ᠮᠠᠨᠵᠤᠤᠷ (ᠬᠣᠲᠠ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠨᠵᠤᠤᠷ ᠬᠣᠲᠠ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠮᠠᠨᠵᠤᠤᠷ ᠬᠣᠲᠠ
ᠲᠠᠯ᠎ᠠ ᠠᠶᠢᠮᠠᠭ ᠤᠨ ᠡᠩ ᠲᠡᠢ ᠬᠣᠲᠠ
ᠮᠠᠨᠵᠤᠤᠷ ᠬᠣᠲᠠ ᠶᠢᠨ ᠧᠦ᠋ᠷᠣᠫᠠ ᠤᠷ᠎ᠠ ᠮᠠᠶ᠋ᠢᠭᠲᠠᠢ ᠭᠤᠳᠤᠮᠵᠢ
ᠠᠶᠢᠮᠠᠭ ᠤᠨ ᠡᠩ ᠲᠡᠢ ᠬᠥᠯᠦᠨ ᠪᠤᠶᠢᠷ ᠬᠣᠲᠠ ᠳᠠᠬᠢ ᠮᠠᠨᠵᠤᠤᠷ ᠬᠣᠲᠠ ᠬᠣᠰᠢᠭᠤ

ᠮᠠᠨᠵᠤᠤᠷ
ᠥᠪᠥᠷ ᠮᠣᠩᠭᠣᠯ ᠣᠷᠣᠨ ᠳᠠᠬᠢ ᠮᠠᠨᠵᠤᠤᠷ ᠬᠣᠲᠠ ᠶᠢᠨ ᠪᠠᠶᠢᠷᠢ ᠶᠢ ᠴᠡᠭᠯᠡᠪᠡ
ᠤᠯᠤᠰ ᠣᠷᠣᠨ Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ)
ᠮᠤᠵᠢ᠂ ᠣᠷᠣᠨ ᠥᠪᠥᠷ ᠮᠣᠩᠭᠣᠯ
ᠠᠶᠢᠮᠠᠭ᠂ ᠬᠣᠲᠠ ᠬᠥᠯᠦᠨ ᠪᠤᠶᠢᠷ
ᠬᠣᠰᠢᠭᠤ᠂ ᠰᠢᠶᠠᠨ ᠮᠠᠨᠵᠤᠤᠷ
ᠭᠠᠵᠠᠷ ᠨᠤᠲᠤᠭ 732.44 ᠺᠦᠸᠠᠳ᠋ ᠺᠢᠯᠣᠮᠧᠲ᠋ᠷ
ᠬᠦᠮᠦᠨ ᠠᠮᠠ (2010) 249,500 ᠬᠦᠮᠦᠨ
ᠨᠢᠭᠲᠠᠴᠠ ᠰᠡᠶᠢᠷᠡᠭ 340 ᠬᠦᠮᠦᠨ/км²
ᠴᠠᠭ ᠤᠨ ᠪᠥᠰᠡ ᠬᠢᠲᠠᠳ ᠤᠨ ᠴᠠᠭ (ГЦ+8)
ᠴᠠᠬᠢᠮ ᠭᠠᠵᠠᠷ manzhouli.gov.cn

ᠮᠠᠨᠵᠤᠤᠷ (ᠬᠢᠲᠠᠳ: 满洲里 ᠬᠢᠲᠠᠳ ᠯᠠᠲ᠋ᠢᠨ: Mǎnzhōulǐ) ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠯᠦᠨ ᠪᠤᠶᠢᠷ ᠠᠶᠢᠮᠠᠭ ᠲᠤ ᠤᠷᠤᠰᠢᠬᠤ ᠲᠣᠭᠣᠷᠢᠭ ᠤᠨ ᠵᠡᠷᠭᠡᠯᠡᠯ ᠲᠡᠢ ᠬᠣᠲᠠ ᠶᠤᠮ᠃ ᠣᠷᠣᠰ ᠬᠣᠯᠪᠣᠭᠠᠨ ᠤ ᠤᠯᠤᠰ ᠲᠠᠢ ᠬᠢᠯᠢᠯᠡᠬᠦ ᠬᠢᠯᠢ ᠳᠡᠭᠡᠷ᠎ᠡ ᠣᠷᠣᠰᠢᠳᠠᠭ ᠲᠤᠰ ᠬᠣᠲᠠ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠶᠢᠨ ᠬᠠᠮᠤᠭ ᠤᠨ ᠶᠡᠬᠡ ᠠᠴᠢᠶᠠᠯᠠᠯ ᠲᠠᠢ ᠬᠢᠯᠢ ᠶᠢᠨ ᠪᠣᠭᠣᠮᠲᠠ ᠪᠢᠯᠡ᠃ 696.3 ᠬᠠᠪᠲᠠᠭᠠᠢ ᠳᠥᠷᠪᠡᠯᠵᠢᠨ ᠺᠢᠯᠣᠮᠧᠲ᠋ᠷ ᠨᠤᠲᠤᠭ ᠲᠤ 300,000 (2010 ᠣᠨ ᠤ ᠪᠠᠶᠢᠳᠠᠯ ᠢᠶᠠᠷ) ᠭᠠᠷᠤᠢ ᠬᠦᠮᠦᠨ ᠣᠷᠣᠰᠢᠨ ᠰᠠᠭᠤᠳᠠᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠬᠣᠲᠠ ᠬᠥᠯᠦᠨ ᠪᠤᠶᠢᠷ ᠠᠶᠢᠮᠠᠭ ᠤᠨ ᠪᠠᠷᠠᠭᠤᠨ ᠬᠣᠶᠢᠳᠤ ᠬᠡᠰᠡᠭ ᠲᠦ ᠣᠷᠣᠰᠢᠨ᠎ᠠ᠃ ᠵᠡᠭᠦᠨ᠂ ᠡᠮᠦᠨᠡᠲᠦ᠂ ᠪᠠᠷᠠᠭᠤᠨ ᠲᠠᠯ᠎ᠠ ᠪᠠᠷ ᠢᠶᠠᠨ ᠰᠢᠨ᠎ᠡ ᠪᠠᠷᠭᠤ ᠵᠡᠭᠦᠨ ᠬᠣᠰᠢᠭᠤᠰᠢᠨ᠎ᠡ ᠪᠠᠷᠭᠤ ᠪᠠᠷᠠᠭᠤᠨ ᠬᠣᠰᠢᠭᠤᠲᠠᠢ᠂ ᠬᠣᠶᠢᠳᠤ ᠲᠠᠯ᠎ᠠ ᠪᠠᠷ ᠢᠶᠠᠨ ᠣᠷᠣᠰ ᠤᠨ ᠬᠣᠯᠪᠣᠭᠠᠨ ᠤ ᠤᠯᠤᠰᠲᠠᠢ 54 ᠺᠢᠯᠣᠮᠧᠲ᠋ᠷ ᠤᠷᠲᠤ ᠲᠠᠢ ᠬᠢᠯᠢ ᠪᠡᠷ ᠬᠢᠯᠢᠯᠡᠨ᠎ᠡ᠃ ᠮᠠᠨᠵᠤᠤᠷ ᠬᠣᠲᠠ ᠪᠣᠯᠤᠨ ᠬᠣᠶᠠᠷ ᠤᠯᠤᠰ ᠤᠨ ᠬᠢᠯᠢ ᠳᠡᠭᠡᠷ᠎ᠡ ᠪᠠᠶᠢᠳᠠᠭ ᠠᠪᠤᠭᠠᠢ ᠳᠤ ᠠᠷᠠᠯ ᠤᠨ ᠬᠣᠶᠢᠳᠤ ᠲᠠᠯ᠎ᠠ ᠳᠤ ᠣᠷᠣᠰ ᠤᠨ ᠵᠠᠪᠠᠶᠢᠺᠠᠯᠰᠺ ᠬᠣᠲᠠ ᠣᠷᠣᠰᠢᠨ᠎ᠠ᠃

ᠮᠠᠨᠵᠤᠤᠷᠨᠢ ᠬᠥᠯᠦᠨ ᠪᠤᠶᠢᠷ ᠤᠨ ᠲᠠᠯ᠎ᠠ ᠬᠡᠭᠡᠷ᠎ᠡ ᠨᠤᠲᠤᠭ ᠲᠤ ᠤᠷᠤᠰᠢᠬᠤ ᠪᠥᠭᠡᠳ ᠡᠮᠦᠨ᠎ᠡ ᠲᠠᠯ᠎ᠠ ᠳᠤ ᠨᠢ 2,600 ᠺᠦᠸᠠᠳ᠋ ᠺᠢᠯᠣᠮᠧᠲ᠋ᠷ ᠲᠠᠯᠠᠪᠠᠢ ᠲᠠᠢ᠂ ᠳᠤᠮᠳᠠᠴᠢ ᠭᠦᠨ ᠨᠢ 5 ᠮ ᠪᠦᠬᠦᠢ ᠬᠥᠯᠥᠨ ᠨᠠᠭᠤᠷ ᠪᠤᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠨᠢ 10 ᠳᠡᠳ᠋ ᠳᠡᠭᠦᠷᠭᠡ᠂ ᠨᠢᠭᠡ ᠰᠠᠭᠤᠷᠢᠨ ᠲᠠᠢ᠃ 6 ᠳᠡᠳ᠋ ᠳᠡᠭᠦᠷᠭᠡ ᠨᠢ ᠨᠡᠶᠢᠯᠡᠵᠦ᠂ ᠨᠢᠭᠡ ᠳᠡᠭᠦᠷᠭᠡ ᠪᠣᠯᠳᠠᠭ ᠪᠣᠯᠪᠠᠴᠤ ᠬᠢᠲᠠᠳ ᠲᠤ ᠵᠥᠪᠬᠡᠨ ᠠᠶᠢᠮᠠᠭ ᠤᠨ ᠵᠡᠷᠭᠡᠯᠡᠯᠲᠡᠢ ᠬᠣᠲᠠ ᠦᠳ ᠯᠠ ᠳᠦᠭᠦᠷᠭᠡ ᠲᠡᠢ ᠪᠠᠶᠢᠬᠤ ᠡᠷᠬᠡ ᠲᠡᠢ ᠲᠤᠯᠠ ᠳᠡᠭᠦᠷᠭᠡ ᠨᠦᠭᠦᠳ ᠦᠨ ᠵᠢᠭ᠌ᠰᠠᠭᠠᠯᠳᠠ ᠳᠤ ᠪᠢᠴᠢᠭᠳᠡᠳᠡᠭ ᠦᠭᠡᠢ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠍ ᠤᠨ ᠨᠤᠲᠤᠭ ᠲᠤ ᠡᠷᠲᠡ ᠳᠡᠭᠡᠷ᠎ᠡ ᠦᠶᠡᠰ ᠳᠤᠩᠬᠤᠾᠦᠩᠨᠦᠰᠢᠶᠠᠨᠪᠢᠬᠢᠳᠠᠨᠵᠦᠷᠴᠢᠳᠮᠣᠩᠭᠣᠯ ᠵᠡᠷᠭᠡ ᠶᠠᠩᠵᠤ ᠪᠦᠷᠢ ᠶᠢᠨ ᠦᠨᠳᠦᠰᠦᠲᠡᠨ᠂ ᠣᠪᠤᠭ ᠠᠶᠢᠮᠠᠭ ᠤᠳ ᠨᠤᠲᠤᠭᠯᠠᠵᠤ ᠪᠠᠶᠢᠪᠠ᠃ ᠮᠠᠨᠵᠤ ᠴᠢᠩ ᠤᠯᠤᠰ ᠍ ᠤᠨ ᠡᠬᠢᠨ ᠦᠶᠡᠰ ᠣᠷᠣᠰ᠂ ᠬᠢᠲᠠᠳ ᠤᠨ ᠬᠢᠯᠢ ᠶᠢᠨ ᠵᠠᠭᠠᠭ ᠪᠣᠯᠵᠠᠢ᠃

1896 ᠣᠨ ᠤ ᠬᠢᠲᠠᠳ-ᠣᠷᠣᠰ ᠤᠨ ᠨᠢᠭᠤᠴᠠ ᠭᠡᠷ᠎ᠡᠨᠢᠭᠢ ᠳᠠᠭᠠᠤ ᠪᠠᠷᠢᠭᠳᠠᠭᠰᠠᠨ᠂ ᠰᠢᠪᠸᠷᠢᠶ ᠠᠮᠠᠨᠵᠤᠤᠷᠣᠷᠣᠰ ᠤᠨ ᠠᠯᠤᠰ ᠳᠣᠷᠣᠨᠠᠲᠤ ᠍ ᠢ ᠬᠣᠯᠪᠣᠭᠰᠠᠨ ᠬᠢᠲᠠᠳ ᠤᠨ ᠠᠯᠤᠰ ᠳᠣᠷᠣᠨᠠᠲᠤ ᠶᠢᠨ ᠲᠡᠮᠦᠷ ᠵᠠᠮ 1901 ᠣᠨ ᠳᠤ ᠠᠰᠢᠭᠯᠠᠯᠲᠠ ᠳᠤ ᠣᠷᠣᠭᠰᠠᠨ᠃ ᠡᠶᠢᠨᠬᠦᠦ ᠣᠷᠣᠰ ᠤᠨ ᠲᠠᠯ᠎ᠠ ᠠᠴᠠ ᠣᠷᠣᠵᠤ ᠢᠷᠡᠭᠡᠳ ᠡᠬᠢᠨ ᠦ ᠥᠷᠲᠡᠭᠡ ᠪᠣᠯᠬᠤ ᠮᠠᠨᠵᠤᠤᠷ ᠥᠷᠲᠡᠭᠡ ᠪᠠᠶᠢᠭᠤᠯᠤᠭᠳᠠᠰᠤᠨ ᠢᠶᠠᠷ ᠰᠠᠭᠤᠷᠢᠨ ᠡᠭᠦᠰᠴᠡᠢ᠃

1905 ᠣᠨ ᠤ ᠬᠢᠲᠠᠳ-ᠶᠠᠫᠣᠨ ᠤ ᠭᠡᠷ᠎ᠡ ᠶᠣᠰᠣᠭᠠᠷ ᠬᠤᠳᠠᠯᠳᠤᠭᠠᠨ ᠤ ᠲᠥᠪ ᠪᠣᠯᠤᠭᠰᠠᠨ ᠨᠢ ᠬᠥᠭᠵᠢᠯ ᠦᠨ ᠦᠨᠳᠦᠰᠦ ᠪᠣᠯᠤᠭᠰᠠᠨ ᠪᠠᠶᠢᠨ᠎ᠠ᠃ 1908 ᠣᠨ ᠳᠤ ᠮᠠᠨᠵᠤᠤᠷ ᠲᠤ ᠭᠠᠶᠢᠯᠢ ᠶᠢᠨ ᠴᠡᠭ ᠪᠤᠢ ᠪᠣᠯᠤᠭᠰᠠᠨ᠃ ᠲᠠᠶᠢᠸᠠᠨ ᠍ ᠤᠨ ᠵᠠᠬᠢᠷᠭᠠᠨ ᠳᠣᠣᠷ᠎ᠠ ᠮᠠᠨᠵᠤᠤᠷ ᠬᠣᠲᠠ ᠨᠢ ᠬᠢᠩᠭᠠᠨ ᠮᠤᠵᠢ ᠳᠤ ᠬᠠᠷᠢᠶᠠᠯᠠᠭᠳᠠᠵᠤ ᠪᠠᠶᠢᠪᠠ᠃ 1927 ᠣᠨ ᠳᠤ ᠬᠣᠲᠠ ᠶᠢᠨ ᠰᠲ᠋ᠠᠲ᠋ᠦ᠋ᠰ ᠲᠠᠢ ᠪᠣᠯᠵᠠᠢ᠃ ᠬᠢᠩᠭᠠᠨ ᠮᠤᠵᠢ ᠪᠣᠯᠤᠨ ᠡᠷᠭᠢᠨ ᠲᠣᠭᠣᠷᠢᠨ ᠤ ᠨᠤᠲᠤᠭ ᠤᠨ ᠬᠠᠮᠲᠤ ᠪᠠᠷ 1931 ᠣᠨ ᠳᠤ ᠶᠠᠫᠣᠨ ᠤ ᠬᠢᠨᠠᠯᠲᠠ ᠳᠤ ᠣᠷᠣᠵᠤ᠂ ᠤᠯᠠᠮ ᠢᠶᠠᠷ 1932-1945 ᠣᠨ ᠳᠤ ᠮᠠᠨᠵᠤ-ᠭᠣ ᠤᠯᠤᠰ ᠤᠨ ᠪᠦᠷᠢᠯᠳᠦᠬᠦᠨ ᠳᠦ ᠪᠠᠭᠳᠠᠵᠣ ᠪᠠᠶᠢᠯ᠎ᠠ᠃ 1946 ᠣᠨ ᠠᠴᠠ ᠣᠳᠣ ᠶᠢᠨ ᠵᠠᠬᠢᠷᠭ᠎ᠠ ᠪᠤᠶᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠥᠷ ᠮᠣᠩᠭᠣᠯ ᠤᠨ ᠬᠠᠷᠢᠶᠠᠨ ᠳᠤ ᠪᠠᠭᠠᠳᠬᠤ ᠪᠣᠯᠵᠠᠢ᠃

1992 ᠣᠨ ᠳᠤ ᠮᠠᠨᠵᠤᠤᠷ ᠨᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠶᠢᠨ ᠠᠩᠬᠠᠨ ᠤ ᠬᠢᠯᠢ ᠶᠢᠨ ᠪᠣᠭᠣᠮᠲᠠ ᠬᠣᠲᠠ ᠨᠤᠭᠤᠳ ᠤᠨ ᠨᠢᠭᠡ ᠪᠣᠯᠤᠭᠰᠠᠨ ᠢᠶᠠᠷ ᠣᠷᠣᠰ-ᠬᠢᠲᠠᠳ ᠤᠨ ᠬᠢᠯᠢ ᠶᠢᠨ ᠬᠤᠳᠠᠯᠳᠤᠭᠠᠨ ᠤ ᠴᠢᠬᠤᠯᠠ ᠲᠥᠪ ᠪᠣᠯᠤᠨ ᠬᠥᠭᠵᠢᠵᠦ ᠪᠠᠶᠢᠨ᠎ᠠ᠃[1]

ᠮᠠᠲ᠋ᠷᠶᠱᠺᠠ ᠲᠠᠯᠠᠪᠠᠢ

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠤᠨ ᠴᠠᠰᠤ ᠮᠥᠰᠦᠨ ᠦ ᠪᠠᠶᠠᠷ ᠵᠢᠯ ᠪᠦᠷᠢ ᠶᠢᠨ ᠡᠪᠦᠯ 2, ᠡᠰᠡᠪᠡᠯ 3 ᠍ ᠳᠦᠭᠡᠷ ᠰᠠᠷ᠎ᠠ ᠳᠤ ᠵᠣᠬᠢᠶᠠᠭᠳᠠᠳᠠᠭ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳ ᠤᠨ ᠬᠠᠭᠤᠷᠠᠢ ᠭᠠᠵᠠᠷ ᠤᠨ ᠬᠠᠮᠤᠭ ᠤᠨ ᠠᠴᠢᠶᠠᠯᠠᠯ ᠲᠠᠢ ᠬᠢᠯᠢ ᠶᠢᠨ ᠪᠣᠭᠣᠮᠲᠠ ᠪᠣᠯᠬᠤ ᠮᠠᠨᠵᠤᠤᠷ ᠢᠶᠠᠷ ᠬᠢᠲᠠᠳ ᠤᠨ ᠵᠡᠭᠦᠨ ᠧᠦ᠋ᠷᠣᠫᠠᠲᠣᠢ ᠬᠢᠵᠦ ᠪᠤᠢ ᠭᠠᠳᠠᠭᠠᠳᠤ ᠬᠤᠳᠠᠯᠳᠤᠭᠠᠨ ᠤ 60% ᠨᠢ ᠳᠠᠮᠵᠢᠳᠠᠭ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠤᠨ ᠬᠦᠮᠦᠨ ᠠᠮᠠ ᠶᠢᠨ 95% ᠨᠢ ᠬᠠᠨ ᠦᠨᠳᠦᠰᠦᠲᠡᠨ᠂ ᠦᠯᠡᠳᠡᠭᠰᠡᠨ ᠨᠢ ᠮᠣᠩᠭᠣᠯᠮᠠᠨᠵᠤ ᠪᠣᠯᠤᠨ ᠪᠤᠰᠤᠳ ᠦᠨᠳᠦᠰᠦᠲᠡᠨ ᠨᠦᠭᠦᠳ ᠪᠣᠯᠤᠨ᠎ᠠ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠷ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠤᠨ ᠬᠢᠯᠢ ᠶᠢᠨ ᠡᠮᠦᠨ᠎ᠡ ᠲᠠᠯ᠎ᠠ ᠳᠤ ᠬᠢᠲᠠᠳ ᠤᠨ 1435 ᠮᠢᠯᠯᠢᠮᠧᠲ᠋ᠷ ᠦᠨ ᠴᠠᠷᠢᠭ ᠲᠠᠢ ᠲᠡᠮᠦᠷ ᠵᠠᠮ ᠠᠴᠠ ᠣᠷᠣᠰ ᠤᠨ 1524 ᠮᠢᠯᠯᠢᠮᠧᠲ᠋ᠷ ᠦᠨ ᠴᠠᠷᠢᠭ ᠲᠠᠢ ᠲᠡᠮᠦᠷ ᠵᠠᠮ ᠷᠤ ᠰᠢᠯᠵᠢᠭᠦᠯᠬᠦ ᠠᠵᠢᠯ ᠬᠢᠭᠳᠡᠳᠡᠭ᠃

ᠪᠡᠭᠡᠵᠢᠩᠭᠡ ᠡᠴᠡ ᠮᠣᠰᠺᠸᠠ ᠤᠷᠤᠬᠤ ᠲᠷᠠᠨᠰ-ᠰᠢᠪᠸᠷᠢᠶ ᠠ ᠶᠢᠨ ᠲᠡᠮᠦᠷ ᠵᠠᠮ ᠍ ᠤᠨ ᠲᠷᠠᠨᠰ-ᠮᠠᠨᠵᠤᠤᠷ ᠤᠨ ᠰᠠᠯᠪᠤᠷᠢ ᠨᠢ ᠲᠤᠰ ᠥᠷᠲᠡᠭᠡ ᠪᠡᠷ ᠳᠠᠭᠠᠷᠢᠳᠠᠭ᠃ ᠮᠥᠨ ᠴᠢᠲ᠋ᠠᠺᠷᠠᠰᠨᠣᠺᠠᠮᠧᠨᠰᠺᠡᠷᠡᠬᠦᠦᠤᠯᠠᠭᠠᠨ-ᠦᠳᠡ ᠷᠦᠦ ᠵᠣᠷᠴᠢᠭᠴᠢ ᠲᠡᠭᠡᠭᠡᠪᠦᠷᠢ ᠶᠢᠨ ᠭᠠᠯᠲᠤ ᠲᠡᠷᠭᠡ ᠵᠣᠷᠴᠢᠳᠠᠭ᠃

ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠤᠨ ᠨᠢᠰᠬᠦ ᠣᠩᠭᠣᠴᠠᠨ ᠤ ᠪᠠᠭᠤᠳᠠᠯ ᠬᠣᠲᠠ ᠶᠢᠨ ᠪᠠᠷᠠᠭᠤᠨ ᠬᠡᠰᠡᠭ ᠲᠦ ᠪᠠᠶᠢᠬᠤ ᠪᠥᠭᠡᠳ ᠬᠢᠲᠠᠳ ᠤᠨ ᠨᠡᠶᠢᠰᠯᠡᠯᠪᠡᠭᠡᠵᠢᠩ᠂ ᠥᠪᠦᠷ ᠮᠣᠩᠭᠣᠯ ᠤᠨ ᠨᠡᠶᠢᠰᠯᠡᠯ ᠬᠥᠬᠡᠬᠣᠲᠠ᠂ ᠮᠣᠩᠭᠣᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠷᠤ ᠲᠣᠭᠲᠠᠮᠠᠯ ᠨᠢᠰᠦᠯᠭᠡ ᠲᠡᠢ᠃ ᠮᠣᠩᠭᠣᠯ ᠤᠯᠤᠰ ᠤᠨ ᠢᠷᠭᠡᠨ ᠦ ᠠᠭᠠᠷ ᠤᠨ ᠲᠡᠭᠡᠭᠡᠪᠦᠷᠢ ᠶᠢᠨ ᠾᠦᠩᠨᠦ ᠡᠶᠢᠷ ᠺᠣᠮᠫᠠᠨᠢ ФОКЕР-50 ᠵᠠᠭᠪᠤᠷ ᠤᠨ 50 ᠬᠦᠮᠦᠨ ᠦ ᠰᠠᠭᠤᠳᠠᠯ ᠲᠠᠢ ᠣᠩᠭᠣᠴᠠ ᠪᠠᠷ ᠳᠣᠯᠣᠭ᠎ᠠ ᠬᠣᠨᠣᠭ ᠲᠤ ᠬᠣᠶᠠᠷ ᠤᠳᠠᠭ᠎ᠠ ᠤᠯᠠᠭᠠᠨᠪᠠᠭᠠᠲᠤᠷ ᠠᠴᠠ ᠮᠠᠨᠵᠤᠤᠷ ᠷᠤ ᠨᠢᠰᠦᠯᠭᠡ ᠦᠢᠯᠡᠳᠳᠡᠭ᠃

ᠬᠤᠷᠳᠤᠨ ᠤ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠬ᠎ᠠ ᠳᠡᠭᠦᠦ ᠬᠣᠲᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤᠤᠷ ᠨᠢ ᠳᠠᠷᠠᠭᠠᠬᠢ ᠬᠣᠶᠠᠷ ᠬᠣᠲᠠ ᠲᠠᠢ ᠠᠬ᠎ᠠ ᠳᠡᠭᠦᠦ ᠶᠢᠨ ᠪᠠᠷᠢᠯᠳᠤᠯᠭ᠎ᠠ ᠲᠠᠢ᠃[2]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠮᠠᠨᠵᠤᠤᠷ»

ᠪᠢᠴᠢᠭᠡᠰᠦ