ᠮᠠᠨᠵᠤ ᠨᠤᠭᠤᠳ ᠬᠢᠲᠠᠳ ᠢ ᠡᠵᠡᠯᠦᠭᠰᠡᠨ ᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠨᠵᠢ ᠨᠤᠭᠤᠳ ᠤᠨ ᠤᠳᠠᠭᠠᠬᠢ ᠰᠡᠷᠭᠦᠯᠲᠡ ᠨᠢ 17 ᠍ ᠳᠦᠭᠡᠷ ᠵᠠᠭᠤᠨ ᠳᠤ ᠠᠶᠢᠰᠢᠩ ᠭᠢᠣᠷᠣ ᠣᠪᠤᠭ ᠤᠨ ᠨᠤᠷᠬᠠᠶᠢᠴᠢ ᠵᠦᠷᠴᠢᠳ ᠢ ᠨᠢᠭᠡᠳᠬᠡᠨ 1616 ᠣᠨ ᠳᠤ ᠬᠣᠵᠢᠮ ᠤᠨ ᠠᠯᠲᠠᠨ ᠪᠤᠶᠤ ᠵᠢᠩ ᠤᠯᠤᠰ᠂ ᠮᠠᠨᠵᠤ ᠪᠠᠷ ᠠᠮᠠᠭ᠎ᠠ ᠠᠶᠢᠰᠢᠩ ᠭᠦᠷᠦᠭᠦᠨ ᠤᠯᠤᠰ ᠢ ᠪᠠᠶᠢᠭᠤᠯᠵᠤ ᠬᠠᠭᠠᠨ ᠬᠡᠮᠡᠭᠳᠡᠬᠦ ᠦᠶᠡᠰ ᠡᠬᠢᠯᠡᠵᠡᠢ᠃ ᠲᠡᠷᠡᠪᠡᠷ 2 ᠵᠢᠯ ᠦᠨ ᠳᠠᠷᠠᠭ᠎ᠠ 《ᠳᠣᠯᠣᠭᠠᠨ ᠥᠰᠢᠯ ᠭᠣᠮᠣᠳᠠᠯ》 ᠭᠡᠭᠡᠴᠢ ᠶᠢ ᠵᠠᠷᠯᠠᠨ ᠬᠢᠲᠠᠳ ᠤᠨ ᠮᠢᠩ ᠤᠯᠤᠰ ᠤᠨ ᠬᠣᠯᠪᠣᠭ᠎ᠠ ᠬᠠᠷᠢᠶᠠᠨ ᠳᠤ ᠪᠠᠶᠢᠬᠤ ᠪᠤᠰᠤᠳ ᠵᠦᠷᠴᠢᠨ ᠠᠶᠢᠮᠠᠭ ᠤᠳ ᠲᠠᠢ ᠬᠡᠳᠦᠨ ᠤᠳᠠᠭ᠎ᠠ ᠶᠢᠨ ᠠᠮᠵᠢᠯᠲᠠ ᠲᠠᠢ ᠪᠠᠶᠢᠯᠳᠤᠭᠠᠨ ᠢᠶᠠᠷ ᠯᠢᠶᠣᠣᠳᠣᠨᠣᠭ ᠢ ᠡᠵᠡᠯᠡᠵᠦ 1625 ᠣᠨ ᠳᠤ ᠮᠦᠭᠳᠡᠨ ᠢ ᠡᠵᠡᠯᠡᠨ ᠨᠡᠶᠢᠰᠯᠡᠯ ᠬᠡᠮᠡᠨ ᠵᠠᠷᠯᠠᠵᠠᠢ᠃ ᠢᠩᠭᠢᠭᠰᠡᠨ ᠢᠶᠡᠷ ᠲᠡᠷᠡ ᠪᠡᠷ ᠡᠳ᠋ ᠍ ᠦᠨ ᠵᠠᠰᠠᠭ ᠬᠦᠮᠦᠨ ᠬᠦᠴᠦᠨ ᠦ ᠨᠥᠭᠡᠴᠡ ᠪᠡᠷ ᠬᠦᠴᠦᠷᠬᠡᠭᠵᠢᠨ ᠮᠣᠩᠭᠣᠯ ᠲᠠᠢ ᠰᠢᠭᠤᠳ ᠬᠢᠯᠢᠯᠡᠨ ᠬᠠᠷᠢᠯᠴᠠᠬᠤ ᠪᠣᠯᠵᠠᠢ᠃ ᠲᠡᠷᠡ ᠦᠶ᠎ᠡ ᠳᠦ ᠮᠣᠩᠭᠣᠯᠴᠤᠳ ᠬᠡᠳᠦᠢ ᠲᠠᠷᠬᠠᠢ ᠪᠤᠲᠠᠷᠬᠠᠢ ᠴᠤ ᠪᠥᠰᠡ ᠨᠤᠲᠤᠭ ᠲᠤ ᠪᠠᠨ ᠬᠦᠴᠦᠷᠬᠡᠭ ᠤᠯᠤᠰ ᠲᠥᠷᠥ ᠴᠡᠷᠢᠭ ᠦᠨ ᠪᠠᠶᠢᠭᠤᠯᠤᠯ ᠲᠠᠢ ᠪᠠᠶᠢᠪᠠ᠃ ᠨᠤᠷᠬᠠᠶᠢᠴᠢ ᠮᠣᠩᠭᠣᠯᠴᠤᠳ ᠢ ᠮᠢᠩ ᠦᠨ ᠡᠰᠡᠷᠬᠦ ᠬᠣᠯᠪᠣᠭᠠᠲᠠᠨ ᠢᠶᠠᠨ ᠪᠣᠯᠭᠠᠬᠤ ᠪᠣᠳᠣᠯᠭ᠎ᠠ ᠶᠢ ᠠᠮᠵᠢᠯᠲᠠ ᠲᠠᠢ ᠬᠡᠭᠡᠭᠵᠢᠭᠦᠯᠦᠨ ᠢᠵᠠᠭᠤᠷᠲᠠᠨ ᠨᠤᠭᠤᠳ ᠢᠶᠠᠨ ᠮᠣᠩᠭᠣᠯ ᠲᠠᠢ ᠬᠤᠳᠠ ᠤᠷᠤᠭ ᠪᠣᠯᠭᠠᠨ ᠳᠡᠭᠡᠷ᠎ᠡ ᠳᠤᠷᠠᠳᠤᠭᠰᠠᠨᠴᠢᠯᠠᠨ ᠮᠣᠩᠭᠣᠯ ᠪᠢᠴᠢᠭ ᠢ ᠠᠪᠴᠤ ᠬᠡᠷᠡᠭᠯᠡᠭᠰᠡᠨ ᠪᠠᠶᠢᠨ᠎ᠠ᠃ 1624 ᠣᠨ ᠳᠤ ᠵᠡᠭᠦᠨ ᠮᠣᠩᠭᠣᠯ ᠤᠨ ᠬᠠᠷᠠᠴᠢᠨ᠂ ᠳᠥᠷᠪᠡᠳ᠂ ᠵᠠᠯᠠᠢ ᠳᠤ᠂ ᠭᠣᠷᠯᠣᠰ ᠠᠶᠢᠮᠠᠭ ᠤᠳ ᠮᠠᠨᠵᠤ ᠳᠤ ᠳᠠᠭᠠᠷ᠎ᠠ ᠣᠷᠣᠪᠠ᠃ ᠡᠭᠦᠨ ᠢ ᠮᠣᠩᠭᠣᠯ ᠤᠨ ᠰᠡᠭᠦᠯᠴᠢ ᠶᠢᠨ ᠨᠡᠷ᠎ᠡ ᠲᠡᠳᠦᠢ ᠪᠠᠭ᠎ᠠ ᠬᠠᠭᠠᠨ ᠯᠢᠭᠳᠡᠨ ᠲᠡᠷᠢᠭᠦᠲᠡᠢ ᠨᠣᠶᠠᠳ ᠢᠵᠠᠭᠤᠷᠲᠠᠨ ᠨᠤᠭᠤᠳ ᠡᠰᠡᠷᠭᠦᠴᠡᠨ ᠮᠠᠨᠵᠤ ᠲᠠᠢ ᠪᠠᠶᠢᠯᠳᠤᠭᠰᠠᠨ ᠪᠣᠯᠪᠠᠴᠤ ᠲᠡᠳᠦᠢ ᠯᠠ ᠠᠮᠵᠢᠯᠲᠠ ᠣᠯᠤᠭ᠎ᠠ ᠦᠭᠡᠢ ᠶᠤᠮ᠃ 1626 ᠣᠨ ᠳᠤ ᠨᠠᠶᠢᠮᠠᠨ᠂ ᠪᠠᠭᠠᠷᠠᠩ᠂ ᠣᠩᠨᠢᠭᠤᠳ᠂ ᠭᠣᠷᠯᠷᠣᠰ ᠠᠶᠢᠮᠠᠭ ᠤᠳ ᠮᠠᠨᠵᠤ ᠳᠤ ᠳᠠᠭᠠᠪᠠ᠃ ᠮᠥᠨ ᠣᠨ ᠳᠤ ᠨᠤᠷᠬᠠᠶᠢᠴᠢ ᠨᠠᠨᠵᠢᠩ ᠬᠣᠲᠠ ᠶᠢ ᠳᠠᠶᠢᠯᠠᠬᠤ ᠪᠠᠶᠢᠯᠳᠤᠭᠠᠨ ᠳᠤ ᠠᠩᠬᠠᠨ ᠤ ᠢᠯᠠᠭᠳᠠᠯ ᠢᠶᠠᠨ ᠮᠢᠩ ᠦᠨ ᠵᠠᠩᠵᠤᠨ ᠶᠤᠸᠠᠨ ᠴᠤᠩᠵᠤᠸ᠎ᠠ ᠶᠢᠨ ᠳᠤ ᠬᠦᠯᠢᠶᠡᠵᠦ ᠬᠡᠳᠦᠨ ᠰᠠᠷ᠎ᠠ ᠶᠢᠨ ᠳᠠᠷᠠᠭ᠎ᠠ ᠨᠠᠰᠤ ᠨᠥᠬᠦᠴᠡᠵᠡᠢ᠃ ᠬᠠᠭᠠᠨ ᠰᠢᠷᠡᠭᠡᠨ ᠦ ᠲᠡᠮᠡᠴᠡᠯ ᠳᠦ 8 ᠍ ᠳᠤᠭᠠᠷ ᠬᠦᠦ ᠨᠢ ᠪᠣᠯᠬᠤ ᠬᠤᠨ ᠲᠠᠶᠢᠵᠢ ᠠᠮᠵᠢᠯᠲᠠ ᠭᠠᠷᠭᠠᠨ 1627 ᠣᠨ ᠳᠤ ᠠᠪᠠᠬᠠᠢ ᠬᠡᠮᠡᠭᠳᠡᠨ ᠬᠠᠭᠠᠨ ᠰᠠᠭᠤᠪᠠ᠃ 1628 ᠣᠨ ᠳᠤ ᠯᠢᠭᠳᠡᠨ ᠬᠠᠭᠠᠨ ᠮᠢᠩ ᠦᠨ ᠬᠢᠵᠠᠭᠠᠷ ᠤᠨ ᠰᠸᠠᠨ ᠹᠦ᠋, ᠳᠠ ᠲᠤᠩ ᠢ ᠳᠣᠪᠲᠣᠯᠤᠨ ᠮᠥᠨ ᠬᠢᠩᠭᠠᠨ ᠤ ᠨᠢᠷᠤᠭᠤ ᠶᠢ ᠳᠠᠪᠠᠵᠤ ᠬᠣᠷᠴᠢᠨ᠂ ᠲᠦᠮᠡᠳ ᠢ ᠡᠵᠡᠯᠡᠵᠡᠢ᠃ ᠡᠨᠡ ᠨᠢ ᠭᠠᠯᠳᠠᠨ ᠪᠣᠱᠤᠭᠳᠤ ᠬᠠᠯᠬ᠎ᠠ ᠶᠢ ᠰᠢᠬᠠᠮᠳᠠᠭᠤᠯᠤᠭᠰᠠᠨ ᠲᠠᠢ ᠠᠳᠠᠯᠢ ᠶᠠᠪᠤᠳᠠᠯ ᠪᠣᠯᠤᠭᠰᠠᠨ ᠶᠤᠮ᠃ 1630 ᠣᠨ ᠳᠤ ᠬᠣᠷᠴᠢᠨ᠂ ᠲᠦᠮᠡᠳ᠂ ᠶᠦᠩᠰᠢᠭᠡᠪᠦ᠂ ᠣᠷᠳᠣᠰ ᠠᠪᠠᠭ᠎ᠠ ᠵᠡᠷᠭᠡ ᠠᠶᠢᠮᠠᠭ ᠤᠳ᠂ 1631 ᠣᠨ ᠳᠤ ᠮᠠᠨᠵᠤ ᠨᠠᠷ ᠬᠠᠷᠠᠴᠢᠨ᠂ ᠠᠰᠤᠳ᠂ ᠨᠠᠶᠢᠮᠠᠨ᠂ ᠵᠠᠷᠤᠳ᠂ ᠠᠶᠢᠮᠠᠭ ᠤᠳ ᠲᠠᠢ ᠨᠡᠶᠢᠯᠡᠨ ᠲᠡᠭᠦᠨ ᠦ ᠡᠰᠡᠷᠬᠦ ᠪᠠᠶᠢᠯᠳᠤᠨ 1632 ᠣᠨ ᠳᠤ ᠴᠠᠬᠠᠷ ᠲᠤ ᠴᠥᠮᠥᠷᠡᠨ ᠯᠢᠭᠳᠡᠨ ᠦ ᠴᠡᠷᠢᠭ ᠢ ᠴᠣᠬᠢᠵᠠᠢ᠃ ᠯᠢᠭᠳᠡᠨ ᠬᠥᠬᠡ ᠨᠠᠭᠤᠷ ᠲᠤ ᠵᠢᠭᠤᠳᠠᠨ ᠢᠷᠡᠵᠦ ᠬᠠᠯᠬ᠎ᠠ ᠶᠢᠨ ᠴᠣᠭᠲᠤ ᠬᠤᠩᠲᠠᠶᠢᠵᠢ ᠶᠢ ᠬᠦᠯᠢᠶᠡᠬᠦ ᠵᠠᠭᠤᠷ᠎ᠠ ᠪᠠᠨ 1634 ᠣᠨ ᠳᠤ ᠲᠩᠷᠢ ᠳᠦ ᠬᠠᠯᠢᠵᠠᠢ᠃ ᠢᠩᠭᠢᠭᠰᠡᠨ ᠢᠶᠡᠷ ᠮᠠᠨᠵᠤ ᠨᠤᠭᠤᠳ ᠪᠠᠷᠠᠭᠤᠨ ᠲᠠᠯ᠎ᠠ ᠠᠴᠠ ᠪᠠᠨ ᠠᠶᠤᠬᠤ ᠠᠶᠤᠯ ᠦᠭᠡᠢ ᠪᠣᠯᠤᠭᠰᠠᠨ ᠪᠠᠶᠢᠨ᠎ᠠ᠃ ᠠᠪᠠᠬᠠᠢ ᠬᠠᠨ ᠤ ᠮᠢᠩ ᠦᠨ ᠡᠰᠡᠷᠬᠦ ᠠᠩᠬᠠᠨ ᠤ ᠲᠤᠯᠤᠯᠳᠤᠭᠠᠨ 1627 ᠣᠨ ᠳᠤ ᠮᠥᠨᠥᠬᠢ ᠶᠤᠸᠠᠨ ᠴᠤᠩᠵᠤᠨ ᠤ ᠡᠰᠡᠷᠬᠦ ᠪᠣᠯᠤᠭᠰᠠᠨ ᠪᠥᠭᠡᠳ ᠮᠢᠩ ᠤᠯᠤᠰ ᠤᠨ ᠫᠣᠷᠲ᠋ᠤᠭᠠᠯ ᠠᠴᠠ ᠣᠯᠵᠤ ᠠᠪᠤᠭᠰᠠᠨ ᠦᠬᠡᠷ ᠪᠤᠤᠨ ᠤ ᠤᠯᠠᠮ ᠠᠴᠠ ᠢᠯᠠᠭᠳᠠᠭᠰᠠᠨ ᠪᠠ 1634 ᠣᠨ ᠳᠤ ᠠᠪᠠᠬᠠᠢ ᠣᠯᠵᠠᠨ ᠤ ᠬᠢᠲᠠᠳ ᠳᠠᠷᠬᠠᠴᠢ ᠨᠤᠭᠤᠳ ᠢᠶᠠᠷ ᠦᠬᠡᠷ ᠪᠤᠤ ᠬᠢᠯᠭᠡᠨ ᠠᠩᠬᠠᠨ ᠤ ᠮᠠᠨᠵᠤ ᠦᠬᠡᠷ ᠪᠤᠤᠨ ᠤ ᠬᠣᠷᠢᠶ᠎ᠠ ᠲᠠᠢ ᠪᠣᠯᠤᠭᠰᠠᠨ ᠪᠠᠶᠢᠨ᠎ᠠ᠃ 1635 ᠣᠨ ᠳᠤ ᠥᠪᠥᠷ ᠮᠣᠩᠭᠣᠯ ᠤᠨ ᠴᠡᠷᠢᠭ ᠮᠠᠨᠵᠤ ᠲᠤᠭ ᠤᠨ ᠴᠡᠷᠢᠭ ᠲᠦ ᠪᠦᠷᠢᠨ ᠨᠢᠭᠡᠳᠴᠡᠢ᠃ 1636 ᠣᠨ ᠳᠤ ᠰᠣᠯᠣᠩᠭᠣᠰ ᠲᠤ ᠳᠣᠪᠲᠣᠯᠤᠨ 1637 ᠣᠨ ᠳᠤ ᠮᠠᠨᠵᠤ᠂ ᠮᠣᠩᠭᠣᠯ ᠠᠴᠠ ᠭᠠᠳᠠᠨ᠎ᠠ ᠬᠢᠲᠠᠳ ᠤᠨ ᠬᠠᠨ ᠴᠡᠷᠢᠭ ᠢ ᠪᠠᠶᠢᠭᠤᠯᠤᠨ 1640-1642 ᠣᠨ ᠨᠤᠭᠤᠳ ᠲᠤ ᠬᠢᠲᠠᠳ ᠤᠨ ᠮᠢᠩ ᠦᠨ ᠡᠰᠡᠷᠬᠦ ᠠᠮᠵᠢᠯᠲᠠ ᠲᠠᠢ ᠲᠤᠯᠤᠯᠳᠤᠭᠠᠨ ᠨᠤᠭᠤᠳ ᠢ ᠬᠢᠵᠦ ᠬᠣᠶᠢᠳᠤ ᠬᠢᠲᠠᠳ ᠢ ᠡᠵᠡᠯᠡᠪᠡ᠃ ᠢᠩᠭᠢᠭᠡᠳ ᠲᠡᠷᠡᠪᠡᠷ ᠮᠢᠩ ᠤᠯᠤᠰ ᠤᠨ ᠵᠠᠰᠠᠭᠯᠠᠯ ᠤᠨ ᠬᠡᠯᠪᠡᠷᠢ ᠶᠢ ᠠᠪᠴᠤ ᠬᠡᠷᠡᠭᠵᠢᠭᠦᠯᠦᠨ ᠵᠠᠷᠢᠮ ᠬᠠᠨ ᠬᠢᠲᠠᠳ ᠢ ᠲᠥᠷᠥ ᠶᠢᠨ ᠠᠯᠪᠠᠨ ᠳᠤ ᠲᠣᠮᠢᠯᠠᠭᠰᠠᠨ ᠪᠠ ᠨᠤᠷᠤᠬᠠᠶᠢᠴᠢ ᠶᠢᠨ ᠦᠶ᠎ᠡ ᠶᠢᠨ ᠣᠯᠵᠠᠨ ᠤ ᠬᠠᠨ ᠬᠢᠲᠠᠳ ᠶᠠᠮᠠᠷ ᠠᠯᠪᠠ ᠢᠵᠠᠭᠤᠷᠲᠠᠢ ᠶᠢ ᠦᠯᠦ ᠲᠣᠭᠠᠴᠠᠨ 5 ᠍ ᠳᠦᠭᠡᠷ ᠵᠡᠷᠭᠡᠯᠡᠯ ᠦᠨ ᠬᠦᠮᠦᠨ ᠭᠡᠰᠡᠨ ᠣᠶᠢᠯᠠᠭᠠᠯᠲᠠ ᠶᠢ ᠥᠭᠡᠷᠡᠴᠢᠯᠡᠨ ᠮᠠᠨᠵᠤ ᠳᠤ ᠠᠯᠪᠠ ᠬᠠᠭᠠᠬᠤ ᠬᠢᠲᠠᠳ ᠤᠳ ᠢ ᠮᠠᠨᠵᠤ ᠦᠨᠳᠦᠰᠦᠲᠡᠨ ᠭᠡᠬᠦ ᠪᠣᠯᠵᠠᠢ᠃ ᠮᠥᠨ 1635 ᠣᠨ ᠳᠤ ᠪᠦᠬᠦ ᠵᠦᠷᠴᠢᠳ ᠢ ᠮᠠᠨᠵᠤ ᠬᠡᠮᠡᠬᠦ ᠪᠣᠯᠵᠤ (ᠮᠠᠨᠵᠤ ᠬᠡᠮᠡᠬᠦ ᠨᠡᠷᠡᠨ ᠦ ᠲᠤᠬᠠᠢ ᠳᠤ ᠨᠤᠷᠤᠬᠠᠶᠢᠴᠢ ᠶᠢ ᠮᠠᠩᠵᠤᠰᠢᠷᠢ ᠶᠢᠨ ᠬᠤᠪᠢᠯᠭᠠᠨ ᠭᠡᠳᠡᠭ ᠡᠴᠡ ᠡᠭᠦᠰᠦᠭᠰᠡᠨ ᠭᠡᠬᠦ ᠪᠣᠯᠪᠠᠴᠤ ᠵᠠᠷᠢᠮ ᠰᠤᠳᠤᠯᠤᠭᠠᠴᠢᠳ ᠲᠦᠩᠭᠦᠰ ᠬᠡᠯᠡᠨ ᠦ ᠶᠡᠬᠡ ᠭᠣᠣᠯ ᠪᠤᠶᠤ ᠮᠠᠨᠵᠤᠩ ᠢ ᠬᠡᠮᠡᠬᠦ ᠡᠴᠡ ᠡᠭᠦᠰᠦᠭᠰᠡᠨ ᠭᠡᠬᠦ ᠨᠢ ᠪᠤᠢ) ᠯᠢᠭᠳᠡᠨ ᠬᠠᠭᠠᠨ ᠤ ᠬᠦᠦ ᠡᠵᠡᠢ ᠬᠠᠨ ᠶᠤᠸᠠᠨ ᠭᠦᠷᠦᠨ ᠦ ᠴᠢᠩᠭᠢᠰ ᠦᠨ ᠲᠠᠮᠠᠭ᠎ᠠ ᠶᠢ ᠠᠪᠠᠬᠠᠢ ᠳᠤ ᠡᠷᠭᠦᠯ᠎ᠡ ᠬᠡᠮᠡᠨ 1636 ᠣᠨ ᠳᠤ ᠤᠯᠤᠰ ᠤᠨ ᠨᠡᠷ᠎ᠡ ᠶᠢ ᠮᠠᠨᠵᠤ ᠴᠢᠩ ᠤᠯᠤᠰ ᠪᠤᠶᠤ ᠮᠠᠨᠵᠤ ᠪᠠᠷ ᠳᠠᠶᠢᠴᠢᠨ ᠭᠦᠷᠦᠭᠦᠨ ᠬᠡᠮᠡᠨ ᠥᠭᠡᠷᠡᠴᠢᠯᠡᠵᠦ ᠠᠪᠠᠬᠠᠢ ᠬᠠᠨ ᠢ ᠶᠡᠬᠡ ᠡᠵᠡᠨ ᠬᠠᠭᠠᠨ ᠬᠡᠮᠡᠵᠡᠢ᠃ ᠡᠨᠡ ᠨᠢ ᠲᠡᠷᠡ ᠪᠡᠷ ᠮᠣᠩᠭᠣᠯᠴᠤᠳ ᠲᠤ ᠶᠡᠬᠡ ᠡᠵᠡᠨ ᠴᠢᠩᠭᠢᠰ ᠬᠠᠭᠠᠨ ᠤ ᠵᠠᠯᠭᠠᠮᠵᠢᠯᠠᠭᠴᠢ ᠶᠡᠬᠡ ᠶᠤᠸᠠᠨ ᠭᠦᠷᠦᠨ ᠢ ᠳᠠᠬᠢᠨ ᠮᠠᠨᠳᠤᠭᠤᠯᠤᠭᠴᠢ ᠭᠡᠬᠦ᠂ ᠮᠥᠨ ᠬᠢᠲᠠᠳ ᠤᠳ ᠲᠤ ᠤᠷᠢᠳᠤ ᠶᠢᠨ ᠵᠦᠷᠴᠢᠳ ᠦᠨ ᠠᠯᠲᠠᠨ ᠤᠯᠤᠰ ᠪᠤᠶᠤ ᠭᠠᠳᠠᠨ᠎ᠠ ᠶᠢᠨ ᠪᠤᠯᠢᠶᠠᠨ ᠡᠵᠡᠯᠡᠭᠴᠢ ᠪᠢᠰᠢ ᠭᠡᠳᠡᠭ ᠣᠶᠢᠯᠠᠭᠠᠯᠲᠠ ᠶᠢ ᠥᠭᠬᠦ ᠪᠣᠳᠣᠯᠭ᠎ᠠ ᠪᠠᠶᠢᠯ᠎ᠠ᠃ ᠮᠥᠨ ᠣᠨ ᠳᠤ ᠬᠠᠯᠬ᠎ᠠ ᠶᠢᠨ ᠨᠣᠶᠠᠳ ᠠᠪᠠᠬᠠᠢ ᠲᠠᠢ ᠬᠡᠯᠡᠯᠴᠡᠭᠡᠷ ᠬᠢᠭᠰᠡᠨ ᠪᠠ ᠥᠪᠥᠷ ᠮᠣᠩᠭᠣᠯ ᠮᠠᠨᠵᠤ ᠶᠢᠨ ᠵᠠᠬᠢᠷᠭᠠᠨ ᠳᠤ ᠣᠷᠣᠵᠠᠢ᠃ ᠮᠠᠨᠵᠤ ᠶᠢᠨ ᠬᠠᠭᠠᠨ 1638 ᠣᠨ ᠳᠤ ᠵᠢᠯ ᠪᠦᠷᠢ ᠶᠢᠰᠦᠨ ᠴᠠᠭᠠᠨ ᠤ ᠪᠡᠯᠡᠭ ᠡᠷᠭᠦᠵᠦ ᠪᠠᠶᠢᠬᠤ ᠶᠢ ᠬᠠᠯᠬ᠎ᠠ ᠶᠢᠨ ᠨᠣᠶᠠᠳ ᠲᠤ ᠲᠤᠯᠭᠠᠵᠤ ᠵᠠᠰᠠᠭᠲᠤ ᠬᠠᠨ ᠮᠠᠨᠵᠤ ᠶᠢ ᠡᠰᠡᠷᠭᠦᠴᠡᠨ ᠬᠦᠬᠡᠬᠤᠲᠠ ᠶᠢ ᠤᠤᠯᠭᠠᠯᠠᠨ ᠳᠣᠪᠲᠣᠯᠵᠠᠢ᠃ 1643 ᠣᠨ ᠳᠤ ᠠᠪᠠᠬᠠᠢ ᠭᠡᠨᠡᠳᠲᠡ ᠥᠭᠡᠳᠡ ᠪᠣᠯᠵᠤ ᠲᠡᠭᠦᠨ ᠦ ᠠᠬᠠᠮᠠᠳ ᠬᠦᠦ ᠬᠦᠦᠵᠢ ᠪᠣᠯᠤᠨ ᠡᠴᠢᠭᠡ ᠨᠢᠭᠡᠲᠡᠢ ᠳᠡᠭᠦᠦ ᠳᠣᠷᠣᠭᠣᠨ ᠨᠠᠷ ᠬᠠᠭᠠᠨ ᠰᠢᠷᠡᠭᠡᠨ ᠦ ᠲᠥᠯᠦᠭᠡ ᠲᠡᠮᠡᠴᠡᠯᠳᠦᠭᠰᠡᠨ ᠪᠣᠯᠪᠠᠴᠤ ᠠᠪᠠᠬᠠᠢ ᠶᠢᠨ 5 ᠨᠠᠰᠤᠲᠠᠢ ᠬᠦᠦ ᠶᠢ ᠬᠠᠭᠠᠨ ᠡᠷᠭᠦᠮᠵᠢᠯᠡᠬᠦ ᠪᠡᠷ ᠲᠣᠬᠢᠷᠠᠯᠴᠠᠵᠤ 1644 ᠣᠨ ᠳᠤ ᠱᠦᠩ ᠵᠢ ᠬᠠᠭᠠᠨ ᠪᠣᠯᠵᠤ ᠡᠶ᠎ᠡ ᠪᠡᠷ ᠵᠠᠰᠠᠭᠴᠢ ᠭᠡᠭᠳᠡᠪᠡᠢ᠃ ᠡᠨᠡ ᠦᠶ᠎ᠡ ᠳᠦ ᠬᠢᠲᠠᠳ ᠤᠨ ᠮᠢᠩ ᠤᠯᠤᠰ ᠳᠣᠲᠣᠭᠠᠳᠤ ᠶᠢᠨ ᠰᠠᠮᠠᠭᠤᠨ ᠲᠠᠢ ᠪᠠᠶᠢᠭᠰᠠᠨ ᠤ ᠣᠷᠭᠢᠯ ᠨᠢ 1644 ᠣᠨ ᠤ 4 ᠰᠠᠷ᠎ᠠ ᠳᠤ ᠪᠡᠭᠡᠵᠢᠩ ᠢ ᠯᠢ ᠽᠢᠴᠢᠨ ᠤ ᠤᠳᠤᠷᠢᠳᠤᠭᠰᠠᠨ ᠪᠣᠰᠤᠭᠴᠢᠳ ᠡᠵᠡᠯᠡᠨ ᠮᠢᠩ ᠦᠨ ᠰᠡᠭᠦᠯᠴᠢ ᠶᠢᠨ ᠬᠠᠭᠠᠨ ᠴᠢᠨᠵᠡᠨ ᠠᠮᠢᠶ᠎ᠠ ᠬᠣᠣᠷᠯᠠᠨ ᠮᠢᠩ ᠤᠯᠤᠰ ᠤᠨ ᠲᠡᠭᠦᠰᠬᠡᠯ ᠪᠣᠯᠤᠭᠰᠠᠨ ᠦᠢᠯᠡ ᠶᠠᠪᠤᠳᠠᠯ ᠪᠠᠶᠢᠯ᠎ᠠ᠃ ᠯᠢ ᠽᠢᠴᠢᠨ ᠪᠡᠭᠡᠵᠢᠩ ᠢ ᠡᠵᠡᠯᠡᠰᠦᠨ ᠦ ᠳᠠᠷᠠᠭ᠎ᠠ ᠪᠠᠷ 200.000 ᠬᠦᠮᠦᠨ ᠲᠡᠢ ᠪᠣᠰᠤᠭᠴᠢᠳ ᠤᠨ ᠠᠷᠮᠢ ᠪᠠᠨ ᠪᠡᠭᠡᠵᠢᠩ ᠡᠴᠡ ᠵᠡᠭᠦᠨ ᠬᠣᠶᠢᠰᠢ 80 ᠭᠠᠷᠤᠢ km ᠲᠤ ᠴᠠᠭᠠᠨ ᠬᠡᠷᠡᠮ ᠦᠨ ᠱᠠᠩᠬᠠᠶᠢᠭᠤᠸ᠎ᠠ ᠶᠢᠨ ᠪᠣᠭᠣᠮᠲᠠᠳ ᠪᠠᠶᠢᠬᠤ ᠮᠠᠨᠵᠤ ᠠᠴᠠ ᠮᠢᠩ ᠦᠨ ᠨᠡᠶᠢᠰᠯᠡᠯ ᠢ ᠰᠡᠷᠭᠡᠶᠢᠯᠡᠨ ᠰᠠᠭᠤᠭ᠎ᠠ ᠲᠣᠷᠭᠠᠨ ᠴᠡᠷᠢᠭ ᠦᠨ ᠶᠡᠷᠦᠩᠬᠡᠢ ᠺᠣᠮᠠᠨᠳᠠᠯᠠᠭᠴᠢ ᠸᠦ ᠰᠠᠩᠭᠤᠢ ᠶᠢᠨ ᠵᠦᠭ ᠬᠥᠳᠡᠯᠦᠭᠡᠵᠡᠢ᠃ ᠸᠦ ᠵᠠᠩᠵᠤᠨ ᠤ ᠴᠡᠷᠢᠭ ᠦᠨ ᠲᠣᠭ᠎ᠠ ᠪᠣᠰᠤᠭᠴᠢᠳ ᠠᠴᠠ 2 ᠳ᠋ᠠᠬᠢᠨ ᠴᠥᠭᠡᠨ ᠣᠯᠠᠨ ᠵᠢᠯ ᠮᠠᠨᠵᠤ ᠲᠠᠢ ᠪᠠᠶᠢᠯᠳᠤᠵᠤ ᠰᠤᠯᠢᠳᠠᠭᠰᠠᠨ ᠪᠠᠶᠢᠭᠰᠠᠨ ᠮᠥᠨ ᠮᠠᠨᠵᠢ ᠨᠤᠭᠤᠳ ᠢ ᠮᠡᠳᠡᠬᠦ ᠪᠣᠯᠤᠭᠰᠠᠨ ᠵᠡᠷᠭᠡ ᠡᠴᠡ ᠡᠭᠦᠳᠦᠨ ᠬᠡᠷᠡᠭ ᠳᠡᠭᠡᠷ᠎ᠡ ᠪᠡᠨ ᠲᠥᠷᠥ ᠪᠠᠷᠢᠵᠤ ᠪᠠᠶᠢᠭᠰᠠᠨ ᠳᠣᠷᠣᠭᠣᠨ ᠲᠠᠢ ᠬᠣᠯᠪᠣᠭ᠎ᠠ ᠪᠠᠶᠢᠭᠤᠯᠤᠭᠰᠠᠨ ᠪᠠᠶᠢᠨ᠎ᠠ᠃ (ᠵᠠᠷᠢᠮ ᠰᠤᠷᠪᠤᠯᠵᠢ ᠳᠤ ᠲᠡᠭᠦᠨ ᠦ ᠭᠡᠷ ᠪᠦᠯᠢ ᠪᠡᠭᠡᠵᠢᠩ ᠳᠦ ᠠᠯᠠᠭᠳᠠᠭᠰᠠᠨ ᠤᠴᠢᠷ ᠭᠡᠬᠦ ᠨᠢ ᠪᠤᠢ) ᠤᠷᠢᠳᠤ ᠶᠢᠨ ᠳᠠᠶᠢᠰᠤᠨ ᠰᠢᠨ᠎ᠡ ᠬᠣᠯᠪᠣᠭᠠᠲᠠᠨ ᠨᠤᠭᠤᠳ ᠴᠢᠨᠵᠡᠨ ᠬᠠᠭᠠᠨ ᠤ ᠥᠰᠢᠶ᠎ᠡ ᠶᠢ ᠠᠪᠬᠤ ᠨᠡᠷ᠎ᠡ ᠪᠡᠷ 1644 ᠣᠨ ᠤ 5 ᠰᠠᠷ᠎ᠠ ᠶᠢᠨ 27 ᠍ ᠳᠦ ᠯᠢ ᠦᠨ ᠪᠣᠰᠤᠭᠴᠢᠳ ᠢ ᠪᠤᠲᠠ ᠴᠣᠬᠢᠨ 6 ᠰᠠᠷ᠎ᠠ ᠶᠢᠨ 6 ᠍ ᠳᠦ ᠪᠡᠭᠡᠵᠢᠩ ᠢ ᠡᠵᠡᠯᠡᠪᠡ᠃ ᠢᠩᠭᠢᠭᠡᠳ ᠮᠠᠨᠵᠤ ᠨᠤᠭᠤᠳ ᠮᠢᠩ ᠦᠨ ᠰᠡᠭᠦᠯᠴᠢ ᠶᠢᠨ ᠬᠠᠭᠠᠨ ᠢ ᠪᠤᠩᠬᠤᠯᠠᠨ ᠥᠪᠡᠷᠦᠳ ᠢ ᠪᠡᠨ ᠮᠢᠩ ᠦᠨ ᠵᠠᠯᠭᠠᠮᠵᠢ ᠯᠠᠭᠴᠢ ᠭᠡᠳ 10 ᠰᠠᠷ᠎ᠠ ᠶᠢᠨ 30 ᠍ ᠳᠦ ᠱᠦᠨᠢ ᠵᠢ ᠬᠠᠭᠠᠨ ᠢ ᠲᠡᠩᠭᠡ ᠶᠢᠨ ᠬᠥᠪᠡᠭᠦᠨ ᠬᠤᠸᠠᠩᠳᠢ ᠬᠡᠮᠡᠪᠡᠢ᠃ ᠡᠭᠦᠨ ᠡᠴᠡ ᠬᠣᠶᠢᠰᠢ ᠲᠡᠳᠡ 17 ᠵᠢᠯ ᠢ ᠪᠦᠬᠦ ᠬᠢᠲᠠᠳ ᠢ ᠡᠵᠡᠯᠡᠬᠦ ᠳᠦ ᠵᠠᠷᠤᠴᠠᠭᠤᠯᠤᠭᠰᠠᠨ ᠶᠤᠮ᠃(ᠡᠨᠡ ᠬᠤᠭᠤᠴᠠᠭᠠᠨ ᠳᠤ ᠬᠢᠲᠠᠳ ᠤᠳ ᠠᠰᠤᠷᠤ ᠶᠡᠬᠡ ᠬᠣᠬᠢᠷᠠᠭᠰᠠᠨ ᠵᠢᠱᠢᠶ᠎ᠡ ᠨᠢ 1645 ᠣᠨ ᠤ ᠶᠠᠨᠵᠢᠤ ᠦᠨ ᠠᠯᠠᠯᠭ᠎ᠠ-10 ᠡᠳᠦᠷ ᠲᠦ ᠳᠣᠳᠣ ᠬᠤᠩᠲᠠᠶᠢᠵᠢ ᠶᠢᠨ ᠵᠥᠪᠰᠢᠶᠡᠷᠡᠯ ᠢᠶᠡᠷ 800.000 ᠬᠦᠮᠦᠨ) ᠬᠢᠲᠠᠳ ᠤᠨ ᠰᠡᠭᠦᠯᠴᠢ ᠶᠢᠨ ᠬᠠᠮᠠᠭᠠᠯᠠᠭᠴᠢ ᠮᠥᠨ ᠰᠡᠭᠦᠯᠴᠢ ᠶᠢᠨ ᠬᠤᠩᠲᠠᠶᠢᠵᠢ ᠭᠤᠢ ᠭᠡᠭᠴᠢ ᠮᠢᠩ ᠤᠯᠤᠰ ᠤᠨ ᠳᠠᠭᠠᠭᠤᠯᠢ ᠤᠯᠤᠰ ᠪᠠᠶᠢᠭᠰᠠᠨ ᠪᠢᠷᠢᠮ ᠦᠨ ᠬᠠᠮᠢᠭ᠎ᠠ ᠠᠴᠠ ᠣᠷᠣᠩᠨᠠᠯ ᠡᠷᠢᠵᠦ ᠣᠴᠢᠭᠰᠠᠨ ᠠᠪᠴᠤ ᠸᠦ ᠦᠨ ᠤᠳᠤᠷᠢᠳᠤᠭᠰᠠᠨ ᠮᠠᠨᠵᠤ ᠶᠢᠨ ᠨᠡᠬᠡᠬᠦ ᠠᠷᠮᠢ ᠲᠡᠭᠦᠨ ᠢ ᠣᠯᠵᠠᠯᠠᠨ ᠬᠤᠨᠠᠨ ᠳᠤ ᠠᠪᠴᠢᠷᠠᠨ 1662 ᠣᠨ ᠳᠤ ᠴᠠᠴᠠᠯᠠᠵᠠᠢ᠃ ᠡᠶ᠎ᠡ ᠪᠡᠷ ᠵᠠᠰᠠᠭᠴᠢ ᠶᠢᠨ ᠡᠬᠢᠨ ᠦ 7 ᠵᠢᠯ ᠬᠡᠷᠡᠭ ᠳᠡᠭᠡᠷ᠎ᠡ ᠪᠡᠨ ᠳᠣᠷᠣᠭᠣᠨ ᠤ ᠵᠠᠰᠠᠭᠯᠠᠯ ᠪᠠᠶᠢᠯ᠎ᠠ᠃ ᠲᠡᠷᠡ ᠪᠡᠷ ᠸᠦ ᠲᠡᠢ ᠬᠣᠯᠪᠣᠭᠠᠯᠠᠨ ᠪᠡᠭᠡᠵᠢᠩ ᠢ ᠡᠵᠡᠯᠡᠭᠰᠡᠨ ᠢ ᠳᠡᠭᠡᠷ᠎ᠡ ᠦᠭᠦᠯᠡᠭᠰᠡᠨ ᠪᠢᠯᠡ᠃ ᠮᠥᠨ ᠣᠯᠠᠨ ᠮᠠᠨᠵᠤ ᠢᠵᠠᠭᠤᠷᠲᠠᠨ ᠨᠣᠶᠠᠳ ᠤᠨ ᠡᠰᠡᠷᠭᠦᠴᠡᠯ ᠢ ᠰᠥᠷᠥᠨ ᠪᠡᠭᠡᠵᠢᠩ ᠢ ᠮᠠᠨᠵᠤ ᠶᠢᠨ ᠨᠡᠶᠢᠰᠯᠡᠯ ᠪᠣᠯᠭᠠᠭᠰᠠᠨ ᠨᠢ ᠬᠡᠲᠦ ᠠᠯᠤᠰ ᠤᠨ ᠬᠠᠷᠠᠭ᠎ᠠ ᠦᠭᠡᠢ ᠶᠠᠪᠤᠳᠠᠯ ᠪᠣᠯᠤᠭᠰᠠᠨ ᠠᠪᠴᠤ ᠲᠤᠬᠠᠢ ᠶᠢᠨ ᠦᠶᠡᠳᠡᠭᠡ ᠮᠢᠩ ᠤᠯᠤᠰ ᠢ ᠡᠵᠡᠯᠡᠬᠦ ᠶᠠᠪᠤᠳᠠᠯ ᠢ ᠲᠦᠷᠭᠡᠳᠬᠡᠭᠰᠡᠨ ᠪᠢᠯᠡ᠃ ᠲᠡᠭᠦᠨ ᠦ ᠰᠢᠭᠤᠳ ᠣᠷᠣᠯᠴᠠᠭ᠎ᠠ ᠲᠠᠢ 1645 ᠣᠨ ᠳᠤ ᠭᠠᠷᠤᠭᠰᠠᠨ ᠪᠤᠰᠤᠳ ᠦᠨᠳᠦᠰᠦᠲᠡᠨ ᠢ ᠮᠠᠨᠵᠢ ᠨᠤᠭᠤᠳ ᠤᠨ ᠠᠳᠠᠯᠢ ᠲᠠᠪᠤ ᠭᠡᠵᠢᠭᠡ ᠲᠠᠯᠪᠢᠬᠤ ᠬᠠᠭᠠᠨ ᠤ ᠵᠠᠷᠯᠢᠭ ᠭᠠᠷᠭᠠᠭᠰᠠᠨ ᠨᠢ ᠬᠢᠲᠠᠳ ᠤᠳ ᠤᠨ ᠬᠡᠷ ᠦᠨᠡᠨᠴᠢ ᠶᠢ ᠰᠢᠯᠭᠠᠬᠤ ᠰᠢᠯᠭᠠᠭᠤᠷ ᠪᠣᠯᠤᠭᠰᠠᠨ ᠶᠤᠮ᠃ ᠡᠨᠡ ᠨᠢ ᠺᠥᠩᠽᠢ ᠶᠢᠨ ᠤᠯᠠᠮᠵᠢᠯᠠᠯ ᠲᠠᠢ ᠬᠠᠨ ᠦᠨᠳᠦᠰᠦᠲᠡᠨ ᠦ ᠬᠤᠪᠢ ᠳᠤ ᠲᠣᠮᠣ ᠳᠣᠷᠣᠮᠵᠢᠯᠠᠯ ᠪᠠᠶᠢᠭᠰᠠᠨ ᠪᠠ ᠵᠠᠷᠯᠢᠭ ᠢ ᠦᠯᠦ ᠳᠠᠭᠠᠭᠴᠢᠳ ᠤᠨ ᠲᠣᠯᠣᠭᠠᠢ ᠶᠢ ᠠᠪᠴᠤ ᠪᠠᠶᠢᠭᠰᠠᠨ ᠴᠤ ᠡᠰᠡᠷᠭᠦᠴᠡᠭᠴᠢ ᠳᠦ 1650 ᠣᠨ ᠬᠦᠷᠲᠡᠯ᠎ᠡ ᠪᠠᠶᠢᠭᠰᠠᠭᠠᠷ ᠠᠰᠠᠨ ᠪᠥᠭᠡᠳ ᠵᠠᠷᠯᠢᠭ ᠪᠦᠷᠢᠨ ᠬᠡᠷᠡᠭᠵᠢᠲᠡᠯ᠎ᠡ ᠬᠢᠲᠠᠳ ᠳᠠᠶᠠᠭᠠᠷ 25 ᠰᠠᠶ᠎ᠠ ᠬᠦᠮᠦᠨ ᠴᠠᠭᠠᠵᠠᠯᠠᠭᠳᠠᠭᠰᠠᠨ ᠭᠡᠳᠡᠭ ᠪᠠᠶᠢᠨ᠎ᠠ᠃ ᠮᠠᠨᠵᠤ ᠶᠢᠨ ᠬᠠᠭᠠᠳ ᠢᠵᠠᠭᠤᠷᠲᠠᠨ ᠨᠤᠭᠤᠳ ᠨᠤᠷᠤᠬᠠᠶᠢᠴᠢ ᠶᠢᠨ ᠦᠶᠡᠰ ᠤᠯᠤᠰ ᠲᠥᠷᠥ ᠶᠢᠨ ᠪᠣᠯᠤᠨ ᠪᠤᠰᠤᠳ ᠵᠣᠷᠢᠯᠭ᠎ᠠ ᠪᠠᠷ ᠮᠣᠩᠭᠣᠯᠴᠤᠳ ᠲᠠᠢ ᠤᠷᠤᠭ ᠪᠠᠷᠢᠯᠴᠠᠭᠰᠠᠭᠠᠷ ᠢᠷᠡᠭᠰᠡᠨ ᠪᠠ ᠬᠠᠭᠠᠳ ᠨᠢ ᠮᠣᠩᠭᠣᠯ ᠤᠨ ᠶᠤᠸᠠᠨ ᠭᠦᠷᠦᠨ ᠦ ᠬᠠᠭᠠᠳ ᠤᠨ ᠤᠳᠤᠮ ᠠᠯᠲᠠᠨ ᠤᠷᠤᠭ ᠠᠴᠠ ᠬᠠᠲᠤᠨ ᠠᠪᠳᠠᠭ ᠪᠠᠶᠢᠭᠰᠠᠨ ᠶᠤᠮ᠃ ᠮᠣᠩᠭᠣᠯ ᠬᠠᠲᠤᠨ ᠠᠴᠠ ᠲᠦᠷᠦᠭᠰᠡᠨ ᠠᠩᠬᠠᠨ ᠤ ᠮᠠᠨᠵᠤ ᠬᠠᠭᠠᠨ ᠪᠣᠯ ᠱᠦᠩ ᠵᠢ ᠬᠠᠭᠠᠨ ᠤ ᠭᠤᠲᠠᠭᠠᠷ ᠬᠥᠪᠡᠭᠦᠨ ᠱᠤ ᠪᠠᠨᠨᠢ ᠪᠤᠶᠤ 1662 ᠣᠨ ᠳᠤ ᠬᠠᠭᠠᠨ ᠣᠷᠣ ᠰᠠᠭᠤᠭᠰᠠᠨ ᠡᠩᠬᠡ-ᠠᠮᠤᠭᠤᠯᠠᠩ ᠬᠠᠭᠠᠨ ᠶᠤᠮ᠃ ᠲᠡᠷᠡᠪᠡᠷ 61 ᠵᠢᠯ ᠲᠥᠷᠥ ᠪᠠᠷᠢᠭᠰᠠᠨ ᠪᠥᠭᠡᠳ ᠲᠡᠭᠦᠨ ᠦ ᠦᠶ᠎ᠡ ᠶᠢ ᠺᠠᠨ ᠰᠢ ᠦᠨ ᠦᠶ᠎ᠡ ᠭᠡᠬᠦ ᠪᠥᠭᠡᠳ ᠡᠨᠡ ᠦᠶ᠎ᠡ ᠳᠦ ᠮᠠᠨᠵᠤ ᠭᠦᠷᠦᠨ ᠨᠡᠶᠢᠭᠡᠮ ᠡᠳ᠋ ᠍ ᠦᠨ ᠵᠠᠰᠠᠭ ᠴᠡᠷᠢᠭ ᠤᠯᠤᠰ ᠲᠥᠷᠥ ᠶᠢᠨ ᠬᠠᠮᠤᠭ ᠤᠨ ᠬᠦᠴᠦᠷᠬᠡᠭ ᠣᠷᠭᠢᠯ ᠳᠤ ᠪᠠᠨ ᠬᠦᠷᠦᠭᠰᠡᠨ ᠶᠤᠮ᠃ ᠨᠠᠶᠢᠮᠠᠨ ᠨᠠᠰᠤᠲᠠᠢ ᠬᠠᠭᠠᠨ ᠪᠣᠯᠤᠭᠰᠠᠨ ᠲᠡᠭᠦᠨ ᠦ ᠣᠨ ᠤᠳᠠᠭᠠᠨ ᠵᠢᠯ ᠦᠨ ᠠᠮᠵᠢᠯᠲᠠ ᠶᠢᠨ ᠡᠬᠡ ᠶᠢ ᠡᠴᠢᠭᠡ ᠨᠢ ᠲᠠᠯᠪᠢᠭᠰᠠᠨ ᠭᠡᠵᠦ ᠦᠵᠡᠬᠦ ᠦᠨᠳᠦᠰᠦ ᠲᠡᠢ ᠶᠤᠮ᠃ ᠤᠴᠢᠷ ᠨᠢ ᠱᠦᠩ ᠵᠢ ᠬᠠᠭᠠᠨ ᠳᠣᠷᠣᠭᠣᠨ ᠤ ᠳᠠᠷᠤᠩᠭᠤᠶᠢᠯᠠᠯ ᠢ ᠳᠠᠪᠲᠠᠭᠤᠯᠬᠤ ᠦᠭᠡᠢ ᠶᠢᠨ ᠲᠤᠯᠠᠳᠠ ᠦᠬᠦᠬᠦ ᠡᠴᠡ ᠪᠡᠨ ᠡᠮᠦᠨ᠎ᠡ ᠬᠦᠦ ᠳᠦ ᠪᠡᠨ ᠦᠢᠯᠡᠴᠢᠯᠡᠬᠦ 4 ᠲᠡᠷᠢᠭᠦᠨ ᠵᠦᠪᠳᠡᠬᠦ ᠰᠠᠶᠢᠳ ᠰᠣᠨᠢᠨ᠂ ᠡᠪᠢᠯᠦᠨ᠂ ᠰᠦ᠋ᠺᠰᠠᠬᠠ᠂ ᠣᠪᠢ ᠨᠠᠷ ᠢ ᠲᠣᠮᠢᠯᠠᠵᠤ ᠬᠠᠭᠠᠨ ᠤ ᠨᠡᠷ᠎ᠡ ᠶᠢᠨ ᠡᠮᠦᠨ᠎ᠡ ᠡᠴᠡ ᠵᠠᠰᠠᠭᠯᠠᠬᠤ ᠡᠷᠬᠡ ᠶᠢ ᠥᠭᠴᠦ ᠬᠠᠷᠢᠯᠴᠠᠨ ᠬᠣᠭᠣᠷᠣᠨᠳᠣ ᠪᠠᠨ ᠡᠰᠡᠷᠬᠦ ᠨᠥᠯᠥᠭᠡ ᠦᠵᠡᠭᠦᠯᠬᠦ ᠪᠡᠷ ᠠᠯᠪᠠ ᠲᠤᠰᠢᠶᠠᠯ ᠤᠨ ᠬᠤᠪᠢᠶᠠᠷᠢᠯᠠᠯᠲᠠ ᠬᠢᠵᠦ ᠥᠭᠭᠦᠭᠰᠡᠨ ᠪᠠᠶᠢᠨ᠎ᠠ᠃ ᠪᠠᠰᠠ 4 ᠰᠠᠶᠢᠳ ᠤᠨ ᠦᠨᠡᠨᠴᠢ ᠪᠠᠶᠢᠳᠠᠯ ᠠᠴᠠ ᠭᠠᠳᠠᠨ᠎ᠠ ᠬᠠᠭᠠᠨ ᠰᠢᠷᠡᠭᠡᠨ ᠳᠦ ᠰᠠᠨᠠᠭᠠᠷᠬᠠᠬᠤ ᠬᠠᠭᠠᠨ ᠤ ᠭᠡᠷ ᠪᠦᠯᠢ ᠶᠢᠨ ᠣᠶᠢᠷ᠎ᠠ ᠶᠢᠨ ᠬᠠᠮᠢᠶᠠᠲᠠᠨ ᠰᠠᠳᠤᠨ ᠪᠤᠰᠤ ᠤᠯᠤᠰ ᠢ ᠰᠣᠩᠭᠣᠭᠰᠠᠨ ᠨᠢ ᠨᠢᠭᠡ ᠴᠢᠬᠤᠯᠠ ᠦᠢᠯᠡ ᠪᠣᠯᠤᠭᠰᠠᠨ ᠪᠠᠶᠢᠨ᠎ᠠ᠃ ᠬᠡᠳᠦᠢ ᠲᠡᠶᠢᠮᠦ ᠠᠪᠴᠤ ᠴᠠᠭ ᠬᠤᠭᠤᠴᠠᠭᠠᠨ ᠤ ᠤᠷᠲᠤ ᠳᠤ ᠣᠪᠣᠶᠢᠳ᠋ ᠬᠠᠭᠠᠨ ᠰᠢᠷᠡᠭᠡᠨ ᠳᠦ ᠰᠠᠭᠤᠬᠤ ᠪᠣᠯᠤᠮᠵᠢ ᠭᠠᠷᠤᠭᠰᠠᠨ ᠪᠥᠭᠡᠳ ᠬᠤᠪᠢ ᠬᠦᠮᠦᠨ ᠦ ᠴᠢᠨᠠᠷ᠂ ᠬᠠᠭᠤᠴᠢᠨᠰᠠᠭ ᠦᠵᠡᠯ᠂ ᠪᠡᠶ᠎ᠡ ᠪᠡᠨ ᠲᠣᠭᠤᠭᠰᠠᠨ ᠶᠡᠬᠡᠮᠰᠦᠭᠯᠡᠯ ᠡᠴᠡ ᠪᠡᠨ ᠪᠣᠯᠵᠤ ᠵᠠᠯᠠᠭᠤ ᠬᠠᠭᠠᠨ ᠲᠠᠢ ᠰᠥᠷᠭᠡᠯᠳᠦᠭᠰᠡᠨ ᠪᠣᠯᠪᠠᠴᠤ 1669 ᠣᠨ ᠳᠤ 15 ᠲᠠᠢ ᠬᠠᠭᠠᠨ ᠬᠠᠰᠢᠷ ᠤᠯᠤᠰ ᠲᠥᠷᠦᠴᠢ ᠴᠡᠷᠢᠭ ᠦᠨ ᠭᠠᠷᠮᠠᠭᠠᠢ ᠵᠠᠩᠵᠤᠨ ᠢ ᠬᠦᠴᠦᠭᠦᠶᠢᠳᠡᠭᠦᠯᠦᠨ ᠱᠣᠷᠣᠩ ᠳᠤ ᠬᠣᠷᠢᠵᠤ ᠴᠢᠳᠠᠭᠰᠠᠨ ᠪᠠᠶᠢᠨ᠎ᠠ᠃ ᠡᠩᠬᠡ ᠠᠮᠤᠭᠤᠯᠠᠩ ᠤᠨ ᠦᠶ᠎ᠡ ᠳᠦ 1673 ᠣᠨ ᠳᠤ ᠡᠮᠦᠨᠡᠲᠦ ᠬᠢᠲᠠᠳ ᠤᠨ ᠶᠤᠸᠠᠨᠠᠨᠢ᠂ ᠭᠤᠣᠴᠢᠤ᠂ ᠭᠤᠸᠠᠶᠢᠳᠠᠨ᠂ ᠹᠦᠵᠦᠢᠨ ᠤ ᠵᠠᠬᠢᠷᠤᠭᠴᠢ ᠨᠠᠷ ᠪᠣᠯᠬᠤ ᠬᠠᠨ ᠦᠨᠳᠦᠰᠦᠲᠡᠨ ᠱᠠᠩ ᠺᠡᠵᠢ᠂ ᠵᠢᠨ ᠵᠣᠩᠮᠢᠨ ᠪᠣᠯᠤᠨ ᠮᠥᠨᠥᠬᠢ ᠸᠦ ᠰᠠᠩᠭᠤᠶᠢᠲᠠᠨ ᠨᠡᠶᠢᠯᠡᠨ ᠪᠣᠰᠤᠯᠭ᠎ᠠ ᠭᠠᠷᠭᠠᠨ ᠲᠡᠮᠡᠴᠡᠯ ᠢᠶᠡᠨ 8 ᠵᠢᠯ ᠦᠷᠭᠦᠯᠵᠢᠭᠦᠯᠦᠭᠰᠡᠨ ᠪᠠ ᠡᠨᠡ ᠨᠢ ᠲᠤᠰᠠᠭᠠᠷ ᠲᠣᠭᠲᠠᠨᠢᠬᠤ ᠭᠡᠬᠦ ᠡᠴᠡ ᠪᠡᠨ ᠢᠯᠡᠭᠦᠦ ᠲᠡᠢ ᠡᠷᠬᠡ ᠶᠠᠮᠪᠠᠨ ᠤ ᠲᠥᠯᠦᠭᠡᠬᠢ ᠲᠡᠮᠡᠴᠡᠯ ᠪᠠᠶᠢᠭᠰᠠᠨ ᠪᠥᠭᠡᠳ ᠲᠡᠦᠬᠡᠨ ᠳᠦ 3 ᠹᠧᠣᠳᠠᠯ ᠤᠨ ᠪᠣᠰᠤᠯᠭ᠎ᠠ ᠭᠡᠭᠳᠡᠵᠡᠢ᠃ 1630 ᠍ ᠊ᠭᠠᠳ ᠣᠨ ᠠᠴᠠ ᠬᠢᠲᠠᠳ ᠤᠨ ᠮᠢᠩ ᠤᠯᠤᠰ ᠤᠨ ᠳᠣᠲᠣᠭᠠᠳᠤᠳ ᠲᠡᠮᠡᠴᠡᠯ ᠬᠤᠷᠴᠠᠳᠠᠵᠤ ᠯᠢ ᠴᠰ ᠤ ᠴᠢᠨ ᠲᠡᠷᠢᠭᠦᠲᠡᠢ ᠲᠠᠷᠢᠶᠠᠴᠢᠨ ᠤ ᠪᠣᠰᠤᠯᠭ᠎ᠠ ᠬᠡᠷᠡᠭᠵᠢᠵᠦ ᠨᠡᠶᠢᠰᠯᠡᠯ ᠪᠡᠭᠡᠵᠢᠩ ᠬᠣᠲᠠ ᠶᠢ ᠡᠵᠡᠯᠡᠭᠰᠡᠨ ᠳᠦ ᠮᠢᠩ ᠤᠯᠤᠰ ᠤᠨ ᠬᠠᠭᠠᠨ ᠥᠪᠡᠷ ᠦᠨ ᠣᠷᠳᠣ ᠥᠷᠭᠦᠭᠡᠨ ᠦ ᠳᠡᠭᠡᠭᠦᠷ ᠳᠦᠩᠬᠦᠶᠢᠬᠦ ᠲᠣᠯᠣᠭᠠᠢ ᠶᠢᠨ ᠣᠷᠣᠢ ᠳᠤ ᠥᠪᠡᠷ ᠢ ᠪᠡᠨ ᠪᠣᠶᠢᠮᠠᠯᠠᠨ ᠠᠮᠢᠶ᠎ᠠ ᠬᠣᠣᠷᠯᠠᠨ ᠦᠬᠦᠵᠡᠢ᠃ ᠲᠠᠷᠢᠶᠠᠴᠢᠨ ᠤ ᠪᠣᠰᠤᠯᠭ᠎ᠠ ᠠᠴᠠ ᠠᠶᠤᠭᠰᠠᠨ ᠮᠢᠩ ᠤᠯᠤᠰ ᠤᠨ ᠴᠡᠷᠢᠭ ᠦᠨ ᠵᠠᠩᠵᠤᠳ ᠮᠠᠨᠵᠤ ᠶᠢᠨ ᠴᠡᠷᠢᠭ ᠦᠳ ᠡᠴᠡ ᠲᠤᠰᠠᠯᠠᠮᠵᠢ ᠬᠦᠰᠡᠨ 1644 ᠣᠨ ᠳᠤ ᠴᠠᠭᠠᠨ ᠬᠡᠷᠡᠮ ᠦᠨ ᠪᠣᠭᠣᠮᠲᠠ ᠶᠢᠨ ᠬᠠᠭᠠᠯᠭ᠎ᠠ ᠶᠢ ᠨᠡᠭᠡᠭᠡᠵᠦ ᠮᠠᠨᠵᠤ ᠴᠡᠷᠢᠭ ᠦᠳ ᠢ ᠣᠷᠣᠭᠤᠯᠤᠭᠰᠠᠨ ᠪᠠᠶᠢᠨ᠎ᠠ᠃ 1643 ᠣᠨ ᠳᠤ ᠮᠠᠨᠵᠤ ᠶᠢᠨ ᠬᠠᠭᠠᠨ ᠬᠤᠩᠲᠠᠶᠢᠵᠢ ᠨᠠᠰᠤ ᠪᠠᠷ᠎ᠠ ᠳᠤ ᠪᠠᠶᠢᠭᠰᠠᠨ ᠪᠥᠭᠡᠳ ᠲᠡᠭᠦᠨ ᠦ 8 ᠳ᠋ᠤᠭᠠᠷ ᠬᠦᠦ 5 ᠨᠠᠰᠤᠲᠠᠢ ᠹᠦᠯᠢᠨ\ᠡᠶ᠎ᠡ ᠪᠡᠷ ᠵᠠᠰᠠᠭᠴᠢ\ ᠬᠠᠭᠠᠨ ᠰᠢᠷᠡᠭᠡᠨ ᠳᠦ ᠰᠠᠭᠤᠭᠠᠳ ᠪᠠᠶᠢᠭᠰᠠᠨ ᠪᠢᠯᠡ᠃ ᠲᠡᠷᠡ ᠪᠡᠷ ᠨᠠᠰᠤ ᠪᠠᠭ᠎ᠠ ᠪᠠᠶᠢᠭᠰᠠᠨ ᠲᠤᠯᠠ ᠳᠣᠷᠣᠭᠣᠨ ᠬᠡᠮᠡᠬᠦ ᠨᠣᠶᠠᠨ ᠲᠥᠷᠥ ᠶᠢᠨ ᠬᠡᠷᠡᠭ ᠢ ᠮᠡᠳᠡᠨ ᠶᠠᠪᠤᠭᠤᠯᠵᠤ ᠪᠠᠶᠢᠭᠰᠠᠨ ᠪᠠᠶᠢᠨ᠎ᠠ᠃ ᠢᠩᠭᠢᠭᠡᠳ ᠮᠠᠨᠵᠤ ᠶᠢᠨ ᠴᠡᠷᠢᠭ ᠦᠳ ᠲᠠᠷᠢᠶᠠᠴᠢᠨ ᠤ ᠪᠣᠰᠤᠯᠭ᠎ᠠ ᠶᠢ ᠳᠠᠷᠤᠭᠠᠳ ᠵᠣᠭᠰᠣᠬᠤ ᠦᠭᠡᠢ ᠮᠢᠩ ᠤᠯᠤᠰ ᠤᠨ ᠨᠡᠶᠢᠰᠯᠡᠯ ᠪᠡᠭᠡᠵᠢᠩ ᠬᠣᠲᠠ ᠪᠣᠯᠤᠨ ᠪᠤᠰᠤᠳ ᠭᠠᠵᠠᠷ ᠨᠤᠲᠤᠭ ᠢ ᠡᠵᠡᠯᠡᠨ ᠠᠪᠴᠤ ᠪᠡᠭᠡᠵᠢᠩ ᠬᠣᠲᠠ ᠶᠢ ᠨᠡᠶᠢᠰᠯᠡᠯ ᠢᠶᠡᠨ ᠪᠣᠯᠭᠠᠭᠰᠠᠨ ᠪᠠᠶᠢᠨ᠎ᠠ᠃ ᠡᠶᠢᠨᠬᠦᠦ ᠮᠠᠨᠵᠤ ᠶᠢᠨ ᠴᠡᠷᠢᠭ ᠦᠳ ᠮᠢᠩ ᠤᠯᠤᠰ ᠤᠨ ᠨᠣᠶᠠᠳ ᠤᠨ ᠲᠤᠰᠠᠯᠠᠮᠵᠢ ᠲᠠᠢ ᠪᠠᠷ ᠤᠮᠠᠷᠠᠳᠤ ᠬᠢᠲᠠᠳ ᠢ ᠡᠵᠡᠯᠡᠨ ᠠᠪᠤᠭᠰᠠᠨ ᠪᠠᠶᠢᠨ᠎ᠠ᠃ ᠡᠮᠦᠨᠡᠲᠦ ᠬᠢᠲᠠᠳ 1671 ᠣᠨ ᠠᠴᠠ ᠬᠦᠴᠦ ᠪᠡᠨ ᠠᠪᠤᠭᠰᠠᠨ ᠴᠤ 1680 ᠍ ᠊ᠭᠠᠳ ᠣᠨ ᠬᠦᠷᠴᠦ ᠳᠠᠷᠤᠭᠳᠠᠭᠰᠠᠨ ᠪᠠᠶᠢᠨ᠎ᠠ᠃

ᠪᠢᠴᠢᠭᠡᠰᠦ