ᠮᠠᠨᠲ᠋ᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢᠨ ᠪᠦᠲᠦᠴᠡ (ᠬᠡᠮᠵᠢᠶ᠎ᠡ ᠬᠠᠷᠠᠭᠠᠯᠵᠠᠭ᠎ᠠ ᠦᠭᠡᠢ᠂ cᠬᠧᠮ)

ᠮᠠᠨᠲ᠋ᠢ ᠨᠢ ᠳᠡᠯᠡᠬᠡᠢ ᠶᠢᠨ ᠨᠡᠶᠢᠲᠡ ᠡᠵᠡᠯᠡᠬᠦᠨ ᠦ 70% ᠍ ᠍ ᠶᠢ ᠡᠵᠡᠯᠡᠳᠡᠭ᠂ ᠨᠡᠶᠢᠲᠡ ᠳᠦ ᠪᠡᠨ 2,890 km ᠵᠤᠵᠠᠭᠠᠨ᠃ ᠳᠠᠷᠤᠯᠲᠠ ᠮᠠᠨᠲ᠋ᠢ ᠪᠠ ᠴᠥᠮ᠎ᠡ ᠶᠢᠨ ᠵᠠᠭᠠᠭ ᠲᠤ ~140 ГПа (1.4 Maᠲᠮ), ᠲᠣᠯᠠᠭᠠᠨ ᠤ ᠬᠡᠮᠵᠢᠶ᠎ᠡ 500 °C-900 °C (932 °F-1,652 °F) ᠬᠣᠭᠣᠷᠣᠨᠳᠣ ᠬᠡᠯᠪᠡᠯᠵᠡᠬᠦ ᠪᠠ ᠮᠠᠨᠲ᠋ᠢ᠂ ᠭᠠᠳᠠᠭᠠᠳᠤ ᠴᠥᠮ᠎ᠡ ᠶᠢᠨ ᠵᠠᠭᠠᠭ ᠳᠡᠭᠡᠷ᠎ᠡ 4,000 °C (7,200 °F) ᠪᠠᠶᠢᠨ᠎ᠠ᠃

ᠮᠠᠨᠲ᠋ᠢ ᠨᠢ ᠭᠦᠨ ᠤᠷᠤᠭᠤ ᠪᠠᠨᠡᠯᠡᠰᠲ᠋ᠢᠺ ᠰᠢᠨᠵᠢ ᠪᠡᠷ ᠢᠶᠡᠨ ᠬᠡᠳᠦ ᠬᠡᠳᠦᠨ ᠦᠶ᠎ᠡ ᠳᠦ ᠬᠤᠪᠢᠶᠠᠭᠳᠠᠨ᠎ᠠ᠃ ᠡᠭᠦᠨ ᠳᠦ:

  • ᠳᠡᠭᠡᠳᠦ ᠮᠠᠨᠲ᠋ᠢ (33-410 ᠺᠢᠯᠣᠮᠧᠲ᠋ᠷ ᠭᠦᠨ ᠳᠦ),
  • ᠰᠢᠯᠵᠢᠯᠲᠡ ᠶᠢᠨ ᠪᠥᠰᠡ (410-670 ᠺᠢᠯᠣᠮᠧᠲ᠋ᠷ ᠭᠦᠨ ᠳᠦ),
  • ᠲᠣᠣᠷᠠᠳᠤ ᠮᠠᠨᠲ᠋ᠢ (670-2798 ᠺᠢᠯᠣᠮᠧᠲ᠋ᠷ ᠭᠦᠨ ᠳᠦ),
  • D《 (ᠳ᠋ᠢ ᠳᠠᠪᠯ ᠫᠷᠠᠶᠢᠮ) ᠳᠠᠪᠬᠤᠷᠭ᠎ᠠ (2798-2998 ᠺᠢᠯᠣᠮᠧᠲ᠋ᠷ ᠭᠦᠨ ᠳᠦ).

ᠳᠡᠯᠡᠬᠡᠢ ᠶᠢᠨ ᠴᠠᠷᠴᠠᠳᠠᠰᠤ ᠪᠠ ᠮᠠᠨᠲ᠋ᠢ ᠶᠢᠨ ᠬᠢᠯᠢ ᠶᠢ ᠮᠣᠬᠣ ᠶᠢᠨ ᠵᠠᠭᠠᠭ ᠭᠡᠵᠦ ᠨᠡᠷᠡᠯᠡᠬᠦ ᠪᠠ ᠰᠧᠢᠰᠦᠮ ᠦᠨ ᠳᠣᠯᠭᠢᠶᠠᠨ ᠤ ᠬᠤᠷᠳᠤ ᠣᠭᠴᠣᠮ ᠶᠡᠬᠡᠰᠦᠨ᠎ᠡ᠃ ᠮᠠᠨᠲ᠋ᠢ ᠨᠢ ᠲᠡᠮᠦᠷ ᠪᠠ ᠮᠠᠭᠨᠢ ᠪᠠᠷ ᠬᠠᠷᠢᠴᠠᠩᠭᠤᠢ ᠪᠠᠶᠠᠯᠢᠭ᠂ ᠰᠢᠯᠢᠺᠠᠲᠤᠯᠢᠭ ᠨᠠᠶᠢᠷᠠᠯᠭ᠎ᠠ ᠲᠠᠢ ᠴᠢᠯᠠᠭᠤᠯᠢᠭ ᠠᠴᠠ ᠲᠣᠭᠲᠠᠬᠤ ᠪᠥᠭᠡᠳ ᠥᠨᠳᠥᠷ ᠲᠣᠯᠠᠭᠠᠨ ᠤ ᠬᠡᠮᠵᠢᠶ᠎ᠡᠳᠠᠷᠤᠯᠲᠠ ᠶᠢᠨ ᠨᠥᠯᠥᠭᠡ ᠪᠡᠷ ᠵᠠᠭᠤᠷᠠᠯᠳᠠᠭ᠎ᠠ ᠪᠠᠭᠠᠰᠤᠨ ᠤᠭ ᠴᠢᠯᠠᠭᠤᠯᠢᠭ ᠤᠷᠤᠰᠴᠤ᠂ ᠰᠢᠯᠵᠢᠬᠦ (ᠺᠣᠨᠸᠧᠺᠼᠢ) ᠪᠣᠯᠤᠮᠵᠢ ᠲᠠᠢ ᠪᠣᠯᠤᠨ᠎ᠠ᠃ ᠮᠠᠩᠲᠤ ᠶᠢᠨ ᠡᠨᠡ ᠺᠣᠨᠸᠧᠺᠼᠢ ᠨᠢ ᠲᠧᠺᠲ᠋ᠣᠨᠢᠺ ᠤᠨ ᠫᠯᠢᠲ ᠦᠳ ᠦᠨ ᠰᠢᠯᠵᠢᠯᠲᠡ ᠶᠢ ᠡᠭᠦᠰᠬᠡᠭᠴᠢ ᠦᠨᠳᠦᠰᠦᠨ ᠬᠦᠴᠦ ᠪᠣᠯᠤᠨ᠎ᠠ᠃ ᠮᠠᠩᠲᠤ ᠶᠢᠨ ᠵᠠᠭᠤᠷᠠᠯᠳᠤᠯᠭ᠎ᠠ ᠭᠦᠨᠡ ᠡᠴᠡ ᠬᠠᠮᠢᠶᠠᠷᠤᠨ 1021-1024 ᠫᠠ·ᠰᠧᠺ ᠪᠠᠶᠢᠨ᠎ᠠ (ᠤᠰᠤᠨ ᠤ ᠵᠠᠭᠤᠷᠠᠯᠳᠠᠭ᠎ᠠ 10-3ᠫᠠ·ᠰᠧᠺ ᠪᠠᠶᠢᠳᠠᠭ). ᠥᠭᠡᠷ᠎ᠡ ᠪᠡᠷ ᠬᠡᠯᠡᠪᠡᠯ ᠮᠠᠨᠲ᠋ᠢ ᠨᠢ ᠮᠠᠰᠢ ᠠᠭᠠᠵᠢᠭᠤᠬᠠᠨ ᠰᠢᠯᠵᠢᠯᠲᠡ ᠬᠢᠨ᠎ᠡ ᠭᠡᠰᠡᠨ ᠦᠭᠡ ᠶᠤᠮ᠃



ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠨᠲ᠋ᠢ&oldid=480296》 ᠍  ᠡᠴᠡ ᠠᠪᠤᠭᠰᠠᠨ

ᠪᠢᠴᠢᠭᠡᠰᠦ