ᠮᠠᠨᠳᠢᠷ᠎ᠠ ᠤᠷᠠᠩᠬᠠᠵᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠳᠢᠷ᠎ᠠ ᠤᠷᠠᠩᠬᠠᠵᠢᠨ
ᠠᠩᠭᠯᠢ ᠳᠤ᠃
ᠠᠩᠭᠯᠢ ᠳᠤ᠃
ᠬᠣᠪᠣᠷᠳᠠᠯᠲᠠ ᠶᠢᠨ ᠵᠡᠷᠭᠡᠯᠡᠯ
Status IUCN3.1 LC.svg
ᠬᠣᠪᠣᠷᠳᠠᠭ᠎ᠠ ᠦᠭᠡᠢ (IUCN3.1)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠵᠢᠭᠦᠷᠲᠡᠨ
ᠪᠠᠭ: Anseriformes
ᠣᠪᠤᠭ: ᠨᠤᠭᠤᠰᠤᠨ ᠤ ᠬᠢᠨ
ᠲᠥᠷᠥᠯ: Aix, ᠤᠷᠠᠩᠬᠠᠵᠢᠨ
ᠵᠦᠢᠯ: A. galericulata
ᠯᠠᠲ᠋ᠢᠨ ᠨᠡᠷ᠎ᠡ
Aix galericulata
(ᠺᠠᠷᠯ ᠯᠢᠨᠡᠨᠢ᠂ 1758)
ᠧᠦ᠋ᠷᠣᠫᠠ ᠳᠠᠬᠢ ᠲᠠᠷᠬᠠᠴᠠ Aix galericulata
ᠧᠦ᠋ᠷᠣᠫᠠ ᠳᠠᠬᠢ ᠲᠠᠷᠬᠠᠴᠠ Aix galericulata

ᠮᠠᠨᠳᠢᠷ᠎ᠠ ᠤᠷᠠᠩᠬᠠᠵᠢᠨ (Aix galericulata), ᠤᠷᠢᠳᠤ ᠬᠠᠯᠵᠠᠨ ᠠᠩᠭᠢᠷ ᠪᠣᠯᠤᠨ ᠤᠷᠠᠨ ᠬᠠᠵᠢᠨ ᠭᠡᠭᠳᠡᠵᠦ ᠪᠠᠶᠢᠭᠰᠠᠨ᠂ ᠨᠢ ᠨᠤᠭᠤᠰᠤᠨ ᠤ ᠬᠢᠨ ᠣᠪᠤᠭ ᠤᠨ ᠰᠢᠪᠠᠭᠤ ᠶᠤᠮ᠃

ᠭᠠᠳᠠᠭᠠᠳᠤ ᠲᠥᠷᠬᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡᠬᠦ ᠰᠢᠪᠠᠭᠤ ᠨᠢ 41-49 ᠰᠠᠨᠲ᠋ᠢᠮᠧᠲ᠋ᠷ ᠤᠷᠲᠤ᠂ ᠳᠠᠯᠠᠪᠴᠢ ᠪᠠᠨ ᠳᠡᠯᠭᠡᠬᠦ ᠳᠦ 65-75 ᠰᠠᠨᠲ᠋ᠢᠮᠧᠲ᠋ᠷ ᠪᠥᠭᠡᠳ ᠨᠠᠰᠤ ᠪᠡᠶ᠎ᠡ ᠭᠦᠢᠴᠡᠭᠰᠡᠨ ᠡᠷᠡᠭᠴᠢᠨ ᠨᠢ ᠬᠠᠷᠠᠬᠤ ᠳᠤ ᠠᠨᠳᠤᠰᠢ ᠦᠭᠡᠢ ᠥᠪᠡᠷᠮᠢᠴᠡ᠂ ᠲᠣᠳᠣ᠂ ᠭᠣᠶᠣᠮᠰᠣᠭ ᠵᠢᠰᠦ ᠲᠡᠢ᠃ ᠡᠮᠡᠭᠴᠢᠨ ᠨᠢ ᠵᠢᠷ ᠦᠨ ᠪᠣᠷᠣ ᠰᠠᠷᠠᠯᠳᠠᠭᠤ ᠥᠩᠭᠡ ᠲᠡᠢ ᠶᠠᠭᠤᠮ᠎ᠠ᠃


ᠡᠨᠡᠬᠦ ᠵᠦᠢᠯ ᠰᠢᠪᠠᠭᠤ ᠨᠢ ᠤᠷᠢᠳᠤ ᠵᠡᠭᠦᠨ ᠠᠽᠢᠶ᠎ᠠ ᠳᠤ ᠥᠷᠭᠡᠨ ᠲᠠᠷᠬᠠᠭᠰᠠᠨ ᠪᠣᠯᠪᠠᠴᠤ᠂ ᠶᠡᠬᠡ ᠬᠡᠮᠵᠢᠶ᠎ᠡ ᠪᠡᠷ ᠭᠠᠳᠠᠭᠰᠢ ᠬᠤᠳᠠᠯᠳᠤᠭᠠᠯᠠᠬᠤ᠂ ᠣᠢ ᠮᠣᠳᠣ ᠶᠢ ᠣᠭᠲᠣᠯᠵᠤ ᠲᠠᠭᠠᠷᠢᠬᠤ ᠵᠡᠷᠭᠡ ᠪᠡᠷ ᠠᠮᠢᠳᠤᠷᠠᠬᠤ ᠣᠷᠴᠢᠨ ᠨᠢ ᠪᠠᠭᠠᠰᠠᠭᠰᠠᠨ ᠠᠴᠠ ᠪᠣᠯᠵᠤ ᠶᠡᠬᠡᠬᠡᠨ ᠴᠥᠭᠡᠷᠡᠭᠰᠡᠨ ᠪᠣᠯᠤᠨ᠎ᠠ᠃ ᠵᠡᠭᠦᠨ ᠣᠷᠣᠰ ᠪᠣᠯᠤᠨ ᠬᠢᠲᠠᠳᠠᠳᠠ ᠶᠡᠷᠦᠳᠡᠭᠡᠨ ᠲᠤᠰ ᠲᠤᠰ 1000 ᠬᠣᠣᠰ ᠰᠢᠪᠠᠭᠤ ᠦᠯᠡᠳᠡᠵᠡᠢ᠃ ᠶᠠᠫᠣᠨ ᠳᠤ 5000 ᠬᠣᠣᠰ ᠪᠤᠢ ᠭᠡᠰᠡᠨ ᠲᠣᠭᠠᠴᠠᠭ᠎ᠠ ᠲᠠᠢ᠃

ᠮᠠᠨᠳᠢᠷ᠎ᠠ ᠤᠷᠠᠩᠬᠠᠵᠢᠨ ᠨᠢ ᠤᠰᠤ᠂ ᠨᠠᠮᠤᠭ᠂ ᠨᠠᠭᠤᠷ ᠴᠥᠭᠦᠷᠦᠮ ᠦᠨ ᠣᠶᠢᠷᠠᠯᠴᠠᠭᠠᠬᠢ ᠮᠣᠳᠣ ᠶᠡᠬᠡ ᠲᠡᠢ ᠭᠠᠵᠠᠷ ᠠᠮᠢᠳᠤᠷᠠᠨ᠎ᠠ᠃ ᠲᠡᠳᠡ ᠤᠰᠤᠨ ᠤ ᠳᠡᠷᠭᠡᠳᠡᠬᠢ ᠮᠣᠳᠣᠨ ᠤ ᠬᠣᠩᠭᠢᠯ᠂ ᠠᠨ ᠴᠠᠪᠳᠠ ᠡᠭᠦᠷ ᠢᠶᠡᠨ ᠵᠠᠰᠠᠵᠤ᠂ 9-12 ᠥᠨᠳᠡᠭᠡ ᠭᠠᠷᠭᠠᠳᠠᠭ᠃ 28-31 ᠬᠣᠨᠣᠭ ᠳᠠᠷᠤᠭᠠᠳ ᠳᠡᠭᠳᠡᠭᠡᠬᠡᠢ ᠭᠠᠷᠤᠨ᠎ᠠ᠃ ᠲᠡᠳᠡ ᠭᠣᠣᠯᠳᠠᠭᠤ ᠦᠷ ᠢᠶᠡᠷ᠂ ᠦᠳᠡᠰᠢ ᠶᠢᠨ ᠪᠦᠷᠦᠢ ᠳᠦ ᠢᠳᠡᠰᠢᠯᠡᠨ ᠤᠷᠭᠤᠮᠠᠯ ᠤᠨ ᠦᠷ᠎ᠡ ᠵᠡᠷᠭᠡ ᠪᠡᠷ ᠬᠣᠭᠣᠯᠠᠯᠠᠳᠠᠭ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Aix galericulata

ᠪᠢᠴᠢᠭᠡᠰᠦ