ᠮᠠᠨᠳᠤᠯ-ᠣᠪᠣᠭ᠎ᠠ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠳᠤᠯ-ᠣᠪᠣᠭ᠎ᠠ ᠰᠤᠮᠤ
ᠡᠮᠦᠨᠡᠭᠣᠪᠢ ᠳᠠᠬᠢ ᠮᠠᠨᠳᠤᠯ-ᠣᠪᠣᠭ᠎ᠠ᠂ ᠲᠡᠭᠦᠨ ᠦ ᠲᠥᠪ ᠦᠨ ᠪᠠᠶᠢᠷᠢᠰᠢᠯ
ᠤᠯᠤᠰ Flag of Mongolia.svg ᠮᠣᠩᠭᠣᠯ
ᠠᠶᠢᠮᠠᠭ ..Ömnögovi Flag(MONGOLIA).png ᠡᠮᠦᠨᠡᠭᠣᠪᠢ
ᠰᠤᠮᠤ ᠮᠠᠨᠳᠤᠯ-ᠣᠪᠣᠭ᠎ᠠ ᠥᠪᠡᠷ ᠢᠶᠡᠨ
ᠪᠠᠭ (3) ᠥᠳᠬᠡᠨ᠂ ᠪᠠᠶᠠᠨᠬᠣᠰᠢᠭᠤ᠂ ᠮᠠᠨᠳᠤᠯ
ᠭᠠᠵᠠᠷ 6,433 ᠺᠦᠸᠠᠳ᠋ ᠺᠢᠯᠣᠮᠧᠲ᠋ᠷ
ᠬᠦᠮᠦᠨ ᠠᠮᠠ 2011 ᠣᠨ ᠳᠤ 1,784 ᠬᠦᠮᠦᠨ [1]
ᠨᠢᠭᠲᠠᠴᠠ ᠰᠡᠶᠢᠷᠡᠭ 2011 ᠣᠨ ᠳᠤ 0.28 ᠬᠦᠮᠦᠨ/км²

ᠪᠤᠯᠠᠭᠠᠨ ᠰᠤᠮᠤᠮᠣᠩᠭᠣᠯ ᠤᠯᠤᠰ ᠤᠨ ᠡᠮᠦᠨᠡᠭᠣᠪᠢ ᠠᠶᠢᠮᠠᠭ ᠤᠨ ᠬᠠᠷᠢᠶᠠᠲᠤ ᠰᠤᠮᠤ.

ᠰᠠᠶ᠋ᠢᠬᠠᠨ ᠤ ᠠᠷᠪᠠᠨ ᠵᠢᠯ ᠦᠨ ᠵᠠᠷᠢᠮ ᠲᠣᠭᠠᠨ ᠥᠭᠡᠷᠡᠴᠢᠯᠡᠯᠲᠡ[2]
ᠦᠵᠡᠭᠦᠯᠦᠯᠲᠡ 2000 2002 2004 2006 2008 2010
ᠰᠠᠭᠤᠷᠢᠨ ᠬᠦᠮᠦᠨ ᠠᠮᠠ ᠶᠢᠨ ᠲᠣᠭ᠎ᠠ 2,335 2,307 2,062 2,007 1,899 1,891
ᠮᠠᠯ ᠤᠨ ᠲᠣᠭ᠎ᠠ ᠲᠣᠯᠣᠭᠠᠢ 84,513 68,911 68,046 79,065 116,978 47,700

ᠮᠠᠯ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ ᠡᠷᠲᠡ ᠳᠡᠭᠡᠷ᠎ᠡ ᠦᠶᠡᠰ ᠭᠣᠪᠢ ᠲᠦᠰᠢᠶ᠎ᠡ ᠭᠦᠨ ᠦ ᠬᠣᠰᠢᠭᠤᠨ ᠤ ᠰᠢᠯᠢᠮᠡᠯ ᠲᠡᠮᠡᠭᠡᠨ ᠰᠦᠷᠦᠭ ᠦᠨ ᠥᠯᠥᠭᠡᠢ ᠨᠤᠲᠤᠭ ᠪᠣᠯᠤᠭᠰᠠᠨ᠂ ᠣᠨᠣᠭ ᠤᠨ ᠭᠣᠣᠯ ᠤᠨ ᠠᠳᠠᠭ᠂ ᠤᠯᠠᠭᠠᠨ ᠨᠠᠭᠤᠷ ᠤᠨ ᠰᠠᠪᠠ ᠭᠠᠵᠠᠷ ᠬᠠᠨ᠎ᠠ ᠶᠢᠨ ᠪᠠᠷᠠᠭᠤᠨ ᠦᠵᠦᠭᠦᠷ ᠨᠢ 《ᠳᠣᠯᠣᠭᠠᠨ ᠪᠤᠤᠷ᠎ᠠ ᠲᠠᠢ ᠲᠡᠮᠡᠭᠡ》 ᠭᠡᠳᠡᠭ ᠭᠠᠵᠠᠷ ᠤᠰᠤᠨ ᠤ ᠳᠣᠮᠣᠭ ᠤᠨ ᠪᠢᠯᠢᠭᠳᠡᠯ ᠢᠶᠡᠷ ᠢᠶᠡᠨ ᠮᠣᠩᠭᠣᠯ ᠣᠷᠣᠨ ᠳᠠᠶᠠᠭᠠᠷ ᠠᠯᠳᠠᠷᠰᠢᠭᠰᠠᠨ 《ᠬᠠᠨ᠎ᠠ ᠶᠢᠨ ᠬᠡᠴᠡ ᠶᠢᠨ ᠬᠦᠷᠡᠩ》 ᠲᠡᠮᠡᠭᠡ ᠶᠢ ᠥᠰᠬᠡᠨ ᠦᠷᠡᠵᠢᠭᠦᠯᠵᠦ ᠢᠷᠡᠭᠰᠡᠨ ᠪᠢᠯᠡ᠃ ᠮᠠᠨᠳᠤᠯ-ᠣᠪᠣᠭ᠎ᠠ ᠰᠤᠮᠤ 1995-2002 ᠣᠨ ᠨᠤᠭᠤᠳ ᠲᠤ ᠮᠣᠩᠭᠣᠯᠤᠯᠤᠰ ᠤᠨ 《ᠬᠠᠮᠤᠭ ᠤᠨ ᠣᠯᠠᠨ ᠲᠡᠮᠡᠭᠡ ᠲᠡᠢ ᠰᠤᠮᠤ》 ᠍ ᠪᠠᠷ ᠰᠢᠯᠭᠠᠷᠠᠵᠠᠢ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳᠠᠸᠠᠰᠦ᠋ᠷᠦᠩ ᠦᠨ ᠵᠢᠵᠠᠢ — ᠬᠥᠳᠡᠯᠮᠦᠷᠢ ᠶᠢᠨ ᠪᠠᠭᠠᠲᠤᠷ᠂ ᠲᠡᠮᠡᠭᠡᠴᠢᠨ
  • ᠳᠠᠯᠠᠢ ᠶᠢᠨ ᠬᠠᠮᠠᠷ — ᠬᠥᠳᠡᠯᠮᠦᠷᠢ ᠶᠢᠨ ᠪᠠᠭᠠᠲᠤᠷ᠂ ᠲᠡᠮᠡᠭᠡᠴᠢᠨ

ᠲᠠᠨᠢᠯᠴᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠭᠣᠪᠢ ᠠᠶᠢᠮᠠᠭ ᠤᠨ ᠮᠠᠨᠳᠤᠯ ᠣᠪᠣᠭ᠎ᠠ ᠰᠤᠮᠤ ᠨᠢ 1923 ᠣᠨ ᠳᠤ 《ᠪᠣᠭᠳᠠ ᠬᠠᠨ 《ᠠᠭᠤᠯᠠ ᠶᠢᠨ ᠠᠶᠢᠮᠠᠭ ᠤᠨ 《ᠳᠡᠯᠭᠡᠷᠬᠠᠩᠭᠠᠢ ᠤᠤᠯ ᠤᠨ ᠬᠣᠰᠢᠭᠤ》 ᠍ ᠤ 《ᠬᠠᠨ》 ᠰᠤᠮᠤ ᠨᠡᠷ᠎ᠡ ᠲᠡᠢ ᠪᠠᠶᠢᠭᠤᠯᠤᠭᠳᠠᠵᠤ ᠠᠩᠬᠠᠨ ᠤ ᠳᠠᠷᠤᠭ᠎ᠠ ᠨᠢ ᠱ᠃ᠷᠠᠳᠨᠠᠪᠠᠽᠠᠷ ᠲᠠᠶᠢᠵᠢ ᠭᠡᠳᠡᠭ ᠬᠦᠮᠦᠨ ᠪᠠᠶᠢᠴᠠᠢ᠃ 1931 ᠣᠨ ᠳᠤ ᠡᠮᠦᠨᠡᠭᠣᠪᠢ ᠠᠶᠢᠮᠠᠭ ᠪᠠᠶᠢᠭᠤᠯᠤᠭᠳᠠᠬᠤ ᠳᠤ ᠰᠢᠨ᠎ᠡ ᠪᠠᠶᠠᠨ-ᠣᠪᠣᠭ᠎ᠠ ᠰᠤᠮᠤ ᠳᠠᠷᠠᠭ᠎ᠠ ᠨᠢ ᠤᠳᠠᠯ ᠦᠭᠡᠢ ᠮᠠᠨᠳᠤᠯ-ᠣᠪᠣᠭ᠎ᠠ ᠰᠤᠮᠤ ᠭᠡᠵᠦ ᠨᠡᠷᠡᠯᠡᠭᠳᠡᠵᠡᠢ᠃ᠰᠤᠮᠤ ᠶᠢᠨ ᠲᠥᠪ ᠨᠢ 1923 ᠣᠨ ᠳᠤ ᠣᠨᠣᠭ ᠤᠨ ᠭᠣᠣᠯ ᠤᠨ ᠬᠥᠪᠡᠭᠡᠨ ᠳᠤ 》ᠬᠠᠶᠠᠭ᠎ᠠ ᠶᠢᠨ ᠭᠣᠣᠯ》 ᠭᠡᠳᠡᠭ ᠭᠠᠵᠠᠷ ᠪᠠᠶᠢᠭᠤᠯᠤᠭᠳᠠᠭᠰᠠᠨ ᠠᠴᠠ ᠬᠣᠶᠢᠰᠢ 25 ᠵᠢᠯ ᠨᠡᠭᠦᠳᠡᠯ ᠦᠨ ᠪᠠᠶᠢᠳᠠᠯ ᠲᠠᠢ ᠪᠠᠶᠢᠵᠤ ᠪᠠᠶᠢᠭᠠᠳ 1948 ᠣᠨ ᠳᠤ ᠣᠳᠣ ᠶᠢᠨ ᠪᠠᠶᠢᠭ᠎ᠠ 《ᠰᠢᠷᠠᠬᠤᠯᠤᠭᠰᠠᠨ》 ᠍ ᠳᠦ ᠲᠥᠪᠯᠡᠷᠡᠭᠰᠡᠨ ᠶᠤᠮ᠃ ᠲᠤᠰ ᠰᠤᠮᠤ ᠨᠢ ᠳᠤᠮᠳᠠᠭᠤᠪᠢ ᠠᠶᠢᠮᠠᠭ ᠤᠨ ᠳᠡᠯᠭᠡᠷᠬᠠᠩᠭᠠᠢ᠂ ᠰᠠᠶᠢᠬᠠᠨ-ᠣᠪᠣᠭ᠎ᠠ᠂ ᠥᠪᠦᠷᠬᠠᠩᠭᠠᠢ ᠠᠶᠢᠮᠠᠭ ᠤᠨ ᠲᠥᠭᠥᠷᠢᠭ᠂ ᠪᠠᠶᠠᠩ ᠢᠶᠠᠯ᠂ ᠪᠣᠭᠳᠠ ᠥᠪᠡᠷ ᠦᠨ ᠠᠶᠢᠮᠠᠭ ᠤᠨ ᠪᠤᠯᠠᠭᠠᠨ᠂ ᠬᠠᠨᠬᠣᠩᠭᠣᠷ᠂ ᠴᠣᠭᠲᠤ-ᠣᠪᠣᠭ᠎ᠠ ᠰᠤᠮᠤᠳ ᠲᠠᠢ ᠬᠢᠯᠢᠯᠡᠳᠡᠭ᠃ ᠬᠣᠶᠢᠨ᠎ᠠ ᠠᠴᠠ ᠤᠷᠤᠭᠰᠢ ᠠᠬᠠᠷ ᠤᠨ ᠠᠭᠤᠯᠠᠨ ᠠᠴᠠ ᠬᠠᠨ᠎ᠠ ᠶᠢᠨ ᠴᠠᠭᠠᠨ ᠰᠤᠪᠤᠷᠭ᠎ᠠ᠂ ᠪᠠᠷᠠᠭᠤᠨ ᠠᠴᠠ ᠵᠡᠭᠦᠨ ᠲᠡᠰᠢ ᠪᠣᠷᠣ ᠬᠠᠴᠠᠪᠴᠢ ᠶᠢᠨ ᠠᠮᠠᠨ ᠠᠴᠠ ᠠᠯᠭᠤᠢ ᠤᠯᠠᠭᠠᠨ ᠴᠠᠪ ᠤᠨ ᠣᠭᠣᠨᠣ ᠶᠢᠨ ᠳᠠᠪᠠᠭ᠎ᠠ ᠬᠦᠷᠲᠡᠯ᠎ᠡ 6433 ᠬᠠᠪᠲᠠᠭᠠᠢ ᠳᠥᠷᠪᠡᠯᠵᠢᠨ km ᠨᠤᠲᠤᠭ ᠳᠡᠪᠢᠰᠬᠡᠷ ᠲᠡᠢ᠃ / 643.3 ᠮᠢᠩᠭ᠎ᠠ᠃ᠭᠠ /. ᠠᠬᠠᠷ᠂ ᠬᠣᠷᠣᠮᠰᠠᠭ᠎ᠠ᠂ ᠬᠠᠨ᠎ᠠ ᠶᠢᠨ ᠬᠡᠴᠡ᠂ ᠠᠯᠭᠤᠢ ᠤᠯᠠᠭᠠᠨ ᠴᠠᠪ ᠵᠡᠷᠭᠡ 40-60 ᠺᠢᠯᠣᠮᠧᠲ᠋ᠷ ᠤᠷᠲᠤ ᠦᠷᠭᠦᠯᠵᠢᠯᠡᠭᠰᠡᠨ ᠠᠭᠤᠯᠠ᠂ᠬᠢᠷᠠᠭᠤ ᠳᠤ ᠨᠢ 1375-1695 ᠮ ᠥᠨᠳᠥᠷ ᠶᠤᠮ᠃ ᠲᠡᠦᠬᠡ ᠶᠢᠨ ᠳᠤᠷᠠᠰᠬᠠᠯᠲᠤ ᠶᠡᠬᠡ ᠡᠵᠡᠨ ᠴᠢᠩᠭᠢᠰ ᠬᠠᠭᠠᠨ ᠤ ᠲᠠᠩᠭᠣᠳ ᠤᠯᠤᠰ ᠢ ᠳᠠᠶᠢᠯᠠᠷ᠎ᠠ ᠮᠣᠷᠳᠠᠬᠤ ᠳᠤ ᠪᠠᠨ ᠪᠠᠭᠤᠳᠠᠯᠯᠠᠨ ᠡᠪᠦᠯᠵᠢᠵᠦ ᠪᠠᠶᠢᠭᠰᠠᠨ ᠴᠣᠭᠣᠷᠠᠬᠠᠢ ᠶᠢᠨ ᠬᠠᠷᠠᠩ ᠤᠳ ᠤᠨ 《ᠡᠯᠡᠰᠦᠲᠦ ᠬᠦᠷᠢᠶ᠎ᠡ》, ᠪᠠᠶᠢᠭᠠᠯᠢ ᠶᠢᠨ ᠥᠪᠡᠷᠮᠢᠴᠡ ᠲᠣᠭᠲᠠᠴᠠ ᠪᠦᠬᠦᠢ ᠪᠤᠷᠬᠠᠨ ᠳᠡᠯ᠂ ᠣᠪᠣᠭ᠎ᠠ ᠶᠢᠨ ᠬᠥᠪᠥ᠂ ᠪᠠᠶᠠᠨᠬᠣᠰᠢᠭᠤᠨ ᠤ ᠠᠮᠠ᠂ ᠶᠡᠬᠡ ᠪᠠᠭ᠎ᠠ ᠬᠦᠷ᠎ᠡ᠂ ᠤᠯᠠᠭᠠᠨ ᠨᠠᠭᠤᠷ᠂ ᠰᠢᠷᠠᠬᠤᠯᠰᠠᠩ ᠤᠨ ᠪᠠᠶᠠᠨ ᠪᠦᠷᠢ ᠳᠦ ᠨᠦᠭᠦᠳ ᠵᠡᠷᠭᠡ ᠦᠵᠡᠰᠬᠦᠯᠡᠩᠲᠦ ᠭᠠᠵᠠᠷ ᠤᠳ ᠡᠯᠪᠡᠭ ᠲᠣᠬᠢᠶᠠᠯᠳᠤᠨ᠎ᠠ᠃ ᠨᠢᠷᠪᠠ ᠶᠢᠨ ᠬᠣᠭᠣᠯᠠᠢ᠂ ᠭᠡᠷ ᠰᠤᠬᠠᠢ ᠶᠢᠨ ᠬᠣᠭᠣᠯᠠᠢ᠂ ᠤᠯᠠᠭᠠᠨ ᠬᠤᠳᠳᠤᠭ ᠤᠨ ᠬᠣᠭᠣᠯᠠᠢ ᠵᠡᠷᠭᠡ ᠭᠠᠵᠠᠷ ᠤᠳ ᠲᠤ 10-20 ᠮ ᠥᠨᠳᠥᠷ ᠡᠯᠡᠰᠦᠨ ᠳᠠᠯᠠᠨ ᠮᠣᠯᠴᠣᠭ ᠲᠠᠢ 3-4 ᠮ ᠥᠨᠳᠥᠷ ᠵᠠᠭ ᠤᠨ ᠰᠢᠷᠢᠩᠭᠢᠨ ᠣᠢ ᠵᠡᠷᠭᠡ ᠨᠢ ᠮᠠᠨ ᠤ ᠰᠤᠮᠤ ᠶᠢᠨ ᠪᠠᠬᠠᠷᠬᠠᠯ ᠪᠣᠯᠤᠭᠰᠠᠨ 《ᠬᠠᠨ᠎ᠠ ᠶᠢᠨ ᠬᠡᠴᠡ ᠶᠢᠨ ᠬᠦᠷᠡᠩ 《 ᠣᠮᠤᠭ ᠤᠨ ᠲᠡᠮᠡᠭᠡᠨ ᠰᠦᠷᠦᠭ ᠦᠨ ᠢᠳᠡᠭᠡᠰᠢᠨ ᠪᠡᠯᠴᠢᠭᠡᠷᠯᠡᠬᠦ ᠳᠦ ᠲᠠᠭᠠᠯᠠᠮᠵᠢᠲᠠᠢ ᠨᠤᠲᠤᠭ ᠶᠤᠮ᠃ ᠨᠤᠲᠤᠭ ᠪᠡᠯᠴᠢᠭᠡᠷ ᠦᠨ ᠬᠤᠪᠢ ᠳᠤ ᠦᠨᠳᠦᠰᠦ ᠰᠡᠶᠢᠷᠡᠭ ,ᠪᠤᠳᠤᠷᠭᠠᠨ᠎ᠠ ᠪᠠᠭᠠᠯᠤᠤᠷ᠂ᠲᠠᠭᠠᠨ᠎ᠠ ᠬᠥᠮᠡᠯᠢ᠂ ᠮᠣᠩᠭᠣᠯ᠂ ᠬᠠᠵᠠᠭᠠᠷ᠂ ᠪᠣᠷᠣᠭ᠂ ᠰᠢᠪᠠᠭ᠂ ᠬᠤᠶᠢᠷᠠᠭ ᠲᠥᠷᠥᠯ ᠪᠦᠷᠢ ᠶᠢᠨ ᠰᠢᠷᠠᠯᠵᠢ᠂ ᠬᠠᠮᠬᠠᠭ ᠤᠷᠭᠤᠳᠠᠭ ᠠᠴᠠ ᠭᠠᠳᠠᠨ᠎ᠠ ᠵᠠᠭ᠂ ᠪᠦᠢᠯᠡᠰᠦ᠂ ᠬᠠᠷᠭᠠᠨ᠎ᠠ᠂ ᠪᠥᠭᠡᠷᠦᠯᠵᠦᠭᠡᠨ᠎ᠡ᠂ ᠬᠠᠶᠢᠯᠠᠰᠤ ᠵᠡᠷᠭᠡ ᠪᠤᠲᠠ ᠮᠣᠳᠣ᠂ ᠳᠡᠷᠡᠰᠦ ,ᠬᠤᠯᠤᠰᠤ᠂ ᠰᠤᠨᠳᠤᠤᠯᠠ ᠤᠷᠭᠤᠨ᠎ᠠ᠃ ᠮᠥᠨ ᠬᠠᠷᠮᠠᠭ᠂ ᠴᠠᠭᠠᠨ ᠭᠣᠶᠣᠣ᠂ ᠴᠤᠯᠢᠬᠢᠷ᠂ ᠪᠣᠷᠣ ᠲᠠ ᠪᠠᠷ᠂ ᠳᠠᠪᠤᠰᠤ᠂ ᠬᠤᠵᠢᠷ᠂ ᠯᠢᠳᠡᠷᠢ᠂ ᠰᠢᠬᠢᠷ ᠡᠪᠡᠰᠦ᠂ ᠵᠡᠭᠡᠷᠭᠡᠨ᠎ᠡ᠂ ᠠᠯᠲᠠᠨ ᠦᠨᠳᠦᠰᠦ᠂ ᠲᠠᠪᠤᠨ ᠰᠠᠯᠠᠭ᠎ᠠ᠂ ᠶᠦᠮᠳᠡᠦᠵᠢᠨ ᠵᠡᠷᠭᠡ ᠡᠮ ᠦᠨ ᠪᠣᠯᠤᠨ ᠬᠦᠨᠡᠰᠦᠨ ᠦ ᠬᠡᠷᠡᠭᠴᠡᠭᠡᠨ ᠦ ᠤᠷᠭᠤᠮᠠᠯ ᠤᠷᠭᠤᠳᠠᠭ ᠶᠤᠮ᠃ ᠳᠡᠯᠡᠬᠡᠢ ᠳᠦ ᠬᠣᠪᠣᠷᠳᠠᠭᠰᠠᠨ ᠠᠷᠭᠠᠯᠢ᠂ ᠶᠠᠩᠭᠢᠷ᠂ ᠬᠠᠷ᠎ᠠ ᠰᠡᠭᠦᠯᠲᠦ᠂ ᠳᠣᠷᠣᠭᠣ᠂ ᠰᠢᠯᠦᠭᠦᠰᠦ᠂ᠵᠡᠷᠭᠡ ᠠᠨ ᠠᠮᠢᠲᠠᠳ ᠲᠠᠢ᠃ ᠣᠯᠠᠨ ᠣᠪᠣᠭᠠᠲᠤ ᠶᠢᠨ ᠠᠯᠲᠠᠨ ᠤ ᠦᠨᠳᠦᠰᠦᠨ ᠣᠷᠳᠣ ,ᠭᠠᠵᠠᠷ ᠤᠨ ᠬᠣᠪᠣᠷ ᠡᠯᠧᠮᠧᠨᠲ᠂ ᠲᠡᠮᠦᠷ᠂ ᠨᠡᠭᠦᠷᠡᠰᠦ᠂ ᠱᠣᠬᠣᠢ ᠶᠢᠨ ᠴᠢᠯᠠᠭᠤ᠂ ᠴᠠᠭᠠᠨ ᠰᠢᠪᠠᠷ᠂ ᠴᠦᠩᠰᠢᠩᠨᠣᠷᠪᠠ᠂ ᠡᠷᠳᠡᠨᠢ ᠶᠢᠨ ᠴᠢᠯᠠᠭᠤ᠂ ᠦᠯᠦᠭ ᠭᠦᠷᠪᠡᠯ ᠦᠨ ᠴᠢᠯᠠᠭᠤᠵᠢᠭ᠌ᠰᠠᠨ ᠶᠠᠰᠤ᠂ ᠥᠨᠳᠡᠭᠡ ᠵᠡᠷᠭᠡ ᠬᠣᠪᠣᠷ ᠣᠯᠳᠠᠪᠤᠷᠢ ᠨᠤᠭᠤᠳ ᠪᠠᠶᠢᠳᠠᠭ . ᠲᠤᠰ ᠰᠤᠮᠤ 1941 ᠣᠨ ᠳᠤ 9 ᠪᠠᠭ ᠲᠠᠢ 666 ᠡᠷᠦᠬᠡ ᠲᠡᠢ 2000 ᠬᠦᠮᠦᠨ ᠠᠮᠠ ᠲᠠᠢ 98.0 ᠮᠢᠩᠭᠠᠭᠠᠨ ᠮᠠᠯ ᠲᠠᠢ ᠲᠣᠮᠣᠬᠠᠨ ᠰᠤᠮᠤ ᠪᠠᠶᠢᠭᠰᠠᠨ ᠢᠶᠠᠨ 1947-1959 ᠣᠨ ᠳᠤ ᠬᠠᠨᠬᠣᠩᠭᠣᠷ᠂ᠪᠤᠯᠠᠭᠠᠨ᠂ᠴᠣᠭᠲᠤ-ᠣᠪᠣᠭ᠎ᠠ ᠰᠤᠮᠤ ᠪᠠᠶᠢᠭᠤᠯᠤᠭᠳᠠᠬᠤ ᠳᠤ 5 ᠪᠠᠭ ᠤᠨ 219 ᠡᠷᠦᠬᠡ 33.4 ᠮᠢᠩᠭᠠᠭᠠᠨ ᠮᠠᠯ ᠢᠶᠠᠨ ᠰᠢᠯᠵᠢᠭᠦᠯᠦᠨ ᠥᠭᠴᠦ ᠨᠡᠯᠢᠶᠡᠳ ᠴᠣᠮᠬᠠᠨ ᠪᠣᠯᠤᠭᠰᠠᠨ ᠪᠠᠶᠢᠨ᠎ᠠ᠃ᠭᠡᠰᠡᠨ ᠬᠡᠳᠦᠢ ᠴᠤ 1954 ᠣᠨ ᠳᠤ 《ᠬᠥᠳᠡᠯᠮᠦᠷᠢ》 ᠨᠢᠭᠡᠳᠦᠯ ᠪᠠᠶᠢᠭᠤᠯᠤᠭᠳᠠᠬᠤ ᠳᠤ ᠬᠠᠮᠲᠤ ᠶᠢᠨ ᠲᠣᠮᠣ ᠠᠵᠤ ᠠᠬᠤᠢ ᠵᠣᠬᠢᠶᠠᠨ ᠪᠠᠶᠢᠭᠤᠯᠤᠭᠳᠠᠵᠤ ᠡᠳ᠋ ᠍ ᠦᠨ ᠵᠠᠰᠠᠭ ᠤᠨ ᠬᠤᠪᠢ ᠳᠤ ᠪᠡᠬᠢᠵᠢᠨ 1992 ᠣᠨ ᠢ ᠳᠠᠭᠤᠰᠲᠠᠯ᠎ᠠ ᠢᠳᠡᠪᠬᠢ ᠲᠡᠢ ᠦᠢᠯᠡ ᠠᠵᠢᠯᠯᠠᠭ᠎ᠠ ᠪᠠᠨ ᠶᠠᠪᠤᠭᠤᠯᠵᠤ ᠭᠢᠰᠢ ᠨᠦᠭᠦᠳ ᠦᠨ ᠢᠶᠡᠨ ᠠᠮᠢᠳᠤᠷᠠᠯ ᠤᠨ ᠲᠦᠪᠰᠢᠨ ᠢ ᠵᠢᠭᠳᠡ ᠳᠡᠭᠡᠭᠰᠢᠯᠡᠭᠦᠯᠵᠦ ᠪᠠᠶᠢᠭᠠᠳ ᠤᠯᠠᠮ ᠢᠶᠠᠷ ᠬᠤᠪᠴᠠᠯᠠᠭᠳᠠᠨ ᠬᠤᠪᠢ ᠤᠨ ᠠᠵᠤ ᠠᠬᠤᠢ ᠳᠤ ᠰᠢᠯᠵᠢᠭᠰᠡᠨ ᠪᠢᠯᠡ᠃ ᠲᠤᠰ ᠰᠤᠮᠤ ᠶᠢᠨ ᠪᠠᠭ᠎ᠠ ᠰᠤᠷᠭᠠᠭᠤᠯᠢ 1940 ᠣᠨ ᠳᠤ ᠪᠠᠶᠢᠭᠤᠯᠤᠭᠳᠠᠨ 1973 ᠣᠨ ᠳᠤ ᠶᠡᠷᠦᠩᠬᠡᠢ ᠪᠣᠯᠪᠠᠰᠤᠷᠠᠯ ᠤᠨ ᠳᠤᠮᠳᠠ ᠰᠤᠷᠭᠠᠭᠤᠯᠢ ᠪᠣᠯᠵᠤ᠂ ᠬᠦᠮᠦᠨ ᠡᠮᠨᠡᠯᠭᠡ 1939 ᠣᠨ ᠳᠤ ᠪᠠᠶᠢᠭᠤᠯᠤᠭᠳᠠᠨ 1968 ᠣᠨ ᠳᠤ ХИЭСалбар ᠪᠣᠯᠵᠤ᠂ ᠮᠠᠯ ᠡᠮᠨᠡᠯᠭᠡ 1937 ᠣᠨ ᠳᠤ ᠪᠠᠶᠢᠭᠤᠯᠤᠭᠳᠠᠨ 1956 ᠣᠨ ᠠᠴᠠ ᠮᠠᠯ ᠤᠨ ᠶᠡᠬᠡ ᠡᠮᠴᠢ ᠶᠢᠨ ᠰᠠᠯᠪᠤᠷᠢ ᠪᠣᠯᠵᠤ ᠥᠷᠭᠡᠵᠢᠭᠰᠡᠨ ᠪᠠᠶᠢᠨ᠎ᠠ᠃ ᠴᠡᠴᠡᠷᠯᠢᠭ 1962 ᠣᠨ ᠳᠤ᠂ ᠤᠯᠠᠭᠠᠨ ᠪᠤᠯᠤᠨ 1940 ᠣᠨ ᠳᠤ᠂ ᠨᠡᠭᠦᠳᠡᠯ ᠦᠨ ᠺᠢᠨᠣ᠋ 1959 ᠣᠨ ᠳᠤ᠂ ᠨᠣᠮ ᠤᠨ ᠰᠠᠩ 1962 ᠣᠨ ᠳᠤ᠂ ᠴᠠᠬᠢᠯᠭᠠᠨ ᠰᠲ᠋ᠠᠨᠼ 1959 ᠣᠨ ᠳᠤ᠂ ХААн ᠪᠠᠩᠬᠢ 1962 ᠣᠨ ᠳᠤ᠂ ᠬᠣᠯᠪᠣᠭᠠᠨ ᠤ ᠰᠠᠯᠪᠤᠷᠢ 1961, ᠠᠩᠬᠠᠨ ᠤ ᠬᠣᠷᠰᠢᠶ᠎ᠠ 1929 ᠣᠨ ᠳᠤ᠂ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠦᠦᠷ 1938 ᠣᠨ ᠳᠤ ᠲᠤᠰ ᠲᠤᠰ ᠪᠠᠶᠢᠭᠤᠯᠤᠭᠳᠠᠨ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠥᠨᠥᠳᠥᠷ ᠢ ᠬᠦᠷᠲᠡᠯ᠎ᠡ ᠰᠤᠮᠤ ᠣᠷᠣᠨ ᠤ ᠪᠠᠨ ᠢᠷᠡᠭᠡᠳᠦᠢ ᠶᠢᠨ ᠲᠥᠯᠥᠭᠡ ᠠᠵᠢᠯᠯᠠᠭᠰᠠᠭᠠᠷ ᠪᠠᠶᠢᠨ᠎ᠠ᠃ ᠮᠠᠯ ᠰᠦᠷᠦᠭ ᠢᠶᠡᠨ ᠣᠯᠠᠨ ᠲᠣᠯᠣᠭᠠᠢ ᠪᠠᠷ ᠥᠰᠬᠡᠭᠰᠡᠨ ᠠᠮᠵᠢᠯᠲᠠ ᠪᠠᠷ ᠳᠠᠰᠢ ᠶᠢᠨ ᠠᠪᠤᠷᠢᠮᠡᠳ᠂ᠴᠡᠪᠡᠯ ᠦᠨ ᠮᠢᠵᠢ ᠳᠤ ᠨᠠᠷ 《ᠤᠯᠤᠰ ᠤᠨ ᠰᠠᠶᠢᠨ ᠮᠠᠯᠴᠢᠨ》 ᠴᠣᠯᠠ ᠪᠠᠷ᠂ХААН ᠍ ᠦᠨ ᠮᠠᠯ ᠠᠵᠤ ᠠᠬᠤᠢ ᠳᠡᠭᠡᠷ᠎ᠡ ᠭᠠᠷᠭᠠᠭᠰᠠᠨ ᠠᠮᠵᠢᠯᠲᠠ ᠪᠠᠷ ᠢᠶᠠᠨ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ ᠴᠣᠯᠠ ᠪᠠᠷ ᠳᠠᠸᠠᠰᠦ᠋ᠷᠦᠩ ᠦᠨ ᠵᠢᠵᠠᠢ 1961 ᠣᠨ ᠳᠤ᠂ ᠳᠠᠯᠠᠢ ᠶᠢᠨ ᠬᠠᠮᠠᠷ 1991 ᠣᠨ ᠳᠤ᠂ ᠳᠤᠯᠠᠭᠠᠨ ᠡᠷᠴᠢᠮ ᠬᠦᠴᠦᠨ ᠦ ᠰᠠᠯᠪᠤᠷᠢ ᠠᠴᠠ ᠲᠥᠷᠥ ᠶᠢᠨ ᠰᠣᠶᠣᠷᠬᠠᠯ ᠢᠶᠠᠷ ᠳᠠᠯᠠᠢ ᠶᠢᠨ ᠨᠢᠳᠦᠨ᠂ ᠪᠤᠰᠤᠳ ᠰᠠᠯᠪᠤᠷᠢ ᠠᠴᠠ ᠰᠤᠶᠤᠯ ᠤᠨ ᠭᠠᠪᠢᠶᠠᠲᠤ ᠵᠢᠳᠬᠦᠯᠲᠡᠨ ᠴᠣᠯᠠ ᠪᠠᠷ ᠰᠣᠳᠨᠠᠮ ᠤᠨ ᠪᠠᠲᠤᠴᠡᠷᠡᠩ᠂ ᠭᠣᠮᠪᠣ ᠶᠢᠨ ᠣᠷᠭᠣᠢ᠂᠂ᠦᠢᠯᠡᠴᠢᠯᠡᠭᠡᠨ ᠦ ᠭᠠᠪᠢᠶ᠎ᠠ ᠳᠤ ᠠᠵᠢᠯᠲᠠᠨ ᠴᠣᠯᠠ ᠪᠠᠷ ᠭ᠃ᠬᠠᠶᠢᠰᠠᠩᠳᠠᠢ᠂ ᠭᠠᠪᠢᠶ᠎ᠠ ᠳᠤ ᠬᠠᠤᠯᠢᠴᠢ ᠴᠣᠯᠠ ᠪᠠᠷ ᠴ᠃ᠷᠠᠰᠢᠵᠡᠪᠡᠭ᠂ ᠲᠡᠮᠡᠭᠡᠨ ᠰᠦᠷᠦᠭ ᠢᠶᠡᠨ ᠥᠰᠬᠡᠭᠰᠡᠨ ᠠᠮᠵᠢᠯᠲᠠ ᠪᠠᠷ ᠢᠶᠠᠨ ᠤᠯᠤᠰ ᠤᠨ ᠠᠪᠤᠷᠭᠤ ᠮᠠᠯᠴᠢᠨ ᠴᠣᠯᠠ ᠪᠠᠷ ᠰᠡᠷᠡᠩᠳᠠᠰᠢ ᠶᠢᠨ ᠪᠠᠲᠤᠰᠦ᠋ᠷᠦᠩ᠂ ᠥᠯᠵᠡᠶᠢᠬᠤᠲᠤᠭ ᠤᠨ ᡀᠠᠭᠪᠠ᠂ ᠮᠣᠩᠭᠣᠯ ᠤᠯᠤᠰ ᠤᠨ ᠰᠠᠶᠢᠨ ᠮᠠᠯᠴᠢᠨ ᠴᠣᠯᠠ ᠪᠠᠷ ᠠᠶᠤᠱᠢ ᠶᠢᠨ ᠪᠠᠲᠤᠪᠤᠶᠠᠨ᠂ ᠤᠯᠤᠰ ᠤᠨ ᠵᠠᠯᠠᠭᠤ ᠠᠪᠤᠷᠭᠤ ᠮᠠᠯᠴᠢᠨ ᠴᠣᠯᠠ ᠪᠠᠷ ,ᠠᠳ᠋ᠢᠶ᠎ᠠ ᠶᠢᠨ ᠡᠷᠳᠡᠨᠢᠴᠢᠯᠠᠭᠤᠨ᠂ ᠳᠠᠪᠠᠭ᠎ᠠ ᠶᠢᠨ ᡀᠠᠮᠣᠳᠡᠭᠮᠢᠳ᠂ ᠼᠡᠳᠡᠨᠪᠠᠯᠵᠢᠷ ᠦᠨ ᠴᠡᠷᠮ᠎ᠠ᠂ ᠵᠠᠮᠢᠶᠠᠩ ᠤᠨ ᠰᠠᠶᠢᠨᠬᠦᠦ ᠨᠠᠷ ᠱᠠᠩᠨᠠᠭᠳᠠᠵᠤ ᠣᠯᠠᠨ ᠠᠷᠪᠠᠨ ᠬᠦᠮᠦᠰ ᠤᠯᠤᠰ ᠠᠶᠢᠮᠠᠭ ᠤᠨ ᠪᠣᠯᠤᠨ ᠰᠠᠯᠪᠤᠷᠢ ᠶᠢᠨ ᠲᠡᠷᠢᠭᠦᠨ ᠦ ᠠᠵᠢᠯᠲᠠᠨ ᠴᠣᠯᠠ᠂ ᠲᠥᠷᠥ ᠶᠢᠨ ᠳᠡᠭᠡᠳᠦ ᠱᠠᠩᠨᠠᠯ ᠣᠳᠣᠨ ᠮᠧᠳᠠᠯ ᠢᠶᠠᠷ 200 ᠰᠢᠬᠠᠮ ᠬᠦᠮᠦᠨ ᠡᠩᠭᠡᠷ ᠢᠶᠡᠨ ᠮᠢᠯᠢᠶᠠᠴᠠᠢ᠃ ᠮᠠᠨ ᠤ ᠲᠠᠮᠢᠷᠴᠢᠳ ᠤᠨ ᠳᠤᠮᠳᠠ ᠠᠴᠠ ᠤ᠂ᠸᠴᠢᠷᠪᠠᠲᠤ᠂᠎ᠠ᠃ᠡᠷᠳᠡᠨᠢᠴᠢᠯᠠᠭᠤᠨ᠂ ᠨᠠᠷ ᠰᠫᠣᠷᠲ ᠤᠨ ᠮᠠᠰᠲ᠋ᠸᠷ ,ᠡ᠃ᠭᠡᠷᠡᠯᠲᠤᠶᠠᠭ᠎ᠠ ᠣᠯᠠᠨ ᠤᠯᠤᠰ ᠤᠨ ᠬᠡᠮᠵᠢᠶᠡᠨ ᠦ ᠮᠠᠰᠲ᠋ᠸᠷ᠂ ᠪ᠃ᠮᠠᠩᠯᠠᠶᠢᠵᠠᠪ᠂ ᠷ᠃ᠠᠳ᠋ᠢᠶᠠᠳᠣᠷᠵᠢ ᠨᠠᠷ 《ᠠᠶᠢᠮᠠᠭ ᠤᠨ ᠠᠷᠰᠯᠠᠨ》 ᠪ᠃ᠠᠮᠤᠭᠤᠯᠠᠩᠪᠠᠭᠠᠲᠤᠷ 《ᠠᠶᠢᠮᠠᠭ ᠤᠨ ᠵᠠᠭᠠᠨ》, ᠴ᠃ᠣᠴᠢᠷᠵᠠᠪ᠂ ᠱ᠃ᠠᠵᠠᠵᠢᠷᠭᠠᠯ᠂ ᠴ᠃ᠬᠠᠮᠠᠷ ᠨᠠᠷ 《ᠠᠶᠢᠮᠠᠭ ᠤᠨ ᠨᠠᠴᠢᠨ》ᠴᠣᠯᠠ ᠬᠦᠷᠲᠡᠭᠰᠡᠨ ᠪᠠᠶᠢᠨ᠎ᠠ᠃ ᠲᠤᠰ ᠰᠤᠮᠤ ᠣᠳᠣ 3 ᠪᠠᠭ᠂ 530 ᠡᠷᠦᠬᠡ᠂ 1785 ᠬᠦᠮᠦᠨ ᠠᠮᠠ ᠲᠠᠢ 60764 ᠲᠣᠯᠣᠭᠠᠢ ᠮᠠᠯ ᠲᠠᠢ᠃ ᠡᠭᠦᠨ ᠳᠦ: ᠲᠡᠮᠡᠭᠡ-12814, ᠠᠳᠤᠭᠤ-2343, ᠦᠬᠡᠷ-163, ᠬᠣᠨᠢ-17300, ᠢᠮᠠᠭ᠎ᠠ-28144 ᠪᠠᠶᠢᠭ᠎ᠠ ᠶᠤᠮ᠃ ᠰᠤᠮᠤ ᠶᠢᠨ ЗДТГазрын ᠬᠠᠷᠢᠶᠠᠨ ᠳᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠴᠡᠴᠡᠷᠯᠢᠭ᠂ ᠬᠦᠮᠦᠨ ᠡᠮᠨᠡᠯᠭᠡ᠂ ᠰᠤᠶᠤᠯ᠂ ᠰᠫᠣᠷᠲ ᠤᠨ ᠲᠥᠪ᠂ 》ᠬᠠᠭᠠᠨ ᠮᠠᠨᠳᠤᠯ》 《ᠠᠷᠭᠠᠮᠵᠢᠨ ᠴᠡᠴᠡᠭ》 ОНӨҮГ, 《ᠰᠢᠲᠦᠭᠡᠨ ᠮᠠᠨᠳᠠᠯ》,《ᠮᠠᠨᠳᠤᠯ 3 ᠬᠠᠶᠢᠷᠬᠠᠨ》, 》ᠲᠦᠰᠢᠭ ᠮᠠᠨᠳᠤᠯ》 , 》ᠥᠯᠵᠡᠶᠢᠲᠡᠬᠣᠩᠭᠣᠷ ᠬᠠᠶᠢᠷᠬᠠᠨ》, 《ᠢᠩᠭᠡᠨ ᠲᠠᠭᠰᠢ》, 》ᠣᠯᠠᠨ ᠣᠪᠣᠭᠠᠲᠤ ᠭᠤᠯ ᠳᠤ》 , 》ᠶᠡᠬᠡ ᠮᠣᠩᠭᠣᠯ ᠮᠠᠶᠢᠨᠢᠨ ᠢ》 ХХК ᠵᠡᠷᠭᠡ ᠣᠯᠠᠨ ᠠᠷᠪᠠᠨ ᠠᠵᠤ ᠠᠬᠤᠢ ᠨᠢᠭᠡᠴᠡ ᠠᠯᠪᠠᠨ ᠭᠠᠵᠠᠷ ᠤᠳ ᠦᠢᠯᠡ ᠠᠵᠢᠯᠯᠠᠭ᠎ᠠ ᠶᠢ ᠪᠠᠨ ᠢᠳᠡᠪᠬᠢ ᠲᠡᠢ ᠶᠠᠪᠤᠭᠤᠯᠵᠤ ᠪᠠᠶᠢᠨ᠎ᠠ᠃ ᠵᠢᠯ ᠳᠤ ᠳᠤᠮᠳᠠᠴᠢ ᠪᠠᠷ ᠤᠯᠤᠰ᠂ ᠠᠶᠢᠮᠠᠭ᠂ ᠰᠤᠮᠤ ᠶᠢᠨ ᠣᠷᠣᠨ ᠨᠤᠲᠤᠭ ᠤᠨ ᠲᠥᠰᠥᠪ ᠲᠦ 400-535 ᠰᠠᠶ᠋ᠢ ᠲᠡᠭ ᠲᠥᠪᠯᠡᠷᠡᠭᠦᠯᠵᠦ 2008 ᠣᠨ ᠠᠴᠠ ᠰᠤᠮᠤ ᠥᠪᠡᠷ ᠢ ᠪᠡᠨ ᠪᠦᠷᠢᠨ ᠰᠠᠩᠬᠦᠵᠢᠭᠦᠯᠬᠦ ᠴᠢᠳᠠᠪᠬᠢ ᠲᠠᠢ ᠪᠣᠯᠵᠤ᠂ ᠰᠡᠭᠦᠯ ᠦᠨ ᠵᠢᠯ ᠤᠨᠳ ᠲᠤ ᠲᠡᠮᠡᠭᠡᠨ ᠦ ᠨᠣᠣᠰᠣ 60 ᠲᠣᠨ᠂ ᠢᠮᠠᠭᠠᠨ ᠤ ᠨᠣᠣᠯᠣᠭᠤᠷ 15 ᠲᠣᠨ᠂ ᠪᠠᠶᠢᠭᠠᠯᠢ ᠶᠢᠨ ᠪᠠᠶᠠᠯᠢᠭ ᠠᠯᠲᠠ ᠵᠡᠷᠭᠡ ᠶᠢ ᠪᠣᠯᠪᠠᠰᠤᠷᠠᠭᠤᠯᠤᠨ ᠭᠠᠳᠠᠭᠠᠳᠤ᠂ ᠳᠣᠲᠣᠭᠠᠳᠤ ᠶᠢᠨ ᠵᠠᠬ᠎ᠠ ᠵᠡᠭᠡᠯᠢ ᠳᠦ ᠪᠣᠷᠣᠯᠠᠭᠤᠯᠵᠤ ᠪᠠᠶᠢᠨ᠎ᠠ᠃ ᠰᠤᠮᠤ ᠶᠢᠨ ᠳᠡᠳ᠋ ᠪᠦᠲᠦᠴᠡ ᠡᠷᠴᠢᠮᠲᠡᠢ ᠬᠥᠭᠵᠢᠵᠦ 2007 ᠣᠨ ᠳᠤ ЭБЦД ᠥᠨᠳᠥᠷ ᠬᠦᠴᠦᠳᠡᠯ ᠦᠨ ᠱᠤᠭᠤᠮ ᠳᠤ᠂ 2010 ᠣᠨ ᠳᠤ ᠢᠨᠲ᠋ᠧᠷᠨᠡᠲ ᠲᠦ᠂ 2006 ᠣᠨ ᠳᠤ ᠰᠢᠯᠢᠨ ᠺᠠᠪᠧᠯ ᠳᠦ ᠬᠣᠯᠪᠣᠭᠳᠠᠭᠰᠠᠨ ᠢᠶᠠᠷ ᠡᠭᠦᠷ ᠦᠨ ᠲᠧᠯᠧᠹᠣᠨ ᠤ 5 ᠣᠫᠧᠷᠠᠲ᠋ᠣᠷ ᠠᠵᠢᠯᠯᠠᠵᠤ ,ТВ ᠍ ᠦᠨ 6-18 ᠰᠤᠪᠠᠭ ᠭᠠᠷᠴᠤ ᠬᠥᠳᠡᠭᠡ ᠶᠢᠨ ᠡᠷᠦᠬᠡ ᠶᠢᠨ 90 ᠬᠤᠪᠢ ᠨᠢ ᠭᠠᠷ ᠤᠲᠠᠰᠤ᠂ ᠰᠡᠷᠭᠡᠭᠳᠡᠬᠦ ᠡᠨᠧᠷᠭᠢ ᠠᠰᠢᠭᠯᠠᠵᠤ᠂ ᠲᠧᠯᠧᠸᠢᠽᠧᠷ ᠦᠵᠡᠵᠦ ᠪᠠᠶᠢᠨ᠎ᠠ ᠮᠠᠨᠳᠤᠯ-ᠣᠪᠣᠭ᠎ᠠ ᠰᠤᠮᠤ ᠶᠢᠨ ᠲᠡᠮᠡᠭᠡᠨ ᠫᠣᠯᠣᠭᠡᠶᠢᠨ ᠪᠠᠭ 2008, 2009 ᠣᠨ ᠳᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠦᠷᠡᠯ ᠮᠧᠳᠠᠯ ᠬᠦᠷᠲᠡᠵᠦ ᠪᠠᠶᠢᠪᠠ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://www.facebook.com/groups/Mandal.ovoo http://www.facebook.com/pages/Mandal-ovoo/152499371590719

ᠪᠢᠴᠢᠭᠡᠰᠦ