ᠮᠠᠨᠠᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨᠠᠰᠴᠢ ᠰᠢᠭᠠᠪᠠᠢ ᠠᠽᠢᠽᠣᠪ

ᠮᠠᠨᠠᠰ (ᠬᠢᠷᠭᠢᠰ ᠶᠢᠡᠷ ᠮᠠᠨᠠᠰ ᠳᠠᠰᠲᠠᠨ ᠤ) ᠪᠣᠯ ᠮᠠᠨᠠᠰ ᠪᠠᠭᠠᠲᠤᠷ ᠤᠨ ᠲᠤᠬᠠᠢ ᠦᠭᠦᠯᠡᠭᠰᠡᠨ ᠬᠢᠷᠭᠢᠰ ᠠᠷᠠᠳ ᠤᠨ ᠲᠤᠤᠯᠢ ᠶᠤᠮ᠃ 100 ᠮᠢᠩᠭ᠎ᠠ ᠣᠷᠴᠢᠮ ᠮᠥᠷ ᠲᠡᠢ ᠲᠤᠰ ᠲᠤᠤᠯᠢ ᠨᠢ ᠬᠣᠮᠧᠷ ᠍ ᠤᠨ 《ᠣᠳᠢᠰᠰᠧᠢ》, 《ᠢᠤᠳᠠ》, ᠡᠷᠲᠡᠨ ᠦ ᠡᠨᠡᠳᠬᠡᠭ ᠦᠨ 《ᠮᠢᠬᠠᠪᡀᠠᠷᠠᠲ᠋ᠠ》 ᠍ ᠲᠠᠢ ᠡᠩ ᠵᠡᠷᠭᠡᠴᠡᠬᠦᠶᠢᠴᠡ ᠥᠪ ᠪᠢᠯᠡ᠃ ᠮᠠᠨᠠᠰ ᠪᠠ ᠲᠡᠭᠦᠨ ᠦ ᠦᠷ᠎ᠡ ᠠᠴᠢ ᠨᠠᠷ ᠤᠨ ᠲᠤᠬᠠᠢ ᠮᠠᠭᠲᠠᠨ ᠳᠠᠭᠤᠯᠠᠭᠰᠠᠨ ᠡᠨᠡᠬᠦ ᠲᠤᠤᠯᠢ ᠨᠢ ᠬᠠᠷ᠎ᠠ ᠬᠢᠲᠠᠨ ᠪᠠ ᠣᠶᠢᠷᠠᠳ-ᠵᠦᠩᠭᠠᠷ ᠤᠨ ᠬᠠᠭᠠᠨᠲᠤ ᠤᠯᠤᠰᠬᠠᠯᠢᠮᠠᠭ ᠦᠳ ᠤᠨ ᠴᠡᠷᠢᠭ ᠦᠨ ᠳᠣᠪᠲᠣᠯᠭᠠᠨ ᠤ ᠡᠰᠡᠷᠬᠦ ᠲᠡᠮᠡᠴᠡᠯ ᠢ ᠬᠠᠷᠠᠭᠤᠯᠤᠭᠰᠠᠨ ᠪᠠᠶᠢᠳᠠᠭ᠃ ᠠᠷᠪᠠᠨ ᠲᠠᠪᠤᠳᠤᠭᠠᠷ ᠵᠠᠭᠤᠨ ᠤ ᠡᠬᠢᠨ ᠳᠦ ᠪᠢᠴᠢᠭᠳᠡᠭᠰᠡᠨ ᠪᠢᠴᠢᠭ ᠦᠨ ᠳᠤᠷᠠᠰᠬᠠᠯ ᠳᠤ ᠮᠠᠨᠠᠰ ᠤᠨ ᠲᠤᠬᠠᠢ ᠳᠤᠷᠢᠳᠠᠭᠰᠠᠨ ᠪᠠᠶᠢᠳᠠᠭ ᠪᠣᠯᠪᠠᠴᠤ ᠤᠭ ᠲᠤᠤᠯᠢ ᠨᠢ ᠥᠪᠡᠷ ᠢᠶᠡᠨ 1885 ᠣᠨ ᠢ ᠬᠦᠷᠲᠡᠯ᠎ᠡ ᠴᠠᠭᠠᠰᠤᠨ ᠳᠡᠭᠡᠷ᠎ᠡ ᠪᠠᠭᠤᠭᠰᠠᠨ ᠤᠳᠠᠭ᠎ᠠ ᠦᠭᠡᠢ ᠠᠵᠢ᠃ ᠮᠠᠨᠠᠰ ᠤᠨ ᠲᠦᠷᠦᠭᠰᠡᠨ᠂ ᠲᠤᠤᠯᠢ ᠶᠢᠨ ᠦᠢᠯᠡ ᠶᠠᠪᠤᠳᠠᠯ ᠥᠷᠨᠢᠳᠡᠭ ᠴᠠᠭ ᠬᠤᠭᠤᠴᠠᠭᠠᠨ ᠤ ᠲᠤᠬᠠᠢ ᠳᠤ VI-ᠲᠠᠪᠤᠳᠤᠭᠠᠷ ᠵᠠᠭᠤᠨ ᠤ ᠬᠣᠭᠣᠷᠣᠨᠳᠣ᠂ XV-XVIII ᠵᠠᠭᠤᠨ ᠤ ᠬᠣᠭᠣᠷᠣᠨᠳᠣ ᠭᠡᠬᠦ ᠬᠣᠶᠠᠷ ᠶᠠᠩᠵᠤ ᠶᠢᠨ ᠦᠵᠡᠯ ᠪᠤᠢ᠃

ᠮᠠᠨᠠᠰ ᠲᠤᠤᠯᠢ ᠶᠢ ᠬᠠᠶᠢᠯᠠᠳᠠᠭ ᠬᠦᠮᠦᠨ ᠢ ᠮᠠᠨᠠᠰᠴᠢ (ᠮᠠᠨᠠᠰᠴᠢ) ᠭᠡᠨ᠎ᠡ᠃ ᠮᠠᠨᠠᠰᠴᠢ ᠨᠠᠷ ᠠᠴᠠ ᠠᠯᠳᠠᠷᠲᠠᠢ ᠶᠢ ᠨᠢ ᠳᠤᠷᠢᠳᠠᠪᠠᠯ ᠰᠠᠭᠢᠮᠪᠠᠢ ᠣᠷᠣᠽᠪᠠᠺᠣᠸ᠂ ᠰᠠᠶᠠᠺᠪᠠᠢ ᠺᠠᠷᠠᠯᠸ᠂ ᠰᠢᠭᠠᠪᠠᠢ ᠠᠽᠢᠽᠣᠪ᠂ ᠺᠠᠪᠠ ᠠᠲ᠋ᠠᠪᠧᠺᠣᠸ᠂ ᠰᠧᠢᠳᠧᠨᠧ ᠮᠣᠯᠳᠣᠺᠣᠸᠠ᠂ ᠶᠱᠤᠫ ᠮᠠᠮᠤᠢ ᠨᠠᠷ ᠪᠣᠯᠤᠨ᠎ᠠ᠃ ᠭᠡᠲᠡᠯ᠎ᠡ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠡᠨᠡᠬᠦ ᠲᠤᠤᠯᠢ ᠶᠢ United Nations Educational Scientific and Cultural Organization ᠍ ᠳᠦ ᠥᠪᠡᠷ ᠦᠨ ᠨᠡᠷ᠎ᠡ ᠪᠡᠷ ᠪᠥᠷᠢᠳᠬᠡᠭᠦᠯᠴᠢᠬᠡᠭᠰᠡᠨ ᠶᠤᠮ᠃

ᠬᠢᠷᠭᠢᠰ ᠦᠨ ᠨᠡᠶᠢᠰᠯᠡᠯ ᠪᠥᠱᠺᠧᠺᠡᠶᠢᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠵᠡᠷᠭᠡ ᠣᠯᠠᠨ ᠭᠠᠵᠠᠷ ᠤᠳ ᠮᠠᠨᠠᠰ ᠤᠨ ᠨᠡᠷ᠎ᠡ ᠪᠡᠷ ᠨᠡᠷᠡᠯᠡᠭᠳᠡᠭᠰᠡᠨ ᠪᠠᠶᠢᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠮᠠᠨᠠᠰ&oldid=435125》 ᠍  ᠡᠴᠡ ᠠᠪᠤᠭᠰᠠᠨ

ᠪᠢᠴᠢᠭᠡᠰᠦ