ᠺᠣᠮᠫᠢᠶᠦ᠋ᠲ᠋ᠧᠷ ᠦᠨ ᠬᠤᠯᠤᠭᠠᠨ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠮᠠᠦ᠋ᠽ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
2 ᠲᠣᠪᠴᠢ᠂ 1 ᠥᠩᠬᠥᠷᠢᠬᠦ ᠠᠷᠠᠭ᠎ᠠ ᠲᠠᠢ ᠵᠢᠱᠢᠭ ᠬᠤᠯᠤᠭᠠᠨ᠎ᠠ

ᠬᠤᠯᠤᠭᠠᠨ᠎ᠠ (ᠠᠩᠭᠯᠢ ᠪᠠᠷ Mouse, ᠮᠠᠦ᠋ᠽ) ᠨᠢ ᠭᠠᠳᠠᠷᠭᠤ ᠳᠡᠭᠡᠷ᠎ᠡ ᠬᠥᠳᠡᠯᠭᠡᠭᠰᠡᠨ ᠢᠶᠡᠷ ᠬᠠᠪᠲᠠᠭᠠᠢ ᠳᠡᠯᠭᠡᠴᠡᠨ ᠳᠦ ᠲᠠᠯᠠᠪᠤᠷ ᠢ ᠣᠨᠢᠯᠠᠨ ᠵᠢᠭᠠᠬᠤ ᠣᠨᠢᠰᠤᠲᠤ ᠺᠣᠮᠫᠢᠶᠦ᠋ᠲ᠋ᠧᠷᠡᠶᠢᠨ ᠲᠣᠨᠣᠭᠯᠠᠯ ᠶᠠᠭᠤᠮ᠎ᠠ᠃ ᠬᠦᠮᠦᠨ ᠦ ᠭᠠᠷ ᠤᠨ ᠠᠶᠠᠰ ᠢᠶᠠᠷ ᠬᠥᠳᠡᠯᠬᠦ ᠪᠠ 2 ᠲᠣᠪᠴᠢᠯᠠᠭᠤᠷ ᠲᠠᠢ ᠪᠠᠶᠢᠳᠠᠭ᠂ ᠮᠥᠨ ᠵᠠᠷᠢᠮ ᠳᠤ ᠨᠢ ᠨᠡᠮᠡᠯᠲᠡ ᠪᠡᠷ ᠪᠣᠰᠤᠭ᠎ᠠ ᠴᠢᠭᠯᠡᠯ ᠳᠦ ᠥᠩᠬᠥᠷᠢᠬᠦ ᠠᠷᠠᠭ᠎ᠠ ᠪᠠᠶᠢᠷᠢᠯᠠᠳᠠᠭ᠃ ᠬᠣᠯᠣᠭᠠᠨ᠎ᠠ ᠤ ᠬᠥᠳᠡᠯᠭᠡᠭᠡᠨ ᠢ ᠳᠠᠭᠠᠵᠤ ᠳᠡᠯᠭᠡᠴᠡᠨ ᠳᠦ ᠵᠢᠭᠠᠭᠴᠢ ᠬᠥᠳᠡᠯᠵᠦ᠂ ᠴᠢᠨᠠᠭᠰᠢᠳᠠ ᠦᠢᠯᠡᠳᠦᠯ ᠢ ᠠᠮᠠᠷᠬᠠᠨ ᠭᠦᠢᠴᠡᠳᠭᠡᠬᠦ ᠪᠣᠯᠤᠮᠵᠢ ᠲᠠᠢ ᠪᠣᠯᠭᠠᠳᠠᠭ᠃

Mouse (《ᠬᠤᠯᠤᠭᠠᠨ᠎ᠠ》) ᠭᠡᠳᠡᠭ ᠨᠡᠷ᠎ᠡ ᠶᠢ ᠰᠲ᠋ᠠᠨᠹᠣᠷ ᠲᠤ ᠰᠤᠳᠤᠯᠭᠠᠨ ᠤ ᠢᠨᠰᠲ᠋ᠢᠲ᠋ᠦᠶᠢᠲ ᠲᠦ ᠠᠩᠬᠠᠨ ᠤ ᠺᠣᠮᠫᠢᠶᠦ᠋ᠲ᠋ᠧᠷ ᠦᠨ ᠬᠣᠯᠣᠭᠠᠨ᠎ᠠ ᠨᠤᠭᠤᠳ ᠤᠨ ᠵᠠᠯᠭᠠᠭᠤᠷ ᠨᠢ ᠵᠢᠩᠬᠢᠨᠢ ᠬᠣᠯᠣᠭᠠᠨ᠎ᠠ ᠤ ᠰᠡᠭᠦᠯ ᠰᠢᠭ ᠠᠳᠠᠭ ᠲᠤ ᠪᠠᠨ ᠪᠠᠶᠢᠷᠢᠯᠠᠳᠠᠭ ᠪᠠᠶᠢᠰᠤᠨ ᠠᠴᠠ ᠠᠵᠢᠭᠯᠠᠵᠣ ᠨᠡᠷᠡᠯᠡᠭᠰᠡᠨ ᠪᠠᠶᠢᠳᠠᠭ᠃[1]

ᠬᠣᠯᠣᠭᠠᠨ᠎ᠠ ᠤ ᠥᠩᠬᠦᠷᠢᠭᠴᠢ ᠪᠥᠮᠪᠥᠭᠡ ᠶᠢ ᠠᠩᠬ᠎ᠠ ᠲᠣᠮᠣ ᠺᠷᠦᠨᠰᠲ᠋ᠣᠨ᠂ ᠹᠷ ᠲᠦ ᠯᠣᠩ ᠢᠰᠲ᠋ᠠᠹ᠂ ᠺᠧᠨᠢᠨ ᠲᠡᠶᠢᠯᠣᠷ ᠨᠠᠷ ᠺᠠᠨᠠᠳᠠ ᠤᠨ ᠲᠡᠩᠭᠢᠰ ᠦᠨ ᠴᠡᠷᠢᠭ ᠦᠨ 《ᠳᠠᠲ᠋ᠠᠷ》 ᠲᠥᠰᠥᠯ ᠢᠶᠡᠷ 1952 ᠣᠨ ᠳᠤ ᠪᠤᠯᠢᠩ ᠤᠨ ᠪᠥᠮᠪᠥᠭᠡ ᠡᠴᠡ ᠰᠠᠨᠠᠭ᠎ᠠ ᠠᠪᠴᠤ ᠪᠦᠲᠦᠭᠡᠭᠰᠡᠨ ᠪᠠᠶᠢᠳᠠᠭ᠃[2]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. See, for instance: 《mouses》 vs 《mice》. alt.usage.english fast-access FAQ. 2006-06-11 ᠍ ᠳᠦ ᠬᠠᠨᠳᠤᠭᠰᠠᠨ᠃
  2. Ferranti-Packard: Pioneers in Canadian Electrical Manufacturing, Norman R. Ball, John N. Vardalas, McGill-Queen's Press, 1993

ᠪᠢᠴᠢᠭᠡᠰᠦ