ᠮᠠᠨᠳᠤᠭᠤᠯ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠮᠠᠨᠳᠤᠭᠤᠯ ᠬᠠᠭᠠᠨ (1438-1479) ᠮᠣᠩᠭᠣᠯ ᠤᠨ ᠬᠠᠭᠠᠨ ᠂ ᠲᠡᠷᠡ ᠲᠠᠶᠢᠰᠤᠩ ᠬᠠᠭᠠᠨ  ᠤ ᠡᠴᠢᠭᠡ ᠨᠢᠭᠡᠲᠦ ᠳᠡᠭᠦᠦ ᠶᠤᠮ᠃

ᠮᠣᠯᠣᠨ ᠬᠠᠭᠠᠨ  ᠤ ᠳᠠᠷᠠᠭ᠎ᠠ ᠬᠠᠭᠠᠨ ᠰᠠᠭᠤᠭᠰᠠᠨ᠃ ᠮᠠᠨᠳᠤᠭᠤᠯ ᠨᠢ ᠴᠠᠬᠠᠷ ᠍ ᠢ ᠵᠠᠬᠢᠷᠣᠨ ᠰᠠᠭᠤᠵᠤ ᠠᠰᠠᠨ ᠠᠩᠬᠠᠨ ᠤ ᠬᠠᠭᠠᠨ ᠪᠣᠯᠤᠨ᠎ᠠ᠃ ᠲᠡᠷᠡ ᠪᠡᠷ ᠪᠣᠭᠣᠨᠢ ᠬᠤᠭᠤᠴᠠᠭᠠᠨ ᠤ ᠵᠠᠰᠠᠭᠯᠠᠯ ᠤᠨ ᠢᠶᠠᠨ ᠦᠶ᠎ᠡ ᠳᠦ ᠬᠠᠭᠠᠨ ᠤ ᠡᠷᠬᠡ ᠮᠡᠳᠡᠯ ᠢ ᠶᠡᠬᠡᠰᠭᠡᠵᠦ᠂ ᠢᠵᠠᠭᠤᠷᠲᠠᠨ ᠨᠤᠭᠤᠳ ᠤᠨ ᠡᠷᠬᠡ ᠮᠡᠳᠡᠯ ᠢ ᠪᠠᠭᠤᠷᠠᠭᠤᠯᠤᠨ᠂ ᠲᠡᠭᠦᠨ ᠢ ᠤᠭᠰᠠᠭ᠎ᠠ ᠵᠠᠯᠭᠠᠮᠵᠢᠯᠠᠭᠰᠠᠨ ᠠᠪᠠᠭ᠎ᠠ ᠳᠡᠭᠦᠦ ᠳᠠᠶᠠᠨ ᠬᠠᠭᠠᠨ ᠳᠤ ᠤᠯᠤᠰ ᠢ ᠤᠳᠤᠷᠢᠳᠬᠤ ᠳᠤ ᠳᠥᠬᠥᠮ ᠪᠣᠯᠭᠠᠵᠤ ᠥᠭᠴᠡᠢ᠃

ᠣᠢᠷᠠᠳ ᠤᠨ ᠡᠰᠡᠨ ᠲᠠᠢᠰᠢ ᠬᠣᠪᠢᠰᠣᠯ ᠭᠠᠷᠭᠠᠵᠣ ᠣᠯᠣᠰ ᠤᠨ ᠢᠵᠠᠭᠣᠷᠳᠠᠨ ᠨᠣᠭᠣᠳ ᠤᠨ ᠦᠷ᠎ᠡ ᠬᠣᠢᠴᠢ ᠣᠴᠠᠷᠠᠭᠰᠠᠨ ᠪᠦᠬᠦᠨ ᠢ ᠬᠣᠣᠷᠯᠠᠨ ᠬᠦᠨᠦᠭᠡᠭᠰᠡᠨ ᠪᠢᠯᠠ᠃ ᠲᠡᠷᠡ ᠦᠶ᠎ᠡ ᠳᠦ ᠮᠠᠨᠳᠣᠭᠣᠯ ᠣᠳᠣ ᠶᠢᠨ ᠬᠦᠯᠦᠨ ᠪᠣᠢᠷ ᠲᠤ ᠦᠪᠡᠷ ᠦᠨ ᠡᠷᠬᠦᠮᠵᠢ ᠶᠢᠨ ᠭᠠᠵᠠᠷ ᠪᠣᠯᠬᠣ ᠨᠣᠳᠣᠭ ᠲᠤ ᠨᠣᠳᠣᠭᠯᠠᠨ ᠰᠠᠭᠣᠵᠣ ᠠᠯᠣᠰ ᠬᠣᠯᠠ ᠪᠠᠶᠢᠭᠰᠠᠨ ᠲᠣᠯᠠ ᠠᠮᠢ ᠮᠡᠨᠳᠥ ᠦᠯᠡᠳᠡᠵᠡᠢ᠃

ᠮᠣᠯᠣᠨ ᠬᠠᠭᠠᠨ ᠠᠯᠠᠭᠳᠠᠭᠰᠠᠨ ᠤ ᠲᠠᠷᠠᠭ᠎ᠠ ᠦᠷ᠎ᠡ ᠬᠡᠦᠭᠡᠳ ᠤᠭᠡᠢ ᠪᠠᠶᠢᠭᠰᠠᠨ ᠣᠴᠢᠷ ᠡᠴᠡ ᠶᠦᠩᠰᠢᠶᠠᠪᠥ ᠶᠢᠨ ᠨᠣᠶᠠᠨ ᠪᠡᠭᠡᠷᠰᠠᠨ ᠮᠠᠨᠳᠣᠭᠣᠯ ᠢ ᠵᠠᠯᠠᠵᠣ ᠠᠪᠴᠢᠷᠠᠨ ᠶᠡᠭᠡ ᠬᠠᠭᠠᠨ ᠤ ᠣᠷᠣ ᠰᠠᠭᠣᠷᠢᠨ ᠳᠤ ᠡᠷᠭᠦᠮᠵᠢᠯᠡᠨ ᠰᠠᠭᠣᠯᠭᠠᠭᠰᠠᠨ ᠪᠦᠭᠡᠳ ᠦᠪᠡᠷ ᠢᠶᠡᠨ ᠲᠠᠶᠢᠰᠢ ᠪᠣᠯᠣᠭᠰᠠᠨ ᠪᠠᠶᠢᠨ᠎ᠠ᠃

ᠮᠠᠨᠳᠣᠭᠣᠯ ᠬᠠᠭᠠᠨ ᠂ ᠦᠪᠡᠷ ᠦᠨ ᠠᠴᠢ ᠪᠠᠶᠠᠨᠮᠦᠩᠭᠡ ᠵᠢᠨᠣᠩ ᠤᠨ ᠬᠠᠮᠳᠣ ᠮᠣᠩᠭᠣᠯ ᠣᠷᠣᠨ ᠤ ᠨᠡᠶᠢᠭᠡᠮ ᠦᠨ ᠰᠠᠮᠠᠭᠣᠨ ᠢ ᠨᠡᠯᠢᠶᠡᠳ ᠲᠦᠪᠰᠢᠳᠭᠡᠵᠡᠢ ᠃ ᠭᠡᠪᠡᠴᠥ ᠰᠡᠬᠦᠯ ᠦᠨ ᠦᠶ᠎ᠡ ᠳᠦ ᠬᠣᠪ ᠬᠠᠳᠬᠣᠯ ᠳᠤ ᠣᠨᠠᠵᠣ ᠮᠠᠨᠳᠣᠭᠣᠯ ᠬᠠᠭᠠᠨ ᠪᠠᠶᠠᠨᠮᠤᠩᠭᠡ ᠵᠢ ᠲᠠᠭᠠᠷᠢᠨ ᠴᠣᠬᠢᠵᠠᠢ᠃ ᠪᠠᠶᠠᠨᠮᠤᠩᠭᠡ ᠵᠢᠨᠣᠩ ᠵᠢᠭᠣᠳᠠᠨ ᠶᠠᠪᠣᠬᠣ ᠵᠠᠭᠣᠷ᠎ᠠ ᠪᠠᠨ ᠶᠦᠩᠰᠢᠶᠠᠪᠥ ᠶᠢᠨ ᠬᠠᠷ᠎ᠠ ᠪᠠᠳᠠᠢ ᠨᠠᠷ ᠲᠤ ᠠᠯᠠᠭᠳᠠᠵᠠᠢ᠃

ᠬᠠᠷᠢᠨ ᠲᠡᠬᠦᠨ ᠦ ᠪᠠᠭ᠎ᠠ ᠬᠠᠳᠣᠨ ᠮᠠᠨᠳᠣᠬᠠᠢ ᠂ ᠮᠠᠨᠳᠣᠭᠣᠯ ᠬᠠᠭᠠᠨ ᠢ ᠨᠠᠰᠣ ᠪᠠᠷᠠᠭᠰᠠᠨ ᠤ ᠲᠠᠷᠠᠭ᠎ᠠ ᠵᠡᠬᠦᠨ ᠪᠠᠷᠠᠭᠣᠨ ᠮᠣᠩᠭᠣᠯ ᠢ ᠨᠢᠭᠡᠳᠭᠡᠵᠥ ᠨᠢᠭᠡᠳᠦᠮᠡᠯ ᠣᠯᠣᠰ ᠪᠣᠯᠭᠠᠨ ᠰᠡᠷᠭᠦᠭᠡᠨ ᠮᠠᠨᠳᠣᠭᠣᠯᠬᠣ ᠶᠢᠨ ᠲᠦᠯᠦᠭᠡ ᠭᠠᠶᠢᠬᠠᠮᠰᠢᠭᠳᠠᠢ ᠤᠶᠢᠯᠡᠰ ᠪᠦᠳᠦᠭᠡᠭᠰᠡᠨ ᠦ ᠨᠢᠭᠡᠨ ᠶᠣᠮ᠃

ᠡᠮᠦᠨᠡᠬᠢ
ᠮᠣᠯᠣᠨ ᠬᠠᠭᠠᠨ
ᠮᠣᠩᠭᠣᠯ ᠤᠨ ᠬᠠᠭᠠᠨ
1472-1479
ᠳᠠᠷᠠᠭᠠᠬᠢ
ᠪᠠᠲᠤᠮᠦ᠋ᠩᠬᠡ ᠳᠠᠶᠠᠩ ᠬᠠᠭᠠᠨ

ᠪᠢᠴᠢᠭᠡᠰᠦ