ᠮᠠᠨᠵᠤ ᠶᠢᠨ ᠦᠶ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠵᠤ ᠶᠢᠨ ᠦᠶ᠎ᠡ ᠶᠢᠨ ᠵᠠᠰᠠᠭ ᠵᠠᠬᠢᠷᠭᠠᠨ ᠤ ᠬᠤᠪᠢᠶᠠᠷᠢ
ᠥᠪᠥᠷ ᠮᠣᠩᠭᠣᠯ ᠳᠠᠬᠢ ᠬᠠᠷᠠᠴᠢᠨ (Khartchin) , ᠭᠣᠷᠯᠣᠰ (Khorlos), ᠣᠨᠤᠭ ᠲᠤ (Oniot), ᠳᠥᠷᠪᠡ ᠳᠦ (Dourbet), ᠨᠠᠶᠢᠮᠠᠨ᠂ ᠪᠠᠭᠠᠷᠢᠨ᠂ (Barin) ᠠᠪᠠᠭ᠎ᠠ᠂ (Abakhai), ᠠᠪᠠᠭᠠᠨᠠᠷ᠂ (Abkhanar) ᠲᠦᠮᠡᠳ᠂ (Toumet) ᠦᠵᠦᠮᠦᠴᠢᠨ᠂ (Oudzemerchi) (Sounnite) (Khaotchit) ᠵᠡᠷᠭᠡ ᠠᠶᠢᠮᠠᠭ ᠤᠳ ᠤᠨ ᠪᠠᠶᠢᠷᠢᠰᠢᠯ᠃ ᠳᠠᠭᠤᠷ ᠍ ᠤᠨ ᠰᠠᠯᠪᠤᠷᠢ ᠭ᠎ᠠ ᠨᠤᠯ (Gogouli) ᠠᠮᠤᠷ ᠮᠥᠷᠡᠨ ᠦ ᠳᠠᠭᠠᠤ ᠪᠠᠶᠢᠷᠢᠰᠢᠭᠰᠠᠨ ᠪᠠᠶᠢᠨ᠎ᠠ᠃ 1883 ᠣᠨ
ᠡᠮᠦᠨᠡᠲᠦ ᠮᠣᠩᠭᠣᠯ ᠳᠠᠬᠢ ᠠᠶᠢᠮᠠᠭ ᠤᠳ: ᠨᠠᠶᠢᠮᠠᠨ ᠰᠢᠷ᠎ᠠ ᠮᠥᠷᠡᠨ ᠦ ᠤᠷᠢᠳᠤ ᠲᠠᠯ᠎ᠠ ᠳᠤ (Sira Muran), ᠣᠨᠤᠭ ᠲᠤ (Onhiot), ᠬᠣᠷᠴᠢᠨ (Khorchin). 1747 ᠣᠨ
ᠬᠥᠬᠡᠨᠠᠭᠤᠷ ᠳᠤ Tengri-noor, Boura-noor ᠭᠡᠬᠦ ᠮᠡᠲᠦ ᠮᠣᠩᠭᠣᠯ ᠨᠡᠷ᠎ᠡ ᠲᠡᠢ ᠭᠠᠵᠠᠷ ᠤᠳ ᠪᠠᠶᠢᠨ᠎ᠠ᠃ ᠳᠠᠭᠤᠷ ᠤᠨ ᠨᠤᠲᠤᠭ ᠢ Daourie ᠭᠡᠵᠦ ᠲᠡᠮᠳᠡᠭᠯᠡᠵᠡᠢ᠃ 1833 ᠣᠨ
ᠡᠮᠦᠨᠡᠲᠦ ᠮᠣᠩᠭᠣᠯ ᠳᠠᠬᠢ ᠠᠶᠢᠮᠠᠭ ᠤᠳ: ᠰᠥᠨᠢᠳ (Sounites), ᠴᠠᠬᠠᠷ (Tchakhars), ᠠᠪᠠᠭ᠎ᠠ (Abaka), ᠬᠣᠷᠴᠢᠨ (Kortchin), ᠳᠦᠷᠪᠡᠳ (Durbet), ᠭᠣᠷᠯᠣᠰ (Khorles). ᠭ᠎ᠠ ᠨᠤᠯ (Gogooli) ᠠᠮᠤᠷ ᠮᠥᠷᠡᠨ ᠦ ᠡᠷᠭᠢ ᠳᠦ᠃ 1851 ᠣᠨ
ᠵᠦᠩᠭᠠᠷ ᠢ "Songar Kalmucks", ᠤᠶᠢᠭᠤᠷ ᠢ "Little Bukharia" ᠭᠡᠵᠦ ᠲᠡᠮᠳᠡᠭᠯᠡᠵᠡᠢ᠃ ᠮᠥᠨ ᠳᠠᠭᠤᠷ᠂ ᠬᠠᠷᠠᠴᠢᠨ ᠤ ᠨᠤᠲᠤᠭ ᠢ ᠬᠠᠷᠠᠭᠤᠯᠤᠭᠰᠠᠨ ᠪᠠᠶᠢᠨ᠎ᠠ᠃ 1844 ᠣᠨ ᠤ ᠵᠢᠷᠤᠭ
ᠬᠣᠷᠴᠢᠨ (Chorchins), ᠨᠠᠶᠢᠮᠠᠨ (Naynam), ᠣᠨᠤᠭ ᠲᠤ (Onhiot), ᠠᠪᠠᠭᠠᠨᠠᠷ (Abahanar), ᠬᠣᠱᠤᠳ (Khochotie) ᠪᠣᠯᠤᠨ ᠪᠤᠰᠤᠳ ᠳᠡᠭᠡᠳᠦ ᠮᠣᠩᠭᠣᠯᠴᠤᠳ (Kalmouks Kokonor, Elets Kokonor)
Empire Chinois, Japon (1832).jpg

ᠮᠠᠨᠵᠤ ᠶᠢᠨ ᠦᠶ᠎ᠡ ᠶᠢᠨ ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ 1636 ᠣᠨ ᠳᠤ ᠥᠪᠥᠷ ᠮᠣᠩᠭᠣᠯ ᠢ ᠪᠦᠷᠢᠨ ᠡᠵᠡᠯᠡᠵᠦ ᠠᠪᠤᠭᠠᠳ 6 ᠴᠢᠭᠤᠯᠭᠠᠨ ᠳᠤ ᠬᠤᠪᠢᠶᠠᠵᠤ᠂ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠮᠤ ᠪᠠᠶᠢᠭᠤᠯᠤᠨ᠂ ᠲᠡᠭᠦᠨ ᠦ ᠪᠡᠨ ᠮᠣᠩᠭᠣᠯ ᠵᠤᠷᠭᠠᠨ ᠬᠡᠮᠡᠨ ᠨᠡᠷᠡᠯᠡᠬᠦ ᠪᠣᠯᠵᠠᠢ᠃ ᠡᠨᠡ 6 ᠴᠢᠭᠤᠯᠭᠠᠨ ᠢ ᠰᠢᠯᠢ ᠶᠢᠨ ᠭᠣᠣᠯ ᠤᠨ᠂ ᠵᠢᠷᠢᠮ ᠦᠨ᠂ ᠵᠣᠰᠣᠲᠤ ᠶᠢᠨ᠂ ᠬᠥᠯᠦᠨ ᠪᠤᠶᠢᠷ ᠤᠨ᠂ ᠵᠤᠤ-ᠤᠳᠠ ᠶᠢᠨ᠂ ᠤᠯᠠᠭᠠᠨᠴᠠᠪ ᠤᠨ ᠴᠢᠭᠤᠯᠭᠠᠨ ᠬᠡᠮᠡᠨ ᠨᠡᠷᠡᠯᠡᠵᠦ᠂ ᠡᠳᠡᠭᠡᠷ ᠴᠢᠭᠤᠯᠭᠠᠨ 1912 ᠣᠨ ᠬᠦᠷᠲᠡᠯ᠎ᠡ ᠬᠡᠪ ᠢᠶᠡᠷ ᠣᠷᠣᠰᠢᠨ ᠲᠣᠭᠲᠠᠨᠢᠵᠤ ᠪᠠᠶᠢᠭᠠᠳ ᠳᠤᠮᠳᠠᠳᠤ ᠢᠷᠭᠡᠨ ᠤᠯᠤᠰ ᠍ ᠤᠨ (1912-1949) ᠦᠶ᠎ᠡ ᠳᠦ 8 ᠠᠶᠢᠮᠠᠭ ᠪᠣᠯᠤᠨ ᠬᠤᠪᠢᠶᠠᠭᠳᠠᠭᠰᠠᠨ ᠨᠢ ᠰᠢᠯᠢ ᠶᠢᠨ ᠭᠣᠣᠯ᠂ ᠵᠢᠷᠮᠡᠨ᠂ ᠬᠥᠯᠦᠨᠪᠤᠶᠢᠷ᠂ ᠵᠣᠰᠣᠲᠤ᠂ ᠤᠯᠠᠭᠠᠨᠴᠠᠪ᠂ ᠪᠠᠶᠠᠨᠨᠠᠭᠤᠷ (ᠤᠷᠠᠳ), ᠣᠷᠳᠣᠰ (ᠵᠤᠤ-ᠤᠳᠠ), ᠠᠯᠠᠱᠠ ᠠᠶᠢᠮᠠᠭ ᠪᠥᠭᠡᠳ ᠰᠠᠶ᠋ᠢᠬᠠᠨ ᠠᠴᠠ 4 ᠲᠣᠮᠣ ᠠᠶᠢᠮᠠᠭ ᠤᠨ ᠵᠣᠬᠢᠶᠠᠨ ᠪᠠᠶᠢᠭᠤᠯᠤᠯᠲᠠ ᠶᠢ ᠡᠪᠳᠡᠵᠦ ᠬᠣᠲᠠ ᠪᠣᠯᠭᠠᠭᠰᠠᠨ ᠪᠥᠭᠡᠳ ᠰᠢᠯᠢ ᠶᠢᠨ ᠭᠣᠣᠯ᠂ ᠬᠥᠯᠦᠨᠪᠤᠶᠢᠷ᠂ ᠪᠠᠶᠠᠨᠨᠠᠭᠤᠷ᠂ ᠠᠯᠠᠱᠠ 4 ᠠᠶᠢᠮᠠᠭ ᠢᠶᠠᠷ ᠢᠶᠠᠨ ᠦᠯᠡᠳᠡᠵᠦ᠂ ᠣᠷᠳᠣᠰ ᠠᠶᠢᠮᠠᠭ ᠢ ᠣᠷᠳᠣᠰ ᠬᠣᠲᠠ᠂ ᠤᠯᠠᠭᠠᠨᠴᠠᠪ ᠠᠶᠢᠮᠠᠭ ᠢ ᠪᠤᠭᠤᠳᠤ ᠬᠣᠲᠠ (ᠭᠣᠣᠯᠳᠠᠭᠤ ᠪᠠᠣᠲ᠋ᠣᠤ ᠭᠡᠨ᠎ᠡ), ᠵᠣᠰᠣᠲᠤ ᠠᠶᠢᠮᠠᠭ ᠢ ᠤᠯᠠᠭᠠᠨ ᠬᠣᠲᠠ (ᠭᠣᠣᠯᠳᠠᠭᠤ ᠴᠧᠹᠡᠩ ᠢ ᠭᠡᠨ᠎ᠡ), ᠵᠢᠷᠮᠡᠨ ᠠᠶᠢᠮᠠᠭ ᠢ ᠲᠦᠩᠯᠢᠶᠣᠣ ᠬᠣᠲᠠ ᠭᠡᠵᠦ ᠨᠡᠷᠡᠯᠡᠵᠦ ᠪᠠᠶᠢᠨ᠎ᠠ᠃[1] ᠣᠷᠳᠣᠰᠴᠤᠤ ᠳᠤ ᠰᠢᠷ᠎ᠠ ᠮᠥᠷᠡᠨ ᠦ ᠤᠷᠳᠤ ᠡᠷᠭᠢ ᠪᠤᠶᠤ ᠣᠷᠳᠣᠰ ᠤᠨ ᠲᠣᠬᠣᠢ ᠳᠤ ᠶᠡᠬᠡ ᠵᠤᠤ ᠴᠢᠭᠤᠯᠭᠠᠨ ᠳᠤ ᠪᠠᠶᠢᠪᠠ᠃

ᠮᠠᠨᠵᠤ ᠶᠢᠨ ᠤᠯᠤᠰ ᠲᠥᠷᠥ ᠶᠢᠨ ᠪᠣᠳᠣᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠤᠯᠤᠰ ᠮᠣᠩᠭᠣᠯᠴᠤᠳ ᠢ ᠪᠣᠰᠤᠯᠭ᠎ᠠ ᠭᠠᠷᠭᠠᠬᠤ ᠠᠴᠠ ᠰᠡᠷᠭᠡᠶᠢᠯᠡᠵᠦ ᠲᠡᠮᠦᠷ ᠦᠨ ᠬᠡᠷᠡᠭᠯᠡᠭᠡ ᠶᠢ ᠬᠢᠵᠠᠭᠠᠷᠯᠠᠨ ᠲᠡᠷᠭᠡᠨ ᠳᠦ ᠪᠡᠨ ᠲᠡᠮᠦᠷ ᠴᠥᠩ ᠬᠢᠳᠡᠭ ᠪᠠᠶᠢᠭᠰᠠᠨ ᠢ ᠪᠣᠯᠢᠭᠤᠯᠰᠤᠨ ᠢᠶᠠᠷ 20 ᠍ ᠳᠦᠭᠡᠷ ᠵᠠᠭᠤᠨ ᠭᠡᠬᠦ ᠳᠦ ᠮᠣᠩᠭᠣᠯᠴᠤᠳ ᠳᠠᠩ ᠮᠣᠳᠣ ᠪᠠᠷ ᠲᠡᠷᠭᠡ ᠬᠢᠳᠡᠭ ᠪᠣᠯᠵᠠᠢ᠃ ᠠᠷᠠᠳ ᠤᠳ ᠮᠠᠨᠵᠤ᠂ ᠮᠣᠩᠭᠣᠯ ᠡᠷᠬᠡ ᠪᠠᠷᠢᠭᠴᠢ᠂ ᠮᠥᠨ ᠲᠠᠶᠢᠵᠢ᠂ ᠳᠡᠭᠡᠳᠦ ᠯᠠᠮᠠ ᠨᠠᠷ ᠲᠤ ᠦᠭᠡ ᠳᠠᠭᠤ ᠦᠭᠡᠢ ᠵᠠᠬᠢᠷᠤᠭᠳᠠᠵᠤ᠂ ᠣᠨᠳᠣᠣ ᠬᠣᠰᠢᠭᠤᠨ ᠳᠤ ᠶᠠᠪᠤᠬᠤ ᠳᠤ ᠪᠠᠨ ᠨᠣᠶᠠᠨ ᠠᠴᠠ ᠪᠠᠨ ᠵᠥᠪᠰᠢᠶᠡᠷᠡᠯ ᠠᠪᠴᠤ᠂ ᠣᠯᠠᠨ ᠵᠦᠢᠯ ᠦᠨ ᠠᠯᠪᠠ ᠲᠠᠲᠠᠪᠤᠷᠢ ᠲᠥᠯᠦᠵᠦ ᠪᠠᠶᠢᠪᠠ᠃

1890 ᠣᠨ

ᠮᠠᠨᠵᠤ ᠶᠢᠨ ᠡᠷᠬᠡᠰᠢᠶᠡᠯ ᠳᠦ ᠪᠠᠶᠢᠭᠰᠠᠨ ᠦᠶ᠎ᠡ ᠶᠢᠨ ᠮᠣᠩᠭᠣᠯ ᠤᠨ ᠲᠥᠷᠥ᠂ ᠡᠷᠬᠡ ᠵᠦᠢ ᠶᠢᠨ ᠰᠡᠳᠬᠢᠯᠭᠡᠨ ᠦ ᠬᠥᠭᠵᠢᠯ ᠮᠠᠨᠵᠤ ᠶᠢᠨ ᠨᠥᠯᠦᠭᠡᠨ ᠳᠦ ᠪᠠᠶᠢᠭᠰᠠᠨ ᠦᠶ᠎ᠡ ᠶᠢᠨ ᠲᠥᠷᠥ ᠵᠠᠬᠢᠷᠭ᠎ᠠ ᠪᠣᠯᠤᠨ ᠡᠷᠬᠡ ᠵᠦᠢ ᠶᠢ ᠰᠤᠳᠤᠯᠬᠤ ᠳᠤ ᠲᠡᠷᠡ ᠦᠶ᠎ᠡ ᠶᠢᠨ ᠳᠠᠭᠠᠨ ᠮᠥᠷᠳᠡᠵᠦ ᠪᠠᠶᠢᠭᠰᠠᠨ ᠬᠠᠤᠯᠢ ᠴᠠᠭᠠᠵᠠ ᠨᠤᠭᠤᠳ ᠦᠨᠳᠦᠰᠦᠨ ᠡᠬᠢ ᠰᠤᠷᠪᠤᠯᠵᠢ ᠨᠢ ᠪᠣᠯᠳᠠᠭ᠃ ᠡᠳᠡᠭᠡᠷ ᠨᠢ ᠵᠠᠷᠯᠢᠭ ᠢᠶᠠᠷ ᠲᠣᠭᠲᠠᠭᠠᠭᠰᠠᠨ ᠮᠠᠨᠵᠤ ᠴᠢᠩ ᠤᠯᠤᠰ ᠤᠨ ᠪᠦᠭᠦᠳᠡ ᠬᠠᠤᠯᠢ᠂ ᠬᠠᠯᠬ᠎ᠠ ᠵᠢᠷᠤᠮ᠂ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠤ ᠬᠠᠤᠯᠢ ᠵᠦᠢᠯ ᠦᠨ ᠪᠢᠴᠢᠭ ᠦᠳ ᠪᠢᠯᠡ᠃ ᠡᠨᠡ ᠦᠶ᠎ᠡ ᠶᠢᠨ ᠮᠣᠩᠭᠣᠯ ᠤᠨ ᠡᠷᠬᠡ ᠵᠦᠢ ᠨᠢ ᠨᠢᠭᠡ ᠲᠠᠯ᠎ᠠ ᠪᠠᠷ ᠮᠣᠩᠭᠣᠯ ᠤᠨ ᠲᠥᠷᠥ᠂ ᠡᠷᠬᠡ ᠵᠦᠢ ᠶᠢᠨ ᠤᠯᠠᠮᠵᠢᠯᠠᠯ ᠢ ᠠᠯᠢ ᠪᠣᠯᠬᠤ ᠪᠠᠷ ᠬᠠᠳᠠᠭᠠᠯᠠᠬᠤ ᠶᠢ ᠬᠢᠴᠢᠶᠡᠭᠰᠡᠨ᠂ ᠨᠥᠭᠥᠭᠡ ᠲᠠᠯ᠎ᠠ ᠪᠠᠷ᠂ ᠠᠷᠭ᠎ᠠ ᠦᠭᠡᠢ ᠶᠢᠨ ᠡᠷᠬᠡᠨ ᠳᠦ ᠮᠠᠨᠵᠤ ᠪᠣᠯᠤᠨ ᠬᠢᠲᠠᠳ ᠤᠨ ᠡᠷᠬᠡ ᠵᠦᠢ ᠶᠢᠨ ᠵᠠᠷᠴᠢᠮ ᠤᠨ ᠨᠥᠯᠦᠭᠡᠨ ᠳᠦ ᠣᠷᠣᠭᠰᠠᠨ ᠪᠠᠶᠢᠯ᠎ᠠ᠃ ᠶᠠᠮᠠᠷ ᠴᠤ ᠪᠠᠶᠢᠭᠰᠠᠨ ᠮᠣᠩᠭᠣᠯ ᠤᠨ ᠨᠡᠶᠢᠭᠡᠮ ᠤᠨ ᠬᠠᠷᠢᠯᠴᠠᠭ᠎ᠠ ᠶᠢ ᠵᠣᠬᠢᠴᠠᠭᠤᠯᠬᠤ ᠤᠴᠢᠷ ᠠᠴᠠ ᠮᠣᠩᠭᠣᠯ ᠴᠠᠭᠠᠵᠠ ᠶᠢᠨ ᠤᠯᠠᠮᠵᠢᠯᠠᠯ ᠪᠣᠯᠤᠨ ᠡᠬᠢ ᠰᠤᠷᠪᠤᠯᠵᠢ ᠳᠤ ᠲᠤᠯᠭᠠᠭᠤᠷᠢᠯᠠᠵᠤ ᠪᠠᠶᠢᠯ᠎ᠠ᠃ ᠮᠠᠨᠵᠤ ᠴᠢᠩ ᠤᠯᠤᠰ ᠤᠨ ᠡᠷᠬᠡᠰᠢᠶᠡᠯ ᠳᠦ ᠪᠠᠶᠢᠭᠰᠠᠨ ᠦᠶ᠎ᠡ ᠳᠦ ᠮᠣᠩᠭᠣᠯ ᠤᠨ ᠢᠷᠭᠡᠨ ᠦ ᠪᠣᠯᠤᠨ ᠡᠷᠬᠡ ᠵᠦᠢ ᠶᠢᠨ ᠲᠡᠦᠬᠡᠨ ᠳᠦ ᠨᠠᠭᠠᠰᠢ ᠲᠠᠢ ᠳᠡᠪᠰᠢᠯᠲᠡ ᠳᠦ ᠦᠵᠡᠯ ᠰᠠᠨᠠᠭ᠎ᠠ᠂ ᠦᠵᠡᠭᠳᠡᠯ  ᠴᠥᠭᠡᠨ ᠦᠭᠡᠢ ᠪᠠᠶᠢᠭᠰᠠᠨ ᠢ ᠦᠭᠡᠶᠢᠰᠬᠡᠵᠦ ᠪᠣᠯᠬᠤ ᠦᠭᠡᠢ᠃ ᠢᠯᠠᠩᠭᠤᠶ᠎ᠠ ᠮᠣᠩᠭᠣᠯ ᠤᠨ ᠤᠯᠠᠮᠵᠢᠯᠠᠯ ᠳᠤ ᠡᠷᠬᠡ ᠵᠦᠢ ᠶᠢ ᠰᠢᠨᠡᠴᠢᠯᠡᠬᠦ ᠳᠦ ᠴᠢᠬᠤᠯᠠ ᠨᠥᠯᠥᠭᠡ ᠦᠵᠡᠭᠦᠯᠦᠭᠰᠡᠨ ᠨᠢ ᠲᠡᠦᠬᠡ ᠶᠢᠨ ᠦᠨᠡᠨ ᠶᠤᠮ ᠭᠡᠵᠦ ᠰᠤᠳᠤᠯᠤᠭᠠᠴᠢ ᠪ᠃ᠪᠠᠶᠠᠷᠰᠠᠶᠢᠬᠠᠨ ᠦᠵᠡᠭᠰᠡᠨ ᠶᠤᠮ᠃ ᠮᠠᠨᠵᠤ ᠠᠴᠠ ᠶᠠᠪᠤᠭᠤᠯᠤᠭᠰᠠᠨ ᠪᠣᠳᠣᠯᠭ᠎ᠠ ᠨᠤᠭᠤᠳ ᠨᠢ ᠮᠣᠩᠭᠣᠯ ᠤᠨ ᠲᠥᠷᠥ᠂ ᠡᠷᠬᠡ ᠵᠦᠢ ᠶᠢᠨ ᠰᠡᠳᠬᠢᠯᠭᠡᠨ ᠦ ᠬᠥᠭᠵᠢᠯᠳᠦ ᠡᠶᠡᠷᠭᠦ ᠪᠣᠯᠤᠨ ᠰᠥᠷᠭᠦ ᠠᠯᠢ ᠠᠯᠨ ᠢᠶᠠᠷ ᠨᠢ ᠨᠥᠯᠦᠭᠡᠯᠡᠵᠦ ᠪᠠᠶᠢᠪᠠ᠃ ᠮᠥᠨ ᠮᠣᠩᠭᠣᠯ ᠤᠨ ᠡᠷᠬᠡ ᠵᠦᠢ ᠶᠢ ᠰᠢᠨᠡᠴᠢᠯᠡᠬᠦ ᠳᠦ ᠪᠠᠭ᠎ᠠ ᠦᠭᠡᠢ ᠨᠥᠯᠦᠭᠡᠯᠡᠭᠰᠡᠨ ᠨᠢ ᠡᠭᠦᠨ ᠦ ᠡᠶᠡᠷᠡᠭ ᠨᠥᠯᠥᠭᠡᠯᠡᠯ ᠶᠤᠮ᠃ ᠮᠣᠩᠭᠣᠯ ᠢ ХХ ᠵᠠᠭᠤᠨ ᠤ ᠡᠬᠢ ᠪᠡᠷ ᠬᠢᠲᠠᠳᠴᠢᠯᠠᠬᠤ ᠪᠣᠳᠣᠯᠭ᠎ᠠ ᠶᠠᠪᠤᠭᠤᠯᠵᠤ ᠪᠠᠶᠢᠭᠰᠠᠨ ᠵᠡᠷᠭᠡ ᠰᠥᠷᠭᠦ ᠨᠥᠯᠥᠭᠡᠯᠡᠯ ᠨᠢ ᠬᠠᠷᠠᠭᠳᠠᠵᠤ ᠪᠠᠶᠢᠨ᠎ᠠ᠃ ᠮᠥᠨ ᠮᠠᠨᠵᠤ ᠨᠠᠷ ᠮᠣᠩᠭᠣᠯ ᠳᠤ ᠲᠥᠷᠥ ᠶᠢᠨ ᠪᠣᠯᠤᠭᠠᠳ ᠵᠠᠰᠠᠭ ᠵᠠᠬᠢᠷᠭᠠᠨ ᠤ ᠴᠢᠮ᠎ᠠ ᠦᠭᠡᠢ ᠶᠡᠬᠡ ᠥᠭᠡᠷᠡᠴᠢᠯᠡᠯᠲᠡ ᠨᠦᠭᠦᠳ ᠢ ᠬᠢᠵᠦ ᠪᠠᠶᠢᠭᠰᠠᠨ ᠨᠢ ᠲᠡᠦᠬᠡ ᠶᠢᠨ ᠬᠠᠭᠤᠳᠠᠰᠤᠨ ᠢᠶᠠᠨ ᠲᠡᠮᠳᠡᠭᠯᠡᠭᠳᠡᠵᠡᠢ᠃ ᠡᠭᠦᠨ ᠢ ᠮᠣᠩᠭᠣᠯ ᠳᠤ ᠪᠠᠶᠢᠭᠤᠯᠤᠭᠳᠠᠭᠰᠠᠨ ᠮᠠᠨᠵᠤ ᠴᠢᠩ ᠤᠯᠤᠰ ᠤᠨ ᠬᠠᠮᠤᠭ ᠤᠨ ᠳᠡᠭᠡᠳᠦ ᠡᠷᠬᠡ ᠲᠡᠢ ᠪᠠᠶᠢᠭᠤᠯᠤᠯᠭ᠎ᠠ ᠬᠢᠨᠠᠵᠤ ᠪᠠᠶᠢᠪᠠ᠃ ᠡᠨᠡ ᠨᠢ ᠤᠯᠢᠶᠠᠰᠤᠲᠠᠢ ᠶᠢᠨ ᠵᠠᠩᠵᠤᠨ ᠤ ᠭᠠᠵᠠᠷ ᠪᠠᠶᠢᠭᠰᠠᠨ ᠶᠤᠮ᠃ ᠶᠡᠷᠦᠩᠬᠡᠢ ᠳᠤ ᠪᠡᠨ ᠮᠣᠩᠭᠣᠯ ᠢ ᠤᠳᠤᠷᠢᠳᠬᠤ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤ ᠪᠣᠯᠤᠨ ᠤᠯᠢᠶᠠᠰᠤᠲᠠᠢ ᠶᠢᠨ ᠮᠠᠨᠵᠤ ᠵᠠᠩᠵᠤᠨ ᠤ ᠭᠠᠵᠠᠷ᠂ ᠠᠶᠢᠮᠠᠭ ᠤᠨ ᠵᠢᠱᠢᠶ ᠡ ᠨᠠᠷ ᠢ ᠶᠡᠬᠡᠪᠴᠢᠯᠡᠨ ᠮᠠᠨᠵᠤ ᠬᠦᠮᠦᠰ ᠢᠶᠡᠷ ᠤᠳᠤᠷᠢᠳᠤᠭᠤᠯᠳᠠᠭ ᠪᠠᠶᠢᠯ᠎ᠠ᠃ ᠡᠨᠡ ᠨᠢ ᠮᠣᠩᠭᠣᠯ ᠢ ᠪᠦᠬᠦ ᠱᠠᠲᠤᠨ ᠳᠤ ᠱᠠᠲᠤᠯᠠᠨ ᠵᠠᠬᠢᠷᠴᠢ ᠪᠠᠶᠢᠬᠤ ᠮᠠᠨᠵᠤ ᠶᠢᠨ ᠲᠡᠷᠢᠭᠦᠨ ᠪᠣᠳᠣᠯᠭ᠎ᠠ ᠨᠤᠭᠤᠳ ᠤᠨ ᠨᠢᠭᠡ ᠨᠢ ᠶᠠᠬᠤ ᠶᠢᠨ ᠠᠷᠭ᠎ᠠ ᠦᠭᠡᠢ ᠮᠥᠨ ᠪᠢᠯᠡ᠃ ᠮᠠᠨᠵᠤ ᠨᠠᠷ ᠨᠢ ᠮᠣᠩᠭᠣᠯ ᠳᠤ ᠰᠢᠭᠤᠳ ᠥᠪᠡᠷᠰᠡᠳ ᠦᠨ ᠬᠠᠤᠯᠢ ᠴᠠᠭᠠᠵᠠ ᠶᠢ ᠶᠠᠪᠤᠭᠤᠯᠬᠤ ᠠᠴᠠ ᠪᠣᠯᠭᠣᠮᠵᠢᠯᠠᠵᠤ ᠡᠩᠬᠡ-ᠠᠮᠤᠭᠤᠯᠠᠩ ᠬᠠᠭᠠᠨ ᠰᠢᠨ᠎ᠡ ᠳᠠᠭᠠᠭᠰᠠᠨ ᠬᠠᠯᠬ᠎ᠠ ᠨᠠᠷ ᠢ ᠲᠡᠳᠡᠨ ᠦ ᠬᠠᠤᠯᠢ ᠶᠣᠰᠣᠭᠠᠷ ᠪᠣᠯᠲᠤᠭᠠᠢ ᠬᠡᠮᠡᠨ ᠵᠠᠷᠯᠢᠭ ᠪᠠᠭᠤᠯᠭᠠᠵᠤ ᠪᠠᠶᠢᠭᠰᠠᠨ ᠪᠠᠶᠢᠨ᠎ᠠ᠃ ᠤᠳᠠᠯ ᠦᠭᠡᠢ ᠳᠡᠭᠡᠷ᠎ᠡ ᠳᠤᠷᠢᠳᠠᠭᠰᠠᠨ ᠬᠠᠯᠬ᠎ᠠ ᠵᠢᠷᠤᠮ ᠬᠠᠤᠯᠢ ᠶᠢ ᠬᠡᠯᠡᠯᠴᠡᠨ ᠲᠣᠳᠠᠭᠰᠠᠨ ᠪᠠᠶᠢᠨ᠎ᠠ᠃ ᠡᠨᠡ ᠬᠠᠤᠯᠢ ᠶᠢ 1789 ᠣᠨ ᠠᠴᠠ ᠳᠠᠭᠠᠵᠤ ᠮᠥᠷᠳᠡᠬᠦ ᠨᠢ ᠬᠠᠷᠢᠴᠠᠩᠭᠤᠢ ᠪᠠᠭᠠᠰᠴᠠᠢ ᠤᠴᠢᠷ ᠨᠢ ᠮᠠᠨᠵᠤ ᠨᠠᠷ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠤ ᠬᠠᠤᠯᠢ ᠵᠦᠢᠯ ᠦᠨ ᠪᠢᠴᠢᠭ ᠪᠤᠶᠤ ᠳᠡᠭᠡᠷ᠎ᠡ ᠳᠤᠷᠢᠳᠠᠭᠰᠠᠨ ᠮᠣᠩᠭᠣᠯ ᠴᠠᠭᠠᠵᠠ ᠶᠢᠨ ᠪᠢᠴᠢᠭ ᠢ ᠵᠣᠬᠢᠶᠠᠨ ᠭᠠᠷᠭᠠᠭᠰᠠᠨ ᠲᠠᠢ ᠰᠢᠭᠤᠳ ᠤᠶᠠᠯᠳᠤᠭ᠎ᠠ ᠲᠠᠢ ᠪᠢᠯᠡ᠃ ᠬᠠᠯᠬ᠎ᠠ ᠵᠢᠷᠤᠮ ᠢ ᠬᠠᠯᠬ᠎ᠠ ᠶᠢᠨ ᠨᠣᠶᠠᠳ ᠤᠨ ᠣᠷᠣᠯᠴᠠᠭ᠎ᠠ ᠲᠠᠢ ᠪᠠᠲᠤᠯᠠᠭᠰᠠᠨ ᠤᠴᠢᠷ ᠵᠣᠬᠢᠴᠠᠭᠤᠯᠤᠯᠲᠠ ᠰᠠᠶᠢᠨ ᠶᠠᠪᠤᠭᠳᠠᠵᠤ ᠪᠠᠶᠢᠭᠰᠠᠨ ᠶᠤᠮ᠃ ᠮᠣᠩᠭᠣᠯ ᠴᠠᠭᠠᠵᠠ ᠶᠢᠨ ᠪᠢᠴᠢᠭ ᠢ ᠵᠣᠬᠢᠶᠠᠨ ᠭᠠᠷᠭᠠᠭᠰᠠᠨ ᠨᠢ ᠮᠣᠩᠭᠣᠯ ᠢ ᠮᠠᠨᠵᠤ ᠶᠢᠨ ᠡᠷᠬᠡ ᠵᠦᠢ ᠪᠣᠯᠤᠨ ᠲᠥᠷᠥ ᠶᠢᠨ ᠨᠥᠯᠦᠭᠡᠨ ᠳᠦ ᠪᠦᠷᠢᠨ ᠠᠪᠲᠠᠭᠤᠯᠬᠤ ᠠᠯᠬᠤᠮ ᠤᠳ ᠤᠨ ᠨᠢᠭᠡ ᠪᠠᠶᠢᠯ᠎ᠠ᠃ ᠭᠡᠪᠡᠴᠦ ᠡᠨᠡ ᠠᠯᠬᠤᠮ ᠤᠳ ᠬᠡᠵᠢᠶ᠎ᠡ ᠨᠢᠭᠡᠨ ᠴᠠᠭ ᠲᠤ ᠪᠦᠷ ᠮᠥᠰᠦᠨ ᠪᠦᠳᠦᠷᠢᠨ᠎ᠡ ᠭᠡᠳᠡᠭ ᠢ ᠮᠠᠨᠵᠤ ᠶᠢᠨ ᠴᠥᠭᠡᠬᠡᠨ ᠬᠦᠮᠦᠨ ᠮᠡᠳᠡᠵᠦ ᠪᠠᠶᠢᠯ᠎ᠠ᠃ ᠮᠠᠨᠵᠤ ᠨᠠᠷ ᠤᠨ ХХ ᠵᠠᠭᠤᠨ ᠳᠤ ᠶᠠᠪᠤᠭᠤᠯᠵᠤ ᠪᠠᠶᠢᠭᠰᠠᠨ 《ᠰᠢᠨ᠎ᠡ ᠵᠠᠰᠠᠭ ᠤᠨ ᠪᠣᠳᠣᠯᠭ᠎ᠠ》 ᠨᠢ ᠮᠣᠩᠭᠣᠯᠴᠤᠳ ᠢ ᠠᠰᠠᠭᠠᠬᠤ ᠳᠠᠷᠢ ᠨᠢ ᠪᠣᠯᠵᠤ ᠥᠭᠭᠦᠭᠰᠡᠨ ᠶᠤᠮ᠃ ᠡᠨᠡ ᠪᠣᠳᠣᠯᠭ᠎ᠠ ᠶᠢᠨ ᠠᠭᠤᠯᠭ᠎ᠠ ᠨᠢ ᠮᠣᠩᠭᠣᠯ ᠳᠤ ᠬᠢᠲᠠᠳ ᠢᠷᠭᠡᠳ ᠢ ᠦᠢ ᠣᠯᠠᠨ ᠢᠶᠠᠷ ᠰᠢᠯᠵᠢᠭᠦᠯᠦᠨ ᠰᠠᠭᠤᠷᠢᠰᠢᠭᠤᠯᠬᠤ᠂ ᠬᠦᠮᠦᠨ ᠠᠮᠠ ᠶᠢ ᠬᠢᠲᠠᠳᠴᠢᠯᠠᠬᠤ᠂ ᠮᠠᠨᠵᠤ ᠬᠢᠲᠠᠳ ᠤᠨ ᠵᠠᠰᠠᠭ ᠵᠠᠬᠢᠷᠭᠠᠨ ᠤ ᠰᠢᠭᠤᠳ ᠨᠢᠭᠡ ᠬᠡᠰᠡᠭ ᠪᠣᠯᠭᠠᠬᠤ ᠵᠡᠷᠭᠡ ᠪᠠᠶᠢᠯ᠎ᠠ . ᠡᠨᠡ ᠪᠣᠳᠣᠯᠭ᠎ᠠ ᠭᠠᠷᠤᠭᠰᠠᠨ ᠤ ᠳᠠᠷᠠᠭ᠎ᠠ ᠪᠣᠰᠤᠯᠭ᠎ᠠ ᠨᠤᠭᠤᠳ ᠡᠨᠳᠡ ᠲᠡᠨᠳᠡ ᠭᠦᠢ ᠥᠷᠨᠢᠵᠦ ᠪᠠᠶᠢᠪᠠ᠃ ᠢᠩᠭᠢᠭᠰᠡᠨ ᠢᠶᠡᠷ ᠮᠣᠩᠭᠣᠯᠴᠤᠳ ᠮᠠᠨᠵᠤ ᠶᠢᠨ ᠡᠷᠬᠡ ᠵᠦᠢ ᠪᠣᠯᠤᠨ ᠲᠥᠷᠥ ᠶᠢᠨ ᠨᠥᠯᠦᠭᠡᠨ ᠳᠦ ᠠᠪᠲᠠᠯ ᠦᠭᠡᠢ ᠮᠠᠨᠵᠤ ᠠᠴᠠ ᠰᠠᠯᠠᠩ ᠲᠤᠰᠠᠭᠠᠷ ᠲᠣᠭᠲᠠᠨᠢᠯ ᠢᠶᠠᠨ ᠳᠠᠬᠢᠨ ᠣᠯᠵᠤ ᠴᠢᠳᠠᠭᠰᠠᠨ ᠲᠡᠦᠬᠡ ᠲᠡᠢ᠃ ᠡᠨᠡ ᠲᠡᠮᠡᠴᠡᠯ ᠥᠷᠨᠢᠯ ᠦᠨ ᠣᠷᠭᠢᠯ ᠴᠡᠭ ᠨᠢ 1911 ᠣᠨ ᠤ ᠴᠠᠭᠠᠭᠴᠢᠨ ᠭᠠᠬᠠᠢ ᠵᠢᠯ ᠦᠨ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠪᠠᠶᠢᠯ᠎ᠠ᠃ ᠠᠷᠪᠠᠨ ᠳᠣᠯᠤᠳᠤᠭᠠᠷ ᠵᠠᠭᠤᠨ ᠤ ᠰᠡᠭᠦᠯᠴᠢ ᠦᠶᠡᠰ ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠬᠦᠷᠲᠡᠯ᠎ᠡ 200 ᠭᠠᠷᠤᠢ ᠵᠢᠯ ᠮᠣᠩᠭᠣᠯ ᠣᠷᠣᠨ ᠮᠠᠨᠵᠤ ᠶᠢᠨ ᠪᠠᠶᠢᠯᠳᠤᠨ ᠳᠠᠭᠠᠭᠤᠯᠤᠭᠴᠢᠳ ᠤᠨ ᠡᠷᠬᠡᠰᠢᠶᠡᠯ ᠳᠦ ᠨᠤᠬᠤᠯᠠᠭᠳᠠᠵᠤ ᠪᠠᠶᠢᠪᠠ᠃ ᠡᠨᠡ ᠦᠶ᠎ᠡ ᠪᠣᠯ ᠮᠣᠩᠭᠣᠯ ᠤᠨ ᠲᠡᠦᠬᠡ ᠶᠢᠨ ᠬᠠᠮᠤᠭ ᠤᠨ ᠭᠠᠰᠢᠭᠤᠨ ᠵᠣᠪᠠᠯᠠᠩ ᠳᠤ ᠬᠠᠷᠠᠩᠭᠤᠢ ᠦᠶ᠎ᠡ ᠪᠠᠶᠢᠭᠰᠠᠨ ᠶᠤᠮ᠃ᠮᠠᠨᠵᠤ ᠨᠠᠷ ᠪᠣᠯ ᠣᠳᠣ ᠶᠢᠨ ᠮᠠᠨᠵᠤᠤᠷ ᠲᠤ ᠨᠤᠲᠤᠭᠯᠠᠵᠤ ᠪᠠᠶᠢᠭᠰᠠᠨ ᠬᠠᠮᠨᠢᠭᠠᠨ ᠤᠭᠰᠠᠭᠠᠲᠠᠨ ᠪᠥᠭᠡᠳ Xᠵᠢᠷᠭᠤᠳᠤᠭᠠᠷ ᠵᠠᠭᠤᠨ ᠤ ᠰᠡᠭᠦᠯᠴᠢ ᠪᠡᠷ ᠴᠡᠷᠢᠭ ᠢᠵᠠᠭᠤᠷᠲᠠᠨ ᠤ ᠬᠦᠴᠦᠷᠬᠡᠭ ᠤᠯᠤᠰ ᠪᠣᠯᠤᠨ ᠪᠦᠷᠢᠯᠳᠦᠵᠡᠢ᠃ ᠮᠠᠨᠵᠤ ᠨᠠᠷ ᠪᠣᠭᠣᠨᠢ ᠬᠤᠭᠤᠴᠠᠭᠠᠨ ᠳᠤ ᠵᠡᠷᠭᠡᠯᠡᠯᠳᠦᠭᠡ ᠬᠢ ᠣᠷᠣᠨ ᠨᠤᠭᠤᠳ ᠢᠶᠠᠨ ᠲᠦᠷᠢᠮᠡᠭᠡᠶᠢᠯᠡᠨ ᠤᠯᠠᠮ ᠢᠶᠠᠷ ᠮᠣᠩᠭᠣᠯ ᠤᠨ ᠬᠠᠭᠠᠨᠲᠤ ᠤᠯᠤᠰ ᠤᠳ ᠢ ᠡᠵᠡᠯᠡᠨ ᠠᠪᠤᠪᠠ᠃ᠮᠣᠩᠭᠣᠯ ᠤᠨ ᠹᠧᠣᠳᠠᠯ ᠤᠨ ᠤᠯᠤᠰ ᠮᠠᠨᠵᠤ ᠳᠤ ᠡᠵᠡᠯᠡᠭᠳᠡᠭᠰᠡᠨ ᠲᠡᠭᠦᠨ ᠦ ᠲᠠᠯᠬᠢᠨ ᠳᠤ ᠣᠷᠣᠭᠰᠠᠨ ᠨᠢ ᠬᠡᠳᠦᠨ ᠰᠢᠯᠲᠠᠭᠠᠨ ᠲᠠᠢ ᠪᠠᠶᠢᠪᠠ᠃ ᠠᠷᠪᠠᠨ ᠳᠣᠯᠤᠳᠤᠭᠠᠷ ᠵᠠᠭᠤᠨ ᠤ ᠦᠶ᠎ᠡ ᠳᠦ ᠮᠣᠩᠭᠣᠯ ᠣᠷᠣᠨ ᠳᠣᠲᠣᠭᠠᠳᠤ ᠶᠢᠨ ᠹᠧᠣᠳᠠᠯ ᠤᠨ ᠪᠤᠲᠠᠷᠠᠯ ᠤᠨ ᠤᠷᠰᠢᠭ᠂ ᠭᠠᠳᠠᠨ᠎ᠠ ᠠᠴᠠ ᠮᠠᠨᠵᠤ᠂ ᠬᠢᠲᠠᠳ ᠤᠨ ᠬᠠᠭᠠᠳ ᠤᠨ ᠬᠠᠭᠠᠯᠤᠨ ᠪᠤᠲᠠᠷᠭᠠᠬᠤ ᠬᠣᠣᠷᠲᠤ ᠶᠠᠪᠤᠭᠤᠯᠭ᠎ᠠ ᠶᠢᠨ ᠤᠯᠠᠮ ᠠᠴᠠ ᠥᠪᠥᠷ ᠮᠣᠩᠭᠣᠯ᠂ ᠠᠷᠤ ᠮᠣᠩᠭᠣᠯ᠂ ᠪᠠᠷᠠᠭᠤᠨ ᠮᠣᠩᠭᠣᠯ (ᠣᠶᠢᠷᠠᠳ) ᠭᠡᠰᠡᠨ ᠭᠤᠷᠪᠠᠨ ᠲᠣᠮᠣ ᠬᠡᠰᠡᠭ ᠪᠣᠯᠤᠨ ᠰᠠᠯᠵᠤ᠂ ᠲᠡᠳᠡᠭᠡᠷ ᠨᠢ ᠪᠠᠰᠠ ᠳᠣᠲᠣᠷ᠎ᠠ ᠪᠠᠨ ᠣᠯᠠᠨ ᠵᠢᠵᠢᠭ ᠹᠧᠣᠳᠠᠯ ᠤᠨ ᠡᠵᠡᠮᠰᠢᠯ ᠳᠦ ᠬᠤᠪᠢᠶᠠᠭᠳᠠᠵᠠᠢ᠃ ᠡᠳᠡᠭᠡᠷ ᠲᠣᠮᠣ᠂ ᠵᠢᠵᠢᠭ ᠢᠵᠠᠭᠤᠷᠲᠠᠨ ᠨᠤᠭᠤᠳ ᠪᠦᠬᠦ ᠮᠣᠩᠭᠣᠯ ᠤᠨ ᠬᠠᠭᠠᠨ ᠰᠢᠷᠡᠭᠡ ᠪᠣᠯᠤᠨ ᠥᠪᠡᠷ ᠥᠪᠡᠷᠰᠡᠳ ᠦᠨ ᠪᠡᠶ᠎ᠡ ᠪᠡᠨ ᠳᠠᠭᠠᠭᠰᠠᠨ ᠪᠠᠶᠢᠳᠠᠯ ᠤᠨ ᠲᠥᠯᠥᠭᠡ ᠦᠷᠭᠦᠯᠵᠢ ᠲᠡᠮᠡᠴᠡᠯᠳᠦᠵᠦ ᠪᠠᠶᠢᠭᠰᠠᠨ ᠤ ᠤᠯᠠᠮ ᠠᠴᠠ ᠮᠣᠩᠭᠣᠯ ᠣᠷᠣᠨ ᠳᠣᠲᠣᠭᠠᠳᠤ ᠶᠢᠨ ᠬᠢᠮᠤᠷᠠᠯ ᠳᠤ ᠭᠦᠨ ᠠᠪᠲᠠᠵᠠᠢ᠃ᠤᠯᠤᠰ ᠣᠷᠣᠨ ᠨᠢ ᠳᠣᠷᠣᠶᠢᠳᠠᠵᠤ᠂ ᠪᠠᠰᠠ ᠬᠠᠷᠢ ᠶᠢᠨ ᠠᠶᠤᠯ ᠵᠠᠨᠤᠯ ᠨᠡᠭᠦᠷᠯᠡᠭᠡᠳ ᠪᠠᠶᠢᠭᠰᠠᠨ ᠲᠡᠷᠡ ᠨᠡᠷᠴᠡᠯ ᠳᠦ ᠮᠣᠩᠭᠣᠯ ᠤᠨ ᠹᠧᠣᠳᠠᠯ ᠤᠳ ᠡᠪ ᠨᠢᠭᠡᠳᠦᠯ ᠢᠶᠡᠨ ᠪᠡᠬᠢᠵᠢᠭᠦᠯᠵᠦ᠂ ᠲᠦᠷᠢᠮᠡᠭᠡᠶᠢᠯᠡᠭᠴᠢᠳ ᠦᠨ ᠡᠰᠡᠷᠬᠦ ᠨᠢᠭᠡᠨ ᠮᠥᠷᠡᠨ ᠦ ᠤᠷᠤᠰᠬᠠᠯ ᠳᠤ ᠨᠡᠶᠢᠯᠡᠨ ᠰᠢᠢᠳᠪᠦᠷᠢ ᠲᠡᠭᠦᠰ ᠲᠡᠮᠡᠴᠡᠬᠦ ᠶᠣᠰᠣᠲᠠᠢ ᠪᠠᠶᠢᠯ᠎ᠠ᠃ ᠴᠠᠬᠠᠷ ᠤᠨ ᠯᠢᠭᠳᠡᠨ ᠬᠠᠭᠠᠨ᠂ ᠬᠠᠯᠬ᠎ᠠ ᠶᠢᠨ ᠴᠣᠭᠲᠤ ᠬᠤᠨ ᠲᠠᠶᠢᠵᠢ ᠵᠡᠷᠭᠡ ᠬᠦᠮᠦᠰ ᠡᠭᠦᠨ ᠢ ᠤᠬᠠᠮᠰᠠᠷᠯᠠᠨ ᠨᠡᠶᠢᠲᠡ ᠤᠯᠤᠰ ᠭᠡᠷ ᠦᠨ ᠢᠶᠡᠨ ᠲᠤᠰᠠᠭᠠᠷ ᠲᠣᠭᠲᠠᠨᠢᠯ ᠢᠶᠠᠨ ᠬᠠᠮᠠᠭᠠᠯᠠᠬᠤ ᠶᠢ ᠤᠷᠢᠶᠠᠯᠠᠨ ᠲᠡᠮᠡᠴᠡᠵᠦ ᠪᠠᠶᠢᠪᠠ᠃ ᠭᠡᠲᠡᠯ᠎ᠡ ᠵᠠᠷᠢᠮ ᠹᠧᠣᠳᠠᠯ ᠤᠳ ᠵᠥᠪᠬᠡᠨ ᠥᠪᠡᠷᠰᠡᠳ ᠦᠨ ᠢᠪᠴᠤᠤ ᠠᠰᠢᠭ ᠢ ᠬᠢᠴᠢᠶᠡᠨ ᠨᠡᠶᠢᠲᠡ ᠶᠢᠨ ᠲᠡᠮᠡᠴᠡᠯ ᠳᠦ ᠨᠢᠭᠡᠳᠬᠦ ᠦᠭᠡᠢ᠂ ᠲᠤᠰ ᠲᠤᠰ ᠲᠤ ᠪᠠᠨ ᠲᠡᠮᠡᠴᠡᠬᠦ᠂ ᠪᠠᠭᠤᠵᠤ ᠥᠭᠬᠦ ᠵᠡᠷᠭᠡ ᠪᠣᠳᠣᠯᠭ᠎ᠠ ᠪᠠᠷᠢᠮᠲᠠᠯᠠᠵᠤ ᠪᠠᠶᠢᠭᠰᠠᠨ ᠨᠢ ᠲᠡᠮᠡᠴᠡᠯ ᠦᠨ ᠡᠷᠴᠢ ᠶᠢ ᠰᠤᠯᠠᠷᠠᠭᠤᠯᠵᠤ᠂ ᠬᠦᠴᠦ ᠶᠢ ᠰᠠᠷᠨᠢᠭᠤᠯᠵᠠᠢ᠃ ᠮᠠᠨᠢᠢᠨ ᠪᠠᠶᠢᠯᠳᠤᠨ ᠳᠠᠭᠠᠭᠤᠯᠤᠭᠴᠢᠳ 1644 ᠣᠨ ᠳᠤ ᠬᠢᠲᠠᠳ ᠢ ᠡᠵᠡᠯᠡᠨ ᠠᠪᠤᠭᠰᠠᠨ ᠨᠢ ᠲᠡᠭᠦᠨ ᠦ ᠡᠳ᠋ ᠍ ᠦᠨ ᠵᠠᠰᠠᠭ᠂ ᠴᠡᠷᠢᠭ ᠵᠡᠪᠰᠡᠭ ᠦᠨ ᠶᠡᠬᠡ ᠬᠦᠴᠦ ᠶᠢ ᠮᠣᠩᠭᠣᠯ ᠤᠨ ᠡᠰᠡᠷᠬᠦ ᠰᠢᠭᠤᠳ ᠳᠠᠶᠢᠴᠢᠯᠠᠨ ᠬᠦᠳᠡᠯᠭᠡᠬᠦ ᠪᠣᠯᠤᠮᠵᠢ ᠲᠠᠢ ᠪᠣᠯᠵᠠᠢ᠃ᠮᠠᠨᠵᠤ ᠨᠠᠷ ᠤᠯᠤᠰ ᠲᠥᠷᠥ ᠶᠢᠨ ᠡᠯᠳᠡᠪ ᠯᠤᠶᠢᠪᠠᠷ ᠠᠷᠭ᠎ᠠ ᠪᠠᠨ ᠴᠡᠷᠢᠭ ᠵᠡᠪᠰᠡᠭ ᠦᠨ ᠳᠠᠪᠠᠭᠤ ᠪᠠᠶᠢᠳᠠᠯ ᠲᠠᠢ ᠬᠣᠣᠰᠯᠠᠭᠤᠯᠤᠭᠰᠠᠭᠠᠷ 1636 ᠣᠨ ᠳᠤ ᠥᠪᠥᠷ ᠮᠣᠩᠭᠣᠯ ᠢ᠂ 1691 ᠣᠨ ᠳᠤ ᠬᠠᠯᠬ᠎ᠠ ᠮᠣᠩᠭᠣᠯ ᠢ᠂ XVIII ᠵᠠᠭᠤᠨ ᠤ ᠳᠤᠮᠳᠠᠭᠤᠷ ᠪᠠᠷᠠᠭᠤᠨ ᠮᠣᠩᠭᠣᠯ (ᠣᠶᠢᠷᠠᠳ) – ᠍ ᠢ ᠡᠷᠬᠡᠨ ᠳᠦ ᠪᠡᠨ ᠣᠷᠣᠭᠤᠯᠵᠠᠢ᠃ ᠲᠡᠳᠡ ᠮᠣᠩᠭᠣᠯ ᠢ ᠡᠵᠡᠯᠡᠨ ᠠᠪᠰᠠᠨ ᠤ ᠳᠠᠷᠠᠭ᠎ᠠ ᠨᠣᠶᠠᠷᠬᠠᠯ ᠢᠶᠠᠨ ᠪᠡᠬᠢᠵᠢᠭᠦᠯᠬᠦ ᠶᠢᠨ ᠲᠤᠯᠠᠳᠠ ᠮᠣᠩᠭᠣᠯ ᠤᠨ ᠤᠯᠠᠮᠵᠢᠯᠠᠯᠲᠤ ᠬᠠᠤᠯᠢ᠂ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠶᠢ ᠴᠥᠮ ᠬᠦᠴᠦᠨ ᠦᠭᠡᠢ ᠪᠣᠯᠭᠠᠨ᠂ ᠥᠪᠡᠷᠰᠡᠳ ᠦᠨ ᠬᠠᠷᠭᠢᠰ ᠵᠠᠰᠠᠭ ᠵᠠᠬᠢᠷᠭ᠎ᠠ ᠶᠢ ᠴᠢᠩᠳᠠᠯᠠᠨ ᠲᠣᠭᠲᠠᠭᠠᠵᠤ᠂ ᠮᠠᠨ ᠤ ᠠᠷᠠᠳ ᠲᠦᠮᠡᠨ ᠦ ᠬᠦᠴᠦ ᠪᠡᠨ ᠨᠢᠭᠡᠳᠬᠡᠨ ᠪᠣᠰᠴᠢ ᠲᠡᠮᠡᠴᠡᠬᠦ ᠡᠴᠡ ᠪᠣᠯᠭᠣᠮᠵᠢᠯᠠᠨ ᠲᠡᠳᠡᠨ ᠦ ᠤᠯᠤᠰ ᠲᠥᠷᠥ ᠶᠢᠨ ᠨᠢᠭᠡᠳᠦᠯ ᠢ ᠪᠤᠲᠠᠷᠭᠠᠵᠤ᠂ ᠬᠦᠴᠦ ᠶᠢ ᠨᠢ ᠰᠠᠷᠨᠢᠭᠤᠯᠬᠤ ᠳᠤ ᠴᠢᠭᠯᠡᠭᠰᠡᠨ ᠣᠯᠠᠨ ᠠᠷᠭ᠎ᠠ ᠬᠡᠮᠵᠢᠶ᠎ᠡ ᠠᠪᠴᠠᠢ᠃ ᠮᠣᠩᠭᠣᠯ ᠣᠷᠣᠨ ᠢ ᠮᠠᠨᠵᠤ ᠶᠢᠨ ᠬᠠᠭᠠᠨ ᠤ ᠲᠥᠯᠥᠭᠡᠨ ᠦ ᠰᠠᠶᠢᠳ ᠵᠠᠬᠢᠷᠴᠢ᠂ ᠮᠣᠩᠭᠣᠯᠴᠤᠳ ᠢᠶᠠᠷ ᠥᠷᠲᠡᠭᠡ᠂ ᠬᠠᠷᠠᠭᠤᠯ ᠤᠨ ᠴᠡᠷᠢᠭ᠂ ᠬᠦᠨᠳᠦ ᠬᠦᠴᠦᠷᠡ ᠠᠯᠪᠠ ᠳᠠᠭᠠᠭᠠᠯᠭᠠᠬᠤ᠂ ᠮᠠᠨᠵᠤ ᠬᠠᠭᠠᠨ ᠤ ᠮᠣᠩᠭᠣᠯ ᠠᠴᠠ ᠳᠡᠭᠡᠷᠡᠮᠳᠡᠨ ᠠᠪᠤᠭᠰᠠᠨ ᠣᠯᠠᠨ ᠵᠠᠭᠤᠨ ᠮᠢᠩᠭᠠᠨ ᠮᠠᠯ ᠢ ᠦᠨ᠎ᠡ ᠬᠥᠯᠦᠰᠦ ᠦᠭᠡᠢ ᠬᠠᠷᠢᠭᠤᠯᠭᠠᠨ ᠦᠷᠡᠵᠢᠭᠦᠯᠬᠦ᠂ ᠬᠣᠪᠳᠣᠳ ᠪᠠᠶᠢᠭᠰᠠᠨ ᠮᠠᠨᠵᠤ ᠶᠢᠨ ᠳᠠᠷᠤᠩᠭᠤᠢ ᠴᠡᠷᠢᠭ ᠦᠨ ᠬᠦᠨᠡᠰᠦᠨ ᠦ ᠲᠠᠷᠢᠶ᠎ᠠ ᠲᠠᠷᠢᠭᠤᠯᠬᠤ᠂ ᠴᠡᠷᠢᠭ ᠦᠨ ᠠᠯᠪᠠᠨ ᠳᠤ ᠳᠠᠶᠢᠴᠢᠯᠠᠨ ᠮᠣᠷᠳᠠᠭᠤᠯᠬᠤ᠂ ᠮᠥᠩᠭᠥᠨ ᠲᠠᠲᠠᠪᠤᠷᠢ ᠠᠪᠬᠤ ᠵᠡᠷᠭᠡ ᠪᠡᠷ ᠮᠠᠯᠴᠢᠨ ᠠᠷᠠᠳ ᠤᠨ ᠬᠥᠳᠡᠯᠮᠦᠷᠢ ᠪᠡᠷ ᠪᠦᠲᠦᠭᠡᠭᠰᠡᠨ ᠪᠠᠶᠠᠯᠢᠭ ᠢ ᠬᠣᠪᠬᠣ ᠰᠣᠷᠣᠨ ᠦᠭᠡᠶᠢᠷᠡᠭᠦᠯᠵᠦ ᠪᠠᠶᠢᠪᠠ᠃ ᠵᠢᠱᠢᠶᠡᠯᠡᠪᠡᠯ: ᠵᠥᠪᠬᠡᠨ ᠮᠠᠨᠵᠤ ᠶᠢᠨ ᠡᠯᠴᠢ᠂ ᠲᠥᠯᠥᠭᠡᠯᠡᠭᠴᠢᠳ ᠵᠣᠷᠴᠢᠬᠤ ᠳᠤ ᠵᠣᠷᠢᠭᠤᠯᠤᠭᠰᠠᠨ ᠣᠯᠠᠨ ᠵᠠᠮ ᠤᠨ ᠥᠷᠲᠡᠭᠡᠨ ᠦ ᠵᠠᠷᠤᠳᠠᠯ ᠳᠤ ᠵᠢᠯ ᠲᠤᠲᠤᠮ ᠰᠠᠶᠠᠰ ᠳᠣᠭᠣᠭᠰᠢ ᠦᠭᠡᠢ ᠮᠠᠯ ᠠᠯᠪᠠᠳᠠᠨ ᠭᠠᠷᠭᠠᠭᠤᠯᠵᠤ ᠪᠠᠶᠢᠭᠰᠠᠨ ᠤ ᠳᠣᠲᠣᠷ᠎ᠠ ᠭᠠᠭᠴᠠᠬᠦ ᠵᠣᠷᠴᠢᠭᠴᠢᠳ ᠤᠨ ᠬᠦᠨᠡᠰᠦᠨ ᠳᠦ 200,000 ᠭᠠᠷᠤᠢ ᠬᠣᠨᠢ ᠬᠡᠷᠡᠭᠯᠡᠵᠦ ᠪᠠᠶᠢᠴᠠᠢ᠃ᠮᠠᠨᠵᠤ ᠶᠢᠨ ᠡᠷᠬᠡ ᠪᠠᠷᠢᠭᠴᠢᠳ ᠱᠠᠰᠢᠨ ᠢ ᠪᠦᠬᠦ ᠲᠠᠯ᠎ᠠ ᠪᠠᠷ ᠳᠡᠮᠵᠢᠨ ᠳᠡᠯᠭᠡᠷᠡᠭᠦᠯᠵᠦ ᠲᠡᠭᠦᠨ ᠦ ᠲᠤᠰᠠᠯᠠᠮᠵᠢ ᠲᠠᠢ ᠪᠠᠷ ᠠᠷᠠᠳ ᠣᠯᠠᠨ ᠢ ᠮᠤᠩᠬᠠᠷᠠᠭᠤᠯᠤᠨ ᠬᠠᠷᠠᠩᠭᠤᠢ ᠪᠦᠳᠦᠭᠦᠯᠢᠭ ᠬᠡᠪ ᠢᠶᠡᠷ ᠨᠢ ᠪᠠᠷᠢᠵᠤ᠂ ᠨᠣᠮᠣᠬᠠᠨ ᠪᠣᠭᠣᠯ ᠪᠣᠯᠭᠠᠨ ᠳᠠᠷᠤᠯᠠᠬᠤ ᠶᠢ ᠬᠢᠴᠢᠶᠡᠵᠦ ᠪᠠᠶᠢᠯ᠎ᠠ᠃ ᠬᠦᠷᠢᠶ᠎ᠡ ᠬᠡᠶᠢᠳ᠂ ᠯᠠᠮᠠ ᠨᠠᠷ ᠤᠨ ᠲᠣᠭ᠎ᠠ ᠶᠢ ᠬᠡᠲᠦᠷᠬᠡᠢ ᠣᠯᠠᠰᠢᠷᠠᠭᠤᠯᠤᠭᠰᠠᠨ ᠨᠢ ᠣᠯᠠᠨ ᠢᠳᠡᠷ ᠡᠷ᠎ᠡ ᠶᠢ ᠪᠦᠲᠦᠭᠡᠯᠴᠢ ᠬᠥᠳᠡᠯᠮᠦᠷᠢ ᠡᠴᠡ ᠬᠥᠨᠳᠡᠶᠢᠷᠡᠭᠦᠯᠵᠦ᠂ ᠲᠤᠰ ᠤᠯᠤᠰ ᠤᠨ ᠬᠦᠮᠦᠨ ᠠᠮᠠ ᠶᠢᠨ ᠥᠰᠦᠯᠲᠡ ᠶᠢ ᠰᠠᠶᠢᠲᠤᠭᠤᠯᠤᠭᠰᠠᠨ ᠤ ᠭᠠᠳᠠᠨ᠎ᠠ ᠦᠢᠯᠡ ᠣᠯᠠᠨ ᠯᠠᠮᠠ ᠨᠠᠷ ᠢ ᠬᠣᠭᠣᠯᠠᠯᠠᠵᠤ᠂ ᠬᠤᠪᠴᠠᠰᠤᠯᠠᠬᠤ᠂ ᠲᠡᠳᠡᠨ ᠦ ᠬᠤᠷᠠᠯ ᠨᠣᠮ ᠤᠨ ᠪᠦᠬᠦ ᠵᠠᠷᠤᠳᠠᠯ ᠢ ᠪᠡᠯᠡᠳᠬᠡᠨ ᠨᠡᠶᠢᠯᠡᠭᠦᠯᠬᠦ ᠨᠦᠰᠡᠷ ᠬᠦᠨᠳᠦ ᠠᠯᠪᠠ ᠶᠢ ᠠᠷᠠᠳ ᠲᠦᠮᠡᠨ ᠳᠦ ᠳᠠᠪᠬᠤᠷ ᠦᠭᠦᠷᠡᠭᠦᠯᠦᠭᠰᠡᠨ ᠶᠤᠮ᠃ᠮᠣᠩᠭᠣᠯ ᠤᠨ ᠠᠷᠠᠳ ᠲᠦᠮᠡᠨ ᠢᠩᠭᠢᠵᠦ ᠮᠠᠨᠵᠤ ᠶᠢᠨ ᠡᠷᠬᠡ ᠪᠠᠷᠢᠭᠴᠢᠳ᠂ ᠮᠣᠩᠭᠣᠯ ᠤᠨ ᠹᠧᠣᠳᠠᠯ ᠨᠣᠶᠠᠳ᠂ ᠯᠠᠮᠠ ᠨᠠᠷ ᠭᠡᠰᠡᠨ ᠬᠡᠳᠦ ᠬᠡᠳᠦᠨ ᠡᠵᠡᠨ ᠳᠦ ᠨᠢᠭᠡᠨ ᠵᠡᠷᠭᠡ ᠦᠢᠯᠡᠴᠢᠯᠡᠬᠦ ᠭᠠᠭᠴᠠ ᠵᠠᠷᠤᠴᠠ ᠨᠢ ᠪᠣᠯᠤᠭᠠᠳ ᠵᠣᠭᠰᠣᠭᠰᠠᠨ ᠦᠭᠡᠢ᠂ ᠪᠠᠰᠠ ᠬᠢᠲᠠᠳ ᠤᠨ ᠬᠤᠳᠠᠯᠳᠤᠭ᠎ᠠ᠂ ᠮᠥᠩᠭᠥ ᠬᠦᠦᠯᠡᠭᠴᠢᠳ ᠲᠦ ᠳᠠᠪᠬᠤᠷ ᠱᠤᠯᠤᠭᠤᠯᠵᠤ ᠦᠭᠡᠶᠢᠷᠡᠯ ᠦᠨ ᠪᠠᠯᠴᠢᠭ ᠲᠤ ᠯᠠᠪᠰᠢᠷᠠᠨ ᠰᠢᠭᠢᠳᠦᠭᠰᠡᠭᠡᠷ ᠪᠠᠶᠢᠪᠠ᠃ ᠮᠠᠨᠵᠤ ᠶᠢᠨ ᠵᠠᠰᠠᠭ ᠤᠨ ᠭᠠᠵᠠᠷ ᠤᠨ ᠰᠢᠭᠤᠳ ᠢᠪᠡᠭᠡᠯ ᠢᠶᠡᠷ ᠮᠣᠩᠭᠣᠯ ᠳᠤ ᠨᠡᠪᠲᠡᠷᠡᠭᠰᠡᠨ ᠬᠢᠲᠠᠳ ᠤᠨ ᠬᠤᠳᠠᠯᠳᠤᠭ᠎ᠠ᠂ ᠮᠥᠩᠭᠥ ᠬᠡᠭᠦᠯᠦᠯ ᠮᠣᠩᠭᠣᠯ ᠤᠨ ᠡᠷ᠎ᠡ ᠳᠦ ᠲᠦᠮᠡᠨ ᠦ ᠬᠥᠯᠥᠰᠥ᠂ ᠴᠢᠰᠤ ᠶᠢ ᠰᠣᠷᠣᠨ ᠲᠠᠮᠢᠷᠳᠠᠭᠤᠯᠵᠤ ᠪᠠᠶᠢᠯ᠎ᠠ᠃ ᠬᠢᠲᠠᠳ ᠤᠨ ᠰᠢᠨᠤᠬᠠᠢ ᠬᠤᠳᠠᠯᠳᠤᠭᠠᠴᠢᠳ ᠥᠷᠢ ᠲᠥᠯᠥᠪᠦᠷᠢ ᠶᠢᠨ ᠬᠦᠦ ᠶᠢ 400 ᠬᠤᠪᠢ ᠬᠦᠷᠲᠡᠯ᠎ᠡ ᠥᠰᠬᠡᠵᠦ ᠮᠣᠩᠭᠣᠯ ᠣᠷᠣᠨ ᠢ 《ᠪᠠᠶᠠᠵᠢᠬᠤ᠂ ᠬᠥᠯᠵᠢᠬᠦ ᠠᠯᠲᠠᠨ ᠬᠠᠶᠢᠷᠴᠠᠭ》 ᠬᠡᠮᠡᠨ ᠢᠴᠢᠭᠦᠷᠢ ᠦᠭᠡᠢ ᠨᠡᠷᠡᠯᠡᠵᠦ ᠪᠠᠶᠢᠪᠠ᠃ ᠬᠢᠲᠠᠳ ᠤᠨ ᠬᠤᠳᠠᠯᠳᠤᠭᠠᠴᠢᠳ ᠪᠦᠷᠢ ᠭᠤᠷᠪᠠᠨ ᠶᠠᠩᠵᠤ ᠶᠢᠨ ᠵᠢᠩᠨᠡᠭᠦᠷ ᠦᠨ ᠲᠤᠤᠬᠠᠢ ᠲᠠᠢ ᠪᠠᠶᠢᠭᠰᠠᠨ ᠪᠥᠭᠡᠳ ᠬᠦᠨᠳᠦ ᠲᠠᠤᠬᠠᠢ ᠪᠠᠷ ᠨᠢ ᠪᠤᠰᠤᠳ ᠠᠴᠠ ᠠᠪᠬᠤ ᠵᠦᠢᠯ ᠢ᠂ ᠬᠥᠩᠭᠡᠨ ᠢᠶᠡᠷ ᠨᠢ ᠪᠤᠰᠤᠳ ᠲᠤ ᠬᠤᠳᠠᠯᠳᠤᠬᠤ ᠪᠠᠷ᠎ᠠ ᠶᠢ ᠬᠡᠮᠵᠢᠵᠦ᠂ ᠵᠢᠩᠬᠢᠨᠢ ᠲᠤᠤᠬᠠᠢ ᠶᠢ ᠮᠡᠬᠡᠯᠡᠵᠦ ᠪᠣᠯᠬᠤ ᠦᠭᠡᠢ ᠨᠥᠬᠥᠴᠡᠯ ᠳᠦ ᠬᠡᠷᠡᠭᠯᠡᠵᠦ ᠪᠠᠶᠢᠪᠠ᠃ ᠪᠠᠰᠠ ᠥᠪᠡᠷᠰᠡᠳ ᠦᠨ ᠪᠠᠷ᠎ᠠ ᠶᠢ ᠮᠠᠰᠢ ᠥᠨᠳᠥᠷ ᠦᠨ᠎ᠡ ᠪᠡᠷ ᠬᠤᠳᠠᠯᠳᠤᠵᠤ ᠮᠣᠩᠭᠣᠯ ᠤᠨ ᠲᠦᠭᠦᠬᠡᠢ ᠡᠳ᠋ ᠍ ᠢ ᠲᠤᠶᠢᠯ ᠤᠨ ᠬᠢᠮᠳᠠ ᠠᠪᠳᠠᠭ ᠪᠣᠯᠤᠭᠰᠠᠨ ᠪᠠᠶᠢᠨ᠎ᠠ᠃ᠮᠠᠨᠵᠤ ᠶᠢᠨ ᠡᠷᠬᠡ ᠪᠠᠷᠢᠭᠴᠢᠳ ᠤᠨ ᠱᠠᠭᠠᠷᠳᠠᠨ ᠲᠤᠰᠢᠶᠠᠭᠰᠠᠨ ᠣᠯᠠᠨ ᠵᠦᠢᠯ ᠦᠨ ᠪᠠᠴᠢᠮ ᠲᠦᠷᠭᠡᠨ ᠠᠯᠪᠠ ᠶᠢ ᠬᠤᠭᠤᠴᠠᠭᠠᠨ ᠳᠤ ᠨᠢ ᠭᠦᠢᠴᠡᠳᠭᠡᠬᠦ ᠶᠢᠨ ᠲᠤᠯᠠᠳᠠ ᠬᠣᠰᠢᠭᠤᠨ ᠤ ᠲᠠᠮᠠᠭ᠎ᠠ ᠶᠢᠨ ᠭᠠᠵᠠᠷ᠂ ᠠᠶᠢᠮᠠᠭ ᠤᠨ ᠴᠢᠭᠤᠯᠭ᠎ᠠ ᠳᠤ ᠠᠷᠭ᠎ᠠ ᠪᠤᠶᠤ ᠰᠢᠬᠠᠭᠳᠠᠨ ᠬᠢᠲᠠᠳ ᠫᠦᠰᠡ ᠡᠴᠡ ᠥᠨᠳᠥᠷ ᠬᠦᠦᠲᠡᠢ ᠮᠥᠩᠭᠥ ᠵᠢᠭᠡᠯᠡᠳᠦᠨ ᠠᠪᠴᠤ ᠠᠯᠪᠠ ᠵᠠᠯᠭᠠᠭᠤᠯᠤᠨ᠎ᠠ᠃ ᠠᠯᠪᠠᠨ ᠤ ᠡᠨᠡ ᠥᠷᠢ ᠶᠢ ᠴᠤ᠂ ᠬᠠᠷᠢᠶᠠᠲᠤ ᠨᠣᠶᠠᠳ ᠤᠨ ᠢᠶᠠᠨ ᠬᠢᠲᠠᠳ ᠬᠤᠳᠠᠯᠳᠤᠭᠠᠴᠢᠳ ᠲᠤ ᠲᠠᠯᠪᠢᠭᠰᠠᠨ ᠥᠷᠢ ᠶᠢ ᠴᠤ ᠠᠷᠠᠳ ᠤᠳ ᠲᠥᠯᠦᠨ᠎ᠡ᠃ ᠮᠠᠨᠵᠤ ᠶᠢᠨ ᠹᠧᠣᠳᠠᠯ ᠤᠳ᠂ ᠬᠢᠲᠠᠳ ᠤᠨ ᠬᠤᠳᠠᠯᠳᠤᠭᠠᠴᠢᠳ ᠤᠨ ᠰᠢᠨᠤᠬᠠᠢ ᠡᠷᠬᠡ ᠠᠰᠢᠭ ᠶᠠᠪᠤᠭᠠᠨ ᠳᠠᠭᠠᠨ ᠨᠡᠶᠢᠯᠡᠵᠦ ᠨᠢᠭᠡ ᠨᠢ ᠠᠯᠪᠠ ᠲᠠᠲᠠᠪᠤᠷᠢ ᠪᠠᠷ᠂ ᠨᠥᠭᠥᠭᠡ ᠨᠢ ᠥᠷᠢ ᠵᠡᠭᠡᠯᠢ ᠪᠡᠷ ᠮᠣᠩᠭᠣᠯ ᠣᠷᠣᠨ ᠢ ᠬᠠᠮᠲᠤᠷᠠᠨ ᠮᠥᠯᠵᠢᠵᠦ᠂ ᠠᠷᠠᠳ ᠲᠦᠮᠡᠨ ᠢ ᠠᠮᠢ ᠵᠢᠭᠤᠯᠭ᠎ᠠ ᠶᠢᠨ ᠬᠡᠳᠦᠨ ᠮᠠᠯ ᠠᠴᠠ ᠨᠢ ᠬᠠᠭᠠᠴᠠᠭᠤᠯᠤᠨ ᠰᠦᠢᠷᠡᠯ ᠦᠨ ᠳᠠᠪᠠᠭᠠᠨ ᠳᠤ ᠲᠤᠯᠭᠠᠵᠤ ᠪᠠᠶᠢᠯ᠎ᠠ᠃ᠭᠡᠪᠡᠴᠦ ᠮᠣᠩᠭᠣᠯ ᠤᠨ ᠠᠷᠠᠳ ᠲᠦᠮᠡᠨ ᠭᠠᠳᠠᠭᠠᠳᠤ᠂ ᠳᠣᠲᠣᠭᠠᠳᠤ ᠶᠢᠨ ᠳᠠᠪᠬᠤᠷ ᠳᠠᠷᠤᠯᠠᠯ ᠳᠤ ᠳᠠᠭᠤ ᠦᠭᠡᠢ ᠨᠤᠬᠤᠯᠠᠭᠳᠠᠨ᠂ ᠢᠮᠠᠭᠲᠠ ᠲᠣᠯᠣᠭᠠᠢ ᠭᠤᠳᠤᠶᠢᠨ ᠬᠦᠯᠢᠴᠡᠵᠦ ᠶᠠᠪᠤᠭᠰᠠᠨ ᠦᠭᠡᠢ᠂ ᠡᠷᠡᠯᠬᠡᠭ ᠢᠶᠡᠷ ᠪᠣᠰᠤᠨ ᠲᠡᠮᠡᠴᠡᠵᠦ᠂ ᠲᠡᠮᠡᠴᠡᠯ ᠦᠨ ᠲᠤᠷᠰᠢᠯᠭ᠎ᠠ ᠪᠠᠨ ᠪᠠᠶᠠᠵᠢᠭᠤᠯᠤᠭᠰᠠᠭᠠᠷ ᠪᠠᠶᠢᠭᠰᠠᠨ ᠶᠤᠮ᠃ ᠮᠣᠩᠭᠣᠯ ᠤᠨ ᠠᠷᠠᠳ ᠲᠦᠮᠡᠨ ᠦ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠯ ᠡᠴᠡ ᠬᠠᠮᠤᠭ ᠤᠨ ᠬᠦᠴᠦᠲᠡᠢ ᠨᠢ ᠣᠶᠢᠷᠠᠳ ᠤᠨ ᠠᠮᠤᠷᠰᠠᠨᠠᠭ᠎ᠠ ᠪᠠᠨ᠂ ᠬᠠᠯᠬ᠎ᠠ ᠶᠢᠨ ᠴᠢᠩᠭᠦᠩᠵᠠᠪ ᠨᠠᠷ ᠤᠨ ᠤᠳᠤᠷᠢᠳᠤᠭᠰᠠᠨ 1755-1758 ᠣᠨ ᠤ ᠵᠡᠪᠰᠡᠭᠲᠦ ᠪᠣᠰᠤᠯᠭ᠎ᠠ ᠶᠤᠮ᠃1755-1758 ᠣᠨ ᠤ ᠵᠡᠪᠰᠡᠭᠲᠦ ᠲᠡᠮᠡᠴᠡᠯ ᠳᠠᠷᠤᠭᠳᠠᠭᠰᠠᠨ ᠪᠣᠯᠪᠠᠴᠤ ᠮᠣᠩᠭᠣᠯ ᠤᠨ ᠠᠷᠠᠳ ᠲᠦᠮᠡᠨ ᠦ ᠲᠡᠦᠬᠡᠨ ᠳᠦ ᠭᠦᠨ ᠤᠯᠠ ᠮᠥᠷ ᠢᠶᠡᠨ ᠦᠯᠡᠳᠡᠭᠡᠨ ᠲᠡᠮᠡᠴᠡᠯ ᠦᠨ ᠰᠤᠷᠭᠠᠮᠵᠢ ᠳᠠᠭᠤᠷᠢᠶᠠᠯᠠ ᠪᠣᠯᠵᠤ᠂ ᠲᠡᠳᠡᠭᠡᠷ ᠲᠡᠮᠡᠴᠡᠭᠴᠢᠳ ᠦᠨ ᠪᠠᠭᠠᠲᠤᠷᠯᠢᠭ ᠳᠦᠷᠢ ᠠᠷᠠᠳ ᠲᠦᠮᠡᠨ ᠦ ᠳᠤᠮᠳᠠ ᠮᠥᠩᠬᠡᠷᠡᠨ ᠠᠯᠳᠠᠷᠰᠢᠵᠠᠢ᠃ᠡᠨᠡ ᠦᠶ᠎ᠡ ᠶᠢᠨ ᠠᠷᠠᠳ ᠲᠦᠮᠡᠨ ᠦ ᠲᠡᠮᠡᠴᠡᠯ ᠨᠢᠭᠡ ᠲᠠᠯ᠎ᠠ ᠪᠠᠷ ᠮᠠᠨᠵᠤ ᠶᠢᠨ ᠲᠦᠷᠢᠮᠡᠭᠡᠶᠢᠯᠡᠭᠴᠢᠳ᠂ ᠬᠢᠲᠠᠳ ᠤᠨ ᠰᠢᠨᠤᠬᠠᠢ ᠬᠤᠳᠠᠯᠠᠭᠠᠴᠢᠳ ᠤᠨ ᠡᠰᠡᠷᠡᠭ᠂ ᠨᠥᠭᠥᠭᠡ ᠲᠠᠯ᠎ᠠ ᠪᠠᠷ ᠨᠤᠲᠤᠭ ᠤᠨ ᠠᠪᠯᠢᠭᠠᠴᠢ ᠨᠣᠶᠠᠳ ᠤᠨ ᠡᠰᠡᠷᠬᠦ ᠴᠢᠭᠯᠡᠵᠦ ᠪᠠᠶᠢᠪᠠ᠃ ᠠᠷᠠᠳ ᠤᠨ ᠲᠡᠮᠡᠴᠡᠯ ᠦᠨ ᠳᠣᠲᠣᠷ᠎ᠠ ᠠᠴᠠ ᠵᠠᠷᠭᠤ ᠶᠢᠨ ᠬᠡᠯᠪᠡᠷᠢ ᠶᠡᠬᠡᠳᠡ ᠳᠡᠯᠭᠡᠷᠡᠵᠡᠢ᠃ ᠠᠷᠠᠳ ᠤᠳ ᠵᠠᠷᠭᠤ ᠶᠢᠨ ᠪᠢᠴᠢᠭᠲᠦ ᠪᠡᠨ ᠮᠠᠨᠵᠤ ᠶᠢᠨ ᠬᠦᠨᠳᠦ ᠠᠯᠪᠠ᠂ ᠨᠣᠶᠠᠳ ᠤᠨ ᠠᠪᠯᠢᠭᠠᠶ᠎ᠠ ᠰᠢᠨᠤᠬᠠᠢ ᠵᠠᠩ᠂ ᠶᠣᠰᠣ ᠪᠤᠰᠤ ᠶᠢᠨ ᠣᠯᠠᠨ ᠭᠤᠪᠴᠢᠭᠤᠷ᠂ ᠥᠪᠡᠷᠰᠡᠳ ᠦᠨ ᠠᠮᠢᠨ ᠵᠢᠭᠤᠯᠭ᠎ᠠ ᠶᠢᠨ ᠬᠦᠨᠳᠦ ᠪᠠᠶᠢᠳᠠᠯ ᠵᠡᠷᠭᠡ ᠶᠢ ᠤᠴᠢᠷᠯᠠᠨ ᠲᠣᠭᠣᠴᠢᠭᠠᠳ ᠠᠯᠪᠠ ᠲᠠᠲᠠᠪᠤᠷᠢ ᠬᠥᠩᠭᠡᠯᠡᠵᠦ᠂ ᠰᠢᠨᠤᠬᠠᠢ ᠨᠣᠶᠠᠳ ᠢ ᠵᠠᠶᠢᠯᠠᠭᠤᠯᠬᠤ ᠶᠢ ᠱᠠᠭᠠᠷᠳᠠᠭᠠᠳ᠂ ᠡᠴᠦᠰ ᠲᠦ ᠨᠢ ᠨᠡᠷᠰᠦ ᠪᠡᠨ ᠨᠠᠷᠠᠨ ᠤ ᠰᠠᠴᠤᠷᠠᠭ ᠮᠡᠲᠦ ᠳᠤᠭᠤᠶᠢᠷᠠᠭᠤᠯᠤᠨ ᠪᠢᠴᠢᠳᠡᠭ ᠪᠠᠶᠢᠪᠠ᠃ ᠡᠨᠡ ᠨᠢ ᠲᠣᠯᠣᠭᠠᠶᠢᠯᠠᠭᠴᠢ ᠪᠠᠨ ᠬᠠᠷᠭᠢᠰ ᠨᠣᠶᠠᠳ ᠠᠴᠠ ᠬᠠᠮᠠᠭᠠᠯᠠᠭᠰᠠᠨ ᠬᠡᠷᠡᠭ ᠪᠠᠶᠢᠪᠠ᠃ ᠨᠣᠶᠠᠨ ᠲᠠᠢ ᠪᠠᠨ ᠵᠠᠭᠠᠯᠳᠤᠭᠰᠠᠨ᠂ ᠦᠭᠡᠶᠢᠷᠡᠨ ᠥᠷᠢ ᠲᠥᠯᠦᠵᠦ ᠴᠢᠳᠠᠬᠤ ᠦᠭᠡᠢ ᠪᠣᠯᠤᠭᠰᠠᠨ᠂ ᠬᠤᠳᠠᠯᠳᠤᠭᠠᠴᠢᠳ ᠤᠨ ᠫᠦᠰᠡ ᠶᠢ ᠳᠣᠪᠲᠣᠯᠤᠭᠰᠠᠨ ᠠᠷᠠᠳ ᠤᠳ ᠢ ᠡᠮᠨᠢᠭ ᠠᠳᠤᠭᠤᠨ ᠤ ᠰᠡᠭᠦᠯ ᠡᠴᠡ ᠴᠢᠷᠭᠡᠦᠯᠵᠦ ᠲᠠᠰᠤᠳᠠᠭᠤᠯᠬᠤ᠂ ᠡᠯᠡᠰᠦ ᠪᠡᠷ ᠴᠢᠭᠵᠢᠨ ᠠᠯᠠᠬᠤ᠂ ᠶᠢᠰᠦᠨ ᠡᠷᠡᠭᠦᠦ ᠲᠤᠯᠭᠠᠬᠤ᠂ ᠳᠥᠩᠭᠡᠯᠡᠬᠦ᠂ ᠡᠬᠡᠨᠡᠷ ᠬᠡᠦᠬᠡᠳ ᠢ ᠨᠢ ᠥᠷᠢᠨ ᠳᠦ ᠪᠣᠳᠣᠵᠤ ᠬᠤᠳᠠᠯᠳᠤᠭᠠᠴᠢᠳ ᠲᠤ ᠥᠭᠬᠦ ᠵᠡᠷᠭᠡ ᠪᠡᠷ ᠬᠠᠷᠭᠢᠰᠯᠠᠳᠠᠭ ᠪᠠᠶᠢᠴᠠᠢ᠃ᠲᠡᠭᠡᠪᠡᠴᠦ ᠮᠥᠯᠵᠢᠯᠭᠡ᠂ ᠬᠠᠷᠭᠢᠰᠯᠠᠯ ᠨᠡᠮᠡᠭᠳᠡᠬᠦ ᠲᠤᠰᠤᠮ ᠵᠣᠪᠠᠯᠠᠩ ᠲᠤᠭᠤᠯᠵᠤ ᠬᠠᠲᠠᠭᠤᠵᠢᠭ᠌ᠰᠠᠨ ᠮᠣᠩᠭᠣᠯ ᠤᠨ ᠠᠷᠠᠳ ᠲᠦᠮᠡᠨ ᠲᠡᠮᠡᠴᠡᠯ ᠦᠨ ᠡᠷᠴᠢ ᠪᠡᠨ ᠴᠢᠩᠭᠠᠯᠠᠨ ᠭᠠᠯ ᠳᠤ ᠲᠣᠰᠣ ᠨᠡᠮᠡᠬᠦ ᠶᠢᠨ ᠠᠳᠠᠯᠢ ᠳᠦᠷᠡᠯᠵᠡᠨ ᠪᠣᠰᠤᠭᠰᠠᠭᠠᠷ ᠪᠠᠶᠢᠭᠰᠠᠨ ᠶᠤᠮ᠃ 19 ᠵᠠᠭᠤᠨ ᠤ ᠰᠡᠭᠦᠯᠴᠢ ᠡᠴᠡ ᠮᠠᠨᠵᠤ ᠭᠦᠷᠦᠨ ᠦ ᠰᠦᠷ ᠬᠦᠴᠦ ᠪᠠᠭᠤᠷᠠᠨ ᠳᠣᠷᠣᠶᠢᠳᠠᠵᠤ᠂ ᠹᠧᠣᠳᠠᠯ ᠤᠨ ᠨᠡᠶᠢᠭᠡᠮ ᠨᠢ ᠦᠨᠳᠦᠰᠦ ᠪᠡᠷ ᠢᠶᠡᠨ ᠢᠯᠵᠠᠷᠠᠨ ᠬᠡᠪᠡᠷᠡᠭᠰᠢᠵᠦ᠂ ᠤᠯᠠᠮ ᠢᠶᠠᠷ ᠲᠣᠮᠣ ᠢᠮᠫᠧᠷᠢᠶᠡᠯᠢᠰᠲ ᠭᠦᠷᠦᠨ ᠨᠦᠭᠦᠳ ᠦᠨ ᠲᠦᠷᠢᠮᠡᠭᠡᠶᠢᠯᠡᠯ ᠳᠦ ᠥᠷᠲᠥᠨ ᠲᠡᠳᠡᠨ ᠦ ᠬᠠᠭᠠᠰ ᠺᠣᠯᠣᠨᠢ ᠪᠣᠯᠤᠨ ᠬᠤᠪᠢᠷᠠᠵᠠᠢ᠃ ᠮᠠᠨᠵᠤ ᠶᠢᠨ ᠡᠷᠬᠡ ᠪᠠᠷᠢᠭᠴᠢᠳ ᠡᠨᠡ ᠨᠥᠬᠥᠴᠡᠯ ᠳᠦ ᠶᠠᠭᠠᠷᠠᠯᠲᠠᠢ ᠠᠷᠭ᠎ᠠ ᠬᠡᠮᠵᠢᠶ᠎ᠡ ᠠᠪᠤᠪᠠ᠃ ᠮᠣᠩᠭᠣᠯ ᠢ ᠴᠢᠰᠤ ᠦᠭᠡᠢ ᠺᠣᠯᠣᠨᠴᠢᠯᠠᠵᠤ᠂ ᠶᠠᠭᠤᠨ ᠤ ᠡᠮᠦᠨ᠎ᠡ ᠬᠢᠲᠠᠳᠴᠢᠯᠠᠬᠤ ᠵᠣᠷᠢᠯᠭ᠎ᠠ ᠪᠠᠷ ᠦᠢ ᠣᠯᠠᠨ ᠬᠢᠲᠠᠳ ᠢᠷᠭᠡᠨ ᠢ ᠮᠣᠩᠭᠣᠯ ᠨᠤᠲᠤᠭ ᠲᠤ ᠴᠢᠳᠬᠤᠨ ᠣᠷᠣᠭᠤᠯᠵᠤ᠂ ᠮᠠᠯ ᠤᠨ ᠪᠡᠯᠴᠢᠭᠡᠷ ᠢ ᠬᠠᠭᠠᠯᠤᠨ᠂ ᠲᠠᠷᠢᠶᠠᠯᠠᠩ ᠤᠨ ᠲᠠᠯᠠᠪᠠᠢ ᠪᠣᠯᠭᠠᠬᠤ ᠪᠠᠷ ᠦᠷᠡᠵᠢᠯ ᠰᠢᠮ᠎ᠡ ᠰᠠᠶᠢᠲᠠᠢ ᠭᠠᠵᠠᠷ ᠤᠳ ᠢ ᠪᠤᠯᠢᠶᠠᠨ ᠠᠪᠴᠤ ᠬᠢᠲᠠᠳ ᠤᠳ ᠲᠤ ᠣᠯᠭᠤᠵᠤ ᠡᠬᠢᠯᠡᠪᠡ᠃ ᠢᠳᠡᠭᠡᠰᠢᠯ ᠳᠦ ᠭᠠᠵᠠᠷ ᠰᠢᠷᠣᠢ᠂ ᠲᠥᠷᠥᠯᠬᠢ ᠠᠷᠠᠳ ᠲᠦᠮᠡᠨ ᠳᠦ ᠪᠡᠨ ᠡᠯᠢᠭᠡᠨ ᠬᠠᠶᠢᠷᠠᠲᠠᠢ ᠮᠣᠩᠭᠣᠯ ᠬᠦᠮᠦᠨ ᠬᠠᠷᠢ ᠶᠢᠨ ᠡᠨᠡ ᠳᠣᠷᠣᠮᠵᠢᠯᠠᠯ᠂ ᠳᠠᠷᠤᠩᠭᠤᠶᠢᠯᠠᠯ ᠢ ᠬᠦᠯᠢᠴᠡᠨ ᠲᠡᠪᠴᠢᠬᠦ ᠠᠷᠭ᠎ᠠ ᠦᠭᠡᠢ ᠪᠣᠯᠵᠤ᠂ ᠡᠨᠳᠡ ᠲᠡᠨᠳᠡ ᠡᠰᠡᠷᠭᠦᠴᠡᠯ ᠦᠨ ᠤᠤᠬᠠᠢ ᠳᠡᠭᠳᠡᠨ᠂ ᠤᠯᠠᠮ ᠢᠶᠠᠷ ᠮᠣᠩᠭᠣᠯ ᠤᠨ ᠢᠵᠠᠭᠤᠷᠲᠠᠨ ᠨᠤᠭᠤᠳ ᠠᠷᠠᠳ ᠲᠦᠮᠡᠨ ᠲᠡᠢ ᠪᠡᠨ ᠨᠢᠭᠡᠳᠴᠦ ᠡᠬᠢᠯᠡᠵᠡᠢ᠃1911 – 1912 ᠣᠨ ᠤ ᠮᠣᠩᠭᠣᠯ ᠤᠨ ᠠᠷᠠᠳ ᠲᠦᠮᠡᠨ ᠦ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ ᠢᠶᠡᠷ ᠮᠣᠩᠭᠣᠯ ᠤᠯᠤᠰ ᠡᠶᠢᠨᠬᠦᠦ ᠲᠤᠰᠠᠭᠠᠷ ᠤᠯᠤᠰ ᠢᠶᠠᠨ ᠰᠡᠷᠭᠦᠭᠡᠵᠦ ᠴᠢᠳᠠᠭᠰᠠᠨ ᠨᠢ ᠮᠠᠨ ᠤ ᠠᠷᠠᠳ ᠲᠦᠮᠡᠨ ᠦ ᠣᠯᠠᠨ ᠵᠢᠯ ᠦᠨ ᠰᠢᠷᠭᠠᠭᠤ ᠲᠡᠮᠡᠴᠡᠯ ᠦᠨ ᠦᠷ᠎ᠡ ᠳ᠋ᠦᠩ ᠪᠠᠶᠢᠭᠰᠠᠨ ᠪᠥᠭᠡᠳ ᠮᠣᠩᠭᠣᠯ ᠤᠨ ᠠᠷᠠᠳ ᠲᠦᠮᠡᠨ ᠦ ᠲᠡᠦᠬᠡᠨ ᠳᠦ ᠭᠠᠷᠤᠭᠰᠠᠨ ᠨᠢᠭᠡᠨ ᠴᠢᠬᠤᠯᠠ ᠠᠴᠢ ᠬᠣᠯᠪᠣᠭᠳᠠᠯ ᠲᠠᠢ ᠦᠢᠯᠡ ᠶᠠᠪᠤᠳᠠᠯ ᠪᠣᠯᠤᠭᠰᠠᠨ ᠶᠤᠮ᠃ 1636 ᠣᠨ ᠳᠤ ᠠᠯᠲᠠᠨ ᠤᠷᠤᠭ ᠤᠨ ᠰᠡᠭᠦᠯᠴᠢ ᠶᠢᠨ ᠬᠠᠭᠠᠨ ᠯᠢᠭᠳᠡᠨ ᠥᠭᠡᠳᠡ ᠪᠣᠯᠤᠭᠰᠠᠨ ᠢᠶᠠᠷ ᠥᠪᠥᠷ ᠮᠣᠩᠭᠣᠯ ᠢ ᠡᠷᠬᠡᠨ ᠳᠦ ᠪᠡᠨ ᠣᠷᠣᠭᠤᠯᠵᠤ᠂ 1691 ᠣᠨ ᠳᠤ ᠬᠠᠯᠬ᠎ᠠ ᠨᠤᠭᠤᠳ ᠳᠠᠭᠠᠷ᠎ᠠ ᠣᠷᠣᠭᠰᠠᠨ ᠶᠤᠮ᠃ ᠢᠩᠭᠢᠭᠰᠡᠨ ᠢᠶᠡᠷ ᠣᠶᠢᠷᠠᠳ ᠠᠴᠠ ᠪᠤᠰᠤᠳ ᠮᠣᠩᠭᠣᠯᠴᠤᠳ ᠮᠠᠨᠵᠤ ᠴᠢᠩ ᠤᠯᠤᠰ ᠤᠨ ᠪᠦᠷᠢᠯᠳᠦᠬᠦᠨ ᠳᠦ ᠣᠷᠣᠵᠠᠢ᠃ 1696 ᠣᠨ ᠳᠤ ᠮᠠᠨᠵᠤ ᠶᠢᠨ ᠲᠦᠷᠢᠮᠡᠭᠡᠶᠢᠯᠡᠯ ᠳᠦ ᠭᠠᠯᠳᠠᠨ ᠬᠠᠭᠠᠨ ᠢᠯᠠᠭᠳᠠᠨ ᠨᠠᠰᠤ ᠪᠠᠷᠠᠭᠰᠠᠨ ᠴᠤ 1755 ᠣᠨ ᠬᠦᠷᠲᠡᠯ᠎ᠡ ᠵᠦᠩᠭᠠᠷ ᠤᠨ ᠬᠠᠭᠠᠨᠲᠤ ᠤᠯᠤᠰ ᠲᠤᠰᠠᠭᠠᠷ ᠪᠠᠶᠢᠭᠰᠠᠨ᠃ ᠶᠡᠬᠡᠩᠬᠢ ᠲᠡᠦᠬᠡᠴᠢᠳ ᠮᠣᠩᠭᠣᠯᠴᠤᠳ 1691 ᠣᠨ ᠳᠤ ᠮᠠᠨᠵᠤ ᠶᠢᠨ ᠳᠠᠷᠤᠯᠠᠯ ᠳᠤ ᠣᠷᠣᠭᠰᠠᠨ ᠭᠡᠵᠦ ᠦᠵᠡᠳᠡᠭ ᠪᠣᠯᠪᠠᠴᠤ ᠡᠨᠡ ᠨᠢ ᠡᠷᠡᠭᠡᠯᠵᠡᠭᠡ ᠲᠡᠢ ᠣᠶᠢᠯᠠᠭᠠᠯᠲᠠ ᠶᠤᠮ᠃ ᠤᠴᠢᠷ ᠨᠢ ᠣᠳᠣ ᠶᠢᠨ ᠪᠠᠷᠠᠭᠤᠨ ᠮᠣᠩᠭᠣᠯ ᠪᠤᠶᠤ ᠣᠶᠢᠷᠠᠳ ᠤᠳ ᠲᠡᠷᠡ ᠦᠶ᠎ᠡ ᠳᠦ ᠲᠤᠰᠠᠭᠠᠷ ᠤᠯᠤᠰ ᠤᠨ ᠰᠢᠨᠵᠢ ᠪᠡᠨ ᠬᠠᠳᠠᠭᠠᠯᠠᠵᠤ ᠣᠷᠣᠰᠢᠨ ᠪᠠᠶᠢᠭᠰᠠᠨ ᠪᠥᠭᠡᠳ 1758 ᠣᠨ ᠳᠤ ᠬᠦᠷᠲᠡᠯ᠎ᠡ ᠡᠨᠡ ᠪᠠᠶᠢᠳᠠᠯ ᠢᠶᠠᠨ ᠬᠠᠳᠠᠭᠠᠯᠠᠵᠤ ᠪᠠᠶᠢᠭᠰᠠᠨ ᠭᠡᠵᠦ ᠦᠵᠡᠵᠦ ᠦᠨᠳᠦᠰᠦ ᠲᠡᠢ ᠶᠤᠮ᠃ 1636 ᠣᠨ ᠳᠤ ᠥᠪᠥᠷ ᠮᠣᠩᠭᠣᠯ᠂ 1691 ᠣᠨ ᠳᠤ ᠠᠷᠤ ᠮᠣᠩᠭᠣᠯ᠂ 1755 ᠣᠨ ᠳᠤ ᠪᠠᠷᠠᠭᠤᠨ ᠮᠣᠩᠭᠣᠯ ᠮᠠᠨᠵᠤ ᠳᠤ ᠡᠵᠡᠯᠡᠭᠳᠡᠭᠰᠡᠨ ᠭᠡᠵᠦ ᠦᠵᠡᠪᠡᠯ ᠢᠯᠡᠭᠦᠦ ᠵᠣᠬᠢᠰᠲᠠᠢ ᠮᠡᠲᠦ᠃ ᠮᠠᠨᠵᠤ ᠶᠢᠨ ᠦᠶ᠎ᠡ ᠶᠢᠨ ᠮᠣᠩᠭᠣᠯ ᠳᠤ ᠬᠠᠮᠵᠢᠯᠭᠠᠲᠤ ᠶᠣᠰᠣ ᠲᠣᠭᠲᠠᠵᠤ᠂ ᠠᠯᠢᠪᠠ ᠢᠷᠭᠡᠨᠰᠢᠯ ᠡᠭᠦᠰᠬᠦ ᠨᠢ ᠬᠠᠭᠠᠯᠲᠠ ᠲᠠᠢ ᠪᠠᠶᠢᠭᠰᠠᠨ᠃ 20 ᠍ ᠳᠦᠭᠡᠷ ᠵᠠᠭᠤᠨ ᠤ ᠡᠬᠢᠨ ᠦ ᠮᠠᠨᠵᠤ ᠶᠢᠨ "ᠰᠢᠨ᠎ᠡ ᠵᠠᠰᠠᠭ ᠤᠨ ᠪᠣᠳᠣᠯᠭ᠎ᠠ" ᠍ ᠢ ᠮᠣᠩᠭᠣᠯᠴᠤᠳ ᠵᠢᠪᠡᠭᠦᠴᠡᠭᠰᠡᠨ ᠢᠶᠡᠷ ᠦᠨᠳᠦᠰᠦᠨ ᠦ ᠦᠵᠡᠯ ᠰᠡᠷᠭᠦᠵᠦ᠂ ᠨᠢᠭᠡᠨᠲᠡ ᠨᠤᠷᠠᠵᠤ ᠤᠨᠠᠬᠤ ᠨᠢ ᠲᠣᠳᠣᠷᠬᠠᠢ ᠪᠣᠯᠤᠭᠰᠠᠨ ᠴᠢᠨ ᠭᠦᠷᠦᠨ ᠡᠴᠡ ᠲᠤᠰᠠᠭᠠᠷᠯᠠᠬᠤ ᠪᠠᠷ ᠰᠠᠨᠠᠭᠠᠰᠢᠷᠠᠵᠤ᠂ ᠪᠣᠭᠳᠠ ᠵᠠᠪᠽᠠᠨᠳᠠᠮᠪᠠ ᠬᠤᠲᠤᠭᠲᠤ ᠶᠢ ᠨᠢᠭᠡᠳᠦᠨ ᠨᠢᠭᠲᠠᠷᠠᠴᠢ ᠲᠤᠰᠠᠭᠠᠷ ᠤᠯᠤᠰ ᠪᠣᠯᠬᠣᠷ ᠰᠠᠮᠪᠠᠭᠠᠴᠢᠯᠠᠵᠠᠢ᠃ᠬᠠᠯᠬ᠎ᠠ ᠮᠠᠨᠵᠤ ᠳᠤ ᠡᠵᠡᠯᠡᠭᠳᠡᠭᠰᠡᠨ ᠨᠢ ᠮᠠᠨᠵᠤ ᠨᠠᠷ ᠥᠪᠥᠷ ᠮᠣᠩᠭᠣᠯ ᠢ ᠡᠵᠡᠯᠡᠨ ᠠᠪᠤᠭᠰᠠᠨ ᠢᠶᠠᠷ ᠲᠡᠳᠡᠨ ᠦ ᠴᠡᠷᠢᠭ ᠦᠨ ᠬᠦᠴᠦ ᠤᠯᠠᠮ ᠥᠰᠴᠢ᠂ ᠮᠠᠨᠵᠤ ᠶᠢᠨ ᠲᠥᠷᠥ ᠶᠢᠨ ᠭᠠᠳᠠᠭᠠᠳᠤ ᠪᠣᠳᠣᠯᠭ᠎ᠠ ᠨᠢ ᠮᠢᠩ ᠤᠯᠤᠰ ᠤᠨ ᠡᠰᠡᠷᠬᠦ ᠬᠠᠨᠳᠤᠭᠰᠠᠨ ᠶᠤᠮ᠃ ᠮᠢᠩ ᠤᠯᠤᠰ ᠨᠢ ᠡᠳ᠋ ᠍ ᠦᠨ ᠵᠠᠰᠠᠭ ᠤᠨ ᠶᠡᠬᠡ ᠨᠥᠭᠡᠴᠡ ᠲᠡᠢ᠂ ᠬᠦᠮᠦᠨ ᠬᠦᠴᠦ ᠴᠡᠷᠢᠭ ᠦᠨ ᠲᠣᠭᠠᠨ ᠤ ᠬᠤᠪᠢ ᠳᠤ ᠮᠠᠨᠵᠤ ᠠᠴᠠ ᠳᠠᠪᠠᠭᠤ ᠤᠴᠢᠷ ᠲᠦᠷᠭᠡᠨ ᠭᠣᠣᠮᠠᠢ ᠬᠥᠳᠡᠯᠵᠦ ᠪᠣᠯᠬᠤ ᠦᠭᠡᠢ ᠪᠠᠶᠢᠪᠠ᠃ ᠲᠡᠶᠢᠮᠦ ᠡᠴᠡ ᠶᠠᠭᠤᠨ ᠤ ᠡᠮᠦᠨ᠎ᠡ ᠨᠢᠭᠡᠳᠬᠡᠨ ᠠᠪᠤᠭᠰᠠᠨ ᠥᠪᠥᠷ ᠮᠣᠩᠭᠣᠯ ᠤᠨ ᠠᠶᠢᠮᠠᠭ ᠤᠳ ᠲᠤ ᠡᠷᠬᠡ ᠨᠥᠯᠥᠭᠡ ᠪᠡᠨ ᠪᠡᠬᠢᠵᠢᠭᠦᠯᠵᠦ᠂ ᠥᠪᠡᠷ ᠦᠨ ᠴᠡᠷᠢᠭ ᠦᠨ ᠬᠦᠴᠦ ᠶᠢ ᠮᠣᠩᠭᠣᠯ ᠴᠡᠷᠢᠭ ᠦᠨ ᠬᠦᠴᠦ ᠪᠡᠷ ᠰᠡᠯᠪᠢᠬᠦ᠂ ᠮᠥᠨ ᠬᠢᠲᠠᠳ ᠲᠠᠢ ᠪᠠᠶᠢᠯᠳᠤᠬᠤ ᠳᠤ ᠪᠠᠨ᠂ ᠠᠷᠤ ᠲᠠᠯ᠎ᠠ ᠪᠠᠨ ᠨᠠᠶᠢᠳᠠᠪᠤᠷᠢᠲᠠᠢ ᠪᠡᠬᠢᠯᠡᠬᠦ ᠵᠣᠷᠢᠯᠭ᠎ᠠ ᠪᠠᠷ ᠬᠠᠯᠬ᠎ᠠ ᠶᠢᠨ ᠬᠠᠨ ᠨᠠᠷᠠᠲᠠᠢ ᠬᠣᠯᠪᠣᠭ᠎ᠠ ᠲᠣᠭᠲᠠᠭᠠᠬᠤ ᠶᠢ ᠡᠷᠡᠮᠡᠯᠵᠡᠵᠦ ᠪᠠᠶᠢᠭᠰᠠᠨ ᠶᠤᠮ᠃ ᠬᠠᠯᠬ᠎ᠠ ᠶᠢᠨ ᠡᠷᠬᠡ ᠪᠠᠷᠢᠭᠴᠢᠳ ᠲᠠᠢ ᠨᠠᠶᠢᠷᠰᠠᠭ ᠬᠠᠷᠢᠯᠴᠠᠬᠤ ᠵᠠᠮ ᠢᠶᠠᠷ ᠮᠠᠨᠵᠤ ᠶᠢᠨ ᠲᠠᠯ᠎ᠠ ᠠᠴᠠ ᠢᠷᠡᠬᠦ ᠠᠶᠤᠯ ᠢ ᠰᠠᠭᠠᠷᠠᠭᠤᠯᠬᠤ ᠶᠢ ᠣᠷᠣᠯᠳᠤᠵᠤ ᠪᠠᠶᠢᠪᠠ᠃ ᠥᠪᠡᠷᠰᠡᠳ ᠦᠨ ᠨᠢ ᠠᠰᠢᠭ ᠰᠣᠨᠢᠷᠬᠠᠯ ᠳᠤ ᠨᠡᠶᠢᠴᠡᠵᠦ ᠪᠠᠶᠢᠭᠰᠠᠨ ᠤᠴᠢᠷ ᠮᠠᠨᠵᠤ ᠨᠠᠷ ᠬᠠᠯᠬ᠎ᠠ ᠶᠢᠨ ᠡᠷᠬᠡ ᠪᠠᠷᠢᠭᠴᠢᠳ ᠤᠨ ᠡᠨᠡ ᠣᠷᠣᠯᠳᠤᠯᠭ᠎ᠠ ᠶᠢ ᠬᠡᠰᠡᠭ ᠬᠤᠭᠤᠴᠠᠭᠠᠨ ᠳᠤ ᠳᠡᠮᠵᠢᠵᠦ ᠪᠠᠶᠢᠪᠠ᠃ 1636 ᠣᠨ ᠤ ᠡᠪᠦᠯ ᠰᠡᠴᠡᠨ ᠬᠠᠨ ᠠᠳᠤᠭᠤ᠂ ᠲᠡᠮᠡᠭᠡ᠂ ᠪᠤᠯᠠᠭ᠎ᠠ ᠵᠡᠷᠭᠡ ᠵᠦᠢᠯᠡᠰ ᠢ ᠡᠷᠭᠦᠨ᠂ ᠨᠠᠶᠢᠷᠠᠮᠳᠠᠬᠤ ᠶᠢ ᠬᠦᠰᠡᠭᠰᠡᠨ ᠦ ᠬᠠᠷᠢᠭᠤ ᠳᠤ᠂ 1637 ᠣᠨ ᠤ 1 ᠰᠠᠷ᠎ᠠ ᠳᠤ ᠮᠠᠨᠵᠤ ᠶᠢᠨ ᠠᠪᠠᠬᠠᠢ ᠬᠠᠭᠠᠨ ᠪᠡᠯᠭᠡ ᠲᠡᠢ ᠬᠠᠷᠢᠭᠤ ᠡᠯᠴᠢ ᠢᠯᠡᠭᠡᠵᠦ ᠪᠠᠶᠢᠴᠠᠢ᠃ ᠮᠥᠨ 1637 ᠣᠨ ᠤ 3 ᠰᠠᠷ᠎ᠠ ᠳᠤ ᠲᠦᠰᠢᠶᠡᠲᠦ ᠬᠠᠨ ᠬᠣᠶᠠᠷ ᠠᠯᠲᠠᠨ ᠨᠤᠮᠤ᠂ ᠭᠤᠷᠪᠠᠨ ᠮᠣᠷᠢ ᠪᠠᠷ ᠪᠡᠯᠡᠭ ᠬᠦᠷᠭᠡᠭᠦᠯᠦᠨ᠂ ᠡᠯᠴᠢ ᠵᠠᠷᠤᠨ ᠨᠠᠶᠢᠷᠠᠮᠳᠠᠯ ᠬᠣᠯᠪᠣᠭ᠎ᠠ ᠲᠠᠢ ᠪᠠᠶᠢᠬᠤ ᠪᠠᠨ ᠢᠯᠡᠷᠬᠡᠶᠢᠯᠡᠵᠦ ᠪᠠᠶᠢᠴᠠᠢ᠃ᠮᠠᠨᠵᠤ ᠶᠢᠨ ᠡᠷᠬᠡ ᠪᠠᠷᠢᠭᠴᠢᠳ ᠥᠪᠥᠷ ᠮᠣᠩᠭᠣᠯ ᠢ ᠡᠵᠡᠯᠡᠬᠦ ᠳᠦ ᠪᠡᠨ ᠡᠷᠬᠡ ᠪᠠᠷᠢᠭᠴᠢ ᠳᠠᠪᠬᠤᠷᠭ᠎ᠠ ᠶᠢᠨ ᠬᠢᠨ ᠲᠠᠢ ᠨᠢ ᠬᠤᠳᠠ ᠤᠷᠤᠭ ᠤᠨ ᠪᠠᠷᠢᠯᠳᠤᠯᠭ᠎ᠠ ᠲᠣᠭᠲᠠᠭᠠᠬᠤ᠂ ᠴᠣᠯᠠ ᠬᠡᠷᠭᠡᠮ ᠥᠭᠬᠦ᠂ ᠥᠭᠭᠢᠶᠡᠮᠦᠷ ᠱᠠᠩ ᠬᠠᠷᠠᠮᠵᠢ ᠪᠠᠷ ᠲᠠᠯ᠎ᠠ ᠳᠤ ᠪᠠᠨ ᠲᠠᠲᠠᠬᠤ᠂ ᠠᠶᠤᠯᠭᠠᠨ ᠰᠦᠷᠳᠡᠭᠦᠯᠬᠦ ᠠᠷᠭ᠎ᠠ ᠶᠢ ᠬᠡᠷᠡᠭᠯᠡᠵᠦ ᠠᠮᠵᠢᠯᠲᠠᠨ ᠳᠤ ᠬᠦᠷᠦᠭᠰᠡᠨ ᠲᠤᠷᠰᠢᠯᠭ᠎ᠠ ᠪᠠᠨ ᠬᠠᠯᠬ᠎ᠠ ᠲᠠᠢ ᠬᠠᠷᠢᠯᠴᠠᠬᠤ ᠳᠤ ᠪᠠᠨ ᠴᠤ ᠦᠷᠭᠦᠯᠵᠢᠯᠡᠭᠦᠯᠦᠨ ᠬᠡᠷᠡᠭᠯᠡᠭᠰᠡᠨ ᠢᠶᠡᠷ ᠠᠮᠵᠢᠯᠲᠠ ᠣᠯᠤᠭᠰᠠᠨ ᠶᠤᠮ᠃ᠬᠡᠳᠦᠢ ᠪᠡᠷ ᠥᠪᠥᠷ ᠮᠣᠩᠭᠣᠯ ᠤᠨ ᠳᠠᠷᠠᠭ᠎ᠠ ᠬᠠᠯᠬ᠎ᠠ ᠶᠢᠨ ᠰᠢᠭᠤᠳ ᠳᠣᠪᠲᠣᠯᠭᠠᠭ᠎ᠠ ᠦᠭᠡᠢ ᠴᠤ ᠬᠢᠲᠠᠳ ᠢ ᠡᠵᠡᠯᠡᠨ ᠠᠪᠤᠭᠰᠠᠨ ᠤ ᠳᠠᠷᠠᠭ᠎ᠠ ᠡᠨᠡ ᠠᠶᠤᠯ ᠨᠢᠭᠤᠷᠯᠠᠨ ᠢᠷᠡᠬᠦ ᠨᠢ ᠣᠶᠢᠯᠠᠭᠠᠮᠵᠢᠲᠠᠢ ᠪᠠᠶᠢᠭᠰᠠᠨ ᠶᠤᠮ᠃ ᠲᠡᠶᠢᠮᠦ ᠡᠴᠡ ᠲᠡᠭᠦᠨ ᠦ ᠪᠣᠭᠣᠨᠢ ᠬᠤᠭᠤᠴᠠᠭᠠᠨ ᠳᠤ ᠳᠣᠲᠣᠭᠠᠳᠤ ᠶᠢᠨ ᠡᠪ ᠨᠢᠭᠡᠳᠦᠯ ᠢᠶᠡᠨ ᠪᠡᠬᠢᠵᠢᠭᠦᠯᠵᠦ᠂ ᠴᠡᠷᠢᠭ ᠦᠨ ᠬᠦᠴᠦ ᠶᠢ ᠨᠡᠮᠡᠭᠳᠡᠭᠦᠯᠬᠦ ᠵᠡᠷᠭᠡ ᠵᠦᠢᠯ ᠢ ᠬᠢᠬᠦ ᠱᠠᠭᠠᠷᠳᠠᠯᠭ᠎ᠠ ᠶᠢᠨ ᠤᠯᠠᠮ ᠠᠴᠠ ᠬᠤᠭᠤᠴᠠᠭ᠎ᠠ ᠬᠣᠵᠢᠬᠤ ᠵᠣᠷᠢᠯᠭ᠎ᠠ ᠪᠠᠷ ᠮᠠᠨᠵᠤ ᠶᠢᠨ ᠬᠠᠭᠠᠳ ᠲᠠᠢ ᠨᠠᠶᠢᠷᠠᠮᠳᠠᠯᠲᠤ ᠬᠠᠷᠢᠯᠴᠠᠭ᠎ᠠ ᠲᠣᠭᠲᠠᠭᠠᠬᠤ᠂ ᠬᠠᠷᠢ ᠶᠢᠨ ᠲᠦᠷᠢᠮᠡᠭᠡᠶᠢᠯᠡᠯ ᠢ ᠡᠰᠡᠷᠭᠦᠴᠡᠬᠦ ᠬᠦᠴᠦᠨ ᠪᠦᠷᠢᠳᠦᠭᠦᠯᠬᠦ ᠬᠠᠷᠢᠭᠤᠴᠠᠯᠭ᠎ᠠ ᠬᠠᠯᠬ᠎ᠠ ᠶᠢᠨ ᠡᠷᠬᠡ ᠪᠠᠷᠢᠭᠴᠢᠳ ᠲᠤ ᠲᠤᠯᠭᠠᠷᠠᠭᠰᠠᠨ ᠠᠵᠢ᠃ᠲᠥᠶᠢᠨᠬᠦᠦ ᠮᠠᠨᠵᠤ ᠨᠠᠷ ᠬᠠᠷᠢ ᠤᠯᠤᠰ ᠢ ᠳᠣᠪᠲᠣᠯᠬᠤ ᠳᠤ ᠪᠠᠨ᠂ ᠠᠷᠤ ᠲᠠᠯ᠎ᠠ ᠠᠴᠠ ᠪᠠᠨ ᠠᠶᠤᠯ ᠦᠭᠡᠢ ᠪᠠᠶᠢᠬᠤ᠂ ᠨᠥᠭᠥᠭᠡ ᠲᠠᠯ᠎ᠠ ᠠᠴᠠ ᠮᠣᠩᠭᠣᠯᠴᠤᠳ ᠨᠢ ᠪᠣᠯᠵᠣᠰᠢ ᠦᠭᠡᠢ ᠠᠶᠤᠯ ᠨᠢᠭᠤᠷᠯᠠᠨ ᠢᠷᠡᠲᠡᠯ᠎ᠡ ᠬᠦᠴᠦ ᠪᠡᠨ ᠰᠡᠯᠪᠢᠬᠦ ᠭᠡᠰᠡᠨ ᠬᠣᠶᠠᠷ ᠲᠠᠯ᠎ᠠ ᠶᠢᠨ ᠰᠣᠨᠢᠷᠬᠠᠯ ᠨᠢᠭᠡᠳᠴᠦ ᠨᠡᠶᠢᠭᠡᠮ ᠤᠨ ᠬᠠᠷᠢᠯᠴᠠᠭ᠎ᠠ ᠬᠡᠰᠡᠭ ᠬᠤᠭᠤᠴᠠᠭᠠᠨ ᠳᠤ ᠨᠠᠮᠵᠢᠭᠤ ᠪᠠᠶᠢᠭᠰᠠᠨ ᠨᠢ ᠠᠯᠢ ᠠᠯᠢ ᠨᠢ ᠴᠠᠭ ᠬᠣᠵᠢᠬᠤ ᠭᠡᠰᠡᠨ ᠲᠡᠢ ᠬᠣᠯᠪᠣᠭ᠎ᠠ ᠲᠠᠢ ᠪᠠᠶᠢᠪᠠ᠃ᠲᠤᠬᠠᠢ ᠶᠢᠨ ᠦᠶ᠎ᠡ ᠳᠦ ᠮᠣᠩᠭᠣᠯ ᠤᠨ ᠶᠡᠬᠡ ᠬᠠᠭᠠᠨ ᠤ ᠡᠷᠬᠡ ᠵᠠᠬᠢᠷᠭ᠎ᠠ ᠨᠢᠭᠡᠨᠲᠡ ᠤᠨᠠᠭᠰᠠᠨ ᠴᠠᠭ ᠲᠤᠯᠠ ᠬᠠᠯᠬ᠎ᠠ ᠶᠢᠨ ᠤᠯᠤᠰ ᠲᠥᠷᠥ ᠶᠢᠨ ᠠᠮᠢᠳᠤᠷᠠᠯ ᠳᠤ ᠲᠦᠰᠢᠶᠡᠲᠦ ᠬᠠᠨ ᠭᠣᠮᠪᠣᠳᠣᠷᠵᠢ᠂ ᠰᠡᠴᠡᠨ ᠬᠠᠨ ᠱᠣᠯᠣᠢ᠂ ᠵᠠᠰᠠᠭᠲᠤ ᠬᠠᠨ ᠰᠦᠪᠠᠳᠠᠢ ᠨᠠᠷ ᠲᠡᠷᠢᠭᠦᠯᠡᠬᠦ ᠡᠭᠦᠷᠭᠡ ᠲᠡᠢ ᠪᠠᠶᠢᠭᠰᠠᠨ ᠶᠤᠮ᠃ ᠬᠠᠯᠬ᠎ᠠ ᠶᠢᠨ ᠪᠠᠷᠠᠭᠤᠨ ᠭᠠᠷ ᠢ ᠵᠠᠰᠠᠭᠲᠤ ᠬᠠᠨ ᠰᠦᠪᠠᠳᠠᠢ ᠵᠣᠩᠬᠢᠯᠠᠨ ᠵᠠᠬᠢᠷᠴᠢ ᠪᠠᠶᠢᠭᠰᠠᠨ ᠪᠣᠯᠪᠠᠴᠤ ᠱᠣᠯᠣᠢ ᠤᠸᠠᠰᠢ ᠶᠢᠨ ᠬᠥᠪᠡᠭᠦᠨ ᠬᠡᠮᠡᠭᠳᠡᠬᠦ ᠠᠯᠲᠠᠨ ᠬᠠᠨ ᠬᠡᠮᠡᠭᠳᠡᠬᠦ ᠣᠮᠪᠣ-ᠡᠷᠳᠡᠨᠢ ᠶᠢᠨ ᠡᠷᠬᠡ ᠨᠥᠯᠥᠭᠡ ᠶᠡᠬᠡ ᠪᠠᠶᠢᠪᠠ᠃ ᠠᠯᠲᠠᠨ ᠬᠠᠨ ᠤ ᠡᠵᠡᠮᠰᠢᠯ ᠨᠢ ᠪᠠᠷᠠᠭᠤᠨ ᠲᠡᠰᠢ ᠠᠯᠲᠠᠢ ᠶᠢᠨ ᠤᠷᠢᠶᠠᠩᠬᠠᠢ᠂ ᠺᠷᠠᠰᠠᠨ ᠠᠢᠷᠰᠺ ᠤᠨ ᠬᠢᠵᠠᠭᠠᠷ᠂ ᠵᠡᠭᠦᠨ ᠲᠡᠰᠢ ᠰᠡᠯᠡᠩᠭᠡ᠂ ᠲᠠᠮᠢᠷ ᠤᠨ ᠡᠬᠢᠨ ᠳᠦ ᠲᠤᠯᠵᠤ ᠪᠠᠶᠢᠪᠠ᠃ ᠲᠡᠭᠦᠨ ᠦ ᠣᠷᠳᠣ ᠥᠷᠭᠥᠭᠡ ᠤᠪᠰᠤ ᠨᠠᠭᠤᠷ ᠤᠨ ᠰᠠᠪᠠ ᠭᠠᠵᠠᠷ ᠪᠠᠶᠢᠴᠠᠢ᠃ ᠠᠯᠲᠠᠨ ᠬᠠᠨ ᠵᠠᠰᠠᠭᠲᠤ ᠬᠠᠨ ᠲᠠᠢ ᠥᠷᠢᠰᠦᠯᠳᠦᠨ᠂ ᠪᠡᠶ᠎ᠡ ᠳᠠᠭᠠᠭᠰᠠᠨ ᠪᠣᠳᠣᠯᠭ᠎ᠠ ᠶᠠᠪᠤᠭᠤᠯᠵᠤ ᠪᠠᠶᠢᠪᠠ᠃ ᠲᠡᠷᠡ ᠠᠷᠪᠠᠨ ᠳᠣᠯᠤᠳᠤᠭᠠᠷ ᠵᠠᠭᠤᠨ ᠤ ᠡᠬᠢᠨ ᠦᠶᠡᠰ ᠣᠷᠣᠰ ᠤᠯᠤᠰ ᠲᠠᠢ ᠬᠠᠷᠢᠯᠴᠠᠵᠤ᠂ ᠤᠯᠤᠰ ᠲᠥᠷᠥ᠂ ᠡᠳ᠋ ᠍ ᠦᠨ ᠵᠠᠰᠠᠭ ᠤᠨ ᠬᠣᠯᠪᠣᠭ᠎ᠠ ᠲᠣᠭᠲᠠᠭᠠᠵᠤ᠂ ᠨᠡᠯᠢᠶᠡᠳ ᠬᠡᠮᠵᠢᠶ᠎ᠡ ᠪᠡᠷ ᠬᠤᠳᠠᠯᠳᠤᠭ᠎ᠠ ᠠᠷᠠᠯᠵᠢᠶ᠎ᠠ ᠬᠢᠵᠦ ᠪᠠᠶᠢᠪᠠ᠃ᠮaᠨᠵ ᠨᠠᠷ ᠬᠢᠲᠠᠳ ᠢ ᠪᠠᠶᠢᠯᠳᠤᠨ ᠡᠵᠡᠯᠡᠬᠦ ᠳᠦ ᠪᠡᠨ᠂ ᠬᠠᠯᠬ᠎ᠠ ᠶᠢᠨ ᠨᠣᠶᠠᠳ ᠤᠨ ᠦᠢᠯᠡ ᠠᠵᠢᠯᠭᠠᠨ ᠳᠤ ᠵᠠᠷᠢᠮ ᠨᠢᠭᠡᠨ ᠬᠣᠷᠢᠭ ᠲᠠᠯᠪᠢᠭᠰᠠᠨ ᠶᠤᠮ᠃ ᠡᠭᠦᠨ ᠳᠦ᠂ 1636 ᠣᠨ ᠳᠤ ᠮᠠᠨᠵᠤ ᠶᠢᠨ ᠳᠡᠭᠡᠳᠦ ᠡᠷᠳᠡᠮᠲᠦ ᠬᠠᠭᠠᠨ ᠬᠠᠯᠬ᠎ᠠ ᠶᠢ ᠬᠢᠲᠠᠳ ᠲᠠᠢ ᠬᠤᠳᠠᠯᠳᠤᠭ᠎ᠠ ᠬᠢᠬᠦ ᠶᠢ ᠠᠯᠪᠠᠨ ᠶᠣᠰᠣᠭᠠᠷ ᠬᠣᠷᠢᠭᠯᠠᠭᠰᠠᠨ ᠵᠠᠷᠯᠢᠭ ᠪᠠᠭᠤᠯᠭᠠᠵᠠᠢ᠃ ᠡᠨᠡ ᠨᠢ ᠨᠢᠭᠡ ᠳᠦ᠂ ᠮᠣᠩᠭᠣᠯ-ᠬᠢᠲᠠᠳ ᠤᠨ ᠬᠣᠭᠣᠷᠣᠨᠳᠣ ᠬᠣᠯᠪᠣᠭ᠎ᠠ ᠲᠣᠭᠲᠠᠬᠤ ᠠᠴᠠ ᠰᠡᠷᠭᠡᠶᠢᠯᠡᠭᠰᠡᠨ᠂ ᠬᠣᠶᠠᠷ ᠲᠤ᠂ ᠮᠣᠩᠭᠣᠯᠴᠤᠳ ᠬᠤᠳᠠᠯᠳᠤᠭᠠᠯᠠᠬᠤ ᠳᠤ ᠪᠠᠨ ᠠᠭᠲᠠ ᠮᠣᠷᠢ ᠪᠠᠷ ᠭᠣᠣᠯᠳᠠᠭᠤ ᠠᠷᠠᠯᠵᠢᠶᠠᠯᠠᠳᠠᠭ ᠤᠴᠢᠷ ᠬᠢᠲᠠᠳ ᠤᠨ ᠴᠡᠷᠢᠭ ᠦᠨ ᠬᠦᠴᠦᠨ ᠴᠢᠳᠠᠯ ᠨᠡᠮᠡᠭᠳᠡᠬᠦ ᠡᠴᠡ ᠪᠣᠯᠭᠣᠮᠵᠢᠯᠠᠭᠰᠠᠨ ᠬᠡᠷᠡᠭ ᠪᠣᠯᠤᠯᠲᠠᠢ᠃ᠨᠥᠭᠦᠭᠡᠲᠡᠶᠢᠭᠦᠷ 1638 ᠣᠨ ᠳᠤ ᠮᠠᠨᠵᠤ ᠶᠢᠨ ᠬᠠᠭᠠᠨ ᠬᠠᠯᠬ᠎ᠠ ᠶᠢᠨ ᠭᠤᠷᠪᠠᠨ ᠬᠠᠨ ᠢ ᠵᠢᠯ ᠪᠦᠷᠢ ᠴᠠᠭᠠᠨ ᠲᠡᠮᠡᠭᠡ ᠨᠢᠵᠡᠭᠡᠳ᠂ ᠰᠠᠷᠠᠯ ᠮᠣᠷᠢ ᠨᠠᠶᠢᠮᠠ ᠶᠢ ᠬᠢᠩ ᠦᠨ ᠡᠷᠬᠡ ᠪᠠᠷᠢᠭᠴᠢᠳ ᠲᠤ ᠶᠣᠰᠣᠨ ᠤ ᠪᠡᠯᠭᠡ ᠬᠡᠮᠡᠨ ᠪᠠᠷᠢᠭᠤᠯᠬᠤ ᠵᠠᠷᠯᠢᠭ ᠪᠠᠭᠤᠯᠭᠠᠵᠠᠢ᠃ ᠢᠩᠭᠢᠭᠰᠡᠨ ᠢᠶᠡᠷ ᠢᠶᠡᠨ ᠮᠠᠨᠵᠤ ᠶᠢᠨ ᠬᠠᠭᠠᠨ ᠬᠠᠯᠬ᠎ᠠ ᠶᠢᠨ ᠬᠠᠨ ᠨᠠᠷ ᠤᠨ ᠡᠷᠬᠡ ᠮᠡᠳᠡᠯ ᠢ ᠬᠢᠵᠠᠭᠠᠷᠯᠠᠵᠤ᠂ ᠡᠷᠬᠡᠰᠢᠶᠡᠯ ᠳᠦ ᠪᠡᠨ ᠣᠷᠣᠭᠤᠯᠬᠤ ᠶᠢ ᠰᠠᠨᠠᠭᠠᠷᠬᠠᠵᠠᠢ᠃ ᠬᠡᠳᠦᠢ ᠪᠡᠷ ᠮᠣᠩᠭᠣᠯ ᠳᠤ ᠮᠠᠨᠵᠤ ᠶᠢᠨ ᠲᠦᠷᠢᠮᠡᠭᠡᠶᠢᠯᠡᠯ ᠢ ᠬᠦᠴᠦ ᠪᠡᠷ ᠪᠠᠷᠢᠵᠤ ᠵᠣᠭᠰᠣᠬᠤ ᠤᠯᠤᠰ ᠲᠥᠷᠥ ᠶᠢᠨ ᠨᠢᠭᠡᠳᠦᠮᠡᠯ ᠬᠦᠴᠦᠨ ᠪᠠᠶᠢᠬᠤ ᠦᠭᠡᠢ ᠪᠠᠶᠢᠭᠰᠠᠨ ᠴᠤ ᠬᠠᠷᠢ ᠶᠢᠨ ᠲᠦᠷᠢᠮᠡᠭᠡᠶᠢᠯᠡᠯ ᠢᠯᠡᠳᠲᠡ ᠨᠡᠭᠦᠷᠯᠡᠭᠰᠡᠨ ᠦᠶ᠎ᠡ ᠳᠦ ᠮᠣᠩᠭᠣᠯᠴᠤᠳ ᠤᠳᠠᠭ᠎ᠠ ᠳᠠᠷᠠᠭ᠎ᠠ ᠨᠢᠭᠡ ᠳᠦ ᠬᠢ ᠣᠷᠣᠯᠳᠤᠯᠭ᠎ᠠ ᠬᠡᠶᠢᠵᠢᠭᠡ᠃1970 ᠣᠨ ᠳᠤ ᠬ᠃ᠫᠷᠯᠡᠢ ᠪᠤᠯᠠᠭᠠᠨ ᠠᠶᠢᠮᠠᠭ ᠤᠨ ᠳᠠᠰᠢᠨᠴᠢᠯᠡᠨ ᠰᠤᠮᠤ ᠶᠢᠨ ᠨᠤᠲᠤᠭ ᠠᠴᠠ ᠦᠢᠰᠦᠨ ᠬᠠᠤᠯᠢ ᠨᠤᠭᠤᠳ ᠣᠯᠤᠭᠰᠠᠨ ᠨᠢ ᠡᠭᠦᠨ ᠢ ᠭᠡᠷᠡᠴᠢᠯᠡᠬᠦ ᠴᠢᠬᠤᠯᠠ ᠰᠤᠷᠪᠤᠯᠵᠢ ᠪᠣᠯᠤᠭᠰᠠᠨ ᠶᠤᠮ᠃Xᠵᠢᠷᠭᠤᠳᠤᠭᠠᠷ ᠵᠠᠭᠤᠨ ᠤ ᠰᠡᠭᠦᠯᠴᠢ᠂ ᠠᠷᠪᠠᠨ ᠳᠣᠯᠤᠳᠤᠭᠠᠷ ᠵᠠᠭᠤᠨ ᠤ ᠡᠬᠢ ᠪᠡᠷ ᠬᠠᠯᠬ᠎ᠠ ᠶᠢᠨ ᠨᠣᠶᠠᠳ ᠤᠳᠠᠭ᠎ᠠ ᠳᠠᠷᠠᠭ᠎ᠠ ᠴᠢᠭᠤᠯᠭᠠᠨ ᠴᠢᠭᠤᠯᠵᠤ ᠳᠣᠲᠣᠭᠠᠳᠤ᠂ ᠭᠠᠳᠠᠭᠠᠳᠤ ᠤᠯᠤᠰ ᠲᠥᠷᠥ ᠶᠢᠨ ᠪᠠᠶᠢᠳᠠᠯ ᠢᠶᠠᠨ ᠬᠠᠤᠯᠢ ᠪᠠᠷ ᠵᠣᠬᠢᠴᠠᠭᠤᠯᠬᠤ ᠶᠢ ᠣᠷᠣᠯᠳᠤᠵᠤ ᠪᠠᠶᠢᠭᠰᠠᠨ ᠢ ᠲᠡᠳᠡᠭᠡᠷ ᠦᠢᠰᠦᠨ ᠬᠠᠤᠯᠢ ᠠᠴᠠ ᠬᠠᠷᠠᠵᠤ ᠪᠣᠯᠤᠨ᠎ᠠ᠃ᠦᠢᠰᠦᠨ ᠳᠡᠭᠡᠷ᠎ᠡ ᠪᠢᠴᠢᠭᠰᠡᠨ ᠲᠡᠳᠡᠭᠡᠷ ᠬᠠᠤᠯᠢ ᠶᠢᠨ ᠭᠣᠣᠯ ᠰᠠᠨᠠᠭ᠎ᠠ ᠨᠢ ᠳᠣᠲᠣᠭᠠᠳᠤ ᠶᠢᠨ ᠡᠪᠳᠡᠷᠡᠯ ᠬᠢᠮᠤᠷᠠᠯ ᠤᠨ ᠡᠭᠦᠳᠡ ᠬᠠᠭᠠᠯᠭ᠎ᠠ ᠶᠢ ᠬᠠᠭᠠᠵᠤ᠂ ᠲᠥᠷᠥᠤᠨ ᠨᠢᠭᠡᠳᠦᠯ ᠢ ᠠᠯᠢ ᠪᠣᠯᠬᠤ ᠪᠠᠷ ᠰᠠᠬᠢᠩ ᠬᠠᠮᠠᠭᠠᠯᠠᠬᠤ ᠶᠠᠪᠤᠳᠠᠯ ᠪᠠᠶᠢᠪᠠ᠃ ᠤᠭ ᠬᠠᠤᠯᠢ ᠨᠤᠭᠤᠳ ᠨᠢ 《ᠬᠠᠨ ᠬᠦᠮᠦᠨ ᠥᠪᠡᠷ ᠵᠠᠭᠤᠷ᠎ᠠ ᠬᠡᠷᠡᠯᠳᠦᠪᠡᠰᠦ᠂᠃.. ᠭᠠᠭᠴᠠ ᠬᠣᠰᠢᠭᠤ ᠪᠠᠷ ᠳᠠᠶᠢᠰᠤᠨ ᠳᠤ ᠮᠣᠷᠳᠠᠵᠤ ᠢᠳᠡᠪᠡᠰᠦ᠂ ᠨᠣᠶᠠᠳ ᠪᠡᠶ᠎ᠡ ᠪᠡᠨ ᠠᠯᠠᠯᠴᠠᠪᠠᠰᠤ᠂᠃.. ᠬᠠᠲᠠᠭᠤ ᠰᠢᠳᠬᠡᠵᠦ ᠪᠠᠶᠢᠬᠤ ᠪᠠᠷ ᠵᠠᠭᠠᠴᠠᠢ᠃ ᠤᠭ ᠬᠠᠤᠯᠢ ᠨᠤᠭᠤᠳ ᠨᠢᠭᠡᠨᠲᠡ ᠪᠤᠢ ᠪᠣᠯᠤᠭᠰᠠᠨ ᠳᠣᠲᠣᠭᠠᠳᠤ ᠶᠢᠨ ᠬᠢᠮᠤᠷᠠᠯ ᠢ ᠭᠡᠲᠦᠯᠦᠨ ᠳᠠᠪᠠᠬᠤ ᠶᠢᠨ ᠲᠤᠯᠠᠳᠠ ᠬᠠᠯᠬ᠎ᠠ ᠶᠢᠨ ᠬᠦᠴᠦ ᠶᠢ ᠨᠢᠭᠡᠳᠬᠡᠬᠦ ᠪᠣᠳᠣᠯᠭ᠎ᠠ ᠶᠢ ᠲᠤᠤᠱᠲᠠᠢ ᠶᠠᠪᠤᠭᠤᠯᠬᠤ ᠶᠢ ᠲᠡᠷᠡ ᠦᠶ᠎ᠡ ᠶᠢᠨ ᠵᠠᠷᠢᠮ ᠵᠢᠳᠬᠦᠯᠲᠡᠨ ᠬᠢᠴᠢᠶᠡᠵᠦ᠂ ᠬᠠᠯᠬ᠎ᠠ ᠶᠢᠨ ᠤᠯᠤᠰ ᠲᠥᠷᠥ ᠶᠢᠨ ᠬᠢᠮᠤᠷᠠᠯ ᠢ ᠬᠠᠤᠯᠢ ᠡᠷᠬᠡ ᠵᠦᠢ ᠶᠢᠨ ᠬᠦᠷᠢᠶᠡᠨ ᠳᠦ ᠰᠢᠢᠳᠬᠦ ᠭᠡᠰᠡᠨ ᠬᠡᠷᠡᠭ ᠪᠠᠶᠢᠪᠠ᠃ᠬᠠᠯᠬ᠎ᠠ ᠶᠢᠨ ᠰᠡᠴᠡᠨ ᠬᠠᠨ ᠱᠣᠯᠣᠢ᠂ ᠲᠦᠰᠢᠶᠡᠲᠦ ᠬᠠᠨ ᠭᠣᠮᠪᠣᠳᠣᠷᠵᠢ ᠶᠢᠨ ᠳᠤ ᠬᠣᠶᠠᠷ ᠴᠤ ᠤᠳᠠᠭ᠎ᠠ ᠪᠡᠶ᠎ᠡ ᠪᠡᠷ ᠬᠦᠷᠦᠯᠴᠡᠨ ᠣᠴᠢᠵᠤ , ᠰᠢᠨ᠎ᠡ ᠲᠥᠷᠥᠬᠦ ᠬᠡᠦᠬᠡᠳ ᠨᠢ ᠬᠥᠪᠡᠭᠦᠨ ᠪᠠᠶᠢᠪᠠᠯ᠂ ᠬᠠᠯᠬ᠎ᠠ ᠶᠢᠨ ᠱᠠᠰᠢᠨ ᠤ ᠲᠡᠷᠢᠭᠦᠨ ᠢᠶᠡᠷ ᠡᠷᠭᠦᠮᠵᠢᠯᠡᠬᠦ ᠶᠢ ᠵᠥᠪᠯᠡᠨ᠂ ᠥᠪᠡᠷ ᠦᠨ ᠭᠡᠭᠡᠨ ᠴᠣᠯᠠ ᠪᠠᠨ ᠡᠷᠭᠦᠬᠦ ᠪᠡᠷ ᠠᠮᠠᠯᠠᠵᠤ ᠪᠤᠴᠠᠭᠰᠠᠨ ᠪᠠ ᠳᠠᠷᠤᠭ᠎ᠠ ᠲᠦᠰᠢᠶᠡᠲᠦ ᠬᠠᠨ ᠤ ᠲᠦᠷᠦᠭᠰᠡᠨ ᠬᠥᠪᠡᠭᠦᠨ ᠳᠤ ᠨᠤᠲᠤᠭ ᠤᠨ ᠳᠠᠷᠬᠠᠴᠢ ᠨᠤᠭᠤᠳ ᠢᠶᠠᠷ 3 ᠲᠡᠮᠦᠷ ᠪᠦᠰᠡᠲᠡᠢ ᠥᠯᠥᠭᠡᠢ ᠥᠭᠭᠦᠭᠰᠡᠨ ᠪᠠᠶᠢᠨ᠎ᠠ᠃1639 ᠣᠨ ᠳᠤ ᠬᠠᠯᠬ᠎ᠠ ᠶᠢᠨ ᠨᠣᠶᠠᠳ ᠰᠢᠷᠡᠭᠡ ᠴᠠᠭᠠᠨ ᠨᠠᠭᠤᠷ ᠬᠡᠮᠡᠬᠦ ᠭᠠᠵᠠᠷ ᠴᠤᠭᠯᠠᠷᠠᠵᠤ᠂ ᠲᠦᠰᠢᠶᠡᠲᠦ ᠬᠠᠨ ᠭᠣᠮᠪᠣᠳᠣᠷᠵᠢ ᠶᠢᠨ 5 ᠨᠠᠰᠤᠲᠠᠢ ᠬᠥᠪᠡᠭᠦᠨ ᠵᠠᠨᠠᠪᠠᠽᠠᠷ ᠢ ᠬᠠᠯᠬ᠎ᠠ ᠮᠣᠩᠭᠣᠯ ᠤᠨ ᠱᠠᠰᠢᠨ ᠤ ᠲᠡᠷᠢᠭᠦᠨ ᠢᠶᠡᠷ ᠡᠷᠭᠦᠮᠵᠢᠯᠡᠵᠡᠢ᠃ ᠲᠥᠶᠢᠨᠬᠦᠦ ᠵᠠᠨᠠᠪᠠᠽᠠᠷ ᠨᠢ ᠮᠣᠩᠭᠣᠯ ᠤᠨ ᠲᠡᠦᠬᠡᠨ ᠳᠦ ᠠᠩᠬᠠᠳᠤᠭᠠᠷ ᠪᠣᠭᠳᠠ ᠵᠠᠪᠵᠠᠩᠳᠠᠮᠪᠠ ᠪᠤᠶᠤ ᠥᠨᠳᠥᠷ ᠭᠡᠭᠡᠨ ᠬᠡᠮᠡᠨ ᠠᠯᠳᠠᠷᠰᠢᠭᠰᠠᠨ ᠶᠤᠮ᠃ᠰᠢᠷᠡᠭᠡ ᠴᠠᠭᠠᠨ ᠨᠠᠭᠤᠷ ᠤᠨ ᠴᠢᠭᠤᠯᠭᠠᠨ ᠳᠤ ᠣᠷᠣᠯᠴᠠᠭᠰᠠᠳ ᠤᠭ ᠲᠡᠦᠬᠡᠲᠦ ᠦᠢᠯᠡ ᠶᠠᠪᠤᠳᠠᠯ ᠢ ᠲᠣᠬᠢᠶᠠᠯᠳᠤᠭᠤᠯᠤᠨ᠂ ᠰᠢᠷ᠎ᠠ ᠪᠥᠰ ᠦᠨ ᠣᠷᠳᠣ ᠪᠠᠶᠢᠭᠤᠯᠤᠭᠰᠠᠨ ᠨᠢ ᠬᠠᠯᠬ᠎ᠠ ᠶᠢᠨ ᠶᠡᠬᠡ ᠬᠦᠷᠢᠶᠡᠨ ᠦ ᠡᠭᠦᠰᠦᠯ ᠪᠣᠯᠵᠠᠢ᠃ ᠪᠠᠰᠠ ᠬᠠᠯᠬ᠎ᠠ ᠶᠢᠨ ᠨᠣᠶᠠᠳ ᠰᠢᠨ᠎ᠡ ᠡᠷᠭᠦᠮᠵᠢᠯᠡᠭᠳᠡᠭᠰᠡᠨ ᠱᠠᠰᠢᠨ ᠤ ᠲᠡᠷᠢᠭᠦᠨ ᠥᠨᠳᠥᠷ ᠭᠡᠭᠡᠨ ᠥᠪᠡᠷᠰᠡᠳ ᠦᠨ ᠬᠠᠷᠢᠶᠠᠲᠤ ᠠᠴᠠ ᠬᠤᠪᠢ ᠥᠮᠴᠢ ᠪᠣᠯᠭᠠᠨ ᠡᠷᠭᠦᠭᠰᠡᠨ ᠢᠶᠡᠷ ᠱᠠᠪᠢ ᠬᠡᠮᠡᠬᠦ ᠳᠠᠾᠷᠭ᠎ᠠ ᠶᠢᠨ ᠡᠭᠦᠰᠦᠯ ᠲᠠᠯᠪᠢᠭᠳᠠᠵᠠᠢ᠃ᠲᠥᠶᠢᠨᠬᠦᠦ ᠬᠠᠯᠬ᠎ᠠ ᠶᠢᠨ ᠱᠠᠰᠢᠨ ᠤ ᠲᠡᠷᠢᠭᠦᠨ ᠢ ᠡᠷᠭᠦᠮᠵᠢᠯᠡᠭᠰᠡᠨ ᠨᠢ ᠱᠠᠰᠢᠨ ᠤ ᠲᠤᠭ ᠤᠨ ᠳᠣᠣᠷ᠎ᠠ ᠬᠠᠯᠬ᠎ᠠ ᠶᠢ ᠨᠢᠭᠡᠳᠬᠡᠬᠦ ᠭᠡᠰᠡᠨ ᠣᠷᠣᠯᠳᠤᠯᠭ᠎ᠠ ᠪᠠᠶᠢᠭᠰᠠᠨ ᠶᠤᠮ᠃ᠮᠥᠨ 1640 ᠣᠨ ᠳᠤ ᠬᠠᠯᠬ᠎ᠠ ᠶᠢᠨ-ᠣᠶᠢᠷᠠᠳ ᠤᠨ ᠨᠣᠶᠠᠳ ᠤᠳ ᠲᠠᠷᠪᠠᠭᠠᠲᠠᠢ ᠶᠢᠨ ᠤᠯᠠᠭᠠᠨ ᠪᠠᠭᠤᠷᠠᠢ ᠭᠡᠳᠡᠭ ᠴᠢᠭᠤᠯᠭᠠᠨ ᠨᠡᠶᠢᠯᠡᠵᠦ᠂ ᠴᠠᠭ ᠦᠶᠡ ᠳ᠋ᠦᠩᠨᠡᠵᠦ᠂ ᠬᠠᠯᠬ᠎ᠠ ᠣᠶᠢᠷᠠᠳ ᠡᠪ ᠡᠶ᠎ᠡ ᠬᠢᠴᠢᠶᠡᠨ᠂ ᠬᠠᠷᠢ ᠶᠢᠨ ᠲᠦᠷᠢᠮᠡᠭᠡᠶᠢᠯᠡᠯ ᠢ ᠬᠠᠮᠲᠤ ᠶᠢᠨ ᠬᠦᠴᠦ ᠪᠡᠷ ᠳᠠᠪᠠᠬᠤ ᠶᠢ ᠤᠷᠢᠶᠠᠯᠠᠨ ᠲᠤᠩᠬᠠᠭᠯᠠᠵᠤ᠂ ᠲᠤᠰ ᠴᠢᠭᠤᠯᠭᠠᠨ ᠠᠴᠠ ᠮᠣᠩᠭᠣᠯ ᠣᠶᠢᠷᠠᠳ ᠤᠨ ᠶᠡᠬᠡ ᠴᠠᠭᠠᠵᠠ ᠶᠢ ᠪᠠᠲᠤᠯᠠᠭᠰᠠᠨ ᠨᠢ ᠮᠠᠨᠵᠤ ᠶᠢᠨ ᠲᠦᠷᠢᠮᠡᠭᠡᠶᠢᠯᠡᠯ ᠦᠨ ᠡᠰᠡᠷᠬᠦ ᠬᠦᠴᠦ ᠪᠡᠨ ᠨᠢᠭᠡᠳᠬᠡᠬᠦ ᠪᠠᠰᠠ ᠨᠢᠭᠡᠨ ᠣᠷᠣᠯᠳᠤᠯᠭ᠎ᠠ ᠪᠠᠶᠢᠯ᠎ᠠ᠃ᠲᠤᠰ ᠴᠢᠭᠤᠯᠭᠠᠨ ᠳᠤ ᠬᠠᠯᠬ᠎ᠠ ᠶᠢᠨ ᠡᠷᠳᠡᠨᠢ ᠵᠠᠰᠠᠭᠲᠤ ᠬᠠᠨ ᠰᠦᠪᠠᠳᠠᠢ᠂ ᠸᠴᠢᠷᠪᠠᠲᠤ ᠲᠤᠯᠭᠤᠷ ᠲᠦᠰᠢᠶᠡᠲᠦ ᠬᠠᠨ ᠭᠣᠮᠪᠣᠳᠣᠷᠵᠢ᠂ ᠰᠡᠴᠡᠨ ᠬᠠᠨ ᠠᠶᠢᠮᠠᠭ ᠤᠨ ᠨᠥᠯᠥᠭᠡ ᠪᠦᠬᠦᠢ ᠲᠣᠮᠣ ᠨᠣᠶᠠᠳ᠂ ᠬᠡᠮᠡᠬᠦ ᠲᠥᠷᠦᠪᠠᠶᠢᠬᠤ᠂ ᠲᠩᠷᠡᠢ ᠲᠣᠶᠢᠨ ᠨᠠᠷ ᠢ ᠵᠡᠷᠭᠡ ᠬᠠᠯᠬ᠎ᠠ ᠣᠶᠢᠷᠠᠳ ᠤᠨ ᠲᠥᠷᠥ᠂ ᠱᠠᠰᠢᠨ ᠤ᠂ ᠷᠵᠢᠳᠬᠦᠯᠲᠡᠨ ᠪᠣᠯᠤᠨ ᠬᠥᠬᠡ ᠨᠠᠭᠤᠷ ᠤᠨ ᠮᠣᠩᠭᠣᠯᠴᠤᠳ᠂ ᠢᠵᠢᠯ ᠮᠥᠷᠡᠨ ᠦ ᠭᠣᠣᠯ ᠲᠣᠷᠭᠤ ᠶᠢᠨ ᠲᠥᠯᠥᠭᠡᠯᠡᠭᠴᠢᠳ ᠪᠦᠭᠦᠳᠡ 28 ᠲᠣᠮᠣ ᠨᠣᠶᠠᠳ ᠣᠷᠣᠯᠴᠠᠵᠠᠢ᠃ ᠲᠡᠳᠡᠭᠡᠷ ᠨᠣᠶᠠᠳ ᠨᠢ ᠲᠤᠬᠠᠢ ᠶᠢᠨ ᠦᠶ᠎ᠡ ᠶᠢᠨ ᠮᠣᠩᠭᠣᠯ ᠤᠯᠤᠰ ᠤᠨ ᠲᠥᠷᠥ ᠶᠢᠨ ᠠᠶᠢᠷᠠᠮᠳᠠ ᠭᠣᠣᠯ ᠡᠭᠦᠷᠭᠡ ᠭᠦᠢᠴᠡᠳᠭᠡᠵᠦ ᠪᠠᠶᠢᠭᠰᠠᠨ ᠨᠥᠯᠥᠭᠡ ᠪᠦᠬᠦᠢ ᠬᠦᠮᠦᠰ ᠪᠠᠶᠢᠪᠠ᠃ᠲᠤᠰ ᠴᠢᠭᠤᠯᠭᠠᠨ ᠤ ᠭᠣᠣᠯ ᠵᠣᠷᠢᠯᠭ᠎ᠠ ᠨᠢ ᠤᠯᠤᠰ ᠲᠥᠷᠥ ᠶᠢᠨ ᠪᠤᠲᠠᠷᠠᠯ ᠢ ᠳᠠᠪᠠᠵᠤ᠂ ᠦᠨᠳᠦᠰᠦᠨ ᠦ ᠨᠢᠭᠡᠳᠦᠯ ᠢ ᠰᠡᠷᠭᠦᠭᠡᠨ ᠪᠡᠬᠢᠵᠢᠭᠦᠯᠬᠦ᠂ ᠬᠠᠷᠢ ᠶᠢᠨ ᠳᠠᠶᠢᠰᠤᠨ ᠤ ᠥᠩᠭᠡᠯᠢᠯᠵᠡᠯ ᠢ ᠲᠠᠰ ᠴᠤᠬᠢᠬᠤ ᠬᠡᠷᠡᠭ ᠲᠦ ᠮᠣᠩᠭᠣᠯ ᠤᠭᠰᠠᠭᠠᠲᠠᠨ ᠤ ᠬᠠᠮᠲᠤ ᠶᠢᠨ ᠴᠢᠷᠮᠠᠶᠢᠯᠲᠠ ᠪᠠᠷ ᠵᠣᠬᠢᠶᠠᠨ ᠪᠠᠶᠢᠭᠤᠯᠬᠤ ᠳᠤ ᠣᠷᠣᠰᠢᠵᠤ ᠪᠠᠶᠢᠪᠠ᠃ ᠲᠥᠶᠢᠨᠬᠦᠦ ᠬᠠᠯᠬ᠎ᠠ᠂ᠣᠶᠢᠷᠠᠳ ᠬᠣᠶᠠᠷ ᠨᠢᠭᠡᠳᠴᠦ᠂ ᠬᠠᠷᠢ ᠶᠢᠨ ᠲᠦᠷᠢᠮᠡᠭᠡᠶᠢᠯᠡᠯ ᠦᠨ ᠡᠰᠡᠷᠬᠦ ᠬᠦᠴᠦ ᠪᠡᠨ ᠨᠢᠭᠡᠳᠬᠡᠭᠰᠡᠨ ᠪᠣᠯᠪᠠᠴᠤ ᠡᠨᠡ ᠶᠠᠪᠤᠳᠠᠯ ᠤᠳᠠᠭᠠᠨ ᠦᠷᠭᠦᠯᠵᠢᠯᠡᠭᠰᠡᠨ ᠦᠭᠡᠢ᠃ᠲᠤᠬᠠᠢ ᠶᠢᠨ ᠦᠶ᠎ᠡ ᠶᠢᠨ ᠮᠣᠩᠭᠣᠯ ᠲᠥᠷᠥ ᠱᠠᠰᠢᠨ ᠤ ᠵᠢᠳᠬᠦᠯᠲᠡᠨ ᠨᠦᠭᠦᠳ ᠬᠠᠤᠯᠢ ᠴᠠᠭᠠᠵᠠ ᠱᠠᠰᠢᠨ ᠤ ᠲᠥᠷᠥ ᠶᠢᠨ ᠬᠡᠮᠵᠢᠶᠡᠨ ᠳᠦ ᠪᠦᠬᠦ ᠲᠠᠯ᠎ᠠ ᠠᠴᠠ ᠨᠢ ᠤᠯᠤᠰ ᠢᠶᠠᠨ ᠨᠢᠭᠡᠳᠬᠡᠬᠦ ᠭᠡᠵᠦ ᠤᠳᠠᠭ᠎ᠠ ᠳᠠᠷᠠᠭ᠎ᠠ ᠣᠷᠣᠯᠳᠤᠭᠰᠠᠨ ᠪᠣᠯᠪᠠᠴᠤ ᠲᠡᠷᠡ ᠦᠶ᠎ᠡ ᠳᠦ ᠮᠣᠩᠭᠣᠯ ᠤᠯᠤᠰ ᠲᠥᠷᠥ ᠶᠢᠨ ᠪᠤᠲᠠᠷᠠᠯ ᠢ ᠳᠠᠪᠠᠨ ᠲᠤᠭᠤᠯᠬᠤ ᠤᠯᠤᠰ ᠲᠥᠷᠥ᠂ ᠡᠳ᠋ ᠍ ᠦᠨ ᠵᠠᠰᠠᠭ ᠬᠠᠷᠠᠬᠠᠨ ᠪᠥᠷᠢᠯᠳᠦᠭᠡ ᠦᠭᠡᠢ ᠪᠠᠶᠢᠭᠰᠠᠨ ᠤᠴᠢᠷ ᠤᠭ ᠣᠷᠣᠯᠳᠤᠯᠭ᠎ᠠ ᠪᠦᠲᠦᠭᠡ ᠦᠭᠡᠢ ᠶᠤᠮ᠃ᠬᠠᠯᠬ᠎ᠠ ᠶᠢᠨ ᠨᠣᠶᠠᠳ ᠳᠣᠲᠣᠭᠠᠳᠤ ᠶᠢᠨ ᠡᠪ ᠨᠢᠭᠡᠳᠦᠯ ᠢᠶᠡᠨ ᠪᠡᠬᠢᠵᠢᠭᠦᠯᠬᠦ ᠣᠷᠣᠯᠳᠤᠭ᠎ᠠ ᠬᠢᠬᠦ ᠶᠢᠨ ᠵᠡᠷᠭᠡᠴᠡᠭᠡ ᠡᠶ᠎ᠡ ᠪᠡᠷ ᠵᠠᠰᠠᠭᠴᠢ ᠬᠠᠭᠠᠨ ᠰᠠᠭᠤᠭᠠᠳ ᠤᠳᠤᠭ᠎ᠠ ᠦᠭᠡᠢ ᠶᠢ ᠬᠠᠷᠠᠭᠠᠯᠵᠠᠨ᠂ ᠮᠠᠨᠵᠤ ᠶᠢᠨ ᠬᠦᠴᠦ ᠶᠢ ᠳᠣᠲᠣᠷ᠎ᠠ ᠠᠴᠠ ᠨᠢ ᠵᠠᠳᠠᠯᠬᠤ᠂ ᠤᠭᠰᠠᠭ᠎ᠠ ᠨᠢᠭᠡᠲᠡᠨ ᠢᠶᠡᠨ ᠬᠠᠷᠢ ᠶᠢᠨ ᠳᠠᠷᠤᠯᠠᠯ ᠠᠴᠠ ᠴᠢᠯᠦᠭᠡᠯᠡᠬᠦ ᠵᠣᠷᠢᠯᠭ᠎ᠠ ᠪᠠᠷ 1644 ᠥᠪᠥᠷ ᠮᠣᠩᠭᠣᠯ ᠤᠨ ᠨᠣᠶᠠᠳ ᠡᠯᠴᠢ ᠢᠯᠡᠭᠡᠵᠦ ᠪᠠᠶᠢᠭᠰᠠᠨ ᠪᠠᠶᠢᠨ᠎ᠠ᠃ ᠡᠭᠦᠨ ᠦ ᠦᠷ᠎ᠡ ᠳ᠋ᠦᠩ ᠳᠦ ᠰᠥᠨᠢᠳ ᠠᠶᠢᠮᠠᠭ ᠤᠨ ᠲᠡᠩᠭᠢᠰ ᠸᠠᠩ ᠬᠠᠯᠬ᠎ᠠ ᠶᠢᠨ ᠨᠣᠶᠠᠳ ᠤᠨ ᠢᠳᠬᠠᠯᠭᠠᠨ ᠳᠤ ᠣᠷᠣᠵᠤ᠂ ᠬᠠᠷᠢᠶᠠᠲᠤ ᠠᠷᠠᠳ ᠢᠶᠠᠨ ᠳᠠᠭᠠᠭᠤᠯᠤᠨ᠂ 1646 ᠣᠨ ᠤ ᠬᠠᠪᠤᠷ ᠰᠡᠴᠡᠨ ᠬᠠᠨ ᠨᠤᠲᠤᠭ ᠲᠤ ᠪᠠᠶᠢᠭᠰᠠᠨ ᠢᠶᠠᠨ᠂ 1639 ᠣᠨ ᠳᠤ ᠡᠮᠦᠨ᠎ᠡ ᠵᠦᠭ ᠨᠡᠭᠦᠨ ᠣᠳᠴᠤ᠂ ᠮᠠᠨᠵᠤ ᠳᠤ ᠳᠠᠭᠠᠭᠰᠠᠨ ᠪᠠᠶᠢᠪᠠ᠃ ᠲᠡᠩᠭᠢᠰ ᠨᠢ ᠮᠠᠨᠵᠤ ᠶᠢᠨ ᠬᠠᠭᠠᠨ ᠲᠠᠢ ᠤᠷᠤᠭ ᠬᠣᠯᠪᠣᠭᠰᠠᠨ ᠪᠠᠶᠢᠪᠠ᠃ᠮᠠᠨᠵᠤ ᠶᠢᠨ ᠬᠠᠭᠠᠨ ᠥᠪᠥᠷ ᠮᠣᠩᠭᠣᠯᠣᠩ ᠤᠨ ᠡᠷᠬᠡ ᠴᠢᠨ ᠸᠠᠩ ᠲᠣᠳᠣ ᠪᠠᠷ ᠤᠳᠤᠷᠢᠳᠤᠭᠤᠯᠤᠭᠰᠠᠨ ᠦᠯᠡᠮᠵᠢᠬᠡᠨ ᠴᠡᠷᠢᠭ ᠬᠥᠳᠡᠯᠭᠡᠵᠦ᠂ ᠲᠡᠩᠭᠢᠰ ᠢ ᠮᠥᠷᠳᠡᠭᠦᠯᠵᠡᠢ᠃ᠮᠠᠨᠵᠤ ᠴᠡᠷᠢᠭ ᠲᠡᠩᠭᠢᠰ ᠸᠠᠩ ᠢ ᠮᠥᠷᠳᠡᠵᠦ ᠬᠥᠭᠡᠰᠦ ᠪᠡᠷ 1646 ᠣᠨ ᠤ 6 ᠰᠠᠷ᠎ᠠ ᠶᠢᠨ ᠣᠷᠴᠢᠮ ᠶᠠᠩᠭᠢᠷᠴᠠᠭ ᠤᠨ ᠠᠭᠤᠯᠠᠨ ᠳᠤ ᠭᠦᠢᠴᠡᠵᠦ ᠣᠴᠢᠬᠤ ᠳᠤ ᠲᠡᠷᠡᠪᠡᠷ ᠭᠦᠨ ᠭᠠᠯᠠᠭᠤ ᠲᠠᠢ ᠭᠡᠳᠡᠭ ᠭᠠᠵᠠᠷ ᠡᠰᠡᠷᠭᠦᠴᠡᠨ ᠪᠠᠶᠢᠯᠳᠤᠭᠰᠠᠨ ᠪᠣᠯᠪᠠᠴᠤ ᠢᠯᠠᠭᠳᠠᠵᠠᠢ᠃ ᠭᠡᠪᠡᠴᠦ ᠪᠠᠭᠤᠵᠤ ᠥᠭᠭᠦᠭᠰᠡᠨ ᠦᠭᠡᠢ᠂ ᠬᠠᠯᠬ᠎ᠠ ᠨᠤᠲᠤᠭ ᠤᠨ ᠷᠦᠦ ᠵᠢᠭᠤᠲᠠᠭᠠᠬᠤ ᠳᠤ ᠮᠠᠨᠵᠤ ᠶᠢᠨ ᠴᠡᠷᠢᠭ ᠬᠣᠶᠠᠷ ᠡᠳᠦᠷ ᠰᠥᠨᠢ ᠮᠥᠷᠳᠡᠨ ᠬᠥᠭᠡᠭᠡᠵᠦ᠂ ᠭᠤᠷᠪᠠ ᠳᠠᠬᠢ ᠡᠳᠦᠷ ᠦᠨ ᠥᠷᠯᠥᠭᠡ ᠥᠳᠬᠡ ᠠᠭᠤᠯᠠ ᠶᠢᠨ ᠣᠷᠴᠢᠮ ᠲᠡᠩᠭᠢᠰ ᠢ ᠭᠦᠴᠡᠨ ᠴᠣᠬᠢᠭᠰᠠᠨ ᠪᠣᠯᠪᠠᠴᠤ ᠲᠡᠷᠡᠪᠡᠷ ᠮᠤᠯᠲᠤᠷᠠᠵᠤ ᠠᠮᠵᠢᠵᠠᠢ᠃ ᠮᠠᠨᠵᠤ ᠴᠡᠷᠢᠭ ᠰᠥᠨᠢᠳ ᠠᠶᠢᠮᠠᠭ ᠤᠨ ᠴᠡᠷᠢᠭ ᠲᠡᠢ ᠬᠠᠯᠬ᠎ᠠ ᠶᠢᠨ ᠲᠦᠰᠢᠶᠡᠲᠦ ᠬᠠᠨ ᠤ ᠨᠤᠲᠤᠭ ᠲᠤ ᠪᠤᠷᠬᠠᠨ ᠳᠤ ᠬᠡᠮᠡᠬᠦ ᠭᠠᠵᠠᠷ ᠳᠠᠬᠢᠨ ᠲᠤᠯᠭᠠᠷᠠᠨ ᠪᠠᠶᠢᠯᠳᠤᠵᠤ᠂ ᠲᠡᠩᠭᠢᠰ ᠦᠨ ᠬᠠᠲᠤᠨ ᠬᠥᠪᠡᠭᠦᠳ ᠢ ᠪᠠᠷᠢᠪᠴᠢᠯᠠᠨ ᠲᠡᠭᠦᠨ ᠦ ᠠᠴᠢᠶ᠎ᠠ ᠬᠥᠰᠬᠡ᠂ ᠠᠷᠪᠠᠨ ᠮᠢᠩᠭ᠎ᠠ ᠭᠠᠷᠤᠢ ᠮᠠᠯ ᠢ ᠣᠯᠵᠯᠠᠵᠠᠢ᠃ ᠡᠨᠡ ᠲᠤᠯᠤᠯᠳᠤᠭᠠᠨ ᠳᠤ ᠲᠡᠩᠭᠢᠰ ᠦᠨ ᠬᠦᠦ ᠳᠣᠷᠵᠢ᠂ ᠪᠠᠲᠤ᠂ ᠱᠠᠵᠢᠨ ᠨᠠᠷ ᠤᠨ ᠵᠡᠷᠭᠡ ᠣᠯᠠᠨ ᠬᠦᠮᠦᠨ ᠠᠮᠢ ᠦᠷᠡᠭᠳᠡᠵᠡᠢ᠃ ᠲᠡᠩᠭᠢᠰ ᠸᠠᠩ ᠰᠡᠭᠦᠯᠴᠢ ᠶᠢᠨ ᠬᠦᠴᠦ ᠪᠡᠨ ᠳᠠᠶᠢᠴᠢᠯᠠᠨ ᠵᠤᠭᠠᠲᠠᠭᠰᠠᠭᠠᠷ ᠲᠤᠭᠤᠯ ᠭᠣᠣᠯ ᠤᠨ ᠣᠷᠴᠢᠮ ᠵᠠᠵᠤᠪᠤᠯᠠᠭ ᠤᠨ ᠭᠠᠵᠠᠷ ᠢᠷᠡᠬᠦ ᠳᠦ ᠨᠢ ᠰᠡᠴᠡᠨ ᠬᠠᠨ ᠱᠣᠯᠣᠢ ᠥᠪᠡᠷ ᠦᠨ ᠬᠦᠦ ᠪᠢᠮᠪᠠ ᠳᠤ ᠭᠤᠴᠢᠨ ᠮᠢᠩᠭᠠᠨ ᠴᠡᠷᠢᠭ ᠥᠭᠴᠦ᠂ ᠲᠡᠩᠭᠢᠰ ᠢ ᠥᠮᠥᠭᠡᠯᠡᠨ ᠪᠠᠶᠢᠯᠳᠤᠭᠤᠯᠬᠤ ᠪᠠᠷ ᠮᠣᠷᠳᠠᠭᠤᠯᠬᠤ ᠶᠢᠨ ᠬᠠᠮᠲᠤ ᠲᠦᠰᠢᠶᠡᠲᠦ ᠬᠠᠨ ᠭᠣᠮᠪᠣᠳᠣᠷᠵᠢ ᠳᠤ ᠡᠯ᠎ᠡ ᠬᠡᠷᠡᠭ ᠲᠦ ᠲᠤᠰᠯᠠᠬᠤ ᠶᠢ ᠬᠦᠰᠴᠢ ᠡᠯᠶᠣ ᠵᠠᠷᠤᠵᠠᠢ᠃ᠲᠦᠰᠢᠶᠡᠲᠦ ᠬᠠᠨ ᠥᠪᠡᠷ ᠦᠨ ᠦᠶᠡᠯᠢ ᠳᠡᠭᠦᠦ ᠷᠠᠬᠤᠯᠳᠠᠢ ᠨᠣᠶᠠᠨ᠂ ᠲᠡᠭᠦᠨ ᠦ ᠬᠥᠪᠡᠭᠦᠳ ᠠᠪᠠᠬᠤ ᠮᠡᠷᠭᠡᠨ ᠨᠠᠷᠠᠲᠤ ᠬᠣᠷᠢᠨ ᠮᠢᠩᠭᠠᠨ ᠴᠡᠷᠢᠭ ᠵᠠᠬᠢᠷᠤᠭᠤᠯᠤᠨ᠂ ᠰᠡᠴᠡᠨ ᠬᠠᠨ ᠳᠤ ᠬᠦᠴᠦ ᠬᠠᠪᠰᠤᠷᠤᠭᠤᠯᠬᠤ ᠪᠠᠷ ᠶᠠᠪᠤᠭᠤᠯᠵᠠᠢ᠃ ᠬᠠᠯᠬ᠎ᠠ ᠶᠢᠨ ᠴᠡᠷᠢᠭ ᠵᠠᠵᠤᠪᠤᠯᠠᠭ ᠤᠨ ᠭᠠᠵᠠᠷ ᠲᠤ ᠠᠩᠬ᠎ᠠ ᠤᠳᠠᠭ᠎ᠠ ᠮᠠᠨᠵᠤ ᠴᠡᠷᠢᠭ ᠲᠡᠢ ᠪᠠᠶᠢᠯᠳᠤᠵᠠᠢ᠃ ᠡᠨᠡ ᠪᠠᠶᠢᠯᠳᠤᠭᠠᠨ ᠳᠤ ᠬᠠᠯᠬ᠎ᠠ ᠶᠢᠨ ᠴᠡᠷᠢᠭ ᠢᠯᠠᠭᠳᠠᠵᠤ᠂ ᠲᠤᠯᠤᠯᠳᠤᠭᠠᠨ ᠤ ᠲᠠᠯᠠᠪᠤᠷ ᠲᠤ ᠮᠢᠩᠭ᠎ᠠ ᠢᠯᠡᠭᠦᠦ ᠮᠣᠷᠢ ᠲᠡᠮᠡᠭᠡ ᠣᠷᠬᠢᠭᠠᠳ ᠤᠬᠤᠷᠢᠵᠠᠢ᠃ ᠲᠡᠩᠭᠢᠰ ᠲᠤᠯᠤᠯᠳᠤᠭᠠᠨ ᠠᠴᠠ ᠰᠡᠯᠡᠩᠭᠡ ᠶᠢᠨ ᠵᠦᠭ ᠵᠢᠭᠤᠳᠠᠵᠤ ᠠᠮᠢ ᠭᠠᠷᠤᠭᠰᠠᠨ ᠪᠥᠭᠡᠳ ᠮᠠᠨᠵᠤ ᠨᠠᠷ ᠬᠠᠯᠬ᠎ᠠ ᠶᠢᠨ ᠡᠷᠬᠡ ᠪᠠᠷᠢᠭᠰᠠᠳ ᠠᠴᠠ ᠲᠡᠭᠦᠨ ᠢ ᠪᠠᠷᠢᠵᠤ ᠥᠭᠬᠦ ᠶᠢ ᠱᠠᠭᠠᠷᠳᠠᠬᠤ ᠳᠤ᠂ ᠲᠡᠳᠡ ᠴᠠᠭᠠᠷᠭᠤᠯᠠᠭᠰᠠᠭᠠᠷ ᠵᠢᠯ ᠭᠠᠷᠤᠢ ᠬᠤᠭᠤᠴᠠᠭ᠎ᠠ ᠶᠢ ᠥᠩᠭᠡᠷᠡᠭᠡᠵᠡᠢ᠃ ᠭᠡᠪᠡᠴᠦ ᠲᠡᠩᠭᠢᠰ ᠥᠪᠡᠷ ᠢᠶᠡᠨ 1648 ᠣᠨ ᠤ ᠣᠷᠴᠢᠮ ᠪᠤᠷᠤᠭᠤ ᠶᠢ ᠪᠠᠨ ᠬᠦᠯᠢᠶᠡᠵᠦ᠂ ᠳᠠᠬᠢᠨ ᠮᠠᠨᠵᠤ ᠳᠤ ᠵᠠᠬᠢᠷᠤᠭᠳᠠᠭᠰᠠᠨ ᠨᠢ ᠮᠠᠨᠵᠤ-ᠬᠠᠯᠬ᠎ᠠ ᠶᠢᠨ ᠬᠠᠷᠢᠯᠴᠠᠭ᠎ᠠ ᠶᠢ ᠬᠤᠷᠴᠠᠳᠬᠠᠬᠤ ᠳᠤ ᠨᠥᠯᠦᠭᠡᠯᠡᠵᠡᠢ᠃ᠲᠡᠩᠭᠢᠰ ᠢ ᠳᠡᠮᠵᠢᠬᠦ ᠪᠡᠷ ᠢᠯᠡᠭᠡᠭᠰᠡᠨ ᠬᠠᠯᠬ᠎ᠠ ᠶᠢᠨ ᠴᠡᠷᠢᠭ ᠢ ᠪᠤᠲᠠ ᠴᠣᠬᠢᠵᠤ ᠢᠯᠠᠯᠲᠠ ᠪᠠᠶᠢᠭᠤᠯᠤᠭᠰᠠᠨ ᠴᠤ 1646 ᠣᠨ ᠤ ᠡᠴᠦᠰ ᠢᠶᠡᠷ ᠮᠠᠨᠵᠤ ᠨᠠᠷ ᠴᠡᠷᠢᠭ ᠢᠶᠡᠨ ᠬᠠᠯᠬ᠎ᠠ ᠶᠢᠨ ᠨᠤᠲᠤᠭ ᠠᠴᠠ ᠭᠠᠷᠭᠠᠭᠰᠠᠨ ᠶᠤᠮ᠃ ᠤᠴᠢᠷ ᠨᠢ ᠮᠠᠨᠵᠤ ᠨᠠᠷ ᠲᠤᠬᠠᠢ ᠶᠢᠨ ᠦᠶ᠎ᠡ ᠳᠦ ᠬᠠᠯᠬ᠎ᠠ ᠳᠤ ᠴᠡᠷᠢᠭ ᠳᠠᠶᠢᠨ ᠤ ᠠᠵᠢᠯᠯᠠᠭ᠎ᠠ ᠶᠢ ᠦᠷᠭᠦᠯᠵᠢᠯᠡᠭᠦᠯᠬᠦ ᠪᠣᠯᠤᠮᠵᠢ ᠦᠭᠡᠢ ᠪᠠᠶᠢᠭᠰᠠᠨ ᠶᠤᠮ᠃ ᠡᠨᠡ ᠨᠢ ᠶᠠᠭᠤᠨ ᠤ ᠡᠮᠦᠨ᠎ᠡ ᠮᠠᠰᠢ ᠶᠡᠬᠡ ᠬᠦᠴᠦᠨ ᠴᠢᠷᠮᠠᠶᠢᠯᠲᠠ ᠭᠠᠷᠭᠠᠵᠤ᠂ ᠬᠦᠮᠦᠨ ᠬᠦᠴᠦ ᠬᠥᠷᠥᠩᠭᠡ ᠵᠠᠷᠤᠵᠤ ᠪᠠᠶᠢᠵᠤ ᠡᠵᠡᠯᠡᠨ ᠠᠪᠤᠭᠰᠠᠨ ᠮᠢᠩ ᠤᠯᠤᠰ ᠢ ᠲᠥᠪᠰᠢᠳᠬᠡᠨ ᠲᠣᠭᠲᠠᠭᠠᠬᠤ ᠬᠡᠷᠡᠭ ᠬᠠᠷᠠᠬᠠᠨ ᠳᠠᠭᠤᠰᠤᠭ᠎ᠠ ᠦᠭᠡᠢ ᠪᠠᠶᠢᠭᠰᠠᠨ ᠪᠣᠯᠤᠨ ᠲᠡᠩᠭᠢᠰ ᠢ ᠨᠡᠬᠡᠭᠰᠡᠨ ᠲᠤᠯᠤᠯᠳᠤᠭᠠᠨ ᠳᠤ ᠮᠠᠨᠵᠤ ᠶᠢᠨ ᠴᠡᠷᠢᠭ ᠦᠨ ᠬᠦᠴᠦ ᠶᠡᠬᠡᠬᠡᠨ ᠲᠠᠷᠠᠮᠳᠠᠭᠠᠳ ᠪᠠᠶᠢᠭᠰᠠᠨ ᠲᠠᠢ ᠬᠣᠯᠪᠣᠭ᠎ᠠ ᠲᠠᠢ᠃ ᠬᠡᠷᠪᠡ ᠬᠠᠯᠬ᠎ᠠ ᠳᠤ ᠪᠠᠶᠢᠯᠳᠤᠭᠠᠨ ᠢ ᠦᠷᠭᠦᠯᠵᠢᠯᠡᠭᠦᠯᠪᠡᠯ᠂ ᠬᠠᠯᠬ᠎ᠠ ᠳᠠᠶᠠᠭᠠᠷ ᠢᠶᠠᠨ ᠪᠣᠰᠤᠨ ᠲᠡᠮᠡᠴᠡᠵᠦ᠂ ᠤᠯᠠᠮ ᠢᠶᠠᠷ ᠲᠡᠭᠦᠨ ᠢ ᠵᠣᠭᠰᠣᠭᠠᠬᠤ ᠳᠤ ᠶᠡᠬᠡᠬᠡᠨ ᠬᠦᠴᠦ ᠱᠠᠭᠠᠷᠳᠠᠬᠤ ᠶᠢᠨ ᠳᠡᠭᠡᠷ᠎ᠡ᠂ ᠳᠤᠮᠳᠠᠳᠤ ᠤᠯᠤᠰ ᠲᠤ ᠮᠠᠨᠵᠤ ᠶᠢᠨ ᠡᠰᠡᠷᠬᠦ ᠪᠣᠰᠤᠯᠭ᠎ᠠ ᠲᠡᠴᠡᠯ ᠭᠠᠷᠴᠤ ᠪᠠᠶᠢᠭᠰᠠᠨ ᠤᠴᠢᠷ ᠬᠦᠴᠦᠨ ᠮᠡᠬᠦᠰᠳᠡᠵᠦ᠂ ᠰᠠᠶ᠋ᠢᠬᠠᠨ ᠣᠯᠤᠭᠰᠠᠨ ᠳᠤᠮᠳᠠᠳᠤ ᠤᠯᠤᠰ ᠢᠶᠠᠨ ᠴᠤ ᠠᠯᠳᠠᠵᠤ ᠪᠣᠯᠵᠣᠰᠢ ᠦᠭᠡᠢ ᠡᠭᠡᠵᠢᠭᠲᠡᠢ ᠪᠠᠶᠢᠳᠠᠯ ᠳᠤ ᠪᠠᠶᠢᠭᠰᠠᠨ ᠠᠵᠢ᠃ᠬᠠᠯᠬ᠎ᠠ ᠶᠢᠨ ᠬᠠᠨ ᠨᠠᠷ ᠮᠠᠨᠵᠤ ᠶᠢ ᠡᠰᠡᠷᠭᠦᠴᠡᠨ ᠲᠡᠮᠡᠴᠡᠬᠦ ᠳᠦ ᠪᠡᠨ᠂ ᠥᠪᠥᠷᠯᠡᠭᠴᠢ ᠬᠣᠱᠤᠳ ᠤᠨ ᠵᠦᠭ ᠡᠴᠡ ᠳᠡᠮᠵᠢᠯᠭᠡ ᠠᠪᠬᠤ ᠣᠷᠣᠯᠳᠤᠯᠭ᠎ᠠ ᠨ ᠲᠥᠶᠢᠨᠬᠦᠦ ᠪᠦᠲᠦᠮᠵᠢ ᠦᠭᠡᠢ ᠪᠣᠯᠤᠭᠰᠠᠨ ᠴᠤ ᠵᠣᠷᠢᠯᠭ᠎ᠠ ᠠᠴᠠ ᠤᠬᠤᠷᠢᠭ᠎ᠠ ᠦᠭᠡᠢ ᠶᠤᠮ᠃ 1647 ᠣᠨ ᠳᠤ ᠵᠠᠰᠠᠭᠲᠤ ᠬᠠᠨ ᠰᠦᠪᠠᠳᠠᠢ ᠮᠠᠨᠵᠤ ᠶᠢᠨ ᠪᠣᠳᠣᠯᠭ᠎ᠠ ᠶᠢ ᠰᠢᠭᠤᠳ ᠡᠰᠡᠷᠭᠦᠴᠡᠨ ᠵᠠᠬᠢᠳᠠᠯ ᠢᠯᠡᠭᠡᠵᠦ ᠪᠠᠶᠢᠭᠰᠠᠨ ᠪᠠ ᠮᠠᠨᠵᠤ ᠳᠤ ᠳᠠᠭᠠᠷ᠎ᠠ ᠣᠷᠣᠭᠰᠠᠨ ᠬᠦᠮᠦᠰ ᠢ ᠪᠤᠴᠠᠭᠠᠬᠤ ᠶᠢ ᠬᠠᠯᠬ᠎ᠠ ᠶᠢᠨ ᠨᠣᠶᠠᠳ ᠨᠡᠬᠡᠮᠵᠢᠯᠡᠨ ᠱᠠᠭᠠᠷᠳᠠᠵᠤ ᠪᠠᠶᠢᠪᠠ᠃ ᠪᠠᠰᠠ ᠬᠠᠯᠬᠠᠴᠤᠳ ᠣᠷᠣᠰ ᠤᠯᠤᠰ ᠤᠨ ᠵᠦᠭ ᠡᠴᠡ ᠳᠡᠮᠵᠢᠯᠭᠡ ᠣᠯᠬᠤ ᠶᠢ ᠬᠦᠰᠴᠢ᠂ 1647-1649 ᠣᠨ ᠳᠤ ᠰᠡᠴᠡᠨ ᠬᠠᠨ ᠱᠣᠯᠣᠢ ᠮᠣᠰᠺᠸᠠ ᠳᠤ ᠡᠯᠴᠢ ᠮᠣᠷᠳᠠᠭᠤᠯᠵᠤ ᠪᠠᠶᠢᠴᠠᠢ᠃ 1646 ᠣᠨ ᠳᠤ ᠲᠦᠰᠢᠶᠡᠲᠦ ᠬᠠᠨ ᠤ ᠣᠶᠢᠷ᠎ᠠ ᠲᠥᠷᠥᠯ ᠦᠨ ᠡᠷᠬᠡ ᠴᠥᠬᠥᠷ ᠨᠣᠶᠠᠨ ᠮᠠᠨᠵᠤ ᠶᠢᠨ ᠵᠠᠬᠢᠷᠭᠠᠨ ᠳᠤ ᠣᠷᠣᠭᠠᠳ ᠪᠠᠶᠢᠭᠰᠠᠨ ᠪᠠᠭᠠᠷᠢᠨ ᠠᠶᠢᠮᠠᠭ ᠢ ᠤᠤᠯᠭᠠᠯᠠᠨ᠂ ᠦᠯᠡᠮᠵᠢᠬᠡᠨ ᠲᠣᠭᠠᠨ ᠤ ᠬᠦᠮᠦᠨ ᠮᠠᠯ ᠢ ᠣᠯᠵᠠᠯᠠᠨ ᠠᠪᠴᠠᠢ᠃1650 ᠣᠨ ᠳᠤ ᠵᠠᠰᠠᠭᠲᠤ ᠬᠠᠨ ᠣᠮᠪᠣ-ᠡᠷᠳᠡᠨᠢ ᠲᠠᠶᠢᠵᠢ ᠬᠥᠬᠡ ᠨᠠᠭᠤᠷ ᠤᠨ ᠣᠷᠴᠢᠮ ᠭᠠᠵᠠᠷ ᠢ ᠠᠪ ᠬᠢᠬᠦ ᠨᠡᠷᠡᠶᠢᠳᠦᠯ ᠢᠶᠡᠷ ᠤᠤᠯᠭᠠᠯᠠᠵᠤ ᠪᠠᠶᠢᠭᠰᠠᠨ ᠠᠵᠢ᠃ᠬᠠᠯᠬ᠎ᠠ ᠶᠢᠨ ᠲᠠᠯ᠎ᠠ ᠪᠠᠷ ᠶᠠᠪᠤᠭᠤᠯᠬᠤ ᠮᠠᠨᠵᠤ ᠶᠢᠨ ᠲᠥᠷᠥ ᠶᠢᠨ ᠪᠣᠳᠣᠯᠭ᠎ᠠ ᠨᠢ ᠬᠢᠲᠠᠳ ᠢ ᠡᠵᠡᠯᠡᠨ ᠠᠪᠤᠭᠰᠠᠨ 1644 ᠣᠨ ᠠᠴᠠ ᠪᠤᠶᠤ ᠨᠤᠷᠬᠠᠭᠠᠴᠢ ᠶᠢᠨ ᠠᠴᠢ ᠹᠦᠯᠢᠩ ᠢ ᠴᠢᠩ ᠤᠯᠤᠰ ᠤᠨ ᠬᠠᠭᠠᠨ ᠳᠤ ᠡᠷᠭᠦᠮᠵᠢᠯᠡᠭᠰᠡᠨ ᠦᠶᠡᠰ ᠡᠷᠡᠰ ᠥᠭᠡᠷᠡᠴᠢᠯᠡᠭᠳᠡᠭᠰᠡᠨ ᠶᠤᠮ᠃ ᠤᠴᠢᠷ ᠨᠢ ᠬᠢᠲᠠᠳ ᠢ ᠪᠠᠶᠢᠯᠳᠤᠨ ᠡᠵᠡᠯᠡᠬᠦ ᠳᠦ ᠪᠡᠨ᠂ ᠠᠷᠤ ᠲᠠᠯ᠎ᠠ ᠠᠴᠠ ᠪᠠᠨ ᠳᠣᠪᠲᠣᠯᠤᠭᠤᠯᠬᠤ ᠦᠭᠡᠢ ᠶᠢᠨ ᠲᠤᠯᠠᠳᠠ ᠬᠡᠰᠡᠭ ᠬᠤᠭᠤᠴᠠᠭᠠᠨ ᠳᠤ ᠬᠠᠯᠬ᠎ᠠ ᠲᠠᠢ ᠪᠡᠯᠡᠭ ᠪᠦᠬᠦᠢ ᠡᠯᠴᠢ ᠰᠣᠯᠢᠯᠴᠠᠵᠤ᠂ ᠨᠠᠶᠢᠷ ᠲᠠᠢ ᠬᠠᠷᠢᠯᠴᠠᠬᠤ ᠳᠤ ᠬᠦᠷᠦᠭᠰᠡᠨ ᠪᠥᠭᠡᠳ ᠳᠤᠮᠳᠠᠳᠤ ᠤᠯᠤᠰ ᠢ ᠡᠵᠡᠯᠡᠬᠦ ᠵᠣᠷᠢᠯᠭ᠎ᠠ ᠪᠠᠨ ᠪᠡᠶᠡᠯᠡᠭᠦᠯᠡᠭᠰᠡᠨ ᠦ ᠳᠠᠷᠠᠭ᠎ᠠ ᠮᠠᠨᠵᠤ ᠶᠢᠨ ᠴᠡᠷᠢᠭ ᠤᠯᠤᠰ ᠲᠥᠷᠥ᠂ ᠡᠳ᠋ ᠍ ᠦᠨ ᠵᠠᠰᠠᠭ ᠤᠨ ᠬᠦᠴᠦᠨ ᠴᠢᠳᠠᠯ ᠦᠯᠡᠮᠵᠢ ᠨᠡᠮᠡᠭᠳᠡᠭᠰᠡᠨ ᠳᠦ ᠪᠡᠨ ᠡᠷᠳᠡᠨᠢ᠂ ᠮᠠᠨᠵᠤ ᠶᠢᠨ ᠵᠦᠭ ᠡᠴᠡ ᠬᠠᠯᠬ᠎ᠠ ᠳᠤ ᠥᠪᠡᠷ ᠦᠨ ᠪᠣᠳᠣᠯᠭ᠎ᠠ ᠪᠠᠨ ᠲᠤᠯᠭᠠᠨ ᠱᠠᠭᠠᠷᠳᠠᠬᠤ ᠨᠢ ᠳᠠᠪᠠᠮᠠᠭᠠᠶᠢᠯᠠᠬᠤ ᠬᠠᠨᠳᠤᠯᠭ᠎ᠠ ᠲᠠᠢ ᠪᠣᠯᠪᠠ᠃ᠮᠠᠨᠵᠤ ᠨᠠᠷ ᠮᠢᠩ ᠤᠯᠤᠰ ᠤᠨ ᠡᠵᠡᠯᠡᠨ ᠠᠪᠤᠭᠠᠳ᠂ ᠡᠬᠢᠨ ᠦ ᠬᠡᠳᠦᠨ ᠵᠢᠯ ᠳᠣᠲᠣᠭᠠᠳᠤ ᠪᠠᠶᠢᠳᠠᠯ ᠢᠶᠠᠨ ᠲᠦᠮᠡᠬᠢᠨᠡᠭᠦᠯᠦᠨ ᠪᠡᠬᠢᠵᠢᠭᠦᠯᠵᠦ ᠠᠪᠤᠭᠰᠠᠨ ᠤ ᠳᠠᠷᠠᠭ᠎ᠠ ᠠᠴᠠ ᠪᠤᠶᠤ 1648 ᠣᠨ ᠤ ᠦᠶᠡᠰ ᠬᠠᠯᠬ᠎ᠠ ᠲᠠᠢ ᠬᠣᠯᠪᠣᠭᠠᠲᠠᠢ ᠠᠰᠠᠭᠤᠳᠠᠯ ᠢ ᠬᠦᠴᠦ ᠪᠡᠷ ᠰᠢᠢᠳᠬᠦ ᠶᠢ᠂ ᠲᠤᠯᠭᠠᠨ ᠬᠦᠯᠢᠶᠡᠯᠭᠡᠬᠦ ᠶᠢ ᠡᠯ ᠳᠦ ᠣᠷᠣᠯᠳᠤᠬᠤ ᠪᠣᠯᠵᠠᠢ᠃ᠰᠥᠨᠢᠳ ᠠᠶᠢᠮᠠᠭ ᠤᠨ ᠬᠡᠷᠡᠭ ᠶᠠᠪᠤᠳᠠᠯ ᠠᠴᠠ ᠬᠠᠯᠬᠠᠴᠤᠳ ᠨᠢᠭᠡᠨ ᠰᠠᠨᠠᠭ᠎ᠠ ᠲᠠᠢ᠂ ᠨᠢᠭᠡᠳᠦᠮᠡᠯ ᠷᠦᠴᠢ ᠲᠡᠢ ᠪᠠᠶᠢᠭ᠎ᠠ ᠶᠢ ᠮᠡᠳᠡᠵᠦ ᠠᠪᠤᠭᠰᠠᠨ ᠮᠠᠨᠵᠤ ᠶᠢᠨ ᠡᠷᠬᠡ ᠪᠠᠷᠢᠭᠴᠢᠳ ᠬᠠᠯᠬ᠎ᠠ ᠶᠢᠨ ᠲᠠᠯ᠎ᠠ ᠪᠠᠷ ᠶᠠᠪᠤᠭᠤᠯᠬᠤ ᠪᠣᠳᠣᠯᠭ᠎ᠠ ᠪᠠᠨ ᠲᠡᠳᠡᠨ ᠦ ᠨᠢᠭᠡᠳᠦᠯ ᠬᠦᠴᠦ ᠶᠢ ᠵᠠᠳᠠᠯᠤᠨ ᠰᠠᠷᠨᠢᠭᠤᠯᠬᠤ ᠳᠤ ᠴᠢᠭᠯᠡᠭᠦᠯᠵᠡᠢ᠃ᠡᠶ᠎ᠡ ᠪᠡᠷ ᠵᠠᠰᠠᠭᠴᠢ ᠬᠠᠭᠠᠨ 1647 ᠣᠨ ᠳᠤ ᠵᠠᠰᠠᠭᠲᠤ ᠬᠠᠨ᠂ 1648 ᠣᠨ ᠳᠤ ᠲᠦᠰᠢᠶᠡᠲᠦ ᠬᠠᠨ᠂ ᠰᠡᠴᠡᠨ ᠬᠠᠨ ᠨᠠᠷ ᠤᠨ ᠡᠯᠴᠢ ᠶᠢ ᠲᠤᠰ ᠲᠤᠰ ᠬᠦᠯᠢᠶᠡᠨ ᠠᠪᠬᠤ ᠦᠭᠡᠢ ᠪᠤᠴᠠᠭᠠᠭᠰᠠᠨ ᠠᠲᠠᠯ᠎ᠠ ᠪᠠᠨ ᠮᠥᠨ 1648 ᠣᠨ ᠤ ᠨᠠᠮᠤᠷ ᠬᠠᠯᠬ᠎ᠠ ᠶᠢᠨ ᠰᠠᠶᠢᠨ ᠨᠣᠶᠠᠨ ᠤ ᠳᠡᠭᠡᠳᠦ ᠳᠥᠪᠡᠭ ᠳᠠᠨᠽᠠᠨ ᠯᠠᠮᠠ ᠶᠢᠨ ᠡᠯᠴᠢ ᠶᠢ ᠵᠣᠷᠢᠭᠤᠳᠠ ᠨᠠᠶᠢᠷᠰᠠᠭ ᠢᠶᠠᠷ ᠬᠦᠯᠢᠶᠡᠨ ᠠᠪᠴᠠᠢ᠃ ᠡᠨᠡ ᠨᠢ ᠲᠦᠰᠢᠶᠡᠲᠦ ᠬᠠᠨ᠂ ᠰᠡᠴᠡᠨ ᠬᠠᠨ ᠢ ᠮᠠᠨᠵᠤ ᠶᠢᠨ ᠡᠰᠡᠷᠬᠦ ᠵᠡᠪᠰᠡᠭ ᠪᠠᠷᠢᠨ ᠲᠡᠮᠡᠴᠡᠭᠰᠡᠨ ᠢ ᠵᠢᠮᠡᠯᠡᠨ ᠡᠷᠬᠡ ᠰᠦᠷᠡᠷ ᠢᠶᠡᠷ ᠳᠠᠯᠠᠶᠢᠯᠭᠠᠬᠤ ᠬᠡᠷᠡᠭ ᠪᠠᠶᠢᠭᠰᠠᠨ ᠠᠴᠠ ᠭᠠᠳᠠᠨ᠎ᠠ ᠬᠠᠯᠬ᠎ᠠ ᠡᠷᠬᠡ ᠪᠠᠷᠢᠭᠴᠢ ᠨᠣᠶᠠᠳ ᠤᠨ ᠬᠣᠭᠣᠷᠣᠨᠳᠣ ᠶᠠᠰᠤ ᠬᠠᠶᠠᠵᠤ ᠥᠰᠡᠷᠳᠡᠭᠦᠯᠦᠨ ᠨᠢᠭᠡ ᠬᠡᠰᠡᠭ ᠢ ᠨᠢ ᠲᠠᠯ᠎ᠠ ᠳᠤ ᠪᠠᠨ ᠬᠠᠬᠤᠤᠯᠳᠠᠨ ᠲᠠᠲᠠᠵᠤ᠂ ᠨᠥᠭᠥᠭᠡ ᠶᠢ ᠨᠢ ᠡᠰᠡᠷᠬᠦ ᠬᠦᠴᠦ ᠪᠣᠯᠭᠠᠨ᠂ ᠬᠣᠭᠣᠷᠣᠨᠳᠣ ᠨᠢ ᠲᠡᠮᠡᠴᠡᠯᠳᠦᠭᠦᠯᠬᠦ ᠭᠡᠰᠡᠨ ᠪᠣᠳᠣᠯᠭ᠎ᠠ ᠪᠠᠶᠢᠴᠠᠢ᠃ᠪᠠᠶᠢᠳᠠᠯ ᠢ ᠬᠤᠷᠴᠠᠳᠬᠠᠬᠤ ᠦᠭᠡᠢ ᠶᠢᠨ ᠲᠤᠯᠠᠳᠠ ᠲᠦᠰᠢᠶᠡᠲᠦ ᠬᠠᠨ᠂ ᠰᠡᠴᠡᠨ ᠬᠠᠨ ᠨᠠᠷ ᠢ ᠲᠥᠯᠦᠭᠡᠯᠡᠵᠦ᠂ ᠵᠠᠰᠠᠭᠲᠤ ᠬᠠᠨ ᠮᠠᠨᠵᠤ ᠶᠢᠨ ᠡᠶ᠎ᠡ ᠪᠡᠷ ᠵᠠᠰᠠᠭᠴᠢ ᠬᠠᠭᠠᠨ ᠲᠠᠢ ᠪᠡᠶ᠎ᠡ ᠪᠡᠷ ᠣᠴᠢᠨ ᠠᠭᠤᠯᠵᠠᠵᠠᠢ᠃ ᠵᠠᠰᠠᠭᠲᠤ ᠬᠠᠨ ᠲᠥᠶᠢᠨᠬᠦᠦ ᠴᠢᠷᠮᠠᠶᠢᠯᠲᠠ ᠭᠠᠷᠭᠠᠵᠤ᠂ ᠬᠠᠯᠬ᠎ᠠ ᠪᠣᠯᠤᠨ ᠮᠠᠨᠵᠤ ᠶᠢᠨ ᠬᠠᠭᠠᠨ ᠤ ᠬᠣᠷᠢᠶᠠᠨᠳ᠋ ᠍ ᠤᠨ ᠬᠠᠷᠢᠯᠴᠠᠭ᠎ᠠ ᠶᠢ ᠬᠡᠯᠡᠯᠴᠡᠭᠡᠷ ᠦᠨ ᠵᠠᠮ ᠢᠶᠠᠷ ᠵᠣᠬᠢᠴᠠᠭᠤᠯᠬᠤ ᠭᠡᠰᠡᠨ ᠪᠣᠯᠪᠠᠴᠤ ᠲᠣᠳᠣᠷᠬᠠᠢ ᠦᠷ᠎ᠡ ᠳ᠋ᠦᠩ ᠳᠦ ᠬᠦᠷᠡᠭᠰᠡᠨ ᠦᠭᠡᠢ᠃ ᠬᠠᠷᠢᠨ ᠮᠠᠨᠵᠤ ᠶᠢᠨ ᠬᠠᠭᠠᠨ ᠬᠠᠷᠢᠭᠤ ᠳᠤ ᠨᠢ ᠬᠠᠯᠬ᠎ᠠ ᠶᠢᠨ ᠨᠠᠷ ᠬᠥᠪᠡᠭᠦᠳ᠂ ᠳᠡᠭᠦᠦ ᠨᠠᠷ ᠢᠶᠠᠨ ᠮᠠᠨᠵᠤ ᠶᠢᠨ ᠬᠠᠭᠠᠨ ᠤ ᠣᠷᠳᠣᠨ ᠳᠤ ᠢᠷᠡᠭᠦᠯᠬᠦ ᠶᠢ ᠱᠠᠭᠠᠷᠳᠠᠭᠰᠠᠨ ᠶᠤᠮ᠃ ᠡᠨᠡ ᠨᠢ ᠲᠡᠳᠡ ᠨᠠᠷ ᠤᠨ ᠬᠡᠦᠬᠡᠳ᠂ ᠳᠡᠭᠦᠦ ᠨᠠᠷ ᠢ ᠪᠠᠷᠢᠴᠠᠭ᠎ᠠ ᠪᠣᠯᠭᠠᠨ ᠠᠪᠬᠤ ᠭᠡᠰᠡᠨ ᠬᠡᠷᠡᠭ ᠲᠤᠯᠠ ᠲᠦᠰᠢᠶᠡᠲᠦ ᠬᠠᠨ᠂ ᠰᠡᠴᠡᠨ ᠬᠠᠨ ᠨᠠᠷ ᠵᠥᠪᠰᠢᠶᠡᠷᠡᠭᠰᠡᠨ ᠦᠭᠡᠢ᠃ ᠮᠠᠨᠵᠤ ᠶᠢᠨ ᠬᠠᠭᠠᠨ ᠥᠪᠡᠷ ᠦᠨ ᠬᠢ ᠨᠢ ᠱᠠᠭᠠᠷᠳᠠᠯᠭ᠎ᠠ ᠶᠢ ᠬᠦᠯᠢᠶᠡᠨ ᠠᠪᠤᠭ᠎ᠠ ᠦᠭᠡᠢ ᠳᠦ ᠬᠣᠷᠣᠰᠴᠤ᠂ ᠬᠠᠯᠬ᠎ᠠ ᠳᠤ ᠡᠯᠳᠡᠪ ᠦᠨ ᠰᠢᠬᠠᠯᠲᠠ᠂ ᠬᠠᠪᠴᠢᠯᠲᠠ ᠦᠵᠡᠭᠦᠯᠬᠦ ᠶᠢᠨ ᠵᠡᠷᠭᠡᠴᠡᠭᠡ ᠬᠠᠯᠬ᠎ᠠ ᠶᠢ ᠳᠣᠲᠣᠷ᠎ᠠ ᠠᠴᠠ ᠨᠢ ᠬᠠᠭᠠᠯᠤᠨ ᠪᠤᠲᠠᠷᠭᠠᠬᠤ ᠦᠢᠯᠡ ᠠᠵᠢᠯᠯᠠᠭ᠎ᠠ ᠤᠯᠠᠮ ᠪᠦᠷ ᠡᠷᠴᠢᠮᠵᠢᠭᠦᠯᠵᠦ ᠵᠠᠷᠢᠮ ᠦᠷ᠎ᠡ ᠳ᠋ᠦᠩ ᠳᠦ ᠬᠦᠷᠴᠡᠢ᠃1651 ᠣᠨ ᠳᠤ ᠬᠠᠯᠬ᠎ᠠ ᠶᠢᠨ ᠲᠦᠰᠢᠶᠡᠲᠦ ᠬᠠᠨ᠂ ᠰᠡᠴᠡᠨ ᠬᠠᠨ ᠨᠠᠷ 1000 ᠮᠣᠷᠢ᠂ 100 ᠲᠡᠮᠡᠭᠡ ᠶᠢ ᠮᠠᠨᠵᠤ ᠬᠠᠭᠠᠨ ᠳᠤ ᠡᠷᠭᠦᠨ᠂ ᠵᠢᠯ ᠦᠨ ᠠᠮᠤᠭᠤᠯᠠᠩ ᠢ ᠠᠶᠢᠯᠠᠳᠬᠠᠵᠤ ᠨᠠᠶᠢᠷᠠᠮᠳᠠᠬᠤ ᠶᠢ ᠬᠦᠰᠡᠵᠡᠢ᠃ ᠡᠨᠡ ᠨᠢ ᠲᠡᠩᠭᠢᠰ ᠢ ᠳᠡᠮᠵᠢᠵᠦ᠂ ᠮᠠᠨᠵᠤ ᠶᠢᠨ ᠴᠡᠷᠢᠭ ᠲᠡᠢ ᠰᠢᠭᠤᠳ ᠵᠡᠪᠰᠡᠭᠯᠡᠨ ᠪᠠᠶᠢᠯᠳᠤᠵᠤ ᠪᠠᠶᠢᠭᠰᠠᠨ ᠢ ᠪᠣᠳᠣᠪᠠᠯ᠂ ᠪᠠᠭᠤᠯᠲᠠ ᠬᠢᠭᠰᠡᠨ ᠬᠡᠷᠡᠭ ᠪᠣᠯᠪᠠᠴᠤ ᠮᠠᠨᠵᠤ ᠨᠠᠷ ᠤᠨ ᠬᠠᠯᠬ᠎ᠠ ᠳᠤ ᠶᠠᠪᠤᠭᠤᠯᠵᠤ ᠪᠣᠳᠣᠯᠭ᠎ᠠ ᠡᠷᠴᠢᠮᠵᠢᠵᠦ ᠪᠤᠢ ᠦᠶ᠎ᠡ ᠳᠦ ᠶᠠᠮᠠᠷ ᠨᠢᠭᠡᠨ ᠵᠦᠢᠯ ᠢᠶᠡᠷ ᠰᠢᠯᠲᠠᠭᠠᠯᠠᠨ ᠬᠠᠯᠬ᠎ᠠ ᠳᠤ ᠴᠡᠷᠢᠭᠯᠡᠨ ᠣᠷᠣᠬᠤ ᠠᠴᠠ ᠰᠡᠷᠭᠡᠶᠢᠯᠡᠭᠰᠡᠨ ᠪᠣᠯᠤᠯᠲᠠᠢ᠃ ᠴᠤᠬᠤᠮ ᠶᠠᠮᠠᠷ ᠰᠢᠯᠲᠠᠭᠠᠨ ᠤ ᠤᠯᠠᠮ ᠠᠴᠠ ᠬᠠᠯᠬ᠎ᠠ ᠶᠢᠨ ᠳᠣᠲᠣᠭᠠᠳᠤ ᠪᠠᠨ ᠬᠠᠭᠠᠷᠠᠯ ᠭᠠᠷᠭᠠᠭᠰᠠᠨ ᠢ ᠳᠤᠷᠠᠳᠤᠭ᠎ᠠ ᠦᠭᠡᠢ ᠪᠣᠯᠪᠠᠴᠤ 1653 ᠣᠨ ᠳᠤ ᠲᠦᠰᠢᠶᠡᠲᠦ ᠬᠠᠨ ᠭᠣᠮᠪᠣᠳᠣᠷᠵᠢ ᠶᠢᠨ ᠬᠦᠦ ᠪᠦᠨᠳ᠋ᠠᠷ ᠠᠯᠪᠠᠲᠤ ᠬᠠᠷᠢᠶᠠᠲᠤ ᠪᠠᠨ ᠠᠪᠴᠤ᠂ ᠮᠠᠨᠵᠢᠮ ᠶᠢᠨ ᠬᠠᠭᠠᠨ ᠳᠤ ᠳᠠᠭᠠᠷ᠎ᠠ ᠣᠷᠣᠭᠰᠠᠨ ᠳᠤ ᠲᠰᠰᠢᠨ ᠢ ᠵᠠᠰᠠᠭ ᠴᠢᠨ ᠸᠠᠩ ᠡᠷᠭᠦᠮᠵᠢᠯᠡᠵᠦ ᠴᠢᠯᠤᠯᠲᠠ ᠬᠠᠭᠠᠯᠭᠠᠨ ᠤ ᠭᠠᠳᠠᠨ᠎ᠠ ᠨᠤᠲᠤᠭᠯᠠᠬᠤ ᠭᠠᠵᠠᠷ ᠣᠯᠭᠤᠵᠠᠢ᠃ ᠡᠨᠡ ᠨᠢ ᠪᠦᠨᠳ᠋ᠠᠷ ᠪᠣᠯ ᠬᠠᠯᠬ᠎ᠠ ᠶᠢᠨ ᠠᠩᠬ᠎ᠠ ᠤᠳᠠᠭ᠎ᠠ ᠮᠠᠨᠵᠤ ᠶᠢᠨ ᠲᠠᠯ᠎ᠠ ᠳᠤ ᠤᠷᠪᠠᠨ ᠣᠷᠣᠭᠰᠠᠨ ᠡᠲᠡᠭᠡᠳ ᠶᠠᠭᠤᠮᠠᠪ ᠡᠭᠦᠨ ᠡᠴᠡ ᠦᠵᠡᠪᠡᠯ᠂ ᠬᠠᠯᠬ᠎ᠠ ᠶᠢᠨ ᠨᠣᠶᠠᠳ ᠳᠣᠲᠣᠷ᠎ᠠ ᠪᠠᠨ ᠬᠠᠭᠠᠷᠠᠯᠳᠤᠵᠤ᠂ ᠵᠠᠷᠢᠮ ᠨᠢ ᠮᠠᠨᠵᠤ ᠶᠢᠨ ᠲᠦᠷᠢᠮᠡᠭᠡᠢ ᠪᠣᠳᠣᠯᠭ᠎ᠠ ᠶᠢ ᠰᠥᠷᠥᠨ ᠵᠣᠭᠰᠣᠵᠤ ᠪᠠᠶᠢᠬᠤ ᠳᠤ᠂ ᠨᠥᠭᠥᠭᠡ ᠵᠠᠷᠢᠮ ᠨᠢ ᠮᠠᠨᠵᠤ ᠶᠢᠨ ᠬᠠᠭᠠᠨ ᠤ ᠰᠠᠶᠢᠬᠠᠨ ᠠᠮᠠᠯᠠᠯᠲᠠ᠂ ᠵᠡᠷᠭᠡ ᠬᠡᠷᠭᠡᠮ᠂ ᠱᠠᠩ ᠬᠠᠷᠠᠮᠵᠢᠨ ᠳᠤ ᠲᠠᠲᠠᠭᠳᠠᠨ ᠳᠠᠭᠠᠵᠤ ᠣᠷᠣᠷᠬ᠎ᠠ ᠶᠢ ᠰᠠᠨᠠᠭᠠᠷᠬᠠᠬᠤ ᠪᠣᠯᠤᠭᠰᠠᠨ ᠪᠠᠶᠢᠨ᠎ᠠ᠃ᠰᠡᠴᠡᠨ ᠬᠠᠨ᠂ ᠲᠦᠰᠢᠶᠡᠲᠦ ᠬᠠᠨ ᠨᠠᠷ ᠪᠤᠨᠲᠢᠷ ᠢ ᠪᠤᠴᠠᠭᠠᠵᠤ ᠨᠡᠬᠡᠮᠵᠢᠯᠡᠭᠰᠡᠨ ᠪᠣᠯᠪᠠᠴᠤ ᠮᠠᠨᠵᠤ ᠶᠢᠨ ᠵᠦᠭ ᠡᠴᠡ ᠡᠷᠡᠰ ᠡᠰᠡᠷᠭᠦᠴᠡᠨ ᠨᠢᠴᠤᠭᠠᠭᠰᠠᠨ ᠶᠠᠭᠤᠮ᠎ᠠ᠃ ᠲᠦᠰᠢᠶᠡᠲᠦ ᠬᠠᠨ ᠭᠣᠮᠪᠣᠳᠣᠷᠵᠢ᠂ ᠰᠡᠴᠡᠨ ᠬᠠᠨ ᠱᠣᠯᠣᠢ ᠬᠠᠨ ᠬᠦᠴᠦᠩᠳᠡ ᠠᠪᠲᠠᠭᠳᠠᠨ᠂ ᠵᠠᠷᠢᠮ ᠲᠠᠯ᠎ᠠ ᠪᠠᠷ ᠪᠠᠭᠤᠯᠲᠠ ᠬᠤᠨ᠂ ᠮᠠᠨᠵᠤ ᠲᠠᠢ ᠨᠠᠶᠢᠷᠠᠮᠳᠠᠬᠤ ᠪᠣᠳᠣᠯᠭ᠎ᠠ ᠶᠢ ᠶᠠᠪᠤᠭᠤᠯᠵᠤ ᠪᠠᠶᠢᠭᠰᠠᠨ ᠪᠣᠯᠪᠠᠴᠤ ᠬᠠᠷᠢᠨ ᠰᠢᠭᠤᠳ ᠳᠠᠭᠠᠵᠤ ᠣᠷᠣᠬᠤ ᠶᠢ ᠬᠦᠰᠡᠬᠦ ᠦᠭᠡᠢ ᠪᠠᠶᠢᠭᠰᠠᠨ ᠶᠤᠮ᠃ᠮᠠᠨᠵᠤ ᠶᠢᠨ ᠵᠦᠭ ᠡᠴᠡ ᠬᠠᠯᠬ᠎ᠠ ᠶᠢᠨ ᠳᠣᠲᠣᠭᠠᠳᠤ ᠬᠡᠷᠡᠭ ᠲᠦ ᠬᠤᠳᠬᠤᠯᠳᠤᠨ ᠤᠷᠤᠬᠤ ᠨᠢ ᠤᠯᠠᠮ ᠪᠦᠷ ᠨᠡᠮᠡᠭᠳᠡᠵᠦ᠂ ᠡᠯᠳᠡᠪ ᠰᠢᠬᠠᠯᠲᠠ ᠬᠠᠪᠴᠢᠯᠭ᠎ᠠ ᠴᠢᠩᠭᠠᠷᠴᠢ ᠪᠠᠶᠢᠬᠤ ᠲᠡᠷᠡ ᠡᠭᠡᠵᠢᠭᠲᠡᠢ ᠦᠶ᠎ᠡ ᠳᠦ ᠰᠡᠴᠡᠨ ᠬᠠᠨ ᠱᠢᠣᠯᠠᠢ 1652 ᠣᠨ ᠳᠤ᠂ ᠲᠦᠰᠢᠶᠡᠲᠦ ᠬᠠᠨ ᠭᠣᠮᠪᠣᠳᠣᠷᠵᠢ 1655 ᠣᠨ ᠳᠤ ᠤᠳᠠᠭ᠎ᠠ ᠳᠠᠷᠠᠭ᠎ᠠ ᠨᠠᠰᠤ ᠪᠠᠷᠠᠭᠰᠠᠨ ᠨᠢ ᠬᠠᠯᠬ᠎ᠠ ᠶᠢᠨ ᠤᠯᠤᠰ ᠲᠥᠷᠥ ᠶᠢᠨ ᠪᠠᠶᠢᠳᠠᠯ ᠳᠤ ᠨᠣᠴᠢᠲᠠᠢ ᠬᠣᠬᠢᠷᠠᠯ ᠤᠴᠠᠷᠠᠭᠤᠯᠵᠠᠢ᠃ᠮᠣᠩᠭᠣᠯ ᠤᠨ ᠲᠡᠦᠬᠡ ᠶᠢ ᠦᠶᠡᠴᠢᠯᠡᠬᠦ ᠨᠮᠣᠩᠭᠣᠯ ᠤᠨ ᠡᠵᠡᠨ ᠳᠦ ᠭᠦᠷᠦᠨ ᠦ ᠦᠶ᠎ᠡ᠃ ᠡᠨᠡ ᠦᠶ᠎ᠡ ᠶᠢ ᠬᠣᠶᠠᠷ ᠪᠠᠶᠢᠳᠠᠯ ᠢᠶᠠᠷ ᠲᠤᠰᠬᠠᠶᠢᠯᠠᠨ ᠠᠪᠴᠤ ᠦᠵᠡᠵᠦ ᠪᠣᠯᠤᠨ᠎ᠠ᠃ ᠡᠬᠢᠨ ᠦ ᠬᠢ ᠨᠢ ᠢᠵᠠᠭᠤᠷ ᠮᠣᠩᠭᠣᠯ ᠭᠦᠷᠦᠨ ᠦ ᠦᠶ᠎ᠡ ᠪᠤᠶᠤ ᠥᠭᠡᠲᠡᠢ ᠬᠠᠭᠠᠨ ᠠᠴᠠ ᠬᠣᠶᠠᠷ ᠬᠠᠭᠠᠨ ᠳᠤ ᠮᠣᠩᠭᠣᠯ ᠭᠦᠷᠦᠨ ᠪᠤᠶᠤ ᠬᠤᠪᠢᠯᠠᠢ᠂ ᠠᠷᠭᠦᠪᠡᠬᠦ ᠬᠠᠭᠠᠳ ᠬᠦᠷᠲᠡᠯᠡᠬᠢ ᠶᠡᠬᠡ ᠮᠣᠩᠭᠣᠯ ᠤᠯᠤᠰ ᠤᠨ ᠦᠶ᠎ᠡ ᠶᠤᠮ᠃ ᠢᠵᠠᠭᠤᠷ ᠮᠣᠩᠭᠣᠯ ᠭᠦᠷᠦᠨ 1229-1271 ᠣᠨ ᠨᠤᠭᠤᠳ ᠲᠤ ᠣᠷᠣᠰᠢᠵᠤ ᠪᠠᠶᠢᠪᠠ᠃ᠤᠭ ᠦᠶ᠎ᠡ ᠶᠢ ᠲᠥᠷᠥ ᠪᠠᠷᠢᠭᠰᠠᠨ ᠶᠡᠬᠡ ᠬᠠᠭᠠᠳ ᠤᠨ ᠣᠨ ᠳᠠᠷᠠᠭᠠᠯᠠᠯ ᠢᠶᠠᠷ ᠨᠢ- ᠥᠭᠡᠲᠡᠢ ᠬᠠᠭᠠᠨ ᠤ ᠦᠶ᠎ᠡ ᠶᠢᠨ ᠮᠣᠩᠭᠣᠯ ᠭᠦᠷᠦᠨ ᠪᠤᠶᠤ ᠶᠡᠬᠡ ᠮᠣᠩᠭᠣᠯ ᠤᠯᠤᠰ- ᠭᠦᠶᠦᠭ ᠬᠠᠭᠠᠨ ᠤ ᠦᠶ᠎ᠡ ᠶᠢᠨ ᠮᠣᠩᠭᠣᠯ ᠭᠦᠷᠦᠨ ᠪᠤᠶᠤ ᠶᠡᠬᠡ ᠮᠣᠩᠭᠣᠯ ᠤᠯᠤᠰ- ᠮᠥᠩᠬᠡ ᠬᠠᠭᠠᠨ ᠤ ᠦᠶ᠎ᠡ ᠶᠢᠨ ᠮᠣᠩᠭᠣᠯ ᠭᠦᠷᠦᠨ ᠪᠤᠶᠤ ᠶᠡᠬᠡ ᠮᠣᠩᠭᠣᠯ ᠤᠯᠤᠰ- ᠬᠣᠶᠠᠷ ᠬᠠᠭᠠᠨ ᠳᠤ ᠮᠣᠩᠭᠣᠯ ᠭᠦᠷᠦᠨ ᠪᠤᠶᠤ ᠬᠤᠪᠢᠯᠠᠢ᠂ ᠠᠷᠭᠦᠪᠡᠬᠦ ᠬᠠᠭᠠᠳ ᠤᠨ ᠦᠶ᠎ᠡ ᠶᠢᠨ ᠮᠣᠩᠭᠣᠯ ᠭᠦᠷᠦᠨ ᠬᠡᠮᠡᠨ ᠲᠤᠬᠠᠶᠢᠯᠠᠨ ᠦᠵᠡᠵᠦ ᠪᠣᠯᠤᠨ᠎ᠠ᠃ᠴᠢᠩᠭᠢᠰ ᠬᠠᠭᠠᠨ ᠤ ᠦᠨᠳᠦᠰᠦ ᠰᠠᠭᠤᠷᠢ ᠶᠢ ᠨᠢ ᠲᠠᠯᠪᠢᠭᠰᠠᠨ ᠨᠡᠭᠦᠳᠡᠯᠴᠢᠳ ᠦᠨ ᠡᠵᠡᠨᠲᠦ ᠭᠦᠷᠦᠨ ᠥᠭᠡᠲᠡᠢ ᠬᠠᠭᠠᠨ ᠤ ᠦᠶ᠎ᠡ ᠳᠦ ᠲᠡᠭᠦᠯᠳᠡᠷᠵᠢᠨ ᠲᠣᠭᠲᠠᠭᠰᠠᠨ ᠪᠣᠯ ᠭᠦᠶᠣᠭ ᠪᠠ ᠮᠥᠩᠬᠡ ᠬᠠᠭᠠᠳ ᠤᠨ ᠦᠶ᠎ᠡ ᠳᠦ ᠮᠣᠩᠭᠣᠯ ᠭᠦᠷᠦᠨ ᠨᠡᠭᠦᠳᠡᠯ ᠪᠠ ᠰᠠᠭᠤᠷᠢᠰᠢᠮᠠᠯ ᠢᠷᠭᠡᠨᠰᠢᠯ ᠬᠣᠣᠰᠯᠠᠭᠰᠠᠨ ᠳᠡᠯᠡᠬᠡᠢ ᠶᠢᠨ ᠬᠡᠮᠵᠢᠶᠡᠨ ᠦ ᠡᠵᠡᠨᠲᠦ ᠭᠦᠷᠦᠨ ᠪᠣᠯᠤᠨ ᠬᠥᠭᠵᠢᠭᠰᠡᠨ ᠠᠵᠡᠢ᠃ ᠬᠤᠪᠢᠯᠠᠢ ᠭᠣᠣᠯ ᠥᠷᠢᠰᠦᠯᠳᠦᠭᠴᠢ ᠠᠷᠭᠦᠪᠡᠬᠦ ᠬᠠᠭᠠᠨ ᠢ 1264 ᠣᠨ ᠳᠤ ᠴᠡᠷᠢᠭ ᠦᠨ ᠬᠦᠴᠦ ᠪᠡᠷ ᠳᠠᠷᠤᠵᠤ ᠬᠠᠭᠠᠨ ᠪᠣᠯᠤᠭᠰᠠᠨ ᠪᠥᠭᠡᠳ ᠲᠡᠷᠡ ᠦᠶ᠎ᠡ ᠬᠦᠷᠲᠡᠯ᠎ᠡ ᠪᠤᠶᠤ 1260-1264 ᠣᠨ ᠨᠤᠭᠤᠳ ᠲᠤ ᠶᠡᠬᠡ ᠮᠣᠩᠭᠣᠯ ᠤᠯᠤᠰ ᠬᠣᠶᠠᠷ ᠬᠠᠭᠠᠨ ᠲᠠᠢ ᠪᠠᠶᠢᠪᠠ᠃ ᠬᠠᠷᠢᠨ 1271 ᠣᠨ ᠳᠤ ᠬᠤᠪᠢᠯᠠᠢ ᠬᠠᠭᠠᠨ 《ᠶᠡᠬᠡ ᠮᠣᠩᠭᠣᠯ ᠤᠯᠤᠰ》 ᠭᠡᠬᠦ ᠨᠡᠷ᠎ᠡ ᠶᠢ ᠬᠠᠯᠠᠵᠤ᠂ 《ᠲᠩᠷᠢ ᠲᠡᠷᠢᠭᠦᠨ ᠶᠡᠬᠡ》 ᠭᠡᠰᠡᠨ ᠤᠳᠬ᠎ᠠ ᠲᠠᠢ ᠶᠡᠬᠡ ᠶᠤᠸᠠᠨ ᠤᠯᠤᠰ ᠢ ᠪᠠᠶᠢᠭᠤᠯᠤᠭᠰᠠᠨ ᠢᠶᠠᠨ ᠵᠠᠷᠯᠠᠭᠰᠠᠨ ᠠᠵᠢ᠃ᠬᠣᠶᠠᠷ ᠲᠤ ᠬᠢ ᠦᠶ᠎ᠡ ᠪᠣᠯ ᠮᠣᠩᠭᠣᠯ ᠤᠨ ᠠᠤᠭ᠎ᠠ ᠡᠵᠡᠨᠲᠦ ᠭᠦᠷᠦᠨ ᠪᠡᠶ᠎ᠡ ᠪᠡᠨ ᠳᠠᠭᠠᠭᠰᠠᠨ ᠡᠵᠡᠨᠲᠦ ᠤᠯᠤᠰ ᠤᠳ ᠲᠤ ᠬᠤᠪᠢᠶᠠᠭᠳᠠᠨ ᠣᠷᠣᠰᠢᠭᠰᠠᠨ ᠦᠶ᠎ᠡ ᠶᠤᠮ᠃ ᠡᠯ᠎ᠡ ᠦᠶ᠎ᠡ ᠶᠢ ᠭᠠᠵᠠᠷ ᠵᠦᠢ ᠶᠢᠨ ᠪᠠᠶᠢᠷᠢᠯᠠᠯ ᠪᠣᠯᠤᠨ ᠬᠠᠷᠢᠶᠠᠯᠠᠯ᠂ ᠤᠭᠰᠠᠭ᠎ᠠ ᠵᠠᠯᠭᠠᠮᠵᠢᠯᠠᠯ ᠤᠨ ᠪᠠᠶᠢᠳᠠᠯ ᠢᠶᠠᠷ ᠨᠢ ᠬᠡᠳᠦᠨ ᠬᠡᠰᠡᠭ ᠲᠦ ᠢᠯᠭᠠᠵᠤ᠂ ᠲᠤᠰᠬᠠᠶᠢᠯᠠᠨ ᠰᠤᠳᠤᠯᠤᠭᠰᠠᠭᠠᠷ ᠢᠷᠡᠭᠰᠡᠨ ᠪᠢᠯᠡ᠃ ᠡᠳᠡᠭᠡᠷ ᠨᠢ- ᠮᠣᠩᠭᠣᠯ ᠤᠨ ᠶᠤᠸᠠᠨ ᠤᠯᠤᠰ ᠪᠤᠶᠤ ᠬᠤᠪᠢᠯᠠᠢ ᠶᠢᠨ ᠤᠭᠰᠠᠭ᠎ᠠ ᠵᠠᠯᠭᠠᠮᠵᠢᠯᠠᠯ- ᠮᠣᠩᠭᠣᠯ ᠤᠨ ᠠᠯᠲᠠᠨ ᠣᠷᠳᠣᠨ ᠤ ᠤᠯᠤᠰ ᠪᠤᠶᠤ ᠵᠦᠴᠢ ᠶᠢᠨ ᠤᠭᠰᠠᠭ᠎ᠠ ᠵᠠᠯᠭᠠᠮᠵᠢᠯᠠᠯ- ᠮᠣᠩᠭᠣᠯ ᠤᠨ ᠴᠠᠭᠠᠳᠠᠢ ᠶᠢᠨ ᠤᠯᠤᠰ ᠪᠤᠶᠤ ᠴᠠᠭᠠᠳᠠᠢ ᠶᠢᠨ ᠤᠭᠰᠠᠭ᠎ᠠ ᠵᠠᠯᠭᠠᠮᠵᠢᠯᠠᠯ- ᠮᠣᠩᠭᠣᠯ ᠤᠨ ᠢᠯ ᠬᠠᠭᠠᠳ ᠤᠨ ᠤᠯᠤᠰ ᠪᠤᠶᠤ ᠬᠦᠯᠢᠭᠦ ᠦᠨ ᠤᠭᠰᠠᠭ᠎ᠠ ᠵᠠᠯᠭᠠᠮᠵᠢᠯᠠᠯ ᠪᠣᠯᠬᠤ ᠶᠤᠮ᠃ᠲᠡᠷᠬᠡᠦ ᠮᠣᠩᠭᠣᠯ ᠤᠨ ᠪᠡᠶ᠎ᠡ ᠳᠠᠭᠠᠭᠰᠠᠨ ᠡᠵᠡᠨᠲᠦ ᠤᠯᠤᠰ ᠤᠳ ᠤᠨ ᠦᠶ᠎ᠡ ᠶᠢ 1271-1368 ᠣᠨ ᠢᠶᠠᠷ ᠠᠪᠴᠤ ᠦᠵᠡᠨ᠎ᠡ᠃ ᠶᠡᠬᠡ ᠮᠣᠩᠭᠣᠯ ᠤᠯᠤᠰ᠂ ᠡᠵᠡᠨᠲᠦ ᠭᠦᠷᠦᠨ ᠦ ᠲᠡᠦᠬᠡ ᠰᠤᠳᠤᠯᠤᠯ ᠤᠨ ᠲᠡᠷᠢᠭᠦᠯᠡᠬᠦ ᠡᠷᠳᠡᠮᠲᠡᠳ ᠦᠨ ᠨᠢᠭᠡ ᠱ᠃ᠪᠢᠷᠠ ᠠᠪᠤᠭᠠᠢ ᠮᠣᠩᠭᠣᠯ ᠤᠯᠤᠰ ᠬᠡᠷᠬᠢᠨ ᠬᠥᠭᠵᠢᠵᠦ᠂ ᠬᠤᠪᠢᠰᠴᠤ ᠢᠷᠡᠭᠰᠡᠨ ᠲᠡᠦᠬᠡ ᠶᠢ 1. ᠮᠣᠩᠭᠣᠯ ᠳᠤ ᠲᠤᠯᠭᠤᠷ ᠤᠯᠤᠰ ᠪᠤᠶᠤ ᠡᠬᠢᠨ ᠦᠶ᠎ᠡ ᠶᠢᠨ ᠤᠯᠤᠰ ᠪᠤᠢ ᠪᠣᠯᠤᠭᠰᠠᠨ ᠦᠶ᠎ᠡ (1206-1227)2. ᠮᠣᠩᠭᠣᠯ ᠤᠨ ᠡᠵᠡᠨᠲᠦ ᠭᠦᠷᠦᠨ ᠪᠤᠶᠤ ᠬᠥᠭᠵᠢᠩᠭᠦᠢ ᠤᠯᠤᠰ ᠤᠨ ᠲᠥᠯᠦᠪᠰᠢᠯ ᠦᠨ ᠦᠶ᠎ᠡ (1229-1259)3. ᠮᠣᠩᠭᠣᠯ ᠤᠨ ᠡᠵᠡᠨᠲᠦ ᠭᠦᠷᠦᠨ ᠦ ᠥᠷᠨᠢᠯᠲᠡ ᠶᠢᠨ ᠦᠶ᠎ᠡ ᠪᠤᠶᠤ ᠮᠣᠩᠭᠣᠯ ᠤᠨ ᠶᠤᠸᠠᠨ ᠤᠯᠤᠰ ᠤᠨ ᠦᠶ᠎ᠡ (1260-1368) ᠭᠡᠰᠡᠨ ᠦᠨᠳᠦᠰᠦᠨ 3 ᠦᠶ᠎ᠡ ᠳᠦ ᠬᠤᠪᠢᠶᠠᠨ ᠦᠵᠡᠵᠡᠢ᠃ ᠡᠨᠳᠡ ᠬᠡᠳᠦᠨ ᠡᠷᠡᠭᠡᠯᠵᠡᠭᠡᠲᠡᠢ ᠵᠦᠢᠯ ᠪᠠᠶᠢᠭ᠎ᠠ ᠶᠢᠨ ᠵᠠᠷᠢᠮ ᠨᠢᠭᠡ ᠶᠢ ᠳᠤᠷᠠᠳᠪᠠᠰᠤ᠂ 1206 ᠣᠨ ᠳᠤ ᠮᠣᠩᠭᠣᠯ ᠳᠤ ᠠᠩᠬᠠᠨ ᠤ ᠲᠤᠯᠭᠤᠷ ᠲᠥᠷᠥ ᠪᠠᠶᠢᠭᠤᠯᠤᠭᠳᠠᠭ᠎ᠠ ᠦᠭᠡᠢ᠂ ᠬᠠᠷᠢᠨ ᠨᠢᠭᠡᠳᠦᠭᠰᠡᠨ ᠮᠣᠩᠭᠣᠯ ᠤᠯᠤᠰ ᠢ ᠪᠠᠶᠢᠭᠤᠯᠤᠭᠰᠠᠨ , 1260-1264 ᠣᠨ ᠳᠤ ᠶᠡᠬᠡ ᠮᠣᠩᠭᠣᠯ ᠤᠯᠤᠰ ᠠᠷᠭᠦᠪᠡᠬᠦ ᠪᠠ ᠬᠤᠪᠢᠯᠠᠢ ᠭᠡᠰᠡᠨ ᠬᠣᠶᠠᠷ ᠬᠠᠭᠠᠨ ᠲᠠᠢ ᠪᠠᠶᠢᠭᠰᠠᠨ᠂ ᠶᠤᠸᠠᠨ ᠤᠯᠤᠰ 1260 ᠣᠨ ᠳᠤ ᠪᠤᠰᠤ ᠠᠯᠪᠠᠨ ᠶᠣᠰᠣᠭᠠᠷ 1271 ᠣᠨ ᠳᠤ ᠪᠠᠶᠢᠭᠤᠯᠤᠭᠳᠠᠭᠰᠠᠨ᠂ ᠪᠠᠰᠠ ᠶᠡᠬᠡ ᠶᠤᠸᠠᠨ 大元 ᠤᠯᠤᠰ ᠨᠢ ᠮᠣᠩᠭᠣᠯ ᠤᠨ ᠡᠵᠡᠨᠲᠦ ᠭᠦᠷᠦᠨ ᠦ ᠥᠷᠨᠢᠯᠲᠡ ᠶᠢᠨ ᠦᠶ᠎ᠡ ᠪᠤᠰᠤ᠂ ᠬᠠᠷᠢᠨ ᠭᠤᠳᠤᠶᠢᠯ ᠳᠤ᠂ ᠪᠠᠭᠤᠷᠠᠯᠲᠠ ᠶᠢᠨ ᠦᠶ᠎ᠡ ᠭᠡᠯᠲᠡᠢ᠃ ᠤᠴᠢᠷ ᠨᠢ ᠬᠠᠤᠯᠢ ᠪᠤᠰᠤ ᠪᠠᠷ ᠬᠠᠭᠠᠨ ᠰᠢᠷᠡᠭᠡ ᠶᠢ ᠪᠤᠯᠢᠶᠠᠭᠰᠠᠨ ᠬᠤᠪᠢᠯᠠᠢ ᠶᠢ ᠡᠰᠡᠷᠭᠦᠴᠡᠨ ᠪᠣᠰᠤᠯᠭ᠎ᠠ ᠭᠠᠷᠭᠠᠵᠤ ᠲᠡᠮᠡᠴᠡᠭᠰᠡᠭᠡᠷ ᠪᠠᠶᠢᠭᠰᠠᠨ ᠢᠵᠠᠭᠤᠷ ᠮᠣᠩᠭᠣᠯ ᠨᠤᠲᠤᠭ ᠢᠶᠠᠨ 40 ᠣᠷᠴᠢᠮ ᠵᠢᠯ ᠪᠦᠷᠢᠨ ᠵᠠᠬᠢᠷᠴᠢ ᠴᠢᠳᠠᠬᠤ ᠦᠭᠡᠢ ᠪᠠᠶᠢᠭᠰᠠᠨ ᠶᠤᠸᠠᠨ ᠤᠯᠤᠰ ᠢ ᠮᠣᠩᠭᠣᠯ ᠤᠨ ᠡᠵᠡᠨᠲᠦ ᠭᠦᠷᠦᠨ ᠦ ᠥᠷᠨᠢᠯᠲᠡ ᠶᠢᠨ ᠦᠶ᠎ᠡ ᠭᠡᠬᠦ ᠳᠦ ᠨᠡᠩ ᠲᠥᠪᠡᠭᠲᠡᠢ᠃ ᠲᠡᠳᠡᠨ ᠦ ᠶᠤᠸᠠᠨ ᠤᠯᠤᠰ ᠤᠨ ᠡᠰᠡᠷᠬᠦ ᠡᠯ᠎ᠡ ᠲᠡᠮᠡᠴᠡᠯᠳᠦ ᠨᠢᠭᠡ ᠦᠶ᠎ᠡ ᠴᠠᠭᠠᠳᠠᠢ ᠶᠢᠨ ᠤᠯᠤᠰ ᠴᠤ ᠨᠢᠭᠡᠳᠦᠨ ᠣᠷᠣᠭᠰᠠᠨ ᠪᠠᠶᠢᠭᠰᠠᠨ ᠪᠠᠶᠢᠪᠠ᠃ ᠮᠥᠨ ᠠᠯᠲᠠᠨ ᠣᠷᠳᠣᠨ᠂ ᠴᠠᠭᠠᠳᠠᠢ ᠶᠢᠨ᠂ ᠢᠯᠡ ᠬᠠᠭᠠᠳ ᠤᠨ ᠭᠡᠰᠡᠨ ᠤᠯᠤᠰ ᠤᠳ ᠢ ᠪᠦᠬᠦᠨ ᠣᠷᠬᠢᠭᠰᠠᠨ ᠠᠯᠳᠠᠭ᠎ᠠ ᠪᠠᠶᠢᠨ᠎ᠠ᠃ᠲᠡᠷᠡ ᠦᠶ᠎ᠡ ᠳᠦ ᠢᠵᠠᠭᠤᠷ ᠮᠣᠩᠭᠣᠯ ᠨᠤᠲᠤᠭ ᠶᠡᠬᠡ ᠶᠤᠸᠠᠨ ᠤᠯᠤᠰ ᠲᠤ ᠪᠠᠭᠳᠠᠵᠣ ᠪᠠᠶᠢᠭᠰᠠᠨ ᠠᠭᠠᠳ ᠶᠡᠬᠡ ᠬᠠᠭᠠᠳ ᠤᠨ ᠲᠥᠪ ᠦᠨ ᠦᠶ᠎ᠡ ᠵᠠᠯᠭᠠᠮᠵᠢᠯᠠᠯ ᠤᠨ ᠡᠭᠦᠳᠡᠨ ᠡᠴᠡ ᠶᠤᠸᠠᠨ ᠤᠯᠤᠰ ᠢ ᠲᠥᠪ ᠤᠯᠤᠰ᠂ ᠮᠣᠩᠭᠣᠯᠴᠤᠳ ᠤᠨ ᠪᠠᠶᠢᠭᠤᠯᠤᠭᠰᠠᠨ ᠠᠯᠲᠠᠨ ᠣᠷᠳᠣᠨ᠂ ᠢᠯᠡ ᠬᠠᠭᠠᠳ ᠤᠨ ᠵᠡᠷᠭᠡ ᠪᠤᠰᠤᠳ ᠤᠯᠤᠰ ᠢ ᠨᠢ ᠲᠡᠭᠦᠨ ᠦ ᠬᠠᠷᠠᠭᠠᠲᠤ ᠲᠦᠰᠢᠮᠡᠭ ᠤᠯᠤᠰ ᠬᠡᠮᠡᠨ ᠲᠣᠭᠠᠴᠠᠭᠰᠠᠭᠠᠷ ᠢᠷᠡᠭᠰᠡᠨ ᠶᠤᠮ᠃ ᠲᠡᠳᠡᠭᠡᠷ ᠤᠯᠤᠰ ᠤᠳ ᠴᠤ ᠡᠬᠢᠨ ᠳᠦ ᠪᠡᠨ ᠶᠡᠬᠡ ᠶᠤᠸᠠᠨ ᠤᠯᠤᠰ ᠲᠤ ᠶᠣᠰᠣ ᠲᠡᠳᠦᠢ ᠪᠣᠯᠪᠠᠴᠤ ᠵᠠᠬᠢᠷᠤᠭᠳᠠᠵᠤ ᠪᠠᠶᠢᠪᠠ᠃ ᠬᠠᠷᠢᠶᠠᠯᠠᠭᠳᠠᠬᠤ ᠭᠠᠵᠠᠷ ᠣᠷᠣᠨ ᠤ ᠨᠤᠲᠤᠭ ᠳᠡᠪᠢᠰᠬᠡᠷ ᠦᠨ ᠬᠡᠮᠵᠢᠶ᠎ᠡ᠂ ᠡᠳ᠋ ᠍ ᠦᠨ ᠵᠠᠰᠠᠭ ᠤᠨ ᠪᠠᠭᠠᠵᠢ ᠰᠠᠭᠤᠷᠢ ᠵᠡᠷᠭᠡ ᠪᠡᠷ ᠢᠶᠡᠨ ᠶᠤᠸᠠᠨ ᠤᠯᠤᠰ ᠪᠤᠰᠤᠳ ᠤᠯᠤᠰ ᠤᠳ ᠠᠴᠠ ᠠᠷᠠᠢ ᠢᠯᠡᠭᠦᠦ ᠪᠠᠶᠢᠭᠰᠠᠨ ᠪᠠᠶᠢᠵᠤ ᠴᠤ ᠮᠠᠭᠠᠳ ᠦᠭᠡᠢ᠃ ᠬᠠᠷᠢᠨ ᠡᠨᠡ ᠪᠠᠶᠢᠳᠠᠯ ᠤᠳᠠᠭᠠᠨ ᠦᠷᠭᠦᠯᠵᠢᠯᠡᠭᠡ ᠦᠭᠡᠢ ᠪᠥᠭᠡᠳ ᠠᠷᠪᠠᠨ ᠳᠥᠷᠪᠡᠳᠦᠭᠡᠷ ᠵᠠᠭᠤᠨ ᠤ ᠡᠬᠢᠨ ᠦᠶᠡᠰ ᠳᠡᠭᠡᠷᠡᠬᠢ ᠤᠯᠤᠰ ᠤᠳ ᠪᠦᠷᠢᠨ ᠪᠡᠶ᠎ᠡ ᠪᠡᠨ ᠳᠠᠭᠠᠭᠠᠵᠤ ᠲᠤᠰᠠᠭᠠᠷᠯᠠᠭᠰᠠᠨ ᠪᠢᠯᠡ᠃ ᠡᠨᠡ ᠪᠦᠬᠦᠨ ᠡᠴᠡ ᠦᠵᠡᠬᠦ ᠳᠦ᠂ ᠶᠡᠬᠡ ᠮᠣᠩᠭᠣᠯ ᠤᠯᠤᠰ ᠬᠡᠳᠦ ᠬᠡᠳᠦᠨ ᠪᠡᠶ᠎ᠡ ᠳᠠᠭᠠᠭᠰᠠᠨ ᠪᠠᠭ᠎ᠠ ᠤᠯᠤᠰ ᠤᠳ ᠲᠤ ᠬᠤᠪᠢᠶᠠᠭᠳᠠᠭᠰᠠᠨ ᠦᠶ᠎ᠡ ᠶᠢ ᠮᠣᠩᠭᠣᠯ ᠤᠨ ᠡᠵᠡᠨᠲᠦ ᠭᠦᠷᠦᠨ ᠦ ᠣᠷᠭᠢᠯ ᠦᠶ᠎ᠡ ᠬᠡᠮᠡᠬᠦ ᠨᠢ ᠲᠡᠦᠬᠡᠨ ᠦᠨᠡᠨ ᠳᠦ ᠬᠠᠷᠰᠢᠯᠠᠨ᠎ᠠ᠃ᠮᠣᠩᠭᠣᠯ ᠤᠨ ᠡᠵᠡᠨᠲᠦ ᠭᠦᠷᠦᠨ ᠦ ᠦᠶ᠎ᠡ ᠶᠢ 1229 ᠣᠨ ᠳᠤ ᠬᠡᠷᠡᠯᠦᠨ ᠦ ᠬᠥᠳᠡᠭᠡ ᠠᠷᠠᠯ ᠳᠤ ᠥᠭᠡᠲᠡᠢ ᠶᠢ ᠶᠡᠬᠡ ᠮᠣᠩᠭᠣᠯ ᠤᠯᠤᠰ ᠤᠨ ᠬᠠᠭᠠᠨ ᠳᠤ ᠡᠷᠭᠦᠮᠵᠢᠯᠡᠭᠰᠡᠨ ᠦᠢᠯᠡ ᠶᠠᠪᠤᠳᠠᠯ ᠢᠶᠠᠷ ᠡᠬᠢᠯᠡᠭᠦᠯᠵᠦ᠂ 1368 ᠣᠨ ᠳᠤ ᠶᠡᠬᠡ ᠶᠤᠸᠠᠨ ᠤᠯᠤᠰ ᠤᠨ ᠰᠡᠭᠦᠯᠴᠢ ᠶᠢᠨ ᠬᠠᠭᠠᠨ ᠲᠣᠭᠠᠨᠲᠡᠮᠦᠷ ᠪᠡᠭᠡᠵᠢᠩ ᠡᠴᠡ ᠵᠤᠭᠤᠳᠠᠨ ᠭᠠᠷᠤᠭᠰᠠᠨ ᠬᠡᠷᠡᠭ ᠶᠠᠪᠤᠳᠠᠯ ᠢᠶᠠᠷ ᠲᠡᠭᠦᠰᠬᠡᠵᠦ ᠪᠠᠶᠢᠨ᠎ᠠ᠃ * * *XIV-ᠠᠷᠪᠠᠨ ᠳᠣᠯᠤᠳᠤᠭᠠᠷ ᠵᠠᠭᠤᠨ ᠤ ᠮᠣᠩᠭᠣᠯ ᠤᠯᠤᠰ ᠤᠨ ᠦᠶ᠎ᠡ ᠶᠢ ᠰᠤᠳᠤᠯᠤᠭᠠᠴᠢᠳ 《ᠮᠢᠩ ᠤᠯᠤᠰ ᠤᠨ ᠦᠶ᠎ᠡ ᠶᠢᠨ ᠮᠣᠩᠭᠣᠯ》, 《ᠤᠯᠤᠰ ᠲᠥᠷᠥ ᠶᠢᠨ ᠪᠤᠲᠠᠷᠠᠯ ᠤᠨ ᠦᠶ᠎ᠡ ᠶᠢᠨ ᠮᠣᠩᠭᠣᠯ》, 《ᠠᠷᠤ ᠶᠤᠸᠠᠨ ᠤᠯᠤᠰ》, 《ᠤᠮᠠᠷᠠᠳᠤ ᠥᠩ ᠤᠯᠤᠰ》 ᠭᠡᠬᠦ ᠵᠡᠷᠭᠡ ᠪᠡᠷ ᠨᠡᠷᠡᠶᠢᠳᠴᠦ ᠲᠣᠮᠢᠶᠠᠯᠠᠭᠰᠠᠭᠠᠷ ᠢᠷᠡᠭᠰᠡᠨ ᠪᠢᠯᠡ᠃ 《ᠮᠢᠩ ᠤᠯᠤᠰ ᠤᠨ ᠦᠶ᠎ᠡ ᠶᠢᠨ ᠮᠣᠩᠭᠣᠯ》 ᠭᠡᠳᠡᠭ ᠨᠢ ᠬᠢᠲᠠᠳ ᠲᠥᠪ ᠦᠨ ᠦᠵᠡᠯ ᠦᠨ ᠡᠭᠦᠳᠡᠨ ᠡᠴᠡ ᠭᠠᠷᠤᠭᠰᠠᠨ ᠨᠡᠷᠡᠶᠢᠳᠦᠯ ᠬᠢᠭᠡᠳ ᠮᠣᠩᠭᠣᠯᠴᠤᠳ ᠢ ᠬᠢᠲᠠᠳ ᠲᠤ ᠣᠷᠣᠰᠢᠵᠤ ᠪᠠᠶᠢᠭᠰᠠᠨ ᠮᠢᠩ 明朝 ᠤᠯᠤᠰ (1368-1644) ᠍ ᠤᠨ ᠬᠠᠪᠰᠠᠷᠭ᠎ᠠ ᠪᠠᠶᠢᠳᠠᠯ ᠢᠶᠠᠷ ᠠᠪᠴᠤ ᠦᠵᠡᠭᠰᠡᠨ ᠳᠡᠭᠡᠷᠡᠩᠭᠦᠢ᠂ ᠳᠣᠷᠣᠮᠵᠢ ᠨᠡᠷ᠎ᠡ ᠶᠤᠮ᠃ ᠴᠢᠩᠭᠢᠵᠦ ᠨᠡᠷᠡᠯᠡᠭᠰᠡᠨ ᠢᠶᠡᠷ ᠮᠣᠩᠭᠣᠯ ᠨᠢ ᠲᠤᠰᠠᠭᠠᠷ ᠲᠣᠭᠲᠠᠨᠢᠭᠰᠠᠨ ᠤᠯᠤᠰ ᠪᠤᠰᠤ᠂ ᠮᠢᠩ ᠤᠯᠤᠰ ᠤᠨ ᠬᠣᠶᠢᠳᠤ ᠲᠠᠯ᠎ᠠ ᠪᠠᠷ ᠣᠷᠣᠰᠢᠳᠠᠭ ᠬᠡᠰᠡᠭ ᠡᠵᠡᠮᠰᠢᠯ ᠦᠳ ᠭᠡᠵᠦ ᠣᠶᠢᠯᠠᠭᠠᠭᠳᠠᠨ᠎ᠠ᠃ ᠮᠣᠩᠭᠣᠯ᠂ ᠬᠢᠲᠠᠳ ᠤᠨ ᠬᠣᠭᠣᠷᠣᠨᠳᠣᠬᠢ ᠬᠤᠳᠠᠯᠳᠤᠭ᠎ᠠ ᠶᠢ ᠬᠦᠷᠲᠡᠯ᠎ᠡ 《ᠠᠯᠪᠠ ᠪᠠᠷᠢᠬᠤ》 ᠬᠡᠮᠡᠨ ᠭᠤᠪᠢᠭᠤᠯᠤᠨ ᠲᠣᠮᠢᠶᠠᠯᠠᠳᠠᠭ ᠨᠢ ᠴᠤ ᠬᠢᠲᠠᠳ ᠤᠨ ᠶᠡᠬᠡ ᠭᠦᠷᠦᠨ ᠦ ᠳᠡᠭᠡᠷᠡᠩᠭᠦᠢ ᠦᠵᠡᠯ ᠲᠡᠢ ᠬᠣᠯᠪᠣᠭᠠᠲᠠᠢ᠃ ᠪᠣᠳᠠᠲᠤ ᠪᠠᠶᠢᠳᠠᠯ ᠳᠡᠭᠡᠷ᠎ᠡ ᠮᠣᠩᠭᠣᠯ ᠨᠢ ᠪᠡᠶ᠎ᠡ ᠪᠡᠨ ᠳᠠᠭᠠᠭᠰᠠᠨ᠂ ᠪᠦᠷᠢᠨ ᠡᠷᠬᠡᠲᠦ ᠤᠯᠤᠰ ᠪᠠᠶᠢᠪᠠ᠃《ᠤᠯᠤᠰ ᠲᠥᠷᠥ ᠶᠢᠨ ᠪᠤᠲᠠᠷᠠᠯ ᠤᠨ ᠦᠶ᠎ᠡ ᠶᠢᠨ ᠮᠣᠩᠭᠣᠯ》 ᠭᠡᠳᠡᠭ ᠨᠢ ᠠᠩᠬ᠎ᠠ ᠮᠣᠩᠭᠣᠯ–ᠣᠷᠣᠰ ᠤᠨ ᠲᠡᠦᠬᠡᠴᠢᠳ ᠦᠨ ᠭᠠᠷᠭᠠᠵᠤ ᠢᠷᠡᠭᠰᠡᠨ ᠨᠡᠷ᠎ᠡ ᠲᠣᠮᠢᠶ᠎ᠠ ᠪᠥᠭᠡᠳ ᠰᠤᠳᠤᠯᠭᠠᠨ ᠤ ᠨᠣᠮ ᠵᠣᠬᠢᠶᠠᠯ ᠳᠤ ᠮᠠᠰᠢᠳᠠ ᠲᠠᠷᠬᠠᠵᠤ᠂ ᠪᠠᠷᠤᠭ ᠲᠣᠭᠲᠠᠭᠰᠠᠨ ᠵᠦᠢᠯ ᠪᠢᠯᠡ᠃ ᠥᠭᠥᠯᠡᠨ ᠪᠤᠢ ᠦᠶ᠎ᠡ ᠶᠢᠨ ᠮᠣᠩᠭᠣᠯ ᠤᠨ ᠨᠡᠶᠢᠭᠡᠮ ᠤᠨ ᠲᠡᠦᠬᠡ ᠶᠢ ᠵᠥᠪᠬᠡᠨ ᠤᠯᠤᠰ ᠲᠥᠷᠥ ᠶᠢᠨ ᠦᠢᠯᠡ ᠶᠠᠪᠤᠴᠠ᠂ ᠬᠠᠨᠳᠤᠯᠭ᠎ᠠ ᠪᠠᠷ ᠨᠡᠷᠡᠶᠢᠳᠬᠦ ᠨᠢ ᠶᠡᠬᠡᠳᠡ ᠥᠷᠥᠭᠡᠰᠦᠭᠡᠯ ᠶᠤᠮ᠃ ᠠᠯᠢᠪᠠ ᠨᠡᠶᠢᠭᠡᠮ ᠤᠨ ᠠᠮᠢᠳᠤᠷᠠᠯ ᠣᠯᠠᠨ ᠲᠠᠯ᠎ᠠ ᠲᠠᠢ ᠪᠥᠭᠡᠳ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠪᠣᠯᠪᠠᠰᠤᠷᠠᠯ᠂ ᠬᠠᠤᠯᠢ ᠵᠦᠢ᠂ ᠱᠠᠰᠢᠨ ᠰᠢᠲᠦᠯᠭᠡ᠂ ᠣᠶᠤᠨ ᠰᠠᠨᠠᠭ᠎ᠠ᠂ ᠨᠡᠶᠢᠭᠡᠮ ᠤᠨ ᠳᠠᠪᠬᠤᠷᠠᠭᠠᠵᠢᠯᠲᠠ ᠶᠢᠨ ᠪᠠᠶᠢᠳᠠᠯ ᠵᠡᠷᠭᠡ ᠢᠯᠡᠷᠡᠯ᠂ ᠦᠢᠯᠡ ᠶᠠᠪᠤᠴᠠ ᠨᠤᠭᠤᠳ ᠠᠴᠠ ᠪᠥᠷᠢᠳᠴᠦ ᠪᠠᠶᠢᠳᠠᠭ᠃ ᠡᠶᠢᠮᠦ ᠳᠦ ᠨᠡᠶᠢᠭᠡᠮ ᠤᠨ ᠠᠮᠢᠳᠤᠷᠠᠯ ᠤᠨ ᠵᠥᠪᠬᠡᠨ ᠨᠢᠭᠡ ᠦᠵᠡᠭᠳᠡᠯ ᠂ ᠢᠯᠡᠷᠡᠯ ᠢ ᠳᠥᠪᠦᠶᠢᠯᠭᠡᠨ ᠬᠡᠲᠦᠷᠡᠭᠦᠯᠵᠦ᠂ ᠲᠡᠭᠦᠪᠡᠷ ᠪᠦᠬᠦᠯᠢ ᠪᠦᠲᠦᠨ ᠲᠡᠦᠬᠡᠨ ᠦᠶ᠎ᠡ ᠶᠢ ᠲᠥᠯᠦᠭᠡᠯᠡᠭᠦᠯᠦᠨ ᠲᠣᠮᠢᠶᠠᠯᠠᠵᠤ ᠲᠣᠳᠣᠷᠬᠠᠶᠢᠯᠠᠬᠤ ᠨᠢ ᠠᠭᠤᠯᠭ᠎ᠠ ᠪᠠ ᠬᠡᠯᠪᠡᠷᠢ ᠶᠢ ᠵᠥᠷᠢᠴᠡᠯᠳᠦᠬᠦ ᠳᠤ ᠬᠦᠷᠭᠡᠳᠡᠭ᠃ᠮᠣᠩᠭᠣᠯᠴᠤᠳ ᠤᠯᠤᠰ ᠲᠥᠷᠥ ᠶᠢᠨ ᠲᠠᠯ᠎ᠠ ᠪᠠᠷ ᠲᠠᠷᠬᠠᠢ ᠪᠤᠲᠠᠷᠬᠠᠢ ᠪᠠᠶᠢᠭᠰᠠᠨ ᠲᠡᠷᠡ ᠦᠶ᠎ᠡ ᠳᠦ ᠬᠤᠪᠢ ᠨᠣᠶᠠᠳ ᠢᠵᠠᠭᠤᠷᠲᠠᠨ ᠨᠤᠭᠤᠳ ᠤᠨ ᠡᠵᠡᠮᠰᠢᠯ ᠳ᠋ᠡᠬᠢ ᠡᠳ᠋ ᠍ ᠦᠨ ᠵᠠᠰᠠᠭ ᠤᠨ ᠪᠠᠶᠢᠳᠠᠯ ᠰᠠᠶᠢᠵᠢᠷᠠᠵᠤ᠂ ᠰᠤᠶᠤᠯ ᠤᠷᠠᠯᠢᠭ ᠪᠣᠯᠪᠠᠰᠤᠷᠠᠯ ᠬᠥᠭᠵᠢᠵᠦ᠂ ᠨᠡᠶᠢᠭᠡᠮ ᠤᠨ ᠣᠶᠤᠨ ᠰᠠᠨᠠᠭᠠᠨ ᠳᠤ ᠱᠠᠰᠢᠨ ᠰᠢᠲᠦᠯᠭᠡ ᠪᠡᠨ ᠳᠠᠭᠠᠭᠰᠠᠨ ᠡᠶᠡᠷᠡᠭ ᠥᠭᠡᠷᠡᠴᠢᠯᠡᠯᠲᠡ ᠪᠤᠢ ᠪᠣᠯᠵᠤ ᠪᠠᠶᠢᠪᠠ᠃ ᠪᠢᠳᠡ Xᠵᠢᠷᠭᠤᠳᠤᠭᠠᠷ ᠵᠠᠭᠤᠨ ᠤ ᠮᠣᠩᠭᠣᠯ ᠤᠯᠤᠰ ᠢ ᠰᠤᠶᠤᠯ ᠪᠣᠯᠪᠠᠰᠤᠷᠠᠯ ᠤᠨ ᠬᠥᠭᠵᠢᠯ ᠦᠨ ᠪᠠᠶᠢᠳᠠᠯ ᠢᠶᠠᠷ ᠨᠢ 《ᠰᠡᠷᠭᠦᠨ ᠮᠠᠨᠳᠤᠯᠲᠠ ᠶᠢᠨ ᠦᠶ᠎ᠡ ᠶᠢᠨ ᠮᠣᠩᠭᠣᠯ》 ᠭᠡᠵᠦ ᠨᠡᠷᠡᠯᠡᠵᠦ ᠪᠣᠯᠬᠤ ᠲᠠᠯ᠎ᠠ ᠲᠠᠢ ᠴᠤ ᠡᠨᠡ ᠨᠢ ᠨᠡᠶᠢᠭᠡᠮ ᠤᠨ ᠠᠮᠢᠳᠤᠷᠠᠯ ᠤᠨ ᠪᠤᠰᠤᠳ ᠲᠠᠯ ᠤᠳ ᠢ ᠪᠦᠷᠢᠨ ᠬᠠᠷᠠᠭᠤᠯᠵᠤ ᠲᠥᠯᠦᠭᠡᠯᠡᠵᠦ ᠴᠢᠳᠠᠬᠤ ᠦᠭᠡᠢ ᠲᠤᠯᠠ ᠢᠩᠭᠢᠵᠦ ᠨᠡᠷᠡᠯᠡᠬᠦ ᠦᠭᠡᠢ ᠨᠢ ᠮᠡᠳᠡᠭᠡᠵᠢ ᠬᠡᠷᠡᠭ ᠶᠤᠮ᠃ᠡᠳᠡᠭᠡᠷ ᠠᠯᠳᠠᠭ᠎ᠠ ᠲᠠᠢ ᠪᠠᠶᠢᠳᠠᠯ ᠠᠴᠠ ᠵᠠᠶᠢᠯᠠᠰᠬᠢᠬᠤ ᠭᠣᠣᠯ ᠠᠷᠭ᠎ᠠ ᠪᠣᠯ ᠲᠡᠦᠬᠡᠨ ᠣᠨ ᠴᠠᠭ ᠤᠨ ᠬᠢᠵᠠᠭᠠᠷ ᠢᠶᠠᠷ ᠨᠡᠷᠡᠶᠢᠳᠬᠦ ᠶᠠᠪᠤᠳᠠᠯ ᠶᠤᠮ᠃ ᠢᠩᠭᠦᠨ᠎ᠡ ᠭᠡᠪᠡᠯ ᠤᠭ ᠲᠡᠦᠬᠡᠨ ᠦᠶ᠎ᠡ ᠶᠢ 《XIV-ᠠᠷᠪᠠᠨ ᠳᠣᠯᠤᠳᠤᠭᠠᠷ ᠵᠠᠭᠤᠨ ᠤ ᠮᠣᠩᠭᠣᠯ ᠤᠯᠤᠰ ᠤᠨ ᠦᠶ᠎ᠡ》 ᠬᠡᠮᠡᠨ ᠨᠡᠷᠡᠯᠡᠨ᠎ᠡ᠃ ᠨᠥᠭᠥᠭᠡ ᠨᠢᠭᠡ ᠠᠷᠭ᠎ᠠ ᠨᠢ ᠲᠤᠬᠠᠢ ᠶᠢᠨ ᠦᠶ᠎ᠡ ᠶᠢᠨ ᠬᠠᠤᠯᠢ ᠡᠷᠬᠡ ᠵᠦᠢ ᠶᠢᠨ ᠪᠠᠷᠢᠮᠲᠠ ᠪᠢᠴᠢᠭ ᠲᠦ ᠲᠡᠮᠳᠡᠭᠯᠡᠭᠳᠡᠭᠰᠡᠨ ᠤᠯᠤᠰ ᠤᠨ ᠨᠡᠷ᠎ᠡ ᠪᠡᠷ ᠨᠡᠷᠡᠶᠢᠳᠬᠦ ᠶᠠᠪᠤᠳᠠᠯ ᠶᠤᠮ᠃ 1640 ᠣᠨ ᠳᠤ ᠪᠠᠲᠤᠯᠠᠭᠰᠠᠨ 《ᠶᠡᠬᠡ ᠴᠠᠭᠠᠵᠠ》 ᠬᠠᠤᠯᠢ ᠶᠢᠨ ᠡᠬᠢᠨ ᠬᠡᠰᠡᠭ ᠲᠦ 《dᠴčin dᠴrben qoyar-un noyad ekilen jokiyaba》 (ᠳᠥᠴᠢᠨ ᠳᠥᠷᠪᠡᠨ ᠬᠣᠶᠠᠷ ᠤᠨ ᠨᠣᠶᠠᠳ ᠡᠬᠢᠯᠡᠨ ᠵᠣᠬᠢᠶᠠᠪᠠ) ᠬᠡᠮᠡᠨ ᠦᠭᠦᠯᠡᠳᠡᠭ ᠨᠢ ᠲᠤᠬᠠᠢ ᠶᠢᠨ ᠦᠶ᠎ᠡ ᠶᠢᠨ ᠮᠣᠩᠭᠣᠯ ᠤᠯᠤᠰ ᠤᠨ ᠠᠯᠪᠠᠨ ᠶᠣᠰᠣᠨ ᠤ ᠨᠡᠷ᠎ᠡ ᠶᠢ ᠳᠤᠷᠠᠳᠤᠭᠰᠠᠨ ᠬᠡᠷᠡᠭ ᠪᠦᠯᠦᠭᠡ᠃ 《ᠳᠥᠴᠢᠨ᠂ ᠳᠥᠷᠪᠡᠨ ᠬᠣᠶᠠᠷ–dᠴčin dᠴrben qoyar》 ᠭᠡᠳᠡᠭ ᠤᠯᠤᠰ ᠤᠨ ᠨᠡᠷ᠎ᠡ ᠶᠢ ᠠᠩᠬ᠎ᠠ ᠮᠣᠩᠭᠣᠯ ᠤᠨ ᠠᠯᠳᠠᠷᠲᠤ ᠲᠡᠦᠬᠡᠴᠢ ᠰᠠᠭᠭᠠᠨ ᠰᠡᠴᠡᠨ ᠥᠪᠡᠷ ᠦᠨ ᠵᠣᠬᠢᠶᠠᠯ ᠳᠤ ᠪᠠᠨ ᠪᠠᠷᠢᠮᠲᠠᠯᠠᠭᠰᠠᠨ ᠪᠢᠯᠡ᠃《ᠠᠷᠤ ᠶᠤᠸᠠᠨ ᠤᠯᠤᠰ》 ᠪᠤᠶᠤ 《ᠤᠮᠠᠷᠠᠳᠤ ᠥᠩ ᠤᠯᠤᠰ》 ᠭᠡᠳᠡᠭ ᠨᠡᠷ᠎ᠡ ᠨᠢ ᠮᠥᠨ ᠯᠠ ᠬᠢᠲᠠᠳ ᠤᠨ ᠲᠡᠦᠬᠡᠴᠢᠳ ᠦᠨ ᠪᠠᠷᠢᠮᠲᠠᠯᠠᠳᠠᠭ ᠦᠵᠡᠯ ᠪᠠᠷᠢᠮᠲᠠᠯᠠᠯ ᠤᠨ ᠨᠢᠭᠡ ᠶᠠᠭᠤᠮ᠎ᠠ᠃ ᠬᠢᠲᠠᠳ ᠳᠠᠬᠢ ᠮᠣᠩᠭᠣᠯᠴᠤᠳ ᠤᠨ ᠵᠠᠰᠠᠭᠯᠠᠯ ᠤᠨᠠᠵᠤ᠂ ᠡᠬᠡ ᠨᠤᠲᠤᠭ ᠲᠤ ᠪᠠᠨ ᠢᠷᠡᠭᠰᠡᠨ ᠡᠴᠡ ᠬᠣᠶᠢᠰᠢ 20 ᠬᠦᠷᠬᠦ ᠦᠭᠡᠢ ᠵᠢᠯ ᠦᠨ ᠵᠤᠷᠪᠤᠰ ᠦᠶ᠎ᠡ ᠳᠦ ᠬᠡᠷᠡᠭᠯᠡᠵᠦ ᠪᠠᠶᠢᠭᠰᠠᠨ 《ᠬᠣᠶᠢᠳᠤ ᠶᠤᠸᠠᠨ ᠤᠯᠤᠰ》 ᠭᠡᠳᠡᠭ ᠨᠡᠷ᠎ᠡ ᠪᠡᠷ ᠪᠦᠬᠦᠯᠢ ᠪᠦᠲᠦᠨ 200 ᠭᠠᠷᠤᠢ ᠵᠢᠯ ᠦᠨ ᠲᠡᠦᠬᠡᠨ ᠦᠶ᠎ᠡ ᠶᠢ ᠨᠡᠷᠡᠶᠢᠳᠦᠭᠰᠡᠨ ᠠᠯᠳᠠᠭ᠎ᠠ ᠲᠠᠢ ᠶᠤᠮ᠃ ᠮᠣᠩᠭᠣᠯᠴᠤᠳ ᠢᠯᠠᠭᠳᠠᠯ ᠢᠶᠠᠨ ᠬᠦᠯᠢᠶᠡᠨ ᠵᠥᠪᠰᠢᠶᠡᠷᠡᠬᠦ ᠦᠭᠡᠢ᠂ ᠡᠷᠭᠢᠵᠦ ᠳᠣᠪᠲᠣᠯᠤᠨ ᠶᠡᠬᠡ ᠶᠤᠸᠠᠨ ᠤᠯᠤᠰ ᠢ ᠰᠡᠷᠭᠦᠭᠡᠨ ᠲᠣᠭᠲᠠᠭᠠᠬᠤ ᠶᠢ ᠵᠣᠷᠢᠵᠤ ᠪᠠᠶᠢᠭᠰᠠᠨ ᠲᠤᠯᠠ ᠤᠯᠤᠰ ᠲᠤ ᠪᠠᠨ ᠲᠦᠷ ᠵᠠᠭᠤᠷ᠎ᠠ 《ᠬᠣᠶᠢᠳᠤ ᠶᠤᠸᠠᠨ》 ᠭᠡᠳᠡᠭ ᠨᠡᠷ᠎ᠡ ᠥᠭᠭᠦᠭᠰᠡᠨ ᠪᠠᠶᠢᠪᠠ᠃ ᠬᠡᠷᠡᠭ ᠦᠨ ᠶᠠᠪᠤᠴᠠ ᠪᠠᠷ ᠲᠠᠯᠪᠢᠭᠰᠠᠨ ᠵᠣᠷᠢᠯᠭ᠎ᠠ ᠳᠤ ᠪᠠᠨ ᠬᠦᠷᠬᠦ ᠴᠡᠷᠢᠭ ᠪᠠ ᠡᠳ᠋ ᠍ ᠦᠨ ᠵᠠᠰᠠᠭ ᠤᠨ ᠪᠣᠯᠤᠮᠵᠢ ᠦᠭᠡᠢ ᠪᠣᠯᠤᠭᠰᠠᠨ ᠢᠶᠠᠷ ᠡᠨᠡ ᠰᠠᠨᠠᠭᠠᠷᠬᠠᠯ ᠢᠶᠠᠨ ᠣᠷᠬᠢᠭᠰᠠᠨ ᠶᠤᠮ᠃ ᠭᠦᠢᠯᠡᠴᠢ ᠬᠠᠭᠠᠨ (1402-1408) ᠍ ᠤ ᠦᠶᠡᠰ 《ᠬᠣᠶᠢᠳᠤ ᠶᠤᠸᠠᠨ》 ᠨᠡᠷ᠎ᠡ ᠶᠢ ᠬᠠᠯᠠᠵᠤ ᠲᠠᠲ᠋ᠠᠷ ᠪᠤᠶᠤ ᠮᠣᠩᠭᠣᠯ ᠬᠡᠮᠡᠨ ᠨᠡᠷᠡᠯᠡᠬᠦ ᠪᠣᠯᠤᠭᠰᠠᠨ ᠪᠠᠶᠢᠳᠠᠭ᠃ᠡᠨᠡ ᠦᠶ᠎ᠡ ᠶᠢᠨ ᠮᠣᠩᠭᠣᠯ ᠢ ᠡᠳᠡᠭᠡᠷ ᠡᠯᠳᠡᠪ ᠵᠣᠬᠢᠶᠠᠮᠠᠯ᠂ ᠭᠤᠪᠢᠭᠤᠯᠤᠭᠰᠠᠨ᠂ ᠳᠣᠷᠣᠮᠵᠢ ᠨᠡᠷ᠎ᠡ ᠪᠡᠷ ᠪᠤᠰᠤ᠂ 《XIV-ᠠᠷᠪᠠᠨ ᠳᠣᠯᠤᠳᠤᠭᠠᠷ ᠵᠠᠭᠤᠨ ᠤ ᠮᠣᠩᠭᠣᠯ ᠤᠯᠤᠰ ᠤᠨ ᠦᠶ᠎ᠡ》 ᠡᠰᠡᠬᠦᠯ᠎ᠡ 《ᠳᠥᠴᠢᠨ᠂ ᠳᠥᠷᠪᠡᠨ ᠬᠣᠶᠠᠷ ᠤᠨ ᠮᠣᠩᠭᠣᠯ ᠤᠯᠤᠰ》 ᠭᠡᠰᠡᠨ ᠨᠡᠷ᠎ᠡ ᠪᠡᠷ ᠨᠡᠷᠡᠶᠢᠳᠬᠦ ᠨᠢ ᠵᠦᠢ ᠲᠡᠢ ᠪᠣᠯᠪᠠ ᠤᠤ᠃《ᠳᠥᠴᠢᠨ ᠳᠥᠷᠪᠡᠨ ᠬᠣᠶᠠᠷ ᠤᠨ》 ᠮᠣᠩᠭᠣᠯ ᠤᠯᠤᠰ ᠤᠨ ᠦᠶ᠎ᠡ ᠶᠢ ᠤᠷᠢᠳᠤ ᠡᠮᠦᠨ᠎ᠡ ᠨᠢ 2 ᠦᠶ᠎ᠡ ᠪᠣᠯᠭᠠᠵᠤ ᠢᠷᠡᠭᠰᠡᠨ ᠪᠢᠯᠡ᠃ ᠲᠡᠷᠡ ᠨᠢ 1. ᠪᠢᠯᠢᠭᠲᠦ ᠬᠠᠭᠠᠨ ᠠᠴᠠ ᠮᠡᠷᠭᠦᠷᠢᠰ ᠦᠬᠡᠭ ᠲᠦ ᠬᠠᠭᠠᠨ ᠬᠦᠷᠲᠡᠯᠡᠬᠢ ᠦᠶ᠎ᠡ 2. ᠮᠡᠷᠭᠦᠷᠢᠰ ᠦᠬᠡᠭ ᠲᠦ ᠬᠠᠮᠢᠭ᠎ᠠ ᠠᠴᠠ ᠡᠬᠢᠯᠡᠭᠰᠡᠨ 《ᠪᠠᠭ᠎ᠠ ᠬᠠᠭᠠᠳ ᠤᠨ ᠦᠶ᠎ᠡ》 ᠶᠤᠮ᠃ᠮᠡᠷᠭᠦᠷᠢᠰ ᠦᠬᠡᠭ ᠲᠦ ᠬᠠᠭᠠᠨ (1455-1456) ᠍ ᠢ ᠮᠢᠩ ᠤᠯᠤᠰ ᠤᠨ ᠠᠯᠪᠠᠨ ᠲᠡᠦᠬᠡ 《ᠮᠢᠩ ᠱᠢ》 (明史) ᠍ ᠳᠦ 《ᠪᠠᠭ᠎ᠠ ᠬᠠᠭᠠᠨ》 – xiao wang zi – ᠱᠢᠶᠣ ᠸᠠᠩ ᠽ ᠤ – 小王子 ᠬᠡᠮᠡᠨ ᠲᠡᠮᠳᠡᠭᠯᠡᠭᠰᠡᠨ ᠢᠶᠡᠷ 《ᠪᠠᠭ᠎ᠠ ᠬᠠᠭᠠᠳ ᠤᠨ ᠦᠶ᠎ᠡ》 ᠭᠡᠰᠡᠨ ᠨᠡᠷ᠎ᠡ ᠶᠢᠨ ᠡᠭᠦᠰᠦᠯ ᠲᠠᠯᠪᠢᠭᠳᠠᠭᠰᠠᠨ ᠶᠤᠮ᠃ ᠭᠡᠬᠦ ᠳᠦ ᠪᠡᠨ ᠡᠨᠡ ᠨᠢ ᠬᠢᠲᠠᠳ ᠤᠨ ᠮᠢᠩ ᠤᠯᠤᠰ ᠤᠨ ᠲᠡᠦᠬᠡ ᠰᠤᠳᠤᠷ ᠤᠨ ᠮᠡᠳᠡᠭᠡᠨ ᠳᠦ ᠲᠤᠯᠭᠠᠭᠤᠷᠢᠯᠠᠭᠰᠠᠨ ᠦᠶᠡᠴᠢᠯᠡᠯ ᠲᠤᠯᠠ ᠰᠢᠭᠦᠮᠵᠢᠯᠡᠯ ᠲᠡᠢ ᠬᠠᠨᠳᠤᠵᠤ ᠡᠷᠭᠢᠵᠦ ᠨᠢᠭᠲᠠᠯᠠᠬᠤ ᠬᠡᠷᠡᠭᠲᠡᠢ ᠪᠣᠯᠳᠠᠭ᠃ ᠡᠭᠦᠨ ᠦ ᠡᠩ ᠦᠨ ᠨᠢᠭᠡ ᠵᠢᠱᠢᠶ᠎ᠡ ᠭᠡᠪᠡᠯ᠂ ᠪᠦᠬᠦ ᠮᠣᠩᠭᠣᠯ ᠢ ᠨᠢᠭᠡᠳᠬᠡᠨ ᠵᠠᠬᠢᠷᠴᠢ ᠪᠠᠶᠢᠭᠰᠠᠨ ᠳᠠᠶᠢᠨ ᠬᠠᠭᠠᠨ ᠢ ᠪᠠᠭ᠎ᠠ ᠬᠠᠭᠠᠨ ᠬᠡᠮᠡᠨ ᠦᠵᠡᠬᠦ ᠨᠢ ᠲᠡᠦᠬᠡ ᠶᠢᠨ ᠦᠨᠡᠨ ᠳᠦ ᠨᠡᠶᠢᠴᠡᠬᠦ ᠦᠭᠡᠢ ᠶᠤᠮ᠃ ᠲᠤᠰ ᠦᠶ᠎ᠡ ᠶᠢ ᠲᠥᠷᠥ ᠪᠠᠷᠢᠭᠰᠠᠨ ᠬᠠᠭᠠᠨ ᠲᠤᠰ ᠪᠦᠷᠢ ᠪᠡᠷ ᠨᠢ ᠳᠡᠯᠭᠡᠷᠡᠭᠦᠯᠦᠨ ᠦᠵᠡᠪᠡᠯ ᠰᠣᠨᠢᠷᠬᠠᠯᠲᠠᠢ ᠳᠦᠷᠢ ᠵᠢᠷᠤᠭ ᠭᠠᠷᠬᠤ ᠨᠢ ᠭᠠᠷᠴᠠᠭ᠎ᠠ ᠦᠭᠡᠢ᠃ ᠬᠠᠷᠢᠨ ᠣᠯᠠᠨ ᠬᠠᠭᠠᠳ ᠪᠣᠭᠣᠨᠢᠬᠠᠨ ᠬᠤᠭᠤᠴᠠᠭᠠᠨ ᠳᠤ ᠲᠥᠷᠥ ᠪᠠᠷᠢᠭᠰᠠᠨ ᠬᠢᠭᠡᠳ ᠲᠡᠳᠡᠨ ᠳᠦ ᠬᠣᠯᠪᠣᠭᠳᠠᠬᠤ ᠮᠡᠳᠡᠭᠡ ᠰᠡᠯᠲᠡ ᠬᠠᠷᠢᠴᠠᠩᠭᠤᠢ ᠪᠠᠭ᠎ᠠ ᠲᠤᠯᠠ ᠴᠢᠩᠭᠢᠬᠦ ᠨᠢ ᠶᠡᠬᠡᠳᠡ ᠬᠦᠨᠳᠦᠷᠡᠯᠲᠡᠢ ᠠᠵᠡᠢ᠃ᠳᠡᠭᠡᠷᠡᠬᠢ ᠡᠴᠡ ᠠᠷᠠᠢ ᠥᠭᠡᠷ᠎ᠡ ᠪᠡᠷ᠂ ᠬᠣᠶᠠᠷ ᠶᠠᠩᠵᠤ ᠪᠠᠷ ᠪᠠᠰᠠ ᠦᠶᠡᠴᠢᠯᠡᠵᠦ ᠪᠣᠯᠬᠤ ᠶᠤᠮ᠃ ᠶᠠᠭᠤᠨ ᠤ ᠡᠮᠦᠨ᠎ᠡ ᠲᠤᠬᠠᠢ ᠶᠢᠨ ᠦᠶ᠎ᠡ ᠶᠢᠨ ᠮᠣᠩᠭᠣᠯ ᠤᠯᠤᠰ ᠢ 1. 《ᠬᠣᠶᠢᠳᠤ ᠶᠤᠸᠠᠨ ᠤᠯᠤᠰ》 ᠍ ᠤᠨ ᠦᠶ᠎ᠡ (1370–1388) 2. 《ᠳᠥᠴᠢᠨ᠂ ᠳᠥᠷᠪᠡᠨ ᠬᠣᠶᠠᠷ ᠤᠨ》 ᠮᠣᠩᠭᠣᠯ ᠤᠯᠤᠰ ᠤᠨ ᠦᠶ᠎ᠡ (1388 ᠣᠨ ᠠᠴᠠ 1520 ᠍ ᠢᠤᠳ᠋ ᠣᠨ) 3. ᠪᠡᠶ᠎ᠡ ᠪᠡᠨ ᠳᠠᠭᠠᠭᠰᠠᠨ ᠪᠠᠭ᠎ᠠ ᠤᠯᠤᠰ ᠤᠳ ᠤᠨ ᠦᠶ᠎ᠡ (1520 ᠍ ᠢᠤᠳ᠋ ᠣᠨ ᠠᠴᠠ ᠬᠣᠶᠢᠰᠢ) ᠭᠡᠰᠡᠨ 3 ᠲᠣᠮᠣ ᠦᠶ᠎ᠡ ᠳᠦ ᠬᠤᠪᠢᠶᠠᠵᠤ ᠪᠣᠯᠬᠤ ᠲᠠᠯ᠎ᠠ ᠲᠠᠢ᠃ᠮᠣᠩᠭᠣᠯ ᠤᠨ ᠬᠠᠭᠠᠳ ᠡᠬᠢᠨ ᠦᠶᠡᠳᠡᠭᠡ ᠬᠢᠲᠠᠳ ᠳᠠᠬᠢ ᠢᠯᠠᠭᠳᠠᠯ ᠢᠶᠠᠨ ᠬᠦᠯᠢᠶᠡᠨ ᠵᠥᠪᠰᠢᠶᠡᠷᠡᠭᠡ ᠦᠭᠡᠢ ᠬᠢᠭᠡᠳ ᠡᠷᠭᠢᠵᠦ ᠶᠤᠸᠠᠨ ᠤᠯᠤᠰ ᠢ ᠰᠡᠷᠭᠦᠭᠡᠨ ᠲᠣᠭᠲᠠᠭᠠᠬᠤ ᠶᠢ ᠴᠢᠷᠮᠠᠶᠢᠵᠤ ᠪᠠᠶᠢᠭᠰᠠᠨ ᠲᠤᠯᠠ ᠲᠦᠷᠢ ᠬᠤᠭᠤᠴᠠᠭᠠᠨ ᠳᠤ ᠶᠤᠸᠠᠨ ᠤᠯᠤᠰ ᠤᠨ ᠲᠥᠷᠥ ᠠᠷᠤ ᠶᠢᠨ ᠨᠤᠲᠤᠭ ᠲᠤ ᠪᠠᠨ ᠢᠷᠡᠭᠰᠡᠨ ᠬᠡᠮᠡᠨ 《ᠬᠣᠶᠢᠳᠤ ᠶᠤᠸᠠᠨ ᠤᠯᠤᠰ》 ᠭᠡᠰᠡᠨ ᠨᠡᠷ᠎ᠡ ᠶᠢ ᠠᠩᠬ᠎ᠠ ᠪᠢᠯᠢᠭᠲᠦ ᠬᠠᠭᠠᠨ (1370-1378) ᠠᠪᠴᠤ ᠬᠡᠷᠡᠭᠯᠡᠵᠡᠢ᠃ ᠡᠨᠡ ᠲᠠᠯ᠎ᠠ ᠪᠠᠷ ᠮᠣᠩᠭᠣᠯ ᠤᠨ ᠲᠡᠦᠬᠡᠴᠢ ᠷᠠᠰᠫᠦᠨᠴᠠᠭ 《ᠲᠡᠨᠳᠡ ᠡᠴᠡ ᠱᠤᠨᠢᠳᠢ ᠬᠠᠭᠠᠨ ᠤ ᠬᠠᠯᠢᠭᠰᠠᠨ ᠤ ᠬᠣᠶᠢᠨ᠎ᠠ᠂ ᠬᠤᠩᠲᠠᠶᠢᠵᠢ ᠠᠶᠤᠱᠢᠷᠢᠳᠠᠷᠠ ᠭᠤᠴᠢᠨ ᠳᠥᠷᠪᠡᠨ ᠨᠠᠰᠤᠨ ᠳᠤ ᠪᠠᠨ᠂ ᠴᠠᠭᠠᠨ ᠨᠣᠬᠠᠢ ᠵᠢᠯ ᠢᠨᠴᠢᠨᠹᠦ᠋ ᠬᠣᠲᠣᠩ ᠢᠶᠠᠨ ᠬᠠᠭᠠᠨ ᠤ ᠶᠡᠬᠡ ᠲᠠᠪᠴᠠᠩ ᠳᠤ ᠵᠠᠯᠭᠠᠮᠵᠢᠯᠠᠨ ᠰᠠᠭᠤᠵᠤ᠂ ᠬᠣᠶᠢᠳᠤ ᠶᠤᠸᠠᠨ ᠤᠯᠤᠰ ᠬᠡᠮᠡᠨ ᠨᠡᠷᠡᠶᠢᠳᠦᠭᠡᠳ ᠬᠣᠲᠠᠯᠠ ᠮᠣᠩᠭᠣᠯ ᠤᠯᠤᠰ ᠢᠶᠠᠨ ᠡᠵᠡᠯᠡᠨ ᠰᠠᠭᠤᠪᠠ》 ᠬᠡᠮᠡᠨ ᠦᠭᠦᠯᠡᠭᠰᠡᠨ ᠪᠠᠶᠢᠳᠠᠭ᠃ᠬᠣᠵᠢᠮ ᠲᠡᠭᠦᠰᠲᠡᠮᠦᠷ ᠤᠰᠬᠠᠯ ᠬᠠᠭᠠᠨ (1378-1388) ᠠᠯᠠᠭᠳᠠᠭᠰᠠᠨ ᠠᠴᠠ ᠬᠣᠶᠢᠰᠢ ᠮᠣᠩᠭᠣᠯ ᠤᠨ ᠢᠵᠠᠭᠤᠷᠲᠠᠨ ᠨᠤᠭᠤᠳ ᠤᠨ ᠶᠤᠸᠠᠨ ᠤᠯᠤᠰ ᠢ ᠰᠡᠷᠭᠦᠭᠡᠬᠦ ᠲᠣᠭᠲᠠᠭᠠᠬᠤ ᠰᠠᠨᠠᠭᠠᠷᠬᠠᠯ ᠪᠥᠲᠥᠬᠦ ᠦᠭᠡᠢ ᠨᠢ ᠲᠣᠳᠣᠷᠬᠠᠢ ᠪᠣᠯᠤᠭᠰᠠᠨ ᠠᠭᠠᠳ ᠤᠭ ᠨᠡᠷ᠎ᠡ ᠶᠢ ᠬᠡᠷᠡᠭᠯᠡᠬᠦ ᠶᠢ ᠪᠣᠯᠢᠵᠤ᠂ ᠮᠣᠩᠭᠣᠯ ᠤᠨ ᠦᠨᠳᠦᠰᠦᠨ ᠬᠣᠶᠠᠷ ᠬᠡᠰᠡᠭ ᠪᠣᠯᠬᠤ ᠳᠥᠴᠢᠨ ᠲᠦᠮᠡᠨ ᠵᠡᠭᠦᠨ ᠮᠣᠩᠭᠣᠯ᠂ ᠳᠥᠷᠪᠡᠨ ᠲᠦᠮᠡᠨ ᠣᠶᠢᠷᠠᠳ ᠪᠤᠶᠤ ᠪᠠᠷᠠᠭᠤᠨ ᠮᠣᠩᠭᠣᠯ ᠤᠨ ᠨᠡᠷ᠎ᠡ ᠪᠡᠷ ᠨᠡᠷᠡᠯᠡᠭᠳᠡᠭᠰᠡᠨ 《ᠳᠥᠴᠢᠨ᠂ ᠳᠥᠷᠪᠡᠨ ᠬᠣᠶᠠᠷ ᠤᠨ》 ᠮᠣᠩᠭᠣᠯ ᠤᠯᠤᠰ ᠤᠨ ᠦᠶ᠎ᠡ ᠡᠬᠢᠯᠡᠳᠡᠭ᠃ᠤᠯᠠᠮ ᠢᠶᠠᠷ ᠮᠣᠩᠭᠣᠯ ᠳᠠᠬᠢ ᠤᠯᠤᠰ ᠲᠥᠷᠥ ᠶᠢᠨ ᠲᠣᠭᠲᠠᠪᠤᠷᠢ ᠦᠭᠡᠢ ᠪᠠᠶᠢᠳᠠᠯ᠂ ᠬᠠᠭᠠᠨᠲᠤ ᠲᠥᠷᠥ ᠶᠢᠨ ᠬᠦᠴᠦᠨ ᠴᠢᠳᠠᠯ ᠰᠤᠯᠠᠷᠠᠭᠰᠠᠨ᠂ ᠰᠠᠯᠠᠩ ᠲᠤᠰᠠᠭᠠᠷᠯᠠᠬᠤ ᠬᠦᠴᠦᠨ ᠦ ᠢᠳᠡᠪᠬᠢᠵᠢᠯ ᠵᠡᠷᠭᠡ ᠡᠴᠡ ᠰᠢᠯᠲᠠᠭᠠᠯᠠᠨ 《ᠳᠥᠴᠢᠨ᠂ ᠳᠥᠷᠪᠡᠨ ᠬᠣᠶᠠᠷ ᠤᠨ》 ᠮᠣᠩᠭᠣᠯ ᠤᠯᠤᠰ ᠬᠠᠷᠢᠴᠠᠩᠭᠤᠢ ᠪᠡᠶ᠎ᠡ ᠪᠡᠨ ᠳᠠᠭᠠᠭᠰᠠᠨ ᠬᠡᠳᠦ ᠬᠡᠳᠦᠨ ᠪᠠᠭ᠎ᠠ ᠤᠯᠤᠰ ᠤᠳ ᠲᠤ ᠬᠤᠪᠢᠶᠠᠭᠳᠠᠨ ᠵᠠᠳᠠᠷᠠᠬᠤ ᠦᠢᠯᠡ ᠶᠠᠪᠤᠴᠠ ᠡᠬᠢᠯᠡᠵᠡᠢ᠃ ᠪᠠᠲᠤᠮᠦ᠋ᠩᠬᠡ ᠳᠠᠶᠠᠩ ᠬᠠᠭᠠᠨ ᠨᠠᠰᠤ ᠪᠠᠷᠠᠭᠰᠠᠨ ᠤ ᠳᠠᠷᠠᠭᠠᠬᠠᠨ ᠠᠴᠠ ᠪᠡᠶ᠎ᠡ ᠪᠡᠨ ᠳᠠᠭᠠᠭᠰᠠᠨ ᠪᠠᠭ᠎ᠠ ᠤᠯᠤᠰ ᠤᠳ ᠤᠨ ᠦᠶ᠎ᠡ ᠡᠬᠢᠯᠡᠬᠦ ᠪᠥᠭᠡᠳ ᠲᠡᠳᠡᠭᠡᠷ ᠨᠢ ᠣᠶᠢᠷᠠᠳ ᠮᠣᠩᠭᠣᠯ᠂ ᠬᠠᠯᠬ᠎ᠠ ᠮᠣᠩᠭᠣᠯ᠂ ᠥᠪᠥᠷ ᠮᠣᠩᠭᠣᠯ᠂ ᠬᠥᠬᠡ ᠨᠠᠭᠤᠷ ᠤᠨ ᠮᠣᠩᠭᠣᠯ᠂ ᠬᠣᠲᠣᠭᠣᠶᠢᠳ ᠤᠨ ᠠᠯᠲᠠᠨ ᠬᠠᠨ ᠤ ᠤᠯᠤᠰ ᠵᠡᠷᠭᠡ ᠶᠤᠮ᠃ ᠬᠠᠷᠢᠨ ᠪᠤᠷᠢᠶᠠᠳ ᠮᠣᠩᠭᠣᠯᠴᠤᠳ ᠬᠠᠯᠬ᠎ᠠ ᠶᠢᠨ᠂ ᠢᠵᠢᠯ ᠮᠥᠷᠡᠨ ᠦ ᠮᠣᠩᠭᠣᠯᠴᠤᠳ ᠣᠶᠢᠷᠠᠳ ᠮᠣᠩᠭᠣᠯ ᠤᠨ ᠬᠠᠷᠠᠭᠠᠲᠤ ᠲᠦᠰᠢᠮᠡᠭ ᠪᠠᠶᠢᠳᠠᠯ ᠲᠠᠢ ᠣᠷᠣᠰᠢᠵᠤ ᠪᠠᠶᠢᠪᠠ᠃ ᠮᠥᠨ XIV-ᠠᠷᠪᠠᠨ ᠳᠣᠯᠤᠳᠤᠭᠠᠷ ᠵᠠᠭᠤᠨ ᠤ ᠮᠣᠩᠭᠣᠯ ᠤᠯᠤᠰ ᠢ ᠡᠭᠦᠨ ᠡᠴᠡ ᠠᠷᠠᠢ ᠥᠭᠡᠷ᠎ᠡ ᠪᠡᠷ᠂ ᠳᠣᠣᠷᠠᠬᠢ ᠪᠠᠶᠢᠳᠠᠯ ᠢᠶᠠᠷ 2 ᠦᠶ᠎ᠡ ᠪᠣᠯᠭᠠᠨ ᠠᠪᠴᠤ ᠦᠵᠡᠵᠦ ᠪᠣᠯᠬᠤ ᠶᠤᠮ᠃ 1.ᠪᠢᠯᠢᠭᠲᠦ ᠬᠠᠭᠠᠨ ᠠᠴᠠ ᠡᠯᠪᠡᠭ ᠬᠠᠭᠠᠨ ᠬᠦᠷᠲᠡᠯᠡᠬᠢ ᠨᠢᠭᠡᠳᠦᠭᠰᠡᠨ ᠤᠯᠤᠰ ᠤᠨ ᠦᠶ᠎ᠡ᠃ ᠡᠨᠡ ᠨᠢ 1370-1402 ᠣᠨ ᠪᠤᠶᠤ ᠪᠢᠯᠢᠭᠲᠦ ᠬᠠᠭᠠᠨ ᠠᠴᠠ ᠡᠯᠪᠡᠭ ᠨᠢᠭᠦᠯᠡᠰᠦᠭᠴᠢ ᠬᠠᠭᠠᠨ ᠬᠦᠷᠲᠡᠯᠡᠬᠢ ᠦᠶ᠎ᠡ ᠶᠢ ᠬᠠᠮᠤᠷᠤᠨ᠎ᠠ᠃ ᠮᠣᠩᠭᠣᠯ ᠤᠨ ᠶᠤᠸᠠᠨ ᠭᠦᠷᠦᠨ ᠦ ᠦᠶᠡᠰ ᠡᠬᠢᠯᠡᠭᠡᠳ ᠪᠡᠶ᠎ᠡ ᠪᠡᠨ ᠳᠠᠭᠠᠭᠠᠬᠤ ᠪᠠᠶᠢᠳᠠᠯ ᠲᠠᠢ ᠪᠣᠯᠵᠤ ᠢᠷᠡᠭᠰᠡᠨ ᠣᠶᠢᠷᠠᠳ ᠤᠳ ᠶᠡᠬᠡ ᠬᠠᠭᠠᠨ ᠳᠤ ᠵᠠᠬᠢᠷᠤᠭᠳᠠᠬᠤ ᠶᠢᠨ ᠡᠰᠡᠷᠬᠦ ᠪᠠᠶᠢᠭᠰᠠᠭᠠᠷ ᠢᠷᠡᠭᠰᠡᠨ ᠬᠢᠭᠡᠳ ᠲᠡᠳᠡ ᠡᠯᠪᠡᠭ ᠬᠠᠭᠠᠨ ᠤ ᠦᠢᠯᠡᠳᠦᠭᠰᠡᠨ ᠪᠤᠷᠠᠩᠭᠤᠢ ᠬᠡᠷᠡᠭ ᠢᠶᠡᠷ ᠰᠢᠯᠲᠠᠭᠯᠠᠨ ᠪᠦᠷᠢᠮᠦᠰᠦᠨ ᠲᠤᠰᠠᠭᠠᠷᠯᠠᠨ ᠰᠠᠯᠢᠰᠤᠨ ᠠᠵᠡᠢ᠃ ᠲᠥᠶᠢᠨᠬᠦᠦ ᠡᠨᠡ ᠦᠶ᠎ᠡ ᠶᠢᠨ ᠲᠡᠭᠦᠰᠬᠡᠯ ᠢᠶᠡᠷ ᠮᠣᠩᠭᠣᠯ ᠤᠯᠤᠰ ᠵᠡᠭᠦᠨ᠂ ᠪᠠᠷᠠᠭᠤᠨ ᠬᠡᠮᠡᠭᠰᠡᠨ ᠬᠣᠶᠠᠷ ᠬᠡᠰᠡᠭ ᠲᠦ ᠬᠤᠪᠢᠶᠠᠭᠳᠠᠭᠰᠠᠨ ᠶᠤᠮ᠃2.ᠲᠣᠭᠣᠭᠠᠨ ᠲᠠᠶᠢᠰᠢ ᠠᠴᠠ ᠲᠦᠮᠡᠨ ᠬᠠᠭᠠᠨ ᠬᠦᠷᠲᠡᠯᠡᠬᠢ ᠤᠯᠤᠰ ᠲᠥᠷᠥ ᠶᠢᠨ ᠨᠢᠭᠡᠳᠦᠯ ᠢ ᠰᠡᠷᠭᠦᠭᠡᠬᠦ ᠲᠡᠮᠡᠴᠡᠯ ᠦᠨ ᠦᠶ᠎ᠡ᠃ ᠣᠶᠢᠷᠠᠳ ᠤᠨ ᠲᠣᠭᠣᠭᠠᠨ ᠲᠠᠶᠢᠰᠢ᠂ ᠲᠡᠭᠦᠨ ᠦ ᠬᠥᠪᠡᠭᠦᠨ ᠡᠰᠡᠨ ᠲᠠᠶᠢᠰᠢ᠂ ᠮᠠᠨᠳᠤᠬᠠᠢ ᠰᠡᠴᠡᠨ᠂ ᠳᠠᠶᠠᠩ ᠬᠠᠭᠠᠨ᠂ ᠵᠢᠨᠦᠩ ᠠᠯᠲᠠᠨ ᠬᠠᠭᠠᠨ᠂ ᠲᠦᠮᠡᠨ ᠵᠠᠰᠠᠭᠲᠤ ᠬᠠᠭᠠᠨ ᠨᠠᠷ ᠤᠨ ᠮᠣᠩᠭᠣᠯ ᠢ ᠨᠢᠭᠡᠳᠬᠡᠨ ᠵᠠᠬᠢᠷᠬᠤ ᠲᠠᠯ᠎ᠠ ᠪᠠᠷ ᠶᠠᠪᠤᠭᠤᠯᠤᠭᠰᠠᠨ ᠪᠣᠳᠣᠯᠭ᠎ᠠ᠂ ᠦᠢᠯᠡ ᠠᠵᠢᠯᠯᠠᠭ᠎ᠠ ᠶᠢ ᠡᠭᠦᠨ ᠳᠦ ᠬᠠᠮᠢᠶᠠᠷᠤᠭᠤᠯᠤᠨ ᠦᠵᠡᠨ᠎ᠡ᠃ ᠲᠡᠳᠡᠭᠡᠷ ᠬᠦᠮᠦᠰ ᠦᠨ ᠪᠦᠬᠦ ᠮᠣᠩᠭᠣᠯ ᠢ ᠨᠢᠭᠡᠳᠬᠡᠨ ᠵᠠᠬᠢᠷᠬᠤ ᠬᠤᠪᠢ ᠤᠨ ᠬᠦᠰᠡᠯ ᠰᠠᠨᠠᠭᠠᠷᠬᠠᠯ ᠨᠢ ᠨᠡᠶᠢᠲᠡ ᠮᠣᠩᠭᠣᠯ ᠤᠨ ᠲᠡᠦᠬᠡ ᠶᠢᠨ ᠲᠠᠪᠴᠠᠩ ᠳᠡᠭᠡᠷ᠎ᠡ ᠳᠡᠪᠰᠢᠯᠲᠡᠲᠦ ᠦᠢᠯᠡ ᠠᠵᠢᠯᠯᠠᠭ᠎ᠠ ᠪᠣᠯᠵᠤ ᠬᠠᠷᠠᠭᠳᠠᠳᠠᠭ ᠵᠢᠮ᠎ᠠ ᠲᠠᠢ᠃ ᠲᠤᠰ ᠬᠤᠭᠤᠴᠠᠭᠠᠨ ᠳᠤ ᠨᠢᠭᠡ ᠲᠠᠯ᠎ᠠ ᠳᠤ᠂ ᠨᠢᠭᠡᠳᠦᠯ ᠦᠨ ᠲᠥᠯᠦᠭᠡᠬᠢ ᠦᠢᠯᠡ ᠶᠠᠪᠤᠴᠠ ᠶᠠᠪᠤᠭᠳᠠᠵᠤ ᠪᠠᠶᠢᠬᠤ ᠳᠤ ᠨᠥᠭᠥᠭᠡ ᠲᠠᠯ᠎ᠠ ᠳᠤ᠂ ᠵᠠᠳᠠᠷᠠᠯ ᠤᠨ ᠦᠷ᠎ᠡ ᠬᠥᠪᠦᠷᠡᠯ ᠲᠡᠭᠦᠨ ᠡᠴᠡ ᠴᠤ ᠳᠤᠲᠠᠭᠤ ᠦᠭᠡᠢ ᠡᠷᠴᠢ ᠲᠡᠢ ᠥᠷᠨᠢᠵᠦ ᠪᠠᠶᠢᠪᠠ᠃ ᠭᠡᠬᠦ ᠳᠦ ᠪᠡᠨ ᠳᠠᠶᠢᠨ ᠬᠠᠭᠠᠨ ᠠᠴᠠ ᠬᠣᠶᠢᠰᠢ ᠮᠣᠩᠭᠣᠯ ᠤᠯᠤᠰ ᠳᠠᠬᠢᠨ ᠨᠢᠭᠡᠳᠦᠮᠡᠯ ᠪᠠᠶᠢᠵᠤ ᠴᠢᠳᠠᠭ᠎ᠠ ᠦᠭᠡᠢ ᠶᠤᠮ᠃ᠲᠡᠷᠡ ᠦᠶ᠎ᠡ ᠳᠦ ᠮᠣᠩᠭᠣᠯ ᠢ ᠤᠯᠤᠰ ᠲᠥᠷᠥ ᠶᠢᠨ ᠪᠣᠯᠤᠨ ᠱᠠᠰᠢᠨ–ᠣᠶᠤᠨ ᠰᠠᠨᠠᠭᠠᠨ ᠤ ᠲᠠᠯ᠎ᠠ ᠪᠠᠷ ᠨᠢᠭᠡᠳᠬᠡᠨ ᠵᠠᠬᠢᠷᠬᠤ ᠬᠡᠮᠡᠭᠰᠡᠨ ᠬᠠᠭᠠᠳ ᠨᠣᠶᠠᠳ ᠤᠨ ᠪᠣᠳᠣᠯᠭ᠎ᠠ᠂ ᠦᠢᠯᠡ ᠠᠵᠢᠯᠯᠠᠭ᠎ᠠ ᠬᠡᠰᠡᠭ ᠦᠶ᠎ᠡ ᠠᠮᠵᠢᠯᠲᠠ ᠣᠯᠵᠤ ᠪᠠᠶᠢᠭᠰᠠᠨ ᠪᠣᠯᠪᠠᠴᠤ ᠪᠡᠶ᠎ᠡ ᠪᠡᠨ ᠳᠠᠩ ᠬᠦᠴᠦᠷᠬᠡᠭᠵᠢᠭᠰᠡᠨ ᠨᠣᠶᠠᠳ ᠢᠵᠠᠭᠤᠷᠲᠠᠨ ᠨᠤᠭᠤᠳ ᠨᠢᠭᠡᠳᠦᠭᠰᠡᠨ ᠲᠥᠷᠥ ᠳᠦ ᠵᠠᠬᠢᠷᠤᠭᠳᠠᠬᠤ ᠶᠢ ᠬᠦᠰᠡᠬᠦ ᠦᠭᠡᠢ᠂ ᠪᠠᠶᠢᠩᠭᠤ ᠰᠠᠯᠠᠩ ᠲᠤᠰᠠᠭᠠᠷᠯᠠᠬᠤ ᠶᠢᠨ ᠲᠥᠯᠥᠭᠡ ᠪᠠᠶᠢᠪᠠ᠃ ᠡᠨᠡ ᠪᠦᠬᠦᠨ ᠦ ᠡᠴᠦᠰ ᠲᠦ ᠮᠣᠩᠭᠣᠯ ᠬᠠᠷᠢᠴᠠᠩᠭᠤᠢ ᠪᠡᠶ᠎ᠡ ᠪᠡᠨ ᠳᠠᠭᠠᠭᠰᠠᠨ ᠥᠪᠥᠷ ᠮᠣᠩᠭᠣᠯ᠂ ᠬᠠᠯᠬ᠎ᠠ ᠮᠣᠩᠭᠣᠯ᠂ ᠪᠤᠷᠢᠶᠠᠳ ᠮᠣᠩᠭᠣᠯ᠂ ᠬᠥᠬᠡ ᠨᠠᠭᠤᠷ ᠤᠨ ᠮᠣᠩᠭᠣᠯ᠂ ᠣᠶᠢᠷᠠᠳ ᠮᠣᠩᠭᠣᠯ᠂ ᠬᠣᠲᠣᠭᠣᠶᠢᠳ ᠤᠨ ᠠᠯᠲᠠᠨ ᠬᠠᠨ ᠤ ᠤᠯᠤᠰ ᠭᠡᠰᠡᠨ ᠬᠡᠳᠦᠨ ᠲᠣᠮᠣ ᠡᠵᠡᠮᠰᠢᠯ–ᠤᠯᠤᠰ ᠤᠳ ᠲᠤ ᠬᠤᠪᠢᠶᠠᠭᠳᠠᠨ ᠵᠢᠵᠢᠭᠷᠡᠪᠡ᠃ ᠲᠡᠳᠡᠭᠡᠷ ᠡᠴᠡ ᠪᠤᠷᠢᠶᠠᠳ ᠠᠴᠠ ᠪᠤᠰᠤᠳ ᠨᠢ ᠨᠢᠭᠡᠨᠲᠡ ᠪᠡᠶ᠎ᠡ ᠪᠡᠨ ᠳᠠᠭᠠᠭᠰᠠᠨ ᠤᠯᠤᠰ ᠤᠨ ᠰᠢᠨᠵᠢ ᠲᠡᠢ ᠪᠣᠯᠤᠭᠰᠠᠨ ᠪᠠᠶᠢᠪᠠ᠃《ᠳᠥᠴᠢᠨ᠂ ᠳᠥᠷᠪᠡᠨ ᠬᠣᠶᠠᠷ》 ᠍ ᠤᠨ ᠮᠣᠩᠭᠣᠯ ᠤᠯᠤᠰ ᠤᠨ ᠦᠶ᠎ᠡ ᠶᠢ 1370 ᠣᠨ ᠳᠤ ᠶᠡᠬᠡ ᠣᠷᠣ ᠵᠠᠯᠭᠠᠭᠰᠠᠨ ᠪᠢᠯᠢᠭᠲᠦ ᠬᠠᠭᠠᠨ ᠠᠶᠤᠱᠢᠷᠲᠠᠷᠠ ᠠᠴᠠ ᠡᠬᠢᠯᠡᠭᠦᠯᠦᠨ ᠮᠣᠩᠭᠣᠯ ᠤᠨ ᠰᠡᠭᠦᠯ ᠦᠨ ᠬᠠᠭᠠᠨ ᠯᠢᠭᠳᠡᠨ ᠨᠠᠰᠤ ᠪᠠᠷᠵᠢ᠂ ᠥᠪᠥᠷ ᠮᠣᠩᠭᠣᠯ ᠮᠠᠨᠵᠤ ᠳᠤ ᠡᠵᠡᠯᠡᠭᠳᠡᠭᠰᠡᠨ 1636 ᠣᠨ᠂ 1689 ᠣᠨ ᠳᠤ ᠬᠠᠭᠠᠨᠲᠤ ᠣᠷᠣᠰᠣᠳ ᠡᠵᠡᠯᠡᠭᠳᠡᠭᠰᠡᠨ ᠪᠤᠷᠢᠶᠠᠳ ᠮᠣᠩᠭᠣᠯ᠂ 1691 ᠣᠨ ᠳᠤ ᠬᠠᠯᠬ᠎ᠠ ᠮᠣᠩᠭᠣᠯ ᠮᠠᠨᠵᠤ ᠳᠤ ᠳᠠᠭᠠᠷ᠎ᠠ ᠣᠷᠣᠭᠰᠠᠨ᠂ 1723 ᠣᠨ ᠳᠤ ᠬᠥᠬᠡ ᠨᠠᠭᠤᠷ ᠤᠨ ᠮᠣᠩᠭᠣᠯ᠂ 1755 ᠣᠨ ᠳᠤ ᠣᠶᠢᠷᠠᠳ ᠮᠣᠩᠭᠣᠯ ᠮᠠᠨᠵᠤ ᠳᠤ ᠡᠵᠡᠯᠡᠭᠳᠡᠭᠰᠡᠨ ᠢᠶᠡᠷ ᠳᠠᠭᠤᠰᠬᠠᠨ᠎ᠠ᠃ ᠮᠣᠩᠭᠣᠯ ᠤᠨ ᠲᠡᠦᠬᠡ ᠶᠢᠨ ᠳᠤᠮᠳᠠ ᠦᠶ᠎ᠡ ᠶᠢ ᠲᠥᠷᠥ ᠤᠯᠤᠰ ᠤᠨ ᠰᠢᠨᠵᠢ ᠴᠢᠨᠠᠷ ᠢᠶᠠᠷ ᠨᠢ –ᠮᠣᠩᠭᠣᠯ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠲᠥᠷᠥ ᠤᠯᠤᠰ ᠤᠨ ᠦᠶ᠎ᠡ᠂ –ᠮᠣᠩᠭᠣᠯ ᠤᠨ ᠲᠡᠭᠦᠯᠳᠡᠷᠵᠢᠭᠰᠡᠨ ᠲᠥᠷᠥ ᠤᠯᠤᠰ ᠤᠨ ᠦᠶ᠎ᠡ ᠭᠡᠰᠡᠨ ᠬᠣᠶᠠᠷ ᠲᠣᠮᠣ ᠦᠶ᠎ᠡ ᠪᠣᠯᠭᠠᠵᠤ ᠪᠣᠯᠤᠨ᠎ᠠ᠃ ᠮᠣᠩᠭᠣᠯ ᠤᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠲᠥᠷᠥ ᠤᠯᠤᠰ ᠤᠨ ᠦᠶ᠎ᠡ 1130 ᠍ ᠊ᠭᠠᠳ ᠣᠨ ᠤ ᠦᠶ᠎ᠡ ᠳᠦ ᠬᠠᠪᠤᠯ ᠬᠠᠭᠠᠨ ᠤ ᠪᠠᠶᠢᠭᠤᠯᠤᠭᠰᠠᠨ ᠮᠣᠩᠭᠣᠯ ᠤᠯᠤᠰ ᠠᠴᠠ 1206 ᠣᠨ ᠳᠤ ᠴᠢᠩᠭᠢᠰ ᠬᠠᠭᠠᠨ ᠤ ᠪᠠᠶᠢᠭᠤᠯᠤᠭᠰᠠᠨ ᠨᠢᠭᠡᠳᠦᠭᠰᠡᠨ ᠮᠣᠩᠭᠣᠯ ᠤᠯᠤᠰ ᠬᠦᠷᠲᠡᠯᠡᠬᠢ ᠦᠶ᠎ᠡ ᠶᠢ ᠬᠠᠮᠤᠷᠤᠨ᠎ᠠ᠃ ᠲᠡᠷᠡ ᠦᠶ᠎ᠡ ᠶᠢᠨ ᠮᠣᠩᠭᠣᠯ ᠤᠯᠤᠰ ᠬᠡᠮᠵᠢᠶ᠎ᠡ ᠪᠡᠷ ᠪᠠᠭ᠎ᠠ ᠬᠢᠭᠡᠳ ᠲᠥᠷᠥ ᠶᠢᠨ ᠦᠨᠳᠦᠰᠦᠨ ᠰᠢᠨᠵᠢ ᠨᠦᠭᠦᠳ ᠨᠢ ᠪᠦᠷᠢᠨ ᠭᠦᠢᠴᠡᠳ ᠲᠥᠯᠦᠪᠰᠢᠭᠡ ᠦᠭᠡᠢ ᠪᠠᠶᠢᠭᠰᠠᠨ ᠲᠤᠯᠠ ᠲᠥᠶᠢᠨᠬᠦᠦ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠲᠥᠷᠥ ᠤᠯᠤᠰ ᠬᠡᠮᠡᠨ ᠦᠵᠡᠨ᠎ᠡ᠃ᠮᠣᠩᠭᠣᠯ ᠤᠨ ᠲᠡᠭᠦᠯᠳᠡᠷᠵᠢᠭᠰᠡᠨ ᠲᠥᠷᠥ ᠤᠯᠤᠰ ᠨᠢ 1206 ᠣᠨ ᠠᠴᠠ ᠠᠷᠪᠠᠨ ᠳᠣᠯᠤᠳᠤᠭᠠᠷ ᠵᠠᠭᠤᠨ ᠬᠦᠷᠡᠨ᠎ᠡ᠃ ᠴᠢᠩᠭᠢᠰ ᠬᠠᠭᠠᠨ ᠲᠥᠷᠥ ᠶᠢᠨ ᠦᠨᠳᠦᠰᠦᠨ ᠪᠦᠲᠦᠴᠡ ᠨᠦᠭᠦᠳ ᠢ ᠵᠣᠬᠢᠶᠠᠨ ᠪᠠᠶᠢᠭᠤᠯᠤᠭᠰᠠᠨ ᠢᠶᠠᠷ ᠵᠢᠩᠬᠢᠨᠢ ᠶᠣᠰᠣᠭᠠᠷ ᠲᠥᠷᠥ ᠤᠯᠤᠰ ᠤᠨ ᠰᠢᠨᠵᠢ ᠪᠦᠷᠢᠳᠦᠨ ᠲᠣᠭᠲᠠᠭᠰᠠᠨ ᠶᠤᠮ᠃ ᠥᠭᠡᠲᠡᠢ ᠬᠠᠭᠠᠨ ᠤ ᠦᠶᠡᠰ ᠮᠣᠩᠭᠣᠯ ᠲᠥᠷᠥ ᠶᠢᠨ ᠪᠦᠲᠦᠴᠡ ᠤᠯᠠᠮ ᠪᠣᠯᠪᠠᠰᠤᠷᠠᠩᠭᠤᠢ ᠪᠣᠯᠵᠤ᠂ ᠡᠵᠡᠨᠲᠦ ᠭᠦᠷᠦᠨ ᠵᠢᠩᠬᠢᠨᠢ ᠶᠣᠰᠣᠭᠠᠷ ᠪᠠᠶᠢᠭᠤᠯᠤᠭᠳᠠᠭᠰᠠᠨ ᠪᠢᠯᠡ᠃ ᠮᠣᠩᠭᠣᠯ ᠤᠨ ᠡᠵᠡᠨᠲᠦ ᠤᠯᠤᠰ ᠤᠨᠠᠭᠰᠠᠨ ᠤ ᠳᠠᠷᠤᠭ᠎ᠠ ᠠᠴᠠ ᠮᠣᠩᠭᠣᠯ ᠤᠨ ᠨᠢᠭᠡᠳᠦᠮᠡᠯ ᠲᠥᠷᠥ ᠤᠳᠤᠭᠰᠠᠨ ᠦᠭᠡᠢ ᠵᠠᠳᠠᠷᠠᠵᠤ᠂ ᠪᠡᠶ᠎ᠡ ᠪᠡᠨ ᠳᠠᠭᠠᠭᠰᠠᠨ ᠪᠠᠭ᠎ᠠ ᠤᠯᠤᠰ ᠤᠳ ᠪᠤᠢ ᠪᠣᠯᠤᠭᠰᠠᠨ ᠪᠢᠯᠡ᠃ ᠮᠣᠩᠭᠣᠯ ᠤᠨ ᠤᠯᠠᠮᠵᠢᠯᠠᠯᠲᠤ ᠲᠡᠦᠬᠡ ᠪᠢᠴᠢᠯᠭᠡ ᠳᠦ XVII-ᠠᠷᠪᠠᠨ ᠲᠠᠪᠤᠳᠤᠭᠠᠷ ᠵᠠᠭᠤᠨ ᠤ ᠡᠬᠢᠨ ᠦᠶ᠎ᠡ ᠶᠢᠨ ᠮᠣᠩᠭᠣᠯ ᠣᠷᠣᠨ ᠪᠤᠶᠤ ᠮᠠᠨᠵᠤ ᠶᠢᠨ ᠡᠷᠬᠡᠰᠢᠶᠡᠯ ᠦᠨ ᠦᠶ᠎ᠡ ᠶᠢᠨ ᠮᠣᠩᠭᠣᠯ ᠣᠷᠣᠨ ᠢ ᠲᠡᠦᠬᠡ ᠶᠢᠨ ᠳᠤᠮᠳᠠ ᠦᠶ᠎ᠡ ᠳᠦ ᠪᠠᠭᠲᠠᠭᠠᠨ ᠦᠵᠡᠭᠰᠡᠭᠡᠷ ᠢᠷᠡᠭᠰᠡᠨ ᠶᠤᠮ᠃ ᠳᠡᠯᠡᠬᠡᠢ ᠨᠡᠶᠢᠲᠡ ᠶᠢᠨ ᠲᠡᠦᠬᠡ ᠶᠢᠨ ᠦᠶᠡᠴᠢᠯᠡᠯ ᠲᠡᠢ ᠤᠶᠠᠯᠳᠤᠭᠤᠯᠤᠨ ᠠᠪᠴᠤ ᠦᠵᠡᠪᠡᠯ ᠮᠠᠨᠵᠤ ᠶᠢᠨ ᠡᠷᠬᠡᠰᠢᠶᠡᠯ ᠦᠨ ᠦᠶ᠎ᠡ ᠶᠢ ᠮᠣᠩᠭᠣᠯ ᠤᠨ ᠲᠡᠦᠬᠡ ᠶᠢᠨ ᠰᠢᠨ᠎ᠡ ᠦᠶ᠎ᠡ ᠳᠦ ᠤᠷᠤᠭᠤᠯᠬᠤ ᠨᠢ ᠵᠣᠬᠢᠰᠲᠠᠢ ᠶᠤᠮ᠃ᠡᠨᠡ ᠦᠶ᠎ᠡ ᠶᠢᠨ ᠲᠡᠦᠬᠡ ᠶᠢ ᠦᠨᠳᠦᠰᠦᠨ ᠳᠦ ᠨᠢ ᠭᠤᠷᠪᠠᠨ ᠦᠶ᠎ᠡ ᠪᠣᠯᠭᠠᠨ ᠰᠤᠳᠤᠯᠬᠤ ᠶᠣᠰᠣᠲᠠᠢ᠃ ᠴᠤᠬᠤᠮ ᠬᠦ ᠢᠩᠭᠢᠵᠦ ᠮᠠᠨᠵᠤ ᠶᠢᠨ ᠲᠥᠷᠥ ᠶᠢᠨ ᠪᠣᠳᠣᠯᠭ᠎ᠠ ᠬᠡᠷᠬᠢᠨ ᠥᠭᠡᠷᠡᠴᠢᠯᠡᠭᠳᠡᠵᠦ ᠪᠠᠶᠢᠭᠰᠠᠨ ᠢ ᠴᠠᠭ ᠬᠤᠭᠤᠴᠠᠭᠠᠨ ᠤ ᠬᠤᠪᠢ ᠳᠤ ᠢᠯᠭᠠᠪᠤᠷᠢᠲᠠᠢ ᠠᠪᠴᠤ ᠦᠵᠡᠬᠦ ᠦᠭᠡᠢ ᠪᠡᠷ ᠲᠤᠰ ᠲᠡᠦᠬᠡᠨ ᠦᠶ᠎ᠡ ᠶᠢ ᠦᠨᠡᠨ ᠵᠥᠪ ᠲᠣᠳᠣᠷᠬᠠᠶᠢᠯᠠᠵᠤ᠂ ᠣᠶᠢᠯᠠᠭᠠᠵᠤ ᠴᠢᠳᠠᠬᠤ ᠦᠭᠡᠢ᠃ ᠠᠯᠢ ᠨᠢᠭᠡ ᠪᠣᠭᠣᠨᠢᠬᠠᠨ ᠦᠶ᠎ᠡ ᠶᠢᠨ ᠬᠡᠷᠡᠭ ᠶᠠᠪᠤᠳᠠᠯ ᠢᠶᠠᠷ ᠪᠦᠬᠦᠯᠢ ᠪᠦᠲᠦᠨ ᠦᠶ᠎ᠡ ᠶᠢ ᠲᠥᠯᠦᠭᠡᠯᠡᠭᠦᠯᠦᠨ ᠠᠪᠴᠤ ᠦᠵᠡᠬᠦ ᠨᠢ ᠠᠯᠳᠠᠭᠠᠨ ᠳᠤ ᠬᠦᠷᠭᠡᠨ᠎ᠡ᠃1.XVII-19 ᠵᠠᠭᠤᠨ ᠤ ᠳᠤᠮᠳᠠ ᠦᠶ᠎ᠡ ᠬᠦᠷᠲᠡᠯᠡᠬᠢ ᠮᠣᠩᠭᠣᠯ ᠣᠷᠣᠨ᠃ ᠡᠨᠡ ᠦᠶ᠎ᠡ ᠶᠢᠨ ᠮᠠᠨᠵᠤ ᠶᠢᠨ ᠲᠥᠷᠥ ᠶᠢᠨ ᠪᠣᠳᠣᠯᠭ᠎ᠠ ᠨᠢ ᠮᠣᠩᠭᠣᠯᠴᠤᠳ ᠢ ᠤᠯᠠᠮᠵᠢᠯᠠᠯᠲᠤ ᠠᠵᠤ ᠲᠥᠷᠥᠬᠦ ᠪᠠᠶᠢᠳᠠᠯ ᠢᠶᠠᠷ ᠨᠢ ᠪᠠᠶᠢᠯᠭᠠᠵᠤ᠂ ᠬᠡᠷᠡᠭᠲᠡᠢ ᠴᠠᠭ ᠲᠤ ᠠᠰᠢᠭᠯᠠᠬᠤ᠂ ᠲᠦᠰᠢᠭ ᠲᠤᠯᠭᠠᠭᠤᠷᠢ ᠪᠣᠯᠭᠠᠬᠤ ᠵᠣᠷᠢᠯᠭ᠎ᠠ ᠪᠦᠬᠦᠢ ᠪᠠᠶᠢᠪᠠ᠃ ᠴᠢᠩᠭᠢᠬᠦ ᠳᠦ ᠪᠡᠨ ᠨᠡᠶᠢᠲᠡ ᠮᠣᠩᠭᠣᠯᠴᠤᠳ ᠢ ᠬᠣᠰᠢᠭᠤ᠂ ᠴᠢᠭᠤᠯᠭᠠᠨ ᠤ ᠵᠣᠬᠢᠶᠠᠨ ᠪᠠᠶᠢᠭᠤᠯᠤᠯᠲᠠᠨ ᠳᠤ ᠣᠷᠣᠭᠤᠯᠵᠤ ᠵᠠᠰᠠᠭᠯᠠᠨ ᠵᠠᠬᠢᠷᠪᠠ᠃ ᠮᠣᠩᠭᠣᠯ ᠢ ᠬᠠᠤᠯᠢ ᠵᠦᠢ ᠶᠢᠨ ᠡᠭᠦᠳᠡᠨ ᠡᠴᠡ ᠪᠠᠷᠢᠮᠲᠠᠯᠠᠨ ᠵᠠᠬᠢᠷᠬᠤ ᠱᠠᠭᠠᠷᠳᠠᠯᠭ᠎ᠠ ᠪᠠᠷ ᠬᠠᠤᠯᠢ–ᠡᠷᠬᠡ ᠵᠦᠢ ᠶᠢᠨ ᠳᠠᠷᠤᠩᠭᠤᠶᠢᠯᠠᠬᠤ ᠲᠣᠭᠲᠠᠯᠴᠠᠭ᠎ᠠ ᠶᠢ ᠪᠤᠢ ᠪᠣᠯᠭᠠᠪᠠ᠃ ᠮᠣᠩᠭᠣᠯ ᠨᠤᠲᠤᠭ ᠲᠤ ᠠᠭᠤᠯᠠ ᠠᠭᠤᠷᠬᠠᠢ ᠨᠡᠭᠡᠭᠡᠬᠦ᠂ ᠭᠠᠵᠠᠷ ᠬᠠᠭᠠᠯᠬᠤ ᠶᠢ ᠬᠣᠷᠢᠭᠯᠠᠵᠤ᠂ ᠬᠤᠳᠠᠯᠳᠤᠭᠠᠨ ᠤ ᠬᠢᠲᠠᠳ ᠢᠷᠭᠡᠳ ᠢ ᠵᠥᠪᠬᠡᠨ ᠲᠣᠳᠣᠷᠬᠠᠢ ᠵᠥᠪᠰᠢᠶᠡᠷᠡᠯ᠂ ᠬᠤᠭᠤᠴᠠᠭ᠎ᠠ ᠪᠠᠷ ᠣᠷᠣᠬᠤ ᠶᠢ ᠵᠥᠪᠰᠢᠶᠡᠷᠡᠴᠢ ᠪᠠᠶᠢᠪᠠ᠃2.19 ᠵᠠᠭᠤᠨ ᠤ ᠳᠤᠮᠳᠠ ᠦᠶᠡᠰ 19 ᠵᠠᠭᠤᠨ ᠤ ᠲᠡᠭᠦᠰᠬᠡᠯ ᠬᠦᠷᠲᠡᠯᠡᠬᠢ ᠮᠣᠩᠭᠣᠯ ᠣᠷᠣᠨ᠃ ᠮᠠᠨᠵᠢ ᠨᠤᠭᠤᠳ ᠬᠢᠲᠠᠳ ᠲᠤ ᠤᠯᠠᠮ ᠪᠦᠷ ᠠᠭᠤᠰᠴᠢ᠂ ᠬᠠᠭᠠᠨ ᠤ ᠣᠷᠳᠣᠨ ᠳᠠᠬᠢ ᠬᠢᠲᠠᠳ ᠲᠦᠰᠢᠮᠡᠳ ᠣᠯᠠᠰᠢᠷᠠᠬᠤ ᠶᠢᠨ ᠬᠢᠷᠢ ᠪᠡᠷ ᠮᠠᠨᠵᠤ ᠶᠢᠨ ᠪᠣᠳᠣᠯᠭ᠎ᠠ ᠠᠭᠠᠵᠢᠮ ᠢᠶᠠᠷ ᠬᠢᠲᠠᠳ ᠤᠨ ᠪᠣᠳᠣᠯᠭ᠎ᠠ ᠪᠣᠯᠤᠨ ᠬᠤᠪᠢᠷᠠᠵᠤ ᠢᠷᠡᠪᠡ᠃ ᠡᠨᠡ ᠦᠶ᠎ᠡ ᠳᠦ ᠮᠣᠩᠭᠣᠯ ᠤᠨ ᠲᠠᠯ᠎ᠠ ᠪᠠᠷ ᠬᠢ ᠮᠠᠨᠵᠤ ᠶᠢᠨ ᠲᠥᠷᠥ ᠶᠢᠨ ᠪᠣᠳᠣᠯᠭ᠎ᠠ ᠠᠯᠭᠤᠷ ᠥᠭᠡᠷᠡᠴᠢᠯᠡᠭᠳᠡᠵᠦ᠂ ᠮᠣᠩᠭᠣᠯ ᠤᠨ ᠲᠠᠯ᠎ᠠ ᠪᠠᠷ ᠲᠠᠯᠪᠢᠭᠰᠠᠨ ᠡᠯᠳᠡᠪ ᠬᠥᠩᠭᠡᠯᠡᠯᠲᠡ ᠨᠦᠭᠦᠳ ᠰᠤᠯᠠᠷᠠᠵᠠᠢ᠃ ᠮᠣᠩᠭᠣᠯ ᠭᠠᠵᠠᠷ ᠬᠢᠲᠠᠳ ᠤᠳ ᠣᠯᠠᠨ ᠢᠶᠠᠷ ᠢᠶᠠᠨ ᠬᠠᠷᠠᠭ᠎ᠠ ᠬᠢᠨᠠᠯᠲᠠ ᠦᠭᠡᠢ ᠣᠷᠣᠵᠤ ᠢᠷᠡᠬᠦ ᠪᠣᠯᠤᠭᠰᠠᠨ᠃ ᠮᠣᠩᠭᠣᠯ ᠣᠷᠣᠨ ᠢ ᠬᠢᠲᠠᠳ ᠤᠨ ᠬᠤᠳᠠᠯᠳᠤᠭ᠎ᠠ–ᠮᠥᠩᠭᠥ ᠬᠡᠦᠯᠡᠯ ᠦᠨ ᠰᠦᠯᠵᠢᠶ᠎ᠡ ᠪᠥᠷᠬᠥᠵᠦ᠂ ᠬᠦᠮᠦᠨ ᠠᠮᠠ ᠶᠢᠨ ᠳᠡᠶᠢᠯᠦᠩᠬᠢ ᠬᠡᠰᠡᠭ ᠢ ᠥᠷᠲᠥᠨ ᠪᠣᠯᠭᠠᠭᠰᠠᠨ ᠢᠶᠠᠷ ᠮᠣᠩᠭᠣᠯ ᠤᠨ ᠨᠡᠶᠢᠭᠡᠮ–ᠡᠳ᠋ ᠍ ᠦᠨ ᠵᠠᠰᠠᠭ ᠤᠨ ᠬᠥᠭᠵᠢᠯ ᠢ ᠤᠯᠠᠮ ᠪᠦᠷ ᠪᠣᠭᠣᠭᠳᠠᠭᠤᠯᠬᠤ ᠪᠣᠯᠵᠠᠢ᠃3.19 ᠵᠠᠭᠤᠨ ᠤ ᠰᠡᠭᠦᠯ ᠡᠴᠡ ᠠᠷᠪᠠᠨ ᠲᠠᠪᠤᠳᠤᠭᠠᠷ ᠵᠠᠭᠤᠨ ᠤ ᠡᠬᠢᠨ ᠬᠦᠷᠲᠡᠯᠡᠬᠢ ᠮᠣᠩᠭᠣᠯ ᠣᠷᠣᠨ᠃ ᠡᠭᠦᠨ ᠳᠦ ᠮᠣᠩᠭᠣᠯ ᠣᠷᠣᠨ ᠳᠤ ᠮᠠᠨᠵᠤ ᠶᠢᠨ ᠰᠢᠨ᠎ᠡ ᠵᠠᠰᠠᠭ ᠤᠨ ᠪᠣᠳᠣᠯᠭ᠎ᠠ ᠶᠠᠪᠤᠭᠳᠠᠭᠰᠠᠨ ᠴᠠᠭ ᠬᠤᠭᠤᠴᠠᠭ᠎ᠠ ᠶᠢ ᠬᠠᠮᠤᠷᠤᠭᠤᠯᠤᠨ ᠠᠪᠴᠤ ᠦᠵᠡᠨ᠎ᠡ᠃ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠤᠨ ᠭᠡᠰᠡᠨ ᠦᠨᠳᠦᠰᠦᠨ ᠭᠤᠷᠪᠠᠨ ᠴᠢᠭᠯᠡᠯ ᠢᠶᠡᠷ ᠥᠷᠨᠢᠭᠰᠡᠨ 《ᠰᠢᠨ᠎ᠡ ᠵᠠᠰᠠᠭ ᠤᠨ ᠪᠣᠳᠣᠯᠭ᠎ᠠ ᠶᠢᠨ》 ᠮᠣᠩᠭᠣᠯ ᠳᠤ ᠳᠠᠬᠢ ᠬᠡᠷᠡᠭᠵᠢᠯᠲᠡ ᠨᠢ ᠬᠠᠷᠭᠢᠰ᠂ ᠰᠥᠷᠭᠦ ᠨᠥᠯᠥᠭᠡ ᠲᠡᠢ ᠪᠠᠶᠢᠪᠠ᠃ᠮᠣᠩᠭᠣᠯᠴᠤᠳ ᠤᠨ ᠮᠠᠯ ᠤᠨ ᠪᠡᠯᠴᠢᠭᠡᠷ ᠦᠨ ᠵᠠᠷᠢᠮ ᠬᠡᠰᠡᠭ ᠢ ᠬᠤᠷᠢᠶᠠᠵᠤ᠂ ᠬᠤᠳᠠᠯᠳᠤᠨ ᠠᠪᠴᠤ᠂ ᠭᠠᠵᠠᠷ ᠦᠭᠡᠢ ᠶᠠᠳᠠᠭᠤ ᠣᠯᠠᠨ ᠮᠢᠩᠭᠠᠨ ᠬᠢᠲᠠᠳ ᠤᠳ ᠢ ᠵᠣᠬᠢᠶᠠᠨ ᠪᠠᠶᠢᠭᠤᠯᠤᠯᠲᠠ ᠲᠠᠢ ᠪᠠᠷ ᠣᠷᠣᠭᠤᠯᠤᠨ ᠰᠠᠭᠤᠯᠭᠠᠵᠤ᠂ ᠲᠡᠳᠡᠨ ᠦ ᠠᠮᠢᠳᠤᠷᠠᠯ ᠢ ᠥᠭᠡᠳᠡ ᠲᠠᠲᠠᠬᠤ ᠨᠢ ᠢᠵᠠᠭᠤᠷ ᠮᠠᠨᠵᠤ ᠶᠢᠨ ᠲᠥᠷᠥ ᠶᠢᠨ ᠪᠤᠰᠤ᠂ ᠬᠠᠷᠢᠨ ᠮᠥᠨ ᠴᠢᠨᠠᠷᠲᠤ ᠪᠠᠨ ᠬᠢᠲᠠᠳ ᠤᠨ ᠲᠥᠷᠥ ᠶᠢᠨ ᠪᠣᠳᠣᠯᠭ᠎ᠠ ᠶᠤᠮ᠃ ᠮᠣᠩᠭᠣᠯ ᠤᠨ ᠢᠵᠠᠭᠤᠷ ᠠᠴᠠ ᠣᠷᠣᠰᠢᠨ ᠠᠮᠢᠳᠤᠷᠠᠵᠤ ᠢᠷᠡᠭᠰᠡᠨ ᠦᠨᠳᠦᠰᠦ ᠰᠠᠭᠤᠷᠢ ᠶᠢ ᠤᠰᠠᠳᠭᠠᠬᠤ ᠠᠶᠤᠯ ᠲᠠᠢ ᠡᠨᠡ ᠪᠣᠳᠣᠯᠭ᠎ᠠ ᠮᠣᠩᠭᠣᠯᠴᠤᠳ ᠤᠨ ᠦᠨᠳᠦᠰᠦᠨ ᠦ ᠤᠬᠠᠮᠰᠠᠷ ᠢ ᠰᠡᠷᠭᠦᠭᠡᠵᠦ᠂ ᠲᠤᠰᠠᠭᠠᠷ ᠲᠣᠭᠲᠠᠨᠢᠯ ᠤᠨ ᠲᠥᠯᠥᠭᠡ ᠪᠣᠰᠤᠨ ᠲᠡᠮᠡᠴᠡᠬᠦ ᠳᠦ ᠬᠦᠷᠭᠡᠭᠰᠡᠨ ᠶᠤᠮ᠃ᠳᠡᠭᠡᠷᠡᠬᠢ ᠭᠤᠷᠪᠠᠨ ᠦᠶ᠎ᠡ ᠶᠢ ᠬᠤᠷᠢᠶᠠᠩᠭᠤᠶᠢᠯᠠᠨ ᠲᠣᠮᠢᠶᠠᠯᠠᠪᠠᠯ᠂ ᠡᠬᠢᠨ ᠦᠶ᠎ᠡ ᠳᠦ ᠮᠣᠩᠭᠣᠯ ᠤᠨ ᠲᠠᠯ᠎ᠠ ᠪᠠᠷ ᠬᠢ ᠮᠠᠨᠵᠤ ᠶᠢᠨ ᠲᠥᠷᠥ ᠶᠢᠨ ᠪᠣᠳᠣᠯᠭ᠎ᠠ ᠶᠠᠪᠤᠭᠳᠠᠭᠰᠠᠨ ᠪᠣᠯ ᠤᠳᠠᠭ᠎ᠠ ᠳᠤ ᠨᠢ ᠮᠠᠨᠵᠤ–ᠬᠢᠲᠠᠳ ᠤᠨ ᠪᠣᠳᠣᠯᠭ᠎ᠠ ᠶᠠᠪᠤᠭᠳᠠᠭᠰᠠᠨ ᠦᠶ᠎ᠡ᠂ ᠲᠡᠭᠦᠰᠬᠡᠯ ᠦᠨ ᠦᠶ᠎ᠡ ᠳᠦ ᠨᠢ ᠮᠣᠩᠭᠣᠯ ᠤᠨ ᠲᠠᠯ᠎ᠠ ᠪᠠᠷ ᠮᠠᠨᠵᠤ ᠨᠡᠷ᠎ᠡ ᠲᠡᠢ ᠬᠢᠲᠠᠳ ᠤᠨ ᠲᠥᠷᠥ ᠶᠢᠨ ᠪᠣᠳᠣᠯᠭ᠎ᠠ ᠶᠠᠪᠤᠭᠳᠠᠵᠠᠢ᠃

ᠮᠠᠨᠵᠤ ᠶᠢᠨ ᠡᠰᠡᠷᠭᠦ ᠲᠡᠮᠡᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠶᠢᠨ ᠦᠶ᠎ᠡ ᠶᠢᠨ ᠱᠠᠰᠢᠨ᠂ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠤᠯᠤᠰ ᠣᠷᠣᠨ ᠨᠤᠭᠤᠳ ᠬᠣᠭᠣᠷᠣᠨᠳᠣ ᠪᠠᠨ ᠳᠠᠶᠢᠲᠤᠨ ᠡᠵᠡᠯᠡᠵᠦ᠂ ᠡᠵᠡᠯᠡᠭᠳᠡᠬᠦ ᠶᠠᠪᠤᠳᠠᠯ ᠣᠯᠠᠨᠲᠠ ᠲᠣᠬᠢᠶᠠᠯᠳᠤᠵᠤ ᠪᠠᠶᠢᠭᠰᠠᠨ ᠪᠥᠭᠡᠳ ᠡᠵᠡᠯᠡᠨ ᠠᠪᠤᠭᠰᠠᠨ ᠣᠷᠣᠨ ᠤ ᠪᠠᠨ ᠲᠠᠯ᠎ᠠ ᠪᠠᠷ ᠥᠭᠡᠷ᠎ᠡ ᠥᠭᠡᠷ᠎ᠡ ᠪᠣᠳᠣᠯᠭ᠎ᠠ ᠶᠠᠪᠤᠭᠤᠯᠵᠤ ᠪᠠᠶᠢᠴᠠᠢ᠃ ᠮᠠᠨᠵᠤ ᠶᠢᠨ ᠲᠥᠷᠥ ᠮᠣᠩᠭᠣᠯᠴᠤᠳ ᠲᠤ ᠡᠬᠢᠯᠡᠭᠡᠳ ᠢᠯᠡᠭᠦᠦ ᠡᠷᠬᠡ ᠥᠭᠴᠦ ᠪᠠᠶᠢᠭᠰᠠᠨ ᠴᠤ ᠠᠭᠠᠵᠢᠮ ᠠᠭᠠᠵᠢᠮ ᠢᠶᠠᠷ ᠡᠷᠬᠡ ᠴᠢᠯᠦᠭᠡ ᠶᠢ ᠨᠢ ᠬᠤᠮᠢᠨ ᠪᠣᠭᠣᠮᠢᠯᠠᠵᠤ ᠨᠣᠮᠣᠬᠠᠨ ᠬᠦᠯᠢᠴᠡᠩᠭᠦᠢ᠂ ᠥᠪᠡᠷ ᠦᠨ ᠭᠡᠰᠡᠨ ᠦᠵᠡᠯ᠂ ᠲᠡᠦᠬᠡ ᠰᠣᠶᠣᠯ ᠦᠭᠡᠢ ᠦᠨᠳᠦᠰᠦᠲᠡᠨ ᠪᠣᠯᠭᠠᠬᠤ ᠪᠣᠳᠣᠯᠭ᠎ᠠ ᠶᠠᠪᠤᠭᠤᠯᠵᠠᠢ᠃ ᠲᠤᠬᠠᠶᠢᠯᠠᠪᠠᠯ ᠰᠤᠷ ᠬᠠᠷᠪᠤᠭ᠎ᠠ ᠶᠢ ᠥᠭᠡᠷᠡᠴᠢᠯᠡᠨ ᠪᠣᠭᠣᠨᠢ ᠵᠠᠢ ᠳᠤ (45 ᠨᠤᠮᠤ ᠵᠠᠢ ᠳᠤ ᠪᠤᠶᠤ 75-80 ᠮ)[2] ᠬᠠᠷᠪᠤᠳᠠᠭ ᠪᠣᠯᠭᠠᠬᠤ᠂ ᠬᠠᠷᠪᠤᠭᠠᠴᠢᠳ ᠲᠤ ᠪᠠᠭ᠎ᠠ ᠱᠠᠩᠨᠠᠯ ᠥᠭᠳᠡᠭ ᠪᠣᠯᠭᠠᠬᠤ᠂ ᠮᠣᠩᠭᠣᠯ ᠪᠦᠵᠢᠭ ᠢ ᠬᠤᠷᠢᠭᠯᠠᠬᠤ ᠪᠣᠳᠣᠯᠭ᠎ᠠ ᠶᠠᠪᠤᠭᠤᠯᠵᠤ ᠪᠠᠶᠢᠪᠠ᠃

ᠮᠠᠨᠵᠤ ᠶᠢᠨ ᠦᠶ᠎ᠡ ᠶᠢᠨ ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠠᠨᠵᠤ ᠶᠢᠨ ᠡᠷᠬᠡᠰᠢᠶᠡᠯ ᠳᠦ ᠪᠠᠶᠢᠭᠰᠠᠨ ᠦᠶ᠎ᠡ ᠶᠢᠨ ᠮᠣᠩᠭᠣᠯ ᠤᠨ ᠲᠥᠷᠥ᠂ ᠡᠷᠬᠡ ᠵᠦᠢ ᠶᠢᠨ ᠰᠡᠳᠬᠢᠯᠭᠡᠨ ᠦ ᠬᠥᠭᠵᠢᠯ

ᠪᠢᠴᠢᠭᠡᠰᠦ