ᠮᠠᠨᠵᠤ ᠶᠢᠨ ᠲᠡᠦᠬᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠨᠵᠤ ᠨᠢ ᠲ᠋ᠦᠩᠬᠦᠰ ᠭᠠᠷᠤᠯ ᠲᠠᠢ ᠤᠭᠰᠠᠭᠠᠲᠠᠨ ᠪᠥᠭᠡᠳ 17 ᠍ ᠳᠤᠭᠠᠷ ᠵᠠᠭᠤᠨ ᠬᠦᠷᠲᠡᠯ᠎ᠡ ᠵᠢᠭᠠᠰᠤ ᠠᠨ ᠠᠩᠨᠠᠭᠤᠷ᠂ ᠪᠠᠭ᠎ᠠ ᠬᠡᠮᠵᠢᠶᠡᠨ ᠦ ᠭᠠᠵᠠᠷ ᠲᠠᠢᠯᠠᠨ᠂ ᠭᠠᠬᠠᠢ ᠦᠷᠡᠵᠢᠭᠦᠯᠬᠦ ᠵᠡᠷᠭᠡ ᠠᠮᠵᠢᠷᠭᠠᠲᠠᠢ ᠪᠠᠶᠢᠴᠠᠢ᠃ ᠮᠥᠨ ᠲᠡᠳᠡ ᠬᠠᠮᠵᠢᠯᠭᠠᠲᠤ ᠶᠣᠰᠣᠨ ᠤ ᠨᠡᠶᠢᠭᠡᠮ ᠦᠨ ᠪᠠᠶᠢᠭᠤᠯᠤᠯᠲᠠ ᠲᠠᠢ ᠪᠠ ᠬᠢᠲᠠᠳ ᠣᠯᠵᠠᠨ ᠤ ᠬᠦᠮᠦᠰ ᠢ ᠪᠣᠭᠣ ᠢ ᠪᠤᠶᠤ ᠮᠠᠨᠵᠤ ᠪᠠᠷ ᠨᠢᠺᠠᠢ ᠬᠡᠮᠡᠨ ᠨᠡᠷᠡᠶᠢᠳᠴᠦ ᠲᠠᠮᠠᠭ᠎ᠠ ᠰᠢᠪᠡᠭᠡᠰᠦ ᠬᠡᠢ ᠶᠢᠨ ᠬᠣᠶᠢᠯᠣᠭ ᠲᠤ ᠳᠠᠭᠠᠭᠤᠯᠬᠤ᠂ ᠬᠦᠨᠳᠦ ᠬᠦᠴᠦᠷᠡ ᠠᠵᠢᠯ ᠬᠢᠯᠭᠡᠬᠦ ᠵᠡᠷᠭᠡ ᠪᠡᠷ ᠪᠣᠭᠣᠯᠴᠢᠯᠠᠳᠠᠭ ᠪᠠᠶᠢᠭᠰᠠᠨ ᠪᠠᠶᠢᠨ᠎ᠠ᠃ ᠲᠡᠳᠡ ᠠᠯᠲᠠᠢ ᠢᠵᠠᠭᠤᠷ ᠤᠨ ᠲᠦᠩᠭᠦᠰ ᠪᠦᠯᠦᠭ ᠦᠨ ᠬᠡᠯᠡ ᠪᠡᠷ ᠶᠠᠷᠢᠬᠤ ᠪᠠ ᠪᠢᠴᠢᠭ ᠦᠰᠦᠭ ᠦᠨ ᠬᠤᠪᠢ ᠳᠤ ᠠᠩᠬ᠎ᠠ ᠬᠢᠳᠠᠨ ᠪᠢᠴᠢᠭ ᠢ ᠬᠡᠷᠡᠭᠯᠡᠵᠦ ᠪᠠᠶᠢᠭᠠᠳ 17 ᠍ ᠳᠤᠭᠠᠷ ᠵᠠᠭᠤᠨ ᠳᠤ ᠨᠤᠷᠤᠬᠠᠶᠢᠴᠢ ᠶᠢᠨ ᠵᠠᠷᠯᠢᠭ ᠢᠶᠠᠷ ᠮᠣᠩᠭᠣᠯ ᠪᠢᠴᠢᠭ ᠢ ᠠᠪᠴᠤ ᠬᠡᠷᠡᠭᠯᠡᠭᠰᠡᠨ ᠪᠠᠶᠢᠨ᠎ᠠ᠃ ᠠᠩᠬᠠᠨ ᠤ ᠡᠪᠦᠭᠡ ᠨᠢ (sushen) ᠮᠠᠨ ᠤ ᠡᠷᠡᠨ ᠦ ᠡᠮᠦᠨ᠎ᠡ 1,2 ᠍ ᠳᠤᠭᠠᠷ ᠮᠢᠩᠭᠠᠨ ᠳᠤ 202-220 ᠣᠨ ᠳᠤ ᠮᠠᠨᠳᠤᠵᠤ ᠶᠠᠪᠤᠭᠰᠠᠨ ᠢᠢᠯᠦᠢ ᠶᠢᠨ ᠬᠠᠷᠢᠶᠠᠨ ᠳᠤ ᠪᠠᠶᠢᠭᠰᠠᠨ ᠮᠡᠳᠡᠭᠡ ᠪᠠᠶᠢᠳᠠᠭ ᠪᠠ 5,6 ᠍ ᠳᠤᠭᠠᠷ ᠵᠠᠭᠤᠨ ᠳᠤ ᠮᠣᠬᠧ ᠠᠶᠢᠮᠠᠭ ᠤᠳ ᠤᠨ ᠬᠠᠷ᠎ᠠ ᠤᠰᠤ (heishui) ᠣᠪᠣᠭ ᠵᠦᠷᠴᠢᠨ ᠣᠪᠣᠭᠲᠠᠨ ᠪᠣᠯᠤᠭᠰᠠᠨ ᠢᠶᠠᠷ ᠵᠦᠷᠴᠢᠳ ᠤᠨ ᠰᠠᠭᠤᠷᠢ ᠲᠠᠯᠪᠢᠭᠳᠠᠵᠠᠢ᠃ 12 ᠍ ᠳᠤᠭᠠᠷ ᠵᠠᠭᠤᠨ ᠳᠤ ᠬᠢᠳᠠᠨ ᠤ ᠬᠠᠷᠢᠶᠠᠨ ᠳᠤ ᠶᠠᠪᠤᠭᠰᠠᠨ ᠲᠡᠳᠡ 1113 ᠣᠨ ᠳᠤ ᠪᠣᠰᠤᠯᠭ᠎ᠠ ᠭᠠᠷᠭᠠᠨ 1115 ᠣᠨ ᠳᠤ ᠠᠯᠲᠠᠨ ᠪᠤᠶᠤ ᠵᠢᠩ ᠤᠯᠤᠰ ᠢ ᠪᠠᠶᠢᠭᠤᠯᠤᠨ ᠬᠢᠳᠠᠨ ᠲᠠᠢ ᠪᠠᠶᠢᠯᠳᠤᠵᠤ ᠡᠬᠢᠯᠡᠭᠰᠡᠨ ᠪᠠ 1125 ᠣᠨ ᠳᠤ ᠬᠢᠳᠠᠨ ᠢ ᠮᠥᠬᠥᠭᠡᠵᠦ ᠪᠦᠰᠡ ᠨᠤᠲᠤᠭ ᠲᠤ ᠲᠡᠳᠡᠨ ᠦ ᠪᠠᠶᠢᠷᠢ ᠰᠠᠭᠤᠷᠢ ᠶᠢ ᠡᠵᠡᠯᠡᠬᠦ ᠪᠣᠯᠵᠤ 1135 ᠣᠨ ᠳᠤ ᠮᠣᠩᠭᠣᠯᠴᠤᠳ ᠢ ᠭᠡᠨᠡᠳᠡᠭᠦᠯᠦᠨ ᠳᠣᠪᠲᠣᠯᠵᠤ ᠡᠬᠢᠯᠡᠭᠰᠡᠨ ᠴᠤ 1138 ᠣᠨ ᠳᠤ ᠠᠮᠵᠢᠯᠲᠠ ᠲᠠᠢ ᠨᠢᠴᠤᠭᠠᠵᠤ ᠤᠯᠠᠮ ᠢᠶᠠᠷ 1147 ᠣᠨ ᠳᠤ ᠨᠠᠶᠢᠷᠠᠮᠳᠠᠪᠠ᠃ 1210 ᠣᠬᠠᠳ ᠴᠢᠩᠭᠢᠰ ᠬᠠᠭᠠᠨ ᠳᠤ ᠡᠯᠴᠢ ᠢᠯᠡᠭᠡᠨ ᠠᠯᠪᠠ ᠪᠠᠷᠢᠬᠤ ᠶᠢ ᠲᠤᠯᠭᠠᠨ ᠱᠠᠭᠠᠷᠳᠠᠰᠤᠨ ᠠᠴᠠ ᠡᠭᠦᠳᠡᠨ 1211 ᠣᠨ ᠳᠤ ᠴᠢᠩᠭᠢᠰ ᠬᠠᠭᠠᠨ ᠠᠯᠲᠠᠨ ᠤᠯᠤᠰ ᠲᠤ ᠳᠣᠪᠲᠣᠯᠤᠨ 1215 ᠣᠨ ᠳᠤ ᠪᠠᠭᠤᠯᠭᠠᠨ ᠠᠪᠴᠤ ᠠᠯᠪᠠ ᠪᠠᠷᠢᠭᠤᠯᠬᠤ ᠪᠣᠯᠵᠠᠢ᠃ ᠬᠣᠵᠢᠮ ᠥᠭᠡᠲᠡᠢ ᠬᠠᠭᠠᠨ ᠤ ᠦᠶ᠎ᠡ ᠳᠦ 1234 ᠣᠨ ᠳᠤ ᠠᠯᠲᠠᠨ ᠤᠯᠤᠰ ᠢ ᠪᠥᠷᠢᠨ ᠮᠥᠬᠥᠭᠡᠭᠰᠡᠨ ᠪᠠᠶᠢᠨ᠎ᠠ᠃

ᠮᠠᠨᠵᠤ ᠨᠤᠭᠤᠳ ᠤᠨ ᠤᠳᠠᠭᠠᠬᠢ ᠰᠡᠷᠭᠦᠯᠲᠡ ᠨᠢ 17 ᠍ ᠳᠤᠭᠠᠷ ᠵᠠᠭᠤᠨ ᠳᠤ ᠠᠶᠢᠰᠢᠩ ᠭᠢᠣᠷᠣ ᠣᠪᠣᠭ ᠤᠨ ᠨᠤᠷᠬᠠᠶᠢᠴᠢ ᠵᠦᠷᠴᠢᠳ ᠢ ᠨᠢᠭᠡᠳᠬᠡᠨ 1616 ᠣᠨ ᠳᠤ ᠬᠣᠵᠢᠮ ᠤᠨ ᠠᠯᠲᠠᠨ ᠪᠤᠶᠤ ᠵᠢᠩ ᠤᠯᠤᠰ᠂ ᠮᠠᠨᠵᠤ ᠪᠠᠷ ᠠᠮᠠᠭ᠎ᠠ ᠠᠶᠢᠰᠢᠩ ᠭᠦᠷᠦᠭᠦᠨ ᠤᠯᠤᠰ ᠢ ᠪᠠᠶᠢᠭᠤᠯᠵᠤ ᠬᠠᠭᠠᠨ ᠬᠡᠮᠡᠭᠳᠡᠬᠦ ᠦᠶᠡᠰ ᠡᠬᠢᠯᠡᠵᠡᠢ᠃ ᠲᠡᠷᠡᠪᠡᠷ 2 ᠵᠢᠯ ᠦᠨ ᠳᠠᠷᠠᠭ᠎ᠠ 《ᠳᠣᠯᠣᠭᠠᠨ ᠥᠰᠢᠯ ᠭᠣᠮᠣᠳᠠᠯ》 ᠭᠡᠭᠡᠴᠢ ᠶᠢ ᠵᠠᠷᠯᠠᠨ ᠬᠢᠲᠠᠳ ᠤᠨ ᠮᠢᠩ ᠤᠯᠤᠰ ᠤᠨ ᠬᠣᠯᠪᠣᠭ᠎ᠠ ᠬᠠᠷᠢᠶᠠᠨ ᠳᠤ ᠪᠠᠶᠢᠬᠤ ᠪᠤᠰᠤᠳ ᠵᠦᠷᠴᠢᠨ ᠠᠶᠢᠮᠠᠭ ᠤᠳ ᠲᠠᠢ ᠬᠡᠳᠦᠨ ᠤᠳᠠᠭ᠎ᠠ ᠶᠢᠨ ᠠᠮᠵᠢᠯᠲᠠ ᠲᠠᠢ ᠪᠠᠶᠢᠯᠳᠤᠭᠠᠨ ᠢᠶᠠᠷ ᠯᠢᠶᠣᠣᠳᠣᠨᠣᠭ ᠢ ᠡᠵᠡᠯᠡᠵᠦ 1625 ᠣᠨ ᠳᠤ ᠮᠦᠭᠳᠡᠨ ᠢ ᠡᠵᠡᠯᠡᠨ ᠨᠡᠶᠢᠰᠯᠡᠯ ᠬᠡᠮᠡᠨ ᠵᠠᠷᠯᠠᠵᠠᠢ᠃ ᠢᠩᠭᠢᠭᠰᠡᠨ ᠢᠶᠡᠷ ᠲᠡᠷᠡ ᠪᠡᠷ ᠡᠳ᠋ ᠍ ᠦᠨ ᠵᠠᠰᠠᠭ ᠬᠦᠮᠦᠨ ᠬᠦᠴᠦᠨ ᠦ ᠨᠥᠭᠡᠴᠡ ᠪᠡᠷ ᠬᠦᠴᠦᠷᠬᠡᠭᠵᠢᠨ ᠮᠣᠩᠭᠣᠯ ᠲᠠᠢ ᠰᠢᠭᠤᠳ ᠬᠢᠯᠢᠯᠡᠨ ᠬᠠᠷᠢᠯᠴᠠᠬᠤ ᠪᠣᠯᠵᠠᠢ᠃ ᠲᠡᠷᠡ ᠦᠶ᠎ᠡ ᠳᠦ ᠮᠣᠩᠭᠣᠯᠴᠤᠳ ᠬᠡᠳᠦᠢ ᠲᠠᠷᠬᠠᠢ ᠪᠤᠲᠠᠷᠬᠠᠢ ᠴᠤ ᠪᠦᠰᠡ ᠨᠤᠲᠤᠭ ᠲᠤ ᠪᠠᠨ ᠬᠦᠴᠦᠷᠬᠡᠭ ᠤᠯᠤᠰ ᠲᠥᠷᠦ ᠴᠡᠷᠢᠭ ᠦᠨ ᠪᠠᠶᠢᠭᠤᠯᠤᠯ ᠲᠠᠢ ᠪᠠᠶᠢᠪᠠ᠃ ᠨᠤᠷᠬᠠᠶᠢᠴᠢ ᠮᠣᠩᠭᠣᠯᠴᠤᠳ ᠢ ᠮᠢᠩ ᠦᠨ ᠡᠰᠡᠷᠬᠦ ᠬᠣᠯᠪᠣᠭᠠᠲᠠᠨ ᠢᠶᠠᠨ ᠪᠣᠯᠭᠠᠬᠤ ᠪᠣᠳᠣᠯᠭ᠎ᠠ ᠶᠢ ᠠᠮᠵᠢᠯᠲᠠ ᠲᠠᠢ ᠬᠡᠭᠡᠭᠵᠢᠭᠦᠯᠦᠨ ᠢᠵᠠᠭᠤᠷᠲᠠᠨ ᠨᠤᠭᠤᠳ ᠢᠶᠠᠨ ᠮᠣᠩᠭᠣᠯ ᠲᠠᠢ ᠬᠤᠳᠠ ᠤᠷᠤᠭ ᠪᠣᠯᠭᠠᠨ ᠳᠡᠭᠡᠷ᠎ᠡ ᠳᠤᠷᠠᠳᠤᠭᠰᠠᠨᠴᠢᠯᠠᠨ ᠮᠣᠩᠭᠣᠯ ᠪᠢᠴᠢᠭ ᠢ ᠠᠪᠴᠤ ᠬᠡᠷᠡᠭᠯᠡᠭᠰᠡᠨ ᠪᠠᠶᠢᠨ᠎ᠠ᠃ 1624 ᠣᠨ ᠳᠤ ᠵᠡᠭᠦᠨ ᠮᠣᠩᠭᠣᠯ ᠤᠨ ᠬᠠᠷᠠᠴᠢᠨ᠂ ᠳᠥᠷᠪᠡᠳ᠂ ᠵᠠᠯᠠᠢ ᠳᠤ᠂ ᠭᠣᠷᠯᠣᠰ ᠠᠶᠢᠮᠠᠭ ᠤᠳ ᠮᠠᠨᠵᠤ ᠳᠤ ᠳᠠᠭᠠᠷ᠎ᠠ ᠤᠷᠤᠪᠠ᠃ ᠡᠭᠦᠨ ᠢ ᠮᠣᠩᠭᠣᠯ ᠤᠨ ᠰᠡᠭᠦᠯᠴᠢ ᠶᠢᠨ ᠨᠡᠷ᠎ᠡ ᠲᠡᠳᠦᠢ ᠪᠠᠭ᠎ᠠ ᠬᠠᠭᠠᠨ ᠯᠢᠭᠳᠡᠨ ᠲᠡᠷᠢᠭᠦᠲᠡᠢ ᠨᠣᠶᠠᠳ ᠢᠵᠠᠭᠤᠷᠲᠠᠨ ᠨᠤᠭᠤᠳ ᠡᠰᠡᠷᠭᠦᠴᠡᠨ ᠮᠠᠨᠵᠤ ᠲᠠᠢ ᠪᠠᠶᠢᠯᠳᠤᠭᠰᠠᠨ ᠪᠣᠯᠪᠠᠴᠤ ᠲᠡᠳᠦᠢ ᠯᠠ ᠠᠮᠵᠢᠯᠲᠠ ᠣᠯᠤᠭ᠎ᠠ ᠦᠭᠡᠢ ᠶᠤᠮ᠃ 1626 ᠣᠨ ᠳᠤ ᠨᠠᠶᠢᠮᠠᠨ᠂ ᠪᠠᠭᠠᠷᠠᠩ᠂ ᠣᠩᠨᠢᠭᠤᠳ᠂ ᠭᠣᠷᠯᠷᠣᠰ ᠠᠶᠢᠮᠠᠭ ᠤᠳ ᠮᠠᠨᠵᠤ ᠳᠤ ᠳᠠᠭᠠᠪᠠ᠃ ᠮᠥᠨ ᠣᠨ ᠳᠤ ᠨᠤᠷᠬᠠᠶᠢᠴᠢ ᠨᠠᠨᠵᠢᠩ ᠬᠣᠲᠠ ᠶᠢ ᠳᠠᠶᠢᠯᠠᠬᠤ ᠪᠠᠶᠢᠯᠳᠤᠭᠠᠨ ᠳᠤ ᠠᠩᠬᠠᠨ ᠤ ᠢᠯᠠᠭᠳᠠᠯ ᠢᠶᠠᠨ ᠮᠢᠩ ᠦᠨ ᠵᠠᠩᠵᠤᠨ ᠶᠤᠸᠠᠨ ᠴᠤᠩᠵᠤᠸ᠎ᠠ ᠶᠢᠨ ᠳᠤ ᠬᠦᠯᠢᠶᠡᠵᠦ ᠬᠡᠳᠦᠨ ᠰᠠᠷ᠎ᠠ ᠶᠢᠨ ᠳᠠᠷᠠᠭ᠎ᠠ ᠨᠠᠰᠤ ᠨᠥᠬᠦᠴᠡᠵᠡᠢ᠃ ᠬᠠᠭᠠᠨ ᠰᠢᠷᠡᠭᠡᠨ ᠦ ᠲᠡᠮᠡᠴᠡᠯ ᠳᠦ 8 ᠍ ᠳᠦᠭᠡᠷ ᠬᠦᠦ ᠨᠢ ᠪᠣᠯᠬᠤ ᠬᠤᠨ ᠲᠠᠶᠢᠵᠢ ᠠᠮᠵᠢᠯᠲᠠ ᠭᠠᠷᠭᠠᠨ 1627 ᠣᠨ ᠳᠤ ᠠᠪᠠᠬᠠᠢ ᠬᠡᠮᠡᠭᠳᠡᠨ ᠬᠠᠭᠠᠨ ᠰᠠᠭᠤᠪᠠ᠃ 1628 ᠣᠨ ᠳᠤ ᠯᠢᠭᠳᠡᠨ ᠬᠠᠭᠠᠨ ᠮᠢᠩ ᠦᠨ ᠬᠢᠵᠠᠭᠠᠷ ᠤᠨ ᠰᠸᠠᠨ ᠹᠦ᠋, ᠳᠠ ᠲᠤᠩ ᠢ ᠳᠣᠪᠲᠣᠯᠤᠨ ᠮᠥᠨ ᠬᠢᠩᠭᠠᠨ ᠤ ᠨᠢᠷᠤᠭᠤ ᠶᠢ ᠳᠠᠪᠠᠵᠤ ᠬᠣᠷᠴᠢᠨ᠂ ᠲᠦᠮᠡᠳ ᠢ ᠡᠵᠡᠯᠡᠵᠡᠢ᠃ ᠡᠨᠡ ᠨᠢ ᠭᠠᠯᠳᠠᠨ ᠪᠣᠱᠤᠭᠳᠤ ᠬᠠᠯᠬ᠎ᠠ ᠶᠢ ᠰᠢᠬᠠᠮᠳᠠᠭᠤᠯᠤᠭᠰᠠᠨ ᠲᠠᠢ ᠠᠳᠠᠯᠢ ᠶᠠᠪᠤᠳᠠᠯ ᠪᠣᠯᠤᠭᠰᠠᠨ ᠶᠤᠮ᠃ 1630 ᠣᠨ ᠳᠤ ᠬᠣᠷᠴᠢᠨ᠂ ᠲᠦᠮᠡᠳ᠂ ᠶᠦᠩᠰᠢᠭᠡᠪᠦ᠂ ᠣᠷᠳᠣᠰ ᠠᠪᠠᠭ᠎ᠠ ᠵᠡᠷᠭᠡ ᠠᠶᠢᠮᠠᠭ ᠤᠳ᠂ 1631 ᠣᠨ ᠳᠤ ᠮᠠᠨᠵᠤ ᠨᠠᠷ ᠬᠠᠷᠠᠴᠢᠨ᠂ ᠠᠰᠤᠳ᠂ ᠨᠠᠶᠢᠮᠠᠨ᠂ ᠵᠠᠷᠤᠳ᠂ ᠠᠶᠢᠮᠠᠭ ᠤᠳ ᠲᠠᠢ ᠨᠡᠶᠢᠯᠡᠨ ᠲᠡᠭᠦᠨ ᠦ ᠡᠰᠡᠷᠬᠦ ᠪᠠᠶᠢᠯᠳᠤᠨ 1632 ᠣᠨ ᠳᠤ ᠴᠠᠬᠠᠷ ᠲᠤ ᠴᠥᠮᠦᠷᠡᠨ ᠯᠢᠭᠳᠡᠨ ᠦ ᠴᠡᠷᠢᠭ ᠢ ᠴᠣᠬᠢᠵᠠᠢ᠃ ᠯᠢᠭᠳᠡᠨ ᠬᠥᠬᠡ ᠨᠠᠭᠤᠷ ᠲᠤ ᠵᠢᠭᠤᠲᠠᠨ ᠢᠷᠡᠵᠦ ᠬᠠᠯᠬ᠎ᠠ ᠶᠢᠨ ᠴᠣᠭᠲᠤ ᠬᠤᠩᠲᠠᠶᠢᠵᠢ ᠶᠢ ᠬᠦᠯᠢᠶᠡᠬᠦ ᠵᠠᠭᠤᠷ᠎ᠠ ᠪᠠᠨ 1634 ᠣᠨ ᠳᠤ ᠲᠩᠷᠢ ᠳᠦ ᠬᠠᠯᠢᠵᠠᠢ᠃ ᠢᠩᠭᠢᠭᠰᠡᠨ ᠢᠶᠡᠷ ᠮᠠᠨᠵᠤ ᠨᠤᠭᠤᠳ ᠪᠠᠷᠠᠭᠤᠨ ᠲᠠᠯ᠎ᠠ ᠠᠴᠠ ᠪᠠᠨ ᠠᠶᠤᠬᠤ ᠠᠶᠤᠯ ᠦᠭᠡᠢ ᠪᠣᠯᠤᠭᠰᠠᠨ ᠪᠠᠶᠢᠨ᠎ᠠ᠃ ᠠᠪᠠᠬᠠᠢ ᠬᠠᠨ ᠤ ᠮᠢᠩ ᠦᠨ ᠡᠰᠡᠷᠬᠦ ᠠᠩᠬᠠᠨ ᠤ ᠲᠤᠯᠤᠯᠳᠤᠭᠠᠨ 1627 ᠣᠨ ᠳᠤ ᠮᠥᠨᠥᠬᠢ ᠶᠤᠸᠠᠨ ᠴᠤᠩᠵᠤᠨ ᠤ ᠡᠰᠡᠷᠬᠦ ᠪᠣᠯᠤᠭᠰᠠᠨ ᠪᠥᠭᠡᠳ ᠮᠢᠩ ᠤᠯᠤᠰ ᠤᠨ ᠫᠣᠷᠲ᠋ᠤᠭᠠᠯ ᠠᠴᠠ ᠣᠯᠵᠤ ᠠᠪᠤᠭᠰᠠᠨ ᠦᠬᠡᠷ ᠪᠤᠤᠨ ᠤ ᠤᠯᠠᠮ ᠠᠴᠠ ᠢᠯᠠᠭᠳᠠᠭᠰᠠᠨ ᠪᠠ 1634 ᠣᠨ ᠳᠤ ᠠᠪᠠᠬᠠᠢ ᠣᠯᠵᠠᠨ ᠤ ᠬᠢᠲᠠᠳ ᠳᠠᠷᠬᠠᠴᠢ ᠨᠤᠭᠤᠳ ᠢᠶᠠᠷ ᠦᠬᠡᠷ ᠪᠤᠤ ᠬᠢᠯᠭᠡᠨ ᠠᠩᠬᠠᠨ ᠤ ᠮᠠᠨᠵᠤ ᠦᠬᠡᠷ ᠪᠤᠤᠨ ᠤ ᠬᠣᠷᠢᠶ᠎ᠠ ᠲᠠᠢ ᠪᠣᠯᠤᠭᠰᠠᠨ ᠪᠠᠶᠢᠨ᠎ᠠ᠃ 1635 ᠣᠨ ᠳᠤ ᠥᠪᠥᠷ ᠮᠣᠩᠭᠣᠯ ᠤᠨ ᠴᠡᠷᠢᠭ ᠮᠠᠨᠵᠤ ᠲᠤᠭ ᠤᠨ ᠴᠡᠷᠢᠭ ᠲᠦ ᠪᠥᠷᠢᠨ ᠨᠢᠭᠡᠳᠴᠡᠢ᠃ 1636 ᠣᠨ ᠳᠤ ᠰᠣᠯᠣᠩᠭᠣᠰ ᠲᠤ ᠳᠣᠪᠲᠣᠯᠤᠨ 1637 ᠣᠨ ᠳᠤ ᠮᠠᠨᠵᠤ᠂ ᠮᠣᠩᠭᠣᠯ ᠠᠴᠠ ᠭᠠᠳᠠᠨ᠎ᠠ ᠬᠢᠲᠠᠳ ᠤᠨ ᠬᠠᠨ ᠴᠡᠷᠢᠭ ᠢ ᠪᠠᠶᠢᠭᠤᠯᠤᠨ 1640-1642 ᠣᠨ ᠨᠤᠭᠤᠳ ᠲᠤ ᠬᠢᠲᠠᠳ ᠤᠨ ᠮᠢᠩ ᠦᠨ ᠡᠰᠡᠷᠬᠦ ᠠᠮᠵᠢᠯᠲᠠ ᠲᠠᠢ ᠲᠤᠯᠤᠯᠳᠤᠭᠠᠨ ᠨᠤᠭᠤᠳ ᠢ ᠬᠢᠵᠦ ᠬᠣᠶᠢᠳᠤ ᠬᠢᠲᠠᠳ ᠢ ᠡᠵᠡᠯᠡᠪᠡ᠃ ᠢᠩᠭᠢᠭᠡᠳ ᠲᠡᠷᠡᠪᠡᠷ ᠮᠢᠩ ᠤᠯᠤᠰ ᠤᠨ ᠵᠠᠰᠠᠭᠯᠠᠯ ᠤᠨ ᠬᠡᠯᠪᠡᠷᠢ ᠶᠢ ᠠᠪᠴᠤ ᠬᠡᠷᠡᠭᠵᠢᠭᠦᠯᠦᠨ ᠵᠠᠷᠢᠮ ᠬᠠᠨ ᠬᠢᠲᠠᠳ ᠢ ᠲᠥᠷᠥ ᠶᠢᠨ ᠠᠯᠪᠠᠨ ᠳᠤ ᠲᠣᠮᠢᠯᠠᠭᠰᠠᠨ ᠪᠠ ᠨᠤᠷᠤᠬᠠᠶᠢᠴᠢ ᠶᠢᠨ ᠦᠶ᠎ᠡ ᠶᠢᠨ ᠣᠯᠵᠠᠨ ᠤ ᠬᠠᠨ ᠬᠢᠲᠠᠳ ᠶᠠᠮᠠᠷ ᠠᠯᠪᠠ ᠢᠵᠠᠭᠤᠷᠲᠠᠢ ᠶᠢ ᠦᠯᠦ ᠲᠣᠭᠠᠴᠠᠨ 5 ᠍ ᠳᠦᠭᠡᠷ ᠵᠡᠷᠭᠡᠯᠡᠯ ᠦᠨ ᠬᠦᠮᠦᠨ ᠭᠡᠰᠡᠨ ᠣᠶᠢᠯᠠᠭᠠᠯᠲᠠ ᠶᠢ ᠥᠭᠡᠷᠡᠴᠢᠯᠡᠨ ᠮᠠᠨᠵᠤ ᠳᠤ ᠠᠯᠪᠠ ᠬᠠᠭᠠᠬᠤ ᠬᠢᠲᠠᠳ ᠤᠳ ᠢ ᠮᠠᠨᠵᠤ ᠦᠨᠳᠦᠰᠦᠲᠡᠨ ᠭᠡᠬᠦ ᠪᠣᠯᠵᠠᠢ᠃ ᠮᠥᠨ 1635 ᠣᠨ ᠳᠤ ᠪᠦᠬᠦ ᠵᠦᠷᠴᠢᠳ ᠢ ᠮᠠᠨᠵᠤ ᠬᠡᠮᠡᠬᠦ ᠪᠣᠯᠵᠤ (ᠮᠠᠨᠵᠤ ᠬᠡᠮᠡᠬᠦ ᠨᠡᠷᠡᠨ ᠦ ᠲᠤᠬᠠᠢ ᠳᠤ ᠨᠤᠷᠤᠬᠠᠶᠢᠴᠢ ᠶᠢ ᠮᠠᠩᠵᠤᠰᠢᠷᠢ ᠶᠢᠨ ᠬᠤᠪᠢᠯᠭᠠᠨ ᠭᠡᠳᠡᠭ ᠡᠴᠡ ᠡᠭᠦᠰᠦᠭᠰᠡᠨ ᠭᠡᠬᠦ ᠪᠣᠯᠪᠠᠴᠤ ᠵᠠᠷᠢᠮ ᠰᠤᠳᠤᠯᠤᠭᠠᠴᠢᠳ ᠲᠦᠩᠭᠦᠰ ᠬᠡᠯᠡᠨ ᠦ ᠶᠡᠬᠡ ᠭᠣᠣᠯ ᠪᠤᠶᠤ ᠮᠠᠨᠵᠤᠩ ᠢ ᠬᠡᠮᠡᠬᠦ ᠡᠴᠡ ᠡᠭᠦᠰᠦᠭᠰᠡᠨ ᠭᠡᠬᠦ ᠨᠢ ᠪᠤᠢ) ᠯᠢᠭᠳᠡᠨ ᠬᠠᠭᠠᠨ ᠤ ᠬᠦᠦ ᠡᠵᠡᠢ ᠬᠠᠨ ᠶᠤᠸᠠᠨ ᠭᠦᠷᠦᠨ ᠦ ᠴᠢᠩᠭᠢᠰ ᠦᠨ ᠲᠠᠮᠠᠭ᠎ᠠ ᠶᠢ ᠠᠪᠠᠬᠠᠢ ᠳᠤ ᠡᠷᠭᠦᠯ᠎ᠡ ᠬᠡᠮᠡᠨ 1636 ᠣᠨ ᠳᠤ ᠤᠯᠤᠰ ᠤᠨ ᠨᠡᠷ᠎ᠡ ᠶᠢ ᠮᠠᠨᠵᠤ ᠴᠢᠩ ᠤᠯᠤᠰ ᠪᠤᠶᠤ ᠮᠠᠨᠵᠤ ᠪᠠᠷ ᠳᠠᠶᠢᠴᠢᠨ ᠭᠦᠷᠦᠭᠦᠨ ᠬᠡᠮᠡᠨ ᠥᠭᠡᠷᠡᠴᠢᠯᠡᠵᠦ ᠠᠪᠠᠬᠠᠢ ᠬᠠᠨ ᠢ ᠶᠡᠬᠡ ᠡᠵᠡᠨ ᠬᠠᠭᠠᠨ ᠬᠡᠮᠡᠵᠡᠢ᠃ ᠡᠨᠡ ᠨᠢ ᠲᠡᠷᠡ ᠪᠡᠷ ᠮᠣᠩᠭᠣᠯᠴᠤᠳ ᠲᠤ ᠶᠡᠬᠡ ᠡᠵᠡᠨ ᠴᠢᠩᠭᠢᠰ ᠬᠠᠭᠠᠨ ᠤ ᠵᠠᠯᠭᠠᠮᠵᠢᠯᠠᠭᠴᠢ ᠶᠡᠬᠡ ᠶᠤᠸᠠᠨ ᠭᠦᠷᠦᠨ ᠢ ᠳᠠᠬᠢᠨ ᠮᠠᠨᠳᠤᠭᠤᠯᠤᠭᠴᠢ ᠭᠡᠬᠦ᠂ ᠮᠥᠨ ᠬᠢᠲᠠᠳ ᠤᠳ ᠲᠤ ᠤᠷᠢᠳᠤ ᠶᠢᠨ ᠵᠦᠷᠴᠢᠳ ᠦᠨ ᠠᠯᠲᠠᠨ ᠤᠯᠤᠰ ᠪᠤᠶᠤ ᠭᠠᠳᠠᠨ᠎ᠠ ᠶᠢᠨ ᠪᠤᠯᠢᠶᠠᠨ ᠡᠵᠡᠯᠡᠭᠴᠢ ᠪᠢᠰᠢ ᠭᠡᠳᠡᠭ ᠣᠶᠢᠯᠠᠭᠠᠯᠲᠠ ᠶᠢ ᠦᠭᠬᠦ ᠪᠣᠳᠣᠯᠭ᠎ᠠ ᠪᠠᠶᠢᠯ᠎ᠠ᠃ ᠮᠥᠨ ᠣᠨ ᠳᠤ ᠬᠠᠯᠬ᠎ᠠ ᠶᠢᠨ ᠨᠣᠶᠠᠳ ᠠᠪᠠᠬᠠᠢ ᠲᠠᠢ ᠬᠡᠯᠡᠯᠴᠡᠭᠡᠷ ᠬᠢᠭᠰᠡᠨ ᠪᠠ ᠥᠪᠥᠷ ᠮᠣᠩᠭᠣᠯ ᠮᠠᠨᠵᠤ ᠶᠢᠨ ᠵᠠᠬᠢᠷᠭᠠᠨ ᠳᠤ ᠣᠷᠣᠵᠠᠢ᠃ ᠮᠠᠨᠵᠤ ᠶᠢᠨ ᠬᠠᠭᠠᠨ 1638 ᠣᠨ ᠳᠤ ᠵᠢᠯ ᠪᠦᠷᠢ ᠶᠢᠰᠦᠨ ᠴᠠᠭᠠᠨ ᠤ ᠪᠡᠯᠡᠭ ᠡᠷᠭᠦᠵᠦ ᠪᠠᠶᠢᠬᠤ ᠶᠢ ᠬᠠᠯᠬ᠎ᠠ ᠶᠢᠨ ᠨᠣᠶᠠᠳ ᠲᠤ ᠲᠤᠯᠭᠠᠵᠤ ᠵᠠᠰᠠᠭᠲᠤ ᠬᠠᠨ ᠮᠠᠨᠵᠤ ᠶᠢ ᠡᠰᠡᠷᠭᠦᠴᠡᠨ ᠬᠦᠬᠡᠬᠤᠲᠠ ᠶᠢ ᠤᠤᠯᠭᠠᠯᠠᠨ ᠳᠣᠪᠲᠣᠯᠵᠠᠢ᠃ 1643 ᠣᠨ ᠳᠤ ᠠᠪᠠᠬᠠᠢ ᠭᠡᠨᠡᠳᠲᠡ ᠥᠭᠡᠳᠡ ᠪᠣᠯᠵᠤ ᠲᠡᠭᠦᠨ ᠦ ᠠᠬᠠᠮᠠᠳ ᠬᠦᠦ ᠬᠦᠦᠵᠢ ᠪᠣᠯᠤᠨ ᠡᠴᠢᠭᠡ ᠨᠢᠭᠡᠲᠡᠢ ᠳᠡᠭᠦᠦ ᠳᠣᠷᠣᠭᠣᠨ ᠨᠠᠷ ᠬᠠᠭᠠᠨ ᠰᠢᠷᠡᠭᠡᠨ ᠦ ᠲᠥᠯᠦᠭᠡ ᠲᠡᠮᠡᠴᠡᠯᠳᠦᠭᠰᠡᠨ ᠪᠣᠯᠪᠠᠴᠤ ᠠᠪᠠᠬᠠᠢ ᠶᠢᠨ 5 ᠨᠠᠰᠤᠲᠠᠢ ᠬᠦᠦ ᠶᠢ ᠬᠠᠭᠠᠨ ᠡᠷᠭᠦᠮᠵᠢᠯᠡᠬᠦ ᠪᠡᠷ ᠲᠣᠬᠢᠷᠠᠯᠴᠠᠵᠤ 1644 ᠣᠨ ᠳᠤ ᠱᠦᠩ ᠵᠢ ᠬᠠᠭᠠᠨ ᠪᠣᠯᠵᠤ ᠡᠶ᠎ᠡ ᠪᠡᠷ ᠵᠠᠰᠠᠭᠴᠢ ᠭᠡᠭᠳᠡᠪᠡᠢ᠃ ᠡᠨᠡ ᠦᠶ᠎ᠡ ᠳᠦ ᠬᠢᠲᠠᠳ ᠤᠨ ᠮᠢᠩ ᠤᠯᠤᠰ ᠳᠣᠲᠣᠭᠠᠳᠤ ᠶᠢᠨ ᠰᠠᠮᠠᠭᠤᠨ ᠲᠠᠢ ᠪᠠᠶᠢᠭᠰᠠᠨ ᠤ ᠣᠷᠭᠢᠯ ᠨᠢ 1644 ᠣᠨ ᠤ 4 ᠰᠠᠷ᠎ᠠ ᠳᠤ ᠪᠡᠭᠡᠵᠢᠩ ᠢ ᠯᠢ ᠽᠢᠴᠢᠨ ᠤ ᠤᠳᠤᠷᠢᠳᠤᠭᠰᠠᠨ ᠪᠣᠰᠤᠭᠴᠢᠳ ᠡᠵᠡᠯᠡᠨ ᠮᠢᠩ ᠦᠨ ᠰᠡᠭᠦᠯᠴᠢ ᠶᠢᠨ ᠬᠠᠭᠠᠨ ᠴᠢᠨᠵᠡᠨ ᠠᠮᠢᠶ᠎ᠠ ᠬᠣᠣᠷᠯᠠᠨ ᠮᠢᠩ ᠤᠯᠤᠰ ᠤᠨ ᠲᠡᠭᠦᠰᠬᠡᠯ ᠪᠣᠯᠤᠭᠰᠠᠨ ᠦᠢᠯᠡ ᠶᠠᠪᠤᠳᠠᠯ ᠪᠠᠶᠢᠯ᠎ᠠ᠃ ᠯᠢ ᠽᠢᠴᠢᠨ ᠪᠡᠭᠡᠵᠢᠩ ᠢ ᠡᠵᠡᠯᠡᠰᠦᠨ ᠦ ᠳᠠᠷᠠᠭ᠎ᠠ ᠪᠠᠷ 200.000 ᠬᠦᠮᠦᠨ ᠲᠡᠢ ᠪᠣᠰᠤᠭᠴᠢᠳ ᠤᠨ ᠠᠷᠮᠢ ᠪᠠᠨ ᠪᠡᠭᠡᠵᠢᠩ ᠡᠴᠡ ᠵᠡᠭᠦᠨ ᠬᠣᠶᠢᠰᠢ 80 ᠭᠠᠷᠤᠢ km ᠲᠤ ᠴᠠᠭᠠᠨ ᠬᠡᠷᠡᠮ ᠦᠨ ᠱᠠᠩᠬᠠᠶᠢᠭᠤᠸ᠎ᠠ ᠶᠢᠨ ᠪᠣᠭᠣᠮᠲᠠᠳ ᠪᠠᠶᠢᠬᠤ ᠮᠠᠨᠵᠤ ᠠᠴᠠ ᠮᠢᠩ ᠦᠨ ᠨᠡᠶᠢᠰᠯᠡᠯ ᠢ ᠰᠡᠷᠭᠡᠶᠢᠯᠡᠨ ᠰᠠᠭᠤᠭ᠎ᠠ ᠲᠣᠷᠭᠠᠨ ᠴᠡᠷᠢᠭ ᠦᠨ ᠶᠡᠷᠦᠩᠬᠡᠢ ᠺᠣᠮᠠᠨᠳᠠᠯᠠᠭᠴᠢ ᠸᠦ ᠰᠠᠩᠭᠤᠢ ᠶᠢᠨ ᠵᠦᠭ ᠬᠥᠳᠡᠯᠦᠭᠡᠵᠡᠢ᠃ ᠸᠦ ᠵᠠᠩᠵᠤᠨ ᠤ ᠴᠡᠷᠢᠭ ᠦᠨ ᠲᠣᠭ᠎ᠠ ᠪᠣᠰᠤᠭᠴᠢᠳ ᠠᠴᠠ 2 ᠳ᠋ᠠᠬᠢᠨ ᠴᠥᠭᠡᠨ ᠣᠯᠠᠨ ᠵᠢᠯ ᠮᠠᠨᠵᠤ ᠲᠠᠢ ᠪᠠᠶᠢᠯᠳᠤᠵᠤ ᠰᠤᠯᠢᠳᠠᠭᠰᠠᠨ ᠪᠠᠶᠢᠭᠰᠠᠨ ᠮᠥᠨ ᠮᠠᠨᠵᠤ ᠨᠤᠭᠤᠳ ᠢ ᠮᠡᠳᠡᠬᠦ ᠪᠣᠯᠤᠭᠰᠠᠨ ᠵᠡᠷᠭᠡ ᠡᠴᠡ ᠡᠭᠦᠳᠦᠨ ᠬᠡᠷᠡᠭ ᠳᠡᠭᠡᠷ᠎ᠡ ᠪᠡᠨ ᠲᠥᠷᠦ ᠪᠠᠷᠢᠵᠤ ᠪᠠᠶᠢᠭᠰᠠᠨ ᠳᠣᠷᠣᠭᠣᠨ ᠲᠠᠢ ᠬᠣᠯᠪᠣᠭ᠎ᠠ ᠪᠠᠶᠢᠭᠤᠯᠤᠭᠰᠠᠨ ᠪᠠᠶᠢᠨ᠎ᠠ᠃ (ᠵᠠᠷᠢᠮ ᠰᠤᠷᠪᠤᠯᠵᠢ ᠳᠤ ᠲᠡᠭᠦᠨ ᠦ ᠭᠡᠷ ᠪᠦᠯᠢ ᠪᠡᠭᠡᠵᠢᠩ ᠳᠦ ᠠᠯᠠᠭᠳᠠᠭᠰᠠᠨ ᠤᠴᠢᠷ ᠭᠡᠬᠦ ᠨᠢ ᠪᠤᠢ) ᠤᠷᠢᠳᠤ ᠶᠢᠨ ᠳᠠᠶᠢᠰᠤᠨ ᠰᠢᠨ᠎ᠡ ᠬᠣᠯᠪᠣᠭᠠᠲᠠᠨ ᠨᠤᠭᠤᠳ ᠴᠢᠨᠵᠡᠨ ᠬᠠᠭᠠᠨ ᠤ ᠦᠰᠢᠶ᠎ᠡ ᠶᠢ ᠠᠪᠬᠤ ᠨᠡᠷ᠎ᠡ ᠪᠡᠷ 1644 ᠣᠨ ᠤ 5 ᠰᠠᠷ᠎ᠠ ᠶᠢᠨ 27 ᠍ ᠳᠤ ᠯᠢ ᠤᠨ ᠪᠣᠰᠤᠭᠴᠢᠳ ᠢ ᠪᠤᠲᠠ ᠴᠣᠬᠢᠨ 6 ᠰᠠᠷ᠎ᠠ ᠶᠢᠨ 6 ᠍ ᠳᠤ ᠪᠡᠭᠡᠵᠢᠩ ᠢ ᠡᠵᠡᠯᠡᠪᠡ᠃ ᠢᠩᠭᠢᠭᠡᠳ ᠮᠠᠨᠵᠤ ᠨᠤᠭᠤᠳ ᠮᠢᠩ ᠦᠨ ᠰᠡᠭᠦᠯᠴᠢ ᠶᠢᠨ ᠬᠠᠭᠠᠨ ᠢ ᠪᠤᠩᠬᠤᠯᠠᠨ ᠥᠪᠡᠷᠦᠳ ᠢ ᠪᠡᠨ ᠮᠢᠩ ᠦᠨ ᠵᠠᠯᠭᠠᠮᠵᠢ ᠯᠠᠭᠴᠢ ᠭᠡᠳ 10 ᠰᠠᠷ᠎ᠠ ᠶᠢᠨ 30 ᠍ ᠳᠤ ᠱᠦᠨᠢ ᠵᠢ ᠬᠠᠭᠠᠨ ᠢ ᠲᠡᠩᠭᠡ ᠶᠢᠨ ᠬᠥᠪᠡᠭᠦᠨ ᠬᠤᠸᠠᠩᠳᠢ ᠬᠡᠮᠡᠪᠡᠢ᠃ ᠡᠭᠦᠨ ᠡᠴᠡ ᠬᠣᠶᠢᠰᠢ ᠲᠡᠳᠡ 17 ᠵᠢᠯ ᠢ ᠪᠦᠬᠦ ᠬᠢᠲᠠᠳ ᠢ ᠡᠵᠡᠯᠡᠬᠦ ᠳᠦ ᠵᠠᠷᠤᠴᠠᠭᠤᠯᠤᠭᠰᠠᠨ ᠶᠤᠮ᠃(ᠡᠨᠡ ᠬᠤᠭᠤᠴᠠᠭᠠᠨ ᠳᠤ ᠬᠢᠲᠠᠳ ᠤᠳ ᠠᠰᠤᠷᠤ ᠶᠡᠬᠡ ᠬᠣᠬᠢᠷᠠᠭᠰᠠᠨ ᠵᠢᠱᠢᠶ᠎ᠡ ᠨᠢ 1645 ᠣᠨ ᠤ ᠶᠠᠨᠵᠢᠤ ᠤᠨ ᠠᠯᠠᠯᠭ᠎ᠠ-10 ᠡᠳᠦᠷ ᠲᠦ ᠳᠣᠳᠣ ᠬᠤᠩᠲᠠᠶᠢᠵᠢ ᠶᠢᠨ ᠵᠥᠪᠰᠢᠶᠡᠷᠡᠯ ᠢᠶᠡᠷ 800.000 ᠬᠦᠮᠦᠨ) ᠬᠢᠲᠠᠳ ᠤᠨ ᠰᠡᠭᠦᠯᠴᠢ ᠶᠢᠨ ᠬᠠᠮᠠᠭᠠᠯᠠᠭᠴᠢ ᠮᠥᠨ ᠰᠡᠭᠦᠯᠴᠢ ᠶᠢᠨ ᠬᠤᠩᠲᠠᠶᠢᠵᠢ ᠭᠤᠢ ᠭᠡᠭᠴᠢ ᠮᠢᠩ ᠤᠯᠤᠰ ᠤᠨ ᠳᠠᠭᠠᠭᠤᠯᠢ ᠤᠯᠤᠰ ᠪᠠᠶᠢᠭᠰᠠᠨ ᠪᠢᠷᠢᠮ ᠦᠨ ᠬᠠᠮᠢᠭ᠎ᠠ ᠠᠴᠠ ᠣᠷᠣᠩᠨᠠᠯ ᠡᠷᠢᠵᠦ ᠣᠴᠢᠭᠰᠠᠨ ᠠᠪᠴᠤ ᠸᠦ ᠤᠨ ᠤᠳᠤᠷᠢᠳᠤᠭᠰᠠᠨ ᠮᠠᠨᠵᠤ ᠶᠢᠨ ᠨᠡᠬᠡᠬᠦ ᠠᠷᠮᠢ ᠲᠡᠭᠦᠨ ᠢ ᠣᠯᠵᠠᠯᠠᠨ ᠬᠤᠨᠠᠨ ᠳᠤ ᠠᠪᠴᠢᠷᠠᠨ 1662 ᠣᠨ ᠳᠤ ᠴᠠᠴᠠᠯᠠᠵᠠᠢ᠃ ᠡᠶ᠎ᠡ ᠪᠡᠷ ᠵᠠᠰᠠᠭᠴᠢ ᠶᠢᠨ ᠡᠬᠢᠨ ᠦ 7 ᠵᠢᠯ ᠬᠡᠷᠡᠭ ᠳᠡᠭᠡᠷ᠎ᠡ ᠪᠡᠨ ᠳᠣᠷᠣᠭᠣᠨ ᠤ ᠵᠠᠰᠠᠭᠯᠠᠯ ᠪᠠᠶᠢᠯ᠎ᠠ᠃ ᠲᠡᠷᠡ ᠪᠡᠷ ᠸᠦ ᠲᠡᠢ ᠬᠣᠯᠪᠣᠭᠠᠯᠠᠨ ᠪᠡᠭᠡᠵᠢᠩ ᠢ ᠡᠵᠡᠯᠡᠭᠰᠡᠨ ᠢ ᠳᠡᠭᠡᠷ᠎ᠡ ᠦᠭᠦᠯᠡᠭᠰᠡᠨ ᠪᠢᠯᠡ᠃ ᠮᠥᠨ ᠣᠯᠠᠨ ᠮᠠᠨᠵᠤ ᠢᠵᠠᠭᠤᠷᠲᠠᠨ ᠨᠣᠶᠠᠳ ᠤᠨ ᠡᠰᠡᠷᠭᠦᠴᠡᠯ ᠢ ᠰᠥᠷᠥᠨ ᠪᠡᠭᠡᠵᠢᠩ ᠢ ᠮᠠᠨᠵᠤ ᠶᠢᠨ ᠨᠡᠶᠢᠰᠯᠡᠯ ᠪᠣᠯᠭᠠᠭᠰᠠᠨ ᠨᠢ ᠬᠡᠲᠦ ᠠᠯᠤᠰ ᠤᠨ ᠬᠠᠷᠠᠭ᠎ᠠ ᠦᠭᠡᠢ ᠶᠠᠪᠤᠳᠠᠯ ᠪᠣᠯᠤᠭᠰᠠᠨ ᠠᠪᠴᠤ ᠲᠤᠬᠠᠢ ᠶᠢᠨ ᠦᠶᠡᠳᠡᠭᠡ ᠮᠢᠩ ᠤᠯᠤᠰ ᠢ ᠡᠵᠡᠯᠡᠬᠦ ᠶᠠᠪᠤᠳᠠᠯ ᠢ ᠲᠦᠷᠭᠡᠳᠬᠡᠭᠰᠡᠨ ᠪᠢᠯᠡ᠃ ᠲᠡᠭᠦᠨ ᠦ ᠰᠢᠭᠤᠳ ᠣᠷᠣᠯᠴᠠᠭ᠎ᠠ ᠲᠠᠢ 1645 ᠣᠨ ᠳᠤ ᠭᠠᠷᠤᠭᠰᠠᠨ ᠪᠤᠰᠤᠳ ᠦᠨᠳᠦᠰᠦᠲᠡᠨ ᠢ ᠮᠠᠨᠵᠢ ᠨᠤᠭᠤᠳ ᠤᠨ ᠠᠳᠠᠯᠢ ᠲᠠᠪᠤ ᠭᠡᠵᠢᠭᠡ ᠲᠠᠯᠪᠢᠬᠤ ᠬᠠᠭᠠᠨ ᠤ ᠵᠠᠷᠯᠢᠭ ᠭᠠᠷᠭᠠᠭᠰᠠᠨ ᠨᠢ ᠬᠢᠲᠠᠳ ᠤᠳ ᠤᠨ ᠬᠡᠷ ᠦᠨᠡᠨᠴᠢ ᠶᠢ ᠰᠢᠯᠭᠠᠬᠤ ᠰᠢᠯᠭᠠᠭᠤᠷ ᠪᠣᠯᠤᠭᠰᠠᠨ ᠶᠤᠮ᠃ ᠡᠨᠡ ᠨᠢ ᠺᠥᠩᠽᠢ ᠶᠢᠨ ᠤᠯᠠᠮᠵᠢᠯᠠᠯ ᠲᠠᠢ ᠬᠠᠨ ᠦᠨᠳᠦᠰᠦᠲᠡᠨ ᠦ ᠬᠤᠪᠢ ᠳᠤ ᠲᠣᠮᠣ ᠳᠣᠷᠣᠮᠵᠢᠯᠠᠯ ᠪᠠᠶᠢᠭᠰᠠᠨ ᠪᠠ ᠵᠠᠷᠯᠢᠭ ᠢ ᠦᠯᠦ ᠳᠠᠭᠠᠭᠴᠢᠳ ᠤᠨ ᠲᠣᠯᠣᠭᠠᠢ ᠶᠢ ᠠᠪᠴᠤ ᠪᠠᠶᠢᠭᠰᠠᠨ ᠴᠤ ᠡᠰᠡᠷᠭᠦᠴᠡᠭᠴᠢ ᠳᠦ 1650 ᠣᠨ ᠬᠦᠷᠲᠡᠯ᠎ᠡ ᠪᠠᠶᠢᠭᠰᠠᠭᠠᠷ ᠠᠰᠠᠨ ᠪᠥᠭᠡᠳ ᠵᠠᠷᠯᠢᠭ ᠪᠦᠷᠢᠨ ᠬᠡᠷᠡᠭᠵᠢᠲᠡᠯ᠎ᠡ ᠬᠢᠲᠠᠳ ᠳᠠᠶᠠᠭᠠᠷ 25 ᠰᠠᠶ᠎ᠠ ᠬᠦᠮᠦᠨ ᠴᠠᠭᠠᠵᠠᠯᠠᠭᠳᠠᠭᠰᠠᠨ ᠭᠡᠳᠡᠭ ᠪᠠᠶᠢᠨ᠎ᠠ᠃ 1646 ᠣᠨ ᠳᠤ ᠰᠥᠨᠢᠳ ᠦᠨ ᠲᠡᠩᠭᠢᠰ ᠬᠡᠮᠡᠭᠴᠢ ᠮᠠᠨᠵᠤ ᠶᠢ ᠡᠰᠡᠷᠭᠦᠴᠡᠨ ᠪᠣᠰᠴᠢ ᠠᠯᠪᠠᠲᠤ ᠢᠷᠭᠡᠳ ᠢᠶᠡᠨ ᠠᠪᠤᠨ ᠬᠠᠯᠬ᠎ᠠ ᠳᠤ ᠨᠡᠭᠦᠵᠦ ᠢᠷᠡᠨ ᠤᠳᠠᠭᠠᠬᠢ ᠣᠨ ᠨᠢ ᠬᠠᠯᠬ᠎ᠠ ᠶᠢᠨ ᠨᠣᠶᠠᠳ ᠲᠡᠩᠭᠢᠰ ᠢ ᠥᠮᠥᠭᠡᠯᠡᠨ ᠮᠠᠨᠵᠤ ᠲᠠᠢ ᠲᠡᠮᠡᠴᠡᠵᠦ ᠪᠠᠶᠢᠪᠠ᠃ ᠳᠣᠷᠣᠭᠣᠨ 1650 ᠣᠨ ᠳᠤ ᠠᠪᠠ ᠳᠤ ᠶᠠᠪᠤᠵᠤ ᠪᠠᠶᠢᠭᠠᠳ ᠣᠰᠣᠯᠳᠠᠵᠤ ᠱᠦᠩ ᠵᠢ ᠬᠠᠭᠠᠨ 12 ᠨᠠᠰᠤᠲᠠᠢ ᠲᠤᠯᠠ ᠲᠡᠭᠦᠨ ᠦ ᠡᠬᠡ ᠳᠪᠡᠭᠡᠷ ᠬᠠᠲᠤᠨ ᠲᠥᠷᠥ ᠶᠢᠨ ᠶᠡᠬᠡᠩᠬᠢ ᠦᠢᠯᠡ ᠶᠢ ᠶᠠᠪᠤᠭᠤᠯᠵᠤ ᠪᠠᠶᠢᠭᠰᠠᠨ ᠪᠠ ᠡᠶ᠎ᠡ ᠪᠡᠷ ᠵᠠᠰᠠᠭᠴᠢ 1661 ᠣᠨ ᠳᠤ 24 ᠨᠠᠰᠤᠨ ᠳᠤ ᠪᠠᠨ ᠴᠡᠴᠡᠭ ᠡᠪᠡᠳᠴᠢᠨ ᠢᠶᠡᠷ ᠥᠭᠡᠳᠡ ᠪᠣᠯᠪᠠ᠃ ᠡᠶ᠎ᠡ ᠪᠡᠷ ᠵᠠᠰᠠᠭᠴᠢ ᠶᠢᠨ ᠥᠪᠡᠷ ᠦᠨ ᠵᠠᠰᠠᠭᠯᠠᠯ ᠤᠨ ᠦᠶ᠎ᠡ ᠳᠦ ᠬᠠᠯᠬ᠎ᠠ ᠮᠠᠨᠵᠤ ᠬᠣᠶᠠᠭᠤᠯᠠ ᠠᠶᠠᠳᠠᠭᠤ ᠪᠣᠳᠣᠯᠭ᠎ᠠ ᠪᠠᠷᠢᠵᠤ ᠪᠠᠶᠢᠭᠰᠠᠨ ᠪᠣᠯᠤᠯᠲᠠᠢ᠃ ᠡᠭᠦᠨ ᠦ ᠵᠢᠱᠢᠶ᠎ᠡ ᠨᠢ 1655 ᠣᠨ ᠳᠤ ᠥᠨᠳᠥᠷ ᠭᠡᠭᠡᠨ ᠥᠪᠡᠷ ᠦᠨ ᠤᠷᠠᠯᠠᠭᠰᠠᠨ ᠳᠡᠯᠭᠡᠮᠡᠯ ᠪᠣᠯᠤᠨ ᠴᠢᠳᠬᠤᠮᠠᠯ ᠪᠤᠷᠬᠠᠨ ᠢᠶᠠᠷ ᠮᠠᠨᠵᠤ ᠶᠢᠨ ᠬᠠᠭᠠᠨ ᠳᠤ ᠪᠡᠯᠡᠭ ᠬᠦᠷᠭᠡᠭᠦᠯᠦᠭᠰᠡᠨ᠂ 1657 ᠣᠨ ᠳᠤ ᠵᠠᠰᠠᠭᠲᠤ ᠬᠠᠨ ᠮᠠᠨᠵᠤ ᠶᠢᠨ ᠬᠠᠭᠠᠨ ᠳᠤ ᠡᠯᠴᠢ ᠢᠯᠡᠭᠡᠨ ᠪᠢᠴᠢᠭ ᠪᠠᠷᠢᠭᠰᠠᠨ᠂ 1658 ᠣᠨ ᠳᠤ ᠮᠠᠨᠵᠤ ᠶᠢᠨ ᠬᠠᠭᠠᠨ ᠠᠴᠠ ᠬᠠᠯᠬ᠎ᠠ ᠶᠢᠨ ᠨᠣᠶᠠᠳ ᠲᠤ ᠪᠡᠯᠡᠭ ᠬᠦᠷᠭᠡᠭᠦᠯᠦᠭᠰᠡᠨ ᠵᠡᠷᠭᠡ ᠶᠠᠪᠤᠳᠠᠯ ᠪᠣᠯᠤᠨ᠎ᠠ᠃ ᠮᠠᠨᠵᠤ ᠶᠢᠨ ᠬᠠᠭᠠᠳ ᠢᠵᠠᠭᠤᠷᠲᠠᠨ ᠨᠤᠭᠤᠳ ᠨᠤᠷᠤᠬᠠᠶᠢᠴᠢ ᠶᠢᠨ ᠦᠶᠡᠰ ᠤᠯᠤᠰ ᠲᠥᠷᠥ ᠶᠢᠨ ᠪᠣᠯᠤᠨ ᠪᠤᠰᠤᠳ ᠵᠣᠷᠢᠯᠭ᠎ᠠ ᠪᠠᠷ ᠮᠣᠩᠭᠣᠯᠴᠤᠳ ᠲᠠᠢ ᠤᠷᠤᠭ ᠪᠠᠷᠢᠯᠴᠠᠭᠰᠠᠭᠠᠷ ᠢᠷᠡᠭᠰᠡᠨ ᠪᠠ ᠬᠠᠭᠠᠳ ᠨᠢ ᠮᠣᠩᠭᠣᠯ ᠤᠨ ᠶᠤᠸᠠᠨ ᠭᠦᠷᠦᠨ ᠦ ᠬᠠᠭᠠᠳ ᠤᠨ ᠤᠳᠤᠮ ᠠᠯᠲᠠᠨ ᠤᠷᠤᠭ ᠠᠴᠠ ᠬᠠᠲᠤᠨ ᠠᠪᠳᠠᠭ ᠪᠠᠶᠢᠭᠰᠠᠨ ᠶᠤᠮ᠃ ᠮᠣᠩᠭᠣᠯ ᠬᠠᠲᠤᠨ ᠠᠴᠠ ᠲᠦᠷᠦᠭᠰᠡᠨ ᠠᠩᠬᠠᠨ ᠤ ᠮᠠᠨᠵᠤ ᠬᠠᠭᠠᠨ ᠪᠣᠯ ᠱᠦᠩ ᠵᠢ ᠬᠠᠭᠠᠨ ᠤ ᠭᠤᠲᠠᠭᠠᠷ ᠬᠥᠪᠡᠭᠦᠨ ᠱᠤ ᠪᠠᠨᠨᠢ ᠪᠤᠶᠤ 1662 ᠣᠨ ᠳᠤ ᠬᠠᠭᠠᠨ ᠣᠷᠣ ᠰᠠᠭᠤᠭᠰᠠᠨ ᠡᠩᠬᠡ-ᠠᠮᠤᠭᠤᠯᠠᠩ ᠬᠠᠭᠠᠨ ᠶᠤᠮ᠃ ᠲᠡᠷᠡᠪᠡᠷ 61 ᠵᠢᠯ ᠲᠥᠷᠥ ᠪᠠᠷᠢᠭᠰᠠᠨ ᠪᠥᠭᠡᠳ ᠲᠡᠭᠦᠨ ᠦ ᠦᠶ᠎ᠡ ᠶᠢ ᠺᠠᠨ ᠰᠢ ᠦᠨ ᠦᠶ᠎ᠡ ᠭᠡᠬᠦ ᠪᠥᠭᠡᠳ ᠡᠨᠡ ᠦᠶ᠎ᠡ ᠳᠦ ᠮᠠᠨᠵᠤ ᠭᠦᠷᠦᠨ ᠨᠡᠶᠢᠭᠡᠮ ᠡᠳ᠋ ᠍ ᠦᠨ ᠵᠠᠰᠠᠭ ᠴᠡᠷᠢᠭ ᠤᠯᠤᠰ ᠲᠥᠷᠥ ᠶᠢᠨ ᠬᠠᠮᠤᠭ ᠤᠨ ᠬᠦᠴᠦᠷᠬᠡᠭ ᠣᠷᠭᠢᠯ ᠳᠤ ᠪᠠᠨ ᠬᠦᠷᠦᠭᠰᠡᠨ ᠶᠤᠮ᠃ ᠨᠠᠶᠢᠮᠠᠨ ᠨᠠᠰᠤᠲᠠᠢ ᠬᠠᠭᠠᠨ ᠪᠣᠯᠤᠭᠰᠠᠨ ᠲᠡᠭᠦᠨ ᠦ ᠣᠨ ᠤᠳᠠᠭᠠᠨ ᠵᠢᠯ ᠦᠨ ᠠᠮᠵᠢᠯᠲᠠ ᠶᠢᠨ ᠡᠬᠡ ᠶᠢ ᠡᠴᠢᠭᠡ ᠨᠢ ᠲᠠᠯᠪᠢᠭᠰᠠᠨ ᠭᠡᠵᠦ ᠦᠵᠡᠬᠦ ᠦᠨᠳᠦᠰᠦ ᠲᠡᠢ ᠶᠤᠮ᠃ ᠤᠴᠢᠷ ᠨᠢ ᠱᠦᠩ ᠵᠢ ᠬᠠᠭᠠᠨ ᠳᠣᠷᠣᠭᠣᠨ ᠤ ᠳᠠᠷᠤᠩᠭᠤᠶᠢᠯᠠᠯ ᠢ ᠳᠠᠪᠲᠠᠭᠤᠯᠬᠤ ᠦᠭᠡᠢ ᠶᠢᠨ ᠲᠤᠯᠠᠳᠠ ᠦᠬᠦᠬᠦ ᠡᠴᠡ ᠪᠡᠨ ᠡᠮᠦᠨ᠎ᠡ ᠬᠦᠦ ᠳᠦ ᠪᠡᠨ ᠦᠢᠯᠡᠴᠢᠯᠡᠬᠦ 4 ᠲᠡᠷᠢᠭᠦᠨ ᠵᠦᠪᠳᠡᠬᠦ ᠰᠠᠶᠢᠳ ᠰᠣᠨᠢᠨ᠂ ᠡᠪᠢᠯᠦᠨ᠂ ᠰᠦ᠋ᠺᠰᠠᠬᠠ᠂ ᠣᠪᠢ ᠨᠠᠷ ᠢ ᠲᠣᠮᠢᠯᠠᠵᠤ ᠬᠠᠭᠠᠨ ᠤ ᠨᠡᠷ᠎ᠡ ᠶᠢᠨ ᠡᠮᠦᠨ᠎ᠡ ᠡᠴᠡ ᠵᠠᠰᠠᠭᠯᠠᠬᠤ ᠡᠷᠬᠡ ᠶᠢ ᠥᠭᠴᠦ ᠬᠠᠷᠢᠯᠴᠠᠨ ᠬᠣᠭᠣᠷᠣᠨᠳᠣ ᠪᠠᠨ ᠡᠰᠡᠷᠬᠦ ᠨᠥᠯᠦᠭᠡ ᠦᠵᠡᠭᠦᠯᠬᠦ ᠪᠡᠷ ᠠᠯᠪᠠ ᠲᠤᠰᠢᠶᠠᠯ ᠤᠨ ᠬᠤᠪᠢᠶᠠᠷᠢᠯᠠᠯᠲᠠ ᠬᠢᠵᠦ ᠥᠭᠭᠦᠭᠰᠡᠨ ᠪᠠᠶᠢᠨ᠎ᠠ᠃ ᠪᠠᠰᠠ 4 ᠰᠠᠶᠢᠳ ᠤᠨ ᠦᠨᠡᠨᠴᠢ ᠪᠠᠶᠢᠳᠠᠯ ᠠᠴᠠ ᠭᠠᠳᠠᠨ᠎ᠠ ᠬᠠᠭᠠᠨ ᠰᠢᠷᠡᠭᠡᠨ ᠳᠦ ᠰᠠᠨᠠᠭᠠᠷᠬᠠᠬᠤ ᠬᠠᠭᠠᠨ ᠤ ᠭᠡᠷ ᠪᠦᠯᠢ ᠶᠢᠨ ᠣᠶᠢᠷ᠎ᠠ ᠶᠢᠨ ᠬᠠᠮᠢᠶᠠᠲᠠᠨ ᠰᠠᠳᠤᠨ ᠪᠤᠰᠤ ᠤᠯᠤᠰ ᠢ ᠰᠣᠩᠭᠣᠭᠰᠠᠨ ᠨᠢ ᠨᠢᠭᠡ ᠴᠢᠬᠤᠯᠠ ᠦᠢᠯᠡ ᠪᠣᠯᠤᠭᠰᠠᠨ ᠪᠠᠶᠢᠨ᠎ᠠ᠃ ᠬᠡᠳᠦᠢ ᠲᠡᠶᠢᠮᠦ ᠠᠪᠴᠤ ᠴᠠᠭ ᠬᠤᠭᠤᠴᠠᠭᠠᠨ ᠤ ᠤᠷᠲᠤ ᠳᠤ ᠣᠪᠣᠶᠢᠳ᠋ ᠬᠠᠭᠠᠨ ᠰᠢᠷᠡᠭᠡᠨ ᠳᠦ ᠰᠠᠭᠤᠬᠤ ᠪᠣᠯᠤᠮᠵᠢ ᠭᠠᠷᠤᠭᠰᠠᠨ ᠪᠥᠭᠡᠳ ᠬᠤᠪᠢ ᠬᠦᠮᠦᠨ ᠦ ᠴᠢᠨᠠᠷ᠂ ᠬᠠᠭᠤᠴᠢᠨᠰᠠᠭ ᠦᠵᠡᠯ᠂ ᠪᠡᠶ᠎ᠡ ᠪᠡᠨ ᠲᠣᠭᠤᠭᠰᠠᠨ ᠶᠡᠬᠡᠮᠰᠦᠭᠯᠡᠯ ᠡᠴᠡ ᠪᠡᠨ ᠪᠣᠯᠵᠤ ᠵᠠᠯᠠᠭᠤ ᠬᠠᠭᠠᠨ ᠲᠠᠢ ᠰᠥᠷᠭᠡᠯᠳᠦᠭᠰᠡᠨ ᠪᠣᠯᠪᠠᠴᠤ 1669 ᠣᠨ ᠳᠤ 15 ᠲᠠᠢ ᠬᠠᠭᠠᠨ ᠬᠠᠰᠢᠷ ᠤᠯᠤᠰ ᠲᠥᠷᠦᠴᠢ ᠴᠡᠷᠢᠭ ᠦᠨ ᠭᠠᠷᠮᠠᠭᠠᠢ ᠵᠠᠩᠵᠤᠨ ᠢ ᠬᠦᠴᠦᠭᠦᠶᠢᠳᠡᠭᠦᠯᠦᠨ ᠱᠣᠷᠣᠩ ᠳᠤ ᠬᠣᠷᠢᠵᠤ ᠴᠢᠳᠠᠭᠰᠠᠨ ᠪᠠᠶᠢᠨ᠎ᠠ᠃ ᠡᠩᠬᠡ ᠠᠮᠤᠭᠤᠯᠠᠩ ᠤᠨ ᠦᠶ᠎ᠡ ᠳᠦ 1673 ᠣᠨ ᠳᠤ ᠡᠮᠦᠨᠡᠲᠦ ᠬᠢᠲᠠᠳ ᠤᠨ ᠶᠤᠸᠠᠨᠠᠨᠢ᠂ ᠭᠤᠣᠴᠢᠤ᠂ ᠭᠤᠸᠠᠶᠢᠳᠠᠨ᠂ ᠹᠦᠵᠦᠢᠨ ᠤ ᠵᠠᠬᠢᠷᠤᠭᠴᠢ ᠨᠠᠷ ᠪᠣᠯᠬᠤ ᠬᠠᠨ ᠦᠨᠳᠦᠰᠦᠲᠡᠨ ᠱᠠᠩ ᠺᠡᠵᠢ᠂ ᠵᠢᠨ ᠵᠣᠩᠮᠢᠨ ᠪᠣᠯᠤᠨ ᠮᠥᠨᠥᠬᠢ ᠸᠦ ᠰᠠᠩᠭᠤᠶᠢᠲᠠᠨ ᠨᠡᠶᠢᠯᠡᠨ ᠪᠣᠰᠤᠯᠭ᠎ᠠ ᠭᠠᠷᠭᠠᠨ ᠲᠡᠮᠡᠴᠡᠯ ᠢᠶᠡᠨ 8 ᠵᠢᠯ ᠦᠷᠭᠦᠯᠵᠢᠭᠦᠯᠦᠭᠰᠡᠨ ᠪᠠ ᠡᠨᠡ ᠨᠢ ᠲᠤᠰᠠᠭᠠᠷ ᠲᠣᠭᠲᠠᠨᠢᠬᠤ ᠭᠡᠬᠦ ᠡᠴᠡ ᠪᠡᠨ ᠢᠯᠡᠭᠦᠦ ᠲᠡᠢ ᠡᠷᠬᠡ ᠶᠠᠮᠪᠠᠨ ᠤ ᠲᠥᠯᠦᠭᠡᠬᠢ ᠲᠡᠮᠡᠴᠡᠯ ᠪᠠᠶᠢᠭᠰᠠᠨ ᠪᠥᠭᠡᠳ ᠲᠡᠦᠬᠡᠨ ᠳᠦ 3 ᠹᠧᠣᠳᠠᠯ ᠤᠨ ᠪᠣᠰᠤᠯᠭ᠎ᠠ ᠭᠡᠭᠳᠡᠵᠡᠢ᠃ ᠮᠥᠨ ᠡᠨᠡ ᠦᠶ᠎ᠡ ᠳᠦ ᠣᠶᠢᠷᠠᠳ ᠮᠣᠩᠭᠣᠯ ᠭᠠᠯᠳᠠᠨ ᠬᠠᠭᠠᠨ ᠤ ᠵᠠᠰᠠᠭᠯᠠᠯ ᠳᠣᠣᠷ᠎ᠠ ᠬᠦᠴᠦᠷᠬᠡᠭᠵᠢᠨ 《ᠵᠦᠩᠭᠠᠷ ᠤᠨ ᠬᠠᠭᠠᠨᠲᠤ ᠤᠯᠤᠰ》 ᠬᠡᠮᠡᠭᠳᠡᠭᠰᠡᠨ ᠣᠶᠢᠷᠠᠳ ᠮᠣᠩᠭᠣᠯ 1640 ᠣᠨ ᠤ 《ᠳᠥᠴᠢᠨ ᠳᠥᠷᠪᠡᠨ ᠬᠣᠶᠠᠷ ᠤᠨ ᠶᠡᠬᠡ ᠴᠠᠭᠠᠵᠠ》 ᠍ ᠢ ᠵᠥᠷᠴᠢᠨ ᠬᠠᠯᠬ᠎ᠠ ᠣᠶᠢᠷᠠᠳ ᠬᠣᠶᠠᠷ ᠮᠣᠩᠭᠣᠯ 1673-74 ᠣᠨ ᠨᠤᠭᠤᠳ ᠲᠤ ᠬᠣᠭᠣᠷᠣᠨᠳᠣ ᠪᠠᠨ ᠳᠠᠶᠢᠲᠤᠵᠤ ᠡᠪᠳᠡᠷᠡᠯᠴᠡᠬᠦ ᠪᠣᠯᠪᠠ᠃ ᠭᠠᠯᠳᠠᠨ ᠪᠣᠱᠣᠭᠲᠤ ᠬᠠᠭᠠᠨ 1676 -86 ᠣᠨ ᠨᠤᠭᠤᠳ ᠲᠤ ᠪᠦᠬᠦ ᠣᠶᠢᠷᠠᠳ ᠢ ᠨᠢᠭᠡᠳᠬᠡᠭᠡᠳ ᠵᠣᠭᠰᠣᠭᠰᠠᠨ ᠦᠭᠡᠢ ᠬᠥᠬᠡ ᠨᠠᠭᠤᠷ᠂ ᠳᠣᠷᠣᠨᠠᠲᠤ ᠲᠦᠭᠧᠰᠲ᠋ᠠᠨ᠂ ᠬᠠᠮᠢ᠂ ᠲᠦᠷᠹᠠᠨ᠂ ᠺᠠᠰᠭᠢᠷ᠂ ᠢᠷᠺᠧᠨᠳ᠂ ᠰᠠᠶᠢᠷᠠᠮ ᠬᠣᠲᠠ᠂ ᠹᠧᠷᠭᠠᠨ ᠤ ᠬᠥᠨᠳᠡᠢ᠂ ᠪᠤᠬᠤᠷ᠂ ᠰᠠᠮᠠᠷᠺᠠᠨᠳ ᠬᠣᠲᠠ ᠨᠤᠭᠤᠳ ᠷᠤ ᠳᠣᠪᠲᠣᠯᠤᠨ ᠡᠵᠡᠯᠡᠵᠡᠢ᠃ ᠡᠭᠦᠨ ᠦ ᠵᠡᠷᠭᠡᠴᠡᠭᠡ ᠮᠠᠨᠵᠤ ᠪᠣᠯᠤᠨ ᠣᠷᠣᠰ ᠲᠠᠢ ᠬᠤᠳᠠᠯᠳᠤᠭ᠎ᠠ ᠬᠢᠵᠦ ᠪᠠᠶᠢᠪᠠ᠃ ᠲᠡᠷᠡ ᠪᠡᠷ 1687 ᠣᠨ ᠳᠤ ᠴᠡᠷᠢᠭ ᠦᠨ ᠬᠦᠴᠦ ᠪᠡᠷ ᠬᠠᠯᠬ᠎ᠠ ᠶᠢ ᠨᠢᠭᠡᠳᠬᠡᠬᠦ ᠣᠷᠣᠯᠳᠤᠯᠭ᠎ᠠ ᠬᠢᠭᠰᠡᠨ ᠨᠢ ᠠᠮᠵᠢᠯᠲᠠᠨ ᠳᠤ ᠬᠦᠷᠢᠶ᠎ᠡ ᠭᠦᠢ ᠶᠤᠮ᠃ ᠬᠠᠯᠬ᠎ᠠ ᠣᠶᠢᠷᠠᠳ ᠤᠨ ᠳᠠᠶᠢᠨ ᠳᠤ ᠬᠠᠯᠬ᠎ᠠ ᠨᠤᠭᠤᠳ ᠢᠯᠠᠭᠳᠠᠨ ᠵᠢᠭᠤᠳᠠᠵᠤ ᠴᠢᠭᠤᠯᠤᠯᠲᠤ ᠬᠠᠭᠠᠯᠭᠠᠨ ᠬᠦᠷᠴᠦ ᠪᠠᠭᠤᠳᠠᠯᠠᠭᠰᠠᠨ ᠪᠣᠯᠤᠨ ᠮᠠᠨᠵᠤ ᠶᠢᠨ ᠴᠡᠷᠢᠭ ᠦᠨ ᠬᠦᠴᠦᠨ ᠤᠯᠬᠤ ᠶᠢᠨ ᠭᠣᠣᠯ ᠳᠤ ᠭᠠᠯᠳᠠᠨ ᠲᠠᠢ ᠪᠠᠶᠢᠯᠳᠤᠭᠰᠠᠨ ᠨᠢ 1690 ᠣᠨ ᠤ ᠶᠠᠪᠤᠳᠠᠯ ᠪᠣᠯᠤᠨ᠎ᠠ᠃ 1691 ᠣᠨ ᠳᠤ ᠳᠣᠯᠣᠨᠠᠭᠤᠷ ᠤᠨ ᠴᠢᠭᠤᠯᠭᠠᠨ ᠳᠤ ᠬᠠᠯᠬ᠎ᠠ ᠶᠢᠨ 4 ᠠᠶᠢᠮᠠᠭ ᠤᠨ ᠨᠣᠶᠠᠳ ᠮᠠᠨᠵᠤ ᠴᠢᠩ ᠤᠯᠤᠰ ᠲᠤ ᠳᠠᠭᠠᠷ᠎ᠠ ᠣᠷᠣᠪᠠ᠃ 1696 ᠣᠨ ᠳᠤ ᠮᠠᠨᠵᠤ ᠬᠠᠯᠬ᠎ᠠ ᠶᠢᠨ ᠴᠡᠷᠢᠭ ᠭᠠᠯᠳᠠᠨ ᠢ ᠲᠡᠷᠡᠯᠵᠢ ᠶᠢᠨ ᠵᠠᠭᠤᠨ ᠮᠣᠳᠣᠨ ᠳᠤ ᠪᠠᠶᠢᠯᠳᠤᠨ ᠴᠣᠬᠢᠵᠠᠢ᠃ 1697 ᠣᠨ ᠳᠤ ᠣᠶᠢᠷᠠᠳ ᠤᠨ ᠬᠠᠭᠠᠨ ᠢᠶᠠᠷ ᠰᠡᠸᠡᠩᠷᠠᠪᠳᠠᠨ ᠲᠣᠳᠣᠷᠠᠵᠤ ᠭᠠᠯᠳᠠᠨ ᠪᠣᠱᠣᠭᠲᠤ ᠬᠠᠭᠠᠨ ᠲᠩᠷᠢ ᠳᠦ ᠬᠠᠯᠢᠪᠠᠢ᠃ ᠡᠩᠬᠡ-ᠠᠮᠤᠭᠤᠯᠠᠩ ᠤᠨ ᠬᠠᠭᠠᠨᠴᠢᠯᠠᠯ ᠤᠨ ᠦᠶ᠎ᠡ ᠳᠦ ᠬᠢᠲᠠᠳ ᠲᠤ ᠣᠳᠤᠨ ᠣᠷᠣᠨ᠂ ᠮᠠᠲ᠋ᠧᠮᠠᠲ᠋ᠢᠭ᠂ ᠭᠠᠵᠠᠷ ᠵᠦᠢ ᠪᠣᠯᠤᠨ ᠪᠤᠰᠤᠳ ᠰᠢᠨᠵᠢᠯᠡᠬᠦ ᠤᠬᠠᠭᠠᠨ ᠭᠣᠶᠢᠳᠠ ᠬᠥᠭᠵᠢᠨ ᠳᠡᠪᠰᠢᠭᠰᠡᠨ ᠪᠠ ᠮᠥᠨ ᠦᠶ᠎ᠡ ᠳᠦ ᠰᠠᠷᠠᠨ ᠤ ᠲᠣᠭᠠᠯᠠᠯ ᠢ ᠨᠠᠷᠢᠪᠴᠢᠯᠠᠨ ᠵᠠᠰᠠᠴᠢ ᠰᠠᠶᠢᠵᠢᠷᠠᠭᠤᠯᠤᠨ ᠰᠢᠷ᠎ᠠ ᠵᠢᠷᠤᠬᠠᠢ ᠶᠢ ᠭᠠᠷᠭᠠᠨ ᠨᠡᠶᠢᠲᠡ ᠪᠡᠷ ᠮᠥᠷᠳᠡᠭᠦᠯᠵᠡᠢ᠃ 17, 18 ᠍ ᠳᠤᠭᠠᠷ ᠵᠠᠭᠤᠨ ᠪᠤᠶᠤ ᠡᠳᠡᠭᠡᠷ ᠣᠨ ᠵᠢᠯ ᠦᠳ ᠮᠣᠩᠭᠣᠯᠴᠤᠳ ᠤᠨ ᠪᠠᠭᠤᠷᠠᠯᠲᠠ᠂ ᠮᠠᠨᠵᠤ ᠶᠢᠨ ᠰᠡᠷᠭᠦᠯᠲᠡ ᠶᠢᠨ ᠣᠨ ᠵᠢᠯ ᠦᠳ ᠳᠠᠪᠬᠤᠴᠠᠭᠰᠠᠨ ᠭᠡᠯᠲᠡᠢ᠃ ᠴᠣᠬᠣᠮ ᠯᠠ ᠡᠳᠡᠭᠡᠷ ᠣᠨ ᠵᠢᠯ ᠤᠨᠳ ᠲᠤ ᠮᠣᠩᠭᠣᠯᠴᠤᠳ ᠳᠡ ᠹᠠᠺᠲ᠋ᠣ ᠲᠠᠷᠠᠨ ᠪᠤᠲᠠᠷᠠᠴᠢ ᠪᠤᠰᠤᠳ ᠤᠨ ᠬᠠᠨᠴᠤᠢ᠂ ᠥᠪᠥᠷ ᠲᠦᠷᠡᠢ᠂ ᠬᠣᠷᠮᠣᠢ ᠬᠣᠲᠣᠩ ᠳᠤ ᠣᠷᠣᠭᠰᠠᠨ ᠪᠠᠶᠢᠨ᠎ᠠ᠃ (1624 ᠣᠨ ᠳᠤ ᠵᠡᠭᠦᠨ ᠮᠣᠩᠭᠣᠯ ᠤᠨ ᠬᠠᠷᠠᠴᠢᠨ᠂ ᠳᠥᠷᠪᠡᠳ᠂ ᠵᠠᠯᠠᠢ ᠳᠤ᠂ ᠭᠣᠷᠯᠣᠰ ᠠᠶᠢᠮᠠᠭ ᠤᠳ᠂1626 ᠣᠨ ᠳᠤ ᠨᠠᠶᠢᠮᠠᠨ᠂ ᠪᠠᠭᠠᠷᠠᠩ᠂ ᠣᠩᠨᠢᠭᠤᠳ᠂ ᠭᠣᠷᠯᠣᠰ ᠠᠶᠢᠮᠠᠭ ᠤᠳ ᠮᠠᠨᠵᠤ ᠳᠤ ᠳᠠᠭᠠᠷ᠎ᠠ ᠣᠷᠣᠵᠤ᠂ 1636 ᠣᠨ ᠳᠤ ᠥᠪᠥᠷ ᠮᠣᠩᠭᠣᠯ ᠮᠠᠨᠵᠤ ᠶᠢᠨ ᠵᠠᠬᠢᠷᠭᠠᠨ ᠳᠤ ᠣᠷᠣᠵᠤ᠂ ᠮᠥᠨ ᠣᠨ ᠳᠤ ᠲᠣᠷᠭᠤᠳ ᠤᠨ ᠬᠣ ᠥᠷᠯᠦᠭ ᠬᠠᠷᠢᠶᠠᠲᠤ ᠢᠷᠭᠡᠳ ᠢᠶᠡᠨ ᠠᠪᠴᠤ ᠢᠵᠢᠯ ᠮᠥᠷᠡᠨ ᠳᠦ ᠣᠴᠢᠵᠤ ᠨᠤᠲᠤᠭᠯᠠᠨ᠂ 1651 ᠣᠨ ᠳᠤ ᠬᠠᠭᠤᠴᠢᠳ ᠨᠠᠷ ᠮᠠᠨᠵᠤ ᠳᠤ ᠳᠠᠭᠠᠵᠤ᠂ 1654 ᠣᠨ ᠳᠤ ᠪᠤᠷᠢᠶᠠᠳ ᠨᠠᠷ 3 ᠰᠠᠯᠵᠤ ᠨᠢᠭᠡ ᠬᠡᠰᠡᠭ ᠨᠢ ᠣᠷᠣᠰ ᠤᠯᠤᠰ ᠲᠤ ᠳᠠᠭᠠᠷ᠎ᠠ ᠣᠷᠣᠵᠤ᠂ 1663 ᠣᠨ ᠳᠤ ᠣᠶᠢᠷᠠᠳ ᠤᠨ ᠬᠣᠱᠤᠳ ᠨᠠᠷ ᠵᠡᠭᠦᠨ ᠭᠠᠷ ᠠᠴᠠ ᠨᠡᠭᠦᠵᠦ ᠬᠠᠯᠢᠮᠠᠭ ᠲᠤ ᠨᠡᠶᠢᠯᠡᠵᠦ᠂ 1666 ᠣᠨ ᠳᠤ ᠠᠪᠠᠭ᠎ᠠ ᠨᠠᠷ᠂ 1691 ᠣᠨ ᠳᠤ ᠬᠠᠯᠬ᠎ᠠ ᠶᠢᠨ 4 ᠠᠶᠢᠮᠠᠭ ᠤᠨ ᠨᠣᠶᠠᠳ᠂ 1753 ᠣᠨ ᠳᠤ ᠳᠥᠷᠪᠡᠳ ᠠᠶᠢᠮᠠᠭ ᠮᠠᠨᠵᠤ ᠴᠢᠩ ᠤᠯᠤᠰ ᠲᠤ ᠳᠠᠭᠠᠷ᠎ᠠ ᠣᠷᠣᠵᠤ᠂ 1755 ᠣᠨ ᠳᠤ ᠣᠶᠢᠷᠠᠳ ᠮᠠᠨᠵᠤ ᠳᠤ ᠡᠵᠡᠯᠡᠭᠳᠡᠨ᠂ 1772 ᠣᠨ ᠳᠤ ᠣᠷᠣᠰ ᠤᠨ 2 ᠍ ᠳᠤᠭᠠᠷ ᠶᠧᠺᠠᠲ᠋ᠧᠷᠢᠨ᠎ᠠ ᠬᠠᠲᠤᠨ ᠬᠠᠭᠠᠨ ᠬᠠᠯᠢᠮᠠᠭ ᠢ ᠬᠦᠴᠦ ᠪᠡᠷ ᠡᠷᠬᠡᠰᠢᠶᠡᠯ ᠳᠦ ᠪᠡᠨ ᠣᠷᠣᠭᠤᠯᠤᠨ ᠬᠡᠷᠴᠡᠭᠡᠢ ᠬᠠᠷᠭᠢᠰᠯᠠᠯ ᠶᠠᠪᠤᠭᠤᠯᠵᠤ ᠬᠠᠯᠢᠮᠠᠭ ᠨᠣᠶᠠᠳ ᠢ ᠫᠧᠲ᠋ᠧᠷᠪᠦᠦᠭ ᠲᠦ ᠴᠠᠭᠠᠵᠠᠯᠠᠪᠠ ᠭᠡᠬᠦ ᠮᠡᠲᠦ ) 1722 ᠣᠨ ᠤ ᠡᠪᠦᠯ ᠡᠩᠬᠡ-ᠠᠮᠤᠭᠤᠯᠠᠩ ᠬᠠᠭᠠᠨ ᠥᠭᠡᠳᠡ ᠪᠣᠯᠵᠤ ᠲᠡᠭᠦᠨ ᠦ 4 ᠳᠥᠬᠦ ᠬᠦᠦ ᠶᠦᠩ ᠬᠤᠩᠲᠠᠶᠢᠵᠢ ᠶᠦᠩ ᠵᠢᠨ ᠪᠤᠶᠤ ᠨᠠᠶᠢᠷᠠᠯᠲᠤ ᠲᠥᠪ ᠬᠡᠮᠡᠭᠳᠡᠨ 1723 ᠣᠨ ᠳᠤ ᠬᠠᠭᠠᠨ ᠣᠷᠣ ᠰᠠᠭᠤᠪᠠ᠃ ᠡᠩᠬᠠᠮᠤᠭᠤᠯᠠᠩ ᠤᠨ ᠵᠠᠰᠠᠭᠯᠠᠯ ᠤᠨ ᠰᠡᠭᠦᠯ ᠦᠨ ᠵᠢᠯ ᠤᠨᠳ ᠲᠤ ᠠᠬ᠎ᠠ ᠳᠡᠭᠦᠦ ᠨᠠᠷ ᠲᠠᠢ ᠪᠠᠨ ᠲᠠᠭᠠᠷᠠᠮᠵᠢ ᠮᠠᠭᠤ ᠲᠠᠢ ᠪᠠᠶᠢᠭᠰᠠᠨ ᠠᠴᠠ ᠭᠠᠳᠠᠨ᠎ᠠ ᠬᠠᠭᠠᠨ ᠤ ᠭᠡᠷᠢᠶᠡᠰ ᠢ ᠥᠭᠡᠷᠡᠴᠢᠯᠡᠨ ᠵᠠᠰᠠᠴᠢ ᠬᠠᠭᠠᠨ ᠰᠠᠭᠤᠭᠰᠠᠨ ᠬᠡᠮᠡᠨ ᠬᠡᠯᠡᠭᠳᠡᠵᠦ ᠠᠰᠠᠨ ᠶᠦᠩ ᠵᠢᠨ ᠮᠠᠨᠵᠤ ᠶᠢ ᠬᠠᠲᠠᠭᠤ ᠴᠢᠩᠳᠠ ᠭᠠᠷ ᠢᠶᠠᠷ ᠪᠠᠷᠢᠵᠤ ᠪᠠᠶᠢᠪᠠ᠃ ᠲᠡᠷᠡ ᠪᠡᠷ ᠲᠥᠷᠥ ᠶᠢᠨ ᠠᠯᠪᠠᠨ ᠤ ᠰᠢᠯᠭᠠᠯᠲᠠ ᠶᠢ ᠬᠠᠲᠠᠭᠤ ᠴᠢᠩᠳᠠ ᠪᠣᠯᠭᠠᠨ ᠲᠥᠷᠥ ᠶᠢᠨ ᠠᠯᠪᠠᠨ ᠬᠠᠭᠠᠭᠴᠢᠳ ᠢ ᠴᠢᠩᠭ᠎ᠠ ᠰᠢᠯᠭᠠᠭᠤᠷ ᠢᠶᠠᠷ ᠰᠢᠯᠭᠠᠨ ᠬᠠᠨ ᠦᠨᠳᠦᠰᠦᠲᠡᠨ ᠬᠢᠲᠠᠳ ᠤᠳ ᠲᠤ ᠢᠲᠡᠭᠡᠯ ᠬᠦᠯᠢᠶᠡᠯᠭᠡᠨ ᠥᠪᠡᠷ ᠦᠨ ᠠᠬ᠎ᠠ ᠳᠡᠭᠦᠦ ᠲᠥᠷᠥᠯ ᠤᠷᠤᠭ ᠤᠨ ᠨᠣᠶᠠᠳ ᠤᠨ ᠣᠷᠣᠨ ᠳᠤ ᠲᠥᠷᠥ ᠶᠢᠨ ᠥᠨᠳᠥᠷ ᠠᠯᠪᠠᠨ ᠲᠤᠰᠢᠶᠠᠯ ᠳᠤ ᠲᠠᠯᠪᠢᠭᠰᠠᠨ ᠪᠠᠶᠢᠨ᠎ᠠ᠃ ᠮᠥᠨ ᠲᠡᠷᠡᠪᠡᠷ ᠬᠡᠭᠡᠯᠢ ᠬᠠᠬᠠᠭᠤᠯ ᠤᠨ ᠡᠰᠡᠷᠬᠦ ᠬᠠᠲᠠᠭᠤ ᠪᠠᠶᠢᠷᠢ ᠰᠠᠭᠤᠷᠢᠨ ᠠᠴᠠ ᠬᠠᠨᠳᠤᠨ᠂ ᠮᠥᠩᠭᠥᠨ ᠦ ᠬᠠᠩᠰᠢ ᠶᠢ ᠳᠤᠷ᠎ᠠ ᠪᠠᠷ ᠲᠣᠭᠲᠠᠭᠠᠬᠤ ᠶᠠᠪᠤᠳᠠᠯ ᠢ ᠡᠴᠦᠰ ᠪᠣᠯᠭᠠᠵᠤ ᠵᠥᠷᠢᠴᠡᠭᠰᠡᠨ ᠡᠲᠡᠭᠡᠳ ᠢ ᠴᠠᠴᠠᠯᠬᠤ ᠬᠦᠷᠲᠡᠯ᠎ᠡ ᠬᠠᠲᠠᠭᠤ ᠴᠢᠩᠭ᠎ᠠ ᠰᠢᠳᠬᠡᠵᠦ ᠪᠠᠶᠢᠪᠠ᠃ᠲᠡᠭᠦᠨ ᠦ ᠵᠠᠰᠠᠭᠯᠠᠯ ᠤᠨ ᠦᠶ᠎ᠡ ᠳᠦ ᠬᠠᠯᠬ᠎ᠠ ᠳᠠᠬᠤ ᠨᠣᠶᠠᠷᠬᠠᠯ ᠢᠶᠠᠨ ᠪᠡᠬᠢᠵᠢᠭᠦᠯᠦᠨ ᠰᠠᠶᠢᠨ ᠨᠣᠶᠠᠨ ᠬᠠᠭᠠᠨ ᠠᠶᠢᠮᠠᠭ ᠢ ᠨᠡᠮᠡᠵᠦ ᠪᠠᠶᠢᠭᠤᠯᠤᠨ ᠬᠠᠯᠬ᠎ᠠ ᠶᠢ 75 ᠬᠣᠰᠢᠭᠤᠨ ᠳᠤ ᠬᠤᠪᠢᠶᠠᠨ ᠬᠠᠯᠬ᠎ᠠ ᠳᠠᠬᠤ ᠮᠠᠨᠵᠤ ᠶᠢᠨ ᠴᠡᠷᠢᠭ ᠦᠨ ᠥᠷᠲᠡᠭᠡ ᠶᠢ ᠪᠡᠬᠢᠵᠢᠭᠦᠯᠵᠦ ᠮᠣᠩᠭᠣᠯ ᠤᠨ ᠨᠣᠶᠠᠳ ᠲᠤ ᠴᠠᠯᠢᠩ ᠫᠦᠩᠯᠦ ᠥᠭᠬᠦ ᠪᠣᠯᠵᠠᠢ᠃ 1735 ᠣᠨ ᠳᠤ ᠶᠦᠩ ᠵᠢᠨ ᠬᠠᠭᠠᠨ ᠥᠭᠡᠳᠡ ᠪᠣᠯᠵᠤ ᠲᠡᠭᠦᠨ ᠦ ᠬᠦᠦ ᠪᠠᠣ ᠬᠤᠩᠲᠠᠶᠢᠵᠢ 1736 ᠣᠨ ᠳᠤ 24 ᠨᠠᠰᠤᠨ ᠳᠤ ᠪᠠᠨ ᠴᠢᠨᠢ ᠯᠤᠢ ᠬᠠᠭᠠᠨ ᠬᠡᠮᠡᠭᠳᠡᠨ ᠲᠩᠷᠢ ᠶᠢᠨ ᠲᠡᠳᠬᠦᠭᠰᠡᠨ ᠦ ᠠᠩᠬᠠᠳᠤᠭᠠᠷ ᠣᠨ ᠢ ᠡᠬᠢᠯᠡᠭᠦᠯᠪᠡ᠃ ᠲᠡᠭᠦᠨ ᠦ ᠵᠠᠰᠠᠭᠯᠠᠯ ᠤᠨ ᠦᠶ᠎ᠡ ᠳᠦ 1755 ᠣᠨ ᠳᠤ ᠮᠣᠩᠭᠣᠯ ᠤᠨ ᠲᠤᠰᠠᠭᠠᠷ ᠲᠣᠭᠲᠠᠨᠢᠯ ᠤᠨ ᠰᠡᠭᠦᠯᠴᠢ ᠶᠢᠨ ᠭᠣᠯᠣᠮᠲᠠ ᠣᠶᠢᠷᠠᠳ ᠲᠦᠮᠡᠨ ᠮᠠᠨᠢ ᠳᠣᠲᠣᠭᠠᠳᠤ ᠶᠢᠨ ᠵᠥᠷᠢᠴᠡᠯ ᠦᠨ ᠤᠯᠠᠮ ᠠᠴᠠ ᠮᠠᠨᠵᠤ ᠨᠠᠷ ᠲᠤ ᠡᠵᠡᠯᠡᠭᠳᠡᠨ ᠠᠯᠠᠵᠤ ᠬᠢᠳᠤᠭᠤᠯᠬᠤ᠂ ᠨᠤᠲᠤᠭ ᠵᠢᠭᠠᠭᠳᠠᠨ ᠴᠥᠯᠡᠭᠳᠡᠬᠦ᠂ ᠵᠢᠭᠤᠳᠠᠨ ᠣᠳᠬᠤ ᠵᠡᠷᠭᠡ ᠪᠡᠷ ᠲᠠᠷᠠᠨ ᠪᠤᠲᠠᠷᠠᠵᠠᠢ᠃1755-1758 ᠣᠨ ᠨᠤᠭᠤᠳ ᠲᠤ ᠬᠣᠲᠣᠭᠣᠶᠢᠳ ᠤᠨ ᠴᠢᠩᠭᠦᠩᠵᠠᠪ᠂ ᠬᠣᠶᠢᠳᠤ ᠤᠨ ᠠᠮᠤᠷᠰᠠᠨᠠᠭ᠎ᠠ ᠪᠠᠨ ᠨᠠᠷ ᠬᠠᠯᠬ᠎ᠠ ᠣᠶᠢᠷᠠᠳ ᠤᠨ ᠪᠣᠰᠤᠯᠭ᠎ᠠ ᠶᠢ ᠡᠬᠢᠯᠡᠭᠦᠯᠵᠦ ᠮᠠᠨᠵᠤ ᠶᠢᠨ ᠡᠰᠡᠷᠬᠦ ᠲᠡᠮᠡᠴᠡᠭᠰᠡᠨ ᠪᠣᠯᠪᠠᠴᠤ ᠨᠢᠭᠡᠳᠦᠮᠡᠯ ᠤᠳᠤᠷᠢᠳᠤᠯᠭ᠎ᠠ ᠦᠭᠡᠢ ᠠᠯᠠᠭ ᠴᠣᠭᠣᠭ ᠭᠠᠷᠤᠭᠰᠠᠨ ᠪᠣᠰᠤᠯᠭ᠎ᠠ ᠲᠡᠮᠡᠴᠡᠯ ᠦᠳ ᠰᠠᠨᠠᠭᠰᠠᠨ ᠦᠷ᠎ᠡ ᠳ᠋ᠦᠩ ᠳᠦ ᠬᠦᠷᠢᠶ᠎ᠡ ᠭᠦᠢ ᠪᠢᠯᠡ᠃ 1745 ᠣᠨ ᠳᠤ ᠮᠠᠨᠵᠤ ᠨᠠᠷ ᠮᠣᠩᠭᠣᠯᠴᠤᠳ ᠤᠨ ᠤᠭ ᠤᠨ ᠪᠢᠴᠢᠭ᠂ ᠲᠡᠦᠬᠡ ᠶᠢ ᠪᠡᠭᠡᠵᠢᠩ ᠳᠦ ᠬᠡᠪᠯᠡᠬᠦ ᠨᠡᠷ᠎ᠡ ᠪᠡᠷ ᠬᠤᠷᠢᠶᠠᠨ ᠠᠪᠴᠤ ᠤᠰᠠᠳᠬᠠᠵᠤ ᠡᠬᠢᠯᠡᠭᠰᠡᠨ (ᠮᠠᠭᠠᠳ ᠦᠭᠡᠢ ᠨᠢᠭᠤᠴᠠ ᠲᠣᠪᠴᠢᠶ᠎ᠠ ᠴᠤ ᠪᠠᠶᠢᠭᠰᠠᠨ ᠡᠰᠡᠬᠦ ᠶᠢ ᠬᠡᠨ ᠮᠡᠳᠡᠯ᠎ᠡ) ᠪᠠ 1753 ᠣᠨ ᠳᠤ ᠳᠥᠷᠪᠡᠳ ᠠᠶᠢᠮᠠᠭ ᠮᠠᠨᠵᠤ ᠶᠢᠨ ᠵᠠᠬᠢᠷᠭᠠᠨ ᠳᠤ ᠣᠷᠣᠵᠤ᠂1755 ᠣᠨ ᠳᠤ ᠣᠶᠢᠷᠠᠳ ᠡᠵᠡᠯᠡᠭᠳᠡᠨ ᠲᠠᠯᠠᠭᠤᠯᠵᠤ᠂ 1757-1758 ᠣᠨ ᠳᠤ ᠣᠯᠠᠨ ᠡᠬᠡ ᠣᠷᠣᠨᠴᠢ ᠮᠣᠩᠭᠣᠯᠴᠤᠳ ᠬᠣᠣᠷᠳᠠᠭᠤᠯᠤᠭᠳᠠᠨ ᠪᠣᠯᠤᠨ ᠴᠠᠴᠠᠯᠠᠭᠳᠠᠨ ᠬᠣᠷᠣᠯᠭᠣᠭᠤᠯᠵᠤ᠂ ᠱᠠᠰᠢᠨ ᠤ ᠲᠡᠷᠢᠭᠦᠨ ᠢ ᠲᠦᠪᠡᠳ ᠡᠴᠡ ᠲᠣᠳᠣᠷᠠᠭᠤᠯᠬᠤ ᠪᠣᠯᠤᠭᠰᠠᠨ᠂ ᠬᠠᠯᠬ᠎ᠠ ᠣᠶᠢᠷᠠᠳ ᠳᠠᠶᠢᠨ ᠤ ᠬᠥᠯ ᠲᠠᠲᠠᠪᠤᠷᠢ ᠳᠠᠶᠢᠴᠢᠯᠠᠭᠠᠨ ᠳᠤ ᠲᠤᠶᠢᠯᠳᠠᠨ ᠳᠣᠷᠣᠶᠢᠲᠠᠭᠰᠠᠨ ᠵᠡᠷᠭᠡ ᠡᠴᠡ ᠡᠭᠦᠳᠦᠨ ᠲᠩᠷᠢ ᠶᠢᠨ ᠲᠡᠳᠬᠦᠭᠰᠡᠨ ᠦ ᠣᠨ ᠵᠢᠯ ᠦᠳ ᠮᠣᠩᠭᠣᠯ ᠳᠤ ᠬᠦᠨᠳᠦ ᠪᠡᠷ ᠲᠤᠰᠠᠭᠰᠠᠨ ᠭᠡᠬᠦ ᠪᠥᠷᠢᠨ ᠦᠨᠳᠦᠰᠦ ᠲᠡᠢ ᠪᠢᠯᠡ᠃ ᠬᠠᠯᠢᠮᠠᠭ ᠤᠨ ᠵᠠᠭᠤᠨ ᠳᠠᠯᠠᠭᠠᠳ ᠮᠢᠩᠭᠠᠨ ᠬᠦᠮᠦᠨ ᠬᠠᠭᠤᠴᠢᠨ ᠨᠤᠲᠤᠭ ᠲᠤ ᠪᠠᠨ ᠡᠷᠭᠢᠨ ᠢᠷᠡᠬᠦ ᠪᠡᠷ ᠬᠥᠳᠡᠯᠦᠭᠰᠡᠨ ᠪᠣᠯᠪᠠᠴᠤ ᠣᠷᠣᠰ ᠤᠨ ᠬᠠᠲᠤᠨ ᠬᠠᠭᠠᠨ ᠶᠧᠺᠠᠲ᠋ᠧᠷᠢᠨ᠎ᠠ ᠶᠢᠨ ᠶᠠᠪᠤᠭᠤᠯᠭ᠎ᠠ ᠪᠠᠷ ᠬᠠᠰᠠᠭ ᠤᠳ ᠲᠡᠳᠡᠨ ᠢ ᠮᠥᠷᠳᠡᠨ ᠬᠥᠭᠡᠭᠡᠵᠦ 1771 ᠣᠨ ᠳᠤ ᠳᠥᠩᠭᠡᠵᠢ ᠳᠠᠯᠠᠭᠠᠳ ᠮᠢᠩᠭᠠᠨ ᠬᠦᠮᠦᠨ ᠬᠠᠭᠤᠴᠢᠨ ᠨᠤᠲᠤᠭ ᠲᠤ ᠪᠠᠨ ᠬᠥᠯ ᠲᠠᠯᠪᠢᠵᠠᠢ᠃ ᠦᠯᠡᠳᠡᠭᠰᠡᠨ ᠬᠠᠯᠢᠮᠠᠭ ᠤᠳ ᠢ 1772 ᠣᠨ ᠳᠤ ᠣᠷᠣᠰ ᠤᠨ 2 ᠍ ᠳᠤᠭᠠᠷ ᠶᠧᠺᠠᠲ᠋ᠧᠷᠢᠨ᠎ᠠ ᠬᠠᠲᠤᠨ ᠬᠠᠭᠠᠨ ᠬᠦᠴᠦ ᠪᠡᠷ ᠡᠷᠬᠡᠰᠢᠶᠡᠯ ᠳᠦ ᠪᠡᠨ ᠣᠷᠣᠭᠤᠯᠤᠨ ᠬᠡᠷᠴᠡᠭᠡᠢ ᠬᠠᠷᠭᠢᠰᠯᠠᠯ ᠶᠠᠪᠤᠭᠤᠯᠵᠤ ᠬᠠᠯᠢᠮᠠᠭ ᠨᠣᠶᠠᠳ ᠢ ᠫᠧᠲ᠋ᠧᠷᠪᠦᠦᠭ ᠲᠦ ᠴᠠᠭᠠᠵᠠᠯᠠᠪᠠ᠃ ᠲᠩᠷᠢ ᠶᠢᠨ ᠲᠡᠳᠬᠦᠭᠰᠡᠨ ᠦ ᠵᠠᠰᠠᠭᠯᠠᠯ ᠤᠨ ᠦᠶ᠎ᠡ ᠳᠦ ᠮᠠᠨᠵᠤ ᠤᠯᠤᠰ ᠲᠤ ᠬᠡᠭᠡᠯᠢ ᠬᠠᠬᠤᠤᠯᠢ ᠭᠠᠵᠠᠷ ᠠᠪᠴᠤ ᠮᠠᠨᠵᠤ ᠶᠢᠨ ᠣᠷᠭᠢᠯ ᠦᠶ᠎ᠡ ᠳᠠᠭᠤᠰᠤᠭᠰᠠᠨ ᠤ ᠳᠣᠬᠢᠶ᠎ᠠ ᠭᠠᠷᠴᠤ ᠡᠬᠢᠯᠡᠵᠡᠢ᠃ ᠡᠭᠦᠨ ᠦ ᠵᠢᠱᠢᠶ᠎ᠡ ᠨᠢ ᠲᠡᠭᠦᠨ ᠢ ᠦᠬᠦᠮᠡᠭᠴᠡ ᠪᠤᠶᠤ ᠰᠠᠶᠢᠰᠢᠶᠠᠯ ᠢᠷᠦᠭᠡᠯᠲᠦ ᠶᠢᠨ ᠲᠡᠷᠢᠭᠦᠨ ᠣᠨ ᠳᠤ (1796) 《ᠴᠠᠭᠠᠨ ᠯᠢᠩᠬᠤ᠎ᠠ ᠨᠡᠶᠢᠭᠡᠮᠯᠢᠭ》 ᠍ ᠤᠨ ᠪᠣᠰᠤᠯᠭ᠎ᠠ ᠭᠠᠷᠴᠤ 8 ᠵᠢᠯ ᠦᠷᠭᠦᠯᠵᠢᠯᠡᠭᠰᠡᠨ ᠨᠢ ᠮᠠᠨᠵᠤ ᠶᠢᠨ ᠬᠦᠴᠦ ᠶᠢ ᠶᠡᠬᠡᠬᠡᠨ ᠰᠤᠯᠠᠷᠠᠭᠤᠯᠤᠭᠰᠠᠨ ᠶᠤᠮ᠃ ᠡᠨᠡ ᠦᠶ᠎ᠡ ᠳᠦ ᠮᠠᠨᠵᠤ ᠶᠢᠨ ᠭᠠᠵᠠᠷ ᠨᠤᠲᠤᠭ ᠤᠨ ᠬᠡᠮᠵᠢᠶ᠎ᠡ 13 ᠰᠠᠶ᠎ᠠ ᠬᠠᠪᠲᠠᠭᠠᠢ ᠳᠥᠷᠪᠡᠯᠵᠢᠨ ᠺᠢᠯᠣᠮᠧᠲ᠋ᠷ ᠬᠦᠷᠴᠦ ᠨᠣᠶᠠᠷᠬᠠᠯ ᠤᠨ ᠢᠶᠠᠨ ᠣᠷᠭᠢᠯ ᠳᠤ ᠬᠦᠷᠦᠭᠰᠡᠨ ᠪᠠ ᠮᠣᠩᠭᠣᠯ ᠢ ᠭᠠᠳᠠᠭᠠᠳᠤ ᠮᠣᠩᠭᠣᠯ ᠤᠨ 4 ᠠᠶᠢᠮᠠᠭ(ᠰᠡᠴᠡᠨ ᠬᠠᠨ ᠠᠶᠢᠮᠠᠭ 23 ᠬᠣᠰᠢᠭᠤ᠂ ᠲᠦᠰᠢᠶᠡᠲᠦ ᠬᠠᠨ ᠠᠶᠢᠮᠠᠭ 20 ᠬᠣᠰᠢᠭᠤ᠂ ᠰᠠᠶᠢᠨ ᠨᠣᠶᠠᠨ ᠬᠠᠨ ᠠᠶᠢᠮᠠᠭ 24 ᠬᠣᠰᠢᠭᠤ᠂ ᠵᠠᠰᠠᠭᠲᠤ ᠬᠠᠨ ᠠᠶᠢᠮᠠᠭ 19 ᠬᠣᠰᠢᠭᠤ), ᠳᠠᠷᠢᠭᠠᠩᠭ᠎ᠠ ᠶᠢᠨ ᠬᠠᠭᠠᠨ ᠤ ᠰᠦᠷᠦᠭᠴᠢᠨ ᠲᠤᠰᠬᠠᠢ ᠬᠣᠰᠢᠭᠤ᠂ ᠬᠥᠪᠰᠥᠭᠥᠯ ᠦᠨ᠂ ᠲᠠᠨᠤ ᠤᠷᠢᠶᠠᠩᠬᠠᠢ ᠶᠢᠨ᠂ ᠬᠣᠪᠲᠣ ᠶᠢᠨ ᠬᠢᠵᠠᠭᠠᠷ 30 ᠬᠣᠰᠢᠭᠤ᠂ ᠢᠯᠡ ᠲᠠᠷᠪᠠᠭᠠᠲᠠᠢ ᠶᠢᠨ 13 ᠬᠣᠰᠢᠭᠤ᠂ ᠬᠥᠬᠡ ᠨᠠᠭᠤᠷ ᠤᠨ 29 ᠬᠣᠰᠢᠭᠤ᠂ ᠡᠵᠡᠨ ᠦ ᠬᠣᠰᠢᠭᠤ᠂ ᠠᠯᠠᠱᠠ ᠬᠣᠰᠢᠭᠤ᠂ ᠳᠣᠲᠣᠭᠠᠳᠤ ᠮᠣᠩᠭᠣᠯ ᠤᠨ 6 ᠴᠢᠭᠤᠯᠭᠠᠨ 24 ᠠᠶᠢᠮᠠᠭ 49 ᠬᠣᠰᠢᠭᠤ (ᠵᠢᠷᠢᠮ᠂ ᠵᠣᠰᠣᠲᠤ᠂ ᠵᠤᠤ ᠦᠳᠡ᠂ ᠰᠢᠯᠢ ᠶᠢᠨ ᠭᠣᠣᠯ᠂ ᠤᠯᠠᠭᠠᠨ ᠴᠠᠪ᠂ ᠶᠡᠬᠡ ᠵᠤᠤ ᠴᠢᠭᠤᠯᠭᠠᠨ), ᠴᠠᠬᠠᠷ 8 ᠬᠣᠰᠢᠭᠤ᠂ ᠲᠦᠮᠡᠳ 2 ᠬᠣᠰᠢᠭᠤ᠂ ᠤᠶᠢᠭᠤᠷ ᠢ ᠲᠢᠨᠱᠠᠩᠪᠡᠢ᠂ ᠲᠢᠨᠱᠠᠨᠠᠨᠳ᠂ ᠬᠢᠲᠠᠳ ᠲᠦᠪᠡᠳ ᠢ 18 ᠮᠤᠵᠢ ᠳᠤ ᠬᠤᠪᠢᠶᠠᠨ ᠵᠠᠬᠢᠷᠴᠢ ᠪᠠᠶᠢᠪᠠ᠃

ᠢᠩᠭᠢᠭᠡᠳ ᠲᠩᠷᠢ ᠶᠢᠨ ᠲᠡᠳᠬᠦᠭᠰᠡᠨ ᠦ ᠳᠠᠷᠠᠭ᠎ᠠ ᠪᠠᠷ 1796-1820 ᠣᠨ ᠳᠤ ᠵᠶᠠᠴᠢᠨ ᠪᠤᠶᠤ ᠰᠠᠶᠢᠰᠢᠶᠠᠯ ᠢᠷᠦᠭᠡᠯᠲᠦ ᠶᠢᠨ᠂ 1821-1850 ᠣᠨ ᠳᠤ ᠳᠠᠣ ᠭᠤᠸ᠎ᠠ ᠶᠢᠨ ᠲᠥᠷᠥ ᠭᠡᠷᠡᠯᠲᠦ ᠶᠢᠨ᠂ 1851-1861 ᠣᠨ ᠳᠤ ᠰᠢᠨᠢ ᠹᠡᠨ ᠲᠦᠭᠡᠮᠡᠯ ᠡᠯᠪᠡᠭᠲᠦ ᠶᠢᠨ᠂ 1862-1874 ᠣᠨ ᠳᠤ ᠲᠦᠩ ᠵᠢ ᠪᠦᠷᠢᠨ ᠵᠠᠰᠠᠭᠴᠢ ᠶᠢᠨ᠂ 1875-1908 ᠣᠨ ᠭᠤᠸᠠᠩᠰᠦᠢ ᠪᠠᠳᠠᠷᠠᠭᠤᠯᠲᠤ ᠲᠥᠷᠥ ᠶᠢᠨ ᠬᠠᠭᠠᠨᠴᠢᠯᠠᠯ ᠢᠶᠠᠷ ᠮᠠᠨᠵᠤ ᠴᠢᠩ ᠤᠯᠤᠰ ᠤᠨ ᠦᠶ᠎ᠡ ᠦᠷᠭᠦᠯᠵᠢᠯᠡᠨ᠂ 1909-1911 ᠣᠨ ᠳᠤ ᠰᠸᠠᠨ ᠲᠦᠩ ᠬᠡᠪᠲᠦ ᠶᠣᠰᠣᠨ ᠤ ᠬᠠᠭᠠᠨᠴᠢᠯᠠᠯ ᠢᠶᠠᠷ ᠲᠡᠭᠦᠰᠬᠡᠯ ᠪᠣᠯᠵᠠᠢ᠃ 1861-1908 ᠣᠨ ᠨᠤᠭᠤᠳ ᠲᠤ ᠬᠡᠷᠡᠭ ᠳᠡᠭᠡᠷ᠎ᠡ ᠪᠡᠨ ᠴᠡᠰᠢ ᠬᠠᠲᠤᠨ ᠮᠠᠨᠵᠤ ᠶᠢᠨ ᠲᠥᠷᠦ ᠶᠢ ᠪᠠᠷᠢᠵᠠᠢ᠃ ᠲᠡᠷᠡ ᠪᠡᠷ 1861 ᠣᠨ ᠳᠤ ᠭᠠᠷᠤᠭᠰᠠᠨ ᠲᠥᠷᠥ ᠶᠢᠨ ᠡᠷᠭᠢᠯᠲᠡ ᠪᠡᠷ ᠭᠣᠩ ᠬᠤᠩᠲᠠᠶᠢᠵᠢ ᠶᠢᠨ ᠲᠤᠰᠠᠯᠠᠮᠵᠢ ᠲᠠᠢ ᠰᠦᠰᠦᠨ ᠦ ᠠᠬᠠᠯᠠᠭᠰᠠᠨ 8 ᠵᠠᠰᠠᠭ ᠪᠠᠷᠢᠭᠴᠢ ᠨᠣᠶᠠᠳ ᠢ ᠬᠥᠭᠡᠭᠡᠨ ᠭᠠᠷᠭᠠᠵᠤ ᠰᠢᠨᠢ ᠹᠡᠨ ᠬᠠᠭᠠᠨ ᠢ ᠦᠬᠦᠬᠦ ᠶᠢᠨ ᠬᠢ ᠨᠢ ᠡᠮᠦᠨ᠎ᠡ ᠴᠡᠰᠢᠭ ᠦᠨ ᠬᠦᠦ ᠲᠦᠩ ᠵᠢᠭ ᠬᠠᠭᠠᠨ ᠢᠶᠠᠷ ᠵᠠᠯᠭᠠᠮᠵᠢᠯᠠᠭᠤᠯᠬᠤ ᠪᠠᠷ ᠵᠢᠭᠠᠯᠭᠠᠵᠠᠢ᠃ ᠢᠩᠭᠢᠭᠡᠳ ᠪᠦᠷᠢᠨ ᠵᠠᠰᠠᠭᠴᠢ ᠶᠢᠨ ᠮᠥᠨ ᠲᠡᠭᠦᠨ ᠦ ᠵᠠᠯᠭᠠᠮᠵᠢᠯᠠᠭᠴᠢ ᠴᠡᠰᠢᠭ ᠦᠨ ᠳᠡᠭᠦᠦ ᠶᠢᠨ ᠬᠡᠦᠬᠡᠳ ᠪᠣᠯᠬᠤ ᠭᠤᠸᠠ ᠶᠢᠨ ᠰᠶᠦᠢ ᠪᠤᠶᠤ ᠪᠠᠳᠠᠷᠠᠭᠤᠯᠲᠤ ᠲᠥᠷᠥ ᠶᠢᠨ ᠨᠡᠶᠢᠲᠡ 47 ᠵᠢᠯ ᠴᠡᠰᠢ 《ᠬᠥᠰᠢᠭᠡᠨ ᠦ ᠠᠷᠤ ᠠᠴᠠ ᠵᠠᠬᠢᠷᠤᠭᠴᠢ》 ᠪᠠᠶᠢᠭᠰᠠᠨ ᠪᠠᠶᠢᠨ᠎ᠠ᠃

19 ᠍ ᠳᠦᠭᠡᠷ ᠵᠠᠭᠤᠨ 20 ᠍ ᠳᠦᠭᠡᠷ ᠵᠠᠭᠤᠨ ᠤ ᠡᠬᠢᠨ ᠮᠠᠨᠵᠤ ᠶᠢᠨ ᠪᠠᠭᠤᠷᠠᠯᠲᠠ ᠮᠥᠬᠥᠯ ᠦᠨ ᠦᠶ᠎ᠡ ᠪᠠᠶᠢᠵᠤ ᠳᠣᠲᠣᠭᠠᠳᠤ ᠶᠢᠨ ᠨᠡᠶᠢᠭᠡᠮ ᠤᠨ ᠬᠠᠭᠠᠷᠠᠯ ᠮᠥᠷᠭᠥᠯᠳᠦᠭᠡᠨ᠂ ᠮᠠᠨᠵᠤ ᠶᠢᠨ ᠡᠰᠡᠷᠬᠦ ᠪᠣᠰᠤᠯᠭ᠎ᠠ ᠲᠡᠮᠡᠴᠡᠯ᠂ ᠪᠠᠷᠠᠭᠤᠨ ᠤ ᠲᠦᠷᠢᠯᠲᠡ᠂ ᠡᠳ᠋ ᠍ ᠦᠨ ᠵᠠᠰᠠᠭ ᠤᠨ ᠴᠠᠷᠴᠠᠯᠲᠠ᠂ ᠬᠡᠭᠡᠯᠢ ᠬᠠᠬᠤᠤᠯᠢ᠂ ᠬᠦᠮᠦᠨ ᠠᠮᠠ ᠶᠢᠨ ᠣᠭᠴᠣᠮ ᠥᠰᠦᠯᠲᠡ ᠡᠴᠡ ᠡᠭᠦᠳᠦᠭᠰᠡᠨ ᠬᠦᠨᠡᠰᠦᠨ ᠦ ᠬᠣᠮᠰᠠᠳᠠᠯ᠂ ᠪᠠᠶᠢᠭᠠᠯᠢ ᠶᠢᠨ ᠭᠠᠮᠰᠢᠭ ᠵᠡᠷᠭᠡ ᠨᠢ ᠲᠤᠰ ᠤᠯᠤᠰ ᠢ ᠰᠤᠯᠢᠳᠠᠩ ᠳᠣᠷᠣᠶᠢᠲᠠᠭᠤᠯᠵᠤ᠂ ᠬᠢᠲᠠᠳ ᠤᠨ ᠦᠨᠳᠦᠰᠦᠨ ᠦ ᠦᠵᠡᠯᠲᠡᠨ ᠨᠦᠭᠦᠳ ᠪᠣᠯᠤᠨ ᠴᠢᠨᠡᠭᠡᠯᠢᠭ ᠳᠠᠪᠬᠤᠷᠠᠭ ᠤᠨ ᠬᠢᠨ ᠤ ᠬᠢᠭᠰᠡᠨ ᠬᠥᠷᠥᠩᠭᠡᠲᠡᠨ ᠦ ᠬᠤᠪᠢᠰᠠᠬᠠᠯ ᠶᠢᠡᠷ ᠮᠠᠨᠵᠤ ᠴᠢᠩ ᠤᠯᠤᠰ ᠮᠥᠬᠦᠵᠡᠢ᠃ ᠮᠠᠨᠵᠤ ᠶᠢᠨ ᠡᠰᠡᠷᠬᠦ ᠪᠣᠰᠤᠯᠭ᠎ᠠ ᠲᠡᠮᠡᠴᠡᠯ ᠦᠳ ᠡᠴᠡ ᠬᠠᠮᠤᠭ ᠤᠨ ᠲᠣᠮᠣ ᠨᠢ ᠲᠠᠶᠢᠫᠧᠩ ᠦᠨ ᠪᠣᠰᠤᠯᠭ᠎ᠠ ᠪᠥᠭᠡᠳ 1851 ᠣᠨ ᠳᠤ ᠬᠣᠩ ᠱᠢᠠᠭᠤᠸ᠎ᠠ ᠶᠢᠨ ᠭᠡᠭᠴᠢ ᠭᠤᠴᠵᠢᠤ ᠮᠤᠵᠢ ᠶᠢ ᠡᠵᠡᠯᠡᠨ 《ᠶᠡᠬᠡ ᠡᠩᠬᠡ ᠶᠢᠨ ᠲᠩᠷᠢᠯᠢᠭ ᠬᠠᠭᠠᠨᠲᠤ ᠤᠯᠤᠰ》 ᠍ ᠶᠢ ᠪᠠᠶᠢᠭᠤᠯᠤᠨ ᠥᠪᠡᠷ ᠢ ᠪᠡᠨ ᠬᠠᠭᠠᠨ ᠨᠢ ᠬᠡᠮᠡᠭᠰᠡᠨ ᠢᠶᠡᠷ ᠡᠬᠢᠯᠡᠵᠦ ᠥᠷᠭᠡᠨ ᠣᠯᠠᠨ ᠢ ᠬᠠᠮᠤᠷᠴᠠᠢ᠃ ᠡᠨᠡ ᠪᠣᠰᠤᠯᠭ᠎ᠠ ᠨᠢ ᠡᠮᠦᠨᠡᠲᠦ ᠬᠢᠲᠠᠳ ᠢ ᠪᠦᠬᠦᠯᠢ ᠳᠦ ᠨᠢ ᠬᠠᠮᠤᠷᠴᠢ ᠢᠷᠭᠡᠨ ᠦ ᠳᠠᠶᠢᠨ ᠤ ᠪᠠᠶᠢᠳᠠᠯ ᠳᠤ ᠬᠦᠷᠴᠦ 1864 ᠣᠨ ᠢ ᠬᠦᠷᠲᠡᠯ᠎ᠡ 14 ᠵᠢᠯ ᠦᠷᠭᠦᠯᠵᠢᠯᠡᠨ 20-30 ᠰᠠᠶ᠎ᠠ ᠬᠦᠮᠦᠨ ᠦᠷᠡᠭᠳᠡᠭᠰᠡᠨ ᠪᠠ ᠮᠠᠨᠵᠤ ᠶᠢᠨ ᠬᠠᠭᠠᠨ ᠤ ᠬᠦᠰᠡᠯᠲᠦ ᠪᠡᠷ ᠢᠷᠡᠭᠦᠯᠦᠭᠰᠡᠨ ᠪᠷᠢᠲ᠋ᠠᠨ(ᠠᠩᠭᠯᠢ) ᠪᠣᠯᠤᠨ ᠹᠷᠠᠨᠼᠢ ᠶᠢᠨ ᠣᠷᠴᠢᠨ ᠦᠶ᠎ᠡ ᠶᠢᠨ ᠵᠡᠪᠰᠡᠭᠯᠡᠯᠲᠡᠢ ᠴᠡᠷᠢᠭ ᠦᠨ ᠣᠷᠣᠯᠴᠠᠭ᠎ᠠ ᠲᠠᠢ ᠳᠠᠷᠤᠭᠳᠠᠵᠠᠢ᠃ ᠡᠭᠦᠨ ᠡᠴᠡ ᠭᠠᠳᠠᠨ᠎ᠠ 1862-1873 ᠣᠨ ᠤ ᠯᠠᠯᠤ ᠶᠢᠨ ᠱᠠᠰᠢᠨᠲᠠᠨ ᠨᠤᠭᠤᠳ ᠪᠣᠯᠤᠨ ᠮᠢᠶᠠ ᠬᠦᠮᠦᠰ ᠦᠨ ᠳᠤᠩᠭᠠᠨ ᠤ᠂ 1856-1873 ᠣᠨ ᠤ ᠶᠨᠠᠨ ᠳᠤ ᠭᠠᠷᠤᠭᠰᠠᠨ ᠫᠠᠨᠲᠠᠶᠢᠭ᠎ᠠ ᠶᠢᠨ ᠡᠰᠡᠷᠭᠦᠴᠡᠯ ᠪᠣᠰᠤᠯᠭ᠎ᠠ ᠨᠤᠭᠤᠳ ᠮᠥᠨ ᠮᠣᠩᠭᠣᠯ ᠣᠷᠣᠨ ᠳᠤ 1870 ᠣᠨ ᠳᠤ ᠶᠡᠬᠡ ᠬᠦᠷᠢᠶᠡᠨ ᠳᠦ ᠮᠠᠨᠵᠤ ᠶᠢ ᠡᠰᠡᠷᠭᠦᠴᠡᠭᠰᠡᠨ ᠠᠷᠠᠳ ᠤᠨ ᠬᠥᠳᠡᠯᠭᠡᠭᠡᠨ᠂ 1880 ᠣᠨ ᠳᠤ ᠠᠷᠠᠳ ᠣᠨᠣᠯᠲᠠ ᠶᠢᠨ ᠤᠳᠤᠷᠢᠳᠤᠯᠭ᠎ᠠ ᠪᠠᠷ ᠤᠯᠢᠶᠠᠰᠤᠲᠠᠢ ᠶᠢᠨ ᠴᠡᠷᠢᠭ ᠦᠨ ᠪᠣᠰᠤᠯᠭ᠎ᠠ᠂ ᠣᠷᠳᠣᠰ ᠤᠨ ᠳᠤᠭᠤᠶᠢᠯᠠᠩ᠂ 1900 ᠣᠨ ᠳᠤ ᠤᠯᠢᠶᠠᠰᠤᠲᠠᠢ ᠳᠤ ᠮᠠᠨᠵᠤ ᠶᠢᠨ ᠡᠰᠡᠷᠬᠦ ᠮᠣᠩᠭᠣᠯ ᠴᠡᠷᠢᠭ ᠦᠨ ᠪᠣᠰᠤᠯᠭ᠎ᠠ᠂ 1906 ᠣᠨ ᠳᠤ ᠶᠡᠬᠡ ᠬᠦᠷᠢᠶᠡᠨ ᠳᠦ ᠬᠢᠲᠠᠳ ᠤᠨ ᠮᠥᠩᠭᠥ ᠬᠦᠯᠡᠭᠴᠢ ᠬᠤᠳᠠᠯᠳᠤᠭᠠᠴᠢᠳ ᠤᠨ ᠡᠰᠡᠷᠬᠦ ᠠᠷᠠᠳ ᠤᠨ ᠬᠥᠳᠡᠯᠭᠡᠭᠡᠨ ᠵᠡᠷᠭᠡ ᠪᠣᠰᠤᠯᠭ᠎ᠠ ᠬᠥᠳᠡᠯᠭᠡᠭᠡᠨ ᠨᠦᠭᠦᠳ ᠭᠠᠷᠴᠤ ᠪᠠᠶᠢᠪᠠ᠃

19 ᠍ ᠳᠦᠭᠡᠷ ᠵᠠᠭᠤᠨ ᠳᠤ ᠶᠣᠦᠢᠷᠣᠫᠠ ᠶᠢᠨ ᠤᠯᠤᠰ ᠤᠳ ᠡᠷᠴᠢᠲᠡᠢ ᠬᠥᠭᠵᠢᠨ ᠺᠣᠯᠣᠨᠴᠢᠯᠠᠬᠤ᠂ ᠡᠳ᠋ ᠍ ᠦᠨ ᠵᠠᠰᠠᠭ ᠤᠨ ᠠᠰᠢᠭ ᠰᠣᠨᠢᠷᠬᠠᠯ ᠳᠤ ᠪᠠᠨ ᠪᠤᠰᠤᠳ ᠤᠯᠤᠰ ᠢ ᠬᠠᠮᠤᠷᠤᠭᠤᠯᠬᠤ ᠪᠣᠳᠣᠯᠭ᠎ᠠ ᠶᠢ ᠶᠠᠪᠤᠭᠤᠯᠵᠤ ᠪᠠᠶᠢᠭᠰᠠᠨ ᠨᠢ ᠮᠠᠨᠵᠤ ᠶᠢᠨ ᠲᠩᠷᠢ ᠶᠢᠨ ᠳᠣᠣᠷᠠᠬᠢ ᠪᠦᠬᠦᠨ ᠢ ᠵᠠᠬᠢᠷᠬᠤ ᠪᠣᠳᠣᠯᠭ᠎ᠠ ᠲᠠᠢ ᠮᠥᠷᠭᠥᠯᠳᠦᠵᠦ ᠡᠬᠢᠯᠡᠭᠰᠡᠨ ᠪᠠᠶᠢᠨ᠎ᠠ᠃ ᠶᠡᠬᠡ ᠪᠷᠢᠲ᠋ᠠᠨ(ᠠᠩᠭᠯᠢ) ᠪᠷᠢᠲ᠋ᠠᠨᠢ ᠪᠣᠯᠤᠨ ᠹᠷᠠᠨᠼᠢ ᠶᠢᠨ ᠬᠢᠲᠠᠳ ᠲᠤ ᠳᠠᠾᠢ ᠬᠠᠷ᠎ᠠ ᠲᠠᠮᠠᠬᠢᠨ ᠤ ᠮᠠᠶᠢᠮᠠᠭ᠎ᠠ ᠶᠢ ᠨᠢ ᠬᠠᠭᠠᠬᠤ ᠭᠡᠰᠡᠨ 1838 ᠣᠨ ᠤ ᠮᠠᠨᠵᠤ ᠶᠢᠨ ᠣᠷᠣᠯᠳᠤᠯᠭ᠎ᠠ ᠶᠢᠨ ᠬᠠᠷᠢᠭᠤ ᠳᠤ ᠳᠠᠶᠢᠨ ᠵᠠᠷᠯᠠᠭᠰᠠᠨ ᠢᠶᠠᠷ 1839 ᠣᠨ ᠳᠤ ᠬᠠᠷ᠎ᠠ ᠲᠠᠮᠠᠬᠢᠨ ᠤ ᠳᠠᠶᠢᠨ ᠡᠬᠢᠯᠡᠪᠡ᠃ ᠤᠭ ᠳᠠᠶᠢᠨ ᠳᠤ ᠣᠷᠴᠢᠨ ᠦᠶᠡᠵᠢᠭᠰᠡᠨ ᠪᠷᠢᠲ᠋ᠠᠨᠢᠴᠤᠤᠳ ᠲᠡᠩᠭᠢᠰ ᠪᠣᠯᠤᠨ ᠡᠬᠡ ᠭᠠᠵᠠᠷ ᠲᠤ ᠬᠣᠴᠣᠷᠤᠭᠳᠠᠭᠰᠠᠨ ᠮᠠᠨᠵᠤ ᠶᠢᠨ ᠴᠡᠷᠢᠭ ᠦᠨ ᠬᠦᠴᠦᠨ ᠢ ᠬᠢᠯᠪᠠᠷᠬᠠᠨ ᠴᠣᠬᠢᠵᠤ 1842 ᠣᠨ ᠳᠤ ᠢᠯᠠᠭᠳᠠᠭᠰᠠᠨ ᠮᠠᠨᠵᠤ ᠨᠤᠭᠤᠳ ᠨᠠᠩᠬᠢᠨ ᠳᠤ ᠮᠠᠨᠠᠶᠢᠬᠢᠨ ᠤ ᠬᠡᠯᠡᠳᠡᠭ ᠢᠶᠡᠷ ᠬᠢᠯᠢᠰ ᠭᠡᠷ᠎ᠡ ᠭᠡᠭᠴᠢ ᠶᠢ ᠪᠷᠢᠲ᠋ᠠᠨ(ᠠᠩᠭᠯᠢ) ᠲᠠᠢ ᠪᠠᠶᠢᠭᠤᠯᠤᠭᠰᠠᠨ ᠪᠠᠶᠢᠨ᠎ᠠ᠃ ᠤᠭ ᠭᠡᠷ᠎ᠡ ᠶᠣᠰᠣᠭᠠᠷ ᠮᠠᠨᠵᠤ ᠨᠤᠭᠤᠳ ᠳᠠᠶᠢᠨ ᠤ ᠲᠥᠯᠥᠪᠦᠷᠢ ᠲᠥᠯᠥᠬᠦ ᠡᠴᠡ ᠭᠠᠳᠠᠨ᠎ᠠ ᠪᠣᠭᠣᠮᠲᠠ ᠨᠤᠭᠤᠳ ᠢᠶᠠᠨ ᠶᠣᠪᠣᠷᠣᠫᠠᠴᠤᠳ ᠲᠤ ᠨᠡᠭᠡᠭᠡᠨ ᠣᠨᠴᠠᠭᠠᠢ ᠡᠷᠬᠡ ᠡᠳ᠋ᠯᠡᠭᠦᠯᠬᠦ ᠪᠣᠯᠤᠨ ᠬᠣᠩ ᠢ ᠺᠣᠨᠣᠭ ᠢ ᠪᠷᠢᠲ᠋ᠠᠨᠢᠳ ᠥᠭᠴᠡᠢ᠃ ᠪᠠᠷᠠᠭᠤᠨ ᠤ ᠬᠢᠨ ᠡᠭᠦᠪᠡᠷ ᠬᠠᠨᠤᠭᠰᠠᠨ ᠦᠭᠡᠢ᠂ 1854 ᠣᠨ ᠳᠤ ᠪᠷᠢᠲ᠋ᠠᠨᠢᠴᠤᠤᠳ ᠨᠠᠩᠬᠢᠨ ᠤ ᠭᠡᠷ᠎ᠡ ᠶᠢ ᠳᠠᠬᠢᠨ ᠠᠪᠴᠤ ᠦᠵᠡᠬᠦ ᠬᠢᠲᠠᠳ ᠤᠨ ᠭᠣᠣᠯ ᠮᠥᠷᠡᠨ ᠳᠦ ᠣᠨᠴᠠᠭᠠᠢ ᠡᠷᠬᠡ ᠡᠳᠯᠡᠬᠦ ᠪᠡᠭᠡᠵᠢᠩ ᠳᠦ ᠡᠯᠴᠢᠨ ᠰᠠᠶᠢᠳ ᠤᠨ ᠶᠠᠮᠤ ᠨᠡᠭᠡᠭᠡᠬᠦ ᠵᠡᠷᠭᠡ ᠵᠦᠢᠯ ᠦᠨ ᠲᠤᠯᠭᠠᠯᠲᠠᠨ ᠳᠤ ᠮᠠᠨᠵᠤ ᠨᠤᠭᠤᠳ ᠡᠰᠡᠭᠦᠴᠡᠭᠰᠡᠨ ᠳᠦ ᠳᠠᠬᠢᠨ ᠳᠠᠶᠢᠨ ᠵᠠᠷᠯᠠᠭᠰᠠᠨ ᠢᠶᠠᠷ 1856 ᠣᠨ ᠳᠤ ᠬᠠᠷ᠎ᠠ ᠲᠠᠮᠠᠬᠢᠨ ᠤ 2 ᠍ ᠳᠦᠭᠡᠷ ᠳᠠᠶᠢᠨ ᠡᠬᠢᠯᠡᠭᠰᠡᠨ ᠪᠠᠶᠢᠨ᠎ᠠ᠃ ᠡᠨᠡ ᠳᠠᠶᠢᠨ 1858 ᠣᠨ ᠳᠤ ᠪᠷᠢᠲ᠋ᠠᠨ(ᠠᠩᠭᠯᠢ) ᠪᠣᠯᠤᠨ ᠠᠮᠧᠷᠢᠺᠠ ᠹᠷᠠᠨᠼᠢ ᠨᠤᠭᠤᠳ ᠲᠠᠢ ᠡᠮᠦᠨᠡᠬᠢ ᠡᠴᠡ ᠢᠯᠡᠭᠦᠦ ᠳᠣᠷᠣᠮᠵᠢ ᠭᠡᠷ᠎ᠡ ᠶᠢ ᠲᠢᠨᠵᠢᠨ ᠳᠤ ᠪᠠᠶᠢᠭᠤᠯᠤᠭᠰᠠᠨ ᠢᠶᠠᠷ ᠳᠠᠭᠤᠰᠴᠤ ᠮᠠᠨᠵᠤ ᠨᠤᠭᠤᠳ ᠠᠯᠪᠠᠨ ᠤ ᠪᠢᠴᠢᠭ ᠪᠠᠷᠢᠮᠲᠠ ᠨᠤᠭᠤᠳ ᠢᠶᠠᠨ ᠠᠩᠭᠯᠢ ᠬᠡᠯᠡ ᠳᠡᠭᠡᠷ᠎ᠡ ᠬᠢᠬᠦ᠂ ᠪᠷᠢᠲ᠋ᠠᠨ(ᠠᠩᠭᠯᠢ) ᠤᠨ ᠪᠠᠶᠢᠯᠳᠤᠭᠠᠨ ᠤ ᠣᠩᠭᠣᠴᠠ ᠨᠤᠭᠤᠳ ᠲᠤ ᠬᠢᠲᠠᠳ ᠤᠨ ᠭᠣᠣᠯ ᠮᠥᠷᠡᠨ ᠢᠶᠡᠷ ᠴᠢᠯᠦᠭᠡᠲᠡᠢ ᠨᠡᠪᠲᠡᠷᠡᠬᠦ ᠣᠨᠴᠠᠭᠠᠢ ᠡᠷᠬᠡ ᠶᠢ ᠥᠭᠴᠡᠢ᠃ ᠡᠭᠦᠨ ᠡᠴᠡ ᠭᠠᠳᠠᠨ᠎ᠠ 1844 ᠣᠨ ᠳᠤ ᠸᠠᠩᠰᠢᠳ ᠠᠮᠧᠷᠢᠺᠠ ᠲᠠᠢ ᠬᠢᠯᠢᠰ ᠭᠡᠷ ᠢᠶᠡᠨ᠂ 1860 ᠣᠨ ᠳᠤ ᠪᠡᠭᠡᠵᠢᠩ ᠳᠦ᠂ 1881 ᠣᠨ ᠫᠧᠲ᠋ᠷᠪᠦᠦᠭ ᠲᠦ ᠣᠷᠣᠰ ᠲᠠᠢ ᠭᠡᠷ᠎ᠡ ᠪᠠᠶᠢᠭᠤᠯᠤᠨ ᠣᠩᠭᠣᠢ ᠡᠷᠬᠡ ᠨᠦᠭᠦᠳ ᠢ ᠥᠭᠴᠦ 1894-1895 ᠣᠨ ᠳᠤ ᠶᠠᠫᠣᠨ ᠲᠠᠢ ᠬᠢᠭᠰᠡᠨ ᠳᠠᠶᠢᠨ ᠳᠤ ᠢᠯᠠᠭᠳᠠᠯ ᠬᠦᠯᠢᠶᠡᠵᠡᠢ᠃ ᠡᠨᠡ ᠮᠡᠲᠦ ᠳᠣᠷᠣᠢ ᠪᠠᠶᠢᠳᠠᠯ ᠨᠢ ᠬᠢᠲᠠᠳ ᠤᠨ ᠦᠨᠳᠦᠰᠦᠨ ᠦ ᠦᠵᠡᠯᠲᠡᠨ ᠨᠦᠭᠦᠳ᠂ ᠰᠢᠨᠡᠴᠢᠯᠡᠭᠴᠢᠳ ᠦᠨ ᠳᠤᠷ᠎ᠠ ᠦᠭᠡᠢ ᠶᠢ ᠶᠡᠬᠡᠬᠡᠨ ᠬᠦᠷᠭᠡᠵᠦ ᠪᠠᠶᠢᠭᠰᠠᠨ ᠤ ᠳᠡᠭᠡᠷ᠎ᠡ ᠴᠡᠰᠢ ᠬᠠᠲᠤᠨ ᠤ ᠥᠪᠡᠷ ᠦᠨ ᠰᠦᠷ ᠬᠦᠴᠦ ᠶᠢ ᠨᠡᠮᠡᠭᠳᠡᠭᠦᠯᠬᠦ ᠶᠢᠨ ᠲᠤᠯᠠᠳᠠ ᠭᠠᠷᠭᠠᠭᠰᠠᠨ ᠶᠡᠬᠡ ᠬᠡᠮᠵᠢᠶᠡᠨ ᠦ ᠵᠠᠷᠤᠳᠠᠯ ᠲᠠᠩᠰᠤᠭᠯᠠᠯ᠂ ᠡᠩ ᠦᠨ ᠠᠷᠠᠳ ᠤᠨ ᠶᠠᠳᠠᠭᠤᠷᠠᠯ ᠵᠡᠷᠭᠡ ᠡᠴᠡ ᠡᠭᠦᠳᠦᠨ ᠮᠠᠨᠵᠤ ᠶᠢᠨ ᠵᠠᠰᠠᠭᠯᠠᠯ ᠢ ᠡᠰᠡᠷᠭᠦᠴᠡᠭᠴᠢᠳ ᠦᠨ ᠲᠣᠭ᠎ᠠ ᠶᠡᠬᠡᠳᠡ ᠨᠡᠮᠡᠭᠳᠡᠬᠦ ᠶᠢᠨ ᠬᠠᠵᠠᠭᠤ ᠪᠠᠷ ᠧᠦᠢᠷᠣᠫᠠ ᠶᠢᠨ ᠬᠢᠨ ᠪᠤᠶᠤ ᠭᠠᠳᠠᠨ᠎ᠠ ᠶᠢᠨ ᠬᠢᠨ ᠢ ᠦᠵᠡᠨ ᠶᠠᠳᠠᠬᠤ ᠦᠵᠡᠯ ᠳᠡᠪᠡᠷᠡᠵᠡᠢ᠃ 1898 ᠣᠨ ᠳᠤ ᠭᠤᠸᠠ ᠶᠢᠨ ᠰᠶᠦᠢ ᠬᠠᠭᠠᠨ ᠤ 《ᠰᠢᠨᠡᠳᠬᠡᠨ ᠵᠠᠰᠠᠬᠤ 100 ᠡᠳᠦᠷ》 ᠭᠡᠭᠴᠢ ᠰᠢᠨᠡᠳᠬᠡᠯ ᠦᠨ ᠪᠣᠳᠣᠯᠭ᠎ᠠ ᠪᠠᠷ ᠬᠠᠭᠤᠴᠢᠨ ᠬᠠᠤᠯᠢ ᠵᠢᠷᠤᠮ ᠤᠳ ᠢ ᠬᠦᠴᠦᠨ ᠦᠭᠡᠢ ᠪᠣᠯᠭᠠᠨ ᠯᠢ ᠬᠣᠨᠵᠢᠨ ᠵᠡᠷᠭᠡ ᠬᠠᠭᠤᠴᠢᠨᠰᠠᠭ ᠦᠵᠡᠯ ᠲᠡᠢ ᠭᠡᠭᠳᠡᠭᠰᠡᠨ ᠤᠯᠤᠰ ᠢ ᠠᠯᠪᠠᠨ ᠠᠴᠠ ᠪᠠᠭᠤᠯᠭᠠᠨ ᠺᠠᠨ ᠶᠦᠪᠡᠢ ᠮᠡᠲᠦ ᠰᠢᠨᠡᠴᠢᠯᠡᠭᠴᠢᠳ ᠢ ᠥᠨᠳᠦᠷ ᠠᠯᠪᠠᠨ ᠳᠤ ᠲᠣᠮᠢᠯᠠᠭᠰᠠᠨ ᠪᠣᠯᠪᠠᠴᠤ ᠴᠡᠰᠢ ᠲᠡᠭᠦᠨ ᠢ ᠲᠠᠰᠤᠯᠤᠨ ᠵᠣᠭᠰᠣᠭᠠᠵᠤ ᠣᠷᠳᠣᠨ ᠤ ᠬᠣᠷᠢᠭᠠᠨ ᠳᠤ ᠣᠷᠣᠭᠤᠯᠤᠭᠰᠠᠨ ᠪᠠᠶᠢᠨ᠎ᠠ᠃ ᠡᠨᠡᠬᠦ ᠥᠭᠡᠷᠡᠴᠢᠯᠡᠯᠲᠡ ᠡᠴᠡ ᠤᠯᠪᠠᠭᠠᠯᠠᠨ ᠮᠠᠨᠵᠢ ᠨᠤᠭᠤᠳ ᠤᠨ ᠮᠣᠩᠭᠣᠯ ᠲᠠᠢ ᠬᠢᠭᠰᠡᠨ ᠬᠠᠭᠤᠴᠢᠨ ᠭᠡᠷ᠎ᠡ ᠬᠡᠯᠡᠴᠡᠯ ᠦᠳ᠂ ᠮᠣᠩᠭᠣᠯ ᠲᠠᠢ ᠬᠣᠯᠪᠣᠭ᠎ᠠ ᠲᠠᠢ ᠬᠠᠤᠯᠢ ᠴᠠᠴᠠ ᠨᠤᠭᠤᠳ ᠲᠤ ᠥᠭᠡᠷᠡᠴᠢᠯᠡᠯᠲᠡ ᠣᠷᠣᠵᠤ ᠡᠬᠢᠯᠡᠭᠰᠡᠨ ᠪᠠ ᠮᠣᠩᠭᠣᠯ ᠤᠨ ᠭᠠᠵᠠᠷ ᠨᠤᠲᠤᠭ ᠲᠤ ᠬᠢᠲᠠᠳ ᠤᠳ ᠢ ᠰᠠᠭᠤᠷᠢᠰᠢᠭᠤᠯᠬᠤ ᠦᠭᠡᠢ ᠪᠠᠶᠢᠬᠤ ᠵᠡᠷᠭᠡ ᠲᠣᠬᠢᠷᠠᠯᠴᠠᠭ᠎ᠠ ᠠᠯᠳᠠᠭᠳᠠᠵᠤ ᠮᠣᠩᠭᠣᠯ ᠳᠤ ᠲᠠᠷᠢᠶᠠᠯᠠᠩ ᠬᠥᠭᠵᠢᠭᠦᠯᠬᠦ ᠨᠡᠷ᠎ᠡ ᠪᠡᠷ 1906 ᠣᠨ ᠳᠤ ᠬᠢᠲᠠᠳ ᠤᠳ ᠢ ᠮᠣᠩᠭᠣᠯ ᠳᠤ ᠨᠡᠭᠦᠯᠭᠡᠬᠦ ᠲᠣᠪᠴᠢᠶ᠎ᠠ ᠭᠡᠭᠴᠢ ᠶᠢ ᠪᠡᠭᠡᠵᠢᠩ ᠳᠦ ᠪᠠᠶᠢᠭᠤᠯᠤᠭᠰᠠᠨ ᠵᠡᠷᠭᠡ ᠨᠢ ᠮᠣᠩᠭᠣᠯᠴᠤᠳ ᠤᠨ ᠳᠤᠷ᠎ᠠ ᠦᠭᠡᠢ ᠶᠢ ᠶᠡᠬᠡᠬᠡᠨ ᠬᠦᠷᠭᠡᠭᠰᠡᠨ ᠶᠠᠪᠤᠳᠠᠯ ᠪᠣᠯᠵᠠᠢ᠃ ᠲᠡᠦᠬᠡᠨ ᠳᠦ 《ᠪᠣᠺᠰᠢᠶᠣᠷ ᠤᠨ ᠪᠣᠰᠤᠯᠭ᠎ᠠ》 ᠬᠡᠮᠡᠭᠳᠡᠭᠰᠡᠨ ᠡᠰᠡᠷᠭᠦᠴᠡᠯ ᠦᠨ ᠬᠥᠳᠡᠯᠭᠡᠭᠡᠨ ᠦ ᠡᠬᠢᠨ ᠦ ᠵᠣᠷᠢᠯᠲᠠ ᠨᠢ ᠮᠠᠨᠵᠤ ᠶᠢᠨ ᠬᠠᠭᠠᠨ ᠳᠤ ᠵᠠᠰᠠᠭᠯᠠᠯ ᠢ ᠲᠦᠯᠬᠢᠨ ᠤᠨᠠᠭᠠᠵᠤ ᠬᠠᠷ ᠤᠨ ᠬᠢᠨ ᠢ ᠬᠢᠲᠠᠳ ᠠᠴᠠ ᠬᠥᠭᠡᠭᠡᠨ ᠭᠠᠷᠭᠠᠬᠤ ᠪᠠᠶᠢᠭᠰᠠᠨ ᠴᠤ ᠴᠡᠰᠢ ᠰᠠᠶᠢᠳ ᠨᠠᠷ ᠢᠶᠠᠷ ᠢᠶᠠᠨ ᠳᠠᠮᠵᠢᠭᠤᠯᠠᠨ ᠲᠡᠳᠡᠨ ᠢ ᠬᠢᠨᠠᠵᠤ ᠤᠳᠤᠷᠢᠳᠤᠭᠴᠢ ᠪᠠᠷ ᠨᠢ 《ᠴᠢᠩ ᠤᠯᠤᠰ ᠢ ᠳᠡᠮᠵᠢᠨ ᠭᠠᠳᠠᠨ᠎ᠠ ᠶᠢᠨ ᠬᠢᠨ ᠢ ᠤᠰᠠᠳᠬᠠᠶ᠎ᠠ》 ᠭᠡᠰᠡᠨ ᠤᠷᠢᠶ᠎ᠠ ᠭᠠᠷᠭᠠᠭᠤᠯᠤᠨ ᠡᠷᠴᠢᠮᠵᠢᠭᠦᠯᠵᠡᠢ᠃ 1899 ᠣᠨ ᠳᠤ ᠪᠣᠺᠰᠢᠷ ᠤᠳ ᠬᠢᠲᠠᠳ ᠲᠤ ᠪᠠᠶᠢᠭᠰᠠᠨ ᠬᠡᠳᠦᠨ ᠮᠢᠩᠭᠠᠨ ᠵᠠᠭᠠᠯᠮᠠᠶᠢᠲᠠᠨ ᠤ ᠱᠠᠰᠢᠨ ᠤ ᠨᠣᠮᠯᠠᠭᠴᠢᠳ ᠢ ᠲᠣᠯᠣᠭᠠᠢ ᠶᠢ ᠨᠢ ᠲᠠᠰᠤᠳᠠᠬᠤ᠂ ᠠᠮᠢᠳᠤ ᠪᠠᠷ ᠨᠢ ᠥᠪᠴᠢᠬᠦ ᠵᠡᠷᠭᠡ ᠪᠡᠷ ᠬᠡᠷᠴᠡᠭᠡᠢ ᠪᠡᠷ ᠠᠯᠠᠵᠤ ᠬᠡᠳᠦᠨ ᠠᠪᠤᠨ ᠮᠢᠩᠭᠠᠨ ᠾᠷᠢᠰᠲ ᠲᠦ ᠢᠲᠡᠭᠡᠭᠴᠢ ᠬᠢᠲᠠᠳ ᠤᠳ ᠢ ᠠᠯᠠᠵᠤ ᠬᠢᠳᠤᠭᠰᠠᠨ ᠦᠢᠯᠡᠳᠦᠯ ᠬᠢᠭᠰᠡᠨ ᠢ ᠴᠡᠰᠢ ᠥᠭᠡᠭᠰᠢᠭᠦᠯᠦᠨ ᠳᠡᠮᠵᠢᠵᠦ ᠪᠠᠶᠢᠪᠠ᠃ 1901 ᠣᠨ ᠳᠤ ᠭᠧᠷᠮᠠᠨ ᠤ ᠡᠯᠴᠢᠨ ᠰᠠᠶᠢᠳ ᠠᠯᠠᠭᠳᠠᠭᠰᠠᠨ ᠳᠤ 25.000 ᠬᠦᠮᠦᠨ ᠦ ᠪᠦᠷᠢᠯᠳᠦᠬᠦᠨ ᠲᠡᠢ 8 ᠤᠯᠤᠰ ᠤᠨ ᠴᠡᠷᠢᠭ ᠦᠨ ᠬᠦᠴᠦᠨ ᠪᠡᠭᠡᠵᠢᠩ ᠢ ᠡᠵᠡᠯᠡᠬᠦ ᠳᠦ ᠵᠢᠭᠤᠲᠠᠨ ᠭᠠᠷᠤᠭᠰᠠᠨ ᠴᠡᠰᠢ ᠪᠣᠯᠤᠨ ᠮᠠᠨᠵᠤ ᠶᠢᠨ ᠵᠠᠰᠠᠭ ᠵᠠᠬᠢᠷᠭ᠎ᠠ ᠬᠠᠮᠲᠤ ᠶᠢᠨ ᠬᠦᠴᠦᠨ ᠦ ᠲᠠᠯᠪᠢᠭᠰᠠᠨ ᠱᠠᠭᠠᠷᠳᠠᠯᠭ᠎ᠠ ᠶᠢ ᠬᠦᠯᠢᠶᠡᠨ ᠠᠪᠴᠤ ᠶᠡᠬᠡ ᠬᠡᠮᠵᠢᠶᠡᠨ ᠦ ᠮᠥᠩᠭᠥ ᠪᠡᠷ ᠲᠥᠯᠦᠪᠦᠷᠢ ᠬᠡᠢ ᠶᠢᠨ ᠪᠡᠭᠡᠵᠢᠩ ᠢ ᠡᠷᠭᠢᠭᠦᠯᠦᠨ ᠠᠪᠴᠠᠢ᠃ 1908 ᠣᠨ ᠳᠤ ᠬᠠᠲᠤᠨ ᠬᠠᠭᠠᠨ ᠴᠡᠰᠢ ᠪᠣᠯᠤᠨ ᠭᠤᠸᠠ ᠶᠢᠨ ᠰᠶᠦᠢ ᠬᠠᠭᠠᠨ ᠬᠣᠶᠠᠷ ᠴᠤᠩ ᠬᠤᠩᠲᠠᠶᠢᠵᠢ ᠪᠤᠶᠤ ᠵᠠᠶᠢᠹᠦᠨ ᠦ ᠠᠬᠠᠮᠠᠳ ᠬᠥᠪᠡᠭᠦᠨ 2 ᠨᠠᠰᠤᠲᠠᠢ ᠫᠦ᠋ᠣᠭ ᠬᠠᠭᠠᠨ ᠰᠠᠭᠤᠯᠭᠠᠬᠤ ᠪᠠᠷ ᠭᠡᠷᠢᠶᠡᠰᠯᠡᠨ ᠰᠤᠯᠢᠳᠠᠵᠤ ᠳᠣᠷᠣᠶᠢᠲᠠᠭᠰᠠᠨ ᠬᠡᠵᠢᠶ᠎ᠡ ᠮᠥᠳᠳᠥ ᠭᠦᠢ ᠰᠦᠢᠷᠡᠬᠦ ᠭᠡᠵᠦ ᠪᠤᠢ ᠬᠠᠭᠠᠨᠲᠤ ᠲᠥᠷᠦ ᠶᠢ ᠦᠯᠡᠳᠡᠭᠡᠭᠡᠳ ᠬᠣᠶᠠᠭᠤᠯᠠ ᠣᠶᠢᠷᠠᠯᠴᠠᠭ᠎ᠠ ᠥᠭᠡᠳᠡ ᠪᠣᠯᠴᠣᠭᠤᠪᠠ᠃ ᠴᠡᠰᠢ ᠦᠬᠦᠬᠦ ᠶᠢᠨ ᠢᠶᠡᠨ ᠡᠮᠦᠨ᠎ᠡ ᠢᠲᠡᠭᠡᠯ ᠲᠡᠢ ᠲᠠᠶᠢᠭᠠᠨ ᠢᠶᠠᠷ ᠢᠶᠠᠨ ᠬᠠᠭᠠᠨ ᠳᠤ ᠬᠣᠣᠷ ᠦᠭᠦᠯᠡᠵᠡᠢ ᠭᠡᠬᠦ ᠨᠢ ᠪᠤᠢ ᠴᠤ ᠥᠪᠡᠷ ᠬᠤᠪᠢᠯᠪᠤᠷᠢ ᠪᠠᠷ ᠶᠤᠸᠠᠨ ᠱᠢᠺᠠᠢ ᠬᠣᠶᠠᠭᠤᠯᠠᠨ ᠢ ᠨᠢ ᠭᠠᠷ ᠪᠤᠤ ᠪᠠᠷ ᠫᠤᠤᠳᠠᠵᠤ ᠬᠣᠷᠢᠶᠠᠭᠰᠠᠨ ᠭᠡᠬᠦ ᠨᠢ ᠴᠤ ᠪᠠᠶᠢᠳᠠᠭ ᠶᠤᠮ ᠪᠠᠶᠢᠨ᠎ᠠ᠃ ᠢᠩᠭᠢᠭᠡᠳ ᠵᠠᠶᠢᠹᠡᠨ ᠵᠠᠰᠠᠭᠯᠠᠯ ᠢ ᠠᠪᠤᠭᠰᠠᠨ ᠢᠶᠠᠷ ᠭᠧᠨᠧᠷᠠᠯ ᠶᠤᠸᠠᠨ ᠱᠢᠺᠠᠢ ᠠᠯᠪᠠᠨ ᠠᠴᠠ ᠪᠠᠨ ᠪᠠᠭᠤᠴᠠᠢ᠃ 1911 ᠣᠨ ᠳᠤ ᠵᠠᠶᠢᠹᠡᠨ ᠦᠨᠳᠦᠰᠦᠨ ᠳᠦ ᠪᠡᠨ ᠠᠶᠢᠰᠢᠩ ᠭᠢᠣᠷᠣ ᠣᠪᠤᠭ ᠤᠨ ᠬᠢᠨ ᠠᠴᠠ ᠪᠦᠷᠢᠳᠦᠭᠰᠡᠨ 《ᠬᠠᠭᠠᠨ ᠤ ᠭᠡᠷ ᠪᠦᠯᠢ ᠶᠢᠨ ᠲᠠᠩᠬᠢᠮ》 ᠍ ᠶᠢ ᠪᠠᠶᠢᠭᠤᠯᠵᠤ ᠲᠥᠷᠥ ᠶᠢᠨ ᠬᠡᠷᠡᠭ ᠢ ᠶᠠᠪᠤᠭᠤᠯᠬᠤ ᠪᠣᠯᠤᠭᠰᠠᠨ ᠪᠠᠶᠢᠨ᠎ᠠ᠃ ᠮᠥᠨ ᠣᠨ ᠤ 10 ᠰᠠᠷ᠎ᠠ ᠶᠢᠨ 10 ᠍ ᠳᠦ ᠸᠤᠴᠢᠨ ᠤ ᠪᠣᠰᠤᠭᠴᠢᠳ ᠳᠤᠮᠳᠠᠳᠤ ᠢᠷᠭᠡᠨ ᠤᠯᠤᠰ(ᠲᠠᠶᠢᠸᠠᠨ) ᠍ ᠶᠢ ᠪᠠᠶᠢᠭᠤᠯᠵᠤ ᠨᠠᠨᠵᠢᠩ ᠳᠤ ᠰᠦᠨ ᠶᠠᠲᠤ ᠰᠡᠨ ᠢᠶᠡᠷ ᠲᠣᠯᠣᠭᠠᠶᠢᠯᠠᠭᠤᠯᠤᠭᠰᠠᠨ ᠵᠠᠰᠠᠭ ᠤᠨ ᠭᠠᠵᠠᠷ ᠪᠠᠶᠢᠭᠤᠯᠤᠭᠰᠠᠨ ᠢᠶᠠᠨ ᠵᠠᠷᠯᠠᠭᠰᠠᠨ ᠪᠠᠶᠢᠨ᠎ᠠ᠃ ᠡᠭᠦᠨ ᠦ ᠳᠠᠷᠠᠭ᠎ᠠ ᠪᠠᠷ ᠬᠡᠳᠦ ᠬᠡᠳᠦᠨ ᠮᠤᠵᠢ ᠮᠠᠨᠵᠤ ᠠᠴᠠ ᠰᠠᠯᠵᠤ ᠳᠤᠮᠳᠠᠳᠤ ᠢᠷᠭᠡᠨ ᠤᠯᠤᠰ ᠳᠦ ᠣᠷᠣᠵᠤ ᠡᠬᠢᠯᠡᠭᠰᠡᠨ ᠲᠤᠯᠠ ᠮᠠᠨᠵᠤ ᠶᠢᠨ ᠵᠠᠰᠠᠭ ᠤᠨ ᠭᠠᠵᠠᠷ ᠬᠤᠪᠢᠰᠬᠠᠯᠴᠢᠳ ᠢ ᠳᠠᠷᠤᠭᠤᠯᠬᠤ ᠪᠠᠷ ᠶᠤᠸᠠᠨ ᠱᠢᠺᠠᠢ ᠳᠤ ᠮᠠᠨᠵᠤ ᠶᠢᠨ ᠠᠩᠬᠠᠨ ᠤ ᠣᠷᠴᠢᠨ ᠦᠶ᠎ᠡ ᠶᠢᠨ ᠵᠡᠪᠰᠡᠭ ᠢᠶᠡᠷ ᠵᠡᠪᠰᠡᠯᠡᠭᠳᠡᠭᠰᠡᠨ ᠣᠷᠴᠢᠨ ᠦᠶ᠎ᠡ ᠶᠢᠨ ᠴᠡᠷᠢᠭ ᠪᠠᠶᠢᠯᠳᠤᠭᠠᠨ ᠤ ᠠᠷᠭ᠎ᠠ ᠪᠠᠷᠢᠯ ᠳᠤ ᠰᠤᠷᠤᠯᠴᠠᠭᠰᠠᠨ ᠪᠶᠠᠨ ᠤ ᠠᠷᠮᠢ ᠪᠠᠨ ᠵᠠᠬᠢᠷᠬᠤ ᠡᠷᠬᠡ ᠶᠢ ᠨᠢ ᠪᠤᠴᠠᠭᠠᠨ ᠥᠭᠴᠡᠢ᠃ ᠶᠤᠸᠠᠨ ᠱᠢᠺᠠᠢ ᠶᠡᠷᠦᠩᠬᠡᠢ ᠰᠠᠶᠢᠳ ᠪᠣᠯᠵᠤ ᠥᠪᠡᠷ ᠦᠨ ᠲᠠᠩᠬᠢᠮ ᠢᠶᠠᠨ ᠪᠦᠷᠢᠳᠦᠭᠦᠯᠦᠭᠰᠡᠨ ᠦ ᠳᠠᠷᠠᠭ᠎ᠠ ᠬᠠᠲᠤᠨ ᠬᠠᠭᠠᠨ ᠯᠤᠩᠭᠤᠢ ᠶᠢᠨ ᠣᠷᠣᠯᠴᠠᠭ᠎ᠠ ᠲᠠᠢ ᠪᠠᠷ ᠵᠠᠶᠢᠹᠢᠨ ᠢ ᠡᠷᠬᠡ ᠮᠡᠳᠡᠯ ᠡᠴᠡ ᠨᠢ ᠰᠠᠯᠭᠠᠨ ᠴᠢᠩ ᠤᠯᠤᠰ ᠤᠨ ᠤᠯᠤᠰ ᠲᠥᠷᠦ ᠶᠢᠨ ᠭᠣᠣᠯ ᠲᠣᠭᠯᠠᠭᠴᠢ ᠪᠣᠯᠪᠠ᠃ ᠰᠤᠩ ᠶᠠᠲᠦᠭᠰᠡᠨ ᠦᠨᠳᠦᠰᠦᠨ ᠬᠠᠤᠯᠢ ᠳᠤ ᠪᠦᠭᠦᠳᠡ ᠨᠠᠶᠢᠷᠠᠮᠳᠠᠬᠤ ᠵᠠᠰᠠᠭᠯᠠᠯ ᠢ ᠬᠦᠰᠴᠢ ᠪᠠᠶᠢᠭᠰᠠᠨ ᠪᠣᠯ ᠶᠤᠸᠠᠨ ᠱᠢᠺᠠᠢ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ ᠢ ᠪᠠᠶᠢᠭᠤᠯᠬᠤ ᠶᠢ ᠵᠣᠷᠢᠵᠤ ᠪᠠᠶᠢᠭᠰᠠᠨ ᠴᠤ ᠬᠣᠶᠠᠭᠤᠯᠠ ᠬᠢᠲᠠᠳ ᠤᠨ ᠡᠷᠬᠡ ᠠᠰᠢᠭ ᠢ ᠤᠷᠢᠳᠠᠯ ᠪᠣᠯᠭᠠᠨ ᠦᠵᠡᠵᠦ ᠪᠠᠶᠢᠪᠠ᠃ ᠢᠩᠭᠢᠭᠡᠳ ᠶᠤᠸᠠᠨ ᠱᠢᠺᠠᠢ ᠯᠠᠩᠭᠤᠢ ᠬᠠᠲᠠᠨ ᠤ ᠵᠥᠪᠰᠢᠶᠡᠷᠡᠯ ᠢᠶᠡᠷ ᠬᠤᠪᠢᠰᠬᠠᠯᠴᠢᠳ ᠲᠠᠢ ᠬᠡᠯᠡᠯᠴᠡᠨ ᠲᠣᠬᠢᠷᠠᠯᠴᠠᠬᠤ ᠣᠷᠣᠯᠳᠤᠯᠭ᠎ᠠ ᠶᠢ ᠬᠢᠵᠦ ᠡᠬᠢᠯᠡᠪᠡ᠃ ᠰᠤᠩ ᠶᠠᠲᠦᠭᠰᠡᠨ ᠪᠦᠭᠦᠳᠡ ᠨᠠᠶᠢᠷᠠᠮᠳᠠᠬᠤ ᠤᠯᠤᠰ ᠪᠠᠶᠢᠭᠤᠯᠵᠤ ᠳᠡᠮᠵᠢᠯᠭᠡ ᠦᠵᠡᠭᠦᠯᠪᠡᠯ ᠶᠤᠸᠠᠨ ᠱᠢᠺᠠᠢ ᠶᠢ ᠶᠡᠷᠦᠩᠬᠡᠶᠢᠯᠡᠭᠴᠢ ᠪᠣᠯᠭᠠᠬᠤ ᠳᠤ ᠪᠡᠯᠡᠨ ᠪᠠᠶᠢᠯ᠎ᠠ᠃ ᠬᠡᠳᠦ ᠬᠡᠳᠦᠨ ᠤᠳᠠᠭ᠎ᠠ ᠶᠢᠨ ᠬᠡᠯᠡᠯᠴᠡᠭᠡᠨ ᠦ ᠳᠠᠷᠠᠭ᠎ᠠ ᠪᠠᠷ 1912 ᠣᠨ ᠳᠤ ᠯᠠᠩᠭᠤᠢ ᠬᠠᠲᠤᠨ᠂ ᠬᠠᠭᠠᠨ ᠤ ᠬᠠᠭᠠᠨ ᠰᠢᠷᠡᠭᠡᠨ ᠡᠴᠡ ᠲᠠᠲᠠᠭᠠᠯᠵᠠᠬᠤ ᠲᠤᠬᠠᠢ ᠵᠠᠷᠯᠢᠭ ᠢ ᠭᠠᠷᠭᠠᠭᠰᠠᠨ ᠢᠶᠠᠷ ᠬᠢᠲᠠᠳ ᠲᠤ 2000 ᠭᠠᠷᠤᠢ ᠵᠢᠯ ᠲᠣᠭᠲᠠᠭᠰᠠᠨ ᠬᠠᠭᠠᠨᠲᠤ ᠵᠠᠰᠠᠭ ᠮᠥᠨ 300 ᠰᠢᠬᠠᠮ ᠵᠢᠯ (1616-1912) ᠲᠣᠭᠲᠠᠨᠢᠭᠰᠠᠨ ᠮᠠᠨᠵᠤ ᠴᠢᠩ ᠤᠯᠤᠰ ᠤᠨ ᠨᠣᠶᠠᠷᠬᠠᠯ ᠳᠤ ᠴᠡᠭ ᠲᠠᠯᠪᠢᠵᠠᠢ᠃

ᠡᠨᠡ ᠦᠶ᠎ᠡ ᠪᠡᠷ ᠮᠣᠩᠭᠣᠯ ᠳᠤ ᠲᠣᠮᠣ ᠨᠣᠶᠠᠳ ᠯᠠᠮᠠ ᠨᠠᠷ ᠤᠨ ᠤᠳᠤᠷᠢᠳᠤᠯᠭ᠎ᠠ ᠪᠠᠷ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ ᠡᠷᠴᠢᠮᠲᠡᠢ ᠥᠷᠨᠢᠨ 1910 ᠣᠨ ᠳᠤ ᠶᠡᠬᠡ ᠬᠦᠷᠢᠶᠡᠨ ᠳᠦ ᠮᠠᠨᠵᠤ ᠶᠢᠨ ᠡᠰᠡᠷᠬᠦ ᠠᠷᠠᠳ ᠤᠨ ᠬᠥᠳᠡᠯᠭᠡᠭᠡᠨ ᠭᠠᠷᠴᠤ ᠪᠦᠬᠦ ᠨᠡᠶᠢᠲᠡ ᠶᠢᠨ ᠳᠡᠮᠵᠢᠯᠭᠡ ᠶᠢ ᠬᠦᠯᠢᠶᠡᠨ ᠬᠦᠷᠢᠶᠡᠨ ᠦ ᠰᠠᠨᠳᠣ ᠠᠮᠪᠠᠨ᠂ ᠤᠯᠢᠶᠠᠰᠤᠲᠠᠢ ᠶᠢᠨ ᠵᠠᠩᠵᠤᠨ ᠨᠠᠷ ᠢ ᠬᠥᠭᠡᠭᠡᠵᠦ 1911 ᠣᠨ ᠤ 12 ᠰᠠᠷ᠎ᠠ ᠳᠤ ᠣᠯᠠᠨ᠎ᠠ ᠡᠷᠭᠦᠭᠳᠡᠭᠰᠡᠨ ᠮᠣᠩᠭᠣᠯ ᠤᠯᠤᠰ ᠢ ᠪᠠᠶᠢᠭᠤᠯᠤᠨ ᠪᠣᠭᠳᠠ ᠵᠠᠪᠵᠤᠨ ᠳᠠᠮᠪᠠ ᠬᠤᠲᠤᠭᠲᠤ ᠶᠢ ᠬᠠᠭᠠᠨ ᠢᠶᠠᠷ ᠡᠷᠭᠦᠮᠵᠢᠯᠡᠨ ᠣᠯᠠᠨ᠎ᠠ ᠲᠤᠩᠬᠠᠭᠯᠠᠪᠠ᠃ ᠮᠠᠨᠵᠤ ᠶᠢᠨ ᠡᠰᠡᠷᠭᠦ ᠲᠡᠮᠡᠴᠡᠯ ᠭᠠᠭᠴᠠ ᠬᠠᠯᠬ᠎ᠠ ᠲᠡᠳᠦᠢ ᠦᠭᠡᠢ ᠨᠡᠶᠢᠲᠡ ᠮᠣᠩᠭᠣᠯ ᠢ ᠬᠠᠮᠤᠷᠴᠢ ᠪᠠᠶᠢᠭᠰᠠᠨ ᠤ ᠨᠢᠭᠡ ᠨᠢ ᠪᠠᠷᠭᠤ ᠬᠣᠰᠢᠭᠤᠨ ᠤ ᠳᠠᠮᠳᠢᠨᠰᠦ᠋ᠷᠦᠩ ᠦᠨ ᠤᠳᠤᠷᠢᠳᠤᠭᠰᠠᠨ ᠮᠠᠨᠵᠤ ᠶᠢᠨ ᠡᠰᠡᠷᠬᠦ ᠠᠷᠠᠳ ᠤᠨ ᠲᠡᠮᠡᠴᠡᠯ ᠪᠣᠯᠤᠨ᠎ᠠ᠃ ᠲᠡᠷᠡ ᠪᠡᠷ ᠪᠣᠭᠳᠠ ᠬᠠᠭᠠᠨᠲᠤ ᠮᠣᠩᠭᠣᠯ ᠤᠯᠤᠰ ᠤᠨ ᠲᠥᠷᠦ ᠳᠦ ᠵᠢᠳᠬᠦᠵᠦ ᠮᠠᠩᠯᠠᠢ ᠪᠠᠭᠠᠲᠤᠷ ᠴᠣᠯ ᠲᠠᠢ ᠪᠠᠷ ᠬᠠᠲᠠᠨ ᠪᠠᠭᠠᠲᠤᠷ ᠮᠠᠭᠰᠤᠷᠵᠠᠪ ᠤᠨ ᠬᠠᠮᠲᠤ 1912 ᠣᠨ ᠳᠤ ᠬᠣᠪᠲᠣ ᠠᠴᠠ ᠮᠠᠨᠵᠤ ᠶᠢᠨ ᠴᠡᠷᠢᠭ ᠢ ᠬᠥᠭᠡᠭᠡᠭᠰᠡᠨ ᠢᠶᠡᠷ ᠮᠣᠩᠭᠣᠯ ᠤᠨ 150- 200 ᠣᠷᠴᠢᠮ ᠵᠢᠯ ᠮᠠᠨᠵᠤ ᠠᠴᠠ ᠬᠠᠷᠠᠭᠠᠲᠤ ᠪᠠᠶᠢᠭᠰᠠᠨ ᠪᠠᠶᠢᠳᠠᠯ ᠢ ᠡᠴᠦᠰ ᠪᠣᠯᠭᠠᠭᠰᠠᠨ ᠪᠢᠯᠡ᠃

ᠮᠠᠨᠵᠤ ᠤᠯᠤᠰ 1912 ᠣᠨ ᠳᠤ ᠮᠥᠬᠦᠭᠰᠡᠨ ᠬᠡᠳᠦᠢ ᠴᠤ ᠮᠠᠨᠵᠤ ᠬᠡᠯᠡ ᠰᠤᠶᠤᠯ ᠤᠨ ᠲᠤᠬᠠᠢ ᠳᠤ ᠠᠯᠢ 18 ᠍ ᠳᠦᠭᠡᠷ ᠵᠠᠭᠤᠨ ᠤ ᠳᠤᠮᠳᠠ ᠦᠶᠡᠰ ᠪᠠᠷᠤᠭ ᠦᠭᠡᠢ ᠪᠣᠯᠤᠭᠰᠠᠨ ᠪᠠᠶᠢᠨ᠎ᠠ᠃ ᠬᠡᠳᠦᠢ ᠮᠠᠨᠵᠤ ᠶᠢᠨ ᠵᠠᠰᠠᠭ ᠵᠠᠬᠢᠷᠭ᠎ᠠ ᠮᠠᠨᠵᠤ ᠬᠡᠯᠡ ᠰᠤᠶᠤᠯ ᠢ ᠬᠠᠳᠠᠭᠠᠯᠠᠬᠤ ᠬᠦᠴᠦᠨ ᠴᠢᠷᠮᠠᠶᠢᠯᠲᠠ ᠭᠠᠷᠭᠠᠭᠰᠠᠨ ᠴᠤ ᠭᠡᠯ᠎ᠡ (ᠮᠠᠨᠵᠤ ᠶᠢᠨ ᠢᠵᠠᠭᠤᠷᠲᠠᠨ ᠨᠤᠭᠤᠳ ᠬᠠᠨ ᠬᠢᠲᠠᠳ ᠲᠠᠢ ᠤᠷᠤᠭ ᠪᠠᠷᠢᠯᠳᠤᠬᠤ ᠶᠢ ᠬᠤᠷᠢᠭᠯᠠᠬᠤ ᠵᠡᠷᠭᠡ) ᠰᠤᠶᠤᠯ ᠤᠯᠠᠮᠵᠢᠯᠠᠯ ᠨᠢ ᠬᠠᠨ ᠬᠢᠲᠤᠳ ᠤᠳ ᠲᠤ ᠠᠭᠤᠰᠤᠨ ᠨᠡᠶᠢᠯᠡᠵᠦ ᠬᠢᠲᠠᠳ ᠰᠤᠶᠤᠯ ᠮᠡᠲᠦ ᠪᠡᠷ ᠬᠠᠷᠠᠭᠳᠠᠨ ᠪᠦᠳᠡᠭᠢᠷᠡᠨ ᠠᠷᠢᠯᠵᠤ᠂ ᠶᠠᠷᠢᠶᠠᠨ ᠤ ᠬᠡᠯᠡ ᠨᠢ ᠤᠰᠠᠳᠤᠨ ᠪᠢᠴᠢᠭ ᠦᠨ ᠬᠡᠯᠡ ᠨᠢ ᠵᠥᠪᠬᠡᠨ ᠬᠠᠭᠠᠨ ᠤ ᠣᠷᠳᠣᠨ ᠳᠤ ᠬᠠᠭᠠᠨ ᠪᠣᠯᠤᠨ ᠥᠨᠳᠥᠷ ᠤᠭᠰᠠᠭᠠᠲᠤ ᠢᠵᠠᠭᠤᠷᠲᠠᠨ ᠤ ᠶᠠᠷᠢᠶᠠᠨ ᠤ ᠲᠡᠮᠳᠡᠭᠯᠡᠯ ᠳᠦ ᠬᠡᠷᠡᠭᠯᠡᠬᠦ ᠪᠣᠯᠤᠭᠰᠠᠨ ᠨᠢ ᠯᠠ ᠬᠣᠵᠢᠭᠤ ᠬᠦᠷᠲᠡᠯ᠎ᠡ ᠤᠯᠠᠮᠵᠢᠯᠠᠵᠤ᠂ ᠣᠳᠣ ᠴᠥᠭᠡᠨ ᠲᠣᠭᠠᠨ ᠤ ᠥᠨᠳᠥᠷ ᠨᠠᠰᠤᠲᠠᠨ ᠪᠣᠯᠤᠨ ᠮᠠᠨᠵᠤ ᠰᠤᠳᠤᠯᠤᠭᠠᠴᠢᠳ ᠠᠴᠠ ᠥᠭᠡᠷ᠎ᠡ ᠮᠡᠳᠡᠬᠦ ᠬᠦᠮᠦᠨ ᠦᠭᠡᠢ ᠪᠣᠯᠵᠠᠢ᠃ (ᠡᠨᠳᠡ ᠵᠣᠷᠢᠭᠤᠳᠠ ᠬᠡᠯᠡᠪᠡᠯ ᠵᠣᠬᠢᠬᠤ ᠨᠢᠭᠡ ᠵᠦᠢᠯ ᠨᠢ ᠡᠮᠡᠭᠲᠡᠢ ᠬᠦᠮᠦᠨ ᠦ ᠬᠥᠯ ᠦᠨ ᠲᠠᠪᠠᠬᠠᠢ ᠶᠢ ᠬᠤᠭᠤᠯᠵᠤ ᠬᠠᠲ᠋ᠢᠩ ᠢᠶᠠᠷᠰᠢᠭᠤᠯᠳᠠᠭ ᠤᠯᠠᠮᠵᠢᠯᠠᠯ ᠪᠣᠯ ᠮᠠᠨᠵᠤ ᠶᠢᠨ ᠰᠤᠶᠤᠯ ᠪᠢᠰᠢ ᠶᠤᠮ ᠪᠠᠶᠢᠨ᠎ᠠ) ᠳᠤᠮᠳᠠᠳᠤ ᠢᠷᠭᠡᠨ ᠤᠯᠤᠰ ᠤᠨ ᠵᠠᠰᠠᠭ ᠤᠨ ᠭᠠᠵᠠᠷ ᠮᠠᠨᠵᠤ ᠶᠢᠨ ᠬᠠᠭᠠᠨ ᠪᠣᠯᠤᠨ ᠣᠷᠳᠣᠨ ᠤ ᠬᠢᠨ ᠳᠤ 1924 ᠣᠨ ᠬᠦᠷᠲᠡᠯ᠎ᠡ ᠴᠠᠯᠢᠩ ᠫᠦᠩᠯᠦ ᠣᠯᠭᠤᠵᠤ ᠪᠠᠰᠤᠨ ᠬᠡᠳᠦᠢ ᠴᠤ ᠬᠢᠲᠠᠳ ᠳᠠᠶᠠᠭᠠᠷ ᠮᠠᠨᠵᠤ ᠨᠠᠷ ᠢ ᠢᠯᠭᠠᠪᠤᠷᠢᠯᠠᠨ ᠭᠠᠳᠠᠭᠤᠷᠬᠠᠬᠤ ᠶᠠᠪᠤᠳᠠᠯ ᠮᠠᠰᠢ ᠲᠦᠭᠡᠮᠡᠯ ᠪᠠᠶᠢᠭᠰᠠᠨ ᠠᠴᠠ ᠣᠯᠠᠨ ᠮᠠᠨᠵᠤ ᠬᠦᠮᠦᠨ ᠤᠭᠰᠠᠭ᠎ᠠ ᠭᠠᠷᠪᠠᠯ᠎ᠠ ᠨᠢᠭᠤᠬᠤ᠂ ᠬᠢᠲᠠᠳ ᠨᠡᠷ᠎ᠡ ᠠᠪᠬᠤ᠂ ᠮᠠᠨᠵᠤᠤᠳ ᠠᠴᠠ ᠪᠠᠨ ᠬᠠᠷᠢᠯᠴᠠᠭ᠎ᠠ ᠬᠣᠯᠪᠣᠭ᠎ᠠ ᠪᠠᠨ ᠲᠠᠰᠤᠯᠬᠤ᠂ ᠨᠢᠭᠤᠭᠳᠠᠮᠠᠯ ᠠᠮᠢᠳᠤᠷᠠᠯ ᠢᠶᠠᠷ ᠠᠮᠢᠳᠤᠷᠠᠵᠤ ᠡᠬᠢᠯᠡᠭᠰᠡᠨ ᠪᠠᠶᠢᠨ᠎ᠠ᠃ ᠮᠠᠨᠵᠤᠤᠷ ᠢ ᠶᠠᠫᠣᠨᠴᠤᠳ ᠡᠵᠡᠯᠡᠭᠰᠡᠨ ᠦ ᠳᠠᠷᠠᠭ᠎ᠠ ᠪᠠᠷ 1934 ᠣᠨ ᠳᠤ ᠶᠠᠫᠣᠨ ᠤ ᠬᠠᠷᠠᠭ᠎ᠠ ᠬᠢᠨᠠᠯᠲᠠ᠂ ᠤᠯᠤᠰ ᠲᠥᠷᠥ ᠶᠢᠨ ᠵᠣᠷᠢᠯᠭ᠎ᠠ ᠪᠦᠬᠦᠢ ᠳᠡᠮᠵᠢᠯᠭᠡ ᠲᠡᠢ ᠪᠡᠷ ᠥᠰᠴᠢ ᠲᠣᠮᠣᠷᠠᠨ ᠤᠬᠠᠭᠠᠨ ᠰᠠᠭᠤᠭᠰᠠᠨ ᠫᠦ᠋ᠣᠭ ᠬᠠᠭᠠᠨ ᠢᠶᠠᠷ 《ᠲᠣᠮᠢᠯᠠᠵᠤ》 ᠮᠠᠨᠵᠤ ᠭᠣ ᠪᠤᠶᠤ ᠮᠠᠨᠵᠤ ᠤᠯᠤᠰ ᠢ ᠪᠠᠶᠢᠭᠤᠯᠤᠭᠰᠠᠨ ᠨᠢ 1945 ᠣᠨ ᠳᠤ ᠵᠥᠪᠯᠡᠯᠲᠦ ᠶᠢᠨ ᠠᠷᠮᠢ ᠮᠠᠨᠵᠤᠤᠷ ᠲᠤ ᠣᠷᠣᠵᠤ ᠢᠷᠡᠭᠰᠡᠨ ᠢᠶᠡᠷ ᠮᠥᠬᠥᠵᠦ ᠮᠠᠨᠵᠢ ᠨᠤᠭᠤᠳ ᠤᠨ 3 ᠳᠠᠬᠤ ᠤᠳᠤᠭ᠎ᠠ ᠪᠠᠨ ᠰᠡᠷᠭᠦᠬᠦ ᠣᠷᠣᠯᠳᠤᠯᠭ᠎ᠠ ᠶᠢ ᠨᠤᠷᠠᠭᠠᠴᠠᠢ᠃ ᠬᠢᠲᠠᠳ ᠲᠤ ᠮᠠᠨᠵᠤ ᠨᠠᠷ ᠢ ᠭᠠᠳᠠᠭᠤᠷᠬᠠᠬᠤ ᠦᠵᠡᠯ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠤᠨ ᠭᠠᠵᠠᠷ ᠠᠴᠠ ᠮᠠᠨᠵᠢ ᠨᠤᠭᠤᠳ ᠢ ᠦᠨᠳᠦᠰᠦᠨ ᠦ ᠴᠥᠭᠡᠩᠬᠢ ᠭᠡᠵᠦ ᠠᠯᠪᠠᠨ ᠶᠣᠰᠣᠭᠠᠷ ᠨᠡᠷᠡᠶᠢᠳᠬᠦ 1952 ᠣᠨ ᠬᠦᠷᠲᠡᠯ᠎ᠡ ᠪᠠᠶᠢᠭᠰᠠᠭᠠᠷ ᠠᠰᠠᠨ ᠪᠠ ᠮᠠᠨᠵᠤ ᠨᠠᠷ ᠤᠨ ᠲᠣᠭ᠎ᠠ ᠡᠨᠡ ᠦᠶ᠎ᠡ ᠳᠦ 2 ᠳᠠᠬᠢᠨ ᠬᠣᠷᠣᠭᠳᠠᠭᠰᠠᠨ ᠭᠡᠰᠡᠨ ᠪᠠᠶᠢᠳᠠᠭ ᠪᠠᠶᠢᠨ᠎ᠠ᠃ 1953 ᠣᠨ ᠤ ᠬᠢᠲᠠᠳ ᠤᠨ ᠬᠦᠮᠦᠨ ᠠᠮᠠ ᠶᠢᠨ ᠲᠣᠭᠠᠯᠠᠯᠭ᠎ᠠ ᠪᠠᠷ 2.5 ᠰᠠᠶ᠎ᠠ ᠮᠠᠨᠵᠤ ᠤᠭᠰᠠᠭᠠᠨ ᠤ ᠬᠦᠮᠦᠨ ᠪᠦᠷᠢᠳᠬᠡᠭᠳᠡᠵᠦ ᠪᠠᠶᠢᠭᠰᠠᠨ ᠪᠣᠯ 1982 ᠣᠨ ᠳᠤ 4.299.159, 1990 ᠣᠨ ᠳᠤ 9.821.180 ᠮᠠᠨᠵᠤ ᠤᠭᠰᠠᠭᠠᠲᠠᠨ ᠲᠣᠭᠠᠯᠠᠭᠳᠠᠭᠰᠠᠨ ᠨᠢ ᠬᠢᠲᠠᠳ ᠤᠨ ᠴᠥᠭᠡᠩᠬᠢ ᠦᠨᠳᠦᠰᠦᠲᠡᠨ (ᠮᠣᠩᠭᠣᠯ᠂ ᠮᠠᠨᠵᠤ᠂ ᠲᠦᠪᠡᠳ᠂ ᠬᠣᠲᠣᠩ) ᠍ ᠦ ᠳᠣᠲᠣᠷ᠎ᠠ ᠠᠴᠠ ᠬᠠᠮᠤᠭ ᠤᠨ ᠬᠤᠷᠳᠤᠨ ᠥᠰᠦᠭᠰᠡᠨ ᠦᠨᠳᠦᠰᠦᠲᠡᠨ ᠪᠣᠯᠵᠠᠢ᠃ ᠡᠨᠡ ᠨᠢ ᠴᠡᠪᠡᠷ ᠥᠰᠦᠯᠲᠡ ᠡᠴᠡ ᠭᠠᠳᠠᠨ᠎ᠠ ᠣᠯᠠᠨ ᠬᠦᠮᠦᠨ ᠮᠠᠨᠵᠤ ᠤᠭᠰᠠᠭᠠᠲᠠᠨ ᠪᠣᠯᠵᠤ ᠨᠡᠷ᠎ᠡ ᠣᠪᠤᠭ ᠢᠶᠠᠨ ᠥᠭᠡᠷᠡᠴᠢᠯᠡᠭᠰᠡᠨ᠂ ᠵᠠᠷᠢᠮ ᠨᠢ ᠮᠠᠨᠵᠤ ᠤᠭᠰᠠᠭ᠎ᠠ ᠶᠢ ᠪᠠᠨ ᠰᠡᠷᠭᠦᠭᠡᠭᠰᠡᠨ ᠵᠡᠷᠭᠡ ᠡᠴᠡ ᠰᠢᠯᠲᠠᠭᠠᠯᠠᠭᠰᠠᠨ ᠥᠰᠦᠯᠲᠡ ᠶᠤᠮ᠃

ᠣᠳᠣ ᠶᠢᠨ ᠪᠠᠶᠢᠳᠠᠯ ᠢᠶᠠᠷ ᠵᠡᠭᠦᠨ ᠬᠣᠶᠢᠳᠤ ᠬᠢᠲᠠᠳ ᠤᠨ ᠬᠡᠪᠡᠢ᠂ ᠵᠢᠯᠢᠩ᠂ ᠯᠢᠶᠤᠤᠨᠢᠩ ᠮᠤᠵᠢ ᠨᠤᠭᠤᠳ ᠲᠤ ᠮᠠᠨᠵᠢ ᠨᠤᠭᠤᠳ ᠤᠨ 10, ᠮᠣᠩᠭᠣᠯ ᠮᠠᠨᠵᠤ ᠶᠢᠨ 1 ᠨᠡᠶᠢᠲᠡ 11 ᠥᠪᠡᠷᠲᠡᠭᠡᠨ ᠵᠠᠰᠠᠬᠤ ᠳᠡᠭᠦᠷᠭᠡ ᠪᠠᠶᠢᠭ᠎ᠠ ᠶᠤᠮ ᠪᠠᠶᠢᠨ᠎ᠠ᠃ ᠮᠥᠨ ᠴᠥᠭᠡᠨ ᠲᠣᠭᠠᠨ ᠤ ᠮᠠᠨᠵᠢ ᠨᠤᠭᠤᠳ ᠬᠣᠶᠢᠳᠤ ᠰᠣᠯᠣᠩᠭᠣᠰ᠂ ᠣᠷᠣᠰ ᠤᠨ ᠰᠢᠪᠢᠷ᠂ ᠺᠠᠨᠠᠳᠠ ᠪᠣᠯᠤᠨ ᠶᠠᠫᠣᠨ ᠳᠤ ᠣᠷᠣᠰᠢᠨ ᠰᠠᠭᠤᠳᠠᠭ ᠠᠵᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ