ᠮᠠᠨᠤ - 10  ᠶᠢᠨ ᠲᠠᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠡᠮ


ᠮᠠᠨᠤ - 10  ᠶᠢᠨ ᠲᠠᠩ
ᠥᠭᠡᠷ᠎ᠡ ᠨᠡᠷ᠎ᠡ ᠭᠠᠪᠠᠯᠠ -10  ᠶᠢᠨ ᠲᠠᠩ ᠂ ᠮᠠᠨᠤ ᠵᠦ ᠲᠠᠩ ᠂ᠳ᠋ᠦ᠋ᠷᠲᠥᠥᠥᠨ ᠵᠦ ᠲᠠᠩ
ᠨᠠᠢᠢᠷᠠᠯᠭ᠎ᠠ ᠶᠢᠨ ᠬᠡᠯᠪᠡᠷᠢ ᠲᠠᠩ
ᠨᠠᠢᠢᠷᠠᠯᠭ᠎ᠠ ᠶᠢᠨ ᠪᠦᠷᠢᠯᠳᠦᠬᠦᠨ  ᠨᠤᠮᠤᠬᠠᠳᠬᠠᠭᠰᠠᠨ ᠬᠠᠭᠤᠴᠢᠷᠠᠭᠰᠠᠨ ᠭᠠᠪᠠᠯᠠ ᠂ ᠨᠤᠮᠤᠬᠠᠳᠬᠠᠭᠰᠠᠨ ᠯᠤᠤ ᠶᠠᠰᠤ ᠂ ᠴᠠᠭᠠᠨ ᠲᠡᠮᠦᠷ ᠳ᠋ᠢᠭᠳᠡ ᠂ ᠨᠤᠮᠤᠬᠠᠳᠬᠠᠭᠰᠠᠨ ᠠᠯᠲᠠᠨ ᠴᠡᠴᠡᠭ  ᠤᠨ ᠦᠷ᠎ᠡ ᠲᠤᠰᠪᠤᠷᠢ 15g ᠂ ᠮᠠᠨᠤ ᠂ ᠠᠯᠳᠠᠨ ᠥᠩᠭᠡᠲᠦ ᠠᠷᠤᠷ᠎ᠠ ᠂ ᠲᠤᠭᠤᠯ ᠡᠪᠡᠰᠦ ᠂ ᠵᠠᠮᠤᠷ ᠴᠡᠴᠡᠭ ᠲᠤᠰᠪᠤᠷᠢ 20 g ᠂ ᠪᠦᠭᠡᠷᠡᠯᠵᠢᠭᠡᠨ᠎ᠡ 10g ᠂ ᠴᠠᠭᠠᠨ ᠭᠠ 5 g ᠃ ᠡᠳᠡᠭᠡᠷ  ᠢ ᠲᠠᠯᠠᠭᠳᠠᠵᠤ ᠂ ᠲᠠᠩ  ᠢᠶᠡᠷ ᠬᠡᠷᠡᠭᠯᠡᠨ᠎ᠡ ᠃

ᠴᠠᠭᠠᠨ ᠲᠠᠩ + ᠠᠯᠲᠠᠨᠴᠡᠴᠡᠭ ︱ 3 +   ᠭᠠᠪᠠᠯᠠ - 3  ᠶᠢᠨ ᠲᠠᠩ

ᠤᠤᠭᠤᠬᠤ ᠠᠷᠭ᠎ᠠ ᠬᠡᠷᠡᠭᠯᠡᠬᠦ ᠬᠡᠮᠵᠢᠶ᠎ᠡ ᠲᠤᠰ ᠨᠠᠢᠷᠠᠯᠭ᠎ᠠ ᠵᠢ ᠴᠢᠨᠠᠵᠤ ᠰᠦᠮᠦᠰᠦ ᠪᠣᠯᠭᠠᠬᠤ   ᠳᠦ ᠳᠥᠭᠦᠮ  ᠤᠨ ᠲᠤᠰᠠᠳᠠ ᠨᠤᠨᠲᠠᠭ ᠪᠣᠯᠭᠠᠵᠤ ᠤᠭᠤᠲᠠ ᠪᠦᠷᠢ 15g ᠬᠦᠨᠳᠦ  ᠪᠠᠷ ᠰᠠᠪᠠᠯᠠᠭᠰᠠᠨ ᠪᠠᠢᠳᠠᠭ ᠃ ᠨᠠᠰᠤᠨ  ᠳᠦ ᠬᠦᠷᠦᠭᠰᠡᠳ ᠤᠳᠠᠭ᠎ᠠ ᠪᠦᠷᠢ 3~5 g  ᠢᠶᠡᠷ ᠡᠳᠦᠷ ᠲᠤ 2 ~3 ᠤᠳᠠᠭ᠎ᠠ ᠤᠰᠤᠨ  ᠳᠦ ᠴᠢᠨᠠᠵᠤ ᠬᠦᠷᠭᠡᠭᠡᠳ ᠤᠤᠭᠤᠨ᠎ᠠ ᠃ 

ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠦᠵᠡᠭᠰᠡᠳ  ᠤᠨ ᠪᠠᠶᠠᠰᠭᠤᠯᠠᠩ

ᠴᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠬᠠᠯᠠᠭᠤᠨ  ᠢ ᠠᠷᠢᠯᠭᠠᠬᠤ ᠂ ᠡᠪᠡᠳᠬᠦ ᠵᠢ ᠵᠣᠭᠰᠤᠭᠠᠨ᠎ᠠ ᠃

ᠭᠣᠣᠯᠳᠠᠭᠤ ᠵᠠᠰᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠭᠡᠢ ᠰᠢᠷ᠎ᠠ ᠪᠠᠷ ᠲᠣᠯᠤᠭᠠᠢ ᠡᠪᠡᠳᠬᠦ ᠂ ᠲᠠᠷᠢᠬᠢᠨ ᠬᠠᠤᠬᠠᠤᠯᠠᠭ᠎ᠠ   ᠳᠦ ᠬᠡᠷᠡᠭᠯᠡᠨ᠎ᠡ ᠃

ᠡᠸᠦ᠋ᠷᠦᠫᠡ ᠡᠮᠨᠡᠯᠭᠡ  ᠶᠢᠨ ᠣᠨᠤᠰᠢᠯᠠᠭᠰᠠᠨ ᠮᠡᠳᠡᠷᠡᠯ  ᠤᠨ ᠴᠢᠨᠠᠷ ᠲᠠᠢ ᠲᠣᠯᠤᠭᠠᠢ ᠡᠪᠡᠳᠬᠦ ᠂ ᠲᠠᠯ᠎ᠠ ᠲᠣᠯᠤᠭᠠᠢ ᠡᠪᠡᠳᠬᠦ ᠂ ᠭᠡᠮᠲᠦᠯ  ᠡᠴᠡ ᠪᠣᠯᠤᠭᠰᠠᠨ ᠲᠣᠯᠤᠭᠠᠢ ᠡᠪᠡᠳᠬᠦ ᠤᠷᠬᠠᠭ ᠂ ᠬᠠᠮᠠᠷ  ᠤᠨ ᠬᠥᠨᠳᠡᠢ  ᠶᠢᠨ ᠬᠠᠯᠳᠠᠪᠤᠷᠢᠯᠠᠯ; ᠶᠠᠷ᠎ᠠ ᠪᠠᠷ ᠲᠣᠯᠤᠭᠠᠢ ᠡᠪᠡᠳᠬᠦ ᠂ ᠲᠠᠷᠢᠬᠢᠨ ᠪᠦᠷᠬᠦᠪᠴᠢ  ᠶᠢᠨ ᠰᠦᠷᠢᠶᠡᠳᠦ ᠦᠷᠪᠢᠰᠦᠯ  ᠢᠶᠡᠷ ᠲᠣᠯᠤᠭᠠᠢ ᠡᠪᠡᠳᠬᠦ ᠂ ᠲᠠᠷᠢᠬᠢᠨ ᠰᠤᠳᠠᠯ  ᠤᠨ ᠭᠡᠨᠡᠳᠡᠯ ᠂ ᠤᠨᠠᠳᠠᠭ ᠡᠪᠡᠳᠴᠢᠨ ᠂ ᠨᠢᠭᠤᠷ  ᠤᠨ ᠮᠡᠳᠡᠷᠡᠯ  ᠤᠨ ᠰᠤᠳᠠᠰᠤᠨ  ᠤ ᠮᠢᠨᠴᠦᠭᠦᠷᠡᠯ ᠂ ᠨᠠᠰᠤᠲᠠᠢᠴᠤᠳ  ᠤᠨ ᠶᠠᠰᠤ ᠬᠡᠪᠡᠷᠡᠭᠰᠢᠬᠦ ᠭᠡᠮ ᠳᠦ ᠲᠤᠰ ᠨᠠᠢᠷᠠᠯᠭ᠎ᠠ ᠵᠢ ᠬᠡᠷᠡᠭᠯᠡᠵᠦ ᠪᠣᠯᠤᠨ᠎ᠠ ᠃

ᠲᠠᠢᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠲᠤᠰ ᠨᠠᠢᠷᠠᠯᠭ᠎ᠠ ᠪᠣᠯ ᠰᠡᠷᠢᠭᠦᠨ ᠴᠢᠨᠠᠷ ᠲᠠᠢ ᠨᠠᠢᠷᠠᠯᠭ᠎ᠠ ᠪᠣᠯᠤᠨ᠎ᠠ ᠃ ᠡᠭᠦᠨ  ᠳᠦ ᠬᠠᠯᠠᠭᠤᠨ  ᠢ ᠪᠤᠯᠪᠠᠰᠤᠷᠠᠭᠤᠯᠬᠤ᠂ ᠬᠡᠢ ᠬᠠᠳᠬᠤᠯᠭ᠎ᠠ  ᠶᠢ ᠲᠠᠷᠤᠬᠤ ᠴᠠᠭᠠ ᠲᠠᠩ᠂ ᠰᠢᠷ᠎ᠠ  ᠶᠢ ᠳᠠᠷᠤᠵᠤ᠂ ᠰᠢᠷ᠎ᠠ ᠪᠡᠷ ᠲᠤᠯᠤᠭᠠᠢ ᠡᠪᠡᠳᠬᠦ  ᠶᠢ ᠠᠨᠠᠭᠠᠬᠤ ᠲᠤᠬᠠᠢᠳᠤ ᠶᠡᠷᠦᠨᠳᠡᠭ ᠪᠤᠯᠤᠭᠰᠠᠨ ᠪᠠᠢᠨ᠎ᠠ᠃

ᠡᠮᠴᠢᠯᠡᠭᠡᠨ  ᠤ ᠬᠡᠷᠡᠭᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1. ᠲᠠᠷᠢᠬᠢᠨ  ᠤ ᠪᠦᠷᠬᠦᠪᠴᠢ  ᠶᠢᠨ ᠰᠦᠷᠢᠶᠡᠳᠦ ᠦᠷᠪᠢᠰᠦᠯ  ᠢ ᠡᠮᠨᠡᠭᠰᠡᠨ ᠨᠢ  ᠶᠡᠷᠦᠩᠬᠡᠢ ᠳ᠋ᠡᠬᠡᠨ ᠦᠷᠯᠦᠭᠡ ᠴᠢᠯᠠᠭᠤᠨ ᠰᠢᠩᠬᠤ -5 ᠵᠢ ᠪᠤᠴᠠᠯᠤᠭᠰᠠᠨ ᠤᠰᠤ ᠪᠠᠷ ᠳᠠᠷᠤᠭᠤᠯᠵᠤ ᠥᠭᠭᠦᠨ᠎ᠡ ᠃ ᠦᠳᠡ  ᠳᠦ ᠨᠡᠮᠡᠷᠢ  ᠲᠠᠢ ᠭᠦᠷᠭᠦᠮ -13 ᠵᠢ ᠪᠤᠴᠠᠯᠤᠭᠰᠠᠨ ᠤᠰᠤ ᠪᠠᠷ ᠳᠠᠷᠤᠭᠤᠯᠤᠨ ᠥᠭᠴᠡᠢ ᠃ ᠤᠷᠤᠢ ᠭᠠᠷᠤᠳᠢ -13  ᠶᠢᠨ ᠳᠡᠭᠡᠷ᠎ᠡ ᠥᠴᠦᠬᠡᠨ ᠬᠡᠮᠵᠢᠶᠡᠨ  ᠤ ᠵᠢᠭᠠᠷ ᠨᠡᠮᠡᠭᠡᠳ ᠮᠠᠨᠤ -10  ᠶᠢᠨ ᠲᠠᠩ  ᠢᠶᠡᠷ ᠳᠠᠷᠤᠭᠤᠯᠤᠨ᠎ᠠ ᠃ ᠰᠥᠨᠢ ᠳᠤᠮᠳᠠ  ᠨᠡᠮᠡᠷᠢ  ᠲᠠᠢ ᠭᠦᠷᠭᠦᠮ -13 ᠵᠢ ᠮᠠᠨᠤ -10  ᠶᠢᠨ ᠲᠠᠩ  ᠢᠶᠡᠷ ᠳᠠᠷᠤᠭᠤᠯᠤᠨ᠎ᠠ ᠃

ᠵᠡᠭᠦᠯᠲᠡ ᠄《 ᠡᠷᠳᠡᠮ ᠰᠢᠨᠵᠢᠯᠡᠭᠡᠨ  ᠤ ᠰᠡᠳᠭᠦᠯ》  ᠤᠨ1990 ᠤᠨ  ᠤ 2 ᠳ᠋ᠤᠭᠠᠷ ᠬᠤᠭᠤᠴᠠᠭᠠᠨ  ᠤ 83 ᠳ᠋ᠤᠭᠠᠷ ᠨᠢᠭᠤᠷ  ᠲᠡᠬᠢ ᠬᠠᠷᠢᠶᠠᠲᠤ ᠡᠮᠨᠡᠯᠭᠡ  ᠶᠢᠨ ᠬᠤᠷᠢᠶᠠᠨ  ᠤ ᠮᠣᠩᠭᠤᠯ ᠡᠮᠨᠡᠯᠭᠡ  ᠶᠢᠨ ᠬᠡᠦᠬᠡᠳ  ᠤᠨ ᠡᠪᠡᠳᠴᠢᠨ  ᠤ ᠰᠠᠯᠠᠭ᠎ᠠ  ᠶᠢᠨ ᠡᠷᠳᠡᠨᠢᠪᠢᠯᠢᠭ᠌ ᠂ ᠬᠠᠷᠢᠶᠠᠲᠤ ᠡᠮᠨᠡᠯᠭᠡ  ᠶᠢᠨ ᠬᠤᠷᠢᠶᠠᠨ  ᠤ ᠮᠣᠩᠭᠤᠯ ᠡᠮᠨᠡᠯᠭᠡ  ᠶᠢᠨ ᠳᠣᠲᠤᠷ ᠡᠪᠡᠳᠴᠢᠨ  ᠤ ᠰᠠᠯᠠᠭ᠎ᠠ  ᠶᠢᠨ ᠪᠤᠤ ᠴᠠᠩ ᠱᠠᠨ ᠨᠠᠷ  ᠤᠨ ᠪᠢᠴᠢᠭᠰᠡᠨ《 ᠮᠣᠩᠭᠤᠯ ᠡᠮ  ᠳᠤ ᠲᠠᠷᠢᠬᠢᠨ  ᠤ ᠪᠦᠷᠬᠦᠪᠴᠢ  ᠶᠢᠨ ᠰᠦᠷᠢᠶᠡᠳᠦ ᠦᠷᠪᠢᠰᠦᠯ  ᠢ ᠵᠠᠰᠠᠭᠰᠠᠨ 3 ᠵᠢᠱᠢᠶ᠎ᠡ》 ᠭᠡᠬᠦ ᠥᠭᠦᠯᠡᠯ  ᠡᠴᠡ ᠰᠣᠩᠭᠤᠪᠠ ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ ᠶᠢᠨ ᠬᠠᠮᠳᠤ ᠡᠳ᠋ᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]


ᠡᠬᠢ ᠰᠤᠷᠪᠤᠯᠵᠢ ᠶᠢᠨ ᠥᠮᠴᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ