ᠮᠠᠨᠵᠤ ᠶᠢᠨ ᠡᠰᠡᠷᠬᠦ ᠮᠣᠩᠭᠣᠯᠴᠤᠳ ᠤᠨ ᠲᠡᠮᠡᠴᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

17 ᠍ ᠳᠦᠭᠡᠷ ᠵᠠᠭᠤᠨ ᠳᠤ ᠠᠶᠢᠰᠢᠩ ᠭᠢᠣᠷᠣ ᠣᠪᠤᠭ ᠤᠨ ᠨᠤᠷᠬᠠᠶᠢᠴᠢ ᠵᠦᠷᠴᠢᠳ ᠢ ᠨᠢᠭᠡᠳᠬᠡᠨ 1616 ᠣᠨ ᠳᠤ ᠬᠣᠵᠢᠮ ᠤᠨ ᠠᠯᠲᠠᠨ ᠪᠤᠶᠤ ᠵᠢᠩ ᠤᠯᠤᠰ᠂ ᠮᠠᠨᠵᠤ ᠪᠠᠷ ᠠᠮᠠᠭ᠎ᠠ ᠠᠶᠢᠰᠢᠩ ᠭᠦᠷᠦᠭᠦᠨ ᠤᠯᠤᠰ ᠢ ᠪᠠᠶᠢᠭᠤᠯᠵᠤ ᠬᠠᠭᠠᠨ ᠬᠡᠮᠡᠭᠳᠡᠬᠦ ᠦᠶᠡᠰ ᠡᠬᠢᠯᠡᠵᠡᠢ᠃ ᠲᠡᠷᠡᠪᠡᠷ 2 ᠵᠢᠯ ᠦᠨ ᠳᠠᠷᠠᠭ᠎ᠠ 《ᠳᠣᠯᠣᠭᠠᠨ ᠥᠰᠢᠯ ᠭᠣᠮᠣᠳᠠᠯ》 ᠭᠡᠭᠡᠴᠢ ᠶᠢ ᠵᠠᠷᠯᠠᠨ ᠬᠢᠲᠠᠳ ᠤᠨ ᠮᠢᠩ ᠤᠯᠤᠰ ᠤᠨ ᠬᠣᠯᠪᠣᠭ᠎ᠠ ᠬᠠᠷᠢᠶᠠᠨ ᠳᠤ ᠪᠠᠶᠢᠬᠤ ᠪᠤᠰᠤᠳ ᠵᠦᠷᠴᠢᠨ ᠠᠶᠢᠮᠠᠭ ᠤᠳ ᠲᠠᠢ ᠬᠡᠳᠦᠨ ᠤᠳᠠᠭ᠎ᠠ ᠶᠢᠨ ᠠᠮᠵᠢᠯᠲᠠ ᠲᠠᠢ ᠪᠠᠶᠢᠯᠳᠤᠭᠠᠨ ᠢᠶᠠᠷ ᠯᠢᠶᠣᠣᠳᠣᠨᠣᠭ ᠢ ᠡᠵᠡᠯᠡᠵᠦ 1625 ᠣᠨ ᠳᠤ ᠮᠦᠭᠳᠡᠨ ᠢ ᠡᠵᠡᠯᠡᠨ ᠨᠡᠶᠢᠰᠯᠡᠯ ᠬᠡᠮᠡᠨ ᠵᠠᠷᠯᠠᠵᠠᠢ᠃ ᠢᠩᠭᠢᠭᠰᠡᠨ ᠢᠶᠡᠷ ᠲᠡᠷᠡ ᠪᠡᠷ ᠡᠳ᠋ ᠍ ᠦᠨ ᠵᠠᠰᠠᠭ ᠬᠦᠮᠦᠨ ᠬᠦᠴᠦᠨ ᠦ ᠨᠥᠭᠡᠴᠡ ᠪᠡᠷ ᠬᠦᠴᠦᠷᠬᠡᠭᠵᠢᠨ ᠮᠣᠩᠭᠣᠯ ᠲᠠᠢ ᠰᠢᠭᠤᠳ ᠬᠢᠯᠢᠯᠡᠨ ᠬᠠᠷᠢᠯᠴᠠᠬᠤ ᠪᠣᠯᠵᠠᠢ᠃ ᠲᠡᠷᠡ ᠦᠶ᠎ᠡ ᠳᠦ ᠮᠣᠩᠭᠣᠯᠴᠤᠳ ᠬᠡᠳᠦᠢ ᠲᠠᠷᠬᠠᠢ ᠪᠤᠲᠠᠷᠬᠠᠢ ᠴᠤ ᠪᠥᠰᠡ ᠨᠤᠲᠤᠭ ᠲᠤ ᠪᠠᠨ ᠬᠦᠴᠦᠷᠬᠡᠭ ᠤᠯᠤᠰ ᠲᠥᠷᠥ ᠴᠡᠷᠢᠭ ᠦᠨ ᠪᠠᠶᠢᠭᠤᠯᠤᠯ ᠲᠠᠢ ᠪᠠᠶᠢᠪᠠ᠃ ᠨᠤᠷᠬᠠᠶᠢᠴᠢ ᠮᠣᠩᠭᠣᠯᠴᠤᠳ ᠢ ᠮᠢᠩ ᠦᠨ ᠡᠰᠡᠷᠬᠦ ᠬᠣᠯᠪᠣᠭᠠᠲᠠᠨ ᠢᠶᠠᠨ ᠪᠣᠯᠭᠠᠬᠤ ᠪᠣᠳᠣᠯᠭ᠎ᠠ ᠶᠢ ᠠᠮᠵᠢᠯᠲᠠ ᠲᠠᠢ ᠬᠡᠭᠡᠭᠵᠢᠭᠦᠯᠦᠨ ᠢᠵᠠᠭᠤᠷᠲᠠᠨ ᠨᠤᠭᠤᠳ ᠢᠶᠠᠨ ᠮᠣᠩᠭᠣᠯ ᠲᠠᠢ ᠬᠤᠳᠠ ᠤᠷᠤᠭ ᠪᠣᠯᠭᠠᠨ ᠳᠡᠭᠡᠷ᠎ᠡ ᠳᠤᠷᠠᠳᠤᠭᠰᠠᠨᠴᠢᠯᠠᠨ ᠮᠣᠩᠭᠣᠯ ᠪᠢᠴᠢᠭ ᠢ ᠠᠪᠴᠤ ᠬᠡᠷᠡᠭᠯᠡᠭᠰᠡᠨ ᠪᠠᠶᠢᠨ᠎ᠠ᠃ 1624 ᠣᠨ ᠳᠤ ᠵᠡᠭᠦᠨ ᠮᠣᠩᠭᠣᠯ ᠤᠨ ᠬᠠᠷᠠᠴᠢᠨ᠂ ᠳᠥᠷᠪᠡᠳ᠂ ᠵᠠᠯᠠᠢ ᠳᠤ᠂ ᠭᠣᠷᠯᠣᠰ ᠠᠶᠢᠮᠠᠭ ᠤᠳ ᠮᠠᠨᠵᠤ ᠳᠤ ᠳᠠᠭᠠᠷ᠎ᠠ ᠣᠷᠣᠪᠠ᠃ ᠡᠭᠦᠨ ᠢ ᠮᠣᠩᠭᠣᠯ ᠤᠨ ᠰᠡᠭᠦᠯᠴᠢ ᠶᠢᠨ ᠨᠡᠷ᠎ᠡ ᠲᠡᠳᠦᠢ ᠪᠠᠭ᠎ᠠ ᠬᠠᠭᠠᠨ ᠯᠢᠭᠳᠡᠨ ᠲᠡᠷᠢᠭᠦᠲᠡᠢ ᠨᠣᠶᠠᠳ ᠢᠵᠠᠭᠤᠷᠲᠠᠨ ᠨᠤᠭᠤᠳ ᠡᠰᠡᠷᠭᠦᠴᠡᠨ ᠮᠠᠨᠵᠤ ᠲᠠᠢ ᠪᠠᠶᠢᠯᠳᠤᠭᠰᠠᠨ ᠪᠣᠯᠪᠠᠴᠤ ᠲᠡᠳᠦᠢ ᠯᠠ ᠠᠮᠵᠢᠯᠲᠠ ᠣᠯᠤᠭ᠎ᠠ ᠦᠭᠡᠢ ᠶᠤᠮ᠃ 1626 ᠣᠨ ᠳᠤ ᠨᠠᠶᠢᠮᠠᠨ᠂ ᠪᠠᠭᠠᠷᠠᠩ᠂ ᠣᠩᠨᠢᠭᠤᠳ᠂ ᠭᠣᠷᠯᠷᠣᠰ ᠠᠶᠢᠮᠠᠭ ᠤᠳ ᠮᠠᠨᠵᠤ ᠳᠤ ᠳᠠᠭᠠᠪᠠ᠃ 1630 ᠣᠨ ᠳᠤ ᠬᠣᠷᠴᠢᠨ᠂ ᠲᠦᠮᠡᠳ᠂ ᠶᠦᠩᠰᠢᠭᠡᠪᠦ᠂ ᠣᠷᠳᠣᠰ ᠠᠪᠠᠭ᠎ᠠ ᠵᠡᠷᠭᠡ ᠠᠶᠢᠮᠠᠭ ᠤᠳ᠂ 1631 ᠣᠨ ᠳᠤ ᠮᠠᠨᠵᠤ ᠨᠠᠷ ᠬᠠᠷᠠᠴᠢᠨ᠂ ᠠᠰᠤᠳ᠂ ᠨᠠᠶᠢᠮᠠᠨ᠂ ᠵᠠᠷᠤᠳ᠂ ᠠᠶᠢᠮᠠᠭ ᠤᠳ ᠲᠠᠢ ᠨᠡᠶᠢᠯᠡᠨ ᠲᠡᠭᠦᠨ ᠦ ᠡᠰᠡᠷᠬᠦ ᠪᠠᠶᠢᠯᠳᠤᠨ 1632 ᠣᠨ ᠳᠤ ᠴᠠᠬᠠᠷ ᠲᠤ ᠴᠥᠮᠦᠷᠡᠨ ᠯᠢᠭᠳᠡᠨ ᠦ ᠴᠡᠷᠢᠭ ᠢ ᠴᠣᠬᠢᠵᠠᠢ᠃ ᠯᠢᠭᠳᠡᠨ ᠬᠥᠬᠡ ᠨᠠᠭᠤᠷ ᠲᠤ ᠵᠢᠭᠤᠲᠠᠨ ᠢᠷᠡᠵᠦ ᠬᠠᠯᠬ᠎ᠠ ᠶᠢᠨ ᠴᠣᠭᠲᠤ ᠬᠤᠩᠲᠠᠶᠢᠵᠢ ᠶᠢ ᠬᠦᠯᠢᠶᠡᠬᠦ ᠵᠠᠭᠤᠷ᠎ᠠ ᠪᠠᠨ 1634 ᠣᠨ ᠳᠤ ᠲᠩᠷᠢ ᠳᠦ ᠬᠠᠯᠢᠵᠠᠢ᠃ 1646 ᠣᠨ ᠳᠤ ᠰᠥᠨᠢᠳ ᠦᠨ ᠲᠡᠩᠭᠢᠰ ᠬᠡᠮᠡᠭᠴᠢ ᠮᠠᠨᠵᠤ ᠶᠢ ᠡᠰᠡᠷᠭᠦᠴᠡᠨ ᠪᠣᠰᠴᠢ ᠠᠯᠪᠠᠲᠤ ᠢᠷᠭᠡᠳ ᠢᠶᠡᠨ ᠠᠪᠤᠨ ᠬᠠᠯᠬ᠎ᠠ ᠳᠤ ᠨᠡᠭᠦᠵᠦ ᠢᠷᠡᠨ ᠤᠳᠠᠭᠠᠬᠢ ᠣᠨ ᠨᠢ ᠬᠠᠯᠬ᠎ᠠ ᠶᠢᠨ ᠨᠣᠶᠠᠳ ᠲᠡᠩᠭᠢᠰ ᠢ ᠥᠮᠦᠭᠡᠯᠡᠨ ᠮᠠᠨᠵᠤ ᠲᠠᠢ ᠲᠡᠮᠡᠴᠡᠵᠦ ᠪᠠᠶᠢᠪᠠ᠃ ᠶᠢᠷ᠎ᠠ ᠳᠤ ᠮᠣᠩᠭᠣᠯ ᠭᠠᠯᠳᠠᠨ ᠬᠠᠭᠠᠨ ᠤ ᠵᠠᠰᠠᠭᠯᠠᠯ ᠳᠣᠣᠷ᠎ᠠ ᠬᠦᠴᠦᠷᠬᠡᠭᠵᠢᠨ 《ᠵᠦᠩᠭᠠᠷ ᠤᠨ ᠬᠠᠭᠠᠨᠲᠤ ᠤᠯᠤᠰ》 ᠬᠡᠮᠡᠭᠳᠡᠭᠰᠡᠨ ᠣᠶᠢᠷᠠᠳ ᠮᠣᠩᠭᠣᠯ 1640 ᠣᠨ ᠤ 《ᠳᠥᠴᠢᠨ ᠳᠥᠷᠪᠡᠨ ᠬᠣᠶᠠᠷ ᠤᠨ ᠶᠡᠬᠡ ᠴᠠᠭᠠᠵᠠ》 ᠍ ᠢ ᠵᠥᠷᠴᠢᠨ ᠬᠠᠯᠬ᠎ᠠ ᠣᠶᠢᠷᠠᠳ ᠬᠣᠶᠠᠷ ᠮᠣᠩᠭᠣᠯ 1673-74 ᠣᠨ ᠨᠤᠭᠤᠳ ᠲᠤ ᠬᠣᠭᠣᠷᠣᠨᠳᠣ ᠪᠠᠨ ᠳᠠᠶᠢᠲᠤᠵᠤ ᠡᠪᠳᠡᠷᠡᠯᠴᠡᠬᠦ ᠪᠣᠯᠪᠠ᠃ ᠭᠠᠯᠳᠠᠨ ᠪᠣᠱᠣᠭᠲᠤ ᠬᠠᠭᠠᠨ 1676 -86 ᠣᠨ ᠨᠤᠭᠤᠳ ᠲᠤ ᠪᠦᠬᠦ ᠣᠶᠢᠷᠠᠳ ᠢ ᠨᠢᠭᠡᠳᠬᠡᠭᠡᠳ ᠵᠣᠭᠰᠣᠭᠰᠠᠨ ᠦᠭᠡᠢ ᠬᠥᠬᠡ ᠨᠠᠭᠤᠷ᠂ ᠳᠣᠷᠣᠨᠠᠲᠤ ᠲᠦᠭᠧᠰᠲ᠋ᠠᠨ᠂ ᠬᠠᠮᠢ᠂ ᠲᠦᠷᠹᠠᠨ᠂ ᠺᠠᠰᠭᠢᠷ᠂ ᠢᠷᠺᠧᠨᠳ᠂ ᠰᠠᠶᠢᠷᠠᠮ ᠬᠣᠲᠠ᠂ ᠹᠧᠷᠭᠠᠨ ᠤ ᠬᠥᠨᠳᠡᠢ᠂ ᠪᠤᠬᠤᠷ᠂ ᠰᠠᠮᠠᠷᠺᠠᠨᠳ ᠬᠣᠲᠠ ᠨᠤᠭᠤᠳ ᠷᠤ ᠳᠣᠪᠲᠣᠯᠤᠨ ᠡᠵᠡᠯᠡᠵᠡᠢ᠃ ᠡᠭᠦᠨ ᠦ ᠵᠡᠷᠭᠡᠴᠡᠭᠡ ᠮᠠᠨᠵᠤ ᠪᠣᠯᠤᠨ ᠣᠷᠣᠰ ᠲᠠᠢ ᠬᠤᠳᠠᠯᠳᠤᠭ᠎ᠠ ᠬᠢᠵᠦ ᠪᠠᠶᠢᠪᠠ᠃ ᠲᠡᠷᠡ ᠪᠡᠷ 1687 ᠣᠨ ᠳᠤ ᠴᠡᠷᠢᠭ ᠦᠨ ᠬᠦᠴᠦ ᠪᠡᠷ ᠬᠠᠯᠬ᠎ᠠ ᠶᠢ ᠨᠢᠭᠡᠳᠬᠡᠬᠦ ᠣᠷᠣᠯᠳᠤᠯᠭ᠎ᠠ ᠬᠢᠭᠰᠡᠨ ᠨᠢ ᠠᠮᠵᠢᠯᠲᠠᠨ ᠳᠤ ᠬᠦᠷᠢᠶ᠎ᠡ ᠭᠦᠢ ᠶᠤᠮ᠃ ᠬᠠᠯᠬ᠎ᠠ ᠣᠶᠢᠷᠠᠳ ᠤᠨ ᠳᠠᠶᠢᠨ ᠳᠤ ᠬᠠᠯᠬ᠎ᠠ ᠨᠤᠭᠤᠳ ᠢᠯᠠᠭᠳᠠᠨ ᠵᠢᠭᠤᠲᠠᠵᠤ ᠴᠢᠭᠤᠯᠤᠯᠲᠤ ᠬᠠᠭᠠᠯᠭᠠᠨ ᠬᠦᠷᠴᠦ ᠪᠠᠭᠤᠳᠠᠯᠠᠭᠰᠠᠨ ᠪᠣᠯᠤᠨ ᠮᠠᠨᠵᠤ ᠶᠢᠨ ᠴᠡᠷᠢᠭ ᠦᠨ ᠬᠦᠴᠦᠨ ᠤᠯᠬᠤ ᠶᠢᠨ ᠭᠣᠣᠯ ᠳᠤ ᠭᠠᠯᠳᠠᠨ ᠲᠠᠢ ᠪᠠᠶᠢᠯᠳᠤᠭᠰᠠᠨ ᠨᠢ 1690 ᠣᠨ ᠤ ᠶᠠᠪᠤᠳᠠᠯ ᠪᠣᠯᠤᠨ᠎ᠠ᠃ 1691 ᠣᠨ ᠳᠤ ᠳᠣᠯᠣᠨᠠᠭᠤᠷ ᠤᠨ ᠴᠢᠭᠤᠯᠭᠠᠨ ᠳᠤ ᠬᠠᠯᠬ᠎ᠠ ᠶᠢᠨ 4 ᠠᠶᠢᠮᠠᠭ ᠤᠨ ᠨᠣᠶᠠᠳ ᠮᠠᠨᠵᠤ ᠴᠢᠩ ᠤᠯᠤᠰ ᠲᠤ ᠳᠠᠭᠠᠷ᠎ᠠ ᠤᠷᠤᠪᠠ᠃ 1696 ᠣᠨ ᠳᠤ ᠮᠠᠨᠵᠤ ᠬᠠᠯᠬ᠎ᠠ ᠶᠢᠨ ᠴᠡᠷᠢᠭ ᠭᠠᠯᠳᠠᠨ ᠢ ᠲᠡᠷᠡᠯᠵᠢ ᠶᠢᠨ ᠵᠠᠭᠤᠨ ᠮᠣᠳᠣᠨ ᠳᠤ ᠪᠠᠶᠢᠯᠳᠤᠨ ᠴᠣᠬᠢᠵᠠᠢ᠃ 1697 ᠣᠨ ᠳᠤ ᠣᠶᠢᠷᠠᠳ ᠤᠨ ᠬᠠᠭᠠᠨ ᠢᠶᠠᠷ ᠰᠡᠸᠡᠩᠷᠠᠪᠳᠠᠨ ᠲᠣᠳᠣᠷᠠᠵᠤ ᠭᠠᠯᠳᠠᠨ ᠪᠣᠱᠣᠭᠲᠤ ᠬᠠᠭᠠᠨ ᠲᠩᠷᠢ ᠳᠦ ᠬᠠᠯᠢᠪᠠᠢ᠃ 1755 ᠣᠨ ᠳᠤ ᠮᠣᠩᠭᠣᠯ ᠤᠨ ᠲᠤᠰᠠᠭᠠᠷ ᠲᠣᠭᠲᠠᠨᠢᠯ ᠤᠨ ᠰᠡᠭᠦᠯᠴᠢ ᠶᠢᠨ ᠭᠣᠯᠣᠮᠲᠠ ᠣᠶᠢᠷᠠᠳ ᠲᠦᠮᠡᠨ ᠮᠠᠨᠢ ᠳᠣᠲᠣᠭᠠᠳᠤ ᠶᠢᠨ ᠵᠥᠷᠢᠴᠡᠯ ᠦᠨ ᠤᠯᠠᠮ ᠠᠴᠠ ᠮᠠᠨᠵᠤ ᠨᠠᠷ ᠲᠤ ᠡᠵᠡᠯᠡᠭᠳᠡᠨ ᠠᠯᠠᠵᠤ ᠬᠢᠳᠤᠭᠤᠯᠬᠤ᠂ ᠨᠤᠲᠤᠭ ᠵᠢᠭᠠᠭᠳᠠᠨ ᠴᠥᠯᠡᠭᠳᠡᠬᠦ᠂ ᠵᠢᠭᠤᠳᠠᠨ ᠣᠳᠬᠤ ᠵᠡᠷᠭᠡ ᠪᠡᠷ ᠲᠠᠷᠠᠨ ᠪᠤᠲᠠᠷᠠᠵᠠᠢ᠃1755-1758 ᠣᠨ ᠨᠤᠭᠤᠳ ᠲᠤ ᠬᠣᠲᠣᠭᠣᠶᠢᠳ ᠤᠨ ᠴᠢᠩᠭᠦᠩᠵᠠᠪ᠂ ᠬᠣᠶᠢᠳᠤ ᠤᠨ ᠠᠮᠤᠷᠰᠠᠨᠠᠭ᠎ᠠ ᠪᠠᠨ ᠨᠠᠷ ᠬᠠᠯᠬ᠎ᠠ ᠣᠶᠢᠷᠠᠳ ᠤᠨ ᠪᠣᠰᠤᠯᠭ᠎ᠠ ᠶᠢ ᠡᠬᠢᠯᠡᠭᠦᠯᠵᠦ ᠮᠠᠨᠵᠤ ᠶᠢᠨ ᠡᠰᠡᠷᠬᠦ ᠲᠡᠮᠡᠴᠡᠭᠰᠡᠨ ᠪᠣᠯᠪᠠᠴᠤ ᠨᠢᠭᠡᠳᠦᠮᠡᠯ ᠤᠳᠤᠷᠢᠳᠤᠯᠭ᠎ᠠ ᠦᠭᠡᠢ ᠠᠯᠠᠭ ᠴᠣᠭᠣᠭ ᠭᠠᠷᠤᠭᠰᠠᠨ ᠪᠣᠰᠤᠯᠭ᠎ᠠ ᠲᠡᠮᠡᠴᠡᠯ ᠦᠳ ᠰᠠᠨᠠᠭᠰᠠᠨ ᠦᠷ᠎ᠡ ᠳ᠋ᠦᠩ ᠳᠦ ᠬᠦᠷᠢᠶ᠎ᠡ ᠭᠦᠢ ᠪᠢᠯᠡ᠃ 1745 ᠣᠨ ᠳᠤ ᠮᠠᠨᠵᠤ ᠨᠠᠷ ᠮᠣᠩᠭᠣᠯᠴᠤᠳ ᠤᠨ ᠤᠭ ᠤᠨ ᠪᠢᠴᠢᠭ᠂ ᠲᠡᠦᠬᠡ ᠶᠢ ᠪᠡᠭᠡᠵᠢᠩ ᠳᠦ ᠬᠡᠪᠯᠡᠬᠦ ᠨᠡᠷ᠎ᠡ ᠪᠡᠷ ᠬᠤᠷᠢᠶᠠᠨ ᠠᠪᠴᠤ ᠤᠰᠠᠳᠬᠠᠵᠤ ᠡᠬᠢᠯᠡᠭᠰᠡᠨ (ᠮᠠᠭᠠᠳ ᠦᠭᠡᠢ ᠨᠢᠭᠤᠴᠠ ᠲᠣᠪᠴᠢᠶ᠎ᠠ ᠴᠤ ᠪᠠᠶᠢᠭᠰᠠᠨ ᠡᠰᠡᠬᠦ ᠶᠢ ᠬᠡᠨ ᠮᠡᠳᠡᠯ᠎ᠡ) ᠪᠠ 1753 ᠣᠨ ᠳᠤ ᠳᠥᠷᠪᠡᠳ ᠠᠶᠢᠮᠠᠭ ᠮᠠᠨᠵᠤ ᠶᠢᠨ ᠵᠠᠬᠢᠷᠭᠠᠨ ᠳᠤ ᠣᠷᠣᠵᠤ᠂1755 ᠣᠨ ᠳᠤ ᠣᠶᠢᠷᠠᠳ ᠡᠵᠡᠯᠡᠭᠳᠡᠨ ᠲᠠᠯᠠᠭᠤᠯᠵᠤ᠂ 1757-1758 ᠣᠨ ᠳᠤ ᠣᠯᠠᠨ ᠡᠬᠡ ᠣᠷᠣᠨᠴᠢ ᠮᠣᠩᠭᠣᠯᠴᠤᠳ ᠬᠣᠣᠷᠳᠠᠭᠤᠯᠤᠭᠳᠠᠨ ᠪᠣᠯᠤᠨ ᠴᠠᠴᠠᠯᠠᠭᠳᠠᠨ ᠬᠣᠷᠣᠯᠭᠣᠭᠤᠯᠵᠤ᠂ ᠱᠠᠰᠢᠨ ᠤ ᠲᠡᠷᠢᠭᠦᠨ ᠢ ᠲᠦᠪᠡᠳ ᠡᠴᠡ ᠲᠣᠳᠣᠷᠠᠭᠤᠯᠬᠤ ᠪᠣᠯᠤᠭᠰᠠᠨ᠂ ᠬᠠᠯᠬ᠎ᠠ ᠣᠶᠢᠷᠠᠳ ᠳᠠᠶᠢᠨ ᠤ ᠬᠥᠯ ᠲᠠᠲᠠᠪᠤᠷᠢ ᠳᠠᠶᠢᠴᠢᠯᠠᠭᠠᠨ ᠳᠤ ᠲᠤᠶᠢᠯᠳᠠᠨ ᠳᠣᠷᠣᠶᠢᠲᠠᠭᠰᠠᠨ ᠵᠡᠷᠭᠡ ᠡᠴᠡ ᠡᠭᠦᠳᠦᠨ ᠲᠩᠷᠢ ᠶᠢᠨ ᠲᠡᠳᠬᠦᠭᠰᠡᠨ ᠦ ᠣᠨ ᠵᠢᠯ ᠦᠳ ᠮᠣᠩᠭᠣᠯ ᠳᠤ ᠬᠦᠨᠳᠦ ᠪᠡᠷ ᠲᠤᠰᠠᠭᠰᠠᠨ ᠭᠡᠬᠦ ᠪᠥᠷᠢᠨ ᠦᠨᠳᠦᠰᠦ ᠲᠡᠢ ᠪᠢᠯᠡ᠃


1853 ᠣᠨ ᠳᠤ ᠪᠠᠷᠠᠭᠤᠨ ᠲᠦᠮᠡᠳ ᠲᠦ ᠨᠠᠶᠢᠮᠠᠨ ᠰᠤᠮᠤ ᠶᠢᠨ ᠲᠡᠮᠡᠴᠡᠯ ᠥᠷᠨᠢᠵᠡᠢ᠃ 1858 ᠣᠨ ᠳᠤ ᠦᠦᠰᠢᠨ ᠬᠣᠰᠢᠭᠤᠨ ᠤ ᠳᠤᠭᠤᠶᠢᠯᠠᠩᠭᠤᠳ ᠡᠭᠦᠰᠴᠢ᠂ 1891 ᠣᠨ ᠭᠠᠷᠲᠠᠯ᠎ᠠ ᠢᠳᠡᠪᠬᠢ ᠲᠡᠢ ᠪᠠᠶᠢᠪᠠ᠃ 1859 ᠣᠨ ᠳᠤ ᠵᠤᠤ-ᠤᠳᠠ᠂ ᠵᠣᠰᠲ᠋ᠣᠳ ᠮᠠᠨᠵᠤ ᠶᠢᠨ ᠡᠰᠡᠷᠬᠦ ᠪᠣᠰᠤᠯᠭ᠎ᠠ ᠭᠠᠷᠴᠠᠢ᠃ 1863-1864 ᠣᠨ ᠳᠤ ᠵᠣᠰᠣᠲᠤ᠂ ᠵᠡᠭᠦᠨ ᠲᠦᠮᠡᠳ ᠲᠦ᠂ 1864 ᠣᠨ ᠳᠤ ᠬᠠᠷᠠᠴᠢᠨ ᠳᠤ ᠪᠣᠰᠤᠯᠭ᠎ᠠ ᠭᠠᠷᠪᠠ᠃ 1866 ᠣᠨ ᠳᠤ ᠣᠷᠳᠣᠰ ᠲᠤ ᠳᠤᠭᠤᠶᠢᠯᠠᠩ ᠤᠨ ᠬᠥᠳᠡᠯᠭᠡᠭᠡᠨ ᠡᠷᠴᠢᠮᠵᠢᠵᠦ᠂ ᠵᠡᠪᠰᠡᠭᠲᠦ ᠲᠡᠮᠡᠴᠡᠯ ᠴᠤ ᠭᠠᠷᠪᠠ᠃ 1868 ᠣᠨ ᠳᠤ ᠪᠠᠶᠢᠯᠠᠩᠭ᠎ᠠ ᠶᠢᠨ ᠪᠣᠰᠤᠯᠭ᠎ᠠ ᠭᠠᠷᠤᠯ᠎ᠠ᠃ 1870 ᠣᠨ ᠳᠤ ᠥᠪᠥᠷ ᠮᠣᠩᠭᠣᠯ ᠳᠤ ᠬᠠᠮᠢᠭ᠎ᠠ ᠰᠠᠶᠢᠭᠦᠢ ᠮᠠᠨᠵᠤ ᠶᠢᠨ ᠡᠰᠡᠷᠬᠦ ᠡᠰᠡᠷᠭᠦᠴᠡᠯ ᠥᠷᠨᠢᠪᠡ᠃ 1873 ᠣᠨ ᠳᠤ ᠳᠠᠯᠠᠢ ᠯᠠᠮᠠ ᠮᠠᠨᠵᠤ ᠠᠴᠠ ᠨᠡᠯᠢᠶᠡᠳ ᠲᠤᠰᠠᠭᠠᠷ ᠪᠠᠶᠢᠳᠠᠯ ᠲᠠᠢ ᠪᠣᠯᠤᠭᠰᠠᠨ ᠨᠢ ᠮᠣᠩᠭᠣᠯ ᠳᠤ ᠨᠥᠯᠥᠭᠡᠯᠡᠯ ᠦᠵᠡᠭᠦᠯᠦᠯ᠎ᠡ᠃ 1877 ᠣᠨ ᠳᠤ ᠴᠠᠭᠠᠨ ᠮᠠᠯᠠᠭᠠᠶᠢᠲᠠᠨ ᠤ (ᠯᠠᠯᠤ ᠨᠤᠭᠤᠳ) ᠪᠣᠰᠤᠯᠭ᠎ᠠ ᠶᠢ ᠳᠠᠷᠤᠬᠤ ᠳᠤ ᠮᠣᠩᠭᠣᠯᠴᠤᠳ ᠠᠴᠠ ᠬᠦᠮᠦᠨ ᠬᠦᠴᠦ ᠳᠠᠶᠢᠴᠢᠯᠠᠪᠠ᠃ 1880 ᠣᠨ ᠳᠤ ᠬᠠᠯᠬ᠎ᠠ ᠳᠤ ᠣᠨᠣᠯᠲᠠ ᠶᠢᠨ ᠴᠡᠷᠢᠭ ᠦᠨ ᠪᠣᠰᠤᠯᠭ᠎ᠠ ᠭᠠᠷᠪᠠ᠃ 1881 ᠣᠨ ᠳᠤ ᠣᠷᠣᠰ ᠤᠳ ᠲᠤᠸᠠ ᠳᠤ ᠣᠨᠴᠠᠭᠠᠢ ᠡᠷᠬᠡ ᠲᠡᠢ ᠪᠣᠯᠤᠭᠰᠠᠨ ᠪᠣᠯ᠂ 1883 ᠣᠨ ᠳᠤ ᠲᠤᠸᠠᠴᠤᠳ ᠡᠭᠦᠨ ᠢ ᠡᠰᠡᠷᠭᠦᠴᠡᠨ ᠠᠯᠲᠠᠨ ᠮᠠᠶᠢᠳᠠᠷ ᠤᠨ ᠪᠣᠰᠤᠯᠭ᠎ᠠ ᠶᠢ ᠳᠡᠭᠳᠡᠭᠡᠯ᠎ᠡ᠃ 1889 ᠣᠨ ᠳᠤ ᠵᠢᠷᠢᠮ ᠴᠢᠭᠤᠯᠭᠠᠨ ᠳᠤ ᠪᠣᠰᠤᠯᠭ᠎ᠠ ᠳᠡᠭᠳᠡᠪᠡ᠃

1891 ᠣᠨ ᠳᠤ ᠠᠶᠤᠮᠰᠢᠭᠲᠤ ᠲᠡᠰᠦᠷᠡᠯᠲᠡ ᠪᠣᠯᠪᠠ᠃ ᠤᠯᠠᠭᠠᠨ ᠮᠠᠯᠠᠭᠠᠶᠢᠲᠠᠨ ᠤ ᠤᠷᠪᠠᠯᠭᠠᠨ᠂ ᠬᠢᠲᠠᠳ ᠲᠠᠷᠢᠶᠠᠴᠢᠨ ᠶᠠᠩ ᠶᠡ ᠴᠤᠸ᠎ᠠ ᠶᠢᠨ ᠦ ᠰᠠᠮᠠᠭᠤᠨ᠂ ᠵᠠᠩ ᠳ᠋ᠠᠨ ᠳᠠ᠎ᠠ ᠶᠢᠨ ᠦᠢᠮᠡᠭᠡᠨ ᠭᠡᠵᠦ ᠶᠠᠩᠵᠤ ᠪᠦᠷᠢ ᠪᠡᠷ ᠨᠡᠷᠡᠯᠡᠭᠳᠡᠬᠦ᠂ ᠮᠣᠩᠭᠣᠯᠴᠤᠳ ᠤᠨ ᠲᠡᠦᠬᠡᠨ ᠳᠦ ᠤᠴᠠᠷᠠᠭᠰᠠᠨ ᠬᠠᠮᠤᠭ ᠤᠨ ᠲᠣᠮᠣ ᠭᠡᠨᠣᠴᠢᠳ ᠦᠳ ᠦᠨ ᠨᠢᠭᠡ ᠲᠣᠬᠢᠶᠠᠪᠠ᠃

ᠨᠠᠩᠭᠢᠶᠠᠳ ᠨᠠᠷ 《ᠮᠣᠩᠭᠣᠯ ᠬᠦᠮᠦᠨ ᠢ ᠨᠢ ᠠᠯᠠᠵᠤ᠂ ᠭᠠᠵᠠᠷ ᠢ ᠨᠢ ᠪᠤᠯᠢᠶᠠᠶ᠎ᠠ!》 ᠭᠡᠵᠦ ᠤᠤᠯᠭᠠᠯᠠᠨ᠂ ᠴᠢᠩ ᠤᠯᠤᠰ ᠤᠨ ᠵᠠᠰᠠᠭ ᠲᠠᠢ ᠰᠦᠯᠪᠡᠭᠡᠴᠡᠯᠳᠦᠨ ᠵᠣᠰᠣᠲᠤ ᠶᠢᠨ ᠴᠢᠭᠤᠯᠭᠠᠨ ᠳᠤ (ᠣᠳᠣ ᠤᠯᠠᠭᠠᠨᠬᠠᠳᠠ), ᠬᠠᠷᠠᠴᠢᠨ ᠭᠤᠷᠪᠠᠨ ᠬᠣᠰᠢᠭᠤᠨ ᠳᠤ 48 ᠡᠳᠦᠷ ᠲᠦ 150 ᠮᠢᠩᠭᠠᠨ ᠮᠣᠩᠭᠣᠯᠴᠤᠳ ᠢ ᠬᠢᠳᠤᠵᠠᠢ! ᠮᠣᠩᠭᠣᠯ ᠣᠷᠣᠨ ᠳᠤ 1870 ᠣᠨ ᠳᠤ ᠶᠡᠬᠡ ᠬᠦᠷᠢᠶᠡᠨ ᠳᠦ ᠮᠠᠨᠵᠤ ᠶᠢ ᠡᠰᠡᠷᠭᠦᠴᠡᠭᠰᠡᠨ ᠠᠷᠠᠳ ᠤᠨ ᠬᠥᠳᠡᠯᠭᠡᠭᠡᠨ᠂ 1880 ᠣᠨ ᠳᠤ ᠠᠷᠠᠳ ᠣᠨᠣᠯᠲᠠ ᠶᠢᠨ ᠤᠳᠤᠷᠢᠳᠤᠯᠭ᠎ᠠ ᠪᠠᠷ ᠤᠯᠢᠶᠠᠰᠤᠲᠠᠢ ᠶᠢᠨ ᠴᠡᠷᠢᠭ ᠦᠨ ᠪᠣᠰᠤᠯᠭ᠎ᠠ᠂ ᠣᠷᠳᠣᠰ ᠤᠨ ᠳᠤᠭᠤᠶᠢᠯᠠᠩ᠂ 1900 ᠣᠨ ᠳᠤ ᠤᠯᠢᠶᠠᠰᠤᠲᠠᠢ ᠳᠤ ᠮᠠᠨᠵᠤ ᠶᠢᠨ ᠡᠰᠡᠷᠬᠦ ᠮᠣᠩᠭᠣᠯ ᠴᠡᠷᠢᠭ ᠦᠨ ᠪᠣᠰᠤᠯᠭ᠎ᠠ᠂ 1906 ᠣᠨ ᠳᠤ ᠶᠡᠬᠡ ᠬᠦᠷᠢᠶᠡᠨ ᠳᠦ ᠬᠢᠲᠠᠳ ᠤᠨ ᠮᠥᠩᠭᠥ ᠬᠡᠦᠯᠦᠭᠴᠢ ᠬᠤᠳᠠᠯᠳᠤᠭᠠᠴᠢᠳ ᠤᠨ ᠡᠰᠡᠷᠬᠦ ᠠᠷᠠᠳ ᠤᠨ ᠬᠥᠳᠡᠯᠭᠡᠭᠡᠨ ᠵᠡᠷᠭᠡ ᠪᠣᠰᠤᠯᠭ᠎ᠠ ᠬᠥᠳᠡᠯᠭᠡᠭᠡ ᠨᠦᠭᠦᠳ ᠭᠠᠷᠴᠤ ᠪᠠᠶᠢᠪᠠ᠃ ᠮᠣᠩᠭᠣᠯ ᠳᠤ ᠲᠣᠮᠣ ᠨᠣᠶᠠᠳ ᠯᠠᠮᠠ ᠨᠠᠷ ᠤᠨ ᠤᠳᠤᠷᠢᠳᠤᠯᠭ᠎ᠠ ᠪᠠᠷ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ ᠡᠷᠴᠢᠮᠲᠡᠢ ᠥᠷᠨᠢᠨ 1910 ᠣᠨ ᠳᠤ ᠶᠡᠬᠡ ᠬᠦᠷᠢᠶᠡᠨ ᠳᠦ ᠮᠠᠨᠵᠤ ᠶᠢᠨ ᠡᠰᠡᠷᠬᠦ ᠠᠷᠠᠳ ᠤᠨ ᠬᠥᠳᠡᠯᠭᠡᠭᠡᠨ ᠭᠠᠷᠴᠤ ᠪᠦᠬᠦ ᠨᠡᠶᠢᠲᠡ ᠶᠢᠨ ᠳᠡᠮᠵᠢᠯᠭᠡ ᠶᠢ ᠬᠦᠯᠢᠶᠡᠨ ᠬᠦᠷᠢᠶᠡᠨ ᠦ ᠰᠠᠨᠳᠣ ᠠᠮᠪᠠᠨ᠂ ᠤᠯᠢᠶᠠᠰᠤᠲᠠᠢ ᠶᠢᠨ ᠵᠠᠩᠵᠤᠨ ᠨᠠᠷ ᠢ ᠬᠥᠭᠡᠭᠡᠵᠦ 1911 ᠣᠨ ᠤ 12 ᠰᠠᠷ᠎ᠠ ᠳᠤ ᠣᠯᠠᠨ᠎ᠠ ᠡᠷᠭᠦᠭᠳᠡᠭᠰᠡᠨ ᠮᠣᠩᠭᠣᠯ ᠤᠯᠤᠰ ᠢ ᠪᠠᠶᠢᠭᠤᠯᠤᠨ ᠪᠣᠭᠳᠠ ᠵᠠᠪᠵᠤᠨ ᠳᠠᠮᠪᠠ ᠬᠤᠲᠤᠭᠲᠤ ᠶᠢ ᠬᠠᠭᠠᠨ ᠢᠶᠠᠷ ᠡᠷᠭᠦᠮᠵᠢᠯᠡᠨ ᠣᠯᠠᠨ᠎ᠠ ᠲᠤᠩᠬᠠᠭᠯᠠᠪᠠ᠃ ᠮᠠᠨᠵᠤ ᠶᠢᠨ ᠡᠰᠡᠷᠭᠦ ᠲᠡᠮᠡᠴᠡᠯ ᠭᠠᠭᠴᠠ ᠬᠠᠯᠬ᠎ᠠ ᠲᠡᠳᠦᠢ ᠦᠭᠡᠢ ᠨᠡᠶᠢᠲᠡ ᠮᠣᠩᠭᠣᠯ ᠢ ᠬᠠᠮᠤᠷᠴᠢ ᠪᠠᠶᠢᠭᠰᠠᠨ ᠤ ᠨᠢᠭᠡ ᠨᠢ ᠪᠠᠷᠭᠤ ᠬᠣᠰᠢᠭᠤᠨ ᠤ ᠳᠠᠮᠳᠢᠨᠰᠦ᠋ᠷᠦᠩ ᠦᠨ ᠤᠳᠤᠷᠢᠳᠤᠭᠰᠠᠨ ᠮᠠᠨᠵᠤ ᠶᠢᠨ ᠡᠰᠡᠷᠬᠦ ᠠᠷᠠᠳ ᠤᠨ ᠲᠡᠮᠡᠴᠡᠯ ᠪᠣᠯᠤᠨ᠎ᠠ᠃ ᠲᠡᠷᠡ ᠪᠡᠷ ᠪᠣᠭᠳᠠ ᠬᠠᠭᠠᠨᠲᠤ ᠮᠣᠩᠭᠣᠯ ᠤᠯᠤᠰ ᠤᠨ ᠲᠥᠷᠥ ᠳᠦ ᠵᠢᠳᠬᠦᠵᠦ ᠮᠠᠩᠯᠠᠢ ᠪᠠᠭᠠᠲᠤᠷ ᠴᠣᠯᠠᠲᠠᠢ ᠪᠠᠷ ᠬᠠᠲᠠᠨ ᠪᠠᠭᠠᠲᠤᠷ ᠮᠠᠭᠰᠤᠷᠵᠠᠪ ᠤᠨ ᠬᠠᠮᠲᠤ 1912 ᠣᠨ ᠳᠤ ᠬᠣᠪᠳᠣ ᠠᠴᠠ ᠮᠠᠨᠵᠤ ᠶᠢᠨ ᠴᠡᠷᠢᠭ ᠢ ᠬᠥᠭᠡᠰᠦᠨ ᠢᠶᠡᠷ ᠮᠣᠩᠭᠣᠯ ᠤᠨ 150- 200 ᠣᠷᠴᠢᠮ ᠵᠢᠯ ᠮᠠᠨᠵᠤ ᠠᠴᠠ ᠬᠠᠷᠠᠭᠠᠲᠤ ᠪᠠᠶᠢᠭᠰᠠᠨ ᠪᠠᠶᠢᠳᠠᠯ ᠢ ᠡᠴᠦᠰ ᠪᠣᠯᠭᠠᠭᠰᠠᠨ ᠪᠢᠯᠡ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠠᠨᠵᠤ ᠶᠢᠨ ᠡᠷᠬᠡᠰᠢᠶᠡᠯ ᠳᠦ ᠪᠠᠶᠢᠭᠰᠠᠨ ᠦᠶ᠎ᠡ ᠶᠢᠨ ᠮᠣᠩᠭᠣᠯ ᠤᠨ ᠲᠥᠷᠥ᠂ ᠡᠷᠬᠡ ᠵᠦᠢ ᠶᠢᠨ ᠰᠡᠳᠬᠢᠯᠭᠡᠨ ᠦ ᠬᠥᠭᠵᠢᠯ

ᠪᠢᠴᠢᠭᠡᠰᠦ