ᠮᠠᠮᠪᠠ ᠳ᠋ᠠᠴᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠨᠪᠠ ᠳ᠋ᠠᠴᠠᠩ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

МАNBA (МАМБА) ДАЦАН

ᠪᠤᠷᠬᠠᠨ ᠤ ᠱᠠᠰᠢᠨ ᠤ ᠰᠦᠮ᠎ᠡ ᠬᠡᠶᠢᠳ ᠦᠳ ᠦᠨ ᠰᠠᠯᠪᠤᠷᠢ ᠠᠨᠠᠭᠠᠬᠤ ᠤᠬᠠᠭᠠᠨ ᠤ ᠪᠣᠯᠪᠠᠰᠤᠷᠠᠯ ᠣᠯᠭᠤᠵᠤ᠂ ᠡᠮᠴᠢ ᠯᠠᠮᠠ ᠨᠠᠷ ᠢ ᠪᠡᠯᠡᠳᠬᠡᠬᠦ ᠰᠤᠷᠭᠠᠭᠤᠯᠢ᠃ ᠣᠳᠣ ᠶᠢᠨ ᠬᠢ ᠪᠠᠷ ᠪᠣᠯ ᠠᠨᠠᠭᠠᠬᠤ ᠤᠬᠠᠭᠠᠨ ᠤ ᠲᠢᠩᠬᠢᠮ ᠭᠡᠳᠡᠭ ᠰᠢᠭ ᠶᠠᠭᠤᠮ᠎ᠠ᠃ ᠮᠠᠨᠪᠠ ᠳ᠋ᠠᠴᠠᠩ ᠭᠡᠵᠦ ᠲᠥᠪᠡᠳ ᠦᠭᠡ ᠪᠥᠭᠡᠳ ᠡᠮᠴᠢ ᠶᠢᠨ ᠠᠶᠢᠮᠠᠭ ᠭᠡᠰᠡᠨ ᠤᠳᠬ᠎ᠠ ᠲᠠᠢ᠃ ᠮᠣᠩᠭᠣᠯ ᠣᠷᠣᠨ ᠳᠤ ᠬᠠᠮᠤᠭ ᠤᠨ ᠠᠩᠬᠠᠨ ᠤ ᠡᠮᠴᠢ ᠶᠢᠨ ᠰᠤᠷᠭᠠᠭᠤᠯᠢ ᠪᠤᠶᠤ ᠮᠠᠮᠪᠠ ᠳ᠋ᠠᠴᠠᠩ ᠢ 17 ᠍ ᠍ ᠍ ᠳᠦᠭᠡᠷ ᠵᠠᠭᠤᠨ ᠤ ᠰᠡᠭᠦᠯᠴᠢ ᠪᠡᠷ ᠯᠠᠮ᠎ᠠ ᠶᠢᠨ ᠭᠡᠭᠡᠨ ᠦ ᠠᠩᠬᠠᠳᠤᠭᠠᠷ ᠳᠦᠷᠢ ᠯᠤᠪᠰᠠᠩᠳᠠᠨᠽᠠᠨᠵᠠᠯᠼᠠᠨ ᠪᠠᠶᠢᠭᠤᠯᠤᠭᠰᠠᠨ ᠭᠡᠳᠡᠭ᠃


ᠪᠠᠷᠤᠭ ᠶᠡᠬᠡᠩᠬᠢ ᠲᠣᠮᠣᠬᠠᠨ ᠬᠦᠷᠢᠶ᠎ᠡ ᠬᠡᠶᠢᠳ ᠦᠳ ᠥᠪᠡᠷ ᠦᠨ ᠮᠠᠨᠪᠠ ᠳ᠋ᠠᠴᠠᠩ ᠲᠠᠢ ᠪᠠᠶᠢᠭᠰᠠᠨ ᠢᠶᠠᠷ ᠶᠡᠬᠡ ᠬᠦᠷᠢᠶᠡᠨ ᠦ ᠮᠠᠮᠪᠠ ᠳ᠋ᠠᠴᠠᠩ ᠰᠣᠷᠢᠭᠱᠠᠮᠫᠠᠩᠯᠢᠩ᠂ ᠵᠠᠶ᠎ᠠ ᠶᠢᠨ ᠬᠦᠷᠢᠶᠡᠨ ᠦ ᠮᠠᠮᠪᠠ᠂ ᠳᠠᠯᠠᠢ ᠴᠣᠶᠢᠩᠬᠣᠷ ᠸᠠᠩ ᠤᠨ ᠲᠠᠷᠢᠶᠠᠲᠤ ᠶᠢᠨ ᠬᠦᠷᠢᠶ᠎ᠡ᠂ ᠯᠠᠮ᠎ᠠ ᠶᠢᠨ ᠭᠡᠭᠡᠨ ᠦ ᠬᠦᠷᠢᠶᠡᠨ ᠦ ᠮᠠᠮᠪᠠ᠂ ᠬᠠᠨᠳᠠ ᠴᠢᠩᠸᠠᠩ ᠤᠨ ᠬᠦᠷᠢᠶᠡᠨ ᠦ ᠮᠠᠮᠪᠠ ᠰᠤᠷᠭᠠᠯᠲᠠ ᠬᠢᠭᠡᠳ ᠡᠷᠳᠡᠮ ᠴᠢᠳᠠᠯ ᠲᠠᠢ ᠡᠮᠴᠢ ᠮᠡᠷᠭᠡᠳ ᠢᠶᠡᠷ ᠢᠶᠡᠨ ᠠᠯᠳᠠᠷᠲᠠᠢ ᠪᠠᠶᠢᠴᠠᠢ᠃ ᠡᠮᠴᠢ ᠶᠢᠨ ᠳ᠋ᠠᠴᠠᠩᠭ᠎ᠠ ᠨᠤᠭᠤᠳ ᠨᠡᠷ᠎ᠡ ᠪᠡᠷ ᠢᠶᠡᠨ ᠲᠠᠨᠢᠭᠳᠠᠳᠠᠭ ᠪᠥᠭᠡᠳ ᠰᠣᠷᠢᠭᠰᠢᠨᠫᠠᠩᠯᠢᠩ ᠪᠤᠶᠤ ᠪᠤᠰᠤᠳ ᠲᠤ ᠲᠤᠰᠠᠯᠠᠬᠤ ᠠᠨᠠᠭᠠᠬᠤ ᠤᠬᠠᠭᠠᠨ ᠤ ᠣᠷᠣᠨ᠂ ᠰᠣᠷᠢᠭᠭᠦᠩᠫᠠᠩᠯᠢᠩ ᠪᠤᠶᠤ ᠬᠣᠲᠠᠯᠠ ᠳᠤ ᠲᠤᠰᠠᠯᠠᠭᠴᠢ ᠠᠨᠠᠭᠠᠬᠤ ᠤᠬᠠᠭᠠᠨ ᠤ ᠣᠷᠣᠨ᠂ ᠴᠡᠵᠦᠳᠤᠯᠤᠨ ᠪᠤᠶᠤ ᠨᠠᠰᠤᠨ ᠤ ᠰᠢᠮ᠎ᠡ ᠶᠢᠨ ᠬᠡᠶᠢᠳ ᠭᠡᠬᠦ ᠮᠡᠲᠦ ᠨᠡᠷ᠎ᠡ ᠪᠡᠷ ᠢᠶᠡᠨ ᠢᠯᠭᠠᠷᠠᠨ ᠲᠠᠨᠢᠭᠳᠠᠵᠤ ᠪᠠᠶᠢᠳᠠᠭ᠃


ᠮᠠᠮᠪᠠ ᠳ᠋ᠠᠴᠠᠩ ᠳᠤ ᠶᠡᠷᠦᠩᠬᠡᠢ ᠳᠤ ᠪᠡᠨ ᠬᠡᠦᠬᠡᠳ ᠦᠳ ᠪᠠᠭ᠎ᠠ ᠨᠠᠰᠤᠨ ᠠᠴᠠ ᠪᠠᠨ ᠡᠬᠢᠯᠡᠨ ᠰᠢᠪᠠᠯᠠᠨ ᠰᠠᠭᠤᠵᠤ ᠠᠨᠠᠭᠠᠬᠤ ᠤᠬᠠᠭᠠᠨ ᠤ ᠬᠣᠯᠪᠣᠭᠳᠠᠯ ᠲᠠᠢ ᠨᠣᠮ ᠤᠩᠰᠢᠯᠭ᠎ᠠ ᠨᠤᠭᠤᠳ ᠢ ᠴᠡᠭᠡᠵᠢᠯᠡᠵᠦ ᠡᠬᠢᠯᠡᠳᠡᠭ ᠪᠥᠭᠡᠳ ᠭᠣᠣᠯ ᠰᠤᠳᠤᠯᠳᠠᠭ ᠨᠣᠮ ᠨᠢ ᠠᠨᠠᠭᠠᠬᠤ ᠤᠬᠠᠭᠠᠨ ᠤ ᠳᠥᠷᠪᠡᠨ ᠦᠨᠳᠦᠰᠦ ᠬᠢᠭᠡᠳ ᠲᠡᠭᠦᠨ ᠦ ᠲᠠᠶᠢᠯᠪᠤᠷᠢ ᠳᠡᠰᠡᠷ ᠲᠦ ᠰᠠᠩᠵᠠᠶᠢᠵᠠᠮᠼᠤ ᠶᠢᠨ ᠵᠣᠬᠢᠶᠠᠭᠰᠠᠨ ᠬᠥᠬᠡ ᠪᠡᠨᠳᠡᠷᠡᠶᠠ ᠬᠢᠭᠡᠳ ᠤᠪᠢᠳᠠᠰ ᠤᠨ ᠦᠨᠳᠦᠰᠦᠨ ᠦ ᠨᠡᠮᠡᠭᠰᠡᠨ ᠠᠷᠭ᠎ᠠ᠂ ᠰᠦᠷᠬᠠᠷ ᠯᠣᠳᠤᠶᠢᠵᠠᠯᠪᠤ ᠶᠢᠨ ᠡᠪᠦᠭᠡᠳ ᠦᠨ ᠠᠮᠠᠨ ᠡᠰᠢ ᠭᠡᠬᠦ ᠮᠡᠲᠦ ᠲᠠᠶᠢᠪᠠᠷ ᠤᠳ ᠪᠣᠯᠤᠨ᠎ᠠ᠃ ᠳᠥᠷᠪᠡᠨ ᠦᠨᠳᠦᠰᠦ ᠶᠢᠨ ᠳᠠᠭᠠᠤ ᠢᠵᠠᠭᠤᠷ ᠤᠨ ᠦᠨᠳᠦᠰᠦᠨ ᠦ ᠵᠢᠨᠳᠠ᠂ ᠨᠣᠮᠯᠠᠯ ᠤᠨ ᠦᠨᠳᠦᠰᠦᠨ ᠦ ᠵᠢᠨᠳᠠ᠂ ᠤᠪᠢᠳᠠᠰᠤ ᠶᠢᠨ ᠦᠨᠳᠦᠰᠦᠨ ᠦ ᠵᠢᠨᠳᠠ᠂ ᠬᠣᠶᠢᠳᠤ ᠤᠨ ᠦᠨᠳᠦᠰᠦᠨ ᠦ ᠵᠢᠨᠳᠠ ᠭᠡᠰᠡᠨ ᠳᠥᠷᠪᠡᠨ ᠱᠠᠲᠤᠯᠠᠯ ᠤᠨ ᠳᠠᠭᠠᠤ 10-15 ᠵᠢᠯ ᠰᠤᠷᠰᠤᠨ ᠤ ᠡᠴᠦᠰ ᠲᠦ ᠮᠠᠷᠠᠮᠪᠠ ᠶᠢᠨ ᠳᠠᠮᠵᠢᠶ᠎ᠠ ᠪᠠᠷᠢᠨ ᠡᠮᠴᠢ ᠪᠣᠯᠳᠠᠭ ᠪᠠᠶᠢᠴᠠᠢ᠃ ᠡᠭᠦᠨ ᠡᠴᠡ ᠭᠠᠳᠠᠨ᠎ᠠ ᠲᠥᠪᠡᠳ ᠦᠨ ᠡᠷᠳᠡᠮᠲᠡᠨ ᠳᠡᠦᠮᠠᠷ ᠭᠡᠪᠰᠢ ᠳᠠᠨᠽᠠᠨᠫᠦᠨᠴᠠᠭ ᠤᠨ ᠵᠣᠬᠢᠶᠠᠯ ᠪᠣᠯᠣᠷ ᠡᠷᠡᠬᠢ ᠬᠡᠮᠡᠬᠦ ᠵᠣᠬᠢᠶᠠᠯ ᠢ ᠦᠨᠳᠦᠰᠦ ᠪᠣᠯᠭᠠᠨ 2000 ᠰᠢᠬᠠᠮ ᠡᠮ ᠦᠨ ᠲᠦᠭᠦᠬᠡᠢ ᠡᠳ᠋ ᠪᠣᠯᠬᠤ ᠤᠷᠭᠤᠮᠠᠯ᠂ ᠡᠷᠦᠳᠡᠰᠦ ᠰᠢᠷᠣᠢ᠂ ᠲᠡᠮᠦᠷᠯᠢᠭ᠂ ᠠᠮᠢᠲᠠᠨ ᠤ ᠭᠠᠷᠤᠯ ᠲᠠᠢ ᠵᠦᠢᠯᠡᠰ ᠢ ᠰᠤᠳᠤᠯᠤᠨ ᠲᠠᠨᠢᠵᠤ ᠮᠡᠳᠡᠳᠡᠭ ᠪᠣᠯᠬᠤ ᠱᠠᠭᠠᠷᠳᠠᠯᠭ᠎ᠠ ᠲᠠᠢ ᠪᠠᠶᠢᠭᠰᠠᠨ ᠪᠠᠶᠢᠨ᠎ᠠ᠃

ᠮᠣᠩᠭᠣᠯ ᠤᠨ ᠮᠠᠨᠪᠠ ᠳ᠋ᠠᠴᠠᠩᠭ᠎ᠠ ᠨᠤᠭᠤᠳ ᠤᠨ ᠤᠯᠠᠮᠵᠢᠯᠠᠯ ᠭᠣᠣᠯᠴᠠᠭᠤ ᠠᠮᠤᠳᠠᠭ ᠤᠨ ᠭᠦᠨᠪᠦᠮ ᠬᠡᠶᠢᠳ ᠦᠨ ᠰᠣᠷᠢᠭᠰᠢᠨᠫᠠᠩᠯᠢᠩ ᠮᠠᠨᠪᠠ ᠳ᠋ᠠᠴᠠᠩ ᠤᠨ ᠳᠢᠭ ᠢ ᠳᠠᠮᠵᠢᠭᠤᠯᠠᠨ ᠠᠪᠤᠭᠰᠠᠨ ᠪᠠᠶᠢᠳᠠᠭ᠃ ᠲᠡᠭᠦᠨᠴᠢᠯᠡᠨ ᠭᠦᠨᠪᠦᠮᠡᠶᠢᠨ ᠮᠠᠨᠪᠠ ᠳ᠋ᠠᠴᠠᠩ ᠳᠤ ᠴᠤ ᠣᠯᠠᠨ ᠮᠣᠩᠭᠣᠯ ᠯᠠᠮᠠ ᠨᠠᠷ ᠡᠮ ᠦᠨ ᠤᠬᠠᠭᠠᠨ ᠳᠤ ᠪᠣᠯᠪᠠᠰᠤᠷᠠᠨ ᠨᠤᠲᠤᠭ ᠲᠤ ᠪᠠᠨ ᠢᠷᠡᠳᠡᠭ ᠪᠠᠶᠢᠴᠠᠢ᠃ ᠣᠷᠳᠣᠰ ᠤᠨ ᠠᠭᠸᠠᠩᠳᠠᠮᠪᠢᠨᠢᠮ᠎ᠠ ᠭᠡᠳᠡᠭ ᠬᠦᠮᠦᠨ 19 ᠍ ᠍ ᠍ ᠳᠦᠭᠡᠷ ᠵᠠᠭᠤᠨ ᠤ ᠦᠶ᠎ᠡ ᠳᠦ ᠲᠤᠰ ᠳ᠋ᠠᠴᠠᠩ ᠤᠨ ᠬᠠᠩᠪᠤ ᠪᠣᠯᠵᠤ ᠪᠠᠶᠢᠭᠰᠠᠨ ᠪᠣᠯ ᠣᠳᠣ ᠬᠥᠬᠡ ᠨᠠᠭᠤᠷ ᠤᠨ ᠮᠣᠩᠭᠣᠯ ᠭᠠᠷᠤᠯᠲᠠᠢ ᠰᠡᠷᠢᠳᠡᠭ ᠭᠡᠭᠡᠨ ᠦ ᠬᠤᠪᠢᠯᠭᠠᠨ ᠳᠦᠷᠢ ᠭᠦᠨᠪᠦᠮ ᠵᠠᠮᠪᠠᠭᠠᠯᠢᠨ ᠬᠡᠶᠢᠳ ᠦᠨ ᠮᠠᠨᠪᠠ ᠳ᠋ᠠᠴᠠᠩ ᠤᠨ ᠬᠠᠩᠪᠤ ᠶᠢᠨ ᠰᠡᠩᠲᠡᠢ ᠳᠦ ᠵᠠᠯᠠᠷᠠᠵᠤ ᠪᠠᠶᠢᠭ᠎ᠠ ᠪᠣᠯᠤᠨ᠎ᠠ᠃ ᠮᠠᠨᠪᠠ ᠳ᠋ᠠᠴᠠᠩᠭᠤᠳ ᠤᠨ ᠭᠣᠣᠯ ᠰᠢᠲᠦᠭᠡᠨ ᠨᠢ ᠮᠡᠳᠡᠭᠡᠵᠢ ᠣᠲᠠᠴᠢ ᠪᠤᠷᠬᠠᠨ ᠪᠥᠭᠡᠳ ᠢᠳᠠᠮ ᠨᠢ ᠶᠡᠬᠡᠪᠴᠢᠯᠡᠨ ᠳᠣᠷᠵᠢᠫᠦᠷᠪᠦ, ᠰᠠᠬᠢᠭᠤᠰᠤ ᠨᠢ ᠰᠢᠨᠠᠯᠤᠨ ᠰᠠᠬᠢᠭᠤᠰᠤ ᠪᠠᠶᠢᠳᠠᠭ᠃

ᠲᠥᠪᠡᠳ ᠦᠨ ᠠᠨᠠᠭᠠᠬᠤ ᠤᠬᠠᠭᠠᠨ ᠤ ᠲᠣᠮᠣ ᠰᠤᠷᠭᠠᠭᠤᠯᠢ ᠨᠤᠭᠤᠳ ᠨᠢ 1635 ᠣᠨ ᠳᠤ ᠪᠠᠶᠢᠭᠤᠯᠤᠭᠳᠠᠴᠢᠨ ᠲᠡᠮᠦᠷ ᠲᠦ ᠤᠤᠯ ᠤᠨ ᠮᠠᠨᠪᠠ ᠪᠤᠶᠤ ᠵᠢᠭᠪᠤᠷᠢ ᠳ᠋ᠠᠴᠠᠩ᠂ 1916 ᠣᠨ ᠳᠤ ᠪᠠᠶᠢᠭᠤᠯᠤᠭᠳᠠᠭᠰᠠᠨ ᡀᠠᠰᠠ ᠳᠠᠬᠢ ᠡᠮᠨᠡᠯᠭᠡ ᠵᠢᠷᠤᠬᠠᠢ ᠶᠢᠨ ᠬᠦᠷᠢᠶᠡᠯᠡᠩ ᠮᠡᠩᠵᠡᠶᠢᠬᠠᠨ᠂ ᠳᠡᠷᠭᠡᠭ ᠦᠨ ᠱᠷᠠᠪᠯᠢᠩ ᠬᠡᠶᠢᠳ ᠦᠨ ᠡᠮ ᠦᠨ ᠰᠤᠷᠭᠠᠭᠤᠯᠢ᠂ ᠭᠦᠨᠪᠦᠮ ᠬᠢᠭᠡᠳ ᠯᠠᠪᠷᠠᠩ ᠬᠡᠶᠢᠳ ᠦᠳ ᠦᠨ ᠮᠠᠨᠪᠠ ᠳ᠋ᠠᠴᠠᠩᠭ᠎ᠠ ᠨᠤᠭᠤᠳ ᠶᠤᠮ᠃


ᠮᠣᠩᠭᠣᠯ ᠳᠠᠬᠢ ᠮᠠᠨᠪᠠ ᠳ᠋ᠠᠴᠠᠩ ᠤᠨ ᠰᠤᠷᠭᠠᠯᠲᠠ ᠶᠢᠨ ᠤᠯᠠᠮᠵᠢᠯᠠᠯ 1930 ᠍ ᠍ ᠍ ᠊ᠭᠠᠳ ᠣᠨ ᠠᠴᠠ ᠡᠮᠴᠢ ᠶᠢᠨ ᠰᠤᠷᠭᠠᠭᠤᠯᠢ ᠨᠤᠭᠤᠳ ᠬᠠᠭᠠᠭᠳᠠᠵᠤ᠂ ᠡᠮᠴᠢ ᠯᠠᠮᠠ ᠨᠠᠷ ᠨᠢ ᠪᠠᠷᠢᠭᠳᠠᠬᠤ ᠨᠢ ᠪᠠᠷᠢᠭᠳᠠᠵᠤ᠂ ᠠᠯᠠᠭᠠᠳᠠᠬᠤ ᠨᠢ ᠠᠯᠠᠭᠳᠠᠭᠰᠠᠨ ᠢᠶᠠᠷ ᠦᠨᠳᠦᠰᠦᠨ ᠳᠦ ᠪᠡᠨ ᠲᠠᠰᠤᠷᠴᠢ ᠠᠯᠠᠭ᠎ᠠ ᠪᠣᠯᠤᠭᠰᠠᠨ ᠪᠣᠯᠪᠠᠴᠤ ᠣᠯᠠᠨ ᠠᠷᠪᠠᠨ ᠡᠮᠴᠢ ᠨᠠᠷ ᠨᠢᠭᠤᠴᠠ ᠪᠠᠷ ᠡᠮ ᠪᠠᠷᠢᠵᠤ ᠣᠯᠠᠨ ᠲᠦᠮᠡᠨ ᠳᠦ ᠪᠡᠨ ᠲᠤᠰᠠ ᠬᠦᠷᠭᠡᠭᠰᠡᠭᠡᠷ ᠢᠷᠡᠰᠦᠨ ᠡᠴᠡ ᠭᠠᠳᠠᠨ᠎ᠠ 1960 ᠍ ᠍ ᠍ ᠊ᠭᠠᠳ ᠣᠨ ᠠᠴᠠ ᠠᠷᠠᠳ ᠤᠨ ᠡᠮᠨᠡᠯᠭᠡ ᠶᠢᠨ ᠬᠦᠷᠢᠶᠡᠯᠡᠩ ᠪᠠᠶᠢᠭᠤᠯᠤᠭᠳᠠᠬᠤ ᠳᠤ ᠣᠯᠠᠨ ᠬᠠᠭᠤᠴᠢᠨ ᠡᠮᠴᠢ ᠨᠠᠷ ᠲᠤᠰ ᠳᠡᠮ ᠪᠣᠯᠤᠭᠰᠠᠨ᠃ ᠡᠨᠳᠡ ᠯᠠᠮ᠎ᠠ ᠶᠢᠨ ᠭᠡᠭᠡᠨ ᠦ ᠬᠦᠷᠢᠶᠡᠨ ᠦ ᠮᠠᠷᠠᠮᠪᠠ ᠳᠣᠷᠵᠢᠵᠠᠨᠼᠠᠨ᠂ ᠪᠤᠯᠠᠭᠠᠨ ᠤ ᠬᠠᠨᠳᠠ ᠴᠢᠩᠸᠠᠩ ᠤᠨ ᠬᠦᠷᠢᠶᠡᠨ ᠦ ᠮᠠᠨᠪᠣ ᠶᠢᠨ ᠴᠣᠶᠢᠵᠠᠮᠰᠤ ᠮᠠᠷᠠᠮᠪᠠᠪᠠᠰᠠᠩᠵᠠᠪ ᠮᠠᠷᠠᠮᠪᠠ ᠲᠡᠷᠢᠭᠦᠲᠡᠨ ᠣᠯᠠᠨ ᠡᠷᠳᠡᠮᠲᠡᠨ ᠮᠠᠷᠠᠮᠪᠠ ᠨᠠᠷ ᠤᠨ ᠬᠤᠪᠢ ᠨᠡᠮᠡᠷᠢ ᠶᠢ ᠳᠤᠷᠠᠳᠴᠤ ᠪᠣᠯᠤᠨ᠎ᠠ᠃


ᠮᠣᠩᠭᠣᠯ ᠤᠨ ᠮᠠᠨᠪᠠ ᠳ᠋ᠠᠴᠠᠩ ᠤᠨ ᠡᠮᠴᠢ ᠮᠠᠷᠠᠮᠪᠠ ᠨᠤᠭᠤᠳ ᠳᠠᠩ ᠭᠠᠭᠴᠠ ᠮᠣᠩᠭᠣᠯ ᠢᠶᠠᠷ ᠪᠠᠷᠠᠬᠤ ᠦᠭᠡᠢ ᠬᠢᠲᠠᠳ᠂ ᠲᠥᠪᠡᠳ᠂ ᠣᠷᠣᠰ ᠲᠤ ᠴᠤ ᠠᠯᠳᠠᠷᠲᠠᠢ ᠪᠠᠶᠢᠭᠰᠠᠨ ᠲᠡᠳᠦᠢ ᠦᠭᠡᠢ ᠲᠡᠳᠡᠨ ᠦ ᠵᠣᠬᠢᠶᠠᠯ ᠪᠦᠲᠦᠭᠡᠯ ᠦᠳ ᠡᠳᠦᠭᠡ ᠴᠤ ᠦᠨ᠎ᠡ ᠴᠡᠨ᠎ᠡ ᠪᠡᠨ ᠠᠯᠳᠠᠭ᠎ᠠ ᠦᠭᠡᠢ ᠲᠥᠪᠡᠳ ᠦᠨ ᠠᠨᠠᠭᠠᠬᠤ ᠤᠬᠠᠭᠠᠨ ᠤ ᠰᠤᠷᠭᠠᠭᠤᠯᠢ ᠨᠤᠭᠤᠳ ᠤᠨ ᠰᠤᠷᠬᠤ ᠪᠢᠴᠢᠭ ᠪᠣᠯᠤᠭᠰᠠᠨ ᠨᠢ ᠴᠤ ᠪᠠᠶᠢᠳᠠᠭ᠃


ᠤᠯᠠᠮᠵᠢᠯᠠᠯᠲᠤ ᠮᠠᠨᠪᠠ ᠳ᠋ᠠᠴᠠᠩ ᠤᠨ ᠰᠤᠷᠭᠠᠯᠲᠠ ᠦᠢᠯᠡ ᠠᠵᠢᠯᠯᠠᠭ᠎ᠠ 1990 ᠣᠨ ᠠᠴᠠ ᠳᠠᠬᠢᠨ ᠰᠡᠷᠭᠦᠵᠦ ᠡᠬᠢᠯᠡᠭᠰᠡᠨ᠃ ᠭᠠᠨᠳᠠᠩ ᠤᠨ ᠯᠠᠮᠠ ᠨᠠᠴᠤᠭᠳᠣᠷᠵᠢ ᠡᠨᠡᠳᠬᠡᠭ ᠦᠨ ᠳᠬᠠᠷᠠᠮᠰᠠᠯ ᠬᠣᠳᠠ ᠳᠤ ᠮᠡᠷᠭᠡᠵᠢᠯ ᠳᠡᠭᠡᠷᠯᠡᠭᠦᠯᠦᠭᠰᠡᠨ ᠦ ᠪᠡᠨ ᠳᠠᠷᠠᠭ᠎ᠠ 1990 ᠣᠨ ᠳᠤ ᠪᠤᠰᠤᠳ ᠲᠤ ᠲᠤᠰᠠᠯᠠᠬᠤ ᠠᠩᠭᠠᠬᠤ ᠤᠬᠠᠭᠠᠨ ᠤ ᠬᠡᠶᠢᠳ ᠢᠶᠡᠨ ᠪᠠᠶᠢᠭᠤᠯᠵᠤ ᠠᠵᠢᠯᠠᠭᠤᠯᠵᠤ ᠡᠬᠢᠯᠡᠭᠰᠡᠨ᠃ ᠲᠡᠭᠦᠨ ᠦ ᠪᠠᠶᠢᠭᠤᠯᠤᠭᠰᠠᠨ ᠮᠠᠨᠪᠠ ᠳ᠋ᠠᠴᠠᠩ ᠤᠨ ᠣᠨᠴᠠᠯᠢᠭ ᠨᠢ ᠬᠠᠭᠤᠴᠢᠨ ᠡᠮᠴᠢ ᠶᠢᠨ ᠳ᠋ᠠᠴᠠᠩ ᠳᠤ ᠵᠥᠪᠬᠡᠨ ᠯᠠᠮ᠎ᠠ ᠬᠦᠮᠦᠨ ᠰᠤᠷᠠᠳᠠᠭ ᠪᠠᠶᠢᠭᠰᠠᠨ ᠤᠯᠠᠮᠵᠢᠯᠠᠯ ᠠᠴᠠ ᠲᠠᠲᠠᠭᠠᠯᠵᠠᠨ ᠬᠠᠷ᠎ᠠ ᠰᠢᠷ᠎ᠠ ᠶᠠᠮᠠᠷ ᠴᠤ ᠬᠦᠮᠦᠨ ᠢ ᠰᠤᠷᠭᠠᠳᠠᠭ ᠪᠣᠯᠰᠠᠨ᠎ᠠ ᠪᠠᠷ ᠢᠶᠠᠨ ᠣᠨᠴᠠᠯᠢᠭ ᠶᠤᠮ᠃[1]


ᠭᠠᠨᠳᠠᠩ ᠬᠡᠶᠢᠳ ᠦᠨ ᠬᠠᠵᠠᠭᠤ ᠳᠤ ᠮᠠᠨᠪᠠ ᠳ᠋ᠠᠴᠠᠩ ᠢ ᠲᠠᠯᠢᠢᠭᠠᠴᠢ ᠬᠣᠪᠣᠢ ᠭᠤᠸᠠᠢ ᠰᠠᠨᠠᠭᠠᠴᠢᠯᠠᠨ ᠪᠠᠶᠢᠭᠤᠯᠤᠭᠰᠠᠨ ᠪᠣᠯᠪᠠᠴᠤ ᠣᠳᠣᠬᠠᠨ ᠳᠤ ᠪᠠᠨ ᠡᠮᠴᠢ ᠶᠢᠨ ᠰᠤᠷᠭᠠᠯᠲᠠ ᠶᠠᠪᠤᠭᠤᠯᠵᠤ ᠡᠬᠢᠯᠡᠭᠡ ᠦᠭᠡᠢ ᠵᠥᠪᠬᠡᠨ ᠤᠩᠰᠢᠯᠭ᠎ᠠ ᠨᠣᠮ ᠢᠶᠠᠷ ᠦᠢᠯᠡ ᠠᠵᠢᠯᠠᠭ᠎ᠠ ᠨᠢ ᠬᠢᠵᠠᠭᠠᠷᠯᠠᠭᠳᠠᠵᠤ ᠪᠠᠶᠢᠭ᠎ᠠ ᠪᠣᠯᠤᠨ᠎ᠠ᠃


2006 ᠣᠨ ᠳᠤ ᠬᠠᠭᠤᠴᠢᠨ ᠠᠷᠠᠳ ᠤᠨ ᠡᠮᠨᠡᠯᠭᠡ ᠶᠢᠨ ᠬᠦᠷᠢᠶᠡᠯᠡᠩ ᠦᠨ ᠠᠵᠢᠯᠲᠠᠨ ᠪᠠᠶᠢᠭᠰᠠᠨ ᠰᠠᠨᠵᠢᠳᠣᠷᠵᠢ ᠯᠠᠮᠠ ᠶᠡᠬᠡ ᠬᠦᠷᠢᠶ᠎ᠡ ᠵᠤᠷᠠᠢ ᠳᠠᠴᠠᠨ ᠤ ᠪᠠᠨ ᠬᠠᠵᠠᠭᠤ ᠳᠤ ᠶᠡᠬᠡ ᠬᠦᠷᠢᠶ᠎ᠡ ᠮᠠᠮᠪᠠ ᠳ᠋ᠠᠴᠠᠩ ᠭᠡᠵᠦ ᠪᠠᠶᠢᠭᠤᠯᠤᠭᠰᠠᠨ ᠪᠣᠯᠪᠠᠴᠤ ᠡᠨᠡ ᠳ᠋ᠠᠴᠠᠩ ᠤᠨ ᠦᠢᠯᠡ ᠠᠵᠢᠯᠠᠭ᠎ᠠ ᠣᠳᠣᠬᠠᠨ ᠳᠤ ᠪᠠᠨ ᠵᠢᠭᠳᠡᠷᠡᠴᠢ ᠡᠬᠢᠯᠡᠭᠡ ᠦᠭᠡᠢ ᠵᠥᠪᠬᠡᠨ ᠭᠦᠷᠢᠮ ᠨᠣᠮ ᠤᠨ ᠬᠡᠮᠵᠢᠶᠡᠨ ᠳᠦ ᠶᠠᠪᠤᠭ᠎ᠠ ᠪᠣᠯᠤᠨ᠎ᠠ᠃

ᠪᠢᠴᠢᠭᠡᠰᠦ