ᠮᠠᠨᠳᠤᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠨᠳᠤᠯ ᠨᠢ ᠰᠡᠯᠡᠩᠭᠡ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠵᠡᠭᠦᠨ ᠢᠶᠠᠷ ᠢᠶᠠᠨ.

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠯᠡᠩᠭᠡ ᠠᠶᠢᠮᠠᠭ ᠤᠨ ᠮᠠᠨᠳᠤᠯ ᠰᠤᠮᠤ ᠨᠢ 1911-1915 ᠣᠨ ᠳᠤ ᠪᠣᠭᠳᠠ ᠬᠠᠭᠠᠨᠲᠤ ᠮᠣᠩᠭᠣᠯ ᠤᠯᠤᠰ ᠤᠨ ᠲᠦᠰᠢᠶᠡᠲᠦ ᠬᠠᠨ ᠠᠶᠢᠮᠠᠭ ᠤᠨ ᠪᠠᠭᠠᠲᠤᠷ ᠪᠡᠶᠢᠯᠡ ᠶᠢᠨ ᠬᠣᠰᠢᠭᠤ᠂ 1916-1924 ᠣᠨ ᠳᠤ ᠪᠠᠭᠠᠲᠤᠷ ᠸᠠᠩ ᠤᠨ ᠬᠣᠰᠢᠭᠤ ᠬᠡᠮᠡᠬᠦ ᠨᠡᠷ᠎ᠡ ᠲᠡᠢ ᠪᠠᠶᠢᠪᠠ᠃

ᠠᠷᠠᠳ ᠤᠨ ᠵᠠᠰᠠᠭ ᠤᠨ ᠭᠠᠵᠠᠷ ᠤᠨ 1924 ᠣᠨ ᠤ 68 ᠍ ᠳᠦᠭᠡᠷ ᠲᠣᠭᠲᠠᠭᠠᠯ ᠢᠶᠠᠷ ᠪᠠᠭᠠᠲᠤᠷ ᠸᠠᠩ ᠤᠨ ᠬᠣᠰᠢᠭᠤᠨ ᠤ ᠮᠠᠨᠳᠤᠯ ᠰᠤᠮᠤ ᠪᠠᠶᠢᠭᠤᠯᠤᠭᠳᠠᠵᠠᠢ᠃

1961 ᠣᠨ ᠳᠤ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1 ᠰᠠᠷ᠎ᠠ ᠶᠢᠨ 9 ᠍ ᠤ ᠡᠳᠦᠷ ᠦᠨ 7 ᠳ᠋ᠤᠭᠠᠷ ᠵᠠᠷᠯᠢᠭ ᠢᠶᠠᠷ ᠵᠡᠭᠦᠨ ᠬᠠᠷ᠎ᠠ ᠶᠢ ᠬᠣᠲᠠ ᠪᠣᠯᠭᠠᠵᠤ ᠬᠣᠲᠠ ᠶᠢᠨ ᠵᠠᠬᠢᠷᠭ᠎ᠠ ᠶᠢ ᠪᠠᠶᠢᠭᠤᠯᠤᠭᠰᠠᠨ ᠪᠠᠶᠢᠨ᠎ᠠ᠃

1968 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ 1 ᠰᠠᠷ᠎ᠠ ᠶᠢᠨ 13 ᠍ ᠤ ᠡᠳᠦᠷ ᠦᠨ 9 ᠳᠦᠭᠡᠷ ᠵᠠᠷᠯᠢᠭ ᠢᠶᠠᠷ ᠮᠠᠨᠳᠤᠯ ᠰᠤᠮᠤ ᠶᠢ ᠵᠡᠭᠦᠨ ᠬᠠᠷ᠎ᠠ ᠶᠢᠨ САА ᠍ ᠢ ᠬᠠᠷᠢᠶᠠᠯᠠᠭᠰᠠᠨ ᠰᠤᠮᠤ ᠪᠣᠯᠭᠠᠵᠤ ᠲᠤᠰ ᠰᠤᠮᠤ ᠶᠢᠨ ᠲᠥᠪ ᠢ ᠵᠡᠭᠦᠨ ᠬᠠᠷᠠᠭᠠᠳ ᠰᠢᠯᠵᠢᠭᠦᠯᠵᠡᠢ᠃

ᠤᠯᠤᠰ ᠤᠨ ᠶᠡᠬᠡ ᠬᠤᠷᠠᠯ ᠤᠨ 1994 ᠣᠨ ᠤ 5 ᠍ ᠳᠦᠭᠡᠷ ᠰᠠᠷ᠎ᠠ ᠶᠢᠨ 6 ᠍ ᠤ ᠡᠳᠦᠷ ᠦᠨ 36 ᠍ ᠳᠦᠭᠡᠷ ᠲᠣᠭᠲᠠᠭᠠᠯ ᠢᠶᠠᠷ ᠰᠡᠯᠡᠩᠭᠡ ᠠᠶᠢᠮᠠᠭ ᠤᠨ ᠵᠡᠭᠦᠨ ᠢᠶᠠᠷ ᠢᠶᠠᠨ ᠬᠣᠲᠠ ᠶᠢ ᠮᠠᠨᠳᠤᠯ ᠰᠤᠮᠤᠨ ᠳᠤ ᠨᠢᠭᠡᠳᠬᠡᠨ᠂ ᠮᠠᠨᠳᠤᠯ ᠰᠤᠮᠤ ᠭᠡᠵᠦ ᠨᠡᠷᠡᠯᠡᠵᠡᠢ᠃ ᠰᠤᠮᠤ ᠶᠢᠨ ᠠᠩᠬᠠᠨ ᠤ ᠵᠠᠰᠠᠭ ᠳᠠᠷᠤᠭ᠎ᠠ ᠪᠠᠷ ᠵ᠃ᠳᠣᠷᠵᠢ ᠬᠡᠮᠡᠬᠦ ᠬᠦᠮᠦᠨ ᠠᠵᠢᠯᠯᠠᠵᠤ ᠪᠠᠶᠢᠭᠰᠠᠨ ᠪᠣᠯ ᠬᠣᠲᠠ ᠶᠢᠨ ᠠᠷᠠᠳ ᠤᠨ ᠳ᠋ᠧᠫᠦᠶᠢᠲ᠋ᠠᠲᠤᠲᠤ ᠶᠢᠨ ᠬᠣᠷᠢᠶᠠᠨ ᠤ ᠭᠦᠢᠴᠡᠳᠭᠡᠬᠦ ᠵᠠᠬᠢᠷᠭᠠᠨ ᠤ ᠳᠠᠷᠤᠭ᠎ᠠ ᠪᠠᠷ ᠨ᠃ᠨᠠᠮᠰᠠᠷᠠᠢ᠂ ᠵ᠃ᠳᠠᠰᠢᠳᠣᠷᠵᠢ᠂ ᠣ᠃ᠯᠤᠪᠰᠠᠩᠳᠣᠨᠳᠣᠪ᠂ ᠮ᠃ᠵᠠᠮᠢᠶᠠᠨ᠂ ᠷ᠃ᠼᠡᠳᠡᠨᠳᠣᠷᠵᠢ ᠨᠠᠷ ᠠᠵᠢᠯᠯᠠᠵᠤ ᠪᠠᠶᠢᠴᠠᠢ᠃

ᠶᠡᠷᠦᠩᠬᠡᠢ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠳᠤᠯ ᠰᠤᠮᠤ ᠨᠢ ᠡᠳᠦᠭᠡ 9 ᠪᠠᠭ 2 ᠲᠣᠰᠬᠣᠨ ᠲᠠᠢ᠃ ᠨᠡᠶᠢᠲᠡ 7,3 ᠮᠢᠩᠭ ᠠᠤᠨ ᠥᠷᠬᠥᠳ 25,6 ᠮᠢᠩᠭ ᠠᠤᠨ ᠬᠦᠮᠦᠨ ᠠᠮᠠ ᠠᠵᠢᠯᠯᠠᠵᠤ ᠬᠥᠳᠡᠯᠮᠦᠷᠢᠯᠡᠨ ᠠᠮᠢᠳᠤᠷᠠᠵᠤ ᠪᠠᠶᠢᠨ᠎ᠠ᠃ ᠮᠣᠩᠭᠣᠯ ᠤᠯᠤᠰ ᠤᠨ ᠬᠡᠮᠵᠢᠶᠡᠨ ᠳᠦ ᠠᠶᠢᠮᠠᠭ ᠤᠨ ᠲᠥᠪ ᠡᠴᠡ ᠠᠯᠤᠰᠯᠠᠭᠳᠠᠭᠰᠠᠨ ᠰᠤᠮᠤ ᠠᠴᠠ ᠬᠦᠮᠦᠨ ᠠᠮᠠ ᠶᠢᠨ ᠲᠣᠭ᠎ᠠ ᠪᠠᠷ ᠢᠶᠠᠨ 1 ᠍ ᠷᠲ ᠣᠷᠣᠳᠠᠭ ᠪᠥᠭᠡᠳ ᠨᠢᠭᠡ ᠬᠠᠪᠲᠠᠭᠠᠢ ᠳᠥᠷᠪᠡᠯᠵᠢᠨ km ᠳᠦ 5.3 ᠬᠦᠮᠦᠨ ᠣᠨᠣᠭᠳᠠᠵᠤ ᠪᠠᠶᠢᠨ᠎ᠠ᠃

ᠤᠯᠠᠭᠠᠨᠪᠠᠭᠠᠲᠤᠷ ᠬᠣᠲᠠ ᠠᠴᠠ 174 ᠺᠢᠯᠣᠮᠧᠲ᠋ᠷ᠂ ᠠᠶᠢᠮᠠᠭ ᠤᠨ ᠲᠥᠪ ᠡᠴᠡ 210 ᠺᠢᠯᠣᠮᠧᠲ᠋ᠷ ᠵᠠᠢ ᠳᠤ ᠪᠠᠶᠢᠷᠢᠯᠠᠳᠠᠭ᠃ ᠲᠥᠪ ᠠᠶᠢᠮᠠᠭ ᠤᠨ ᠪᠠᠲᠤᠰᠦᠮᠪᠦᠷ᠂ ᠪᠣᠷᠣᠨᠠᠭᠤᠷ᠂ ᠰᠡᠯᠡᠩᠭᠡ ᠠᠶᠢᠮᠠᠭ ᠤᠨ ᠢᠷᠦᠭᠡ᠂ ᠪᠠᠶᠠᠨᠭᠣᠣᠯ ᠰᠤᠮᠤᠳ ᠲᠠᠢ ᠬᠢᠯᠢᠯᠡᠳᠡᠭ᠂ ᠨᠡᠶᠢᠲᠡ 484,3 ᠮᠢᠩᠭ ᠠᠤᠨ ᠭᠠ ᠭᠠᠵᠠᠷ ᠨᠤᠲᠤᠭ ᠲᠠᠢ ᠲᠥᠪ ᠦᠨ ᠪᠥᠰᠡ ᠶᠢᠨ ᠠᠶᠢᠮᠠᠭ ᠤᠳ ᠲᠠᠢ ᠣᠯᠠᠨ ᠤᠯᠤᠰ ᠤᠨ ᠲᠡᠮᠦᠷ ᠵᠠᠮ᠂ ᠠᠦ᠋ᠲ᠋ᠣ᠋ ᠵᠠᠮ ᠢᠶᠠᠷ ᠬᠣᠯᠪᠣᠭᠳᠠᠭᠰᠠᠨ ᠳᠡᠳ᠋ ᠪᠦᠲᠦᠴᠡ ᠰᠠᠶᠢᠨ ᠬᠥᠭᠵᠢᠭᠰᠡᠨ ᠰᠤᠮᠤ ᠪᠣᠯᠤᠨ ᠥᠷᠭᠡᠵᠢᠵᠡᠢ᠃ ᠵᠢᠯ ᠳᠤ 7800 ᠭᠠ ᠲᠠᠯᠠᠪᠠᠢ ᠳᠤ ᠦᠷ᠎ᠡ ᠲᠠᠷᠢᠶ᠎ᠠ᠂ ᠲᠥᠮᠥᠰᠥ ᠬᠦᠨᠡᠰᠦᠨ ᠦ ᠨᠣᠭᠣᠭ᠎ᠠ ᠲᠠᠷᠢᠶᠠᠯᠠᠵᠤ ᠪᠠᠶᠢᠨ᠎ᠠ᠃

2013 ᠣᠨ ᠤ ᠪᠠᠶᠢᠳᠠᠯ ᠢᠶᠠᠷ ᠠᠵᠤ ᠦᠢᠯᠡᠳᠪᠦᠷᠢ ᠶᠢᠨ ᠪᠦᠲᠦᠭᠡᠭᠳᠡᠬᠦᠨ ᠦᠢᠯᠡᠳᠪᠦᠷᠢᠯᠡᠯ 53002,1 ᠰᠠᠶ᠎ᠠ ᠲᠥᠭᠥᠷᠢᠭ᠂ ᠬᠥᠳᠡᠭᠡ ᠠᠵᠤ ᠠᠬᠤᠢ ᠶᠢᠨ ᠦᠢᠯᠡᠳᠪᠦᠷᠢᠯᠡᠯ 35935,5 ᠰᠠᠶ᠎ᠠ ᠲᠥᠭᠥᠷᠢᠭ᠂ ᠬᠤᠳᠠᠯᠳᠤᠭ᠎ᠠ ᠦᠢᠯᠡᠴᠢᠯᠡᠭᠡ 11615,6 ᠰᠠᠶ᠎ᠠ ᠲᠥᠭᠥᠷᠢᠭ᠂ ᠨᠡᠶᠢᠲᠡ ᠪᠦᠲᠦᠭᠡᠭᠳᠡᠬᠦᠨ ᠦᠢᠯᠡᠳᠪᠦᠷᠢᠯᠡᠯ ᠳᠦ 100553,2 ᠰᠠᠶ᠎ᠠ ᠲᠥᠭᠥᠷᠢᠭ ᠲᠦ ᠬᠦᠷᠴᠦ 2012 ᠣᠨ ᠠᠴᠠ АҮБ ᠦᠢᠯᠡᠳᠪᠦᠷᠢᠯᠡᠯ ᠳᠦ 56,5%, ХАА ᠍ ᠶᠢᠨ ᠪᠦᠲᠦᠭᠡᠭᠳᠡᠬᠦᠨ ᠦᠢᠯᠡᠳᠪᠦᠷᠢᠯᠡᠯ ᠳᠦ 24,1%, ᠬᠤᠳᠠᠯᠳᠤᠭ᠎ᠠ ᠦᠢᠯᠡᠴᠢᠯᠡᠭᠡ 8%, ᠨᠡᠶᠢᠲᠡ ᠪᠦᠲᠦᠭᠡᠭᠳᠡᠬᠦᠨ ᠦᠢᠯᠡᠳᠪᠦᠷᠢᠯᠡᠯ ᠳᠦ 36,6% ᠍ ᠢ ᠪᠠᠷ ᠥᠰᠦᠭᠰᠡᠨ ᠪᠠᠶᠢᠨ᠎ᠠ᠃

ᠮᠠᠨᠳᠤᠯ ᠰᠤᠮᠤ ᠨᠢ ᠬᠥᠳᠡᠭᠡ ᠠᠵᠤ ᠠᠬᠤᠢ ᠶᠢᠨ ᠭᠠᠵᠠᠷ 136708 ᠭᠠ᠂ ᠣᠢ ᠶᠢᠨ ᠰᠠᠨ ᠪᠦᠬᠦᠢ ᠭᠠᠵᠠᠷ 309957 ᠭᠠ᠂ ᠤᠰᠤᠨ ᠰᠠᠩ ᠪᠦᠬᠦᠢ ᠭᠠᠵᠠᠷ 2260 ᠭᠠ᠂ ᠲᠤᠰᠬᠠᠢ ᠬᠡᠷᠡᠭᠴᠡᠭᠡᠨ ᠦ ᠭᠠᠵᠠᠷ 21384 ᠭᠠ᠂ ᠲᠣᠰᠬᠣᠨ ᠰᠠᠭᠤᠷᠢᠩ ᠦᠨ ᠭᠠᠵᠠᠷ 12826 ᠭᠠ᠂ ᠳᠡᠳ᠋ ᠪᠦᠲᠦᠴᠡ ᠶᠢᠨ ᠭᠠᠵᠠᠷ 1238 ᠭᠠ ᠭᠠᠵᠠᠷ ᠨᠤᠲᠤᠭ ᠲᠠᠢ᠃

ᠰᠤᠮᠤ ᠨᠢ ᠦᠷ᠎ᠡ ᠲᠠᠷᠢᠶᠠᠨ ᠤ ᠦᠢᠯᠡᠳᠪᠦᠷᠢᠯᠡᠯ ᠪᠣᠯᠤᠨ ᠲᠥᠮᠥᠰᠥ ᠬᠦᠨᠡᠰᠦᠨ ᠦ ᠨᠣᠭᠣᠭᠠᠨ ᠤ ᠦᠢᠯᠡᠳᠪᠦᠷᠢᠯᠡᠯ ᠢᠶᠡᠷ ᠠᠶᠢᠮᠠᠭ ᠲᠤ ᠪᠠᠨ ᠲᠡᠳᠦᠢ ᠦᠭᠡᠢ ᠤᠯᠤᠰ ᠣᠷᠣᠨ ᠳᠤ ᠪᠠᠨ ᠳᠡᠭᠡᠭᠦᠷ ᠲᠦ ᠣᠷᠣᠵᠤ ᠪᠠᠶᠢᠨ᠎ᠠ᠃ ᠵᠢᠯ ᠪᠦᠷᠢ 48 ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ᠂ 1700 ᠭᠠᠷᠤᠢ ᠡᠷᠦᠬᠡ 750-790 ᠭᠠ ᠲᠠᠯᠠᠪᠠᠢ ᠳᠤ ᠲᠥᠮᠥᠰᠥ ᠲᠠᠷᠢᠶᠠᠯᠠᠵᠤ 10.0-14.0 ᠮᠢᠩᠭ᠎ᠠ ᠪᠠᠨ᠃ᠲᠨ᠂ 400-450 ᠭᠠ ᠲᠠᠯᠠᠪᠠᠢ ᠳᠤ ᠬᠦᠨᠡᠰᠦᠨ ᠦ ᠨᠣᠭᠣᠭ᠎ᠠ ᠲᠠᠷᠢᠶᠠᠯᠠᠵᠤ 8.0-10.0 ᠮᠢᠩᠭ᠎ᠠ ᠪᠠᠨ᠃ᠲᠨ ᠤᠷᠭᠤᠴᠠ ᠬᠤᠷᠢᠶᠠᠨ ᠠᠪᠴᠤ ᠠᠶᠢᠮᠠᠭ ᠤᠨ ᠨᠡᠶᠢᠲᠡ ᠲᠥᠮᠥᠰᠥ᠂ ᠬᠦᠨᠡᠰᠦᠨ ᠦ ᠨᠣᠭᠣᠭᠠᠨ ᠤ 23-36% ᠍ ᠶᠢ ᠦᠢᠯᠡᠳᠪᠦᠷᠢᠯᠡᠵᠦ ᠪᠠᠶᠢᠨ᠎ᠠ᠃

ᠰᠤᠮᠤ ᠶᠢᠨ ᠬᠡᠮᠵᠢᠶᠡᠨ ᠳᠦ 14 ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ᠂ 106 ᠢᠷᠭᠡᠨ 2 ᠭᠠ ᠲᠠᠯᠠᠪᠠᠢ ᠳᠤ ᠬᠦᠯᠡᠮᠵᠢ ᠶᠢᠨ ᠠᠵᠤ ᠠᠬᠤᠢ ᠡᠷᠬᠢᠯᠡᠳᠡᠭ᠃ ᠡᠷᠦᠬᠡ ᠶᠢᠨ ᠲᠠᠷᠢᠶᠠᠯᠠᠩᠴᠢᠳ ᠵᠢᠯ ᠳᠤ 5.0-5.5 ᠮᠢᠩᠭ᠎ᠠ ᠪᠠᠨ᠃ᠲᠨ ᠤᠷᠭᠤᠴᠠ ᠬᠤᠷᠢᠶᠠᠨ ᠠᠪᠴᠤ ᠪᠠᠶᠢᠭ᠎ᠠ ᠪᠠ ᠴᠢᠨᠠᠭᠰᠢᠳᠠ ᠬᠦᠯᠡᠮᠵᠢ ᠶᠢᠨ ᠠᠵᠤ ᠠᠬᠤᠢ ᠡᠷᠬᠢᠯᠡᠨ ᠡᠷᠲᠡ ᠤᠷᠭᠤᠴᠠ ᠶᠢᠨ ᠲᠥᠷᠥᠯ ᠪᠦᠷᠢ ᠶᠢᠨ ᠪᠣᠭᠣᠨᠢ ᠪᠣᠯᠴᠣᠲ ᠨᠣᠭᠣᠭ᠎ᠠ ᠶᠢ ᠲᠠᠷᠢᠶᠠᠯᠠᠩ ᠬᠣᠲᠠ ᠰᠠᠭᠤᠷᠢᠨ ᠭᠠᠵᠠᠷ ᠤᠨ ᠬᠦᠮᠦᠨ ᠠᠮᠠ ᠶᠢ ᠡᠺᠣᠯᠣᠭ ᠤᠨ ᠴᠡᠪᠡᠷ ᠬᠦᠨᠡᠰᠦᠨ ᠦ ᠨᠣᠭᠣᠭ᠎ᠠ ᠪᠠᠷ ᠬᠠᠩᠭᠠᠬᠤ ᠥᠷᠭᠡᠨ ᠪᠣᠯᠤᠮᠵᠢ ᠶᠢ ᠨᠡᠭᠡᠭᠡᠵᠦ ᠪᠠᠶᠢᠭ᠎ᠠ ᠶᠤᠮ᠃

2013 ᠣᠨ ᠳᠤ ᠨᠡᠶᠢᠲᠡ 106113 ᠮᠠᠯ ᠲᠣᠭᠠᠯᠠᠭᠳᠠᠭᠰᠠᠨ ᠠᠴᠠ ᠴᠡᠪᠡᠷ ᠡᠭᠦᠯᠳᠡᠷ᠂ ᠡᠷᠯᠢᠵᠡ᠂ ᠨᠤᠲᠤᠭ ᠤᠨ ᠰᠢᠯᠢᠮᠡᠯ ᠣᠮᠤᠭ ᠤᠨ 3112 ᠲᠣᠯᠣᠭᠠᠢ ᠮᠠᠯ ᠲᠣᠭᠠᠯᠠᠭᠳᠠᠭᠰᠠᠨ ᠨᠢ ᠨᠡᠶᠢᠲᠡ ᠮᠠᠯ ᠤᠨ 2.9 ᠬᠤᠪᠢ ᠪᠠᠶᠢᠨ᠎ᠠ᠃ 2013 ᠣᠨ ᠤ ᠪᠠᠶᠢᠳᠠᠯ ᠢᠶᠠᠷ ᠨᠡᠶᠢᠲᠡ 489 ᠮᠠᠯᠴᠢᠨ ᠡᠷᠦᠬᠡ᠂ 1514 ᠮᠠᠯ ᠲᠠᠢ ᠡᠷᠦᠬᠡ ᠪᠠᠶᠢᠭ᠎ᠠ ᠨᠢ ᠰᠤᠮᠤ ᠶᠢᠨ ᠨᠡᠶᠢᠲᠡ ᠡᠷᠦᠬᠡ ᠶᠢᠨ 20.7 ᠬᠤᠪᠢ ᠶᠢ ᠡᠵᠡᠯᠡᠵᠦ ᠪᠠᠶᠢᠨ᠎ᠠ

ᠪᠠᠶᠢᠭᠠᠯᠢ ᠭᠠᠵᠠᠷ ᠵᠦᠢ ᠶᠢᠨ ᠬᠤᠪᠢ ᠳᠤ ᠬᠠᠨ ᠬᠡᠨᠲᠡᠢ ᠶᠢᠨ ᠨᠢᠷᠤᠭᠤᠨ ᠤ ᠰᠠᠯᠪᠤᠷᠢ ᠠᠭᠤᠯᠠ ᠪᠣᠯᠬᠤ ᠳᠠᠯᠠᠢ ᠶᠢᠨ ᠲᠦᠪᠰᠢᠨ ᠡᠴᠡ 1000-2228.0 ᠮᠧᠲ᠋ᠷ ᠡᠷᠭᠦᠭᠳᠡᠭᠰᠡᠨ ᠣᠢ ᠬᠡᠭᠡᠷ᠎ᠡ ᠶᠢᠨ ᠪᠥᠰᠡ ᠳᠦ ᠪᠠᠭᠲᠠᠳᠠᠭ᠃ ᠲᠠᠬᠢᠯ ᠳᠤ᠂ ᠤᠷᠲᠤ᠂ ᠲᠠᠷᠪᠠᠭ᠎ᠠ ᠳᠤ᠂ ᠬᠠᠷ᠎ᠠ᠂ ᠲᠦᠩᠬᠦᠯ ᠦᠨ ᠬᠥᠬᠡ ᠨᠢᠷᠤᠭᠤ᠂ ᠰᠢᠷᠡᠭᠡ ᠬᠣᠰᠢᠭᠤ᠂ ᠴᠢᠪ ᠢᠶᠡᠨ᠂ ᠤᠯᠠᠭᠠᠨᠱᠠᠪᠤᠷ᠂ ᠮᠠᠲᠠᠬᠤ᠂ ᠮᠥᠩᠭᠥᠯᠢᠭ᠂ ᠬᠠᠷ᠎ᠠ ᠶᠢᠨ ᠵᠡᠷᠭᠡ 150 ᠭᠠᠷᠤᠢ ᠠᠭᠤᠯᠠ ᠲᠠᠢ᠂ ᠬᠠᠷ᠎ᠠ᠂ ᠢᠷᠦᠭᠡ᠂ ᠴᠢᠯᠠᠭᠤᠲᠤ᠂ ᠲᠦᠩᠬᠡᠯᠢᠭ ᠭᠡᠰᠡᠨ ᠲᠣᠮᠣᠬᠠᠨ ᠭᠣᠣᠯ ᠲᠠᠢ᠂ ᠨᠡᠶᠢᠲᠡ 120 ᠭᠣᠣᠯ ᠭᠣᠷᠭᠢ ᠲᠠᠢ᠂ 136 ᠪᠤᠯᠠᠭ ᠱᠠᠩᠳᠠ ᠲᠠᠢ᠃ ᠲᠡᠦᠬᠡ ᠳᠤᠷᠠᠰᠬᠠᠯ ᠤᠨ ᠥᠪ ᠪᠣᠯᠤᠭᠰᠠᠨ ᠨᠣᠶᠠᠨ ᠠᠭᠤᠯᠠ ᠪᠣᠯᠤᠨ ᠪᠠᠶᠢᠭᠠᠯᠢ ᠶᠢᠨ ᠰᠣᠨᠢᠨ ᠲᠣᠭᠲᠠᠴᠠ ᠲᠠᠢ ᠭᠠᠵᠠᠷ ᠨᠤᠲᠤᠭ ᠶᠡᠬᠡ ᠲᠡᠢ᠂ 160 ᠭᠠᠷᠤᠢ ᠡᠷᠲᠡᠨ ᠦ ᠪᠤᠯᠠᠰᠢ ᠬᠢᠷᠡᠭᠰᠦᠭᠦᠷ ᠲᠡᠢ ᠪᠥᠭᠡᠳ ᠴᠢᠨᠠᠭᠰᠢᠳᠠ ᠡᠳᠡᠭᠡᠷ ᠭᠠᠵᠠᠷ ᠤᠳ ᠢ ᠲᠦᠰᠢᠭᠯᠡᠨ ᠠᠷᠬᠧᠣᠯᠣᠭᠢ ᠶᠢᠨ ᠬᠠᠶᠢᠭᠤᠯ ᠰᠤᠳᠤᠯᠭ᠎ᠠ ᠶᠢ ᠶᠠᠪᠤᠭᠤᠯᠵᠤ ᠪᠠᠲᠤᠯᠠᠭᠠᠵᠢᠭᠤᠯᠠᠨ ᠳᠡᠯᠡᠬᠡᠢ ᠳᠦ ᠠᠯᠳᠠᠷᠰᠢᠭᠤᠯᠬᠤ ᠵᠠᠮ ᠢᠶᠠᠷ ᠠᠶᠠᠯᠠᠯ ᠵᠢᠭᠤᠯᠴᠢᠯᠠᠯ ᠢ ᠬᠥᠭᠵᠢᠭᠦᠯᠬᠦ ᠪᠦᠷᠢᠨ ᠪᠣᠯᠤᠮᠵᠢ ᠲᠠᠢ ᠶᠤᠮ᠃

ᠰᠤᠮᠤ ᠶᠢᠨ ᠬᠡᠮᠵᠢᠶᠡᠨ ᠳᠦ ᠬᠦᠨᠡᠰᠦᠨ ᠦ ᠮᠠᠩᠯᠠᠢ ᠦᠢᠯᠡᠳᠪᠦᠷᠢ ᠰᠫᠢᠷᠲ ᠪᠠᠯ ᠪᠤᠷᠠᠮ ХК, ᠮᠣᠳᠣ ᠪᠣᠯᠪᠠᠰᠤᠷᠠᠭᠤᠯᠬᠤ ᠦᠢᠯᠡᠳᠪᠦᠷᠢ᠂ ᠲᠡᠮᠦᠷ ᠦᠨ ᠪᠣᠯᠤᠨ ᠲᠣᠭᠣᠰᠬᠠᠨ ᠤ ᠦᠢᠯᠡᠳᠪᠦᠷᠢ ᠵᠡᠷᠭᠡ ᠲᠣᠮᠣᠬᠠᠨ ᠦᠢᠯᠡᠪᠦᠷᠢ ᠨᠦᠭᠦᠳ ᠪᠠᠶᠢᠷᠢᠰᠢᠬᠤ ᠠᠴᠠ ᠭᠠᠳᠠᠨ᠎ᠠ ᠰᠡᠭᠦᠯ ᠦᠨ ᠵᠢᠯ ᠤᠨᠳ ᠲᠤ ᠵᠢᠵᠢᠭ ᠳᠤᠮᠳᠠ ᠦᠢᠯᠡᠳᠪᠦᠷᠢᠯᠡᠯ᠂ ᠦᠢᠯᠡᠴᠢᠯᠡᠭᠡ ᠡᠷᠴᠢᠮᠲᠡᠢ ᠬᠥᠭᠵᠢᠵᠦ ᠪᠠᠶᠢᠨ᠎ᠠ᠃

ᠮᠠᠨᠳᠠᠯ ᠰᠤᠮᠤ ᠶᠢᠨ ᠲᠥᠪ ᠨᠢ ᠵᠡᠭᠦᠨ ᠢᠶᠠᠷ ᠢᠶᠠᠨ. ᠵᠡᠭᠦᠨ ᠬᠠᠷᠠᠭ᠎ᠠ ᠶᠢᠨ ᠬᠢᠨ ᠡᠮᠦᠨᠡᠲᠦ ᠵᠦᠭ ᠲᠤ 5 ᠺᠢᠯᠣᠮᠧᠲ᠋ᠷ ᠵᠠᠢ ᠳᠤ ᠬᠡᠷᠬᠡ ᠰᠠᠭᠤᠷᠢᠨ ᠭᠠᠵᠠᠷ ᠪᠠᠶᠢᠷᠢᠯᠠᠬᠤ ᠪᠥᠭᠡᠳ ᠡᠳᠡᠭᠡᠷ ᠢ ᠬᠠᠷ᠎ᠠ ᠭᠣᠣᠯ ᠲᠤᠰᠠᠭᠠᠷᠯᠠᠳᠠᠭ᠃ ᠵᠡᠭᠦᠨ ᠬᠠᠷᠠᠭ᠎ᠠ ᠶᠢᠨ ᠬᠢᠨ ᠵᠡᠭᠦᠨ ᠡᠮᠦᠨᠡᠲᠦ ᠵᠦᠭ ᠲᠤ 44 ᠺᠢᠯᠣᠮᠧᠲ᠋ᠷ ᠵᠠᠢ ᠳᠤ ᠲᠦᠩᠬᠦᠯ ᠰᠠᠭᠤᠷᠢᠨ ᠣᠷᠣᠰᠢᠳᠠᠭ᠃


ᠰᠤᠮᠤ ᠶᠢᠨ ᠨᠤᠲᠤᠭ ᠢᠶᠠᠷ ᠮᠣᠩᠭᠣᠯ ᠤᠨ ᠲᠡᠮᠦᠷ ᠵᠠᠮ ᠳᠠᠭᠠᠷᠢᠳᠠᠭ᠃

ᠵᠡᠭᠦᠨ ᠬᠠᠷ᠎ᠠ ᠶᠢᠨ ᠪᠠᠷᠠᠭᠤᠨ ᠡᠮᠦᠨᠡᠲᠦ ᠵᠦᠭ ᠲᠤ 30 ᠺᠢᠯᠣᠮᠧᠲ᠋ᠷ ᠵᠠᠢ ᠳᠤ ᠪᠣᠷᠣᠣ ᠶᠢᠨ ᠠᠯᠲᠠᠨ ᠤ ᠠᠭᠤᠷᠬᠠᠢ᠂ ᠵᠡᠭᠦᠨ ᠡᠮᠦᠨᠡᠲᠦ ᠵᠦᠭ ᠲᠤ 30 ᠺᠢᠯᠣᠮᠧᠲ᠋ᠷ ᠵᠠᠢ ᠳᠤ ᠭᠠᠴᠤᠤᠷᠠᠲᠤ ᠶᠢᠨ ᠠᠯᠲᠠᠨ ᠤ ᠠᠭᠤᠷᠬᠠᠢ ᠲᠤᠰ ᠲᠤᠰ ᠪᠠᠶᠢᠷᠢᠯᠠᠳᠠᠭ᠃ ᠮᠠᠨᠳᠤᠯ ᠰᠤᠮᠤ ᠶᠢᠨ ᠨᠤᠲᠤᠭ ᠲᠤ "ᠰᠢᠷᠬᠡᠨᠴᠡᠭ", "ᠶᠡᠬᠡ ᠮᠠᠨᠳᠤᠯ" ᠬᠡᠮᠡᠬᠦ ᠰᠦᠷᠯᠢᠭ ᠰᠠᠶᠢᠬᠠᠨ ᠠᠤᠯᠠᠯᠠᠰ ᠪᠠᠶᠢᠳᠠᠭ᠃

ᠵᠠᠰᠠᠭ ᠵᠠᠬᠢᠷᠭᠠᠨ ᠤ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠷᠬᠡᠩᠴᠡᠭ ᠦᠨ 2 ᠍ ᠳᠦᠭᠡᠷ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠪᠠᠭ ᠨᠢ 1990 ᠣᠨ ᠳᠤ ᠬᠣᠷᠢᠶᠠᠨ ᠤ ᠵᠣᠬᠢᠶᠠᠨ ᠪᠠᠶᠢᠭᠤᠯᠤᠯᠲᠠ ᠪᠠᠷ ᠠᠵᠢᠯᠯᠠᠵᠤ ᠪᠠᠶᠢᠭᠰᠠᠨ᠃ 1990 -1994 ᠣᠨ ᠳᠤ ᠠᠩᠬᠠᠨ ᠤ ᠬᠣᠷᠢᠶᠠᠨ ᠤ ᠳᠠᠷᠤᠭ᠎ᠠ ᠨᠢ ᠣ᠃ᠰᠠᠷᠠᠨᠬᠦᠦ᠂ 1994 – 1997 ᠣᠨ ᠨᠤᠭᠤᠳ ᠲᠤ ᠪᠠᠭ ᠤᠨ ᠵᠠᠰᠠᠭ ᠳᠠᠷᠤᠭ᠎ᠠ ᠪᠠᠷ ᠭ᠃ᠳᠣᠷᠵᠢᠫᠠᠯᠠᠮ᠂1997 – 2011 ᠣᠨ ᠬᠦᠷᠲᠡᠯ᠎ᠡ ᠶᠦ᠃ᠨᠡᠷᠡᠩᠳᠠᠪᠠ /ᠤᠯᠠᠷᠢᠨ 3 ᠤᠳᠠᠭ᠎ᠠ ᠰᠣᠩᠭᠣᠭᠳᠠᠭᠰᠠᠨ/ 2011 -2013 ᠣᠨ ᠬᠦᠷᠲᠡᠯ᠎ᠡ ᠱ᠃ᠬᠥᠳᠡᠷᠢ᠂ 2013 ᠣᠨ ᠤ ᠰᠣᠩᠭᠣᠭᠤᠯᠢ ᠪᠠᠷ ᠪᠠᠭ ᠤᠨ ᠵᠠᠰᠠᠭ ᠳᠠᠷᠤᠭ᠎ᠠ ᠪᠠᠷ ᠳ᠃ᠭᠡᠷᠡᠯᠴᠡᠴᠡᠭ ᠰᠣᠩᠭᠣᠭᠳᠠᠨ ᠠᠵᠢᠯᠯᠠᠵᠤ ᠪᠠᠶᠢᠨ᠎ᠠ᠃

ᠲᠤᠰ ᠪᠠᠭ ᠨᠢ 2945 ᠬᠦᠮᠦᠨ ᠠᠮᠠ ᠲᠠᠢ᠂ 791 ᠡᠷᠦᠬᠡ ᠲᠡᠢ᠂ 10 ᠬᠡᠰᠡᠭ ᠦᠨ ᠳᠠᠷᠤᠭ᠎ᠠ ᠲᠠᠢ᠂ ᠰᠢᠷᠬᠡᠨᠴᠡᠭ᠂ ᠤᠯᠢᠶᠠᠰᠤᠲᠠᠢ ᠶᠢᠨ᠂ ᠬᠠᠶᠢᠯᠠᠰᠤᠲᠤ᠂ 241 ᠍ ᠳᠦᠭᠡᠷ ᠲᠠᠴᠢᠺ᠂ ᠰᠫᠢᠷᠲ ᠪᠠᠯ ᠪᠤᠷᠠᠮ ᠬᠤᠪᠢᠴᠠᠭᠠᠲᠤ ᠺᠣᠮᠫᠠᠨᠢ ᠤ 1-12 ᠪᠠᠶᠢᠷᠢ᠂ 47 ᠍ ᠳᠦᠭᠡᠷ ᠪᠠᠶᠢᠷᠢ᠂ ᠲᠣᠰᠣᠲᠤ ᠥᠷᠭᠥᠭᠡ ᠶᠢᠨ 1-5 ᠪᠠᠶᠢᠷᠢ ᠨᠤᠭᠤᠳ ᠣᠷᠣᠳᠠᠭ᠃

ᠲᠤᠰ ᠪᠠᠭ ᠤᠨ ᠨᠤᠲᠤᠭ ᠳᠡᠪᠢᠰᠬᠡᠷ ᠲᠦ ᠰᠫᠢᠷᠲ ᠪᠠᠯ ᠪᠤᠷᠠᠮ ᠬᠤᠪᠢᠴᠠᠭᠠᠲᠤ ᠺᠣᠮᠫᠠᠨᠢ᠂ ᠨᠠᠷᠠᠨ ᠤ ᠥᠷᠲᠡᠭᠡ ХХК, ᠠᠯᠤᠰ ᠤᠨ ᠥᠷᠲᠡᠭᠡ ХХК, ᠢᠳᠡᠷᠮᠠᠨᠳᠠᠯ ХХК, ᠵᠠᠪᠠᠷᠠᠢ ХХК, ᠨᠣᠮᠣᠭᠣᠯᠵᠢᠨ ХХК, ᠮᠠᠷᠭᠠᠳᠬᠠᠷ ᠢᠶᠠᠨ ББН, ᠪᠢᠯᠢᠭ ДБ ᠰᠤᠷᠭᠠᠭᠤᠯᠢ᠂ ᠠᠪᠤᠷᠠᠬᠤ ᠭᠠᠯ ᠤᠨᠲᠠᠷᠠᠭᠠᠬᠤ 19 ᠍ ᠳᠦᠭᠡᠷ ᠠᠩᠭᠢ᠂ ᠥᠭᠭᠢᠶᠡᠮᠦᠷᠮᠠᠨᠳᠠᠯ ХХК, ᠮᠣᠩᠭᠣᠯ ᠰᠢᠬᠢᠷ ХХК, ᠬᠠᠷᠢᠶᠠᠴᠢᠯᠠᠭᠤᠲᠤ ХХК, ᠰᠢᠲᠠᠬᠤᠨ ᠲᠦᠭᠡᠭᠡᠬᠦ ᠰᠲ᠋ᠠᠨᠼ ᠵᠡᠷᠭᠡ 28 ААНБ –ᠤᠳ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭ᠎ᠠ ᠪᠥᠭᠡᠳ ᠳᠡᠶᠢᠯᠦᠩᠬᠢ ᠬᠤᠪᠢ ᠦᠢᠯᠡᠳᠪᠦᠷᠢᠯᠡᠯ ᠦᠨ ᠴᠢᠭᠯᠡᠯ ᠢᠶᠡᠷ ᠠᠵᠢᠯᠯᠠᠳᠠᠭ᠃

ᠪᠠᠶᠠᠨ ᠰᠠᠭᠤᠳᠠᠯ ᠤᠨ 3 ᠍ ᠳᠦᠭᠡᠷ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ ᠰᠠᠭᠤᠳᠠᠯ 3 ᠍ ᠳᠦᠭᠡᠷ ᠪᠠᠭ ᠤᠨ 3300 ᠢᠷᠭᠡᠨ᠂ 850 ᠡᠷᠦᠬᠡ᠂ 15 ᠬᠡᠰᠡᠭ ᠲᠡᠢ᠃ ᠪᠠᠭ ᠤᠨ ᠵᠠᠰᠠᠭ ᠳᠠᠷᠤᠭ᠎ᠠ ᠴ᠃ᠰᠠᠷᠮᠠᠨᠳᠠᠬᠤ᠃

ᠬᠡᠷᠬᠡ 4 ᠍ ᠳᠦᠭᠡᠷ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

1994 ᠣᠨ ᠳᠤ ᠤᠯᠤᠰ ᠤᠨ ᠶᠡᠬᠡ ᠬᠤᠷᠠᠯ ᠤᠨ ᠲᠣᠭᠲᠠᠭᠠᠯ ᠢᠶᠠᠷ ᠮᠠᠨᠳᠤᠯ ᠰᠤᠮᠤ᠂ ᠵᠡᠭᠦᠨ ᠢᠶᠠᠷ ᠢᠶᠠᠨ ᠬᠣᠲᠠ᠂ ᠲᠦᠩᠬᠦᠯ ᠬᠣᠷᠢᠶ᠎ᠠ ᠨᠡᠶᠢᠯᠡᠵᠦ ᠬᠡᠷᠬᠡ ᠲᠣᠰᠬᠣᠨ 4 ᠍ ᠳᠦᠭᠡᠷ ᠪᠠᠭ ᠪᠠᠶᠢᠭᠤᠯᠤᠭᠳᠠᠭᠰᠠᠨ᠃ ᠬᠡᠷᠬᠡ ᠲᠣᠰᠬᠣᠨ ᠤ 4 ᠍ ᠳᠦᠭᠡᠷ ᠪᠠᠭ ᠤᠨ ᠵᠠᠰᠠᠭ ᠳᠠᠷᠤᠭ᠎ᠠ ᠪᠠᠷ ᠴᠤ᠃ᠪᠠᠽᠠᠷ᠂ ᠭ᠃ᠵᠢᠷᠭᠠᠯᠲᠤᠯᠭ᠎ᠠ᠂ ᠵ᠃ᠵᠠᠪᠵᠠᠩᠳᠣᠷᠵᠢ᠂ ᠭ᠃ᠶᠤᠶᠢᠷᠠ᠂ ᠯᠠ᠃ᠪᠠᠲᠤᠰᠦ᠋ᠷᠦᠩ᠂ ᠪ᠃ᠭᠠᠩᠪᠣᠯᠣᠳ ᠨᠠᠷ ᠠᠵᠢᠯᠯᠠᠵᠤ ᠪᠠᠶᠢᠭᠰᠠᠨ᠃

6 ᠍ ᠳᠦᠭᠡᠷ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠪᠠᠭ ᠨᠢ 2011 ᠣᠨ ᠳᠤ ТЗ ᠍ ᠤᠨ 1 ᠍ ᠳᠦᠭᠡᠷ ᠪᠠᠭ᠎ᠠ ᠠᠴᠠ ᠬᠤᠪᠢᠶᠠᠭᠳᠠᠨ ᠰᠢᠨ᠎ᠡ ᠪᠡᠷ ᠪᠠᠭ ᠪᠣᠯᠤᠨ ᠪᠠᠶᠢᠭᠤᠯᠤᠭᠳᠠᠭᠰᠠᠨ᠃ ᠠᠩᠬᠠᠨ ᠤ ᠪᠠᠭ ᠤᠨ ᠢᠷᠭᠡᠳ ᠦᠨ ᠨᠡᠶᠢᠲᠡ ᠶᠢᠨ ᠬᠤᠷᠠᠯ ᠤᠨ ᠳᠠᠷᠤᠭ᠎ᠠ᠂ ᠲᠡᠷᠢᠭᠦᠯᠡᠭᠴᠢᠳ᠂ ᠪᠠᠭ ᠤᠨ ᠵᠠᠰᠠᠭ ᠳᠠᠷᠤᠭᠠᠨᠢ ᠢᠷᠭᠡᠳ ᠦᠨ ᠰᠣᠩᠭᠣᠭᠤᠯᠢ ᠪᠠᠷ ᠰᠣᠩᠭᠣᠭᠳᠠᠵᠤ᠂ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠡᠬᠢᠯᠡᠭᠰᠡᠨ ᠪᠥᠭᠡᠳ ᠠᠩᠬᠠᠨ ᠤ ᠪᠠᠭ ᠤᠨ ᠢᠷᠭᠡᠳ ᠦᠨ ᠨᠡᠶᠢᠲᠡ ᠶᠢᠨ ᠬᠤᠷᠠᠯ ᠤᠨ ᠳᠠᠷᠤᠭ᠎ᠠ ᠪᠠᠷ ᠵ᠃ᠡᠩᠬᠡᠲᠤᠶᠠᠭ᠎ᠠ᠂ ᠪᠠᠭ ᠤᠨ ᠵᠠᠰᠠᠭ ᠳᠠᠷᠤᠭ᠎ᠠ ᠪᠠᠷ ᠵ᠃ᠬᠡᠰᠢᠭᠪᠠᠶᠠᠷ ᠨᠢ ᠰᠣᠩᠭᠣᠭᠳᠠᠭᠰᠠᠨ᠃ 2012 ᠣᠨ ᠤ ᠣᠷᠣᠨ ᠨᠤᠲᠤᠭ ᠤᠨ ᠰᠣᠩᠭᠣᠭᠤᠯᠢ ᠪᠠᠷ ᠪᠠᠭ ᠤᠨ ᠢᠷᠭᠡᠳ ᠦᠨ ᠨᠡᠶᠢᠲᠡ ᠶᠢᠨ ᠬᠤᠷᠠᠯ ᠤᠨ ᠳᠠᠷᠤᠭ᠎ᠠ ᠪᠠᠷ ᠵ᠃ᠪᠦᠷᠢᠨᠪᠤᠶᠠᠨ᠂ ᠲᠡᠷᠢᠭᠦᠯᠡᠭᠴᠢᠳ ᠢᠶᠡᠷ ᠨ᠃ᠪᠠᠳᠮᠠᠬᠠᠨ ᠳᠤ᠂ ᠳ᠃ᠳ᠋ᠠᠷᠢᠮ᠎ᠠ᠂ ᠪ᠃ᠭᠠᠨᠴᠢᠯᠠᠭᠤᠨ᠂ ᠣ᠃ᠬᠦᠷᠦᠯᠰᠦ᠋ᠬᠡ᠂ ᠪᠠᠭ ᠤᠨ ᠵᠠᠰᠠᠭ ᠳᠠᠷᠤᠭ᠎ᠠ ᠪᠠᠷ ᠵ᠃ᠬᠡᠰᠢᠭᠪᠠᠶᠠᠷ ᠨᠠᠷ ᠰᠣᠩᠭᠣᠭᠳᠠᠨ ᠠᠵᠢᠯᠯᠠᠵᠤ ᠪᠠᠶᠢᠨ᠎ᠠ᠃

ᠪᠠᠶᠠᠨᠬᠠᠩᠭᠠᠢ 6 ᠍ ᠳᠦᠭᠡᠷ ᠪᠠᠭ ᠨᠢ ᠣᠳᠣ 3260 ᠬᠦᠮᠦᠨ ᠠᠮᠠ ᠲᠠᠢ᠂ 960 ᠡᠷᠦᠬᠡ ᠲᠡᠢ᠂ ᠳᠤᠮᠳᠠ ᠥᠯᠢᠩ ᠳᠦ᠂ ᠪᠠᠶᠠᠨᠬᠠᠩᠭᠠᠢ᠂ ᠰᠤᠷᠭᠠᠭᠤᠯᠢ᠂ ᠳ᠋ᠧᠫᠣ᠂ ᠵᠡᠭᠦᠨ ᠢᠶᠠᠷ ᠢᠶᠠᠨ᠂ ᠥᠯᠢᠩ ᠳᠦ᠂ ᠤᠯᠠᠭᠠᠨᠪᠠᠭᠠᠲᠤᠷ᠂ 231 ᠍ ᠳᠦᠭᠡᠷ ᠺᠮ᠂ ᠬᠥᠳᠡᠭᠡ ᠶᠢᠨᠡᠭᠰᠡᠨ ᠬᠡᠰᠡᠭ ᠦᠳ ᠲᠡᠢ᠃ ᠬᠥᠳᠡᠭᠡ ᠶᠢᠨ ᠬᠡᠰᠡᠭ ᠲᠦ ᠢᠯᠪᠤᠭ᠂ ᠬᠣᠨᠢᠨᠤᠭᠠ᠂ ᠰᠢᠷᠠᠲᠠᠪᠤᠭᠤᠷ᠂ ᠠᠷᠮᠠᠳᠬᠤ ᠭᠡᠰᠡᠨ ᠭᠠᠵᠠᠷ ᠨᠤᠲᠤᠭ ᠤᠳ ᠬᠠᠮᠢᠶᠠᠷᠤᠭᠳᠠᠳᠠᠭ᠃ ᠲᠤᠰ ᠪᠠᠭ ᠨᠢ 4963 ᠮᠠᠯ ᠲᠠᠢ ᠡᠭᠦᠨ ᠡᠴᠡ ᠠᠳᠤᠭᠤ 260, ᠦᠬᠡᠷ 1330, ᠬᠣᠨᠢ 1650, ᠢᠮᠠᠭ᠎ᠠ 1723. ᠲᠤᠰ ᠪᠠᠭ ᠲᠤ ТЗ ᠍ ᠶᠢᠨ 4 ᠪᠠᠶᠢᠭᠤᠯᠤᠯᠭ᠎ᠠ᠂ \ ᠸᠠᠭᠣᠨᠳᠧᠫᠣ᠂ ᠵᠠᠮ ᠤᠨ 11 ᠍ ᠷᠠᠩᠭᠢ᠂ ЭЧВОД, ᠭᠠᠯᠤᠨᠲᠠᠷᠠᠬᠠᠩᠭᠢ\ ᠪᠣᠯᠪᠠᠰᠤᠷᠠᠯ ᠤᠨ ᠰᠠᠯᠪᠤᠷᠢ ᠶᠢᠨ ᠣᠯᠢᠮᠫ᠂ ᠮᠣᠨᠣᠰᠣᠬᠠᠨ ᠴᠡᠴᠡᠷᠯᠢᠭ᠂ ᠮᠣᠳᠣᠨ ᠤ ᠦᠢᠯᠡᠳᠪᠦᠷᠢᠯᠡᠯ ᠦᠨ ᠴᠣᠭᠲᠤᠮᠠᠩᠯᠠᠢ᠂ ᠮᠠᠨᠳᠠᠯᠤᠷᠭᠢᠯ᠂ ᠮᠣᠷᠲᠢᠷ᠂ ᠲᠠᠶᠢᠭ᠎ᠠ ᠶᠢᠨ ᠨᠠᠷᠠᠰᠤ᠂ ᠠᠷᠰᠠᠨᠴᠢᠳ᠂ ᠬᠤᠳᠠᠯᠳᠤᠭ᠎ᠠ ᠦᠢᠯᠡᠴᠢᠯᠡᠭᠡᠨ ᠦ ᠴᠢᠭᠯᠡᠯ ᠭᠡᠬᠦ ᠮᠡᠲᠦ 32 ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ ᠨᠤᠭᠤᠳᠦᠢᠯᠡ ᠠᠵᠢᠯᠯᠠᠭ᠎ᠠ ᠶᠢ ᠪᠠᠨ ᠶᠠᠪᠤᠭᠤᠯᠳᠠᠭ᠃

ᠪᠠᠶᠠᠨ- ᠠᠷᠴᠠᠲ ᠤᠨ 9 ᠍ ᠳᠦᠭᠡᠷ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠠᠨ-ᠠᠷᠴᠠᠲ ᠤᠨ 9 ᠍ ᠳᠦᠭᠡᠷ ᠪᠠᠭ ᠨᠢ ᠮᠠᠨᠳᠤᠯ ᠰᠤᠮᠤ ᠶᠢᠨ ᠢᠷᠭᠡᠨ ᠦ ᠲᠥᠯᠥᠭᠡᠯᠡᠭᠴᠢᠳ ᠦᠨ ᠬᠤᠷᠠᠯ ᠤᠨ 2010 ᠣᠨ ᠤ 12 ᠍ ᠳᠦᠭᠡᠷ ᠰᠠᠷ᠎ᠠ ᠶᠢᠨ 02 ᠍ ᠦ ᠡᠳᠦᠷ ᠦᠨ 14 ᠍ ᠳᠦᠭᠡᠷ ᠬᠤᠷᠠᠯᠳᠤᠭᠠᠨ ᠤ 11 ᠲᠣᠭᠠᠲᠤ ᠲᠤᠰᠢᠶᠠᠯ ᠤᠨ ᠳᠠᠭᠠᠤ ᠪᠠᠶᠢᠭᠤᠯᠤᠭᠳᠠᠭᠰᠠᠨ᠃ ᠤᠭ ᠪᠠᠭ ᠲᠤ 9 ᠍ ᠳᠦᠭᠡᠷ ᠪᠠᠭ ᠤᠨ ᠵᠠᠰᠠᠭ ᠳᠠᠷᠤᠭ᠎ᠠ ᠪᠣᠯᠤᠨ ᠪᠦᠷᠢᠳᠬᠡᠯ ᠮᠡᠳᠡᠭᠡᠯᠡᠯ ᠦᠨ ᠠᠵᠢᠯᠲᠠᠨ ᠦᠢᠯᠡᠴᠢᠯᠡᠭᠡᠨ ᠦ ᠠᠵᠢᠯᠲᠠᠨ ᠲᠤᠰ ᠲᠤᠰ ᠠᠵᠢᠯᠳᠠᠭ᠃ ᠭᠠᠵᠠᠷ ᠨᠤᠲᠤᠭ ᠪᠠᠶᠢᠷᠢᠯᠠᠯ ᠤᠨ ᠬᠤᠪᠢ ᠳᠤ ᠠᠷᠴᠠᠲ᠂ ᠫᠠᠷᠲ᠋ᠢᠽᠠᠨ᠂ ᠡᠩᠬᠡᠲᠠᠶᠢᠪᠤᠩ᠂ ᠨᠠᠶᠢᠷᠠᠮᠳᠠᠯ᠂ ᠰᠢᠷᠬᠡᠨᠴᠡᠭ᠂ ᠦᠢᠯᠡᠴᠢᠯᠡᠭᠡ ᠭᠡᠰᠡᠨ 6 ᠍ ᠶᠢᠨ ᠭᠤᠳᠤᠮᠵᠢ ᠶᠢ ᠬᠠᠮᠤᠷᠬᠤ ᠪᠥᠭᠡᠳ ᠮᠠᠨ ᠤ ᠪᠠᠭ ᠨᠢ 818 ᠡᠷᠦᠬᠡ ᠶᠢᠨ 2912 ᠬᠦᠮᠦᠨ ᠠᠮᠠ ᠲᠠᠢ᠂ 132 ᠡᠷᠦᠬᠡ ᠶᠢᠨ 3188 ᠲᠣᠯᠣᠭᠠᠢ ᠮᠠᠯ ᠲᠠᠢ᠃ ᠡᠭᠦᠨ ᠡᠴᠡ ᠠᠳᠤᠭᠤ 449, ᠦᠬᠡᠷ 1657, ᠬᠣᠨᠢ 758, ᠢᠮᠠᠭ᠎ᠠ 324 ᠲᠣᠯᠣᠭᠠᠢ ᠪᠠᠶᠢᠨ᠎ᠠ᠃ ᠮᠥᠨ ᠲᠥᠷᠥ ᠲᠥᠰᠥᠪ ᠦᠨ ᠪᠣᠯᠤᠨ ᠬᠤᠪᠢ ᠤᠨ ᠬᠡᠪᠰᠢᠯ ᠦᠨ ᠪᠠᠶᠢᠭᠤᠯᠤᠯᠭ᠎ᠠ ᠨᠤᠭᠤᠳ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ ᠡᠭᠦᠨ ᠳᠦ: ᠮᠠᠨᠳᠤᠯ ᠰᠤᠮᠤ ᠶᠢᠨ ᠨᠢᠭᠡᠳᠦᠭᠰᠡᠨ ᠡᠮᠨᠡᠯᠭᠡ᠂ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠣ᠃ᠳᠣᠷᠯᠢᠭᠰᠦ᠋ᠷᠦᠩ ᠦᠨ ᠨᠡᠷᠡᠮᠵᠢᠲᠦ ᠶᠡᠷᠦᠩᠬᠡᠢ ᠪᠣᠯᠪᠠᠰᠤᠷᠠᠯ ᠤᠨ 3 ᠍ ᠳᠦᠭᠡᠷ ᠰᠤᠷᠭᠠᠭᠤᠯᠢ᠂ ᠮᠠᠨᠳᠤᠯ ᠰᠤᠮᠤ ᠶᠢᠨ ᠴᠡᠴᠡᠭᠬᠡᠨ 1 ᠍ ᠷᠴᠡᠴᠡᠷᠯᠢᠭ᠂ ᠤᠯᠠᠭᠠᠨᠪᠠᠭᠠᠲᠤᠷ ᠤᠨ ᠲᠡᠮᠦᠷ ᠵᠠᠮ ᠤᠨ ᠮᠣᠳᠣ ᠪᠣᠯᠪᠠᠰᠤᠷᠠᠭᠤᠯᠬᠤ ᠦᠢᠯᠡᠳᠪᠦᠷᠢ ᠵᠡᠷᠭᠡ ᠲᠣᠮᠣᠬᠠᠨ ААНБ ᠍ ᠤᠳ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ ᠪᠠᠶᠠᠨ-ᠠᠷᠴᠠᠲ ᠤᠨ 9 ᠍ ᠳᠦᠭᠡᠷ ᠪᠠᠭ ᠤᠨ ᠵᠠᠰᠠᠭ ᠳᠠᠷᠤᠭ᠎ᠠ ᠪᠠᠷ ᠳᠠᠮᠳᠢᠨᠵᠠᠰᠤ ᠣᠪᠤᠭ ᠲᠠᠢ ᠬᠠᠳᠪᠠᠭᠠᠲᠤᠷ ᠠᠵᠢᠯᠯᠠᠵᠤ ᠪᠠᠶᠢᠨ᠎ᠠ᠃

Aᠬ ᠳᠡᠭᠦᠦ ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ