ᠣᠨ ᠤ 10 ᠰᠠᠷ᠎ᠠ ᠶᠢᠨ 13 ᠍ ᠳᠦ ᠦᠨᠳᠦᠰᠦᠲᠡᠨ ᠦ ᠪᠡᠨ ᠨᠡᠷ᠎ᠡ ᠪᠡᠨ ᠮᠠᠨᠵᠤ ᠪᠣᠯᠭᠠᠨ ᠥᠭᠡᠷᠡᠴᠢᠯᠡᠵᠦ᠂ ᠳᠠᠷᠠᠭ᠎ᠠ ᠵᠢᠯ ᠨᠢ ᠤᠯᠤᠰ ᠤᠨ ᠨᠡᠷ᠎ᠡ ᠪᠡᠨ ᠳᠠᠢᠢᠴᠢᠩ ᠪᠣᠯᠭᠠᠵᠠᠢ᠃ ᠮᠢᠩ ᠤᠯᠤᠰ ᠢ ᠤᠳᠠᠭ᠎ᠠ ᠳᠠᠷᠠᠭ᠎ᠠ ᠳᠣᠪᠲᠣᠯᠵᠤ ᠨᠤᠷᠠᠭᠠᠨ᠂ 6 ᠲᠦᠮᠡᠨ ᠮᠣᠩᠭᠣᠯ ᠪᠣᠯᠤᠨ ᠵᠦᠩᠭᠠᠷ ᠤᠨ ᠬᠠᠭᠠᠨᠲᠤ ᠤᠯᠤᠰ ᠍ ᠢ ᠡᠵᠡᠯᠡᠭᠰᠡᠨ ᠮᠠᠨᠵᠤ ᠴᠢᠩ ᠭᠦᠷᠦᠨ ᠢ ᠪᠠᠶᠢᠭᠤᠯᠪᠠ᠃ 1911 ᠣᠨ ᠪᠤᠶᠤ ᠴᠠᠭᠠᠭᠴᠢᠨ ᠭᠠᠬᠠᠢ ᠵᠢᠯ ᠦᠨ ᠬᠤᠪᠢᠰᠠᠬᠠᠯ ᠶᠢᠡᠷ ᠮᠠᠨᠵᠤ ᠴᠢᠩ ᠭᠦᠷᠦᠨ ᠤᠨᠠᠵᠤ ᠬᠢᠲᠠᠳ ᠬᠦᠩ ᠢᠶᠡᠷ ᠤᠳᠤᠷᠢᠳᠤᠭᠤᠯᠤᠭᠰᠠᠨ ᠲᠠᠶᠢᠸᠠᠨ ᠪᠠᠶᠢᠭᠤᠯᠤᠭᠳᠠᠭᠰᠠᠨ ᠶᠤᠮ᠃ ᠬᠤᠪᠢᠰᠬᠠᠯ ᠤᠨ ᠳᠠᠷᠠᠭᠠᠬᠠᠨ ᠮᠠᠨᠵᠢᠤ ᠭᠡᠬᠦ ᠨᠡᠷ᠎ᠡ ᠶᠢ ᠵᠠᠰᠠᠨ ᠮᠠᠨᠵᠤ ᠦᠨᠳᠦᠰᠦᠲᠡᠨ ᠪᠣᠯᠭᠠᠭᠰᠠᠨ ᠪᠠ ᠰᠢ ᠠᠨᠭᠠᠨᠵᠢᠤᠨᠠᠨᠵᠢᠩᠬᠠᠩᠵᠸᠦ ᠵᠡᠷᠭᠡ ᠬᠣᠳᠠ ᠳᠤ ᠪᠣᠯᠤᠭᠰᠠᠨ ᠠᠯᠠᠯᠭ᠎ᠠ ᠨᠢ ᠣᠯᠠᠨ ᠮᠠᠨᠵᠤ ᠬᠦᠮᠦᠨ ᠦ ᠠᠮᠠ ᠶᠢ ᠠᠪᠴᠤ ᠣᠳᠤᠭᠰᠠᠨ᠃ ᠤᠳᠠᠭ᠎ᠠ ᠳᠠᠷᠠᠭ᠎ᠠ ᠭᠠᠷᠬᠤ ᠪᠣᠯᠤᠭᠰᠠᠨ ᠠᠯᠠᠯᠭ᠎ᠠ᠂ ᠬᠣᠮᠣᠷᠭᠠᠯᠠᠨ ᠤᠰᠠᠳᠬᠠᠯ ᠤᠨ ᠤᠯᠠᠮ ᠠᠴᠠ ᠮᠠᠨᠵᠤ ᠨᠤᠭᠤᠳ ᠮᠠᠨᠵᠤ ᠨᠡᠷ᠎ᠡ ᠪᠡᠨ ᠰᠣᠯᠢᠨ ᠬᠢᠲᠠᠳ ᠣᠪᠤᠭ᠂ ᠬᠢᠲᠠᠳ ᠨᠡᠷ᠎ᠡ ᠠᠪᠴᠤ᠂ ᠤᠭᠰᠠᠭ᠎ᠠ ᠭᠠᠷᠤᠯ ᠢᠶᠠᠨ ᠨᠢᠭᠤᠴᠠᠢ᠃ 1949 ᠣᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠬᠤ ᠦᠶ᠎ᠡ ᠳᠦ ᠡᠨᠡ ᠪᠠᠶᠢᠳᠠᠯ ᠨᠠᠮᠵᠢᠵᠤ ᠮᠠᠨᠵᠤ ᠦᠨᠳᠦᠰᠦᠲᠡᠨ ᠢ ᠬᠢᠲᠠᠳ ᠤᠨ ᠵᠡᠭᠦᠨ ᠬᠣᠶᠢᠳᠤ ᠬᠡᠰᠡᠭ ᠤᠷᠤᠭᠤ ᠨᠡᠭᠦᠯᠭᠡᠨ ᠰᠢᠯᠵᠢᠭᠦᠯᠵᠦ ᠰᠠᠭᠤᠯᠭᠠᠵᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠦᠨᠳᠦᠰᠦᠲᠡᠨ ᠨᠢ ᠭᠣᠣᠯᠴᠢᠯᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠬᠡ ᠭᠠᠵᠠᠷ ᠢᠶᠠᠷ ᠲᠥᠪᠯᠡᠷᠡᠨ ᠰᠠᠭᠤᠬᠤ ᠪᠥᠭᠡᠳ 2000 ᠣᠨ ᠤ ᠬᠦᠮᠦᠨ ᠠᠮᠠ ᠶᠢᠨ ᠰᠤᠳᠤᠯᠭ᠎ᠠ ᠪᠠᠷ 10,708,464 ᠬᠦᠮᠦᠨ ᠲᠡᠢ ᠬᠡᠮᠡᠨ ᠲᠣᠭᠠᠯᠠᠭᠳᠠᠵᠠᠢ᠃ ᠡᠨᠡ ᠨᠢ ᠴᠥᠭᠡᠨ ᠲᠣᠭᠠᠲᠤ ᠦᠨᠳᠦᠰᠦᠲᠡᠨ ᠦ 10,17 ᠬᠤᠪᠢ᠂ ᠨᠡᠶᠢᠲᠡ ᠬᠦᠮᠦᠨ ᠠᠮᠠ ᠶᠢᠨ 0,86 ᠬᠤᠪᠢ᠃

ᠬᠡᠯᠡ ᠶᠠᠷᠢᠶ᠎ᠠ ᠪᠠ ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠯᠡ ᠶᠠᠷᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠬᠡᠯᠡ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠠᠨᠵᠤ ᠪᠢᠴᠢᠭ ᠢᠶᠡᠷ ᠸᠢᠺᠢᠫᠧᠳᠢᠶᠠ

ᠮᠠᠨᠵᠤ ᠦᠨᠳᠦᠰᠦᠲᠡᠨ ᠦ ᠦᠨᠳᠦᠰᠦᠨ ᠬᠡᠯᠡ ᠨᠢ ᠮᠠᠨᠵᠤ ᠬᠡᠯᠡ ᠪᠥᠭᠡᠳ ᠠᠯᠲᠠᠢ ᠬᠡᠯᠡᠨ ᠦ ᠢᠵᠠᠭᠤᠷ ᠤᠨ ᠮᠠᠨᠵᠤ-ᠲ᠋ᠦᠩᠬᠦᠰ ᠬᠡᠯᠡᠨ ᠦ ᠪᠦᠯᠦᠭ ᠦᠨ ᠡᠮᠦᠨᠡᠲᠦ ᠲ᠋ᠦᠩᠬᠦᠰ ᠤᠨ ᠬᠡᠯᠡᠨ ᠦ ᠳᠡᠳ᠋ ᠪᠦᠯᠦᠭ ᠪᠤᠶᠤ ᠮᠠᠨᠵᠦ ᠬᠡᠯᠡᠨ  ᠤ ᠪᠦᠯᠦᠭ ᠲᠦ ᠪᠠᠭᠲᠠᠳᠠᠭ᠃ ᠴᠢᠩ ᠤᠯᠤᠰ ᠤᠨ ᠦᠶ᠎ᠡ ᠳᠦ "ᠤᠯᠤᠰ ᠤᠨ ᠬᠡᠯᠡ", "ᠴᠢᠩ ᠬᠡᠯᠡ" ᠭᠡᠬᠦ ᠮᠡᠲᠦ ᠪᠡᠷ ᠨᠡᠷᠡᠯᠡᠭᠳᠡᠵᠦ ᠪᠠᠶᠢᠭᠰᠠᠨ᠃ ᠭᠠᠵᠠᠷ ᠨᠤᠲᠤᠭ ᠤᠨ ᠪᠠᠶᠢᠷᠢᠰᠢᠯ᠂ ᠨᠤᠲᠤᠭ ᠨᠤᠲᠤᠭ ᠤᠨ ᠣᠨᠴᠠᠯᠢᠭ ᠠᠴᠠ ᠳᠠᠷᠠᠭᠠᠬᠢ ᠠᠶᠠᠯᠭ᠎ᠠ ᠳᠤ ᠬᠤᠪᠢᠶᠠᠭᠳᠠᠳᠠᠭ᠃

  • ᠭᠦᠢ ᠹᠠᠨ ᠠᠶᠠᠯᠭ᠎ᠠ
  • ᠵᠢᠩ ᠠᠶᠠᠯᠭ᠎ᠠ
  • ᠰᠥᠨᠵᠢᠨ ᠭᠢᠷᠢᠨ ᠠᠶᠠᠯᠭ᠎ᠠ ᠵᠡᠷᠭᠡ ᠪᠣᠯᠤᠨ᠎ᠠ᠃ ᠨᠡᠶᠢᠲᠡ ᠶᠠᠷᠢᠯᠴᠠᠭᠴᠢᠳ ᠤᠨ ᠲᠣᠭ᠎ᠠ 1200 ᠰᠢᠬᠠᠮ᠃ ᠬᠡᠳᠦᠢ ᠲᠡᠶᠢᠮᠦ ᠪᠣᠯᠪᠠᠴᠤ ᠮᠠᠨᠵᠤ ᠬᠡᠯᠡ ᠪᠡᠨ ᠬᠡᠷᠡᠭᠯᠡᠬᠦ ᠦᠭᠡᠢ ᠪᠠᠶᠢᠬᠤ ᠶᠠᠪᠤᠳᠠᠯ ᠲᠦᠭᠡᠮᠡᠯ ᠪᠠᠶᠢᠬᠤ ᠪᠠ ᠮᠠᠨᠵᠤ ᠬᠡᠯᠡᠨ ᠦ ᠣᠷᠣᠨ ᠳᠤ ᠬᠢᠲᠠᠳ ᠬᠡᠯᠡ ᠶᠢ ᠰᠤᠷᠬᠤ ᠶᠠᠪᠤᠳᠠᠯ ᠶᠡᠬᠡ ᠪᠠᠶᠢᠳᠠᠭ ᠪᠠᠶᠢᠨ᠎ᠠ᠃ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠤ ᠮᠠᠨᠵᠤ ᠬᠡᠯᠡ ᠲᠡᠳᠦᠶᠢᠯᠡᠨ ᠣᠷᠣᠳᠠᠭ ᠦᠭᠡᠢ ᠤᠴᠢᠷ ᠠᠴᠠ ᠬᠡᠦᠬᠡᠳ᠂ ᠵᠠᠯᠠᠭᠤᠴᠤᠳ ᠬᠢᠲᠠᠳ ᠬᠡᠯᠡ ᠶᠢ ᠡᠬᠡ ᠬᠡᠯᠡ ᠪᠡᠨ ᠪᠣᠯᠭᠠᠭᠰᠠᠭᠠᠷ ᠪᠠᠶᠢᠨ᠎ᠠ᠃ ᠮᠠᠨᠵᠤ ᠬᠡᠯᠡ ᠪᠡᠷ ᠶᠠᠷᠢᠵᠤ ᠴᠢᠳᠠᠬᠤ ᠬᠦᠮᠦᠰ ᠦᠨ ᠶᠡᠬᠡᠩᠬᠢ ᠨᠢ ᠥᠨᠳᠥᠷ ᠨᠠᠰᠤᠲᠠᠢ ᠬᠦᠮᠦᠰ ᠪᠠᠶᠢᠳᠠᠭ ᠪᠠᠶᠢᠨ᠎ᠠ᠃

ᠪᠢᠴᠢᠭ ᠦᠰᠦᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠪᠢᠴᠢᠭ

ᠵᠦᠷᠴᠢᠳ ᠪᠢᠴᠢᠭ ᠢ ᠠᠰᠢᠭᠯᠠᠵᠤ ᠪᠠᠶᠢᠭᠰᠠᠨ ᠪᠥᠭᠡᠳ ᠬᠣᠶᠢᠳᠤ ᠠᠯᠲᠠᠨ ᠤᠯᠤᠰ ᠤᠨ ᠨᠤᠷᠬᠠᠴᠢ ᠬᠠᠭᠠᠨ ᠤ ᠵᠠᠷᠯᠢᠭ ᠢᠶᠠᠷ ᠭᠠᠭᠠᠢ᠂ ᠡᠷᠳᠡᠨᠢ ᠭᠡᠰᠡᠨ 2 ᠬᠦᠮᠦᠨ ᠮᠣᠩᠭᠣᠯ ᠪᠢᠴᠢᠭ ᠦᠨ ᠭᠠᠯᠢᠭᠯᠠᠬᠤ ᠰᠢᠰᠲ᠋ᠧᠮ ᠢ ᠭᠣᠣᠯ ᠪᠣᠯᠭᠠᠵᠤ ᠭᠠᠭᠤᠴᠢᠨ ᠮᠠᠨᠵᠤ ᠪᠢᠴᠢᠭ ᠢ ᠵᠣᠬᠢᠶᠠᠵᠠᠢ᠃ ᠰᠡᠭᠦᠯᠡᠷ ᠨᠢ 1632 ᠣᠨ ᠳ᠋ᠦ ᠬᠤᠩ ᠲᠠᠢᠢᠵᠢ ᠳᠠᠬᠠᠢ ᠵᠢ ᠵᠠᠷᠯᠢᠭᠳᠠᠨ ᠮᠣᠩᠭᠣᠯ ᠦᠰᠦᠭ ᠲ᠋ᠦ ᠳᠤᠰᠤᠯ ᠂ ᠪᠢᠨᠳᠤ ᠨᠡᠮᠡᠨ ᠰᠢᠨ᠎ᠡ ᠮᠠᠨᠵᠦ ᠪᠢᠴᠢᠭ  ᠢ ᠵᠣᠬᠢᠶᠠᠵᠠᠢ᠂ ᠣᠳᠣ ᠮᠠᠨᠵᠤ ᠪᠢᠴᠢᠭ ᠮᠡᠳᠡᠬᠦ ᠬᠦᠮᠦᠨ ᠦ ᠲᠣᠭ᠎ᠠ 200 ᠭᠠᠷᠤᠢ ᠪᠣᠯᠤᠨ᠎ᠠ᠃

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠨᠤᠭᠤᠳ ᠪᠤᠳ᠋ᠳ᠋ᠾᠠ ᠶᠢᠨ ᠰᠢᠷ᠎ᠠ ᠶᠢᠨ ᠤᠷᠤᠰᠬᠠᠯ᠂ ᠾᠷᠢᠰᠲ᠋ᠢᠳᠬᠡᠯ᠂ ᠪᠥᠭᠡ ᠮᠥᠷᠭᠥᠯ ᠢ ᠰᠢᠲᠦᠨ ᠪᠢᠰᠢᠷᠡᠳᠡᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ