ᠮᠠᠨᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Fog shadow tv tower.jpg

ᠮᠠᠨᠠᠨᠭᠠᠵᠠᠷ ᠤᠨ ᠭᠠᠳᠠᠷᠭᠤ ᠣᠷᠴᠢᠮ ᠤᠨ ᠠᠭᠠᠷ ᠍ ᠤᠨ ᠳᠠᠪᠬᠤᠷᠭ᠎ᠠ ᠳᠤ ᠤᠰᠤᠨ ᠤ ᠠᠭᠤᠷ ᠺᠣᠨᠳᠧᠨᠰᠠᠼᠢ ᠳᠤ ᠣᠷᠣᠭᠰᠠᠨ ᠤ ᠦᠷ᠎ᠡ ᠨᠥᠯᠦᠭᠡ ᠪᠡᠷ ᠮᠠᠨᠠᠨ ᠡᠭᠦᠰᠦᠨ᠎ᠡ᠃ ᠢᠩᠭᠢᠭᠰᠡᠨ ᠢᠶᠡᠷ ᠭᠠᠵᠠᠷ ᠣᠷᠴᠢᠮ ᠤᠰᠤᠨ ᠳᠤᠰᠤᠯ᠂ ᠮᠥᠰᠥᠥᠩ ᠲᠠᠯᠠᠰᠲᠤ ᠦᠳ ᠡᠭᠦᠰᠦᠨ ᠬᠤᠷᠠᠮᠲᠤᠯᠠᠭᠳᠠᠵᠤ ᠠᠭᠠᠷ ᠤᠨ ᠲᠤᠩᠭᠠᠯᠠᠭᠵᠢᠯᠲᠠ ᠪᠣᠯᠤᠨ ᠠᠯᠤᠰ ᠤᠨ ᠪᠠᠷ᠎ᠠ ᠶᠢ ᠪᠠᠭᠤᠷᠠᠭᠤᠯᠳᠠᠭ᠃ ᠡᠨᠡ ᠨᠢ 1 km ᠡᠴᠡ ᠪᠠᠭ᠎ᠠ ᠪᠠᠶᠢᠪᠠᠯ ᠮᠠᠨᠠᠨ᠂ 1-10 km ᠪᠣᠯ ᠤᠨᠢᠶᠠᠷ ᠭᠡᠵᠦ ᠨᠡᠷᠡᠯᠡᠨ᠎ᠡ᠃ ᠲᠣᠯᠠᠭᠠᠨ ᠤ ᠬᠡᠮᠵᠢᠶ᠎ᠡ ᠪᠠ ᠴᠢᠭᠢᠭᠡᠶᠢᠨ ᠢᠯᠭᠠᠭ᠎ᠠ ᠪᠦᠬᠦᠢ ᠬᠣᠶᠠᠷ ᠥᠭᠡᠷ᠎ᠡ ᠠᠭᠠᠷ ᠤᠨ ᠪᠣᠯᠤᠨ ᠤᠰᠤᠨ ᠤ ᠮᠠᠰ ᠰᠢᠯᠵᠢᠯᠲᠡ ᠶᠢᠨ ᠦᠶ᠎ᠡ ᠳᠦ ᠮᠠᠨᠠᠨ ᠡᠭᠦᠰᠳᠡᠭ᠃ ᠵᠢᠱᠢᠶ᠎ᠡ ᠨᠢ᠂ ᠳᠠᠯᠠᠢᠬᠦᠢᠲᠡᠨ ᠤᠷᠤᠰᠠᠬᠠᠯ ᠶᠢᠡᠷ ᠬᠦᠷᠢᠶᠡᠯᠡᠭᠳᠡᠭᠰᠡᠨ ᠲᠷᠣᠫᠢᠺᠡᠶᠢᠨ ᠴᠥᠯᠡᠶᠢᠨ ᠡᠷᠭᠢ ᠪᠣᠯᠤᠨ ᠳᠤᠯᠠᠭᠠᠨ᠂ ᠬᠦᠢᠲᠡᠨ ᠤᠷᠤᠰᠬᠠᠯ ᠡᠶᠢᠯᠬᠦ ᠬᠣᠶᠢᠳᠤ ᠠᠮᠧᠷᠢᠺᠠᠡᠶᠢᠨ ᠵᠡᠭᠦᠨ ᠬᠣᠶᠢᠳᠤ ᠡᠷᠭᠢ ᠣᠷᠴᠢᠮ ᠡᠶᠢᠮᠦ ᠮᠠᠨᠠᠨ ᠶᠡᠬᠡ ᠲᠠᠲᠠᠨ᠎ᠠ᠃[1]

ᠮᠠᠨᠠᠨ ᠪᠣᠯ ᠡᠭᠦᠯᠡ ᠲᠡᠢ ᠠᠳᠠᠯᠢ ᠠᠭᠠᠷ ᠠᠳᠢᠶᠠᠪᠠᠲ ᠢᠶᠠᠷ ᠡᠷᠭᠦᠭᠳᠡᠭᠰᠡᠨ ᠬᠥᠷᠴᠢ ᠪᠠᠶᠢᠭ᠎ᠠ ᠪᠤᠰᠤ ᠰᠢᠭᠦᠳᠡᠷᠢ ᠴᠡᠭᠲᠡᠭᠡ ᠬᠦᠷᠲᠡᠯ᠎ᠡ ᠬᠥᠷᠦᠰᠦᠨ ᠡᠴᠡ ᠪᠣᠯᠵᠤ ᠡᠭᠦᠰᠳᠡᠭ᠃ ᠡᠨᠡ ᠨᠢ ᠬᠡᠳᠦ ᠬᠡᠳᠦᠨ ᠵᠠᠮ ᠢᠶᠠᠷ ᠶᠠᠪᠤᠭᠳᠠᠬᠤ ᠪᠠ ᠡᠭᠦᠨ ᠡᠴᠡ ᠬᠠᠮᠢᠶᠠᠷᠴᠢ ᠮᠠᠨᠠᠨ ᠣᠯᠠᠨ ᠲᠥᠷᠥᠯ ᠪᠠᠶᠢᠨ᠎ᠠ᠃

ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠢ ᠳᠤ ᠨᠢ ᠬᠥᠷᠥᠯᠲᠡ ᠶᠢᠨ (ᠰᠠᠴᠤᠷᠠᠭ ᠤᠨ᠂ ᠠᠳ᠋ᠸᠧᠺᠼ ᠦᠨ) ᠪᠠ ᠠᠭᠤᠷᠰᠢᠯᠲᠠ ᠶᠢᠨ ᠮᠠᠨᠠᠨ ᠭᠡᠵᠦ ᠠᠩᠭᠢᠯᠠᠨ᠎ᠠ᠃

ᠠᠳ᠋ᠸᠧᠺᠼ ᠦᠨ ᠮᠠᠨᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠢᠲᠡᠨ ᠭᠠᠵᠠᠷ ᠳᠤᠯᠠᠭᠠᠨ ᠠᠭᠠᠷ ᠰᠢᠯᠵᠢᠨ ᠢᠷᠡᠭᠰᠡᠨ ᠡᠴᠡ ᠪᠣᠯᠵᠤ ᠡᠭᠦᠰᠳᠡᠭ᠃ ᠨᠠᠮᠤᠷᠡᠪᠦᠯ ᠠᠵᠢᠭᠡᠯᠡᠭᠳᠠᠬᠤ ᠪᠠ ᠨᠡᠯᠢᠶᠡᠳ ᠥᠨᠳᠥᠷ ᠢ ᠬᠠᠮᠤᠷᠳᠠᠭ᠃ ᠳᠠᠯᠠᠢ ᠲᠡᠩᠭᠢᠰᠡᠶᠢᠨ ᠡᠷᠭᠢ ᠣᠷᠴᠢᠮ ᠢᠶᠠᠷ ᠲᠡᠩᠭᠢᠰ ᠦᠨ ᠳᠤᠯᠠᠭᠠᠨ ᠠᠭᠠᠷ ᠢᠷᠡᠭᠰᠡᠨ ᠦᠶ᠎ᠡ ᠳᠦ ᠡᠨᠡ ᠲᠥᠷᠥᠯ ᠦᠨ ᠮᠠᠨᠠᠨ ᠡᠭᠦᠰᠦᠨ᠎ᠡ᠃[1]

ᠰᠠᠴᠤᠷᠠᠭ ᠤᠨ ᠮᠠᠨᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠥᠨᠢ ᠭᠠᠳᠠᠷᠭᠤ ᠣᠷᠴᠢᠮ ᠤᠨ ᠠᠭᠠᠷ ᠤᠷᠲᠤ ᠳᠣᠯᠭᠢᠶᠠᠨᠲᠤ ᠰᠠᠴᠤᠷᠠᠭ ᠶᠡᠬᠡ ᠪᠡᠷ ᠠᠯᠳᠠᠰᠤᠨ ᠠᠴᠠ ᠪᠣᠯᠵᠤ ᠡᠭᠦᠰᠳᠡᠭ᠃ ᠳᠤᠯᠠᠭᠠᠨ ᠤᠯᠠᠷᠢᠯ ᠳᠤ ᠰᠠᠯᠬᠢ ᠪᠠᠭᠠᠲᠠᠢ᠂ ᠴᠡᠯᠮᠡᠭ ᠴᠠᠭ ᠠᠭᠠᠷᠲᠠᠢ ᠦᠶ᠎ᠡ ᠳᠦ ᠠᠵᠢᠭᠡᠯᠡᠭᠳᠠᠨ᠎ᠠ᠃ ᠬᠡᠷᠪᠡ ᠠᠭᠠᠷ ᠶᠡᠬᠡ ᠴᠢᠭᠢᠭᠯᠢᠭ ᠪᠠᠶᠢᠪᠠᠯ 10 ᠮᠧᠲ᠋ᠷᠡ ᠡᠴᠡ ᠴᠠᠰᠢ ᠬᠠᠷᠠᠭᠳᠠᠬᠤ ᠦᠭᠡᠢ᠃ [2]

ᠠᠭᠤᠷᠰᠢᠯᠲᠠ ᠶᠢᠨ ᠮᠠᠨᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠮᠤᠷ᠂ ᠡᠪᠦᠯ ᠳᠤᠯᠠᠭᠠᠨ ᠤᠰᠤᠨ ᠠᠴᠠ ᠠᠭᠤᠷᠰᠢᠯᠲᠠ ᠶᠠᠪᠤᠭᠳᠠᠬᠤ ᠦᠶ᠎ᠡ ᠳᠦ ᠳᠡᠭᠡᠷᠡᠬᠢ ᠭᠠᠳᠠᠷᠭᠤ ᠨᠢ ᠬᠦᠢᠲᠡᠨ ᠪᠠᠶᠢᠬᠤ ᠤᠴᠢᠷ ᠡᠨᠡ ᠲᠥᠷᠥᠯ ᠦᠨ ᠮᠠᠨᠠᠨ ᠡᠭᠦᠰᠦᠨ᠎ᠡ᠃ ᠪᠣᠷᠣᠭ᠎ᠠ ᠣᠷᠣᠭᠰᠠᠨ ᠤ ᠳᠠᠷᠠᠭᠠᠬᠢ ᠮᠠᠨᠠᠨ ᠴᠤ ᠡᠨᠡ ᠵᠠᠮ ᠢᠶᠠᠷ ᠡᠭᠦᠰᠬᠦ ᠪᠠ ᠳᠤᠯᠠᠭᠠᠨ ᠴᠠᠭ ᠲᠤ ᠠᠭᠤᠷᠰᠢᠵᠤ ᠠᠮᠠᠷᠬᠠᠨ ᠰᠠᠷᠨᠢᠳᠠᠭ᠃[3]

ᠲᠡᠭᠦᠨᠴᠢᠯᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 ᠶᠡ᠃ᠪᠠᠲᠤᠴᠢᠯᠠᠭᠤᠨ (2009). ᠳᠡᠯᠡᠬᠡᠢ ᠰᠤᠳᠤᠯᠤᠯ. ᠮᠥᠩᠬᠡ ᠶᠢᠨ ᠦᠰᠦᠭ. 
  2. Cox, Robert E. Applying Fog Forecasting Techniques using AWIPS and the Internet. National Weather Service, 2007. nwas.org
  3. Climate education update: News and information about climate change for teachers and students. Atmospheric Radiation Measurement. Climate Research Facility. U.S. Department of Energy. education.arm.gov

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


Commons
Викимедиа дуу дүрсний сан: ᠮᠠᠨᠠᠨ
http://wiki.uhaan.com/index.php?title=ᠮᠠᠨᠠᠨ&oldid=384953》 ᠍  ᠡᠴᠡ ᠠᠪᠤᠭᠰᠠᠨ

ᠪᠢᠴᠢᠭᠡᠰᠦ