ᠮᠠᠨᠵᠤ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠵᠤ ᠴᠢᠩ ᠤᠯᠤᠰ ᠤᠨ ᠳᠠᠯᠪᠠᠭ᠎ᠠ

ᠮᠠᠨᠵᠤ ᠴᠢᠩ ᠭᠦᠷᠦᠨ ᠨᠢ 1644 ᠣᠨ ᠠᠴᠠ 1911 ᠣᠨ ᠬᠦᠷᠲᠡᠯ᠎ᠡ ᠡᠳᠦᠭᠡ ᠶᠢᠨ ᠬᠢᠲᠠᠳᠮᠣᠩᠭᠣᠯᠲᠠᠶᠢᠪᠤᠩ ᠢ ᠡᠷᠬᠡᠰᠢᠶᠡᠭᠰᠡᠨ ᠮᠠᠨᠵᠤ ᠦᠨᠳᠦᠰᠦᠲᠡᠨ ᠦ ᠪᠠᠶᠢᠭᠤᠯᠤᠭᠰᠠᠨ ᠤᠯᠤᠰ ᠶᠤᠮ᠃ ᠤᠯᠤᠰ ᠤᠨ ᠨᠡᠷ᠎ᠡ ᠮᠠᠨᠵᠤ ᠬᠡᠯᠡᠨ ᠳᠦ ᠳᠠᠶᠢᠴᠢң ᠭᠦᠷᠦᠭᠦᠨ (14px), ᠨᠠᠩᠭᠢᠶᠠᠳ ᠬᠡᠯᠡᠨ ᠳᠦ ᠳᠠ ᠴᠢᠨ (大清) ᠭᠡᠳᠡᠭ ᠪᠠᠶᠢᠭᠰᠠᠨ ᠨᠢ "ᠶᠡᠬᠡ ᠠᠷᠢᠭᠤᠨ" ᠭᠡᠰᠡᠨ ᠤᠳᠬ᠎ᠠ ᠲᠠᠢ ᠦᠭᠡ ᠶᠤᠮ᠃

ᠡᠨᠡ ᠤᠯᠤᠰ ᠨᠢ ᠠᠩᠬᠠᠨ ᠳᠤ ᠪᠠᠨ ᠤᠮᠠᠷᠠᠳᠤ ᠶᠤᠸᠠᠨ ᠪᠣᠯᠤᠨ ᠨᠠᠩᠭᠢᠶᠠᠳ ᠤᠨ ᠮᠢᠩ ᠤᠯᠤᠰ ᠤᠨ ᠲᠡᠮᠡᠴᠡᠯ ᠢ ᠠᠰᠢᠭᠯᠠᠨ ᠭᠠᠷᠴᠤ ᠢᠷᠡᠭᠰᠡᠨ ᠨᠡᠭᠦᠳᠡᠯᠴᠢᠨ ᠠᠷᠠᠳ ᠤᠨ ᠤᠯᠤᠰ ᠪᠠᠶᠢᠭᠰᠠᠨ ᠪᠣᠯᠪᠠᠴᠤ ᠶᠠᠪᠤᠭᠠᠨ ᠳᠠᠭᠠᠨ ᠬᠢᠲᠠᠳᠵᠢᠭ᠌ᠰᠠᠨ ᠪᠠᠶᠢᠨ᠎ᠠ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠠᠯᠪᠠᠨ ᠶᠣᠰᠣᠨ ᠤ ᠨᠡᠷ᠎ᠡ ᠨᠢ "ᠶᠡᠬᠡ ᠴᠢᠨ" ᠭᠦᠷᠦᠨ᠃ ᠠᠩᠬᠠᠨ ᠳᠤ ᠪᠠᠨ ᠮᠣᠩᠭᠣᠯᠴᠤᠳ ᠤᠨ ᠳᠤᠮᠳᠠ ᠬᠦᠨᠳᠦᠯᠡᠯ ᠳᠦ ᠬᠠᠭᠠᠨ ᠬᠡᠮᠡᠨ ᠠᠯᠳᠠᠷᠰᠢᠭᠰᠠᠨ ᠨᠤᠷᠬᠠᠴᠢ ᠪᠠᠭᠠᠲᠤᠷ ᠤᠨ ᠤᠳᠤᠷᠢᠳᠤᠯᠭᠠᠨ ᠳᠣᠣᠷ᠎ᠠ "ᠬᠣᠵᠢᠭᠤ ᠴᠢᠨ ᠤᠯᠤᠰ" (ᠬᠣᠵᠢᠭᠤ ᠠᠯᠲᠠᠨ ᠤᠯᠤᠰ) ᠭᠡᠵᠦ ᠨᠡᠷᠡᠯᠡᠭᠳᠡᠵᠦ ᠪᠠᠶᠢᠭᠰᠠᠨ ᠪᠣᠯᠪᠠᠴᠤ ᠬᠦᠦ ᠠᠪᠠᠬᠠᠢ ᠬᠠᠭᠠᠨᠢ ᠦᠶᠡᠰ ᠮᠣᠩᠭᠣᠯ᠂ ᠮᠠᠨᠵᠤ᠂ ᠨᠠᠩᠭᠢᠶᠠᠳ ᠬᠡᠯᠡᠨ ᠳᠦ ᠢᠵᠢᠯ ᠤᠳᠬ᠎ᠠ ᠪᠠᠷ ᠬᠡᠷᠡᠭᠯᠡᠭᠳᠡᠬᠦ "ᠴᠢᠨ" ᠭᠡᠳᠡᠭ ᠦᠭᠡ ᠪᠡᠷ ᠤᠯᠤᠰ ᠢᠶᠠᠨ ᠨᠡᠷᠡᠶᠢᠳᠬᠦ ᠪᠣᠯᠵᠠᠢ᠃ ᠶᠡᠬᠡ ᠴᠢᠨ ᠭᠡᠬᠦ ᠶᠢ ᠨᠠᠩᠭᠢᠶᠠᠳ ᠬᠡᠯᠡᠨ ᠳᠦ ᠳᠠ ᠴᠢᠨ (大清) ᠭᠡᠬᠦ ᠪᠠ ᠡᠭᠦᠨ ᠢ ᠰᠤᠨᠵᠢᠷᠠᠭᠤᠯᠤᠨ ᠳᠠᠶᠢᠴᠢᠨ ᠭᠦᠷᠦᠨ ᠭᠡᠬᠦ ᠪᠣᠯᠵᠠᠢ᠃ ᠨᠡᠷᠡᠨ ᠦ ᠤᠳᠬ᠎ᠠ ᠨᠢ ᠶᠡᠬᠡ ᠠᠷᠢᠭᠤᠨ ᠤᠯᠤᠰ ᠭᠡᠰᠡᠨ ᠤᠳᠬ᠎ᠠ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

XYII ᠵᠠᠭᠤᠨ ᠤ ᠡᠬᠢᠨ ᠦᠶ᠎ᠡ ᠶᠢᠨ ᠰᠣᠯᠣᠩᠭᠣᠰ ᠤᠯᠤᠰ-ᠮᠠᠨᠵᠤ ᠶᠢᠨ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠣᠯᠣᠩᠭᠣᠰ-ᠶᠠᠫᠣᠨ ᠤ ᠳᠠᠶᠢᠨ ᠤ ᠵᠢᠯ ᠤᠨᠳ ᠲᠤ ᠣᠯᠠᠨ ᠲᠣᠭᠠᠨ ᠤ ᠬᠣᠲᠠ᠂ ᠰᠠᠭᠤᠷᠢᠨ ᠪᠠᠯᠭᠠᠰᠤ ᠪᠣᠯᠵᠤ᠂ ᠬᠦᠮᠦᠨ ᠠᠮᠠ ᠨᠢ ᠬᠣᠶᠠᠷ ᠳᠠᠬᠢᠨ ᠬᠣᠷᠣᠭᠳᠠᠵᠠᠢ᠃ ᠭᠠᠵᠠᠷ ᠤᠨ ᠺᠳᠠᠰᠲ᠋ᠷ ᠤᠨ ᠮᠡᠳᠡᠭᠡ ᠪᠡᠷ ᠳᠠᠶᠢᠨ ᠤ ᠡᠮᠦᠨ᠎ᠡ ᠰᠣᠯᠣᠩᠭᠣᠰ ᠤᠨ ᠲᠠᠷᠢᠶᠠᠯᠠᠩ ᠤᠨ ᠲᠠᠯᠠᠪᠠᠢ 1708 ᠮᠢᠩᠭᠠᠨ ᠺᠶᠣᠯ ᠪᠠᠶᠢᠭᠰᠠᠨ ᠪᠣᠯ 1611 ᠣᠨ ᠳᠤ ᠶᠡᠷᠦᠳᠡᠭᠡᠨ 541 ᠮᠢᠩᠭᠠᠨ ᠺᠶᠣᠯ ᠪᠣᠯᠤᠭᠰᠠᠨ ᠪᠠᠶᠢᠨ᠎ᠠ᠃ ᠡᠨᠡ ᠨᠢ ᠳᠠᠶᠢᠨ ᠤ ᠬᠥᠯᠳᠡ ᠲᠠᠷᠢᠶᠠᠯᠠᠩ ᠤᠨ ᠲᠠᠯᠠᠪᠠᠢ ᠰᠦᠢᠷᠡᠭᠰᠡᠨ ᠡᠴᠡ ᠭᠠᠳᠠᠨ᠎ᠠ ᠪᠠᠰᠠ ᠹᠧᠣᠳᠠᠯ ᠤᠳ ᠳᠠᠶᠢᠨ ᠤ ᠬᠦᠨᠳᠦ ᠪᠠᠶᠢᠳᠠᠯ ᠢᠶᠠᠷ ᠳᠠᠯᠢᠮᠳᠠᠭᠤᠯᠤᠨ ᠤᠯᠤᠰ ᠤᠨ ᠭᠠᠵᠠᠷ ᠠᠴᠠ ᠦᠯᠡᠮᠵᠢᠬᠡᠨ ᠢ ᠪᠤᠯᠢᠶᠠᠨ ᠠᠪᠴᠤ᠂ ᠠᠯᠪᠠ ᠨᠣᠭᠳᠠᠭᠤᠯᠬᠤ ᠲᠣᠭᠠᠯᠠᠯᠭ᠎ᠠ ᠠᠴᠠ ᠨᠢᠭᠤᠭᠰᠠᠨ ᠲᠠᠢ ᠬᠣᠯᠪᠣᠭᠠᠲᠠᠢ ᠪᠠᠶᠢᠨ᠎ᠠ᠃ ᠬᠠᠮᠵᠢᠯᠭ᠎ᠠ ᠲᠠᠷᠢᠶᠠᠴᠢᠳ ᠤᠨ ᠨᠡᠷ᠎ᠡ (ᠨᠣᠪᠢ) ᠲᠣᠭ᠎ᠠ ᠡᠷᠡᠰ ᠥᠰᠥᠪ᠃ ᠳᠠᠶᠢᠨ ᠢᠶᠠᠷ ᠤᠴᠠᠷᠠᠭᠰᠠᠨ ᠬᠣᠬᠢᠷᠠᠯ ᠢᠶᠠᠨ ᠨᠣᠶᠠᠷᠬᠠᠬᠤ ᠠᠩᠭᠢ ᠶᠢᠨ ᠬᠢᠨ ᠲᠡᠷᠲᠡᠭᠡ ᠲᠡᠷᠡ ᠭᠦᠢ ᠬᠣᠭᠣᠰᠣᠷᠠᠭᠰᠠᠨ ᠲᠠᠷᠢᠶᠠᠴᠢᠳ ᠢ ᠮᠥᠯᠵᠢᠬᠦ ᠵᠠᠮ ᠢᠶᠠᠷ ᠨᠥᠬᠥᠬᠦ ᠶᠢ ᠡᠷᠡᠮᠡᠯᠵᠡᠵᠦ ᠪᠠᠶᠢᠪᠠ᠃ 1608 ᠣᠨ ᠳᠤ ᠬᠤᠩᠲᠠᠶᠢᠵᠢ ᠺᠸᠠᠩᠭᠡ ᠬᠠᠭᠠᠨ ᠰᠢᠷᠡᠭᠡᠨ ᠳᠦ ᠰᠠᠭᠤᠵᠤ ᠳᠠᠶᠢᠰᠤᠨ ᠨᠤᠭᠤᠳ ᠢᠶᠠᠨ ᠤᠰᠠᠳᠬᠠᠭᠰᠠᠨ 《ᠤᠮᠠᠷ᠎ᠠ ᠵᠦᠭ ᠦᠨ ᠶᠡᠬᠡ》 ᠪᠦᠯᠦᠭᠯᠡᠯ ᠨᠣᠶᠠᠷᠬᠠᠬᠤ ᠪᠣᠯᠵᠤ ᠤᠯᠤᠰ ᠤᠨ ᠠᠯᠪᠠ ᠭᠤᠪᠴᠢᠭᠤᠷ ᠤᠷᠢᠳ ᠪᠠᠶᠢᠭ᠎ᠠ ᠦᠭᠡᠢ ᠶᠡᠬᠡ ᠪᠡᠷ ᠨᠡᠮᠡᠭᠳᠡᠵᠦ᠂ ᠳᠡᠭᠡᠷᠡᠬᠢ ᠪᠦᠯᠦᠭ ᠦᠨ ᠲᠥᠯᠥᠭᠡᠯᠡᠭᠴᠢᠳ ᠤᠯᠤᠰ ᠤᠨ ᠭᠠᠵᠠᠷ ᠠᠴᠠ ᠦᠯᠡᠮᠵᠢᠬᠡᠨ ᠢ ᠪᠤᠯᠢᠶᠠᠨ ᠠᠪᠴᠤ ᠲᠠᠷᠢᠶᠠᠴᠢᠳ ᠢ ᠨᠢ ᠬᠠᠮᠵᠢᠯᠭᠠᠴᠢᠯᠠᠵᠤ ᠡᠬᠢᠯᠡᠪᠡ᠃ ᠠᠪᠯᠢᠭ᠎ᠠ᠂ ᠬᠡᠭᠡᠯᠢ ᠬᠠᠬᠤᠤᠯᠢ ᠲᠤᠶᠢᠯ ᠳᠤ ᠪᠠᠨ ᠬᠦᠷᠴᠦ᠂ ᠠᠯᠪᠠᠨ ᠲᠤᠰᠢᠶᠠᠯ ᠤᠨ ᠨᠠᠶᠢᠮᠠᠢ ᠡᠷᠡᠭᠡ ᠴᠡᠭᠡᠷ ᠢᠶᠡᠨ ᠠᠯᠳᠠᠵᠤ ᠣᠯᠠᠨ ᠲᠦᠮᠡᠨ ᠦ ᠠᠭᠤᠷ ᠬᠢᠯᠢᠩ ᠣᠪᠣᠯᠵᠠᠵᠤ ᠡᠬᠢᠯᠡᠵᠡᠢ᠃ ᠡᠨᠡ ᠪᠠᠶᠢᠳᠠᠯ ᠢ 《ᠪᠠᠷᠠᠭᠤᠨ ᠵᠦᠭ ᠦᠨ》 ᠪᠦᠯᠦᠭᠯᠡᠯ ᠠᠰᠢᠭᠯᠠᠨ ᠺᠸᠠᠩᠬᠡᠭ ᠲᠦᠯᠬᠢᠨ ᠤᠨᠠᠭᠠᠵᠤ ᠢᠨᠵᠣ (1623-1648) ᠸᠠᠩ ᠢ ᠬᠠᠭᠠᠨ ᠰᠢᠷᠡᠭᠡᠨ ᠳᠦ ᠵᠠᠯᠠᠵᠠᠢ᠃ ᠤᠯᠤᠰ ᠲᠥᠷᠥ ᠶᠢᠨ ᠡᠨᠡ ᠲᠥᠪᠡᠭᠲᠡᠢ ᠪᠠᠶᠢᠳᠠᠯ ᠳᠤ ᠰᠣᠯᠣᠩᠭᠣᠰ ᠲᠤ ᠪᠠᠰᠠ ᠨᠢᠭᠡᠨ ᠰᠢᠨ᠎ᠡ ᠳᠠᠶᠢᠰᠤᠨ ᠭᠠᠷᠴᠤ ᠢᠷᠡᠭᠰᠡᠨ ᠨᠢ ᠮᠠᠨᠵᠤ ᠨᠠᠷ ᠪᠠᠶᠢᠯ᠎ᠠ᠃ ᠬᠢᠲᠠᠳ ᠲᠠᠢ ᠪᠠᠶᠢᠯᠳᠤᠵᠤ ᠪᠠᠶᠢᠭᠰᠠᠨ ᠮᠠᠨᠵᠤ ᠨᠠᠷ ᠰᠣᠯᠣᠩᠭᠣᠰ ᠢ ᠡᠵᠡᠮᠳᠡᠨ ᠵᠠᠬᠢᠷᠴᠢ᠂ ᠲᠡᠳᠡᠨ ᠢ ᠬᠢᠲᠠᠳ ᠲᠠᠢ ᠬᠦᠴᠦ ᠬᠠᠪᠰᠠᠷᠬᠤ ᠠᠴᠠ ᠰᠡᠷᠭᠡᠶᠢᠯᠡᠨ ᠠᠷᠤ ᠲᠠᠯ᠎ᠠ ᠪᠠᠨ ᠬᠠᠮᠠᠭᠠᠯᠠᠬᠤ ᠰᠠᠨᠠᠭ᠎ᠠ ᠶᠢ ᠠᠭᠤᠯᠵᠤ ᠪᠠᠶᠢᠪᠠ᠃ 1627 ᠣᠨ ᠤ ᠡᠪᠦᠯ ᠮᠠᠨᠵᠤ ᠨᠠᠷ 30000 ᠬᠦᠮᠦᠨ ᠲᠡᠢ ᠠᠷᠮᠢ ᠶᠢᠨ ᠬᠦᠴᠦ ᠪᠡᠷ ᠳᠣᠪᠲᠣᠯᠵᠠᠢ᠃ ᠢᠢᠵᠤ᠂ ᠺᠸᠠᠺᠰᠠᠨ᠂ ᠶᠠᠩᠵᠤ ᠬᠣᠲᠤ ᠨᠤᠭᠤᠳ ᠢ ᠡᠵᠡᠯᠡᠨ ᠳᠡᠭᠡᠷᠡᠮᠳᠡᠨ ᠲᠣᠨᠣᠭᠰᠠᠨ ᠪᠠᠶᠢᠨ᠎ᠠ᠃ ᠵᠠᠰᠠᠭ ᠤᠨ ᠭᠠᠵᠠᠷ ᠺᠸᠠᠨᠬᠠ ᠠᠷᠠᠯ ᠳᠤ ᠵᠤᠭᠠᠲᠠᠨ ᠣᠴᠢᠵᠤ ᠪᠠᠶᠢᠯᠳᠤᠨ ᠳᠠᠭᠠᠭᠤᠯᠤᠭᠴᠢᠳ ᠲᠠᠢ ᠬᠡᠯᠡᠯᠴᠡᠭᠡ ᠬᠢᠵᠦ ᠡᠬᠢᠯᠡᠵᠡᠢ᠃ ᠬᠡᠯᠡᠯᠴᠡᠭᠡ ᠶᠣᠰᠣᠭᠠᠷ ᠬᠣᠶᠠᠷ ᠤᠯᠤᠰ ᠤᠨ ᠵᠠᠬᠢᠷᠤᠭᠴᠢ ᠳᠤ ᠠᠬ᠎ᠠ ᠳᠡᠭᠦᠰ ᠪᠣᠯᠵᠤ᠂ ᠰᠣᠯᠣᠩᠭᠣᠰ ᠤᠯᠤᠰ ᠬᠢᠲᠠᠳ ᠮᠠᠨᠵᠤ ᠶᠢᠨ ᠬᠠᠷᠢᠯᠴᠠᠭᠠᠨ ᠳᠤ ᠲᠥᠪ ᠢ ᠰᠠᠬᠢᠬᠤ᠂ ᠮᠠᠨᠵᠤ ᠨᠠᠷ ᠴᠡᠷᠢᠭ ᠢᠶᠡᠨ ᠰᠣᠯᠣᠩᠭᠣᠰ ᠠᠴᠠ ᠳᠠᠷᠤᠢ ᠭᠠᠷᠭᠠᠬᠤ ᠡᠭᠦᠷᠭᠡ ᠬᠦᠯᠢᠶᠡᠵᠡᠢ᠃ ᠭᠡᠪᠡᠴᠦ ᠡᠨᠡ ᠬᠡᠯᠡᠯᠴᠡᠭᠡ ᠮᠠᠨᠵᠤ ᠨᠠᠷ ᠤᠨ ᠲᠤᠬᠠᠢ ᠳᠤ ᠲᠦᠷ ᠵᠠᠭᠤᠷ᠎ᠠ ᠶᠢᠨ ᠠᠮᠤᠰᠬᠢᠯᠲᠡ ᠪᠠᠶᠢᠪᠠ᠃ 1636 ᠣᠨ ᠳᠤ ᠴᠢᠩ ᠤᠯᠤᠰ ᠢ ᠲᠤᠩᠬᠠᠭᠯᠠᠬᠤ ᠪᠠᠶᠠᠷ ᠶᠣᠰᠣᠯᠠᠯ ᠳᠤ ᠰᠣᠯᠣᠩᠭᠣᠰ ᠲᠥᠯᠥᠭᠡᠯᠡᠭᠴᠢ ᠪᠡᠨ ᠢᠷᠡᠭᠦᠯᠦᠭᠡ ᠦᠭᠡᠢ ᠪᠡᠷ ᠰᠢᠯᠲᠠᠭᠯᠠᠨ ᠮᠠᠨᠵᠤ ᠶᠢᠨ ᠬᠠᠭᠠᠨ ᠤ ᠤᠳᠤᠷᠢᠳᠤᠭᠰᠠᠨ 140000 ᠬᠦᠮᠦᠨ ᠲᠡᠢ ᠠᠷᠮᠢ ᠮᠥᠨ ᠣᠨ ᠤ ᠰᠡᠭᠦᠯᠡᠷ ᠰᠣᠯᠣᠩᠭᠣᠰ ᠲᠤ ᠴᠥᠮᠥᠷᠡᠨ ᠣᠷᠣᠵᠤ , ᠰᠡᠭᠦᠯ ᠢ ᠡᠵᠡᠯᠡᠨ ᠰᠣᠯᠣᠩᠭ᠎ᠠc ᠍ ᠤᠨ ᠬᠠᠭᠠᠨ ᠤ ᠬᠣᠷᠭᠣᠳᠠᠵᠤ ᠪᠠᠶᠢᠭᠰᠠᠨ ᠨᠠᠮᠬᠠᠨ ᠭᠡᠳᠡᠭ ᠠᠭᠤᠯᠠ ᠶᠢᠨ ᠴᠠᠶᠢᠳ ᠢ ᠪᠦᠰᠡᠯᠡᠵᠡᠢ᠃ ᠠᠷᠠᠳ ᠲᠦᠮᠡᠨ ᠦ ᠰᠠᠶᠢᠨ ᠳᠤᠷ᠎ᠠ ᠶᠢᠨ ᠬᠥᠳᠡᠯᠭᠡᠭᠡᠨ ᠥᠷᠨᠢᠵᠦ ᠪᠠᠶᠢᠭ᠎ᠠ ᠶᠢ ᠦᠯᠦ ᠬᠠᠷᠠᠭᠠᠯᠵᠠᠨ ᠬᠠᠭᠠᠨ ᠭᠡᠨᠡᠳᠲᠡ ᠪᠠᠭᠤᠵᠤ ᠥᠭᠪᠡ᠃ 1637 ᠣᠨ ᠳᠤ ᠪᠠᠶᠢᠭᠤᠯᠤᠭᠳᠠᠭᠰᠠᠨ ᠰᠢᠨ᠎ᠡ ᠭᠡᠷ᠎ᠡ ᠪᠡᠷ ᠰᠣᠯᠣᠩᠭᠣᠰ ᠴᠢᠩ ᠤᠯᠤᠰ ᠤᠨ ᠲᠦᠰᠢᠮᠡᠭ ᠤᠯᠤᠰ ᠪᠣᠯᠵᠤ᠂ ᠬᠢᠲᠠᠳ ᠲᠠᠢ ᠬᠠᠷᠢᠯᠴᠠᠭ᠎ᠠ ᠪᠠᠨ ᠪᠦᠷᠢᠮᠦᠰᠦᠨ ᠵᠣᠭᠰᠣᠭᠠᠵᠤ᠂ ᠬᠢᠲᠠᠳ ᠲᠠᠢ ᠬᠢᠬᠦ ᠪᠠᠶᠢᠯᠳᠤᠭᠠᠨ ᠳᠤ ᠬᠥᠯᠥᠭ ᠣᠩᠭᠣᠴᠠ ᠵᠡᠪᠰᠡᠭ ᠬᠡᠷᠡᠭᠰᠡᠯ᠂ ᠬᠦᠮᠦᠨ ᠬᠦᠴᠦᠨ ᠦ ᠲᠤᠰᠠᠯᠠᠯᠴᠠᠭ᠎ᠠ ᠦᠵᠡᠭᠦᠯᠬᠦ ᠡᠭᠦᠷᠭᠡ ᠬᠦᠯᠢᠶᠡᠵᠦ ᠵᠢᠯ ᠪᠦᠷᠢ ᠠᠯᠲᠠ᠂ ᠮᠥᠩᠭᠥ᠂ ᠴᠠᠭᠠᠨ ᠪᠤᠳᠠᠭ᠎ᠠ᠂ ᠲᠣᠷᠭ᠎ᠠ ᠬᠥᠪᠥᠩ ᠴᠠᠭᠠᠰᠤᠨ ᠳᠠᠪᠠᠭᠤ᠂ ᠴᠠᠭᠠᠰᠤᠨ ᠤ ᠠᠯᠪᠠ ᠪᠠᠷᠢᠬᠤ ᠪᠣᠯᠵᠠᠢ᠃ ᠮᠠᠨᠵᠤ ᠶᠢᠨ ᠳᠣᠪᠲᠣᠯᠭᠠᠨ ᠤ ᠦᠷ᠎ᠡ ᠳ᠋ᠦᠩ ᠳᠦ᠂ ᠶᠠᠫᠣᠨ ᠲᠠᠢᠬᠢᠭᠰᠡᠨ ᠳᠠᠶᠢᠨ ᠤ ᠰᠢᠷᠬ᠎ᠠ ᠨᠢ ᠭᠦᠢᠴᠡᠳ ᠡᠳᠡᠭᠡᠭᠡ ᠦᠭᠡᠢ ᠪᠠᠶᠢᠭᠰᠠᠨ ᠰᠣᠯᠣᠩᠭᠣᠰ ᠤᠯᠤᠰ ᠳᠠᠬᠢᠨ ᠳᠠᠶᠢᠨ ᠤ ᠬᠥᠯᠳᠡ ᠰᠦᠢᠷᠡᠵᠦ᠂ ᠦᠭᠡᠶᠢᠷᠡᠨ ᠬᠣᠭᠣᠰᠣᠷᠠᠵᠤ ᠬᠥᠳᠡᠭᠡ ᠠᠵᠤ ᠠᠬᠤᠢ ᠭᠠᠷ ᠦᠢᠯᠡᠳᠪᠦᠷᠢ ᠨᠢ ᠤᠨᠠᠯᠲᠠᠨ ᠳᠤ ᠣᠷᠣᠵᠠᠢ᠃ ᠰᠣᠯᠣᠩᠭᠣᠰ ᠤᠨ ᠳᠤᠮᠳᠠᠳᠤ ᠵᠠᠭᠤᠨ ᠤ ᠤᠯᠤᠰ ᠪᠠᠶᠢᠭᠤᠯᠤᠭᠳᠠᠰᠤᠨ ᠠᠴᠠ ᠬᠣᠶᠢᠰᠢ᠂ ᠭᠠᠳᠠᠭᠠᠳᠤ ᠶᠢᠨ ᠲᠦᠷᠢᠮᠡᠭᠡᠶᠢᠯᠡᠯ ᠲᠤᠬᠠᠶᠢᠯᠠᠪᠠᠯ ᠬᠢᠳᠠᠨ᠂ ᠮᠣᠩᠭᠣᠯ᠂ ᠶᠠᠫᠣᠨ᠂ ᠮᠠᠨᠵᠤ ᠨᠠᠷ ᠤᠨ ᠳᠣᠪᠲᠣᠯᠭᠠᠨ ᠳᠤ ᠥᠷᠲᠥᠵᠦ᠂ ᠵᠠᠷᠢᠮ ᠨᠢ ᠬᠢᠲᠠᠳ ᠤᠨ ᠵᠠᠬᠢᠷᠭᠠᠨ ᠳᠤ ᠣᠷᠣᠵᠤ᠂ ᠲᠡᠳᠡᠨ ᠦ ᠡᠰᠡᠷᠬᠦ ᠬᠢᠭᠰᠡᠨ ᠣᠯᠠᠨ ᠵᠠᠭᠤᠨ ᠵᠢᠯ ᠦᠨ ᠲᠡᠮᠡᠴᠡᠯ ᠦᠨ ᠶᠠᠪᠤᠴᠠ ᠳᠤ ᠰᠣᠯᠣᠩᠭᠣᠰ ᠦᠨᠳᠦᠰᠦᠲᠡᠨ᠂ ᠰᠣᠯᠣᠩᠭᠣᠰ ᠬᠡᠯᠡ᠂ ᠰᠤᠶᠤᠯ ᠪᠦᠷᠢᠯᠳᠦᠭᠰᠡᠨ ᠪᠠᠶᠢᠨ᠎ᠠ᠃

ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠷᠬᠠᠴᠢ ᠪᠠᠭᠠᠲᠤᠷ (1575-1626) ᠮᠠᠨᠵᠤ ᠠᠶᠢᠮᠠᠭ ᠤᠳ ᠢ 1616 ᠣᠨ ᠳᠤ ᠨᠢᠭᠡᠳᠬᠡᠭᠡᠳ ᠮᠣᠩᠭᠣᠯ ᠤᠨ ᠯᠢᠭᠳᠡᠨ ᠬᠠᠭᠠᠨ ᠳᠤ ᠵᠠᠬᠢᠳᠠᠯ ᠢᠯᠡᠭᠡᠵᠦ᠂ ᠨᠡᠶᠢᠲᠡ ᠶᠢᠨ ᠳᠠᠶᠢᠰᠤᠨ ᠮᠢᠩ ᠤᠯᠤᠰ ᠤᠨ ᠡᠰᠡᠷᠬᠦ ᠬᠠᠮᠲᠤᠷᠠᠵᠤ ᠳᠠᠶᠢᠲᠤᠬᠤ ᠶᠢ ᠰᠠᠨᠠᠯ ᠪᠣᠯᠭᠠᠭᠰᠠᠨ ᠢᠶᠠᠷ ᠮᠠᠨᠵᠤ ᠴᠢᠩ ᠤᠯᠤᠰ ᠤᠨ ᠲᠡᠦᠬᠡ ᠡᠬᠢᠯᠡᠨ᠎ᠡ᠃ ᠯᠢᠭᠳᠡᠨ ᠤᠷᠢᠳᠤ ᠨᠢ ᠮᠢᠩ ᠤᠯᠤᠰ ᠢ ᠤᠳᠠᠭ᠎ᠠ ᠳᠠᠷᠠᠭ᠎ᠠ ᠳᠣᠪᠲᠣᠯᠵᠤ᠂ ᠮᠢᠩ ᠤᠯᠤᠰ ᠯᠢᠭᠳᠡᠨ ᠬᠠᠭᠠᠨ ᠍ ᠢ ᠠᠯᠲᠠ ᠮᠥᠩᠭᠥ ᠪᠡᠷ ᠬᠠᠬᠤᠤᠯᠢᠳᠠᠭᠰᠠᠨ ᠲᠤᠯᠠ ᠳᠠᠬᠢᠨ ᠬᠢᠲᠠᠳ ᠲᠠᠢ ᠪᠠᠶᠢᠯᠳᠤᠬᠤ ᠶᠢ ᠰᠣᠨᠢᠷᠬᠠᠬᠤ ᠦᠭᠡᠢ ᠪᠠᠶᠢᠯ᠎ᠠ᠃ ᠮᠥᠨ ᠨᠤᠷᠬᠠᠴᠢᠡᠶᠢᠭ ᠥᠪᠡᠷ ᠲᠡᠢ ᠨᠢ ᠲᠡᠭᠰᠢ ᠵᠢᠨᠳᠠᠩ ᠳᠤ ᠬᠠᠷᠢᠴᠠᠭᠰᠠᠨ ᠳᠤ ᠳᠤᠷᠠᠭᠦᠶᠢᠴᠡᠵᠦ᠂ ᠬᠠᠮᠲᠤᠷᠠᠵᠤ ᠠᠵᠢᠯᠯᠠᠬᠤ ᠠᠴᠠ ᠲᠠᠲᠠᠭᠠᠯᠵᠠᠭᠰᠠᠨ ᠪᠠᠶᠢᠨ᠎ᠠ᠃ ᠲᠡᠷᠡ ᠴᠤ ᠪᠠᠶᠢᠲᠤᠭᠠᠢ 1618 ᠣᠨ ᠳᠤ ᠮᠢᠩ ᠤᠯᠤᠰᠲᠠᠢ ᠬᠣᠯᠪᠣᠭ᠎ᠠ ᠲᠣᠭᠲᠠᠭᠠᠨ ᠮᠠᠨᠵᠤᠲᠠᠢ ᠪᠠᠶᠢᠯᠳᠤᠭᠠᠳ ᠢᠯᠠᠭᠳᠠᠵᠠᠢ᠃ ᠲᠡᠷᠡ ᠴᠠᠭ ᠠᠴᠠ ᠨᠤᠷᠬᠠᠴᠢ ᠥᠪᠥᠷ ᠬᠠᠯᠬ᠎ᠠ ᠶᠢᠨ ᠲᠠᠶᠢᠵᠢ ᠨᠠᠷ ᠢ ᠥᠪᠡᠷᠲᠡᠭᠡᠨ ᠲᠠᠲᠠᠵᠤ ᠰᠡᠳᠬᠢᠯ ᠢ ᠨᠢ ᠤᠷᠪᠠᠭᠤᠯᠬᠤ ᠪᠣᠯᠵᠠᠢ᠃ ᠴᠢᠩᠭᠢᠰ ᠬᠠᠭᠠᠨ "ᠪᠤᠰᠤᠳ ᠤᠨ ᠰᠡᠳᠬᠢᠯ ᠢ ᠡᠵᠡᠯᠡ᠂ ᠰᠡᠳᠬᠢᠯ ᠢ ᠨᠢ ᠡᠵᠡᠯᠡᠭᠰᠡᠨ ᠪᠠᠶᠢᠬᠤ ᠳᠤ ᠪᠡᠶ᠎ᠡ ᠨᠢ ᠬᠠᠮᠢᠭ᠎ᠠ ᠣᠳᠬᠤ" ᠬᠡᠮᠡᠨ ᠰᠤᠷᠭᠠᠵᠤ ᠪᠠᠶᠢᠭᠰᠠᠨ ᠯᠤᠭ᠎ᠠ ᠠᠳᠠᠯᠢ ᠨᠤᠷᠬᠠᠴᠢ ᠪᠠᠭᠠᠲᠤᠷ "ᠳᠠᠶᠢᠰᠤᠨ ᠢᠶᠠᠨ ᠵᠣᠴᠢᠨ ᠪᠣᠯᠭᠠᠶ᠎ᠠ᠂ ᠵᠣᠴᠢᠨ ᠢᠶᠠᠨ ᠨᠥᠬᠥᠷ ᠪᠣᠯᠭᠠᠶ᠎ᠠ" ᠭᠡᠵᠦ ᠶᠠᠷᠢᠳᠠᠭ ᠪᠠᠶᠢᠪᠠ᠃

ᠲᠡᠭᠡᠭᠰᠡᠭᠡᠷ ᠬᠣᠷᠴᠢᠨᠭᠣᠷᠯᠣᠰ ᠵᠡᠷᠭᠡ ᠠᠶᠢᠮᠠᠭ ᠤᠨ ᠲᠠᠶᠢᠵᠢ ᠨᠠᠷ᠂ ᠮᠥᠨ ᠥᠪᠥᠷ ᠬᠠᠯᠬ᠎ᠠ ᠶᠢᠨ ᠲᠠᠶᠢᠵᠢ ᠨᠠᠷ ᠨᠤᠷᠬᠠᠴᠢ ᠲᠠᠢ ᠬᠣᠯᠪᠣᠭᠠᠲᠠᠨ ᠪᠣᠯᠵᠤ᠂ ᠯᠢᠭᠳᠡᠨ ᠬᠠᠭᠠᠨ ᠭᠠᠭᠴᠠᠭᠠᠷᠳᠠᠵᠠᠢ᠃ ᠥᠪᠥᠷ ᠬᠠᠯᠬ᠎ᠠ ᠶᠢᠨ ᠲᠠᠶᠢᠵᠢ ᠨᠠᠷ ᠮᠠᠨᠵᠤ ᠲᠠᠢ ᠬᠣᠯᠪᠣᠭ᠎ᠠ ᠲᠣᠭᠲᠠᠭᠠᠬᠤ ᠳᠤ ᠪᠠᠨ ᠮᠢᠩ ᠤᠯᠤᠰ ᠤᠨ ᠡᠰᠡᠷᠬᠦ ᠬᠠᠮᠲᠤᠷᠠᠵᠤ ᠪᠠᠶᠢᠯᠳᠤᠨ᠎ᠠ ᠭᠡᠵᠦ ᠲᠠᠩᠭᠠᠷᠢᠭᠯᠠᠭᠰᠠᠨ ᠪᠣᠯᠪᠠᠴᠤ 1622 ᠣᠨ ᠳᠤ ᠯᠢᠭᠳᠡᠨ ᠦ ᠡᠰᠡᠷᠬᠦ ᠪᠠᠶᠢᠯᠳᠤᠵᠤ ᠤᠬᠤᠷᠢᠭᠠᠭᠰᠠᠨ ᠪᠠᠶᠢᠨ᠎ᠠ᠃ 1623 ᠣᠨ ᠳᠤ ᠯᠢᠭᠳᠡᠨ ᠬᠠᠭᠠᠨ ᠥᠪᠥᠷ ᠮᠣᠩᠭᠣᠯ ᠤᠨ ᠲᠦᠮᠡᠳᠣᠷᠳᠣᠰ ᠵᠡᠷᠭᠡ ᠨᠤᠲᠤᠭ ᠤᠳ ᠢ ᠮᠠᠨᠵᠤ ᠠᠴᠠ ᠥᠷᠢᠰᠦᠨ ᠥᠪᠡᠷᠲᠡᠭᠡᠨ ᠨᠢᠭᠡᠳᠬᠡᠭᠰᠡᠨ ᠪᠠᠶᠢᠨ᠎ᠠ᠃

1626 ᠣᠨ ᠳᠤ ᠨᠤᠷᠬᠠᠴᠢᠡᠶᠢᠭ ᠠᠪᠠᠬᠠᠢ ᠬᠠᠭᠠᠨ (1592-1643) ᠵᠠᠯᠭᠠᠮᠵᠢᠯᠠᠵᠤ᠂ ᠯᠢᠭᠳᠡᠨ ᠬᠠᠭᠠᠨ ᠍ ᠢ ᠥᠪᠡᠷ ᠦᠨ ᠲᠠᠯ᠎ᠠ ᠳᠤ ᠣᠷᠣᠭᠤᠯᠬᠤ ᠪᠠᠷ ᠴᠢᠷᠮᠠᠶᠢᠵᠤ ᠪᠠᠶᠢᠪᠠ᠃ ᠯᠢᠭᠳᠡᠨ ᠬᠠᠭᠠᠨ 1631 ᠣᠨ ᠳᠤ ᠮᠠᠨᠵᠤ ᠶᠢᠨ ᠡᠰᠡᠷᠬᠦ ᠳᠠᠶᠢᠲᠤᠨ ᠡᠬᠢᠯᠡᠵᠦ᠂ ᠨᠤᠲᠤᠭ ᠲᠤ ᠨᠢ ᠭᠦᠨ ᠳᠠᠪᠰᠢᠨ ᠣᠷᠣᠭᠰᠠᠨ ᠪᠣᠯᠪᠠᠴᠤ 1634 ᠣᠨ ᠳᠤ ᠮᠠᠨᠵᠤ ᠪᠠ ᠲᠡᠭᠦᠨ ᠦ ᠬᠣᠯᠪᠣᠭᠠᠲᠠᠨ ᠮᠣᠩᠭᠣᠯ ᠲᠠᠶᠢᠵᠢ ᠨᠠᠷ ᠤᠨ ᠴᠡᠷᠢᠭ ᠦᠨ ᠨᠢᠭᠡᠳᠦᠭᠰᠡᠨ ᠬᠦᠴᠦᠩᠳᠡ ᠴᠣᠬᠢᠭᠳᠠᠵᠤ᠂ ᠬᠥᠬᠡ ᠨᠠᠭᠤᠷ ᠤᠨ (ᠣᠳᠣ ᠶᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠴᠢᠩᠬᠠᠢ ᠮᠤᠵᠢ) ᠵᠦᠭ ᠤᠬᠤᠷᠢᠵᠤ ᠶᠠᠪᠤᠭᠠᠳ ᠡᠪᠡᠳᠴᠢᠨ ᠢᠶᠡᠷ ᠨᠠᠰᠤ ᠪᠠᠷᠪᠠ᠃ ᠮᠠᠨᠵᠤ ᠦᠳ ᠬᠥᠬᠡ ᠬᠣᠲᠠ ᠶᠢ ᠡᠵᠡᠯᠡᠵᠦ᠂ 1636 ᠣᠨ ᠳᠤ ᠮᠠᠨᠵᠤ ᠶᠢᠨ ᠠᠪᠠᠬᠠᠢ ᠬᠠᠭᠠᠨ ᠥᠪᠡᠷ ᠢ ᠪᠡᠨ ᠪᠦᠬᠦ ᠮᠣᠩᠭᠣᠯ ᠤᠨ ᠬᠠᠭᠠᠨ ᠡᠷᠭᠦᠮᠵᠢᠯᠡᠵᠦ᠂ ᠤᠯᠤᠰ ᠢᠶᠠᠨ "ᠴᠢᠩ ᠤᠯᠤᠰ" ᠬᠡᠮᠡᠨ ᠨᠡᠷᠡᠯᠡᠵᠡᠢ᠃

ᠮᠠᠨᠵᠢ ᠨᠤᠭᠤᠳ ᠥᠪᠥᠷ ᠮᠣᠩᠭᠣᠯ ᠤᠨ ᠴᠡᠷᠢᠭ ᠦᠨ ᠬᠦᠴᠦᠩᠳᠡ ᠳᠤᠯᠳᠤᠶᠢᠳᠤᠨ 1640 ᠣᠨ ᠳᠤ ᠪᠡᠭᠡᠵᠢᠩ ᠢ ᠠᠪᠴᠤ᠂ ᠮᠢᠩ ᠤᠯᠤᠰ ᠢ ᠮᠥᠬᠥᠭᠡᠨ᠂ ᠬᠢᠲᠠᠳ ᠢ ᠡᠵᠡᠯᠡᠭᠰᠡᠨ ᠶᠤᠮ᠃ 1670 ᠣᠨ ᠳᠤ ᠮᠠᠨᠵᠤ ᠶᠢᠨ ᠡᠩᠬᠡ ᠠᠮᠤᠭᠤᠯᠠᠩ ᠬᠠᠭᠠᠨ ᠬᠥᠬᠡ ᠨᠠᠭᠤᠷ ᠢ ᠡᠵᠡᠯᠡᠵᠡᠢ᠃ 1646-1675 ᠣᠨ ᠨᠤᠭᠤᠳ ᠲᠤ ᠥᠪᠥᠷ ᠮᠣᠩᠭᠣᠯ ᠳᠤ ᠰᠦᠨᠢᠳ ᠤᠨ ᠲᠡᠩᠭᠢᠰ ᠲᠠᠶᠢᠵᠢ᠂ ᠯᠢᠭᠳᠡᠨ ᠦ ᠬᠦᠦ ᠡᠷᠬᠡ ᠬᠣᠩᠭᠣᠷ᠂ ᠠᠴᠢ ᠠᠪᠤᠨᠠᠢ᠂ ᠭᠤᠴᠢ ᠪᠦᠷᠨᠢ ᠸᠠᠩ ᠨᠠᠷ ᠮᠠᠨᠵᠤ ᠶᠢᠨ ᠡᠰᠡᠷᠬᠦ ᠪᠣᠰᠤᠭᠰᠠᠨ ᠪᠣᠯᠪᠠᠴᠤ ᠳᠠᠷᠤᠭᠳᠠᠭᠰᠠᠨ ᠪᠠᠶᠢᠨ᠎ᠠ᠃

ᠮᠠᠨᠵᠤᠡᠶᠢᠨ ᠬᠠᠭᠠᠳ ᠡᠬᠢᠨ ᠦᠶᠡᠳᠡᠭᠡ ᠮᠣᠩᠭᠣᠯ ᠬᠠᠭᠠᠳ ᠤᠨ ᠤᠳᠤᠮ ᠤᠨ ᠦᠬᠢᠳ ᠠᠴᠠ ᠬᠠᠲᠤᠨ ᠪᠠᠭᠤᠯᠭᠠᠳᠠᠭ ᠪᠠᠶᠢᠪᠠ᠃ ᠲᠡᠶᠢᠮᠦ ᠡᠴᠡ ᠡᠩᠬᠡ ᠠᠮᠤᠭᠤᠯᠠᠩ ᠬᠠᠭᠠᠨ ᠲᠡᠷᠢᠭᠦᠲᠡᠨ ᠮᠠᠨᠵᠤ ᠶᠢᠨ ᠬᠠᠭᠠᠳ ᠥᠪᠡᠷᠰᠡᠳ ᠢ ᠪᠡᠨ ᠪᠠᠰᠬᠦ ᠶᠤᠸᠠᠨ ᠤᠯᠤᠰ ᠍ ᠤᠨ ᠬᠠᠭᠠᠳ ᠤᠨ ᠵᠠᠯᠭᠠᠮᠵᠢᠯᠠᠭᠴᠢᠳ ᠭᠡᠵᠦ ᠦᠵᠡᠵᠦ ᠪᠠᠶᠢᠪᠠ᠃

ᠮᠠᠨᠵᠤ ᠶᠢᠨ ᠨᠣᠶᠠᠷᠬᠠᠯ ᠤᠨ ᠦᠶ᠎ᠡ ᠳᠦ ᠹᠧᠣᠳᠠᠯ ᠤᠨ ᠮᠥᠯᠵᠢᠯᠭᠡ ᠰᠢᠷᠦᠭᠦᠰᠦᠭᠰᠡᠨ ᠨᠢ ᠮᠠᠨᠵᠤ ᠤᠯᠤᠰ ᠡᠩᠬᠡ-ᠠᠮᠤᠭᠤᠯᠠᠩ ᠬᠠᠭᠠᠨ ᠤ ᠦᠶᠡᠰ ᠴᠡᠴᠡᠭᠯᠡᠨ ᠮᠠᠨᠳᠤᠵᠤ ᠲᠩᠷᠢ ᠶᠢ ᠲᠡᠳᠬᠦᠭᠴᠢ ᠬᠠᠭᠠᠨ ᠤ ᠦᠶ᠎ᠡ ᠬᠦᠷᠲᠡᠯ᠎ᠡ ᠦᠷᠭᠦᠯᠵᠢᠯᠡᠭᠰᠡᠨ ᠶᠤᠮ᠃ ᠮᠠᠨᠵᠤ ᠶᠢᠨ ᠲᠦᠷᠢᠮᠡᠭᠡᠶᠢᠯᠡᠭᠴᠢᠳ᠂ ᠮᠣᠩᠭᠣᠯ ᠤᠨ ᠰᠢᠷ᠎ᠠ ᠬᠠᠷ᠎ᠠ ᠹᠧᠣᠳᠠᠯ ᠢ ᠲᠦᠰᠢᠨ᠂ ᠬᠥᠳᠡᠯᠮᠦᠷᠢᠴᠢᠨ ᠠᠷᠠᠳ᠂ ᠠᠯᠪᠠᠲᠤ᠂ ᠬᠠᠮᠵᠢᠯᠭ᠎ᠠ ᠶᠢᠨ ᠡᠷᠬᠡ ᠦᠭᠡᠢ ᠪᠠᠶᠢᠳᠠᠯ ᠢ ᠤᠷᠢᠳ ᠤᠨ ᠬᠢ ᠠᠴᠠ ᠨᠢ ᠪᠦᠷ ᠬᠦᠨᠳᠦᠷᠡᠭᠦᠯᠦᠭᠰᠡᠨ ᠪᠢᠯᠡ᠃ ᠮᠣᠩᠭᠣᠯ ᠤᠨ ᠲᠤᠬᠠᠢ ᠮᠠᠨᠵᠤ ᠨᠠᠷ ᠠᠴᠠ 《ᠮᠣᠩᠭᠣᠯ ᠴᠠᠭᠠᠵᠠ ᠶᠢᠨ ᠪᠢᠴᠢᠭ" ᠍ ᠳᠦ ᠣᠷᠣᠭᠤᠯᠤᠭᠰᠠᠨ ᠬᠠᠤᠯᠢ ᠴᠥᠮ ᠹᠧᠣᠳᠠᠯ ᠠᠩᠬᠢ ᠶᠢᠨ ᠰᠢᠨᠵᠢ ᠴᠢᠨᠠᠷᠲᠠᠢ ᠨᠢ ᠢᠯᠡᠷᠬᠡᠢ ᠶᠤᠮ᠃ ᠲᠡᠳᠡᠭᠡᠷ ᠬᠠᠤᠯᠢ ᠶᠣᠰᠣᠭᠠᠷ ᠮᠣᠩᠭᠣᠯ ᠤᠨ ᠬᠥᠳᠡᠯᠮᠦᠷᠢᠴᠢᠨ ᠣᠯᠠᠨ ᠤ ᠠᠵᠤ ᠲᠥᠷᠥᠬᠦ ᠬᠠᠮᠤᠭ ᠶᠠᠭᠤᠮ᠎ᠠ ᠶᠢ ᠨᠠᠷᠢᠨ ᠴᠢᠩᠳᠠ ᠳᠦᠷᠢᠮ ᠬᠡᠮᠵᠢᠶ᠎ᠡ ᠲᠡᠢ ᠪᠣᠯᠭᠠᠵᠤ᠂ ᠮᠣᠩᠭᠣᠯ ᠭᠠᠵᠠᠷ ᠲᠤ ᠮᠠᠨᠵᠤ ᠶᠢᠨ ᠬᠢᠨᠠᠬᠤ ᠴᠠᠭᠳᠠᠬᠤ ᠳᠢᠭᠯᠢᠮ ᠲᠣᠭᠲᠠᠵᠠᠢ᠃

ᠤᠨᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠴᠢᠩ ᠤᠯᠤᠰ ᠤᠨ ᠵᠠᠰᠠᠭ ᠲᠥᠷᠥ ᠡᠴᠡ ᠮᠠᠨᠵᠤ ᠬᠡᠯᠡ᠂ ᠰᠤᠶᠤᠯ ᠢ ᠬᠠᠳᠠᠭᠠᠯᠠᠨ ᠠᠪᠴᠤ ᠦᠯᠦ ᠳᠦ ᠬᠢ ᠪᠣᠳᠣᠯᠭ᠎ᠠ ᠶᠠᠪᠤᠭᠤᠯᠵᠤ ᠪᠠᠶᠢᠭᠰᠠᠨ ᠠᠪᠠᠴᠤ ᠨᠢᠭᠡᠨᠲᠡ ᠬᠦᠷᠢᠶᠡᠯᠡᠩ ᠪᠤᠢ ᠨᠠᠩᠭᠢᠶᠠᠳ ᠤᠭᠰᠠᠭᠠᠲᠠᠨ ᠤ ᠬᠡᠯᠡ᠂ ᠶᠣᠰᠣ᠂ ᠵᠠᠩᠰᠢᠯ ᠳᠤ ᠠᠭᠠᠵᠢᠮ ᠠᠭᠠᠵᠢᠮ ᠢᠶᠠᠷ ᠠᠪᠲᠠᠭᠰᠠᠭᠠᠷ᠂ 19 ᠍ ᠳᠦᠭᠡᠷ ᠵᠠᠭᠤᠨ ᠪᠣᠯᠬᠤ ᠳᠤ ᠮᠠᠨᠵᠤ ᠶᠢᠨ ᠬᠠᠭᠠᠨ ᠤ ᠣᠷᠳᠣᠨ ᠳᠤ ᠴᠤ ᠮᠠᠨᠵᠤ ᠪᠠᠷ ᠶᠠᠷᠢᠯᠴᠠᠬᠤ ᠨᠢ ᠬᠣᠪᠣᠷ ᠪᠣᠯᠵᠠᠢ᠃ ᠭᠡᠪᠡᠴᠦ ᠴᠢᠩ ᠤᠯᠤᠰ ᠢ ᠮᠥᠬᠥᠬᠦ ᠬᠦᠷᠲᠡᠯ᠎ᠡ ᠮᠠᠨᠵᠤ ᠪᠢᠴᠢᠭ ᠦᠨ ᠬᠡᠯᠡ ᠵᠥᠪᠬᠡᠨ ᠲᠡᠳᠡᠨ ᠳᠦ ᠵᠠᠬᠢᠷᠤᠭᠳᠠᠳᠠᠭ ᠪᠠᠶᠢᠭᠰᠠᠨ ᠮᠣᠩᠭᠣᠯ ᠤᠨ ᠨᠣᠶᠠᠳ ᠳᠡᠭᠡᠳᠦᠰ ᠦᠨ ᠠᠯᠪᠠᠨ ᠬᠡᠷᠡᠭ ᠲᠦ ᠬᠡᠷᠡᠭᠯᠡᠭᠳᠡᠭᠰᠡᠭᠡᠷ ᠪᠠᠶᠢᠭᠰᠠᠨ ᠨᠢ ᠲᠤᠩ ᠰᠣᠨᠢᠷᠬᠠᠯᠲᠠᠢ ᠠᠭᠠᠳ ᠮᠠᠨᠵᠤ ᠨᠠᠷ ᠥᠪᠡᠷᠰᠡᠳ ᠢᠶᠡᠨ ᠣᠷᠣ ᠲᠠᠰᠤ ᠤᠮᠠᠷᠲᠠᠭᠰᠠᠨ ᠪᠠᠶᠢᠴᠠᠢ᠃ ᠮᠠᠨᠵᠤ ᠤᠯᠤᠰ ᠤᠨ ᠰᠡᠭᠦᠯ ᠦᠨ ᠬᠠᠭᠠᠨ ᠬᠡᠪᠲᠦ ᠶᠣᠰᠣ ᠬᠣᠶᠠᠷᠬᠠᠨ ᠨᠠᠰᠤᠲᠠᠢ ᠳᠤ ᠪᠠᠨ ᠬᠠᠭᠠᠨ ᠡᠵᠡᠨ ᠡᠷᠭᠦᠮᠵᠢᠯᠡᠭᠳᠡᠭᠰᠡᠨ ᠪᠣᠯᠪᠠᠴᠤ ᠡᠬᠡ ᠬᠠᠲᠤᠨ ᠲᠥᠷᠥ ᠶᠢᠨ ᠬᠡᠷᠡᠭ ᠢ ᠪᠠᠷᠢᠵᠤ ᠪᠠᠶᠢᠯ᠎ᠠ᠃ 20 ᠍ ᠳᠦᠭᠡᠷ ᠵᠠᠭᠤᠨ ᠤ ᠡᠬᠢᠨ ᠡᠴᠡ ᠰᠤᠨᠢ ᠶᠠᠲᠤ ᠰᠧᠨ ᠮᠡᠲᠦ ᠶᠢᠨ ᠬᠢᠲᠠᠳ ᠤᠨ ᠦᠨᠳᠦᠰᠦᠨ ᠦ ᠦᠵᠡᠯᠲᠡᠨ ᠨᠦᠭᠦᠳ ᠮᠠᠨᠵᠤ ᠨᠠᠷ ᠢ ᠬᠠᠷᠢ ᠶᠢᠨ ᠪᠤᠯᠢᠶᠠᠨ ᠡᠵᠡᠯᠡᠭᠴᠢᠳ ᠭᠡᠳᠡᠭ ᠢ ᠨᠢ ᠲᠤᠩᠬᠠᠭᠯᠠᠵᠤ ᠪᠠᠶᠢᠪᠠ᠃ ᠭᠡᠪᠡᠴᠦ ᠰᠢᠨᠢᠬᠠᠢ ᠶᠢᠨ ᠬᠤᠪᠢᠰᠬᠠᠯ ᠢᠯᠠᠵᠤ᠂ ᠪᠦᠭᠦᠳᠡ ᠨᠠᠶᠢᠷᠠᠮᠳᠠᠬᠤ ᠤᠯᠤᠰ ᠪᠠᠶᠢᠭᠤᠯᠤᠮᠠᠭᠴᠠ ᠪᠠᠨ ᠮᠠᠨᠵᠢ ᠨᠤᠭᠤᠳ ᠢ ᠬᠢᠲᠠᠳ ᠤᠨ ᠪᠦᠷᠢᠯᠳᠦᠬᠦᠨ ᠳᠦ ᠤᠷᠤᠭᠤᠯᠬᠤ ᠡᠷᠬᠡ ᠠᠰᠢᠭ ᠤᠨ ᠡᠭᠦᠳᠡᠨ ᠡᠴᠡ ᠲᠡᠳᠡᠨ ᠢ ᠬᠠᠷᠢ ᠶᠢᠨ ᠲᠦᠷᠢᠮᠡᠭᠡᠶᠢᠯᠡᠭᠴᠢᠳ ᠬᠡᠮᠡᠨ ᠲᠤᠩᠬᠠᠭᠯᠠᠬᠤ ᠪᠠᠨ ᠵᠣᠭᠰᠣᠭᠠᠵᠤ᠂ ᠥᠪᠡᠷᠰᠡᠳ ᠦᠨ ᠨᠢᠭᠡ ᠬᠡᠰᠡᠭ ᠮᠡᠲᠦ ᠪᠡᠷ ᠰᠤᠷᠲᠠᠯᠳᠠᠬᠤ ᠪᠣᠯᠵᠠᠢ᠃

ᠵᠠᠰᠠᠭ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:China Proper.jpg
ᠴᠢᠩ ᠤᠯᠤᠰ ᠤᠨ 18 ᠮᠤᠵᠢ᠂ 1875 oᠨ

ᠴᠢᠩ ᠤᠯᠤᠰ 18 ᠍ ᠳᠦᠭᠡᠷ ᠵᠠᠭᠤᠨ ᠤ ᠦᠶ᠎ᠡ ᠳᠦ ᠬᠠᠮᠤᠭ ᠤᠨ ᠥᠷᠭᠡᠨ ᠭᠠᠵᠠᠷ ᠨᠤᠲᠤᠭ ᠲᠠᠢ ᠪᠣᠯᠵᠤ᠂ ᠬᠢᠲᠠᠳᠠ ᠠᠴᠠ ᠭᠠᠳᠠᠨ᠎ᠠ ᠮᠠᠨᠵᠤᠤᠷ (ᠵᠡᠭᠦᠨ ᠬᠣᠶᠢᠳᠤ ᠬᠢᠲᠠᠳ), ᠥᠪᠥᠷ ᠮᠣᠩᠭᠣᠯᠠᠷᠤ ᠮᠣᠩᠭᠣᠯᠰᠢᠨᠵᠢᠶᠠᠩ ᠪᠣᠯᠤᠨ ᠲᠥᠪᠡᠳᠡᠶᠢᠭ ᠵᠠᠬᠢᠷᠴᠢ᠂ ᠨᠡᠶᠢᠲᠡ 13 ᠰᠠᠶ᠎ᠠ км² ᠣᠷᠴᠢᠮ ᠳᠤ ᠬᠦᠷᠴᠦ ᠪᠠᠶᠢᠪᠠ᠃ ᠠᠩᠬ᠎ᠠ ᠬᠢᠲᠠᠳ ᠤᠨ ᠳᠣᠲᠣᠭᠠᠳᠤ 18 ᠮᠤᠵᠢ ᠠᠴᠠ ᠪᠦᠷᠢᠳᠳᠡᠭ ᠪᠠᠶᠢᠭᠰᠠᠨ ᠪᠣᠯ ᠬᠣᠵᠢᠮ ᠮᠠᠨᠵᠤᠤᠷ ᠪᠣᠯᠤᠨ ᠰᠢᠨᠢᠵᠶᠠᠨ ᠢ ᠬᠡᠳᠦ ᠬᠡᠳᠦᠨ ᠮᠤᠵᠢ ᠪᠣᠯᠭᠠᠨ ᠵᠣᠬᠢᠶᠠᠨ ᠪᠠᠶᠢᠭᠤᠯᠤᠭᠰᠠᠨ ᠢᠶᠠᠷ 22 ᠮᠤᠵᠢ ᠲᠠᠢ ᠪᠣᠯᠵᠠᠢ᠃ ᠠᠩᠬᠠᠨ ᠳᠤ ᠪᠠᠨ ᠹᠦᠵᠢᠨᠢ ᠮᠤᠵᠢ ᠶᠢᠨ ᠨᠢᠭᠡ ᠬᠡᠰᠡᠭ ᠪᠠᠶᠢᠭᠰᠠᠨ ᠲᠠᠶᠢᠸᠠᠨ 19 ᠍ ᠳᠦᠭᠡᠷ ᠵᠠᠭᠤᠨ ᠳᠤ ᠪᠡᠶ᠎ᠡ ᠳᠠᠭᠠᠭᠰᠠᠨ ᠮᠤᠵᠢ ᠪᠣᠯᠤᠭᠰᠠᠨ ᠪᠣᠯᠪᠠᠴᠤ ᠮᠥᠩᠬᠦᠦ ᠵᠠᠭᠤᠨ ᠤ ᠰᠡᠭᠦᠯᠴᠢ ᠪᠡᠷ ᠬᠢᠲᠠᠳ-ᠶᠠᠫᠣᠨ ᠤ ᠠᠩᠬᠠᠳᠤᠭᠠᠷ ᠳᠠᠶᠢᠨᠢ ᠦᠷ᠎ᠡ ᠳ᠋ᠦᠩ ᠳᠦ ᠶᠠᠫᠣᠨ ᠤ ᠡᠵᠡᠨᠲᠦ ᠭᠦᠷᠦᠨ ᠦ ᠮᠡᠳᠡᠯ ᠳᠦ ᠰᠢᠯᠵᠢᠭᠰᠡᠨ᠃ ᠡᠳᠡᠭᠡᠷ ᠡᠴᠡ ᠭᠠᠳᠠᠨ᠎ᠠ ᠰᠣᠯᠣᠩᠭᠣᠰ (ᠴᠤᠭᠰᠠᠨ), ᠸᠢᠶᠧᠲ᠋ᠨᠠᠮ ᠪᠣᠯᠤᠨ ᠪᠠᠯᠪᠠ ᠵᠡᠷᠭᠡ ᠣᠯᠠᠨ ᠤᠯᠤᠰ ᠤᠷᠲᠤ ᠬᠤᠭᠤᠴᠠᠭᠠᠨ ᠤ ᠲᠤᠷᠰᠢ ᠬᠢᠲᠠᠳ ᠤᠨ ᠢᠪᠡᠭᠡᠯ ᠦᠨ ᠤᠯᠤᠰ ᠪᠠᠶᠢᠭᠰᠠᠨ᠃

  1. ᠲᠩᠷᠢ ᠠᠭᠤᠯᠠ ᠍ ᠤᠨ ᠡᠮᠦᠨᠡᠲᠦ᠂ ᠬᠣᠶᠢᠳᠤ ᠨᠤᠲᠤᠭ (ᠬᠣᠵᠢᠮ ᠤᠨ ᠰᠢᠨᠵᠢᠶᠠᠩ ᠮᠤᠵᠢ), ᠬᠠᠮᠢ ᠵᠡᠷᠭᠡ ᠬᠡᠳᠦ ᠬᠡᠳᠦᠨ ᠵᠢᠵᠢᠭ ᠬᠠᠭᠠᠰ ᠠᠦ᠋ᠲ᠋ᠣᠨᠣᠮᠢᠲᠤ ᠤᠯᠤᠰ ᠤᠳ ᠢ ᠣᠷᠤᠯᠴᠠᠭᠤᠯᠤᠭᠠᠳ᠂
  2. ᠠᠷᠤ ᠮᠣᠩᠭᠣᠯᠬᠠᠯᠬ᠎ᠠᠬᠣᠪᠳᠣ ᠶᠢᠨ ᠬᠢᠵᠠᠭᠠᠷᠬᠥᠪᠰᠥᠭᠥᠯᠲᠤᠸᠠ
  3. ᠥᠪᠥᠷ ᠮᠣᠩᠭᠣᠯ - 6 ᠠᠶᠢᠮᠠᠭ (ᠵᠢᠷᠢᠮ᠂ ᠵᠣᠰᠣᠲᠤ᠂ ᠵᠤᠤ ᠦᠳᠡ᠂ ᠰᠢᠯᠢ ᠶᠢᠨ ᠭᠣᠣᠯ᠂ ᠤᠯᠠᠭᠠᠨᠴᠠᠪ᠂ ᠶᠡᠬᠡ ᠵᠤᠤ)
  4. ᠪᠤᠰᠤᠳ ᠮᠣᠩᠭᠣᠯ ᠠᠶᠢᠮᠠᠭ ᠤᠳ – ᠠᠯᠠᠱᠠ ᠬᠣᠰᠢᠭᠤ᠂ ᠡᠵᠡᠨ᠎ᠡ ᠬᠣᠰᠢᠭᠤ᠂ ᠢᠯᠢ ᠬᠣᠰᠢᠭᠤ (ᠰᠢᠨᠵᠢᠶᠠᠨ), ᠬᠥᠬᠡ ᠨᠠᠭᠤᠷ᠂ ᠳᠠᠷᠢᠭᠠᠩᠭ᠎ᠠ᠂ ᠲᠦᠮᠡᠳ᠂ ᠴᠠᠬᠠᠷ᠂ ᠬᠥᠯᠦᠨ ᠪᠤᠶᠢᠷ)
  5. ᠲᠥᠪᠡᠳ (ᠦ-ᠴᠠᠨ ᠪᠣᠯᠤᠨ ᠪᠠᠷᠠᠭᠤᠨ ᠺᠠᠮ᠂ ᠣᠳᠣ ᠶᠢᠨ ᠲᠥᠪᠡᠳ ᠦᠨ ᠥᠪᠡᠷᠲᠡᠭᠡᠨ ᠵᠠᠰᠠᠬᠤ ᠣᠷᠣᠨ ᠤ ᠨᠤᠲᠤᠭ ᠲᠠᠢ ᠪᠠᠷᠤᠭ ᠳᠦᠢᠨ᠎ᠡ)
  6. ᠮᠠᠨᠵᠤᠤᠷ (ᠵᠡᠭᠦᠨ ᠬᠣᠶᠢᠳᠤ ᠬᠢᠲᠠᠳ᠂ ᠰᠡᠭᠦᠯ ᠳᠦ ᠬᠢᠲᠠᠳ ᠤᠨ ᠮᠤᠵᠢ ᠪᠣᠯᠤᠭᠰᠠᠨ)
  • ᠳᠣᠲᠣᠭᠠᠳᠤ 18 ᠮᠤᠵᠢ
  1. ᠵᠢᠯᠢ
  2. ᠾᠸᠨᠠᠨ
  3. ᠱᠠᠨᠳᠦ᠋ᠩ
  4. ᠱᠠᠨ ᠰᠢ
  5. ᠱᠠᠨᠰᠢ
  6. ᠭᠠᠨᠢᠰᠤ
  7. ᠾᠸᠪᠸᠢ
  8. ᠬᠤᠨᠠᠨ
  9. ᠭᠤᠸᠠᠩᠳᠦ᠋ᠩ
  10. ᠭᠤᠸᠠᠩᠰᠢ
  11. ᠰᠸᠴᠤᠸᠠᠨ
  12. ᠶᠦᠨᠨᠠᠨ
  13. ᠭᠦᠢᠵᠸᠦ
  14. ᠵᠢᠶᠠᠩᠰᠤ
  15. ᠵᠢᠶᠠᠩᠰᠢ
  16. ᠵᠸᠵᠢᠶᠠᠩ
  17. ᠹᠦᠵᠢᠶᠠᠨ (1885 ᠣᠨ ᠬᠦᠷᠲᠡᠯ᠎ᠡ ᠲᠠᠶᠢᠪᠤᠩ ᠢ ᠠᠭᠤᠯᠵᠤ ᠪᠠᠶᠢᠭᠰᠠᠨ)
  18. ᠠᠨᠾᠦ᠋ᠢ
  • ᠰᠡᠭᠦᠯ ᠳᠦ ᠨᠡᠮᠡᠭᠳᠡᠭᠰᠡᠨ ᠮᠤᠵᠢᠭᠤᠳᠠ
  1. ᠰᠢᠨᠵᠢᠶᠠᠩ
  2. ᠲᠠᠶᠢᠸᠠᠨ (1895 ᠣᠨ ᠬᠦᠷᠲᠡᠯ᠎ᠡ)
  3. ᠹᠡᠩᠲᠢᠨᠢ᠂ ᠣᠳᠣ ᠶᠢᠨ ᠯᠢᠶᠤᠤᠨᠢᠩ
  4. ᠭᠢᠷᠢᠨ
  5. ᠬᠠᠷᠠᠮᠦ᠋ᠷᠡᠨ

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠩ ᠤᠯᠤᠰ ᠤᠨ ᠦᠶ᠎ᠡ ᠳᠦ ᠣᠶᠢᠷᠠᠯᠴᠠᠭ᠎ᠠ ᠪᠠᠷ ᠬᠢᠲᠠᠳ 150 ᠰᠠᠶ᠎ᠠ ᠬᠦᠮᠦᠨ ᠠᠮᠠ ᠲᠠᠢ ᠪᠠᠶᠢᠭᠰᠠᠨ ᠪᠣᠯ 18 ᠍ ᠳᠦᠭᠡᠷ ᠵᠠᠭᠤᠨ ᠤ ᠲᠡᠭᠦᠰᠬᠡᠯ ᠳᠦ ᠪᠤᠶᠤ ᠴᠢᠩ ᠤᠯᠤᠰ ᠤᠨ ᠦᠶ᠎ᠡ ᠳᠦ 300 ᠰᠠᠶ᠎ᠠ ᠪᠣᠯᠵᠤ ᠥᠰᠦᠭᠰᠡᠨ᠃ ᠬᠦᠮᠦᠨ ᠠᠮᠠ ᠥᠰᠬᠦ ᠳᠦ ᠨᠥᠯᠦᠭᠡᠯᠡᠭᠰᠡᠨ ᠬᠡᠳᠦ ᠬᠡᠳᠦᠨ ᠲᠣᠮᠣᠬᠠᠨ ᠰᠢᠯᠲᠠᠭᠠᠨ ᠪᠤᠢ

  1. ᠮᠢᠩ ᠤᠯᠤᠰ ᠢ ᠤᠨᠠᠭᠰᠠᠨ ᠢᠶᠠᠷ ᠡᠷᠲᠡᠨ ᠦ ᠴᠢᠨ ᠤᠯᠤᠰ ᠤᠨ ᠦᠶᠡᠰ ᠪᠠᠷᠢᠭᠳᠠᠵᠤ ᠡᠬᠢᠯᠡᠭᠰᠡᠨ ᠬᠢᠷᠢ ᠪᠡᠷ ᠵᠢᠯ ᠪᠦᠷᠢ ᠨᠠᠰᠤᠨ ᠳᠤ ᠬᠦᠷᠦᠭᠰᠡᠨ ᠣᠯᠠᠨ ᠮᠢᠩᠭᠠᠨ ᠨᠠᠰᠤᠨ ᠳᠤ ᠬᠦᠷᠦᠭᠰᠡᠨ ᠬᠢᠲᠠᠳ ᠡᠷᠡᠭᠲᠡᠶᠢᠴᠦᠳ ᠢ ᠳᠠᠶᠢᠴᠢᠯᠠᠨ ᠠᠮᠢ ᠨᠠᠰᠤ ᠶᠢ ᠠᠪᠴᠤ ᠣᠳᠳᠠᠭ ᠪᠠᠶᠢᠭᠰᠠᠨ ᠶᠡᠬᠡ ᠴᠠᠭᠠᠨ ᠬᠡᠷᠡᠮ ᠢ ᠪᠠᠷᠢᠬᠤ ᠶᠠᠪᠤᠳᠠᠯ ᠢ ᠵᠣᠭᠰᠣᠭᠠᠭᠰᠠᠨ
  2. ᠮᠢᠩ ᠤᠯᠤᠰ ᠤᠨ ᠰᠡᠭᠦᠯ ᠦᠨ ᠵᠢᠯ ᠤᠨᠳ ᠲᠤ ᠮᠥᠷᠳᠡᠭᠳᠡᠵᠦ ᠢᠷᠡᠭᠰᠡᠨ ᠳᠠᠭᠠᠭᠠᠵᠤ ᠳᠠᠪᠠᠰᠢ ᠦᠭᠡᠢ ᠡᠯᠳᠡᠪ ᠲᠠᠲᠠᠪᠤᠷᠢ ᠭᠤᠪᠴᠢᠭᠤᠷ (ᠡᠷᠦᠬᠡ ᠶᠢᠨ ᠲᠠᠲᠠᠪᠤᠷᠢ᠂ ᠴᠣᠩᠬᠣᠨ ᠤ ᠭᠤᠪᠴᠢᠭᠤᠷ) ᠭᠡᠬᠦ ᠮᠡᠲᠦ ᠶᠢ ᠪᠣᠯᠢᠭᠤᠯᠤᠭᠰᠠᠨ
  3. 18 ᠍ ᠳᠦᠭᠡᠷ ᠵᠠᠭᠤᠨ ᠳᠤ ᠤᠳᠠᠭᠠᠨ ᠬᠤᠭᠤᠴᠠᠭ᠎ᠠ ᠪᠠᠷ ᠤᠯᠤᠰ ᠭᠦᠷᠦᠨ ᠨᠢ ᠲᠣᠭᠲᠠᠪᠤᠷᠢᠲᠠᠢ ᠲᠠᠶᠢᠪᠤᠩ ᠠᠮᠤᠭᠤᠯᠠᠩ ᠪᠠᠶᠢᠭᠰᠠᠨ
  4. ᠮᠥᠨ ᠠᠮᠧᠷᠢᠺᠠᠠ ᠠᠴᠠ ᠰᠢᠨ᠎ᠡ ᠲᠥᠷᠥᠯ ᠦᠨ ᠤᠷᠭᠤᠴᠠ ᠨᠤᠭᠤᠳ ᠪᠣᠯᠬᠤ ᠡᠷᠳᠡᠨᠢ ᠰᠢᠰᠢ᠂ ᠠᠮᠲᠠᠲᠤ ᠲᠥᠮᠥᠰᠥ᠂ ᠰᠠᠮᠤᠷ ᠭᠡᠬᠦ ᠮᠡᠲᠦ ᠵᠦᠢᠯᠡᠰ ᠢ ᠢᠮᠫᠤᠷᠲᠯᠠᠬᠤ ᠪᠣᠯᠤᠭᠰᠠᠨ
  5. ᠮᠥᠨ ᠵᠡᠭᠦᠨ ᠡᠮᠦᠨᠡᠲᠦ ᠠᠽᠢᠶ᠎ᠠ ᠠᠴᠠ ᠰᠢᠨ᠎ᠡ ᠲᠥᠷᠥᠯ ᠦᠨ ᠴᠠᠭᠠᠨ ᠪᠤᠳᠠᠭ᠎ᠠ ᠢᠷᠡᠭᠰᠡᠨ ᠨᠢ ᠦᠢᠯᠡᠳᠪᠦᠷᠢᠯᠡᠯ ᠨᠢ ᠶᠡᠬᠡ ᠬᠡᠮᠵᠢᠶ᠎ᠡ ᠪᠡᠷ ᠥᠰᠬᠦ ᠳᠦ ᠵᠢᠯ ᠪᠦᠷᠢ ᠦᠶᠡᠷᠯᠡᠵᠦ ᠣᠯᠠᠨ ᠰᠠᠶ᠎ᠠ ᠬᠦᠮᠦᠨ ᠦ ᠠᠮᠠ ᠶᠢ ᠠᠪᠴᠤ ᠣᠳᠳᠠᠭ ᠪᠠᠶᠢᠭᠰᠠᠨ ᠰᠢᠷ᠎ᠠ ᠪᠠ ᠬᠥᠬᠡ ᠮᠥᠷᠡᠨ ᠦ ᠲᠠᠷᠢᠶᠠᠯᠠᠩ ᠤᠨ ᠳᠠᠯᠠᠨ ᠢ ᠰᠡᠷᠭᠦᠭᠡᠨ ᠵᠠᠰᠠᠪᠤᠷᠢᠯᠠᠬᠤ᠂ ᠨᠡᠮᠡᠵᠦ ᠪᠠᠷᠢᠬᠤ ᠠᠵᠢᠯ ᠢ ᠴᠢᠩ ᠤᠯᠤᠰ ᠤᠨ ᠡᠬᠢᠨ ᠦᠶ᠎ᠡ ᠳᠦ ᠰᠠᠨᠠᠭᠠᠴᠢᠯᠠᠨ ᠠᠮᠵᠢᠯᠲᠠᠲᠠᠢ ᠵᠣᠬᠢᠶᠠᠨ ᠪᠠᠶᠢᠭᠤᠯᠤᠭᠰᠠᠨ ᠨᠢ ᠨᠥᠯᠦᠭᠡᠯᠡᠭᠰᠡᠨ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩ ᠤᠯᠤᠰ 1820 ᠣᠨ

ᠮᠢᠩ ᠤᠯᠤᠰ ᠍ ᠢ ᠲᠦᠯᠬᠢᠨ ᠤᠨᠠᠭᠠᠭᠰᠠᠨ ᠦᠢᠮᠡᠭᠡᠨ ᠰᠠᠮᠠᠭᠤᠨ ᠤ ᠡᠴᠦᠰ ᠲᠦ ᠲᠤᠶᠢᠯᠳᠠᠭᠰᠠᠨ ᠬᠢᠲᠠᠳ ᠍ ᠤᠨ ᠡᠳ᠋ ᠍ ᠦᠨ ᠵᠠᠰᠠᠭ 17 ᠍ ᠳᠦᠭᠡᠷ ᠵᠠᠭᠤᠨ ᠤ ᠲᠡᠭᠦᠰᠬᠡᠯ ᠳᠦ ᠰᠡᠷᠭᠦᠵᠦ ᠬᠡᠪᠡᠨ ᠳᠦ ᠪᠡᠨ ᠣᠷᠣᠵᠠᠢ᠃ ᠳᠠᠷᠠᠭ᠎ᠠ ᠶᠢᠨ ᠵᠠᠭᠤᠨ ᠳᠤ ᠮᠢᠩ ᠤᠯᠤᠰ ᠤᠨ ᠲᠡᠭᠦᠰᠬᠡᠯ ᠦᠶ᠎ᠡ ᠶᠢᠨ ᠬᠢ ᠮᠡᠲᠦ ᠳᠣᠲᠣᠭᠠᠳᠤ ᠶᠢᠨ ᠵᠠᠬ᠎ᠠ ᠵᠡᠭᠡᠯᠢ ᠦᠷᠭᠦᠯᠵᠢᠯᠡᠨ ᠲᠡᠯᠡᠭᠰᠡᠭᠡᠷ᠂ ᠭᠠᠳᠠᠭᠠᠳᠤ ᠵᠠᠬ᠎ᠠ ᠵᠡᠭᠡᠯᠢ ᠡᠴᠡ ᠬᠠᠮᠢᠶᠠᠷᠬᠤ ᠬᠠᠮᠢᠶᠠᠷᠤᠯ ᠶᠡᠬᠡᠰᠴᠢ᠂ ᠪᠥᠰᠡ ᠨᠤᠲᠤᠭ ᠤᠳ ᠤᠨ ᠬᠣᠭᠣᠷᠣᠨᠳᠣ ᠶᠢᠨ ᠬᠤᠳᠠᠯᠳᠤᠭ᠎ᠠ ᠥᠰᠦᠨ᠂ ᠬᠦᠮᠦᠨ ᠠᠮᠠ ᠴᠤ ᠲᠦᠷᠭᠡᠨ ᠨᠡᠮᠡᠭᠳᠡᠭᠰᠡᠨ᠃ 17 ᠍ ᠳᠦᠭᠡᠷ ᠵᠠᠭᠤᠨ ᠤ ᠰᠡᠭᠦᠯ ᠦᠶ᠎ᠡ ᠪᠡᠷ ᠬᠠᠭᠠᠭᠳᠠᠭᠰᠠᠨ ᠵᠡᠭᠦᠨ ᠡᠮᠦᠨᠡᠲᠦ ᠡᠷᠭᠢ ᠪᠡᠨ ᠳᠠᠬᠢᠨ ᠨᠡᠭᠡᠭᠡᠭᠰᠡᠨ ᠢᠶᠡᠷ ᠭᠠᠳᠠᠭᠠᠳᠤ ᠬᠤᠳᠠᠯᠳᠤᠭ᠎ᠠ ᠮᠠᠰᠢ ᠬᠤᠷᠳᠤᠨ ᠳᠠᠬᠢᠨ ᠰᠡᠷᠭᠦᠵᠦ᠂ 18 ᠍ ᠳᠦᠭᠡᠷ ᠵᠠᠭᠤᠨ ᠤ ᠰᠡᠭᠦᠯ ᠦᠨ ᠬᠠᠭᠠᠰ ᠤᠨ ᠲᠤᠷᠰᠢ ᠵᠢᠯ ᠲᠤᠲᠤᠮ 4% ᠥᠰᠴᠢ ᠪᠠᠶᠢᠯ᠎ᠠ᠃ ᠬᠢᠲᠠᠳ ᠨᠢ ᠴᠠᠢᠲᠣᠷᠭ᠎ᠠ ᠪᠣᠯᠤᠨ ᠪᠤᠰᠤᠳ ᠪᠦᠲᠦᠭᠡᠭᠳᠡᠬᠦᠨ ᠨᠦᠭᠦᠳ ᠢᠶᠡᠨ ᠡᠺᠰᠫᠣᠷᠲᠯᠠᠵᠤ᠂ ᠪᠠᠷᠠᠭᠤᠨᠲᠠᠢ ᠬᠢᠳᠡᠭ ᠭᠠᠳᠠᠭᠠᠳᠤ ᠬᠤᠳᠠᠯᠳᠤᠭᠠᠨ ᠤ ᠪᠠᠯᠠᠨᠰ ᠨᠢ ᠠᠰᠢᠭᠲᠠᠢ ᠪᠠᠶᠢᠪᠠ᠃ ᠡᠨᠡ ᠤᠷᠤᠰᠬᠠᠯ ᠤᠨ ᠦᠷ᠎ᠡ ᠳ᠋ᠦᠩ ᠳᠦ ᠮᠥᠩᠭᠥᠨ ᠦ ᠨᠡᠶᠢᠯᠡᠭᠦᠯᠦᠯᠲᠡ ᠮᠠᠰᠢ ᠶᠡᠬᠡ ᠬᠡᠮᠵᠢᠶ᠎ᠡ ᠪᠡᠷ ᠨᠡᠮᠡᠭᠳᠡᠵᠦ᠂ ᠥᠷᠢᠰᠥᠯᠳᠥᠬᠦ ᠴᠢᠳᠠᠪᠤᠷᠢ ᠲᠠᠢ᠂ ᠲᠣᠭᠲᠠᠪᠤᠷᠢᠲᠠᠢ ᠡᠳ᠋ ᠍ ᠦᠨ ᠵᠠᠰᠠᠭ ᠢ ᠪᠤᠢ ᠪᠣᠯᠭᠠᠵᠠᠢ᠃

ᠮᠢᠩ ᠤᠯᠤᠰ ᠍ ᠤᠨ ᠦᠶ᠎ᠡ ᠳᠦ ᠲᠠᠲᠠᠪᠤᠷᠢ ᠪᠠᠨ ᠤᠯᠭᠤᠬᠤ ᠪᠣᠯᠤᠮᠵᠢ ᠦᠭᠡᠢ ᠡᠴᠡ ᠬᠤᠷᠢᠶᠠᠭᠳᠠᠵᠤ᠂ ᠲᠣᠮᠣᠬᠠᠨ ᠭᠠᠵᠠᠷ ᠡᠵᠡᠮᠰᠢᠭᠴᠢᠳ ᠲᠦ ᠬᠤᠳᠠᠯᠳᠤᠭᠳᠠᠭᠰᠠᠨ ᠭᠠᠵᠠᠷ ᠢ ᠴᠢᠩ ᠤᠯᠤᠰ ᠤᠨ ᠵᠠᠰᠠᠭ ᠤᠨ ᠭᠠᠵᠠᠷ ᠬᠠᠭᠤᠴᠢᠨ ᠡᠵᠡᠳ ᠲᠦ ᠨᠢ ᠡᠷᠭᠢᠭᠦᠯᠦᠨ ᠥᠭᠴᠦ᠂ ᠭᠠᠵᠠᠷ ᠡᠵᠡᠮᠰᠢᠭᠴᠢᠳ ᠣᠯᠠᠰᠢᠷᠠᠪᠠ᠃ ᠢᠷᠭᠡᠳ ᠢ ᠵᠠᠬ᠎ᠠ ᠵᠡᠭᠡᠯᠢ ᠳᠦ ᠢᠳᠡᠪᠬᠢᠲᠡᠢ ᠣᠷᠤᠯᠴᠠᠭᠤᠯᠬᠤ ᠶᠢᠨ ᠲᠤᠯᠠᠳᠠ ᠮᠢᠩ ᠤᠯᠤᠰ ᠤᠨ ᠦᠶ᠎ᠡ ᠶᠢᠨ ᠬᠢ ᠡᠴᠡ ᠲᠠᠲᠠᠪᠤᠷᠢ ᠶᠢᠨ ᠠᠴᠢᠶᠠᠯᠠᠯ ᠢ ᠪᠠᠭᠠᠰᠬᠠᠵᠤ᠂ ᠬᠠᠮᠵᠢᠯᠭᠠᠲᠤ ᠶᠣᠰᠣ ᠶᠢ ᠬᠠᠯᠠᠵᠤ᠂ ᠠᠵᠢᠯᠯᠠᠬᠤ ᠬᠦᠴᠦᠨ ᠦ ᠲᠣᠯᠣᠭᠠᠢ ᠶᠢᠨ ᠲᠠᠲᠠᠪᠤᠷᠢ ᠶᠢ ᠲᠣᠭᠲᠠᠭᠠᠴᠠᠢ᠃ ᠶᠡᠬᠡ ᠰᠤᠪᠠᠭ ᠤᠨ ᠵᠠᠬᠢᠷᠭᠠᠨ ᠳᠤ ᠰᠢᠨᠡᠴᠢᠯᠡᠯ ᠬᠢᠵᠦ᠂ ᠲᠡᠭᠡᠭᠡᠪᠦᠷᠢ ᠶᠢᠨ ᠰᠢᠰᠲ᠋ᠧᠮ ᠢ ᠬᠤᠪᠢ ᠤᠨ ᠬᠤᠳᠠᠯᠳᠤᠭᠠᠴᠢᠳ ᠴᠤ ᠠᠰᠢᠭᠯᠠᠬᠤ ᠪᠣᠯᠤᠮᠵᠢ ᠲᠠᠢ ᠪᠣᠯᠭᠠᠭᠰᠠᠨ ᠪᠠᠶᠢᠨ᠎ᠠ᠃ ᠮᠥᠨ ᠦᠷ᠎ᠡ ᠲᠠᠷᠢᠶᠠᠨ ᠤ ᠦᠨ᠎ᠡ ᠶᠢᠨ ᠬᠢᠨᠠᠯᠲᠠ ᠶᠢᠨ ᠰᠢᠰᠲ᠋ᠧᠮ ᠨᠢ ᠲᠠᠷᠢᠶ᠎ᠠ ᠪᠤᠳᠠᠭᠠᠨ ᠤ ᠬᠣᠮᠰᠠᠳᠠᠯ ᠢ ᠠᠷᠢᠯᠭᠠᠵᠤ᠂ ᠢᠩᠭᠢᠭᠰᠡᠨ ᠢᠶᠡᠷ ᠴᠠᠭᠠᠨ ᠪᠤᠳᠠᠭᠠᠨ ᠤ ᠦᠨ᠎ᠡ 18 ᠍ ᠳᠦᠭᠡᠷ ᠵᠠᠭᠤᠨ ᠤ ᠲᠤᠷᠰᠢ ᠵᠤᠭᠤᠤᠬᠠᠨ ᠥᠰᠦᠭᠰᠡᠭᠡᠷ ᠪᠠᠶᠢᠯ᠎ᠠ᠃ ᠴᠢᠩ ᠤᠯᠤᠰ ᠤᠨ ᠲᠥᠷᠥ ᠪᠠᠷᠢᠭᠴᠢᠳ ᠴᠢᠨᠡᠭᠡᠯᠢᠭ ᠬᠤᠳᠠᠯᠳᠤᠭᠠᠴᠢᠳ ᠤᠨ ᠡᠷᠬᠡ ᠠᠰᠢᠭ ᠠᠴᠠ ᠪᠣᠯᠭᠣᠮᠵᠢᠯᠠᠵᠤ᠂ ᠬᠤᠳᠠᠯᠳᠤᠭ᠎ᠠ ᠬᠢᠬᠦ ᠡᠷᠬᠡ ᠶᠢ ᠬᠶᠠᠭᠠᠷᠯᠠᠨ᠂ ᠮᠥᠨ ᠶᠠᠳᠠᠭᠤ ᠨᠤᠲᠤᠭ ᠠᠴᠠ ᠪᠤᠰᠤᠳ ᠭᠠᠵᠠᠷ ᠲᠤ ᠰᠢᠨ᠎ᠡ ᠠᠭᠤᠷᠬᠠᠢ ᠨᠡᠭᠡᠭᠡᠬᠦ ᠶᠢ ᠵᠥᠪᠰᠢᠶᠡᠷᠡᠳᠡᠭ ᠦᠭᠡᠢ ᠪᠠᠶᠢᠪᠠ᠃

ᠬᠠᠭᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠨᠤᠷᠬᠠᠴᠢ ᠬᠠᠭᠠᠨ - ᠲᠩᠷᠢ ᠶᠢᠨ ᠰᠦᠯᠳᠡᠲᠦ
  2. ᠠᠪᠠᠬᠠᠢ ᠬᠤᠩᠲᠠᠶᠢᠵᠢ - ᠳᠡᠭᠡᠳᠦ ᠡᠷᠳᠡᠮᠲᠦ
  3. ᠡᠶᠡᠪᠡᠷ ᠵᠠᠰᠠᠭᠴᠢ
  4. ᠡᠩᠬᠡ-ᠠᠮᠤᠭᠤᠯᠠᠩ
  5. ᠨᠠᠶᠢᠷᠠᠯᠲᠤ ᠲᠥᠪ
  6. ᠲᠩᠷᠢ ᠲᠡᠳᠬᠦᠭᠴᠢ
  7. ᠰᠠᠶᠢᠰᠢᠶᠠᠯᠲᠤ ᠢᠷᠦᠭᠡᠯᠲᠦ
  8. ᠲᠥᠷᠥ ᠭᠡᠷᠡᠯᠲᠦ
  9. ᠲᠦᠭᠡᠮᠡᠯ ᠡᠯᠪᠡᠭᠲᠦ
  10. ᠪᠦᠷᠢᠨ ᠵᠠᠰᠠᠭᠴᠢ
  11. ᠪᠠᠳᠠᠷᠠᠭᠤᠯᠲᠤ ᠲᠥᠷᠥ
  12. ᠬᠡᠪᠲᠦ ᠶᠣᠰᠣ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ