ᠮᠠᠨᠵᠤ ᠶᠢᠨ ᠡᠰᠡᠷᠬᠦ ᠮᠣᠩᠭᠣᠯᠴᠤᠳ ᠤᠨ 1776-1778 ᠣᠨ ᠤ ᠵᠡᠪᠰᠡᠭᠲᠦ ᠪᠣᠰᠤᠯᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠯᠬ᠎ᠠ ᠶᠢᠨ ᠳᠠᠷᠬᠠᠨ ᠴᠢᠨ ᠸᠠᠩ ᠷᠢᠨᠴᠢᠨᠳᠣᠷᠵᠢ᠂ ᠬᠣᠲᠣᠭᠣᠶᠢᠳ ᠤᠨ ᠰᠢᠳᠠᠷ ᠸᠠᠩ ᠴᠢᠩᠭᠦᠩᠵᠠᠪ᠂ ᠥᠪᠥᠷ Mᠣᠩᠭᠣᠯ ᠤᠨ ᠬᠣᠷᠴᠢᠨ ᠸᠠᠩ ᠡᠹᠦ ᠰᠡᠪᠳᠡᠨᠪᠠᠯᠵᠢᠷ᠂ ᠣᠶᠢᠷᠠᠳ ᠤᠨ ᠠᠮᠤᠷᠰᠠᠨᠠᠭ᠎ᠠ ᠪᠠᠨ ᠨᠠᠷ ᠲᠠᠢ ᠬᠠᠮᠲᠤᠷᠠᠨ ᠮᠠᠨᠵᠤ ᠶᠢᠨ ᠡᠰᠡᠷᠬᠦ ᠨᠢᠭᠡᠨ ᠵᠡᠪᠰᠡᠭᠲᠦ ᠪᠣᠰᠤᠯᠭ᠎ᠠ ᠭᠠᠷᠭᠠᠬᠤ ᠪᠠᠷ ᠲᠣᠬᠢᠷᠠᠯᠴᠠᠵᠠᠢ᠃ ᠭᠡᠪᠡᠴᠦ ᠮᠠᠨᠵᠤ ᠶᠢᠨ ᠬᠠᠲᠠᠭᠤ ᠬᠠᠷᠠᠭ᠎ᠠ ᠬᠢᠨᠠᠯᠲᠠ᠂ ᠬᠠᠭᠠᠯᠤᠨ ᠪᠤᠲᠠᠷᠭᠠᠬᠤ ᠪᠣᠳᠣᠯᠭ᠎ᠠ ᠶᠢᠨ ᠤᠯᠠᠮ ᠠᠴᠠ ᠨᠢᠭᠡᠳᠴᠦ ᠴᠢᠳᠠᠭ᠎ᠠ ᠦᠭᠡᠢ ᠪᠠᠶᠢᠨ᠎ᠠ᠃ ᠮᠠᠨᠵᠢ ᠨᠤᠭᠤᠳ ᠰᠡᠪᠳᠡᠨᠪᠠᠯᠵᠢᠷ ᠢ ᠪᠡᠭᠡᠵᠢᠩ ᠳᠦ ᠳᠠᠭᠤᠳᠠᠨ ᠠᠪᠠᠴᠢᠵᠤ ᠭᠡᠷ ᠦᠨ ᠬᠣᠷᠢᠭᠠᠨ ᠳᠤ ᠣᠷᠣᠭᠤᠯᠵᠤ᠂ᠴᠢᠩᠭᠦᠩᠵᠠᠪ ᠢ ᠬᠠᠨ ᠬᠠᠲᠤᠨ ᠭᠣᠣᠯ ᠤᠨ ᠲᠡᠯᠡᠩᠭᠡ ᠳᠦ ᠨᠠᠷ ᠢ ᠳᠠᠭᠠᠭᠤᠯᠬᠤ ᠡᠭᠦᠷᠭᠡ ᠥᠭᠴᠦ ᠶᠠᠪᠤᠭᠤᠯᠵᠤ᠂ ᠷᠢᠨᠴᠢᠨᠳᠣᠷᠵᠢ ᠸᠠᠩ ᠢ ᠴᠠᠭᠠᠵᠠ ᠪᠠᠷ ᠠᠪᠠᠴᠢᠭᠰᠠᠨ ᠪᠠᠶᠢᠨ᠎ᠠ᠃ ᠮᠥᠨ ᠠᠮᠤᠷᠰᠠᠨᠠᠭ᠎ᠠ ᠶᠢ ᠴᠤ ᠮᠥᠨ ᠠᠳᠠᠯᠢ ᠳᠠᠭᠤᠳᠠᠭᠰᠠᠨ ᠪᠣᠯᠪᠠᠴᠤ ᠲᠡᠷᠡ ᠪᠡᠷ 《ᠡᠵᠡᠨ ᠬᠠᠭᠠᠨ ᠳᠤ ᠪᠠᠷᠠᠭᠠᠯᠬᠠᠨ᠎ᠠ》 ᠭᠡᠵᠦ ᠭᠠᠷᠤᠭᠠᠳ ᠠᠯᠲᠠᠢ ᠶᠢᠨ ᠴᠠᠭᠠᠨ᠎ᠠ ᠥᠷᠦᠩᠭᠡ ᠭᠣᠣᠯ ᠢᠷᠡᠮᠡᠭᠴᠡ ᠰᠢᠳᠠᠷ 300 ᠴᠡᠷᠢᠭ ᠢᠶᠡᠨ ᠤᠳᠤᠷᠢᠳᠤᠨ 1755 ᠣᠨ ᠤ 9 ᠰᠠᠷ᠎ᠠ ᠶᠢᠨ 24 ᠍ ᠳᠤ ᠪᠣᠰᠤᠯᠭ᠎ᠠ ᠭᠠᠷᠭᠠᠵᠠᠢ᠃ ᠡᠶᠢᠮᠦ ᠡᠴᠡ ᠴᠢᠩᠭᠦᠩᠵᠠᠪ 1756 ᠣᠨ ᠤ 10 ᠰᠠᠷ᠎ᠠ ᠳᠤ ᠥᠪᠡᠷ ᠦᠨ ᠤᠳᠤᠷᠢᠳᠤᠭᠰᠠᠨ 1000 ᠭᠠᠷᠤᠢ ᠴᠡᠷᠢᠭ ᠦᠨ ᠬᠠᠮᠲᠤ ᠮᠠᠨᠵᠤ ᠶᠢᠨ ᠴᠡᠷᠢᠭ ᠦᠨ ᠠᠯᠪᠠ ᠶᠢ ᠮᠠᠨᠵᠤ ᠶᠢᠨ ᠡᠰᠡᠷᠬᠦ ᠪᠣᠰᠤᠯᠭ᠎ᠠ ᠭᠠᠷᠭᠠᠭᠰᠠᠨ᠃ ᠭᠡᠪᠡᠴᠦ ᠡᠨᠡᠬᠦ ᠪᠣᠰᠤᠯᠭ᠎ᠠ ᠨᠤᠭᠤᠳ ᠨᠢ ᠨᠢᠭᠡᠳᠦᠮᠡᠯ ᠤᠳᠤᠷᠢᠳᠤᠯᠭ᠎ᠠ ᠪᠠᠶᠢᠬᠤ ᠦᠭᠡᠢ ᠪᠠᠶᠢᠭᠰᠠᠨ ᠠᠴᠠ ᠨᠢᠭᠡᠳᠦᠭᠰᠡᠨ ᠲᠥᠯᠥᠪᠯᠡᠭᠡ ᠪᠡᠷ ᠵᠡᠪᠰᠡᠭᠲᠦ ᠲᠡᠮᠡᠴᠡᠯ ᠬᠢᠵᠦ ᠴᠢᠳᠠᠭ᠎ᠠ ᠦᠭᠡᠢ ᠪᠠ ᠲᠠᠷᠬᠠᠢ ᠪᠠᠶᠢᠳᠠᠯ ᠢᠶᠠᠷ ᠪᠣᠰᠤᠯᠭ᠎ᠠ ᠶᠢᠨ ᠭᠣᠯᠣᠮᠲᠠ ᠪᠠᠶᠢᠳᠠᠯ ᠢᠶᠠᠷ ᠪᠠᠶᠢᠵᠤ ᠪᠠᠶᠢᠭᠠᠳ ᠳᠠᠪᠠᠭᠤ ᠬᠦᠴᠦ ᠪᠦᠬᠦᠢ ᠮᠠᠨᠵᠤ ᠶᠢᠨ ᠴᠡᠷᠢᠭ ᠲᠦ ᠤᠳᠠᠭ᠎ᠠ ᠳᠠᠷᠠᠭᠠᠯᠠᠨ ᠳᠠᠷᠤᠭᠳᠠᠭᠰᠠᠨ ᠪᠠᠶᠢᠨ᠎ᠠ᠃ ᠮᠠᠨᠵᠤ ᠶᠢᠨ ᠡᠰᠡᠷᠬᠦ ᠭᠠᠷᠭᠠᠭᠰᠠᠨ ᠮᠣᠩᠭᠣᠯ ᠤᠨ ᠠᠷᠠᠳ ᠲᠦᠮᠡᠨ ᠦ ᠵᠡᠪᠰᠡᠭᠲᠦ ᠪᠣᠰᠤᠯᠭ᠎ᠠ ᠨᠢ ᠬᠠᠯᠬ᠎ᠠ ᠶᠢᠨ ᠴᠢᠨ ᠸᠠᠩ ᠷᠢᠨᠴᠢᠨᠳᠣᠷᠵᠢ ᠶᠢ ᠮᠠᠨᠵᠤ ᠶᠢᠨ ᠡᠵᠡᠨ ᠬᠠᠭᠠᠨ ᠲᠩᠷᠢ ᠶᠢ ᠲᠡᠳᠬᠦᠭᠴᠢ ᠴᠠᠭᠠᠵᠠᠯᠠᠭᠰᠠᠨ ᠨᠢ 2 ᠪᠣᠭᠳᠠ ᠲᠡᠷᠢᠭᠦᠲᠡᠢ ᠬᠦᠮᠦᠰ ᠦᠨ ᠠᠭᠤᠷ ᠴᠢᠬᠤᠯ ᠢ ᠬᠦᠷᠭᠡᠵᠦ " ᠬᠠᠯᠬ᠎ᠠ 4 ᠠᠶᠢᠮᠠᠭ ᠢᠶᠠᠷ ᠶᠡᠬᠡ ᠲᠦᠢᠪᠡᠭᠡᠨ ᠳᠡᠭᠳᠡᠭᠡᠰᠦᠭᠡᠢ ᠬᠡᠮᠡᠨ 2 ᠪᠣᠭᠳᠠ ᠪᠣᠰᠤᠯᠭ᠎ᠠ ᠶᠢ ᠡᠬᠢᠨ ᠳᠦ ᠪᠡᠨ ᠳᠡᠮᠵᠢᠵᠦ ᠪᠠᠶᠢᠭᠰᠠᠨ ᠢᠶᠠᠨ ᠮᠠᠨᠵᠤ ᠶᠢᠨ ᠬᠠᠭᠠᠨ ᠤ ᠰᠢᠬᠠᠯᠲᠠ ᠪᠠᠷ ᠪᠣᠯᠢᠵᠤ ᠲᠡᠭᠦᠨ ᠦ ᠬᠠᠲᠠᠭᠤ ᠬᠠᠷ᠎ᠠ ᠬᠢᠨᠠᠯᠲᠠ ᠶᠢᠨ ᠳᠣᠣᠷ᠎ᠠ ᠪᠠᠶᠢᠵᠤ ᠪᠠᠶᠢᠭᠠᠳ 1757 ᠣᠨ ᠳᠤ 37 ᠨᠠᠰᠤᠨ ᠳᠤ ᠪᠠᠨ ᠬᠣᠣᠷᠯᠠᠭᠳᠠᠵᠠᠢ᠃ ᠮᠣᠩᠭᠣᠯ ᠤᠨ ᠠᠷᠠᠳ ᠲᠦᠮᠡᠨ ᠦ ᠵᠡᠪᠰᠡᠭᠲᠦ ᠲᠡᠮᠡᠴᠡᠯ ᠨᠢ 1760 ᠣᠨ ᠬᠦᠷᠲᠡᠯ᠎ᠡ ᠦᠷᠭᠦᠯᠵᠢᠯᠡᠵᠡᠢ᠃

ᠪᠢᠴᠢᠭᠡᠰᠦ