ᠮᠠᠨᠳᠤᠬᠠᠢ ᠰᠡᠴᠡᠨ ᠬᠠᠲᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠨᠳᠤᠬᠠᠢ ᠬᠠᠲᠤᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠮᠠᠨᠳᠤᠬᠠᠢ ᠰᠡᠴᠡᠨ ᠬᠠᠲᠤᠨ

ᠮᠠᠨᠳᠤᠬᠠᠢ ᠰᠡᠴᠡᠨ ᠬᠠᠲᠤᠨ (* 14481526 ᠣᠳᠣ ᠶᠢᠨ ᠥᠪᠥᠷ ᠮᠣᠩᠭᠣᠯ ) ᠨᠢ ᠮᠣᠩᠭᠣᠯ ᠲᠦᠮᠡᠨ ᠦ ᠬᠠᠮᠤᠭ ᠤᠨ ᠬᠦᠨᠳᠦᠲᠡᠢ ᠬᠠᠲᠤᠨ ᠶᠤᠮ᠃ ᠠᠷᠪᠠᠨ ᠳᠦᠷᠪᠡ ᠡᠴᠡ ᠠᠷᠪᠠᠨ ᠲᠠᠪᠥ ᠎ᠳᠡᠬᠢ ᠵᠠᠭᠤᠨ ᠤ ᠶᠡᠬᠡ ᠮᠣᠩᠭᠣᠯ ᠤᠯᠤᠰ ᠍ ᠤᠨ ᠵᠠᠳᠠᠷᠠᠯ ᠡᠷᠴᠢ ᠪᠡᠨ ᠠᠪᠴᠤ᠂ ᠠᠯᠲᠠᠨ ᠤᠷᠤᠭ ᠤᠨ ᠨᠣᠶᠠᠷᠬᠠᠯ ᠮᠥᠬᠥᠨ᠂ ᠲᠥᠷᠥ ᠤᠭᠰᠠᠭ᠎ᠠ ᠵᠠᠯᠭᠠᠮᠵᠢᠯᠠᠬᠤ ᠠᠯᠲᠠᠨ ᠤᠷᠤᠭ ᠤᠨ ᠬᠦᠩ  ᠦᠭᠡᠢ᠂ ᠬᠠᠭᠠᠨ ᠰᠠᠭᠤᠳᠠᠯ ᠬᠣᠭᠣᠰᠣᠷᠠᠭᠰᠠᠨ ᠴᠦᠪ ᠦᠨ ᠴᠠᠭ ᠲᠤ ᠨᠢᠭᠡᠨ ᠮᠣᠩᠭᠣᠯ ᠪᠦᠰᠡᠭᠦᠢ ᠲᠠᠰᠤᠷᠠᠵᠤ ᠪᠠᠶᠢᠭᠰᠠᠨ ᠠᠯᠲᠠᠨ ᠤᠷᠤᠭ ᠤᠨ ᠠᠮᠢ ᠶᠢ ᠬᠠᠯᠠᠭᠤᠨ ᠡᠯᠢᠭᠡ ᠪᠡᠷ ᠢᠶᠡᠨ ᠲᠡᠪᠡᠷᠢᠵᠦ᠂ ᠬᠠᠲᠠᠨ ᠵᠣᠷᠢᠭ᠂ ᠰᠡᠴᠡᠨ ᠤᠬᠠᠭᠠᠨ ᠤ ᠪᠠᠨ ᠬᠦᠴᠦ ᠪᠡᠷ ᠮᠣᠩᠭᠣᠯ ᠤᠨ ᠲᠥᠷᠥ ᠶᠢ ᠳᠠᠬᠢᠨ ᠰᠡᠷᠭᠦᠭᠡᠵᠦ ᠴᠢᠳᠠᠵᠠᠢ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠰᠡᠭᠦᠯᠴᠢ ᠶᠢᠨ ᠬᠦᠦ ᠪᠠᠲᠤᠮᠦ᠋ᠩᠬᠡ ᠶᠢ ᠣᠯᠵᠤ ᠠᠪᠴᠤ᠂ ᠬᠥᠯ ᠢ ᠨᠢ ᠳᠥᠷᠦᠭᠡᠨ ᠳᠦ ᠭᠠᠷ ᠢ ᠨᠢ ᠭᠠᠨᠵᠤᠭᠠᠨ ᠳᠤ ᠬᠦᠷᠭᠡᠨ᠂ ᠵᠠᠳᠠᠷᠠᠨ ᠤᠨᠠᠵᠤ ᠪᠠᠶᠢᠭᠰᠠᠨ ᠶᠡᠬᠡ ᠤᠯᠤᠰ ᠢ ᠪᠤᠴᠠᠭᠠᠨ ᠨᠢᠭᠡᠳᠬᠡᠵᠦ ᠲᠡᠭᠦᠨ ᠳᠦ ᠬᠦᠯᠢᠶᠡᠯᠭᠡᠨ ᠥᠭᠭᠦᠭᠰᠡᠨ ᠶᠤᠮ᠃

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠳᠤᠬᠠᠢ ᠰᠡᠴᠡᠨ ᠬᠠᠲᠤᠨ ᠨᠢ ᠲᠦᠮᠡᠳ ᠠᠶᠢᠮᠠᠭ ᠤᠨ ᠨᠤᠲᠤᠭ  ᠤᠨ ᠴᠣᠷᠣᠰᠪᠠᠢ ᠲᠡᠮᠦᠷ ᠴᠢᠩᠰᠠᠩ ᠬᠡᠮᠡᠬᠦ ᠬᠦᠮᠦᠨ ᠦ ᠥᠬᠢᠨ ᠪᠣᠯᠵᠤ 1448 ᠣᠨ ᠤ ᠰᠢᠷ᠎ᠠ ᠯᠤᠤ ᠵᠢᠯ ᠲᠥᠷᠦᠵᠡᠢ᠃ ᠲᠡᠭᠦᠨ ᠦ ᠡᠴᠢᠭᠡ ᠴᠣᠷᠣᠰᠪᠠᠢ ᠲᠡᠮᠦᠷ ᠴᠢᠩᠰᠠᠩ ᠨᠢ ᠣᠶᠢᠷᠠᠳ ᠤᠨ ᠡᠰᠡᠨ ᠲᠠᠢᠰᠢ ᠶᠢᠨ ᠵᠠᠷᠯᠢᠭ ᠢᠶᠠᠷ ᠲᠥᠷᠥ ᠶᠢᠨ ᠰᠠᠶᠢᠳ ᠪᠣᠯᠵᠤ ᠪᠠᠶᠢᠵᠠᠢ᠃ ᠮᠠᠨᠳᠤᠬᠠᠢ ᠠᠶᠢᠯ ᠤᠨ ᠭᠠᠭᠴᠠ ᠥᠬᠢᠨ ᠪᠠᠶᠢᠭᠰᠠᠨ ᠲᠤᠯᠠ ᠡᠷᠬᠡ ᠲᠠᠩᠬᠢ ᠥᠰᠴᠠᠢ᠃ ᠠᠪᠤ ᠪᠠᠷ ᠢᠶᠠᠨ ᠮᠣᠩᠭᠣᠯ ᠪᠢᠴᠢᠭ ᠵᠢᠭᠠᠯᠭᠠᠵᠤ᠂ ᠤᠩᠰᠢᠵᠤ ᠪᠢᠴᠢᠵᠦ ᠰᠤᠷᠤᠭᠰᠠᠨ ᠤ ᠳᠡᠭᠡᠷ᠎ᠡ ᠮᠣᠷᠢ ᠤᠨᠤᠵᠤ᠂ ᠨᠤᠮᠤ ᠰᠤᠮᠤ ᠬᠠᠷᠪᠤᠵᠤ ᠴᠢᠳᠠᠳᠠᠭ ᠪᠣᠯᠵᠠᠢ᠃

ᠮᠠᠨᠳᠤᠭᠤᠯ ᠬᠠᠭᠠᠨ ᠤᠳᠤᠮ ᠵᠠᠯᠭᠠᠬᠤ ᠦᠷ᠎ᠡ ᠦᠭᠡᠢ ᠲᠤᠯᠠ 40 ᠨᠠᠰᠤ ᠭᠠᠷᠤᠭᠰᠠᠨ ᠬᠣᠶᠢᠨ᠎ᠠ ᠪᠠᠨ 17 ᠨᠠᠰᠤᠲᠠᠢ ᠮᠠᠨᠳᠤᠬᠠᠢ ᠶᠢ 1465 ᠣᠨ ᠳᠤ ᠪᠠᠭ᠎ᠠ ᠬᠠᠲᠤᠨ ᠢᠶᠠᠨ ᠪᠣᠯᠭᠠᠨ ᠠᠪᠤᠭᠰᠠᠨ ᠠᠵᠠᠢ᠃ ᠮᠠᠨᠳᠤᠬᠠᠢ ᠳᠤᠷ᠎ᠠ ᠦᠭᠡᠢ ᠪᠠᠶᠢᠭᠰᠠᠨ ᠪᠣᠯᠪᠠᠴᠤ ᠶᠣᠰᠣ ᠶᠢ ᠳᠠᠭᠠᠨ ᠬᠠᠲᠤᠨ ᠨᠢ ᠪᠣᠯᠵᠠᠢ᠃

ᠮᠠᠨᠳᠤᠬᠠᠢ ᠭᠣᠸ᠎ᠠ ᠦᠵᠡᠰᠬᠦᠯᠡᠩ ᠲᠡᠭᠦᠰ᠂ ᠲᠥᠷᠥᠯᠬᠢ ᠶᠢᠨ ᠰᠡᠴᠡᠨ ᠰᠡᠷᠭᠦᠯᠡᠩ ᠪᠠᠶᠢᠭᠰᠠᠨ ᠲᠤᠯᠠ ᠮᠠᠨᠳᠤᠬᠠᠢ ᠰᠡᠴᠡᠨ ᠬᠠᠲᠤᠨ ᠭᠡᠵᠦ ᠬᠦᠮᠦᠰ ᠲᠡᠭᠦᠨ ᠢ ᠬᠦᠨᠳᠦᠳᠬᠡᠨ ᠳᠠᠭᠤᠳᠠᠳᠠᠭ ᠪᠠᠶᠢᠴᠠᠢ᠃ 1467 ᠣᠨ ᠳᠤ ᠮᠠᠨᠳᠤᠭᠤᠯ ᠬᠠᠭᠠᠨ ᠨᠠᠰᠤ ᠪᠠᠷᠠᠵᠦ᠂ ᠮᠠᠨᠳᠤᠬᠠᠢ ᠰᠡᠴᠡᠨ ᠬᠠᠲᠤᠨ ᠪᠡᠯᠪᠡᠰᠦᠷᠡᠨ ᠬᠤᠴᠤᠷᠴᠠᠢ᠃ ᠬᠠᠭᠠᠨ ᠤ ᠰᠠᠭᠤᠷᠢ ᠶᠢ ᠬᠣᠭᠣᠰᠣᠨ ᠤᠳᠠᠭᠠᠨ ᠪᠠᠶᠢᠯᠭᠠᠪᠠᠯ᠂ ᠹᠧᠣᠳᠠᠯ ᠤᠳ ᠤᠨ ᠬᠣᠭᠣᠷᠣᠨᠳᠣᠬᠢ ᠳᠠᠶᠢᠨ ᠰᠠᠮᠠᠭᠤᠨ ᠤᠯᠠᠮ ᠢᠶᠠᠷ ᠰᠢᠷᠦᠭᠦᠰᠴᠦ᠂ ᠵᠥᠷᠢᠴᠡᠯ ᠲᠡᠮᠡᠴᠡᠯ ᠨᠢ ᠬᠤᠷᠴᠠᠳᠴᠤ᠂ ᠮᠣᠩᠭᠣᠯ ᠤᠨ ᠬᠠᠭᠠᠨᠲᠤ ᠲᠥᠷᠥ ᠬᠢᠮᠤᠷᠠᠬᠤ ᠪᠣᠯᠤᠨ᠎ᠠ ᠭᠡᠳᠡᠭ ᠢ ᠮᠠᠨᠳᠤᠬᠠᠢ ᠰᠠᠶᠢᠨ ᠣᠶᠢᠯᠠᠭᠠᠵᠤ ᠪᠠᠶᠢᠪᠠ᠃ ᠲᠡᠶᠢᠮᠦ ᠡᠴᠡ ᠴᠤ ᠡᠷᠲᠡᠨ ᠦ ᠤᠯᠠᠮᠵᠢᠯᠠᠯ ᠢ ᠪᠠᠷᠢᠮᠲᠠᠯᠠᠨ᠂ ᠰᠢᠨ᠎ᠡ ᠬᠠᠭᠠᠨ ᠢ ᠲᠣᠳᠣᠷᠠᠭᠤᠯᠵᠤ ᠬᠠᠭᠠᠨ ᠰᠠᠭᠤᠷᠢᠨ ᠳᠤ ᠵᠠᠯᠠᠬᠤ ᠬᠦᠷᠲᠡᠯ᠎ᠡ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠬᠠᠭᠠᠨ ᠤ ᠬᠠᠲᠤᠨ ᠲᠥᠷᠥ ᠪᠠᠷᠢᠬᠤ ᠶᠣᠰᠣ ᠶᠢ ᠪᠠᠷᠢᠮᠲᠠᠯᠠᠨ ᠮᠠᠨᠳᠤᠬᠠᠢ 19 ᠨᠠᠰᠤᠨ ᠠᠴᠠ ᠪᠠᠨ ᠡᠬᠢᠯᠡᠨ ᠭᠤᠷᠪᠠᠨ ᠵᠢᠯ ᠦᠨ ᠲᠤᠷᠰᠢ ᠶᠡᠬᠡ ᠮᠣᠩᠭᠣᠯ ᠤᠨ ᠬᠠᠭᠠᠨᠲᠤ ᠤᠯᠤᠰ ᠤᠨ ᠲᠥᠷᠥ ᠶᠢ ᠪᠠᠷᠢᠵᠤ ᠪᠠᠶᠢᠪᠠ᠃ ᠡᠨᠡ ᠬᠣᠭᠣᠷᠣᠨᠳᠣ ᠮᠠᠨᠳᠤᠬᠠᠢ ᠰᠡᠴᠡᠨ ᠬᠠᠲᠤᠨ ᠪᠠᠭ᠎ᠠ ᠨᠠᠰᠤᠨ ᠠᠴᠠ ᠪᠠᠨ ᠡᠴᠢᠭᠡ ᠡᠬᠡ ᠡᠴᠡ ᠪᠡᠨ ᠥᠨᠥᠴᠢᠷᠡᠨ ᠬᠣᠴᠣᠷᠤᠭᠰᠠᠨ ᠪᠠᠲᠤᠮᠦ᠋ᠩᠬᠡ ᠶᠢ ᠣᠯᠵᠤ ᠠᠪᠴᠤ᠂ ᠥᠪᠡᠷ ᠦᠨ ᠪᠡᠶ᠎ᠡ ᠪᠡᠷ ᠥᠰᠬᠡᠨ ᠬᠦᠮᠦᠵᠢᠭᠦᠯᠵᠦ᠂ ᠭᠠᠷ ᠢ ᠨᠢ ᠭᠠᠨᠵᠤᠭᠠᠨ ᠳᠤ᠂ ᠬᠥᠯ ᠢ ᠨᠢ ᠳᠥᠷᠦᠭᠡᠨ ᠳᠦ ᠬᠦᠷᠭᠡᠵᠦ ᠬᠠᠭᠠᠨ ᠰᠢᠷᠡᠭᠡᠨ ᠳᠦ ᠰᠠᠭᠤᠯᠭᠠᠭᠰᠠᠨ ᠠᠵᠡᠢ᠃ ᠲᠡᠷᠡ ᠪᠡᠷ ᠲᠥᠷᠥ ᠪᠠᠷᠢᠬᠤ ᠬᠦᠮᠦᠨ ᠨᠢ ᠴᠢᠩᠭᠢᠰ ᠬᠠᠭᠠᠨ ᠤ ᠠᠯᠲᠠᠨ ᠤᠷᠤᠭ ᠤᠨ ᠭᠣᠣᠯ ᠤᠳᠤᠮ᠂ ᠬᠠᠭᠠᠨ ᠰᠠᠭᠤᠷᠢ ᠶᠢ ᠵᠠᠯᠭᠠᠮᠵᠢᠯᠠᠬᠤ ᠡᠷᠬᠡ ᠲᠡᠢ ᠬᠦᠮᠦᠨ ᠮᠠᠨᠳᠤᠭᠤᠯ ᠬᠠᠭᠠᠨ ᠤ ᠠᠴᠢ᠂ ᠪᠠᠶᠠᠨᠮᠦ᠋ᠩᠬᠡ ᠵᠢᠨᠦᠩ ᠤᠨ ᠥᠨᠥᠴᠢᠨ ᠬᠣᠴᠣᠷᠤᠭᠰᠠᠨ ᠭᠠᠭᠴᠠ ᠨᠤᠭᠤᠨ ᠦᠷ᠎ᠡ ᠪᠠᠲᠤᠮᠦ᠋ᠩᠬᠡ ᠪᠣᠯᠬᠤ ᠶᠣᠰᠣᠲᠠᠢ ᠭᠡᠵᠦ ᠦᠵᠡᠵᠦ ᠪᠠᠶᠢᠭᠰᠠᠨ ᠶᠤᠮ᠃ ᠭᠡᠪᠡᠴᠦ ᠡᠨᠡ ᠬᠦᠦ ᠨᠠᠰᠤᠨ ᠪᠠᠭ᠎ᠠ ᠪᠠᠶᠢᠯ᠎ᠠ᠃ ᠪᠠᠲᠤᠮᠦ᠋ᠩᠬᠡ ᠨᠢ ᠪᠠᠶᠠᠨᠮᠦ᠋ᠩᠬᠡ ᠵᠢᠨᠦᠩ ᠪᠠ ᠰᠢᠬᠢᠷᠡ ᠲᠠᠢᠬᠡᠦ ᠠᠴᠠ ᠲᠦᠷᠦᠭᠰᠡᠨ ᠬᠥᠪᠡᠭᠦᠨ ᠶᠤᠮ᠃ ᠤᠶᠢᠭᠤᠷ ᠤᠨ ᠢᠰᠮᠡᠨ ᠲᠠᠶᠢᠰᠢ ᠵᠡᠭᠦᠨ ᠮᠣᠩᠭᠣᠯ ᠢ ᠳᠣᠪᠲᠣᠯᠬᠤ ᠦᠶ᠎ᠡ ᠳᠦ ᠪᠠᠶᠠᠨᠮᠦ᠋ᠩᠬᠡ ᠵᠢᠨᠦᠩ ᠵᠢᠭᠤᠳᠠᠵᠤ᠂ ᠢᠰᠮᠡᠨ ᠲᠠᠶᠢᠵᠢ ᠰᠢᠬᠢᠷᠡ ᠲᠠᠢᠬᠡᠦ ᠶᠢ ᠥᠪᠡᠷ ᠢᠶᠡᠨ ᠠᠪᠴᠤ᠂ ᠬᠥᠪᠡᠭᠦᠨ ᠪᠠᠲᠤᠮᠦ᠋ᠩᠬᠡ ᠶᠢ ᠨᠢ ᠪᠠᠯᠭᠠᠴᠢᠨ ᠤ ᠪᠠᠭᠠᠢ ᠭᠡᠳᠡᠭ ᠬᠦᠮᠦᠨ ᠳᠦ ᠦᠭᠴᠦ ᠥᠰᠥᠭᠡᠭᠦᠯᠵᠡᠢ᠃ ᠪᠠᠶᠠᠨᠮᠦ᠋ᠩᠬᠡ ᠵᠢᠨᠦᠩ ᠳᠠᠶᠢᠨ ᠤ ᠬᠥᠯ ᠡᠴᠡ ᠳᠤᠲᠠᠭᠠᠵᠤ ᠶᠠᠪᠤᠬᠤ ᠳᠤ ᠪᠠᠨ ᠠᠯᠠᠭᠳᠠᠵᠤ ᠪᠠᠲᠤᠮᠦ᠋ᠩᠬᠡ ᠡᠴᠢᠭᠡ ᠡᠬᠡ ᠦᠭᠡᠢ ᠥᠨᠥᠴᠢᠨ ᠬᠣᠴᠣᠷᠤᠭᠰᠠᠨ ᠪᠠᠶᠢᠨ᠎ᠠ᠃ ᠪᠠᠭᠠᠢ ᠥᠨᠥᠴᠢᠨ ᠬᠦᠦ ᠶᠢ ᠦᠷᠡᠴᠢᠯᠡᠨ ᠠᠪᠤᠭᠰᠠᠨ ᠪᠣᠯᠪᠠᠴᠤ᠂ ᠬᠣᠭᠣᠯᠠ ᠤᠮᠳᠠ ᠮᠠᠭᠤ ᠲᠠᠢ ᠪᠠᠶᠢᠯᠭᠠᠭᠰᠠᠨ ᠠᠴᠠ ᠪᠡᠲᠡᠭᠢ ᠡᠪᠡᠳᠴᠢᠨ ᠳᠦ ᠪᠠᠷᠢᠭᠳᠠᠵᠤ ᠡᠳᠡᠭᠡᠷᠡᠬᠦ ᠦᠭᠡᠢ ᠤᠳᠠᠭᠰᠠᠨ ᠢ ᠲᠠᠩᠭᠤᠳ ᠤᠨ ᠲᠡᠮᠦᠷᠬᠤᠳᠠᠭ ᠭᠡᠳᠡᠭ ᠬᠦᠮᠦᠨ ᠣᠯᠵᠤ ᠮᠡᠳᠡᠨ᠂ ᠭᠤᠶᠤᠵᠤ ᠦᠵᠡᠭᠡᠳ ᠪᠦᠲᠦᠭᠡ ᠦᠭᠡᠢ ᠲᠤᠯᠠ ᠪᠠᠭᠠᠢ ᠠᠴᠠ ᠪᠤᠯᠢᠶᠠᠨ ᠠᠪᠴᠤ᠂ ᠥᠪᠡᠷ ᠦᠨ ᠡᠬᠡᠨᠡᠷ ᠰᠠᠶᠢᠬᠠᠢ ᠪᠠᠷ ᠢᠶᠠᠨ ᠠᠰᠠᠷᠠᠭᠤᠯᠵᠠᠢ᠃ ᠲᠡᠳᠡ ᠶᠢᠰᠦᠨ ᠴᠠᠭᠠᠨ ᠢᠩᠭᠡᠨ ᠦ ᠰᠦ᠋ ᠍ ᠪᠡᠷ ᠲᠡᠵᠢᠭᠡᠵᠦ᠂ ᠭᠤᠷᠪᠠᠨ ᠮᠥᠩᠭᠥᠨ ᠠᠶᠠᠭ᠎ᠠ ᠶᠢ ᠴᠣᠭᠣᠷᠠᠲᠠᠯ᠎ᠠ ᠢᠯᠡᠵᠦ ᠡᠮᠴᠢᠯᠡᠨ ᠵᠠᠰᠠᠭᠰᠠᠨ ᠢᠶᠠᠷ ᠪᠠᠲᠤᠮᠦ᠋ᠩᠬᠡ ᠶᠢᠨ ᠡᠪᠡᠳᠴᠢᠨ ᠢᠯᠠᠭᠠᠷᠢ ᠪᠣᠯᠤᠭᠰᠠᠨ ᠭᠡᠳᠡᠭ᠃ ᠡᠭᠦᠨ ᠦ ᠳᠠᠷᠠᠭ᠎ᠠ ᠲᠡᠮᠦᠷ ᠬᠠᠳᠠᠭ ᠪᠠᠲᠤᠮᠦ᠋ᠩᠬᠡ ᠶᠢ ᠮᠠᠨᠳᠤᠬᠠᠢ ᠰᠡᠴᠡᠨ ᠬᠠᠲᠤᠨ ᠳᠤ ᠠᠪᠠᠴᠢᠵᠤ ᠥᠭᠪᠡ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠭᠠᠭᠴᠠ ᠬᠦᠦ ᠪᠠᠲᠤᠮᠦ᠋ᠩᠬᠡ ᠶᠢ ᠠᠰᠠᠷᠠᠨ ᠬᠦᠮᠦᠵᠢᠭᠦᠯᠵᠦ ᠠᠭᠤᠤ ᠰᠠᠭᠤᠳᠠᠯ ᠳᠤ ᠰᠠᠭᠤᠯᠭᠠᠬᠤ ᠪᠣᠳᠣᠯ ᠲᠠᠢ ᠪᠠᠶᠢᠬᠤ ᠦᠶ᠎ᠡ ᠳᠦ ᠬᠠᠪᠤᠲᠤ ᠬᠠᠰᠠᠷ ᠤᠨ ᠬᠣᠶᠢᠴᠢ᠂ ᠬᠣᠷᠴᠢᠨ ᠠᠶᠢᠮᠠᠭ ᠤᠨ ᠥᠨᠥᠪᠣᠯᠣᠳ ᠸᠠᠩ ᠡᠯᠴᠢ ᠢᠯᠡᠭᠡᠵᠦ ᠮᠠᠨᠳᠤᠬᠠᠢ ᠬᠠᠲᠤᠨ ᠳᠤ: 《ᠭᠠᠯ ᠢ ᠴᠢᠨᠢ ᠴᠣᠬᠢᠵᠤ᠂ ᠨᠤᠲᠤᠭ ᠢ ᠴᠢᠨᠢ ᠵᠢᠭᠠᠵᠤ ᠥᠭᠭᠦᠰᠦ》 ᠭᠡᠵᠦ ᠬᠡᠯᠡᠭᠦᠯᠪᠡ᠃ ᠡᠭᠦᠨ ᠢ ᠰᠣᠨᠣᠰᠤᠭᠠᠳ ᠮᠠᠨᠳᠤᠬᠠᠢ:
《ᠬᠠᠭᠠᠨ ᠤ ᠥᠪ ᠢ ᠬᠠᠰᠠᠷ ᠤᠨ ᠦᠷ᠎ᠡ ᠴᠢ ᠢᠳᠡᠨ᠎ᠡ ᠦᠦ ?
ᠬᠠᠰᠠᠷ ᠤᠨ ᠦᠷ᠎ᠡ ᠴᠢᠨᠤ ᠥᠪ ᠢ ᠪᠢᠳᠡ ᠢᠳᠡᠨ᠎ᠡ ᠦᠦ ?
ᠡᠷᠭᠦᠵᠦ ᠦᠯᠦ ᠪᠣᠯᠬᠤ ᠡᠭᠦᠳᠡ ᠲᠡᠢ ᠪᠢᠯᠡ᠃
ᠠᠯᠬᠤᠵᠤ ᠦᠯᠦ ᠭᠠᠷᠬᠤ ᠪᠤᠱᠤᠭ᠎ᠠ ᠲᠠᠢ ᠪᠢᠯᠡ᠃
ᠬᠠᠭᠠᠨ ᠤ ᠮᠢᠨᠢ ᠦᠷ᠎ᠡ ᠪᠠᠶᠢᠲᠠᠯ᠎ᠠ
ᠬᠠᠰᠠᠷ ᠤᠨ ᠦᠷ᠎ᠡ ᠴᠢᠮ᠎ᠠ ᠲᠠᠢ ᠶᠠᠭᠤ ᠭᠡᠵᠦ ᠭᠡᠷᠯᠡᠬᠦ ᠶᠤᠮ ᠪᠤᠢ ? 》 ᠭᠡᠵᠦ ᠬᠠᠷᠢᠭᠤ ᠪᠠᠷᠢᠪᠠ᠃

ᠭᠡᠪᠡᠴᠦ ᠲᠡᠷᠡ ᠵᠥᠪ ᠰᠢᠢᠳᠪᠦᠷᠢ ᠭᠠᠷᠭᠠᠬᠤ ᠶᠢᠨ ᠲᠤᠯᠠᠳᠠ ᠪᠠᠰᠠ ᠪᠤᠰᠤᠳ ᠤᠨ ᠰᠠᠨᠠᠯ ᠢ ᠰᠣᠨᠣᠰᠴᠤ ᠠᠯᠠᠭᠴᠠᠭ ᠤᠳ ᠤᠨ ᠰᠲᠠᠢ ᠠᠴᠠ: 《ᠥᠨᠥᠪᠣᠯᠣᠳ ᠸᠠᠩ ᠲᠠᠢ ᠭᠡᠷᠯᠡᠵᠦ ᠰᠠᠭᠤᠪᠠᠯ ᠲᠠᠭᠠᠷᠠᠨ᠎ᠠ ᠤᠤ᠂ ᠦᠭᠡᠢ ᠤᠤ ? ᠭᠡᠪᠡᠯ ᠰᠲᠠᠢ: ᠥᠨᠥᠪᠣᠯᠣᠳ ᠸᠠᠩ ᠳᠤ ᠵᠢᠰᠤᠷᠳᠠᠨ 《ᠥᠴᠥᠬᠡᠨ ᠬᠡᠦᠬᠡᠳ ᠢ ᠬᠦᠯᠢᠶᠡᠬᠦ ᠶᠢᠨ ᠣᠷᠣᠨ ᠳᠤ ᠥᠨᠥᠪᠣᠯᠳ ᠲᠤ ᠣᠴᠢᠬᠤ ᠨᠢ ᠲᠠᠭᠠᠷᠠᠨ᠎ᠠ》 ᠭᠡᠵᠦ ᠬᠠᠷᠢᠭᠤᠯᠵᠠᠢ᠃

ᠮᠠᠨᠳᠤᠬᠠᠢ ᠰᠡᠴᠡᠨ ᠡᠨᠡ ᠲᠤᠬᠠᠢ ᠳᠠᠬᠢᠨ ᠪᠣᠳᠣᠯᠬᠢᠯᠠᠵᠤ ᠰᠠᠩᠬᠠᠢ ᠥᠷᠯᠥᠭ ᠦᠨ ᠡᠬᠡᠨᠡᠷ ᠵᠢᠬᠠᠢ ᠠᠴᠠ ᠠᠰᠠᠭᠤᠪᠠᠯ:
《ᠬᠠᠰᠠᠷ ᠤᠨ ᠦᠷ᠎ᠡ ᠳᠦ ᠣᠴᠢᠪᠠᠯ
ᠬᠠᠷ᠎ᠠ ᠮᠥᠷ ᠲᠠᠲᠠᠵᠤ
ᠬᠠᠮᠤᠭ ᠤᠯᠤᠰ ᠠᠴᠠ ᠪᠠᠨ ᠬᠠᠭᠠᠴᠠᠵᠤ
ᠬᠠᠲᠤᠨ ᠨᠡᠷ᠎ᠡ ᠪᠠᠨ ᠠᠯᠳᠠᠨ᠎ᠠ᠃
ᠬᠠᠭᠠᠨ ᠤ ᠦᠷ᠎ᠡ ᠳᠦ ᠣᠴᠢᠪᠠᠯ
ᠬᠠᠭᠠᠨ ᠲᠩᠷᠢ ᠳᠦ ᠠᠪᠲᠠᠭᠳᠠᠵᠤ
ᠬᠠᠮᠤᠭ ᠤᠯᠤᠰ ᠢᠶᠠᠨ ᠡᠵᠡᠯᠡᠵᠦ
ᠬᠠᠲᠤᠨ ᠨᠡᠷ᠎ᠡ ᠪᠡᠨ ᠠᠯᠳᠠᠷᠰᠢᠭᠤᠯᠤᠨ᠎ᠠ᠃
ᠴᠠᠭᠠᠨ ᠬᠥᠪᠡᠭᠦᠨ ᠳᠤ ᠣᠴᠢᠪᠠᠯ
ᠴᠠᠭᠠᠨ ᠮᠥᠷ ᠲᠠᠲᠠᠵᠤ
ᠴᠠᠬᠠᠷ ᠲᠦᠮᠡᠨ ᠢ ᠡᠵᠡᠯᠡᠵᠦ
ᠴᠠᠭᠯᠠᠰᠢ ᠦᠭᠡᠢ ᠨᠡᠷ᠎ᠡ ᠠᠯᠳᠠᠷᠰᠢᠨ᠎ᠠ》 ᠭᠡᠵᠦ ᠬᠡᠯᠡᠵᠡᠢ᠃

ᠡᠨᠡ ᠬᠣᠶᠠᠷ ᠬᠦᠮᠦᠨ ᠦ ᠰᠠᠨᠠᠯ ᠢ ᠰᠣᠨᠣᠰᠤᠭᠠᠳ ᠮᠠᠨᠳᠤᠬᠠᠢ ᠰᠡᠴᠡᠨ ᠬᠠᠲᠤᠨ ᠡᠮᠦᠨ᠎ᠡ ᠨᠢ ᠬᠣᠶᠠᠷ ᠵᠠᠮ ᠪᠠᠶᠢᠭ᠎ᠠ ᠶᠢ ᠥᠪᠡᠷ ᠢᠶᠡᠨ ᠣᠶᠢᠯᠠᠭᠠᠵᠤ ᠪᠠᠶᠢᠪᠠ᠃ ᠰᠠᠲᠠᠢ ᠶᠢᠨ ᠰᠠᠨᠠᠯ ᠢᠶᠠᠷ ᠥᠨᠥᠪᠣᠯᠣᠳ ᠤᠨ ᠡᠬᠡᠨᠡᠷ ᠪᠣᠯᠪᠠᠯ ᠮᠣᠩᠭᠣᠯ ᠤᠨ ᠬᠠᠭᠠᠨᠲᠤ ᠲᠥᠷᠥ ᠴᠢᠩᠭᠢᠰ ᠬᠠᠭᠠᠨ ᠤ ᠠᠯᠲᠠᠨ ᠤᠷᠤᠭᠲᠠᠨ ᠠᠴᠠ ᠬᠠᠰᠠᠷ ᠤᠨ ᠬᠣᠶᠢᠴᠢᠰ  ᠲᠤ ᠰᠢᠯᠵᠢᠬᠦ ᠤᠴᠢᠷ ᠠᠴᠠ ᠵᠥᠷᠢᠴᠡᠯ ᠲᠡᠮᠡᠴᠡᠯ ᠬᠤᠷᠴᠠᠳᠠᠵᠤ᠂ ᠶᠡᠬᠡ ᠰᠠᠮᠠᠭᠤᠷᠠᠯ ᠡᠭᠦᠰᠬᠦ ᠪᠣᠯᠤᠨ᠎ᠠ᠃ ᠲᠡᠶᠢᠮᠦ ᠡᠴᠡ ᠥᠨᠥᠪᠣᠯᠣᠳ ᠤᠨ ᠰᠠᠨᠠᠯ ᠢ ᠬᠦᠯᠢᠶᠡᠨ ᠠᠪᠬᠤ ᠦᠭᠡᠢ᠂ ᠪᠠᠲᠤᠮᠦ᠋ᠩᠬᠡ ᠶᠢ ᠥᠰᠬᠡᠨ ᠬᠦᠮᠦᠵᠢᠭᠦᠯᠵᠦ ᠬᠠᠭᠠᠨ ᠰᠠᠭᠤᠷᠢ ᠶᠢ ᠬᠠᠳᠠᠭᠠᠯᠠᠬᠤ ᠪᠠᠷ ᠰᠢᠢᠳᠴᠦ᠂ ᠥᠪᠡᠷ ᠦᠨ ᠬᠠᠶᠢᠷ᠎ᠠ ᠰᠡᠳᠬᠢᠯ ᠢ ᠬᠣᠶᠢᠰᠢ ᠲᠠᠯᠪᠢᠬᠤ ᠪᠠᠷ ᠰᠡᠳᠬᠢᠯ ᠰᠢᠯᠤᠭᠤᠳᠠᠵᠠᠢ᠃ ᠲᠡᠭᠡᠭᠡᠳ ᠮᠠᠨᠳᠤᠬᠠᠢ ᠰᠡᠴᠡᠨ ᠬᠠᠲᠤᠨ ᠰᠲᠠᠢ ᠳᠤ:
《ᠬᠠᠭᠠᠨ ᠤ ᠦᠷ᠎ᠡ ᠶᠢ ᠥᠴᠥᠬᠡᠨ ᠭᠡᠵᠦ
ᠬᠠᠮᠤᠭ ᠤᠯᠤᠰ ᠢ ᠦᠭᠡᠢ ᠭᠡᠵᠦ
ᠬᠠᠰᠠᠷ ᠤᠨ ᠦᠷ᠎ᠡ ᠶᠢᠨ ᠶᠡᠬᠡ ᠭᠡᠵᠦ
ᠬᠠᠮᠢᠭᠠᠰᠢ ᠪᠠᠨ ᠦᠭᠡ ᠬᠡᠯᠡᠬᠦ ᠪᠤᠢ》 ᠬᠡᠮᠡᠭᠡᠳ ᠬᠠᠯᠠᠭᠤᠨ ᠴᠠᠢ ᠶᠢ ᠲᠡᠷᠢᠭᠦᠨ ᠤᠷᠤᠭᠤ ᠨᠢ ᠠᠰᠭᠠᠵᠤ ᠭᠡᠷ ᠡᠴᠡ ᠪᠡᠨ ᠬᠥᠭᠡᠭᠡᠨ ᠭᠠᠷᠭᠠᠵᠠᠢ᠃

ᠲᠡᠢᠨᠬᠦ 1470 ᠣᠨ ᠤ ᠴᠠᠭᠠᠨ ᠪᠠᠷᠰ ᠵᠢᠯ ᠪᠠᠲᠤᠮᠦ᠋ᠩᠬᠡ ᠶᠢ ᠪᠦᠬᠦ ᠮᠣᠩᠭᠣᠯ ᠤᠨ ᠬᠠᠭᠠᠨ ᠰᠢᠷᠡᠭᠡᠨ ᠳᠦ ᠡᠷᠭᠦᠮᠵᠢᠯᠡᠨ ᠳᠠᠶᠠᠭᠠᠷ ᠤᠯᠤᠰ ᠢᠶᠠᠨ ᠬᠤᠷᠢᠶᠠᠵᠤ ᠶᠠᠪᠤ ᠬᠡᠮᠡᠨ ᠳᠠᠶᠠᠩ ᠬᠠᠭᠠᠨ ᠴᠣᠯᠠ ᠡᠷᠭᠦᠮᠵᠢᠯᠡᠪᠡ᠃ 22 ᠨᠠᠰᠤᠲᠠᠢ ᠪᠠᠶᠢᠭᠰᠠᠨ ᠮᠠᠨᠳᠤᠬᠠᠢ 7 ᠨᠠᠰᠤᠲᠠᠢ ᠪᠠᠲᠤᠮᠦ᠋ᠩᠬᠡ ᠶᠢ ᠳᠠᠭᠠᠭᠤᠯᠤᠨ᠂ ᠭᠤᠷᠪᠠᠨ ᠳᠠᠪᠬᠤᠷ ᠭᠤᠲᠤᠯ ᠡᠮᠦᠰᠬᠡᠨ᠂ ᠠᠯᠠᠭᠴᠢ ᠨᠤᠭᠤᠳ ᠤᠨ ᠦᠨ᠎ᠡ ᠶᠢᠨ ᠠᠯᠠᠭ ᠯᠣᠩᠬᠣ ᠲᠠᠢ ᠠᠷᠢᠬᠢ ᠶᠢ ᠠᠪᠴᠤ᠂ ᠣᠷᠳᠣᠰ ᠳᠠᠬᠢ ᠡᠵᠡᠨ ᠴᠢᠩᠭᠢᠰ ᠦᠨ ᠨᠠᠶᠢᠮᠠᠨ ᠴᠠᠭᠠᠨ ᠭᠡᠷ ᠦᠨ ᠡᠮᠦᠨ᠎ᠡ ᠣᠴᠢᠭᠠᠳ᠂ ᠰᠤᠤᠲᠤ ᠬᠠᠭᠠᠨ᠂ ᠬᠠᠲᠤᠨ ᠤ ᠰᠦᠯᠳᠡ ᠳᠦ ᠰᠠᠴᠤᠯᠢ ᠡᠷᠭᠦᠨ ᠥᠴᠢᠭ ᠲᠠᠩᠭᠠᠷᠢᠭ ᠡᠷᠭᠦᠬᠦ ᠳᠦ ᠪᠡᠨ:
《ᠬᠠᠷ᠎ᠠ ᠮᠣᠷᠢᠨ ᠤ ᠵᠢᠰᠦ ᠦᠯᠦ ᠲᠠᠨᠢᠭᠳᠠᠬᠤ ᠭᠠᠵᠠᠷ ᠪᠡᠷᠢᠯᠡᠮ᠎ᠡ ᠪᠢᠯᠡ᠃
ᠬᠠᠭᠠᠨ ᠤ ᠴᠢᠨᠢ ᠦᠷ᠎ᠡ ᠨᠢᠷᠠᠶᠢᠳᠠᠪᠠ ᠭᠡᠵᠦ
ᠬᠠᠳᠤᠷ ᠠᠪᠤᠭᠠᠢ ᠶᠢᠨ ᠦᠷ᠎ᠡ ᠭᠠᠪᠢᠶ᠎ᠠ ᠭᠡᠬᠦ ᠳᠦ
ᠬᠠᠨ ᠣᠷᠳᠣᠨ ᠤ ᠳᠡᠷᠭᠡᠳᠡ ᠢᠷᠡᠪᠡ᠃
ᠠᠯᠠᠭ ᠮᠣᠷᠢᠨ ᠤ ᠵᠢᠰᠦ ᠦᠯᠦ ᠲᠠᠨᠢᠭᠳᠠᠬᠤ ᠭᠠᠵᠠᠷ ᠪᠡᠷᠢᠯᠡᠮ᠎ᠡ ᠪᠢᠯᠡ᠃
ᠠᠴᠢᠲᠤ ᠦᠷ᠎ᠡ ᠴᠢᠨᠢ ᠠᠪᠢᠶ᠎ᠠ ᠭᠡᠬᠦ ᠳᠦ
ᠠᠶᠤᠬᠤ ᠠᠮᠢᠶ᠎ᠠ ᠣᠷᠬᠢᠵᠤ ᠠᠯᠲᠠᠨ ᠣᠷᠳᠣᠨ ᠤ ᠳᠡᠷᠭᠡᠳᠡ ᠢᠷᠡᠪᠡ ᠪᠢ᠂
ᠠᠶᠤᠬᠤ ᠠᠮᠢ ᠮᠢᠨᠢ ᠠᠯᠳᠠᠷᠠᠪᠠ᠃
ᠢᠴᠡᠬᠦ ᠨᠢᠭᠤᠷ ᠮᠢᠨᠢ ᠡᠪᠳᠡᠷᠡᠪᠡ᠃
ᠥᠷᠭᠡᠨ ᠶᠡᠬᠡ ᠡᠭᠦᠳᠡ ᠶᠢ ᠴᠢᠨᠢ ᠬᠥᠩᠭᠡᠨ ᠭᠡᠵᠦ
ᠥᠨᠳᠥᠷ ᠶᠡᠬᠡ ᠪᠤᠱᠤᠭ᠎ᠠ ᠶᠢ ᠴᠢᠨᠢ ᠨᠠᠷᠢᠨ ᠭᠡᠵᠦ
ᠥᠨᠥᠪᠠᠯ ᠳᠤ ᠡᠨᠳᠡ ᠡᠴᠢᠬᠦᠯ᠎ᠡ
ᠤᠷᠭ᠎ᠠ ᠴᠢᠨᠢ ᠤᠷᠲᠤ᠂ ᠬᠤᠶᠢᠪᠢ ᠴᠢᠨᠢ ᠠᠭᠤᠤ ᠪᠤᠢ ᠨᠠᠮᠠᠢ ᠤᠷᠭᠠᠯᠠᠵᠤ ᠠᠪ
ᠴᠢᠨᠤ ᠦᠷ᠎ᠡ ᠶᠢ ᠥᠴᠥᠬᠡᠨ ᠭᠡᠵᠦ ᠪᠠᠰᠤᠨ ᠠᠪᠬᠤᠯ᠎ᠠ
ᠥᠨᠥᠪᠠᠯ ᠳᠤ ᠤᠨ ᠢ ᠤᠷᠭᠠᠯᠠᠵᠤ ᠠᠪ
ᠬᠠᠷᠢ ᠪᠦᠷᠢᠭᠰᠡᠨ ᠬᠠᠨ ᠬᠥᠪᠡᠭᠦᠨ ᠲᠥᠷᠦᠵᠢ᠂
ᠬᠠᠨ ᠬᠥᠪᠡᠭᠦᠨ ᠴᠢ ᠬᠠᠯᠢᠪᠠ ᠭᠡᠵᠦ
ᠬᠠᠷ᠎ᠠ ᠪᠡᠶ᠎ᠡ ᠪᠡᠨ ᠮᠡᠳᠡᠵᠦ ᠡᠴᠢᠪᠡᠰᠦ ᠬᠠ ᠭᠤᠶ᠎ᠠ ᠬᠠᠨᠵᠠᠷᠠᠭᠤᠯᠤᠰᠤ
ᠡᠷ᠎ᠡ ᠪᠣᠭᠳᠠ ᠡᠵᠡᠨ ᠮᠢᠨᠢ ᠬᠥᠪᠡᠭᠦᠨ ᠲᠥᠷᠦᠵᠢ ᠪᠦᠯᠦᠭᠡ
ᠡᠵᠡᠨ ᠬᠥᠪᠡᠭᠦᠨ ᠢ ᠮᠢᠨᠢ ᠠᠯᠳᠠᠪᠠ ᠭᠡᠵᠦ
ᠡᠮ᠎ᠡ ᠪᠡᠶ᠎ᠡ ᠪᠡᠨ ᠮᠡᠳᠡᠵᠦ ᠡᠴᠢᠪᠡᠰᠦ
ᠡᠰᠢ ᠬᠠᠲᠤᠨ ᠴᠢᠨᠤ ᠡᠮᠦᠨ᠎ᠡ ᠡᠪᠳᠡᠷᠡᠭᠦᠯᠦᠰᠦ ᠪᠢ》 ᠭᠡᠵᠦ ᠬᠡᠯᠡᠵᠡᠢ ᠬᠡᠮᠡᠨ ᠲᠡᠮᠳᠡᠭᠯᠡᠭᠳᠡᠭᠰᠡᠨ ᠨᠢ ᠪᠤᠢ᠃ ᠡᠨᠡ ᠨᠢ "ᠮᠠᠨᠳᠤᠬᠠᠢ ᠰᠡᠴᠡᠨ ᠬᠠᠲᠤᠨ ᠤ ᠲᠠᠩᠭᠠᠷᠢᠭ ᠤᠨ ᠰᠢᠯᠦᠭ" ᠬᠡᠮᠡᠭᠳᠡᠨ ᠰᠤᠳᠤᠯᠤᠭᠳᠠᠨ ᠦᠯᠡᠳᠡᠭᠰᠡᠨ ᠪᠠᠶᠢᠨ᠎ᠠ᠃

ᠮᠠᠨᠳᠤᠬᠠᠢ ᠰᠡᠴᠡᠨ ᠬᠠᠲᠤᠨ ᠤ ᠡᠷᠭᠦᠭᠰᠡᠨ ᠡᠨᠡᠬᠦ ᠥᠴᠢᠭ ᠲᠠᠩᠭᠠᠷᠢᠭ ᠤᠨ ᠦᠭᠡ ᠡᠴᠡ ᠦᠵᠡᠬᠦ ᠳᠦ ᠲᠡᠷᠡᠪᠡᠷ ᠮᠣᠩᠭᠣᠯ ᠤᠨ ᠬᠠᠭᠠᠳ᠂ ᠢᠵᠠᠭᠤᠷᠲᠠᠨ ᠠᠯᠲᠠᠨ ᠤᠷᠤᠭ ᠤᠨ ᠪᠡᠷᠢ ᠶᠢᠨ ᠠᠷᠢᠭᠤᠨ ᠶᠣᠰᠣ ᠵᠢᠷᠤᠮ ᠢ ᠳᠡᠭᠡᠳᠦᠯᠡᠨ ᠬᠦᠨᠳᠦᠯᠡᠭᠰᠡᠨ ᠨᠢ ᠢᠯᠡᠳᠲᠡ ᠠᠵᠤᠭᠤ᠃ 《ᠬᠠᠷ᠎ᠠ ᠮᠣᠷᠢᠨ ᠤ ᠵᠢᠰᠦ ᠦᠯᠦ ᠲᠠᠨᠢᠭᠳᠠᠮ᠎ᠠ ᠭᠠᠵᠠᠷ ᠪᠡᠷᠢᠯᠡᠮ᠎ᠡ ᠪᠢᠯᠡ》 ᠭᠡᠬᠦ ᠡᠴᠡ ᠦᠵᠡᠬᠦ ᠳᠦ ᠮᠠᠨᠳᠤᠬᠠᠢ ᠰᠡᠴᠡᠨ ᠬᠠᠲᠤᠨ ᠬᠠᠳᠠᠮ ᠤᠨ ᠲᠠᠯ᠎ᠠ ᠶᠢᠨ ᠥᠨᠳᠥᠷ ᠳᠡᠭᠡᠳᠦ ᠡᠪᠦᠭᠡ ᠴᠢᠩᠭᠢᠰ ᠬᠠᠭᠠᠨ᠂ ᠡᠰᠢ ᠬᠠᠲᠤᠨ ᠪᠥᠷᠲᠡ ᠦᠵᠢᠨ ᠨᠠᠷ ᠤᠨ ᠣᠩᠭᠣᠨ ᠳᠤ ᠮᠥᠷᠭᠥᠬᠦ ᠪᠡᠷ ᠣᠴᠢᠬᠤ ᠳᠤ ᠪᠠᠨ ᠶᠡᠬᠡ ᠯᠠ ᠬᠣᠯᠠ ᠠᠴᠠ ᠪᠡᠷᠢᠯᠡᠬᠦ ᠵᠠᠩᠰᠢᠯ ᠢ ᠶᠣᠰᠣᠨ ᠭᠦᠢᠴᠡᠳᠭᠡᠭᠰᠡᠨ ᠢ ᠬᠠᠷᠠᠭᠤᠯᠵᠤ ᠪᠤᠢ᠃ ᠮᠣᠩᠭᠣᠯᠴᠤᠳ ᠤᠨ ᠳᠤᠮᠳᠠ ᠡᠷᠲᠡ ᠳᠡᠭᠡᠷ᠎ᠡ ᠦᠶ᠎ᠡ ᠡᠴᠡ ᠡᠬᠢᠯᠡᠨ ᠪᠡᠷᠢᠯᠡᠬᠦ ᠵᠠᠩ ᠵᠠᠩᠰᠢᠯ ᠢ ᠬᠡᠷ ᠰᠠᠬᠢᠵᠤ ᠪᠠᠶᠢᠭ᠎ᠠ ᠪᠠᠷ ᠨᠢ ᠡᠮᠡᠭᠲᠡᠢ ᠬᠦᠮᠦᠨ ᠦ ᠣᠶᠤᠨ ᠪᠢᠯᠢᠭ ᠢ ᠦᠨᠡᠯᠡᠨ ᠦᠵᠡᠳᠡᠭ ᠶᠣᠰᠣ ᠤᠯᠠᠮᠵᠢᠯᠠᠭᠳᠠᠭᠰᠠᠭᠠᠷ ᠢᠷᠡᠵᠡᠢ᠃ 《ᠮᠣᠩᠭᠣᠯᠴᠤᠳ ᠤᠨ ᠪᠡᠷᠢᠯᠡᠬᠦᠢ》 ᠶᠣᠰᠣᠨ ᠤ ᠬᠠᠮᠤᠭ ᠤᠨ ᠴᠢᠬᠤᠯᠠ ᠬᠡᠰᠡᠭ ᠨᠢ ᠠᠶᠢᠯ ᠤᠨ ᠪᠡᠷᠢ ᠬᠦᠮᠦᠨ ᠬᠠᠳᠠᠮ ᠤᠨ ᠲᠠᠯ᠎ᠠ ᠶᠢᠨ ᠢᠶᠠᠨ ᠥᠪᠡᠷ ᠡᠴᠡ ᠪᠡᠨ ᠠᠬᠠᠮᠠᠳ ᠬᠦᠮᠦᠰ ᠦᠨ ᠨᠡᠷ᠎ᠡ ᠶᠢ ᠢᠮᠠᠭᠲᠠ ᠴᠡᠭᠡᠷᠯᠡᠨ᠂ ᠲᠡᠳᠡᠭᠡᠷ ᠦᠨ ᠨᠡᠷ᠎ᠡ ᠲᠡᠢ ᠶᠠᠭᠤᠮ᠎ᠠ ᠲᠣᠬᠢᠶᠠᠯᠳᠤᠪᠠᠯ ᠥᠭᠡᠷ᠎ᠡ ᠤᠳᠬ᠎ᠠ ᠣᠶᠢᠷᠠᠯᠴᠠᠭ᠎ᠠ ᠦᠭᠡ ᠪᠡᠷ ᠲᠥᠯᠥᠭᠡᠯᠡᠨ ᠨᠡᠷᠡᠯᠡᠳᠡᠭ ᠵᠠᠩᠰᠢᠯ ᠪᠠᠶᠢᠯ᠎ᠠ᠃ ᠲᠡᠶᠢᠮᠦ ᠡᠴᠡ ᠴᠤ ᠮᠠᠨᠳᠤᠬᠠᠢ ᠰᠡᠴᠡᠨ ᠡᠵᠡᠨ ᠪᠣᠭᠳᠠ᠂ ᠡᠰᠢ ᠬᠠᠲᠤᠨ ᠨᠠᠷ ᠤᠨ ᠪᠣᠯᠤᠨ᠂ ᠨᠥᠬᠥᠷ ᠦᠨ ᠲᠠᠯ᠎ᠠ ᠶᠢᠨ ᠳᠡᠭᠡᠳᠦ ᠣᠪᠤᠭ ᠤᠨ ᠨᠢᠭᠡ ᠬᠠᠪᠤᠲᠤ ᠬᠠᠰᠠᠷ ᠍ ᠤᠨ ᠠᠯᠳᠠᠷ ᠢ ᠬᠦᠷᠲᠡᠯ᠎ᠡ 《ᠬᠠᠳᠤᠷ ᠠᠪᠤᠭᠠᠢ》 ᠭᠡᠵᠦ ᠬᠠᠯᠲᠠᠷᠢᠭᠤᠯᠤᠨ ᠬᠡᠯᠡᠭᠰᠡᠨ ᠪᠣᠯᠤᠯᠲᠠᠢ᠃

ᠮᠣᠩᠭᠣᠯ ᠤᠨ ᠨᠡᠭᠦᠳᠡᠯᠴᠢᠳ ᠦᠨ ᠭᠡᠷ ᠪᠦᠯᠢ ᠶᠢᠨ ᠡᠷᠲᠡᠨ ᠦ ᠤᠯᠠᠮᠵᠢᠯᠠᠯ ᠤᠨ ᠨᠢᠭᠡ ᠪᠣᠯᠬᠤ 《ᠠᠰᠠᠷᠠᠬᠤ》 ᠶᠣᠰᠣ ᠵᠠᠩᠰᠢᠯ ᠤᠨ ᠳᠠᠭᠠᠤ ᠡᠷ᠎ᠡ ᠨᠥᠬᠥᠷ ᠨᠢ ᠬᠠᠯᠢᠵᠤ ᠤᠳᠤᠭᠰᠠᠨ ᠤ ᠬᠣᠶᠢᠨ᠎ᠠ ᠲᠡᠭᠦᠨ ᠦ ᠲᠥᠷᠥᠯ ᠲᠥᠷᠥᠭᠰᠡᠳ ᠦᠨ ᠬᠡᠨ ᠨᠢᠭᠡ ᠨᠢ ᠪᠡᠯᠪᠡᠰᠦᠨ ᠬᠣᠴᠣᠷᠤᠭᠰᠠᠨ ᠡᠬᠡᠨᠡᠷ ᠲᠡᠢ ᠨᠢ ᠰᠠᠭᠤᠵᠤ ᠦᠷ᠎ᠡ ᠤᠳᠤᠮ ᠢ ᠨᠢ ᠵᠠᠯᠭᠠᠭᠤᠯᠤᠨ ᠠᠰᠠᠷᠠᠨ ᠲᠡᠵᠢᠭᠡᠳᠡᠭ ᠪᠠ ᠡᠨᠡ ᠶᠣᠰᠣ ᠶᠢ ᠵᠥᠷᠢᠴᠡᠨ ᠬᠠᠭᠠᠨ ᠤ ᠦᠷ᠎ᠡ ᠶᠢ ᠨᠢᠯᠬ᠎ᠠ᠂ ᠪᠠᠯᠴᠢᠷ ᠬᠡᠮᠡᠨ ᠪᠠᠰᠤᠨ ᠬᠠᠲᠤᠨ ᠪᠣᠯᠬᠤ ᠬᠦᠮᠦᠨ ᠢ ᠨᠢ ᠠᠪᠤᠶ᠎ᠠ ᠭᠡᠵᠦ ᠥᠨᠥᠪᠣᠯᠣᠳ ᠢ ᠭᠤᠶᠤᠬᠤ ᠳᠤ ᠮᠠᠨᠳᠤᠬᠠᠢ ᠵᠢᠷᠤᠮᠲᠤ ᠪᠡᠷᠢ ᠶᠢᠨ ᠶᠣᠰᠣ ᠶᠢ ᠳᠠᠭᠠᠨ ᠨᠥᠬᠥᠷ ᠦᠨ ᠲᠠᠯ᠎ᠠ ᠶᠢᠨ ᠤᠳᠤᠮ ᠤᠨ ᠪᠠᠲᠤᠮᠦ᠋ᠩᠬᠡ ᠲᠡᠢ ᠰᠠᠭᠤᠬᠤ ᠶᠢᠨ ᠲᠤᠯᠠᠳᠠ ᠥᠨᠳᠥᠷ ᠳᠡᠭᠡᠳᠦ ᠬᠠᠳᠠᠮ ᠤᠨ ᠣᠷᠳᠣ ᠭᠡᠷ ᠲᠦ ᠢᠷᠡᠵᠦ ᠲᠠᠩᠭᠠᠷᠢᠭ ᠲᠠᠯᠪᠢᠬᠤ ᠳᠤ ᠬᠦᠷᠴᠡᠢ᠃

ᠮᠣᠩᠭᠣᠯ ᠤᠨ ᠡᠷᠲᠡᠨ ᠦ ᠵᠠᠩᠰᠢᠯ ᠶᠣᠰᠣᠭᠠᠷ ᠠᠶᠢᠯ ᠤᠨ ᠪᠡᠷᠢ ᠬᠦᠮᠦᠨ᠂ ᠬᠠᠳᠠᠮ ᠤᠨ ᠭᠡᠷ ᠲᠦ ᠬᠠᠮᠢᠶ᠎ᠠ ᠦᠭᠡᠢ ᠣᠷᠣᠬᠤ ᠦᠭᠡᠢ᠂ ᠬᠠᠳᠠᠮ ᠡᠴᠢᠭᠡ ᠶᠢᠨ ᠭᠣᠯᠣᠮᠲᠠ ᠠᠴᠠ ᠥᠩᠭᠡᠷᠡᠴᠢ ᠬᠣᠶᠢᠮᠣᠷ ᠭᠠᠷᠬᠤ ᠶᠣᠰᠣ ᠦᠭᠡᠢ ᠪᠠ ᠭᠡᠷ ᠡᠴᠡ ᠭᠠᠷᠬᠤ ᠳᠤ ᠪᠠᠨ ᠨᠢᠷᠤᠭᠤ ᠶᠢ ᠪᠠᠨ ᠦᠵᠡᠭᠦᠯᠬᠦ ᠴᠡᠭᠡᠷ ᠲᠡᠢ ᠪᠠᠶᠢᠴᠠᠢ᠃ ᠭᠡᠪᠡᠴᠦ ᠨᠥᠬᠥᠴᠡᠯ ᠪᠠᠶᠢᠳᠠᠯ ᠡᠶᠢᠮᠦ ᠪᠣᠯᠤᠭᠰᠠᠨ ᠲᠤᠯᠠ ᠮᠠᠨᠳᠤᠬᠠᠢ ᠠᠷᠭ᠎ᠠ ᠪᠤᠶᠤ ᠪᠡᠷᠢ ᠶᠢᠨ ᠬᠦᠨᠳᠦᠳᠬᠡᠯ ᠦᠨ ᠶᠣᠰᠣ ᠶᠢ ᠠᠯᠳᠠᠵᠤ ᠥᠨᠳᠥᠷ ᠡᠪᠦᠭᠡ᠂ ᠬᠠᠳᠠᠮ ᠤᠨ ᠭᠡᠷ ᠲᠦ ᠢᠷᠡᠵᠦ ᠥᠴᠢᠯ ᠦᠴᠢᠵᠦ ᠲᠠᠩᠭᠠᠷᠢᠭ ᠲᠠᠯᠪᠢᠬᠤ ᠪᠣᠯᠤᠭᠰᠠᠨ ᠢᠶᠠᠨ: 《ᠠᠶᠤᠬᠤ ᠰᠡᠳᠬᠢᠯ ᠮᠢᠨᠢ ᠠᠯᠳᠠᠷᠠᠪᠠ᠂ ᠢᠴᠡᠬᠦ ᠨᠢᠭᠤᠷ ᠮᠢᠨᠢ ᠡᠪᠳᠡᠪᠡ》 ᠭᠡᠵᠦ ᠬᠡᠯᠡᠵᠡᠢ᠃ ᠦᠨᠡᠬᠡᠷ ᠴᠤ ᠰᠤᠤᠲᠤ ᠪᠣᠭᠳᠠ ᠴᠢᠩᠭᠢᠰ ᠬᠠᠭᠠᠨ᠂ ᠰᠤ ᠲᠠᠢ ᠬᠠᠲᠤᠨ ᠪᠥᠷᠲᠡ ᠦᠵᠢᠨ ᠦ ᠣᠩᠭᠣᠨ ᠢ ᠣᠷᠣᠰᠢᠭᠤᠯᠤᠭᠰᠠᠨ ᠣᠷᠳᠣ ᠭᠡᠷ ᠪᠣᠯ ᠮᠠᠨᠳᠤᠬᠠᠢ ᠳᠤ ᠲᠡᠷᠡ ᠴᠠᠭ ᠤᠨ ᠶᠣᠰᠣ ᠵᠢᠷᠤᠮ ᠤᠨ ᠡᠭᠦᠳᠡᠨ ᠡᠴᠡ ᠪᠣᠯ ᠡᠷᠭᠦᠵᠦ ᠪᠣᠯᠬᠤ ᠦᠭᠡᠢ ᠡᠭᠦᠳᠡ ᠲᠡᠢ᠂ ᠠᠯᠬᠤᠵᠤ ᠪᠣᠯᠬᠤ ᠦᠭᠡᠢ ᠪᠤᠱᠤᠭ᠎ᠠ ᠲᠠᠢ᠂ ᠠᠯᠳᠠᠷ ᠬᠦᠨᠳᠦᠲᠦ ᠥᠨᠳᠥᠷ ᠬᠠᠳᠠᠮ ᠤᠨ ᠥᠷᠭᠥᠭᠡ ᠣᠷᠳᠣ ᠮᠥᠨ ᠪᠢᠯᠡ᠃

ᠮᠠᠨᠳᠤᠬᠠᠢ ᠶᠢᠨ ᠲᠠᠩᠭᠠᠷᠢᠭ 《ᠬᠠᠭᠠᠨ ᠬᠥᠪᠡᠭᠦᠨ ᠴᠢᠨᠢ ᠬᠠᠯᠢᠪ᠂ ᠭᠡᠵᠦ ᠬᠠᠷ᠎ᠠ ᠪᠡᠶ᠎ᠡ ᠪᠡᠨ ᠮᠡᠳᠡᠵᠦ ᠡᠴᠢᠪᠡᠰᠦ ᠬᠠ ᠭᠤᠶ᠎ᠠ ᠬᠠᠨᠵᠠᠯᠠᠭᠤᠯᠤᠰᠤ᠂ ᠡᠵᠡᠨ ᠬᠥᠪᠡᠭᠦᠨ ᠢ ᠴᠢᠨᠢ ᠠᠯᠳᠠᠪᠠ ᠭᠡᠵᠦ ᠡᠮ᠎ᠡ ᠬᠥᠪᠡᠭᠦᠨ ᠪᠡᠶ᠎ᠡ ᠪᠡᠨ ᠮᠡᠳᠡᠨ ᠡᠴᠢᠪᠡᠰᠦ ᠡᠰᠢ ᠬᠠᠲᠤᠨ ᠴᠢᠨᠤ ᠡᠮᠦᠨ᠎ᠡ ᠡᠪᠳᠡᠭᠦᠯᠦᠰᠦ ᠪᠢ》 ᠬᠡᠮᠡᠨ ᠬᠠᠲᠠᠭᠤ ᠴᠢᠩᠭ᠎ᠠ ᠦᠭᠦᠯᠡᠭᠰᠡᠨ ᠡᠴᠡ ᠦᠵᠡᠬᠦ ᠳᠦ ᠡᠷ᠎ᠡ ᠨᠥᠬᠥᠷ ᠨᠢ ᠨᠠᠰᠤ ᠪᠠᠷᠠᠭᠰᠠᠨ ᠪᠣᠯᠪᠠᠴᠤ ᠡᠮᠡᠭᠲᠡᠢ ᠬᠦᠮᠦᠨ ᠪᠡᠶ᠎ᠡ ᠪᠡᠨ ᠮᠡᠳᠡᠵᠦ ᠨᠥᠬᠥᠷ ᠦᠨ ᠤᠷᠤᠭ ᠠᠴᠠ ᠭᠠᠳᠠᠭᠤᠷ ᠳᠠᠬᠢᠵᠤ ᠤᠷᠤᠭᠯᠠᠵᠤ ᠦᠯᠦ ᠪᠣᠯᠬᠤ ᠶᠢ ᠮᠠᠰᠢ ᠲᠣᠳᠣᠷᠬᠠᠢ ᠵᠢᠭᠠᠭᠰᠠᠨ ᠬᠡᠷᠡᠭ ᠮᠥᠨ᠃

ᠮᠥᠨ ᠮᠠᠨᠳᠤᠬᠠᠢ ᠰᠡᠴᠡᠨ ᠬᠠᠲᠤᠨ ᠪᠠᠲᠤᠮᠦ᠋ᠩᠬᠡ ᠳᠠᠶᠠᠩ ᠬᠠᠭᠠᠨ ᠳᠤ ᠪᠡᠶ᠎ᠡ ᠪᠡᠨ ᠵᠠᠯᠠᠭᠤᠯᠬᠤ ᠡᠨᠡ ᠦᠶ᠎ᠡ ᠳᠦ᠂ ᠴᠢᠩᠭᠢᠰ ᠬᠠᠭᠠᠨ ᠤ ᠨᠠᠶᠢᠮᠠᠨ ᠴᠠᠭᠠᠨ ᠣᠷᠳᠣᠨ ᠤ ᠡᠮᠦᠨ᠎ᠡ ᠳᠠᠭᠠᠳᠬᠠᠨ ᠵᠠᠯᠪᠠᠷᠢᠭᠠᠳ ᠦᠷ᠎ᠡ ᠶᠢᠨ ᠬᠤᠲᠤᠭ ᠭᠤᠶᠤᠬᠤ ᠳᠤ ᠪᠠᠨ:
《ᠡᠷᠬᠡᠲᠦ ᠬᠠᠭᠠᠨ ᠡᠴᠢᠭᠡ ᠮᠢᠨᠢ
ᠡᠰᠢ ᠬᠠᠲᠤᠨ ᠡᠬᠡ ᠮᠢᠨᠢ
ᠳᠣᠲᠣᠭᠠᠳᠤ ᠡᠩᠭᠡᠷ ᠲᠦ ᠮᠢᠨᠢ
ᠳᠣᠯᠣᠭᠠᠨ ᠬᠥᠪᠡᠭᠦᠨ ᠲᠥᠷᠦᠭᠦᠯ
ᠭᠠᠳᠠᠭᠠᠳᠤ ᠡᠩᠭᠡᠷ ᠲᠦ ᠮᠢᠨᠢ
ᠭᠠᠭᠴᠠ ᠥᠬᠢᠨ ᠲᠥᠷᠦᠭᠦᠯ
ᠳᠣᠣᠷᠠᠳᠤ ᠬᠠᠲᠤᠨ ᠨᠠᠳᠠ
ᠳᠣᠯᠣᠭᠠᠨ ᠨᠤᠭᠤᠨ ᠵᠠᠶᠠᠭᠠᠪᠠᠰᠤ
ᠳᠣᠯᠣᠭᠤᠯᠠᠨ ᠳᠤ ᠨᠢ ᠪᠣᠯᠣᠳ ᠨᠡᠷ᠎ᠡ ᠥᠭᠴᠦ
ᠭᠠᠯ ᠭᠣᠯᠣᠮᠲᠠ ᠶᠢ ᠴᠢᠨᠢ ᠰᠠᠬᠢᠭᠤᠯᠤᠶ᠎ᠠ
ᠭᠠᠵᠠᠷ ᠨᠤᠲᠤᠭ ᠢ ᠴᠢᠨᠢ ᠡᠵᠡᠯᠡᠭᠦᠯᠦᠶ᠎ᠡ》 ᠭᠡᠰᠡᠨ ᠪᠥᠯᠦᠭᠡ ᠬᠡᠮᠡᠨ ᠲᠡᠦᠬᠡ᠂ ᠰᠤᠳᠤᠷ ᠪᠢᠴᠢᠭ ᠦᠳ ᠲᠦ ᠲᠡᠮᠳᠡᠭᠯᠡᠭᠳᠡᠨ ᠦᠯᠡᠳᠡᠵᠡᠢ᠃

ᠪᠠᠲᠤᠮᠦ᠋ᠩᠬᠡ ᠳᠠᠶᠠᠩ ᠬᠠᠭᠠᠨ ᠲᠥᠷᠥ ᠪᠠᠷᠢᠬᠤ ᠴᠢᠳᠠᠪᠤᠷᠢ ᠲᠠᠢ ᠪᠣᠯᠤᠭ᠎ᠠ ᠦᠭᠡᠢ ᠪᠠᠯᠴᠢᠷ ᠪᠠᠶᠢᠭᠰᠠᠨ ᠲᠤᠯᠠ ᠮᠠᠨᠳᠤᠬᠠᠢ ᠰᠡᠴᠡᠨ ᠬᠠᠲᠤᠨ ᠲᠡᠭᠦᠨ ᠦ ᠬᠠᠲᠤᠨ ᠨᠢ ᠪᠣᠯᠵᠤ 《ᠡᠷᠬᠡᠲᠦ ᠪᠣᠷᠵᠢᠭᠢᠨ ᠤ ᠤᠨᠳᠠᠷᠠᠵᠦ ᠪᠠᠶᠢᠭᠰᠠᠨ ᠭᠠᠯ ᠢ ᠠᠰᠠᠭᠠᠭᠰᠠᠨ》 ᠪᠠᠶᠢᠨ᠎ᠠ᠃

1471 ᠣᠨ ᠤ ᠴᠠᠭᠠᠭᠴᠢᠨ ᠲᠠᠤᠯᠠᠢ ᠵᠢᠯ ᠮᠠᠨᠳᠤᠬᠠᠢ ᠬᠠᠲᠤᠨ ᠪᠠᠲᠤᠮᠦ᠋ᠩᠬᠡ ᠶᠢ ᠦᠬᠡᠷ ᠲᠡᠷᠭᠡᠨ ᠳᠦ ᠰᠠᠭᠤᠯᠭᠠᠨ ᠴᠡᠷᠢᠭᠯᠡᠨ ᠮᠣᠷᠳᠠᠵᠤ᠂ ᠰᠠᠮᠠᠭᠤᠨ ᠦᠢᠮᠡᠭᠡᠨ ᠲᠠᠷᠢᠵᠤ ᠠᠮᠤᠷ ᠵᠠᠶᠠᠭ᠎ᠠ ᠦᠵᠡᠭᠦᠯᠬᠦ ᠦᠭᠡᠢ ᠪᠠᠶᠢᠭᠰᠠᠨ ᠳᠥᠷᠪᠡᠨ ᠣᠶᠢᠷᠠᠳ ᠢ ᠲᠠᠰ ᠪᠦᠷᠢᠳᠦ ᠬᠡᠮᠡᠬᠦ ᠭᠠᠵᠠᠷ ᠲᠤᠰᠴᠤ ᠪᠠᠶᠢᠯᠳᠤᠪᠠ᠃

1473 ᠣᠨ ᠤ ᠬᠠᠷᠠᠭᠴᠢᠨ ᠮᠣᠭᠠᠢ ᠵᠢᠯ ᠮᠠᠨᠳᠤᠬᠠᠢ ᠬᠠᠲᠤᠨ ᠲᠥᠷᠥ ᠶᠢᠨ ᠬᠡᠷᠡᠭ ᠢ 10 ᠨᠠᠰᠤᠲᠠᠢ ᠪᠠᠲᠤᠮᠦ᠋ᠩᠬᠡ  ᠳᠦ ᠰᠢᠯᠵᠢᠭᠦᠯᠦᠨ ᠥᠭᠭᠦᠭᠰᠡᠨ ᠢᠶᠡᠨ ᠵᠠᠷᠯᠠᠭᠰᠠᠨ ᠪᠠᠶᠢᠨ᠎ᠠ᠃

ᠮᠠᠨᠳᠤᠬᠠᠢ ᠰᠡᠴᠡᠨ ᠬᠠᠲᠤᠨ᠂ ᠴᠢᠩᠭᠢᠰ ᠬᠠᠭᠠᠨ ᠤ ᠠᠯᠲᠠᠨ ᠤᠷᠤᠭ ᠤᠨ ᠶᠡᠬᠡ ᠦᠢᠯᠡᠰ ᠢ ᠰᠡᠷᠭᠦᠭᠡᠨ ᠮᠠᠨᠳᠤᠭᠤᠯᠬᠤ ᠶᠢᠨ ᠲᠥᠯᠥᠭᠡ ᠬᠦᠴᠦ ᠴᠢᠳᠠᠯ᠂ ᠠᠷᠭ᠎ᠠ ᠤᠬᠠᠭᠠᠨ ᠢᠶᠠᠨ ᠰᠢᠪᠬᠠᠵᠤ᠂ ᠥᠪᠡᠷ ᠦᠨ ᠪᠡᠶ᠎ᠡ ᠪᠡᠷ ᠳᠠᠶᠢᠨ ᠪᠠᠶᠢᠯᠳᠤᠭᠠᠨ ᠳᠤ ᠶᠠᠪᠤᠵᠤ ᠪᠠᠶᠢᠭᠰᠠᠨ ᠢ ᠮᠠᠨ ᠤ ᠰᠤᠷᠪᠤᠯᠵᠢ ᠪᠢᠴᠢᠭ ᠦᠳ ᠲᠦ: 《ᠰᠠᠶᠢᠲᠤᠷ ᠰᠠᠭᠠᠳᠠᠭᠯᠠᠵᠤ᠂ ᠰᠠᠳᠠᠷᠠᠭᠰᠠᠨ ᠦᠰᠦ ᠪᠡᠨ ᠬᠤᠷᠢᠶᠠᠨ᠂ ᠰᠠᠶᠢᠨ ᠳᠠᠶᠠᠩ ᠬᠠᠭᠠᠨ ᠢ ᠦᠬᠡᠭᠯᠡᠵᠦ (ᠦᠬᠡᠷ ᠲᠡᠷᠭᠡᠨ ᠳᠦ ᠰᠠᠭᠤᠯᠭᠠᠵᠤ) ᠮᠣᠷᠳᠠᠪᠠ》 ᠭᠡᠵᠦ ᠲᠡᠮᠳᠡᠭᠯᠡᠭᠰᠡᠨ ᠪᠠᠶᠢᠳᠠᠭ ᠠᠵᠢ᠃

1482 ᠣᠨ ᠤ ᠬᠠᠷ᠎ᠠ ᠪᠠᠷᠰ ᠵᠢᠯ 34 ᠨᠠᠰᠤᠲᠠᠢ ᠮᠠᠨᠳᠤᠬᠠᠢ ᠰᠡᠴᠡᠨ ᠬᠠᠲᠤᠨ ᠪᠠ 19 ᠨᠠᠰᠤᠲᠠᠢ ᠪᠠᠲᠤᠮᠦ᠋ᠩᠬᠡ ᠳᠠᠶᠠᠩ ᠬᠠᠭᠠᠨ ᠬᠣᠶᠠᠷ ᠤᠨ ᠳᠤᠮᠳᠠ ᠠᠴᠠ ᠬᠣᠶᠠᠷ ᠢᠬᠡᠷ᠎ᠡ ᠬᠦᠦ ᠲᠦᠷᠦᠭᠰᠡᠨ ᠨᠢ ᠲᠦᠷᠦᠪᠤᠯᠤᠳᠤᠯᠤᠰᠪᠣᠯᠥᠳ ᠪᠣᠯᠠᠢ᠃ ᠡᠨᠡᠬᠦ ᠨᠠᠰᠤ ᠵᠢᠯ ᠨᠢ ᠶᠠᠩᠵᠤ ᠪᠦᠷᠢ ᠶᠢᠨ ᠪᠢᠴᠢᠭ ᠪᠠᠷᠢᠮᠲᠠ ᠳᠤ ᠮᠤᠰᠬᠢᠨ ᠭᠤᠪᠢᠭᠤᠯᠤᠭᠰᠠᠨ ᠡᠰᠡᠪᠡᠯ ᠶᠡᠬᠡᠳᠡ ᠪᠤᠷᠤᠭᠤ ᠵᠥᠷᠢᠭᠦᠦ ᠲᠡᠮᠳᠡᠭᠯᠡᠭᠳᠡᠭᠰᠡᠨ ᠪᠠᠶᠢᠳᠠᠭ ᠲᠤᠯᠠ ᠡᠶᠢᠨᠬᠦᠦ ᠣᠨᠴᠠᠯᠠᠪᠠ᠃

1484 ᠣᠨ ᠤ ᠬᠥᠬᠡ ᠯᠤᠤ ᠵᠢᠯ ᠲᠥᠷᠥᠯᠳᠦ ᠭᠦᠨᠵᠡ᠂ ᠪᠠᠷᠰᠪᠤᠯᠤᠳ ᠰᠠᠶᠢᠨ ᠠᠯᠠᠭ ᠬᠠᠭᠠᠨ ᠵᠢᠨᠦᠩ ᠬᠣᠶᠠᠷ ᠢᠬᠡᠷ᠎ᠡ ᠲᠦᠷᠦᠪᠡ᠃

1487 ᠣᠨ ᠤ ᠤᠯᠠᠭᠴᠢᠨ ᠬᠣᠨᠢ ᠵᠢᠯ ᠠᠷᠰᠪᠤᠯᠤᠳ ᠲᠦᠷᠦᠪᠡ᠃

1490 ᠣᠨ ᠤ ᠴᠠᠭᠠᠨ ᠨᠣᠬᠠᠢ ᠵᠢᠯ ᠳᠥᠷᠪᠡᠨ ᠣᠶᠢᠷᠠᠳ ᠤᠳ ᠤᠨ ᠲᠥᠷᠥ ᠶᠢ ᠬᠤᠤᠳᠤᠷᠤᠭᠤᠯᠬᠤ ᠦᠢᠯᠡᠳᠦᠯ ᠬᠤᠷᠴᠠᠳᠠᠭᠰᠠᠨ ᠲᠤᠯᠠ᠂ ᠮᠠᠨᠳᠤᠬᠠᠢ ᠰᠡᠴᠡᠨ ᠬᠠᠲᠤᠨ ᠬᠥᠯ ᠬᠦᠨᠳᠦ ᠪᠠᠶᠢᠭᠰᠠᠨ ᠪᠣᠯᠪᠠᠴᠤ ᠳᠥᠷᠪᠡᠨ ᠣᠶᠢᠷᠠᠳ ᠢ ᠳᠠᠬᠢᠨ ᠳᠠᠶᠢᠯᠠᠵᠤ ᠨᠢᠭᠡᠮᠦᠰᠦᠨ ᠳᠠᠷᠤᠵᠤ ᠠᠪᠤᠪᠠ᠃ ᠲᠡᠷᠡᠬᠦ ᠳᠠᠶᠢᠨ ᠤ ᠲᠠᠯᠠᠪᠤᠷ ᠲᠤ ᠮᠠᠨᠳᠤᠬᠠᠢ ᠬᠠᠲᠤᠨ ᠠᠴᠠ ᠠᠯᠴᠠᠪᠤᠯᠤᠳᠸᠴᠢᠷᠪᠤᠯᠤᠳ ᠬᠣᠶᠠᠷ ᠢᠬᠡᠷ᠎ᠡ ᠲᠥᠷᠦᠵᠡᠢ᠃

ᠡᠶᠢᠨᠬᠦᠦ ᠮᠥᠷᠥᠭᠡᠳᠦᠯ ᠢᠶᠡᠨ ᠪᠡᠶᠡᠯᠡᠭᠦᠯᠬᠦ ᠮᠡᠲᠦ ᠶᠡᠬᠡ ᠬᠠᠭᠠᠨ ᠤ ᠣᠷᠳᠣᠨ ᠤ ᠡᠮᠦᠨ᠎ᠡ ᠵᠠᠯᠪᠠᠷᠢᠵᠤ ᠪᠠᠶᠢᠭᠰᠠᠨᠴᠢᠯᠠᠨ ᠶᠠᠭ ᠳᠣᠯᠣᠭᠠᠨ ᠬᠦᠦ᠂ ᠨᠢᠭᠡ ᠥᠬᠢᠨ ᠵᠠᠶᠠᠭᠠᠴᠠᠢ᠃ ᠲᠡᠳᠡᠭᠡᠷ ᠨᠢ ᠲᠥᠷᠦᠪᠣᠯᠥᠳ᠂ ᠤᠯᠤᠰᠪᠣᠯᠥᠳ᠂ ᠪᠠᠷᠰᠪᠣᠯᠥᠳ ᠰᠠᠶᠢᠨ ᠠᠯᠠᠭ ᠬᠠᠭᠠᠨᠠᠷᠰᠪᠣᠯᠥᠳᠠᠯᠴᠪᠣᠯᠥᠳᠸᠴᠢᠷᠪᠣᠯᠥᠳᠠᠷᠠᠪᠣᠯᠥᠳ ᠬᠡᠮᠡᠬᠦ ᠳᠣᠯᠣᠭᠠᠨ ᠬᠥᠪᠡᠭᠦᠨ᠂ ᠲᠥᠷᠥᠯᠳᠦ ᠭᠦᠨᠵᠡ ᠨᠡᠷ᠎ᠡ ᠲᠡᠢ ᠨᠢᠭᠡᠨ ᠥᠬᠢᠨ ᠲᠥᠷᠦᠭᠦᠯᠵᠡᠢ᠃

ᠲᠡᠭᠦᠨ ᠦ ᠤᠯᠤᠰᠪᠣᠯᠥᠳ ᠬᠦᠦ ᠪᠠᠷᠠᠭᠤᠨ ᠭᠤᠷᠪᠠᠨ ᠲᠦᠮᠡᠨ ᠳᠦ ᠠᠯᠠᠭᠳᠠᠵᠤ᠂ ᠦᠯᠡᠳᠡᠭᠰᠡᠨ ᠵᠢᠷᠭᠤᠭᠠᠨ ᠬᠥᠪᠡᠭᠦᠨ ᠲᠤᠰ ᠲᠤᠰ ᠤᠷᠢᠶᠠᠩᠬᠠᠢ ᠲᠦᠮᠡᠨ᠂ ᠴᠠᠬᠠᠷ ᠲᠦᠮᠡᠨ᠂ ᠬᠠᠯᠬ᠎ᠠ ᠲᠦᠮᠡᠨ᠂ ᠣᠷᠳᠣᠰ ᠲᠦᠮᠡᠨ᠂ ᠲᠦᠮᠡᠳ ᠲᠦᠮᠡᠨ᠂ ᠶᠦᠩᠰᠢᠶᠡᠪᠦ ᠲᠦᠮᠡᠨ ᠦ ᠨᠣᠶᠠᠨ ᠪᠣᠯᠪᠠ᠃ ᠪᠠᠷᠰᠪᠣᠯᠥᠳ ᠬᠦᠦ ᠨᠢ ᠶᠡᠬᠡᠳᠡ ᠤᠬᠠᠭᠠᠨ ᠲᠠᠢ ᠪᠠᠶᠢᠭᠰᠠᠨ ᠤᠴᠢᠷ ᠠᠴᠠ ᠵᠢᠨᠦᠩ ᠪᠣᠯᠭᠠᠵᠠᠢ᠃

ᠦᠵᠡᠯ ᠪᠣᠳᠣᠯ᠂ ᠪᠦᠲᠦᠭᠡᠭᠰᠡᠨ ᠦᠢᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠲᠣᠮᠣᠬᠠᠨ ᠨᠣᠶᠠᠳ ᠤᠨ ᠳᠤᠮᠳᠠ ᠶᠡᠬᠡ ᠮᠣᠩᠭᠣᠯ ᠤᠯᠤᠰ ᠢ ᠠᠯᠲᠠᠨ ᠤᠷᠤᠭ ᠤᠨ ᠬᠢᠨ ᠤᠳᠤᠷᠢᠳᠥᠵᠤ ᠴᠢᠳᠠᠬᠤ ᠦᠭᠡᠢ ᠬᠠᠭᠠᠷᠠᠭᠠᠨ ᠪᠤᠲᠠᠷᠠᠭᠠᠵᠤ ᠪᠠᠶᠢᠨ᠎ᠠ ᠭᠡᠰᠡᠨ ᠦᠵᠡᠯ ᠶᠡᠬᠡ ᠪᠡᠷ ᠳᠡᠯᠭᠡᠷᠡᠵᠦ ᠡᠰᠡᠨ ᠬᠠᠭᠠᠨ ᠤ ᠦᠶ᠎ᠡ ᠳᠦ ᠠᠯᠲᠠᠨ ᠤᠷᠤᠭ ᠤᠨ ᠬᠢᠨ ᠢ ᠬᠣᠮᠣᠷᠭᠠᠯᠠᠨ ᠤᠰᠠᠳᠬᠠᠵᠤ ᠪᠠᠶᠢᠴᠠᠢ᠃ ᠲᠡᠷᠡ ᠦᠶ᠎ᠡ ᠪᠡᠷ ᠮᠠᠨᠳᠤᠬᠠᠢ ᠰᠡᠴᠡᠨ ᠬᠠᠲᠤᠨ ᠲᠦᠷᠦᠭᠰᠡᠨ ᠪᠠ ᠶᠡᠬᠡ ᠮᠣᠩᠭᠣᠯ ᠤᠨ ᠲᠥᠷᠥ ᠶᠢ ᠶᠡᠬᠡ ᠬᠠᠭᠠᠨ ᠤ ᠤᠳᠤᠮ ᠠᠯᠲᠠᠨ ᠤᠷᠤᠭ ᠤᠨ ᠬᠢᠨ ᠯᠠ ᠤᠳᠤᠷᠢᠳᠤᠨ ᠵᠠᠬᠢᠷᠴᠤ ᠴᠢᠳᠠᠨ᠎ᠠ᠂ ᠥᠭᠡᠷ᠎ᠡ ᠬᠡᠨ ᠴᠤ ᠨᠢᠭᠡᠳᠬᠡᠨ ᠵᠠᠯᠠᠵᠤ ᠴᠢᠳᠠᠬᠤ ᠦᠭᠡᠢ ᠬᠡᠮᠡᠨ ᠦᠵᠡᠵᠦ ᠠᠮᠢ ᠪᠡᠶ᠎ᠡ ᠪᠡᠷ ᠢᠶᠡᠨ ᠲᠠᠰᠤᠷᠴᠤ ᠪᠠᠶᠢᠭᠰᠠᠨ ᠠᠯᠲᠠᠨ ᠤᠷᠤᠭ ᠢ ᠰᠡᠯᠪᠢᠨ᠂ ᠣᠶᠤᠨ ᠤᠬᠠᠭᠠᠨ ᠢᠶᠠᠷ ᠢᠶᠠᠨ ᠲᠥᠷᠥ ᠤᠯᠤᠰ ᠢ ᠲᠥᠪᠬᠢᠨᠡᠭᠦᠯᠦᠭᠰᠡᠨ ᠭᠠᠶᠢᠬᠠᠮᠰᠢᠭᠲᠤ ᠮᠣᠩᠭᠣᠯ ᠡᠮᠡᠭᠲᠡᠢ ᠪᠠᠶᠢᠯ᠎ᠠ᠃ ᠲᠡᠷᠡᠪᠡᠷ ᠴᠢᠩᠭᠢᠰ ᠬᠠᠭᠠᠨ ᠤ ᠰᠤᠷᠭᠠᠯ ᠦᠵᠡᠯ ᠪᠣᠳᠣᠯ ᠢ ᠪᠠᠲᠤ ᠪᠠᠷᠢᠮᠲᠠᠯᠠᠳᠠᠭ ᠪᠠᠶᠢᠭᠰᠠᠨ ᠪᠠᠶᠢᠨ᠎ᠠ᠃ 100 ᠭᠠᠷᠤᠢ ᠵᠢᠯ ᠦᠷᠭᠦᠯᠵᠢᠯᠡᠭᠰᠡᠨ ᠹᠧᠣᠳᠠᠯ ᠤᠨ ᠳᠠᠶᠢᠨ ᠮᠣᠩᠭᠣᠯ ᠤᠨ ᠠᠷᠠᠳ ᠲᠦᠮᠡᠨ ᠳᠦ ᠶᠡᠬᠡ ᠬᠡᠮᠵᠢᠶᠡᠨ ᠦ ᠬᠣᠬᠢᠷᠠᠯ᠂ ᠭᠠᠢ ᠵᠣᠪᠠᠯᠠᠩ ᠢ ᠠᠪᠴᠢᠷᠠᠭᠰᠠᠨ ᠳᠣᠲᠣᠭᠠᠳᠤ ᠶᠢᠨ ᠬᠢᠮᠤᠷᠠᠯ᠂ ᠳᠠᠶᠢᠨ ᠲᠤᠯᠤᠯᠳᠤᠭᠠᠨ ᠢ ᠵᠣᠭᠰᠣᠭᠠᠵᠤ᠂ ᠡᠩᠬᠡ ᠲᠠᠶᠢᠪᠤᠩ  ᠢ ᠴᠣᠭᠴᠠᠯᠠᠭᠠᠬᠤ ᠶᠢᠨ ᠲᠤᠯᠠᠳᠠ ᠮᠠᠨᠳᠤᠬᠠᠢ ᠬᠠᠲᠤᠨ ᠬᠠᠮᠤᠭ ᠪᠦᠬᠦᠨ ᠢᠶᠡᠨ ᠵᠣᠷᠢᠭᠤᠯᠵᠤ ᠶᠡᠬᠡ ᠶᠢ ᠪᠦᠲᠦᠭᠡᠭᠰᠡᠨ ᠶᠠᠭᠤᠮ᠎ᠠ᠃ ᠮᠠᠨᠳᠤᠬᠠᠢ  ᠰᠡᠴᠡᠨ ᠬᠠᠲᠤᠨ ᠵᠡᠭᠦᠨ᠂ ᠪᠠᠷᠠᠭᠤᠨ ᠲᠦᠮᠡᠨ᠂ ᠣᠶᠢᠷᠠᠳ ᠍ ᠤᠨ ᠨᠡᠯᠢᠶᠡᠳ ᠬᠡᠰᠡᠭ ᠢ ᠤᠯᠤᠰ ᠲᠥᠷᠥ ᠶᠢᠨ ᠠᠷᠭ᠎ᠠ᠂ ᠡᠪ ᠵᠦᠢ ᠪᠡᠷ ᠨᠢᠭᠡᠳᠬᠡᠵᠦ ᠴᠢᠳᠠᠭᠰᠠᠨ ᠪᠥᠭᠡᠳ ᠭᠠᠭᠴᠠᠬᠦ ᠵᠠᠷᠢᠮ ᠨᠣᠶᠠᠳ ᠢ ᠵᠡᠷ ᠵᠡᠪᠰᠡᠭ ᠬᠥᠳᠡᠯᠭᠡᠨ ᠡᠵᠡᠯᠡᠵᠦ ᠠᠪᠬᠤ ᠠᠴᠠ ᠥᠭᠡᠷ᠎ᠡ ᠠᠷᠭ᠎ᠠ ᠦᠭᠡᠢ ᠪᠠᠶᠢᠭᠰᠠᠨ ᠲᠤᠯᠠ ᠲᠤᠯᠤᠯᠳᠤᠨ ᠪᠠᠶᠢᠯᠳᠤᠵᠤ ᠡᠵᠡᠯᠡᠨ ᠠᠪᠴᠤ ᠲᠡᠳᠡᠨ ᠢ ᠴᠢᠨᠠᠭᠰᠢᠳᠠ ᠪᠠᠷᠢᠮᠲᠠᠯᠠᠨ ᠵᠠᠬᠢᠷᠴᠤ ᠪᠠᠶᠢᠬᠤ ᠲᠠᠯ᠎ᠠ ᠪᠠᠷ ᠬᠠᠲᠠᠭᠤ ᠴᠠᠭᠠᠵᠠ ᠭᠠᠷᠭᠠᠵᠠᠢ᠃ ᠮᠥᠨ ᠮᠢᠩ ᠤᠯᠤᠰ ᠍ ᠢ ᠴᠡᠷᠢᠭᠯᠡᠨ ᠳᠣᠪᠲᠣᠯᠵᠤ᠂ ᠴᠠᠭᠠᠨ ᠬᠡᠷᠡᠮ ᠢ ᠳᠠᠪᠠᠭᠤᠯᠤᠨ ᠬᠥᠭᠡᠭᠡᠵᠦ ᠪᠠᠶᠢᠵᠤ ᠳᠠᠷᠤᠨ ᠠᠪᠴᠤ ᠡᠩᠬᠡ ᠶᠢᠨ ᠭᠡᠷ᠎ᠡ ᠪᠠᠶᠢᠭᠤᠯᠤᠭᠰᠠᠨ ᠪᠠᠶᠢᠨ᠎ᠠ᠃

ᠡᠶᠢᠨᠬᠦᠦ ᠮᠢᠩ ᠤᠯᠤᠰ ᠢ ᠳᠠᠷᠤᠵᠤ᠂ ᠣᠶᠢᠷᠠᠳ ᠢ ᠳᠡᠶᠢᠯᠵᠦ᠂ ᠮᠣᠩᠭᠣᠯ ᠤᠨ ᠣᠯᠠᠨ ᠠᠶᠢᠮᠠᠭ ᠢ ᠨᠢᠭᠡᠳᠬᠡᠭᠰᠡᠨ ᠲᠤᠯᠠ ᠠᠤᠭ᠎ᠠ ᠶᠡᠬᠡ ᠢᠯᠠᠯᠲᠠ ᠪᠠᠨ ᠲᠡᠮᠳᠡᠭᠯᠡᠨ᠂ ᠳᠠᠶᠠᠩ ᠬᠠᠭᠠᠨ ᠳᠤ ᠪᠡᠯᠡᠭᠯᠡᠵᠦ 1505 ᠣᠨ ᠤ ᠵᠤᠨ ᠬᠡᠷᠦᠯᠦᠨ ᠮᠥᠷᠡᠨ ᠦ ᠬᠥᠪᠡᠭᠡᠨ ᠳᠤ ᠦᠪᠡᠳᠡᠭᠰᠢ ᠶᠡᠬᠡ ᠨᠠᠶᠢᠷ ᠬᠢᠪᠡ᠃ ᠡᠨᠡ ᠤᠳᠠᠭ᠎ᠠ ᠶᠢᠨ ᠨᠠᠶᠢᠷ ᠳᠡᠭᠡᠷ᠎ᠡ ᠮᠠᠨᠳᠤᠬᠠᠢ ᠬᠠᠲᠤᠨ:
《ᠪᠤᠷᠬᠠᠨ ᠲᠩᠷᠢ ᠶᠢᠨ ᠢᠪᠡᠭᠡᠯ ᠳᠦ ᠰᠢᠲᠦᠵᠦ᠂
ᠪᠣᠭᠳᠠ ᠡᠵᠡᠨ ᠦ ᠦᠷ᠎ᠡ ᠶᠢ ᠲᠡᠳᠬᠦᠵᠦ
ᠪᠤᠷᠤᠭᠤ ᠭᠡᠮᠲᠡᠨ ᠢ ᠭᠢᠰᠬᠢᠨ ᠣᠷᠣᠭᠤᠯᠵᠤ
ᠪᠤᠲᠠᠷᠠᠭᠰᠠᠨ ᠲᠥᠷᠥ ᠶᠢ ᠨᠢ ᠬᠠᠰᠢᠵᠤ ᠥᠭᠭᠦᠯ᠎ᠡ᠃
ᠡᠵᠡᠨ ᠬᠠᠭᠠᠨ ᠥᠰᠦᠭᠰᠡᠨ ᠲᠤᠯᠠ
ᠡᠷᠬᠢᠮ ᠲᠦᠰᠢᠮᠡᠯ ᠲᠠᠨ ᠳᠤ ᠲᠤᠰᠢᠶᠠᠰᠤᠭᠠᠢ
ᠡᠭᠦᠨ ᠡᠴᠡ ᠴᠢᠨᠠᠭᠰᠢᠳᠠ ᠲᠠ ᠨᠠᠷ ᠵᠠᠰᠠᠭ ᠢᠶᠠᠨ ᠪᠠᠷᠢᠭᠲᠤᠨ》

ᠡᠮ᠎ᠡ ᠬᠦᠮᠦᠨ ᠨᠠᠳᠠ ᠬᠠᠮᠢᠶ᠎ᠠ ᠶᠠᠭᠤᠨ ᠬᠡᠮᠡᠨ ᠪᠠᠲᠤᠮᠦ᠋ᠩᠬᠡ ᠳᠠᠶᠠᠩ ᠬᠠᠭᠠᠨ᠂ ᠪᠤᠰᠤᠳ ᠲᠦᠰᠢᠮᠡᠳ ᠲᠦ ᠲᠥᠷᠥ ᠤᠯᠤᠰ ᠢᠶᠠᠨ ᠵᠠᠰᠠᠬᠤ ᠳᠠᠷᠬᠠᠨ ᠡᠷᠬᠡ ᠶᠢ ᠥᠭᠭᠦᠭᠡᠳ᠂ ᠥᠪᠡᠷ ᠢᠶᠡᠨ ᠳᠠᠬᠢᠵᠤ ᠵᠠᠰᠠᠭ ᠶᠠᠪᠤᠭᠤᠯᠬᠤ ᠦᠭᠡᠢ ᠭᠡᠳᠡᠭ ᠢᠶᠡᠨ ᠲᠤᠩᠬᠠᠭᠯᠠᠭᠰᠠᠨ ᠪᠠᠶᠢᠨ᠎ᠠ᠃ ᠮᠠᠨᠳᠤᠬᠠᠢ᠂ ᠪᠠᠲᠤᠮᠦ᠋ᠩᠬᠡ ᠨᠠᠷ ᠤᠨ ᠦᠶ᠎ᠡ ᠳᠦ ᠹᠧᠣᠳᠠᠯ ᠤᠨ ᠳᠠᠵᠢᠨ ᠬᠢᠮᠤᠷᠠᠯ ᠲᠦᠷ ᠳᠠᠷᠤᠭᠳᠠᠭᠠᠳ᠂ ᠰᠤᠷᠪᠤᠯᠵᠢ ᠪᠢᠴᠢᠭ ᠲᠦ ᠲᠡᠮᠳᠡᠭᠯᠡᠭᠰᠡᠨᠴᠢᠯᠡᠨ ᠬᠦᠮᠦᠨ ᠠᠷᠠᠳ ᠨᠢᠭᠡ ᠬᠡᠰᠡᠭ ᠲᠦ ᠪᠡᠨ 《ᠭᠠᠷ ᠭᠠᠵᠠᠷ᠂ ᠬᠥᠯ ᠬᠥᠰᠡᠷ》 ᠬᠠᠷᠢᠴᠠᠩᠭᠤᠢ ᠠᠮᠤᠭᠤᠯᠠᠩᠳᠠᠭᠤ ᠪᠠᠶᠢᠭᠰᠠᠨ ᠤᠴᠢᠷ ᠲᠤᠰ ᠣᠷᠣᠨ ᠤ ᠦᠢᠯᠡᠳᠪᠦᠷᠢᠯᠡᠬᠦ ᠬᠦᠴᠦᠨ ᠦ ᠬᠥᠭᠵᠢᠯ ᠪᠣᠯᠤᠨ᠂ ᠲᠤᠰᠠᠭᠠᠷ ᠲᠣᠭᠲᠠᠨᠢᠯ ᠢ ᠬᠠᠮᠠᠭᠠᠯᠠᠬᠤ ᠪᠡᠬᠢᠵᠢᠭᠦᠯᠬᠦ ᠳᠦ ᠳᠥᠬᠥᠮ ᠦᠵᠡᠭᠦᠯᠵᠡᠢ᠃

ᠮᠠᠨᠳᠤᠬᠠᠢ ᠰᠡᠴᠡᠨ ᠬᠠᠲᠤᠨ ᠮᠣᠩᠭᠣᠯ ᠤᠯᠤᠰ ᠤᠨ ᠲᠡᠦᠬᠡᠨ᠎ᠡ ᠡᠭᠦᠷᠢᠳᠡ ᠳᠤᠷᠠᠰᠤᠭᠳᠠᠬᠤ ᠭᠠᠪᠢᠶ᠎ᠠ ᠲᠠᠢ ᠪᠥᠭᠡᠳ ᠲᠡᠭᠦᠨ ᠦ ᠳᠡᠮ ᠢᠶᠡᠷ ᠪᠠᠲᠤᠮᠦ᠋ᠩᠬᠡ ᠳᠠᠶᠠᠩ ᠬᠠᠭᠠᠨ ᠪᠦᠬᠦ ᠮᠣᠩᠭᠣᠯ ᠤᠯᠤᠰ ᠢᠶᠠᠨ 40 ᠵᠢᠯ ᠨᠢᠭᠡᠳᠬᠡᠨ ᠵᠠᠬᠢᠷᠴᠤ᠂ 《...ᠵᠢᠷᠭᠤᠭᠠᠨ ᠲᠦᠭ ᠲᠦᠮᠡᠨ ᠢ ᠡᠮᠬᠢᠯᠡᠨ ᠴᠤᠭᠯᠠᠭᠤᠯᠵᠤ᠂ ᠡᠩᠬᠡᠵᠢᠨ ᠵᠢᠷᠭᠠᠭᠤᠯᠤᠭᠰᠠᠨ》 ᠪᠢᠯᠡ᠃ ᠲᠡᠷᠡᠪᠡᠷ ᠮᠣᠩᠭᠣᠯ ᠬᠦᠮᠦᠨ ᠪᠦᠷᠢ ᠶᠢᠨ ᠪᠠᠬᠠᠷᠬᠠᠯ᠂ ᠮᠣᠩᠭᠣᠯ ᠡᠮᠡᠭᠲᠡᠶᠢᠴᠦᠳ ᠦᠨ ᠦᠯᠢᠭᠡᠷ ᠵᠢᠱᠢᠶ᠎ᠡ ᠶᠡᠬᠡ ᠮᠣᠩᠭᠣᠯ ᠤᠨ ᠠᠯᠳᠠᠷᠲᠤ ᠤᠳᠤᠷᠢᠳᠤᠭᠴᠢ ᠪᠠᠶᠢᠭᠰᠠᠨ᠃ ᠳᠠᠶᠢᠨ ᠤ ᠲᠠᠯᠠᠪᠤᠷ ᠲᠤ ᠪᠠᠭᠠᠲᠤᠷ ᠢ ᠣᠷᠣᠯᠠᠨ ᠶᠡᠬᠡ ᠵᠠᠩᠵᠤᠨ᠂ ᠡᠩᠬᠡ ᠶᠢᠨ ᠴᠠᠭ ᠲᠤ ᠬᠠᠭᠠᠨ ᠢ ᠣᠷᠣᠯᠠᠨ ᠲᠥᠷᠥ ᠶᠢ ᠪᠠᠷᠢᠭᠴᠢ᠂ ᠭᠡᠷ ᠲᠦ ᠪᠡᠨ 8 ᠬᠡᠦᠬᠡᠳ ᠦᠨ ᠡᠯᠪᠡᠷᠢᠯᠲᠦ ᠡᠬᠡ ᠪᠠᠶᠢᠵᠤ 19 ᠨᠠᠰᠤᠨ ᠠᠴᠠ ᠪᠠᠨ ᠡᠬᠢᠯᠡᠨ 40 ᠨᠠᠰᠤ ᠬᠦᠷᠲᠡᠯ᠎ᠡ ᠶᠡᠬᠡ ᠮᠣᠩᠭᠣᠯ ᠤᠨ ᠲᠥᠷᠥ ᠶᠢ ᠲᠥᠪᠬᠢᠨᠡᠭᠦᠯᠦᠨ ᠪᠠᠷᠢᠭᠰᠠᠨ ᠭᠠᠶᠢᠬᠠᠮᠰᠢᠭᠲᠤ ᠡᠮᠡᠭᠲᠡᠢ ᠪᠠᠶᠢᠪᠠ᠃

ᠮᠠᠨᠳᠤᠬᠠᠢ ᠰᠡᠴᠡᠨ ᠬᠠᠲᠤᠨ ᠢ 1526 ᠣᠨ ᠤ ᠤᠯᠠᠭᠠᠨ ᠨᠣᠬᠠᠢ ᠵᠢᠯ 78 ᠨᠠᠰᠤᠨ ᠳᠤ ᠪᠠᠨ ᠲᠠᠭᠠᠯᠠᠯ ᠲᠡᠭᠦᠰᠦᠭᠰᠡᠨ ᠭᠡᠵᠦ ᠦᠵᠡᠳᠡᠭ᠃ (ᠡᠨᠡ ᠨᠢ ᠨᠡᠯᠢᠶᠡᠨ ᠪᠦᠷᠬᠦᠭ ᠪᠠᠶᠢᠳᠠᠭ᠃)

ᠲᠡᠭᠦᠨ ᠦ ᠳᠤᠷᠠᠰᠬᠠᠯ ᠢ ᠬᠦᠨᠳᠦᠳᠬᠡᠨ ᠮᠣᠩᠭᠣᠯᠴᠤᠳ 1989 ᠣᠨ ᠳᠤ 《ᠮᠠᠨᠳᠤᠬᠠᠢ ᠰᠡᠴᠡᠨ ᠬᠠᠲᠤᠨ》 ᠬᠡᠮᠡᠬᠦ ᠺᠢᠨᠣ᠋ ᠪᠦᠲᠦᠭᠡᠭᠰᠡᠨ᠃ ᠮᠥᠨ ᠲᠥᠷᠥ ᠶᠢᠨ ᠰᠣᠶᠣᠷᠬᠠᠯ ᠳᠤ ᠠᠷᠠᠳ ᠤᠨ ᠵᠦᠵᠦᠭᠡᠴᠢᠨ ᠵᠠᠩᠴᠢᠨᠨᠤᠷᠪᠤ 《ᠮᠠᠨᠳᠤᠬᠠᠢ ᠰᠡᠴᠡᠨ ᠬᠠᠲᠤᠨ》 ᠠᠶ᠎ᠠ ᠵᠣᠬᠢᠶᠠᠭᠰᠠᠨ᠃ ᠪᠢᠯᠢᠭ ᠲᠠᠩᠬᠠᠢ ᠢᠷᠠᠭᠤ ᠨᠠᠶᠢᠷᠠᠭᠴᠢ ᠴᠣᠶᠢᠨᠤᠮ 《ᠮᠣᠩᠭᠣᠯ ᠪᠦᠰᠡᠭᠦᠢ》 ᠰᠢᠯᠦᠭ ᠲᠦ ᠪᠡᠨ ᠮᠠᠨᠳᠤᠬᠠᠢ ᠬᠠᠲᠤᠨ ᠢ ᠳᠦᠷᠰᠦᠯᠡᠨ
《...
ᠰᠢᠯᠤᠭᠤᠨ ᠪᠤᠰᠤ ᠠᠳᠠᠷᠠᠮ᠎ᠠ ᠲᠠᠢ ᠲᠡᠦᠬᠡ ᠶᠢᠨ
ᠴᠢᠯᠠᠭᠤᠨ ᠬᠠᠭᠤᠳᠠᠰᠤ ᠨᠤᠭᠤᠳ ᠡᠷᠭᠢᠵᠦ ᠪᠠᠶᠢᠬᠤ ᠳᠤ
ᠬᠠᠯᠠᠭᠤᠨ ᠲᠡᠮᠡᠴᠡᠯ ᠦᠨ ᠲᠣᠭᠣᠰᠣᠨ ᠳᠤᠮᠳᠠ
ᠪᠦᠯᠢᠶᠡᠨ ᠴᠢᠰᠤ ᠠᠰᠬᠠᠷᠠᠵᠤ ᠪᠠᠶᠢᠬᠤ ᠳᠤ
ᠮᠣᠷᠢᠨ ᠴᠡᠷᠢᠭ ᠦᠨ ᠰᠡᠲᠡᠷᠡᠭᠰᠡᠨ ᠡᠩᠨᠡᠭᠡ ᠶᠢ
ᠮᠣᠩᠭᠣᠯ ᠪᠦᠰᠡᠭᠦᠢ ᠨᠥᠬᠥᠵᠦ ᠶᠠᠪᠤᠭᠰᠠᠨ ᠶᠤᠮ
ᠬᠠᠶᠢᠷᠠᠲᠤ ᠶᠢ ᠪᠠᠨ ᠲᠡᠪᠡᠷᠢᠳᠡᠭ ᠤᠶᠠᠬᠠᠨ ᠭᠠᠷ ᠢᠶᠠᠷ ᠢᠶᠠᠨ
ᠬᠠᠲᠠ ᠲᠠᠢ ᠰᠡᠯᠡᠮ᠎ᠡ ᠠᠳᠬᠤᠵᠤ ᠶᠠᠪᠤᠭᠰᠠᠨ ᠶᠤᠮ
ᠬᠠᠷ᠎ᠠ ᠬᠢᠯᠢᠩ ᠭᠡᠵᠢᠭᠡ ᠪᠡᠨ ᠰᠢᠭᠤᠵᠤ
ᠬᠠᠵᠢ ᠮᠥᠩᠭᠥᠨ ᠳᠤᠭᠤᠯᠠᠭ᠎ᠠ ᠪᠠᠷ ᠳᠠᠷᠤᠭᠤᠯᠵᠤ
ᠨᠠᠶᠢᠷ ᠨᠠᠭᠠᠳᠤᠮ ᠤᠨ ᠭᠣᠶᠣᠯ ᠤᠨ ᠳᠤᠷᠳᠤᠩ ᠳᠤ
ᠨᠠᠷᠢᠨ ᠭᠢᠯᠲᠠᠩ ᠬᠤᠶᠠᠭ ᠲᠠᠭᠠᠷᠠᠭᠤᠯᠵᠤ
ᠰᠠᠭᠠᠯᠢ ᠶᠢᠨ ᠬᠤᠪᠢᠩ ᠪᠠᠷᠢᠳᠠᠭ ᠭᠠᠷ ᠲᠤ ᠪᠠᠨ
ᠰᠠᠷᠠᠨ ᠳᠤᠭᠤᠷᠢᠭ ᠪᠠᠮᠪᠠᠢ ᠠᠳᠬᠤᠵᠤ
ᠢᠰᠬᠡᠷᠦᠭᠡᠳ ᠢᠷᠡᠬᠦ ᠭᠢᠯᠪᠡᠷᠲᠦ ᠰᠤᠮᠤ ᠶᠢ
ᠢᠷᠮᠡᠭᠦ ᠴᠦ ᠦᠭᠡᠢ ᠰᠥᠷᠴᠦ ᠶᠠᠪᠤᠭᠰᠠᠨ ᠶᠤᠮ᠃
...》 ᠬᠡᠮᠡᠨ ᠰᠢᠯᠦᠭᠯᠡᠭᠰᠡᠨ ᠪᠠᠶᠢᠳᠠᠭ᠃

ᠠᠰᠢᠭᠯᠠᠭᠰᠠᠨ ᠨᠣᠮ ᠤᠨ ᠵᠢᠭ᠌ᠰᠠᠭᠠᠯᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠯᠤᠪᠰᠠᠩᠳᠠᠨᠽᠠᠨ: ᠠᠯᠲᠠᠨ ᠲᠣᠪᠴᠢ
  • ᠰᠠᠭᠭᠠᠨ ᠰᠡᠴᠡᠨ: ᠡᠷᠳᠡᠨᠢ ᠶᠢᠨ ᠲᠣᠪᠴᠢ
  • ᠡᠷᠲᠡᠨ ᠦ ᠮᠣᠩᠭᠣᠯ ᠤᠨ ᠬᠠᠭᠠᠳ ᠤᠨ ᠦᠨᠳᠦᠰᠦᠨ ᠦ ᠶᠡᠬᠡ ᠰᠢᠷ᠎ᠠ ᠲᠤᠭᠤᠵᠢ (ᠰᠢᠷ᠎ᠠ ᠲᠤᠭᠤᠵᠢ ᠬᠡᠮᠡᠨ ᠲᠣᠪᠴᠢᠯᠠᠨ ᠨᠡᠷᠡᠶᠢᠳᠳᠡᠭ)

ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ