ᠮᠠᠨᠵᠤᠤᠷ ᠤᠨ ᠪᠠᠭ᠎ᠠ ᠬᠤᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠣᠩᠭᠣᠯ ᠮᠠᠨᠵᠤ-ᠭᠣ ᠤᠯᠤᠰ ᠤᠳ ᠤᠨ ᠬᠢᠯᠢ ᠳᠡᠭᠡᠷ᠎ᠡ 1935-1936 ᠣᠨ ᠨᠤᠭᠤᠳ ᠲᠤ ᠪᠣᠯᠤᠭᠰᠠᠨ ᠬᠠᠯᠬ᠎ᠠ ᠶᠢᠨ ᠰᠦᠮ᠎ᠡ ᠶᠢᠨ ᠮᠥᠷᠭᠥᠯᠳᠦᠭᠡᠨᠠᠳᠠᠭᠳᠠᠭᠤᠯᠠ ᠪᠠᠨᠨᠪᠤᠯᠤᠩᠳᠡᠷᠰ ᠵᠡᠷᠭᠡ ᠬᠢᠯᠢ ᠶᠢᠨ ᠮᠥᠷᠭᠥᠯᠳᠦᠭᠡᠨᠡᠶᠢᠭ ᠵᠣᠬᠢᠴᠠᠭᠤᠯᠬᠤ ᠵᠣᠷᠢᠯᠭ᠎ᠠ ᠪᠠᠷ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠪᠠ ᠶᠠᠫᠣᠨᠮᠠᠨᠵᠤ-ᠭᠣ ᠤᠯᠤᠰ ᠤᠳ ᠤᠨ ᠬᠣᠭᠣᠷᠣᠨᠳᠣ ᠮᠠᠨᠵᠤᠤᠷ ᠲᠤ 1935 ᠣᠨ ᠤ 6 ᠰᠠᠷ᠎ᠠ ᠶᠢᠨ 3 ᠍ ᠨ ᠠᠴᠠ 1937 ᠣᠨ ᠤ 9 ᠰᠠᠷ᠎ᠠ ᠶᠢᠨ 13 ᠬᠦᠷᠲᠡᠯ᠎ᠡ ᠦᠷᠭᠦᠯᠵᠢᠯᠡᠭᠰᠡᠨ ᠬᠡᠯᠡᠯᠴᠡᠭᠡᠷᠡᠶᠢᠭ ᠮᠠᠨᠵᠤᠤᠷ ᠤᠨ ᠪᠠᠭ᠎ᠠ ᠬᠤᠷᠠᠯ ᠭᠡᠵᠦ ᠨᠡᠷᠡᠯᠡᠳᠡᠭ᠃

ᠥᠪᠥᠷ ᠡᠩᠨᠡᠭᠡᠨ ᠳᠦ ᠪᠠᠷᠠᠭᠤᠨ ᠭᠠᠷ ᠠᠴᠠ ᠮᠣᠩᠭᠣᠯ ᠤᠨ ᠲᠠᠯ᠎ᠠ ᠶᠢᠨ ᠲᠥᠯᠥᠭᠡᠯᠡᠭᠴᠢ ᠭ᠃ ᠳᠠᠮᠪᠠ (МАХЦ ᠍ ᠦᠨ II ᠺᠣᠷᠫᠤᠶᠢᠰ ᠤᠨ ᠳᠠᠷᠤᠭ᠎ᠠ), ᠳ᠃ ᠳᠣᠭᠰᠣᠮ (ᠤᠯᠤᠰ ᠤᠨ ᠪᠠᠭ᠎ᠠ ᠬᠤᠷᠠᠯ ᠤᠨ ᠳᠠᠷᠤᠭ᠎ᠠ), ᠲᠥᠯᠥᠭᠡᠯᠡᠭᠴᠢᠳ ᠦᠨ ᠲᠡᠷᠢᠭᠦᠨ ᠭ᠃ ᠰᠠᠮᠪᠤᠤ (ᠪᠦᠬᠦ ᠴᠡᠷᠢᠭ ᠦᠨ ᠵᠠᠩᠵᠤᠨ ᠤ II ᠣᠷᠣᠯᠠᠭᠴᠢ), ᠮᠠᠨᠵᠢᠭ᠎ᠠ ᠶᠢᠨ ᠲᠠᠯ᠎ᠠ ᠶᠢᠨ ᠲᠥᠯᠥᠭᠡᠯᠡᠭᠴᠢᠳ ᠦᠨ ᠲᠡᠷᠢᠭᠦᠨ ᠯᠢᠩ ᠰᠢᠨᠢ (ᠬᠣᠶᠢᠳᠤ ᠬᠢᠩᠭᠠᠨ ᠮᠤᠵᠢ ᠶᠢᠨ ᠵᠠᠬᠢᠷᠤᠭᠴᠢ), ᠦᠷᠡᠵᠢᠨ ᠭᠠᠷᠮᠠᠸ (ᠬᠢᠩᠭᠠᠨ ᠤ ᠮᠣᠷᠢᠲᠤ ᠬᠣᠷᠢᠶᠠᠨ ᠤ ᠵᠠᠬᠢᠷᠤᠭᠴᠢ᠃), ᠺᠠᠩᠬᠢ (ᠶᠠᠫᠣᠨ ᠤ ᠭᠠᠳᠠᠭᠠᠳᠤ ᠶᠠᠪᠤᠳᠠᠯ ᠤᠨ ᠶᠠᠮᠤᠨ ᠤ ᠬᠡᠷᠡᠭ ᠡᠷᠬᠢᠯᠡᠬᠦ ᠭᠠᠵᠠᠷ ᠤᠨ ᠠᠵᠢᠯᠲᠠᠨ) ᠨᠠᠷ᠃

ᠦᠢᠯᠡ ᠶᠠᠪᠤᠳᠠᠯ ᠤᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠬᠡᠯᠡᠯᠴᠡᠭᠡᠷ ᠲᠦ ᠮᠣᠩᠭᠣᠯ ᠍ ᠤᠨ ᠲᠠᠯ᠎ᠠ ᠠᠴᠠ ᠲᠥᠯᠦᠭᠡᠯᠡᠭᠴᠢᠳ ᠦᠨ ᠲᠡᠷᠢᠭᠦᠨ ᠢᠶᠡᠷ ᠪᠦᠬᠦ ᠴᠡᠷᠢᠭ ᠦᠨ ᠵᠠᠩᠵᠤᠨ ᠤ ᠣᠷᠣᠯᠠᠭᠴᠢ ᠭᠣᠨᠴᠣᠭ ᠤᠨ ᠰᠠᠮᠪᠤᠤ᠂ ᠭᠡᠰᠢᠭᠦᠳ ᠲᠦ МАХЦ ᠍ ᠤᠨ II ᠺᠣᠷᠫᠤᠶᠢᠰ ᠤᠨ ᠳᠠᠷᠤᠭ᠎ᠠ ᠭᠣᠮᠪᠣᠵᠠᠪ ᠤᠨ ᠳᠠᠮᠪᠠᠨᠠᠷᠢᠨ ᠪᠢᠴᠢᠭ ᠦᠨ ᠳᠠᠷᠤᠭ᠎ᠠᠠᠷᠤ ᠣᠩᠬᠣᠳ ᠵᠠᠮᠢᠶᠠᠨᠭᠡᠶᠢᠨ ᠳᠣᠭᠰᠦ᠋ᠷᠦᠩ᠂ᠺᠣᠮᠧᠨᠳᠠᠨᠲ ᠢᠶᠠᠷ ᠴᠡᠷᠢᠭ ᠦᠨ ᠶᠠᠪᠤᠳᠠᠯ ᠤᠨ ᠶᠠᠮᠤᠨ ᠤ ᠠᠵᠢᠯᠲᠠᠨ ᠴᠢᠮᠡᠭ ᠦᠨ ᠵᠠᠭᠸᠠᠩ᠂ ᠰᠢᠤᠳᠠᠨ ᠵᠥᠭᠡᠭᠴᠢ ᠪᠡᠷ ᠳᠣᠲᠣᠭᠠᠳᠤ ᠶᠠᠪᠤᠳᠠᠯ ᠤᠨ ᠶᠠᠮᠤᠨ ᠤ ᠲᠠᠰᠤᠭ ᠤᠨ ᠳᠠᠷᠤᠭ᠎ᠠ ᠨᠡᠷᠡᠨᠳᠠᠭ᠎ᠠ ᠶᠢᠨ ᠴᠢᠮᠡᠳᠳᠣᠷᠵᠢ᠂ ᠰᠠᠮᠪᠤᠤ ᠶᠢᠨ ᠬᠤᠪᠢ ᠤᠨ ᠨᠠᠷᠢᠨ ᠪᠢᠴᠢᠭ ᠦᠨ ᠳᠠᠷᠤᠭ᠎ᠠ ᠪᠠᠷ ᠵᠠᠨᠯᠠᠪ ᠤᠨ ᠯᠤᠪᠰᠠᠩᠳᠡᠳᠡᠪᠬᠢᠲᠠᠳ ᠬᠡᠯᠡᠨᠢᠬᠢ ᠣᠷᠴᠢᠭᠤᠯᠤᠭᠴᠢ ᠢᠶᠠᠷ ᠦᠢᠯᠡᠳᠪᠦᠷᠢᠴᠢᠨ ᠦ ᠲᠥᠪ ᠵᠥᠪᠯᠡᠯᠡᠶᠢᠨ ᠣᠷᠴᠢᠭᠤᠯᠤᠭᠴᠢ ᠵᠢᠷᠤᠮᠲᠤᠣᠷᠣᠰ ᠬᠡᠯᠡᠨᠢᠬᠢ ᠣᠷᠴᠢᠭᠤᠯᠤᠭᠴᠢ ᠨᠢᠭᠡ᠂ ᠱᠢᠹᠷ ᠤᠲᠠᠰᠤᠨ ᠤ ᠣᠷᠴᠢᠭᠤᠯᠤᠭᠴᠢ ᠨᠢᠭᠡ᠂ ᠲᠡᠨᠳᠡ ᠦᠢᠯᠡᠴᠢᠯᠡᠬᠦ ᠵᠢᠯᠣᠭᠣᠴᠢ ᠬᠣᠶᠠᠷ᠂ ᠱᠤᠤᠳᠠᠩ ᠤᠨ ᠵᠢᠯᠣᠭᠣᠴᠢ ᠨᠢᠭᠡ᠂ ᠨᠡᠶᠢᠲᠡ 13 ᠬᠦᠮᠦᠨ ᠦ ᠪᠦᠷᠢᠯᠳᠦᠬᠦᠨ ᠲᠡᠢ ᠲᠥᠯᠦᠭᠡᠯᠡᠭᠴᠢ ᠠᠵᠢᠯᠯᠠᠭᠰᠠᠨ ᠪᠠᠶᠢᠨ᠎ᠠ᠃

ᠮᠠᠨᠵᠤ-ᠭᠣᠭᠡᠶᠢᠨ ᠲᠠᠯ᠎ᠠ ᠠᠴᠠ ᠬᠣᠶᠢᠳᠤ ᠬᠢᠩᠭᠠᠨ ᠮᠤᠵᠢᠡᠶᠢᠨ ᠵᠠᠬᠢᠷᠤᠭᠴᠢ ᠯᠢᠩ ᠰᠢᠨᠢ ᠲᠡᠷᠢᠭᠦᠲᠡᠢ ᠲᠤᠰ ᠮᠤᠵᠢ ᠶᠢᠨ ᠰᠡᠷᠭᠡᠶᠢᠯᠢ ᠬᠠᠮᠠᠭᠠᠯᠠᠬᠤ ᠴᠡᠷᠢᠭ ᠦᠨ ᠳᠠᠷᠤᠭ᠎ᠠ᠂ ᠬᠣᠰᠢᠭᠤᠴᠢ ᠭᠧᠨᠧᠷᠠᠯ ᠦᠷᠡᠵᠢᠨ ᠭᠠᠷᠮᠠᠸᠮᠠᠨᠵᠤ-ᠭᠣ ᠤᠯᠤᠰ ᠤᠨ ᠭᠠᠳᠠᠭᠠᠳᠤ ᠶᠠᠪᠤᠳᠠᠯ ᠤᠨ ᠶᠠᠮᠤᠨ ᠤ ᠵᠠᠰᠠᠭ ᠤᠨ ᠬᠡᠯᠡᠰᠦᠲᠦ ᠶᠢᠨ ᠳᠠᠷᠤᠭ᠎ᠠ ᠰᠢᠨᠵᠢ ᠵᠢᠩ ᠢᠬᠠᠶᠢᠯᠠᠷ ᠤᠨ ᠲᠠᠩᠨᠠᠭᠤᠯ ᠤᠨ ᠪᠠᠶᠢᠭᠤᠯᠤᠯᠭ᠎ᠠ ᠶᠢᠨ ᠳᠠᠷᠤᠭ᠎ᠠ ᠴᠠᠢ ᠲᠡᠩ ᠵᠢᠩ ᠷᠤᠢ ᠪᠣᠯᠤᠨ ᠮᠠᠨᠵᠤ-ᠭᠣᠭᠡᠶᠢᠨ ᠲᠥᠯᠥᠭᠡᠯᠡᠭᠴᠢᠳ ᠢ ᠳᠠᠭᠠᠯᠳᠤᠨ ᠮᠠᠨᠵᠤ-ᠭᠣ ᠤᠯᠤᠰ ᠤᠨ ᠭᠠᠳᠠᠭᠠᠳᠤ ᠶᠠᠪᠤᠳᠠᠯ ᠤᠨ ᠶᠠᠮᠤᠨ ᠤ ᠵᠦᠪᠳᠡᠬᠦᠶᠠᠫᠣᠨᠢ ᠭᠠᠳᠠᠭᠠᠳᠤ ᠶᠠᠪᠤᠳᠠᠯ ᠤᠨ ᠶᠠᠮᠤᠨ ᠤ ᠬᠡᠷᠡᠭ ᠡᠷᠬᠢᠯᠡᠬᠦ ᠭᠠᠵᠠᠷ ᠤᠨ ᠠᠵᠢᠯᠲᠠᠨ ᠺᠠᠩᠬᠢ᠂ ᠴᠡᠷᠢᠭ ᠦᠨ ᠶᠠᠪᠤᠳᠠᠯ ᠤᠨ ᠶᠠᠮᠤᠨ ᠤ ᠵᠦᠪᠳᠡᠬᠦ ᠰᠠᠶᠢᠲᠠ᠂ᠠᠵᠢᠯᠲᠠᠨ ᠰᠠᠺᠦ᠋ᠷᠠᠢ᠂ ᠣᠷᠴᠢᠭᠤᠯᠤᠭᠴᠢ ᠢᠨ᠎ᠠ ᠨᠦᠴᠢ᠂ ᠮᠣᠩᠭᠣᠯ ᠵᠠᠰᠠᠭ ᠤᠨ ᠶᠠᠮᠤᠨ ᠤ ᠬᠡᠷᠡᠭ ᠡᠷᠬᠢᠯᠡᠬᠦ ᠲᠤᠰᠢᠶᠠᠯᠲᠠᠨ ᠵᠦᠩᠵᠢᠭᠦᠷᠵᠠᠪ (ᠶᠠᠫᠣᠨ ᠬᠡᠯᠡᠨ ᠦ ᠣᠷᠴᠢᠭᠤᠯᠤᠭᠴᠢ᠂ ᠬᠣᠯᠪᠣᠭ᠎ᠠ ᠪᠠᠷᠢᠭᠴᠢ), ᠬᠠᠳᠠᠭ᠎ᠠ᠂ ᠬᠠᠶᠢᠯᠠᠷ ᠤᠨ ᠴᠠᠭᠳᠠᠭ᠎ᠠ ᠶᠢᠨ ᠭᠠᠵᠠᠷ ᠤᠨ ᠰᠠᠯᠠᠭᠠᠨ ᠤ ᠳᠠᠷᠤᠭ᠎ᠠ ᠴᠦᠩ ᠳ᠋ᠡᠢ ᠪᠣᠯᠤᠨ ᠨᠠᠷᠢᠨ ᠪᠢᠴᠢᠭ ᠦᠨ ᠳᠠᠷᠤᠭ᠎ᠠ ᠪᠠᠷ ᠬᠤᠸᠠ ᠮᠢᠨ ᠲᠠᠢ᠂ ᠬᠣᠶᠢᠳᠤ ᠬᠢᠩᠭᠠᠨ ᠮᠤᠵᠢ ᠶᠢᠨ ᠰᠡᠷᠭᠡᠶᠢᠯᠡᠨ ᠬᠠᠮᠠᠭᠠᠯᠠᠬᠤ ᠶᠠᠮᠤᠨ ᠤ ᠠᠵᠢᠯᠲᠠᠨ ᠵᠦ ᠺᠪᠠᠭᠰᠠᠨ ᠵᠠᠩ (ᠮᠣᠩᠭᠣᠯ ᠬᠡᠯᠡᠨ ᠦ ᠣᠷᠴᠢᠭᠤᠯᠤᠭᠴᠢ᠂ ᠬᠣᠯᠪᠣᠭ᠎ᠠ ᠪᠠᠷᠢᠭᠴᠢ), ᠬᠣᠶᠢᠳᠤ ᠬᠢᠩᠭᠠᠨ ᠮᠤᠵᠢ ᠶᠢᠨ ᠰᠡᠷᠭᠡᠶᠢᠯᠡᠨ ᠬᠠᠮᠠᠭᠠᠯᠠᠬᠤ ᠶᠠᠮᠤᠨ ᠤ ᠣᠷᠴᠢᠭᠤᠯᠤᠭᠴᠢ ᠡᠷᠬᠢᠮᠪᠠᠶᠠᠷ ᠪᠣᠯᠤᠨ ᠬᠤᠷᠠᠯ ᠤᠨ ᠲᠡᠮᠳᠡᠭᠯᠡᠭᠴᠢᠳ ᠵᠡᠷᠭᠡ ᠠᠷᠪᠠᠭᠠᠳ ᠬᠦᠮᠦᠨ ᠣᠷᠣᠯᠴᠠᠭᠰᠠᠨ ᠪᠠᠶᠢᠨ᠎ᠠ᠃

ᠮᠠᠨᠵᠤᠤᠷ ᠤᠨ ᠪᠠᠭ᠎ᠠ ᠬᠤᠷᠠᠯ ᠢᠶᠠᠷ ᠬᠢᠯᠢ ᠶᠢᠨ ᠮᠥᠷᠭᠥᠯᠳᠦᠭᠡᠨ ᠪᠣᠯᠤᠭᠰᠠᠨ ᠨᠤᠲᠤᠭ ᠤᠳ ᠨᠢ ᠬᠡᠨ ᠦ ᠨᠤᠲᠤᠭ ᠪᠣᠯᠬᠤ ᠶᠢ ᠰᠢ ᠳᠦ ᠬᠢ᠂ ᠬᠢᠯᠢ ᠶᠢᠨ ᠱᠤᠭᠤᠮ ᠢ ᠨᠢᠭᠲᠠᠯᠠᠨ ᠲᠣᠭᠲᠠᠭᠠᠬᠤ ᠭᠡᠰᠡᠨ ᠬᠣᠶᠠᠷ ᠦᠨᠳᠦᠰᠦᠨ ᠠᠰᠠᠭᠤᠳᠠᠯ ᠬᠡᠯᠡᠯᠴᠡᠭᠰᠡᠨ ᠪᠣᠯᠪᠠᠴᠤ ᠲᠣᠳᠣᠷᠬᠠᠢ ᠦᠷ᠎ᠡ ᠳ᠋ᠦᠩ ᠳᠦ ᠬᠦᠷᠢᠶ᠎ᠡ ᠭᠦᠢ ᠪᠠᠶᠢᠨ᠎ᠠ᠃

ᠬᠡᠯᠡᠯᠴᠡᠭᠡᠨ ᠳᠦ ᠣᠷᠣᠯᠴᠠᠭᠰᠠᠨ ᠮᠣᠩᠭᠣᠯ ᠤᠨ ᠲᠠᠯ᠎ᠠ ᠶᠢᠨ ᠲᠥᠯᠥᠭᠡᠯᠡᠭᠴᠢᠳ ᠢ ᠵᠥᠪᠯᠡᠯᠲᠦᠡᠶᠢᠨ ᠲᠠᠯ᠎ᠠ ᠠᠴᠠ ᠬᠠᠷᠠᠳᠠᠵᠤ ᠤᠯᠠᠮ ᠢᠶᠠᠷ ᠶᠡᠬᠡ ᠬᠡᠯᠮᠡᠭᠳᠡᠭᠦᠯᠦᠯᠲᠡ (ᠮᠣᠩᠭᠣᠯ)ᠡᠶᠢᠨ ᠦᠶ᠎ᠡ ᠳᠦ ᠬᠢᠯᠢᠰ ᠬᠡᠷᠡᠭ ᠢᠶᠡᠷ ᠬᠡᠯᠮᠡᠭᠳᠡᠭᠦᠯᠦᠭᠰᠡᠨ ᠪᠠᠶᠢᠨ᠎ᠠ

ᠮᠥᠨ ᠮᠠᠨᠵᠤ-ᠭᠣᠭᠡᠶᠢᠨ ᠲᠠᠯ᠎ᠠ ᠶᠢ ᠠᠬᠠᠯᠠᠨ ᠣᠷᠣᠯᠴᠠᠭᠰᠠᠨ ᠬᠣᠶᠢᠳᠤ ᠬᠢᠩᠭᠠᠨ ᠮᠤᠵᠢ ᠶᠢᠨ ᠵᠠᠬᠢᠷᠤᠭᠴᠢ ᠯᠢᠩ ᠰᠢᠨᠢ ᠲᠡᠷᠢᠭᠦᠲᠡᠢ ᠲᠥᠯᠥᠭᠡᠯᠡᠭᠴᠢᠳ ᠢ ᠶᠠᠫᠣᠨᠴᠤᠤ ᠳᠤ ᠬᠠᠷᠠᠳᠠᠵᠤ ᠪᠤᠷᠤᠭᠤᠳᠬᠠᠵᠤ ᠫᠤᠤᠳᠠᠨ ᠬᠣᠷᠢᠶᠠᠭᠰᠠᠨ ᠪᠠᠶᠢᠨ᠎ᠠ᠃

ᠤᠷᠠᠯᠢᠭ ᠤᠨ ᠪᠦᠲᠦᠭᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]


ᠲᠡᠭᠦᠨᠴᠢᠯᠡᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ