ᠮᠠᠨᠤᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠤᠤᠯ
ᠰᠸᠢᠰ ᠍ ᠶᠢᠨ ᠴᠶᠷᠢᠬᠤ ᠬᠣᠲᠠ ᠶᠢᠨ ᠠᠮᠢᠲᠠᠨ ᠤ ᠬᠦᠷᠢᠶᠡᠯᠡᠩ ᠳ᠋ᠡᠬᠢ ᠮᠠᠨᠤᠤᠯ
ᠰᠸᠢᠰ ᠍ ᠶᠢᠨ ᠴᠶᠷᠢᠬᠤ ᠬᠣᠲᠠ ᠶᠢᠨ ᠠᠮᠢᠲᠠᠨ ᠤ ᠬᠦᠷᠢᠶᠡᠯᠡᠩ ᠳ᠋ᠡᠬᠢ ᠮᠠᠨᠤᠤᠯ
ᠬᠣᠪᠣᠷᠳᠠᠯᠲᠠ ᠶᠢᠨ ᠵᠡᠷᠭᠡᠯᠡᠯ
Status iucn3.1 NT.svg
ᠬᠣᠪᠣᠷᠳᠠᠬᠤ ᠳᠥᠬᠦᠭᠰᠡᠨ (ОУБХХ) [1]
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ
ᠣᠪᠤᠭ: ᠮᠣᠣᠷ ᠤᠨ ᠠᠢᠮᠠᠭ
ᠲᠥᠷᠥᠯ: Felis
ᠵᠦᠢᠯ: ᠮᠠᠨᠤᠤᠯ
ᠯᠠᠲ᠋ᠢᠨ ᠨᠡᠷ᠎ᠡ
Felis manul
ᠫᠠᠯᠯᠠᠰ᠂ 1776


ᠮᠠᠨᠤᠤᠯ (Felis manul) ᠪᠤᠶᠤ ᠫᠠᠯᠯᠠᠰ ᠤᠨ ᠮᠤᠤᠷ ᠨᠢ ᠲᠥᠪ ᠠᠽᠢᠶ᠎ᠠ ᠳᠤ ᠲᠠᠷᠬᠠᠭᠰᠠᠨ ᠵᠢᠵᠢᠭ ᠮᠤᠤᠷ ᠶᠤᠮ᠃ ᠭᠡᠷ ᠦᠨ ᠮᠤᠤᠷᠨ ᠤ ᠳᠠᠶᠢᠲᠠᠢ ᠬᠡᠮᠵᠢᠶ᠎ᠡ ᠲᠡᠢ 60 ᠰᠠᠨᠲ᠋ᠢᠮᠧᠲ᠋ᠷ ᠤᠷᠲᠤ ᠪᠡᠶ᠎ᠡ ᠲᠡᠢ᠂ 25 ᠰᠠᠨᠲ᠋ᠢᠮᠧᠲ᠋ᠷ ᠤᠷᠲᠤ ᠰᠡᠭᠦᠯ ᠲᠡᠢ᠂ ᠳᠤᠮᠳᠠᠴᠢ ᠪᠠᠷ 3.6 ᠺᠢᠯᠣᠭ᠍ᠷᠠᠮ ᠵᠢᠩᠲᠡᠢ᠃ ᠦᠰᠦ ᠨᠢ ᠪᠣᠰᠤᠭ᠎ᠠ ᠰᠤᠳᠠᠯ ᠪᠦᠬᠦᠢ ᠵᠣᠰᠣᠨ ᠤᠯᠠᠭᠠᠨ ᠥᠩᠭᠡ ᠲᠡᠢ ᠪᠣᠯᠪᠠᠴᠤ ᠶᠡᠬᠡ ᠦᠰᠦ ᠲᠡᠢ ᠲᠤᠯᠠ ᠪᠠᠷᠤᠭ ᠬᠠᠷᠠᠭᠳᠠᠳᠠᠭ ᠦᠭᠡᠢ᠃

ᠮᠠᠨᠤᠤᠯ ᠪᠤᠰᠤᠳ ᠮᠢᠢᠨ ᠡᠴᠡ ᠢᠯᠭᠠᠭᠳᠠᠬᠤ ᠬᠡᠳᠦ ᠬᠡᠳᠦᠨ ᠥᠪᠡᠷᠮᠢᠴᠡ ᠰᠢᠨᠵᠢ ᠲᠡᠢ᠃ ᠬᠠᠮᠤᠭ ᠤᠨ ᠰᠣᠨᠢᠷᠬᠠᠯᠲᠠᠢ ᠨᠢ ᠳᠤᠭᠤᠢ ᠬᠡᠦᠬᠡᠨ ᠬᠠᠷ᠎ᠠ ᠲᠠᠢ᠃ ᠬᠥᠯ ᠨᠢ ᠪᠣᠭᠣᠨᠢ᠂ ᠪᠠᠨᠳᠠᠭᠠᠷ᠂ ᠦᠰᠦ ᠨᠢ ᠤᠷᠲᠤ᠂ ᠥᠳᠬᠡᠨ᠃ ᠦᠰᠦᠨ ᠦ ᠥᠩᠭᠡ ᠤᠯᠠᠷᠢᠯ ᠢᠶᠠᠨ ᠳᠠᠭᠠᠨ ᠥᠭᠡᠷᠡᠴᠢᠯᠡᠭᠳᠡᠨ᠎ᠡ᠃ ᠡᠪᠦᠯ ᠨᠢ ᠰᠠᠷᠠᠯᠳᠠᠭᠤ᠂ ᠬᠡ ᠪᠠᠭᠠᠲᠠᠢ ᠪᠠᠶᠢᠳᠠᠭ᠃ ᠴᠢᠬᠢ ᠨᠢ ᠳᠣᠭᠣᠭᠰᠢ ᠪᠠᠨ ᠪᠠᠶᠢᠳᠠᠭ ᠲᠤᠯᠠ ᠤᠭᠤᠯᠢ ᠮᠡᠲᠦ ᠲᠥᠷᠬᠥ ᠲᠡᠢ ᠪᠣᠯᠳᠠᠭ᠃ ᠬᠠᠷᠢᠴᠠᠩᠭᠤᠢ ᠬᠠᠪᠲᠠᠭᠠᠢ ᠨᠢᠭᠤᠷᠲᠠᠢ ᠲᠤᠯᠠ ᠮᠠᠨᠠᠭᠤᠯ ᠢ ᠫᠧᠷᠰ ᠮᠤᠤᠷᠨ ᠤ ᠡᠭᠦᠯᠳᠡᠷ ᠦᠨ ᠡᠪᠦᠭᠡ ᠭᠡᠵᠦ ᠲᠠᠰᠢᠶ᠎ᠠ ᠦᠵᠡᠵᠦ ᠪᠠᠶᠢᠭᠰᠠᠨ᠃

ᠮᠠᠨᠤᠤᠯ ᠠᠽᠢᠶ᠎ᠠ ᠶᠢᠨ ᠲᠠᠯ᠎ᠠ ᠬᠡᠭᠡᠷ᠎ᠡ ᠳᠦ 1000-4000 ᠣᠷᠴᠢᠮ ᠮᠧᠲ᠋ᠷ ᠦᠨ ᠥᠨᠳᠥᠷ ᠲᠦ ᠨᠤᠲᠤᠭᠯᠠᠳᠠᠭ᠃ ᠮᠡᠷᠡᠭᠴᠢᠰᠢᠪᠠᠭᠤᠳᠠᠷ᠎ᠠ ᠬᠣᠭᠣᠯᠠᠯᠠᠨ᠎ᠠ᠃

ᠤᠳᠠᠭᠠᠨ ᠬᠤᠭᠤᠴᠠᠭᠠᠨ ᠤ ᠲᠤᠷᠰᠢ ᠮᠠᠨᠠᠭᠤᠯ ᠢ ᠠᠷᠠᠰᠤ ᠶᠢ ᠨᠢ ᠠᠪᠬᠤ ᠭᠡᠵᠦ ᠠᠩᠨᠠᠵᠤ ᠪᠠᠶᠢᠭᠰᠠᠨ ᠪᠣᠯ ᠣᠳᠣ ᠶᠡᠬᠡᠩᠬᠢ ᠭᠠᠵᠠᠷ᠂ ᠵᠢᠱᠢᠶ᠎ᠡ ᠨᠢ ᠬᠢᠲᠠᠳᠠᠳᠠ ᠬᠠᠮᠠᠭᠠᠯᠠᠭᠳᠠᠭᠰᠠᠨ᠃ ᠬᠥᠳᠡᠭᠡ ᠠᠵᠤ ᠠᠬᠤᠢ ᠶᠢᠨ ᠬᠣᠣᠷᠲᠠᠨ ᠮᠡᠷᠡᠭᠴᠢᠳ ᠢᠶᠡᠷ ᠬᠣᠭᠣᠯᠠᠯᠠᠳᠠᠭ ᠲᠤᠯᠠ᠂ ᠠᠰᠢᠭ ᠲᠠᠢ ᠳᠤ ᠲᠣᠭᠠᠴᠠᠭᠳᠠᠳᠠᠭ᠃ ᠭᠡᠬᠦ ᠳᠦ ᠪᠡᠨ ᠮᠡᠷᠡᠭᠴᠢᠳ ᠢ ᠬᠣᠣᠷᠳᠠᠭᠤᠯᠵᠤ ᠤᠰᠠᠳᠬᠠᠵᠤ ᠪᠠᠶᠢᠭ᠎ᠠ ᠨᠢ ᠮᠠᠨᠠᠭᠤᠯ ᠳᠤ ᠮᠥᠨ ᠨᠥᠯᠦᠭᠡᠯᠡᠵᠦ ᠪᠠᠶᠢᠨ᠎ᠠ᠃

ᠮᠠᠨᠠᠭᠤᠯ ᠢ ᠲᠡᠵᠢᠭᠡᠮᠡᠯ ᠨᠥᠬᠥᠴᠡᠯ ᠳᠦ ᠦᠷᠡᠵᠢᠭᠦᠯᠬᠦ ᠳᠦ ᠬᠡᠴᠡᠭᠦᠦ᠃ ᠬᠡᠳᠦᠢ ᠵᠤᠯᠵᠠᠭᠠᠯᠠᠳᠠᠭ ᠪᠣᠯᠪᠠᠴᠤ ᠬᠠᠯᠳᠠᠪᠤᠷᠢ ᠶᠢᠨ ᠤᠯᠠᠮ ᠠᠴᠠ ᠠᠮᠢᠳᠤ ᠭᠠᠷᠬᠤ ᠬᠤᠪᠢ ᠨᠢ ᠪᠠᠭ᠎ᠠ ᠪᠠᠶᠢᠳᠠᠭ᠃ ᠮᠠᠨᠤᠤᠯ ᠪᠡᠶ᠎ᠡ ᠪᠡᠶᠡᠰ ᠢᠶᠡᠨ ᠬᠠᠯᠳᠠᠪᠤᠷᠢ ᠠᠪᠬᠤ ᠪᠠᠷ ᠦᠭᠡᠢ ᠬᠣᠯᠠ ᠲᠤᠰᠠᠭᠠᠷ ᠠᠮᠢᠳᠤᠷᠠᠳᠠᠭ ᠲᠤᠯᠠ ᠳᠠᠷᠬᠠᠯᠠᠯ ᠤᠨ ᠰᠢᠰᠲ᠋ᠧᠮ ᠨᠢ ᠮᠠᠭᠤ ᠬᠥᠭᠵᠢᠭᠰᠡᠨ ᠪᠠᠶᠢᠳᠠᠭ ᠲᠠᠢ ᠡᠨᠡ ᠬᠣᠯᠪᠣᠭ᠎ᠠ ᠲᠠᠢ᠃ᠣᠷᠤᠭᠤᠯᠵᠤ ᠬᠡᠷᠡᠭᠯᠡᠭᠰᠡᠨ ᠠᠯᠳᠠᠭ᠎ᠠ ᠄ 无效<ref>标签;name属性非法,可能是内容过长

ᠳᠡᠳ᠋ ᠵᠦᠢᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠯᠢᠶᠡᠨ ᠵᠥᠪᠰᠢᠶᠡᠷᠡᠭᠳᠡᠭᠰᠡᠨ ᠭᠤᠷᠪᠠᠨ ᠳᠡᠳ᠋ ᠵᠦᠢᠯ ᠪᠤᠢ:[2]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Ross, S., Murdoch, J., Mallon, D., Sanderson, J. & Barashkova, A. (2008). Otocolobus manul. IUCN 2008. IUCN ᠬᠣᠪᠣᠷᠳᠠᠭᠰᠠᠨ ᠵᠦᠢᠯ ᠦᠳ ᠦᠨ ᠤᠯᠠᠭᠠᠨ ᠨᠣᠮ᠃ 18 January 2009 ᠍ ᠳᠦ ᠠᠪᠤᠭᠰᠠᠨ᠃ Database entry includes justification for why this species is near-threatened
  2. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ msw3 ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Pallas cat
ᠸᠢᠭᠵᠦᠢᠯ ᠳᠦ Pallas cat ᠍ ᠲᠠᠢ ᠬᠣᠯᠪᠣᠭᠠᠲᠠᠢ ᠮᠡᠳᠡᠭᠡᠯᠡᠯ ᠪᠠᠶᠢᠨ᠎ᠠ᠃
http://wiki.uhaan.com/index.php?title=ᠮᠠᠨᠤᠤᠯ&oldid=329072》 ᠍  ᠡᠴᠡ ᠠᠪᠤᠭᠰᠠᠨ

ᠪᠢᠴᠢᠭᠡᠰᠦ