ᠮᠠᠦ᠋ᠰᠰᠣᠯᠣᠰ ᠬᠠᠭᠠᠨ ᠤ ᠪᠤᠩᠬᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠦ᠋ᠰᠰᠣᠯᠯᠣᠰ ᠍ ᠤᠨ ᠪᠤᠩᠬᠤᠨ᠂ 1572. Maᠷᠲ᠋ᠢᠨ ᠬᠡᠮᠰᠺᠷᠺ

ᠮᠠᠦ᠋ᠰᠰᠣᠯᠯᠣᠰ ᠤᠨ ᠪᠤᠯᠠᠰᠢ, ᠮᠠᠦ᠋ᠽᠣᠯᠯᠣᠰ ᠤᠨ ᠪᠤᠩᠬᠤᠨ (ᠭᠷᠧᠢᠭ ᠶᠢᠡᠷ Μαυσωλεῖον της Ἁλικαρνασσοῦ) ᠡᠰᠡᠪᠡᠯ ᠭᠠᠯᠢᠺᠠᠷᠨᠠᠰᠠᠰᠤᠰ ᠤᠨ ᠪᠤᠩᠬᠤᠨ ᠭᠡᠵᠦ ᠣᠯᠠᠨ᠎ᠠ ᠨᠡᠷᠡᠯᠡᠭᠳᠡᠳᠡᠭ ᠪᠠᠶᠢᠭᠤᠯᠤᠮᠵᠢ ᠨᠢ ᠮᠠᠨ ᠤ ᠡᠷᠡᠨ ᠦ ᠡᠮᠦᠨ᠎ᠡ 353-350 ᠣᠨ ᠤ ᠬᠣᠭᠣᠷᠣᠨᠳᠣ ᠫᠧᠷᠰ ᠦᠨ ᠨᠢᠭᠡᠨ ᠬᠠᠭᠠᠨᠲᠤ ᠤᠯᠤᠰ ᠤᠨ ᠬᠠᠭᠠᠨ ᠮᠠᠦ᠋ᠰᠰᠣᠯᠯᠣᠰ ᠪᠣᠯᠤᠨ ᠲᠡᠭᠦᠨ ᠦ ᠡᠬᠡᠨᠡᠷ ᠪᠥᠭᠡᠳ ᠡᠭᠡᠴᠢ ᠨᠢ ᠪᠣᠯᠬᠤ ᠺᠠᠷᠢᠭ᠎ᠠ ᠶᠢᠨ ᠠᠷᠲ᠋ᠧᠮᠢᠰ II ᠨᠠᠷ ᠲᠤ ᠵᠣᠷᠢᠭᠤᠯᠤᠨ ᠭᠠᠯᠢᠺᠠᠷᠨᠠᠰᠠᠰᠤᠰ ᠪᠤᠶᠤ ᠣᠳᠣ ᠶᠢᠨ ᠲᠦᠷᠺ ᠤᠯᠤᠰ ᠤᠨ ᠪᠣᠳᠣᠷᠦ᠋ᠮ ᠳᠦ ᠪᠠᠷᠢᠭᠳᠠᠵᠠᠢ᠃ ᠤᠭ ᠪᠠᠷᠢᠯᠭ᠎ᠠ ᠶᠢ ᠭᠷᠧᠺ ᠦᠨ ᠠᠷᠬᠢᠲ᠋ᠧᠺᠲ᠋ᠣᠷᠴᠢ ᠰᠠᠲᠤᠷᠢᠰᠫᠢᠹᠢᠤᠰ ᠨᠠᠷ ᠤᠨ ᠤᠳᠤᠷᠢᠳᠤᠯᠭ᠎ᠠ ᠳᠣᠣᠷ᠎ᠠ ᠪᠠᠷᠢᠭᠰᠠᠨ ᠪᠥᠭᠡᠳ ᠣᠶᠢᠷᠠᠯᠴᠠᠭ᠎ᠠ ᠪᠠᠷ 45 ᠮᠧᠲ᠋ᠷ ᠥᠨᠳᠥᠷ᠂ ᠡᠷᠲᠡᠨ ᠦ ᠭᠷᠧᠺ ᠦᠨ ᠤᠷᠠᠨ ᠪᠠᠷᠢᠯᠭ᠎ᠠ ᠶᠢᠨ ᠮᠠᠰᠲ᠋ᠸᠷ ᠤᠳ ᠪᠣᠯᠬᠤ ᠯᠶᠣᠺᠠᠷᠧᠰᠪᠷᠢᠶᠠᠺᠰᠢᠰᠫᠠᠷᠣᠰ ᠤᠨ ᠰᠺᠣᠫᠠᠰ ᠪᠣᠯᠤᠨ ᠲᠢᠮᠣᠹᠢᠤᠰ ᠨᠠᠷ ᠤᠨ ᠤᠷᠠᠨ ᠪᠠᠷᠢᠯᠭ᠎ᠠ ᠶᠢᠨ ᠣᠨᠴᠠᠯᠢᠭ ᠢ ᠲᠤᠰᠬᠠᠨ᠂ ᠴᠢᠮᠡᠭᠯᠡᠯ ᠪᠦᠬᠦᠢ 4 ᠥᠭᠡᠷ᠎ᠡ ᠲᠠᠯ᠎ᠠ ᠲᠠᠢ ᠬᠢᠭᠰᠡᠨ ᠪᠥᠭᠡᠳ ᠰᠢᠳᠣᠨ ᠤ ᠠᠨᠲ᠋ᠢᠫᠠᠲ᠋ᠧᠷ ᠡᠷᠲᠡᠨ ᠦ ᠳᠡᠯᠡᠬᠡᠢ ᠶᠢᠨ 7 ᠭᠠᠶᠢᠬᠠᠮᠰᠢᠭ ᠤᠨ ᠨᠢᠭᠡ ᠬᠡᠮᠡᠨ ᠨᠡᠷᠡᠯᠡᠭᠰᠡᠨ ᠪᠠᠶᠢᠳᠠᠭ᠃ ᠮᠠᠪᠵᠣᠯᠢᠭᠤᠮ ᠪᠤᠶᠤ ᠮᠠᠪᠵᠣᠯᠧᠢ (ᠥᠷᠥᠨ᠎ᠡ ᠳᠠᠬᠢᠨ ᠳᠤ ᠪᠤᠩᠬᠤᠨ ᠬᠡᠮᠡᠨ ᠣᠶᠢᠯᠠᠭᠠᠭᠳᠠᠳᠠᠭ) ᠬᠡᠮᠡᠬᠦ ᠦᠭᠡ ᠨᠢ ᠶᠡᠷᠦᠩᠬᠡᠢ ᠳᠤ ᠪᠡᠨ ᠠᠪᠤᠷᠭᠤ ᠲᠣᠮᠣ ᠪᠤᠩᠬᠤᠨ ᠢ ᠢᠯᠡᠷᠬᠡᠶᠢᠯᠡᠳᠡᠭ ᠪᠥᠭᠡᠳ ᠮᠠᠦ᠋ᠰᠰᠣᠯᠯᠣᠰ ᠲᠤ ᠵᠣᠷᠢᠭᠤᠯᠤᠭᠰᠠᠨ ᠬᠡᠮᠡᠬᠦ ᠤᠳᠬ᠎ᠠ ᠲᠠᠢ ᠭᠷᠧᠺ ᠦᠭᠡ ᠶᠤᠮ᠃


ᠮᠠᠦ᠋ᠰᠣᠯᠯᠣᠰ ᠪᠠ ᠠᠷᠲ᠋ᠧᠮᠢᠰ ᠬᠣᠶᠠᠷ ᠤᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠨᠠᠲ᠋ᠣᠯᠢᠢᠨ ᠡᠷᠭᠢ ᠳᠦ ᠤᠷᠤᠰᠢᠬᠤ ᠪᠢᠴᠢᠬᠠᠨ ᠬᠠᠭᠠᠨᠲᠤ ᠤᠯᠤᠰ ᠤᠨ ᠨᠡᠶᠢᠰᠯᠡᠯ ᠢ ᠭᠠᠯᠢᠺᠠᠷᠨᠠᠰᠠᠰᠤᠰ ᠬᠡᠮᠡᠨ ᠨᠡᠷᠡᠯᠡᠳᠡᠭ ᠪᠠᠶᠢᠴᠠᠢ᠃ ᠮᠠᠨ ᠤ ᠡᠷᠡᠨ ᠦ ᠡᠮᠦᠨ᠎ᠡ 377 ᠣᠨ ᠳᠤ ᠤᠭ ᠤᠯᠤᠰ ᠤᠨ ᠬᠠᠭᠠᠨ ᠮᠢᠯᠣᠰ ᠤᠨ ᠭᠧᠺᠠᠲ᠋ᠣᠮᠨᠦᠰ ᠨᠠᠰᠤ ᠪᠠᠷᠵᠢ᠂ ᠲᠡᠭᠦᠨ ᠦ ᠣᠷᠣ ᠶᠢ ᠬᠠᠨᠬᠦᠦ ᠮᠠᠦ᠋ᠰᠰᠣᠯᠯᠣᠰ ᠵᠠᠯᠭᠠᠪᠠ᠃ ᠭᠧᠺᠠᠲ᠋ᠣᠮᠨᠦᠰ ᠫᠧᠷᠰᠡᠶᠢᠨ ᠡᠵᠡᠨ ᠳᠦ ᠭᠦᠷᠦᠨ ᠦ ᠬᠠᠷᠢᠶᠠᠨ ᠳᠤ ᠪᠠᠶᠢᠳᠠᠭ ᠪᠠᠶᠢᠭᠰᠠᠨ ᠪᠠ ᠥᠪᠡᠷ ᠦᠨ ᠤᠯᠤᠰ ᠠᠴᠠ ᠭᠠᠳᠠᠨ᠎ᠠ ᠬᠥᠷᠰᠢ ᠬᠡᠳᠦ ᠬᠡᠳᠦᠨ ᠬᠣᠲᠠ᠂ ᠮᠤᠵᠢ ᠶᠢ ᠵᠠᠬᠢᠷᠳᠠᠭ ᠪᠠᠶᠢᠪᠠ᠃ ᠭᠧᠺᠠᠲ᠋ᠣᠮᠨᠦᠰ ᠬᠠᠭᠠᠨ ᠮᠠᠦ᠋ᠰᠣᠯᠯᠣᠰ ᠪᠠ ᠠᠷᠲ᠋ᠧᠮᠢᠰ ᠨᠠᠷ ᠠᠴᠠ ᠭᠠᠳᠠᠨ᠎ᠠ ᠠᠳᠠ (Mᠠᠺᠧᠳᠣᠨ ᠤ ᠠᠯᠧᠺᠰᠠᠨᠳᠠᠷ ᠍ ᠤᠨ ᠡᠷᠭᠦᠭᠰᠡᠨ ᠡᠬᠡ), ᠢᠳᠡᠷᠢᠭᠤᠰ᠂ ᠫᠢᠺᠰᠣᠳᠠᠷᠤᠰ ᠭᠡᠰᠡᠨ ᠬᠡᠦᠬᠡᠳ ᠦᠳ ᠲᠡᠢ ᠪᠠᠶᠢᠪᠠ᠃ ᠮᠠᠦ᠋ᠰᠰᠣᠯᠯᠣᠰ ᠬᠠᠭᠠᠨ ᠪᠣᠯᠤᠮᠠᠭᠴᠠ ᠥᠪᠡᠷ ᠦᠨ ᠭᠠᠵᠠᠷ ᠨᠤᠲᠤᠭ ᠢᠶᠠᠨ ᠠᠨᠠᠲ᠋ᠣᠯ ᠤᠨ ᠪᠠᠷᠠᠭᠤᠨ ᠡᠮᠦᠨᠡᠲᠦ ᠡᠷᠭᠢ ᠲᠡᠰᠢ ᠲᠡᠯᠡᠵᠦ᠂ ᠨᠡᠯᠢᠶᠡᠳ ᠬᠡᠳᠦᠨ ᠬᠣᠲᠠ ᠶᠢ ᠥᠪᠡᠷ ᠦᠨ ᠡᠵᠡᠮᠰᠢᠯ ᠳᠦ ᠪᠡᠨ ᠠᠪᠴᠠᠢ᠃ ᠲᠡᠷᠡ ᠪᠡᠷ 25 ᠵᠢᠯ ᠣᠷᠴᠢᠮ ᠬᠠᠭᠠᠨ ᠰᠢᠷᠡᠭᠡᠨ ᠳᠦ ᠰᠠᠭᠤᠭᠰᠠᠨ ᠪᠠᠶᠢᠨ᠎ᠠ᠃ ᠲᠡᠷᠡ ᠪᠡᠷ ᠠᠨᠠᠲ᠋ᠣᠯ ᠤᠨ ᠡᠷᠭᠢ ᠳᠦ ᠮᠠᠰᠢ ᠣᠯᠠᠨ ᠭᠷᠧᠺ ᠬᠣᠲᠠ ᠨᠤᠭᠤᠳ ᠤᠨ ᠰᠠᠭᠤᠷᠢ ᠶᠢ ᠲᠠᠯᠪᠢᠭᠰᠠᠨ ᠪᠠ ᠭᠷᠧᠺ ᠦᠨ ᠠᠷᠠᠳᠴᠢᠯᠠᠯ ᠢ ᠶᠡᠬᠡ ᠪᠡᠷ ᠬᠥᠬᠥᠦᠯᠡᠨ ᠳᠡᠮᠵᠢᠳᠡᠭ ᠪᠠᠶᠢᠪᠠ᠃ ᠲᠡᠷᠡ ᠪᠡᠷ ᠰᠢᠨ᠎ᠡ ᠨᠡᠶᠢᠰᠯᠡᠯ ᠬᠣᠲᠠ ᠲᠠᠢ ᠪᠣᠯᠬᠣᠷ ᠰᠢᠢᠳᠦᠨ ᠭᠠᠯᠢᠺᠠᠷᠨᠠᠰᠠᠰᠤᠶᠢᠰ ᠢ ᠰᠢᠨᠡᠴᠢᠯᠡᠵᠦ ᠡᠬᠢᠯᠡᠪᠡ᠃ ᠲᠡᠷᠡ ᠪᠡᠷ ᠬᠣᠲᠠ ᠶᠢ ᠲᠡᠩᠭᠢᠰ ᠲᠡᠢ ᠬᠤᠯᠪᠤᠬᠤ ᠪᠣᠭᠣᠮᠲᠠ ᠶᠢ ᠰᠠᠶᠢᠵᠢᠷᠠᠭᠤᠯᠤᠨ ᠲᠣᠮᠣᠷᠠᠭᠤᠯᠵᠤ᠂ ᠲᠡᠩᠭᠢᠰ ᠦᠨ ᠳᠠᠪᠠᠯᠭᠠᠨ ᠢᠶᠠᠨ ᠣᠷᠣᠵᠤ ᠢᠷᠦᠬᠦ ᠦᠭᠡᠢ ᠪᠣᠯᠭᠠᠭᠰᠠᠨ ᠤ ᠰᠠᠴᠠᠭᠤ ᠬᠣᠲᠠ ᠶᠢᠨ ᠵᠢᠷ ᠦᠨ ᠢᠷᠭᠡᠳ ᠦᠨ ᠪᠠᠶᠢᠰᠢᠩᠭ᠎ᠠ ᠨᠤᠭᠤᠳ᠂ ᠬᠣᠲᠠ ᠶᠢᠨ ᠲᠥᠪ ᠲᠠᠯᠠᠪᠠᠢ᠂ ᠭᠤᠳᠤᠮᠵᠢ ᠨᠤᠭᠤᠳ ᠢ ᠬᠣᠯᠪᠣᠭᠰᠠᠨ ᠵᠠᠰᠠᠮᠠᠯ ᠵᠠᠮ ᠲᠠᠯᠪᠢᠭᠰᠠᠨ ᠪᠠᠶᠢᠨ᠎ᠠ᠃

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠮᠢᠨᠦᠠᠲᠦᠺ ᠳ᠋ᠡᠬᠢ ᠭᠠᠯᠢᠺᠠᠷᠨᠠᠰᠠᠰᠤᠰ ᠤᠨ ᠪᠤᠩᠬᠤᠨ ᠤ ᠪᠠᠭᠠᠰᠬᠠᠭᠰᠠᠨ ᠵᠠᠭᠪᠤᠷ᠂ ᠢᠰᠲᠠᠨᠪᠤᠯ

ᠮᠥᠨ ᠬᠣᠲᠠ ᠶᠢᠨ ᠪᠣᠭᠣᠮᠲᠠ ᠶᠢᠨ ᠡᠷᠭᠢ ᠬᠠᠪᠢ ᠳᠤ ᠥᠪᠡᠷᠲᠡᠭᠡᠨ ᠵᠣᠷᠢᠭᠤᠯᠤᠨ ᠲᠡᠩᠭᠢᠰ ᠪᠣᠯᠤᠨ ᠡᠬᠡ ᠭᠠᠵᠠᠷ ᠤᠨ ᠠᠯᠢ ᠠᠯ ᠢ ᠨᠢ ᠪᠦᠷᠢᠨ ᠲᠣᠯᠢᠳᠠᠨ ᠬᠠᠷᠠᠵᠤ ᠴᠢᠳᠠᠬᠤᠶᠢᠴᠠ ᠥᠨᠳᠥᠷᠯᠢᠭ ᠭᠠᠵᠠᠷ ᠲᠤ ᠬᠦᠴᠦᠷᠬᠡᠭ ᠬᠠᠮᠠᠭᠠᠯᠠᠯᠲᠠ ᠪᠦᠬᠦᠢ ᠣᠷᠳᠣᠨ ᠪᠣᠰᠬᠠᠭᠤᠯᠤᠭᠰᠠᠨ ᠪᠠᠶᠢᠨ᠎ᠠ᠃ ᠬᠣᠲᠠ ᠶᠢ ᠲᠣᠭᠣᠷᠢᠭᠤᠯᠤᠨ ᠬᠠᠷᠠᠭᠤᠯ ᠤᠨ ᠴᠠᠮᠬᠠᠭ ᠪᠦᠬᠦᠢ ᠬᠡᠷᠡᠮ ᠪᠣᠰᠬᠠᠭᠤᠯᠵᠤ᠂ ᠭᠷᠧᠺ ᠮᠠᠶ᠋ᠢᠭ ᠤᠨ ᠬᠡᠪ ᠵᠠᠭᠪᠤᠷ ᠲᠠᠢ ᠭᠣᠶᠣᠮᠰᠣᠭ ᠲᠢᠶᠠᠲ᠋ᠷᠰᠦᠮ᠎ᠡᠡᠶᠢᠭ ᠪᠠᠷᠢᠭᠤᠯᠵᠠᠢ᠃ ᠮᠠᠦ᠋ᠰᠣᠯᠯᠣᠰ ᠪᠠ ᠠᠷᠲ᠋ᠧᠮᠢᠰ ᠨᠠᠷ ᠶᠡᠬᠡ ᠬᠡᠮᠵᠢᠶᠡᠨ ᠦ ᠲᠠᠲᠠᠪᠤᠷᠢ ᠨᠣᠭᠳᠠᠭᠤᠯᠤᠨ᠂ ᠲᠡᠭᠦᠪᠡᠷ ᠢᠶᠡᠨ ᠨᠡᠶᠢᠰᠯᠡᠯ ᠬᠣᠲᠠ ᠪᠠᠨ ᠬᠥᠭᠵᠢᠭᠦᠯᠦᠭᠰᠡᠨ ᠪᠠᠶᠢᠨ᠎ᠠ᠃ ᠭᠢᠯᠠᠯᠵᠠᠨ ᠭᠡᠷᠡᠯᠲᠦᠬᠦ ᠴᠠᠭᠠᠨ ᠭᠠᠨᠲᠢᠭ ᠢᠶᠠᠷ ᠬᠥᠰᠢᠶ᠎ᠡ ᠳᠤᠷᠠᠰᠬᠠᠯ ᠤᠳ ᠪᠣᠰᠬᠠᠨ᠂ ᠰᠦᠮ᠎ᠡ᠂ ᠪᠠᠷᠢᠯᠭ᠎ᠠ ᠨᠤᠭᠤᠳ ᠢ ᠴᠢᠮᠡᠳᠡᠭ ᠪᠠᠶᠢᠪᠠ᠃ ᠬᠣᠲᠠ ᠶᠢᠨ ᠲᠥᠪ ᠲᠦ ᠲᠡᠳᠡᠨ ᠢ ᠨᠠᠰᠤ ᠪᠠᠷᠠᠭᠰᠠᠨ ᠤ ᠳᠠᠷᠠᠭ᠎ᠠ ᠴᠣᠭᠴᠠᠰ ᠢ ᠨᠢ ᠠᠮᠤᠭᠤᠯᠠᠩ ᠨᠣᠶᠢᠷᠰᠤᠭᠤᠯᠬᠤ᠂ ᠦᠷᠭᠦᠯᠵᠢᠳᠡ ᠪᠠᠶᠠᠨ ᠲᠠᠩᠰᠤᠭ ᠬᠠᠷᠠᠭᠳᠠᠬᠤ ᠣᠷᠳᠣᠨ ᠪᠠᠷᠢᠬᠤ ᠪᠠᠷ ᠲᠥᠯᠥᠪᠯᠡᠵᠡᠢ᠃ ᠮᠠᠨ ᠤ ᠡᠷᠡᠨ ᠦ ᠡᠮᠦᠨ᠎ᠡ 353 ᠣᠨ ᠳᠤ ᠮᠠᠦ᠋ᠰᠰᠣᠯᠯᠣᠰ ᠬᠠᠭᠠᠨ ᠨᠠᠰᠤ ᠪᠠᠷᠯᠠᠭ᠎ᠠ᠃ ᠤᠯᠤᠰ ᠤᠨ ᠤᠳᠤᠷᠢᠳᠤᠯᠭ᠎ᠠ ᠨᠢ ᠲᠡᠭᠦᠨ ᠦ ᠴᠢᠰᠤᠨ ᠲᠥᠷᠥᠯ ᠦᠨ ᠬᠢᠨ ᠢ ᠠᠭᠤᠯᠠᠭᠰᠠᠨ ᠪᠠᠶᠠᠨ᠂ ᠬᠦᠴᠦᠲᠡᠢ ᠭᠡᠷ ᠪᠦᠯᠢ ᠪᠠᠶᠢᠭᠰᠠᠨ ᠪᠠ ᠲᠡᠭᠦᠨ ᠳᠦ ᠵᠣᠷᠢᠭᠤᠯᠤᠨ ᠥᠪᠡᠷ ᠦᠨ ᠬᠢ ᠨᠢ ᠨᠡᠷ᠎ᠡ ᠪᠡᠷ ᠨᠡᠷᠡᠯᠡᠭᠰᠡᠨ ᠠᠪᠤᠷᠭᠤ ᠪᠤᠩᠬᠤᠨ ᠪᠠᠷᠢᠭᠤᠯᠬᠤ ᠪᠠᠷ ᠰᠢᠢᠳᠡᠭᠰᠡᠨ ᠪᠠᠶᠢᠨ᠎ᠠ᠃ ᠪᠠᠷᠢᠯᠭ᠎ᠠ ᠶᠢᠨ ᠠᠵᠢᠯ ᠡᠬᠢᠯᠡᠬᠦ ᠦᠶ᠎ᠡ ᠪᠡᠷ ᠤᠯᠤᠰ ᠣᠷᠣᠨ ᠳᠤ ᠬᠢᠮᠤᠷᠠᠯ ᠳᠡᠭᠳᠡᠪᠡ᠃ ᠮᠠᠦ᠋ᠰᠰᠣᠯᠯᠣᠰ ᠬᠠᠭᠠᠨ aᠮᠢᠳ ᠪᠠᠶᠢᠬᠤ ᠳᠤ ᠪᠠᠨ ᠡᠭᠧᠢ ᠶᠢᠨ ᠲᠡᠩᠭᠢᠰ ᠲᠤ ᠤᠷᠤᠰᠢᠬᠤ ᠭᠷᠧᠺ ᠰᠤᠶᠤᠯ ᠢᠷᠭᠡᠨᠰᠢᠯ ᠪᠦᠬᠦᠢ ᠷᠣᠳᠣᠰ ᠠᠷᠠᠯ ᠢ ᠪᠠᠶᠢᠯᠳᠤᠨ ᠳᠠᠭᠠᠭᠤᠯᠵᠤ ᠡᠷᠬᠡᠰᠢᠶᠡᠯ ᠳᠦ ᠪᠡᠨ ᠣᠷᠣᠭᠤᠯᠤᠭᠰᠠᠨ ᠪᠣᠯᠪᠠᠴᠤ ᠷᠣᠳᠣᠰ ᠠᠷᠠᠯ ᠤᠨ ᠬᠢᠨ ᠲᠡᠭᠦᠨ ᠢ ᠨᠠᠰᠤ ᠪᠠᠷᠠᠭᠰᠠᠨ ᠢ ᠳᠠᠭᠤᠯᠠᠭᠠᠳ ᠪᠣᠰᠤᠯᠭ᠎ᠠ ᠳᠡᠭᠳᠡᠭᠡᠨ ᠤᠯᠠᠮ ᠢᠶᠠᠷ ᠭᠠᠯᠢᠺᠠᠷᠨᠠᠰᠠᠰᠤᠰ ᠬᠣᠲᠠ ᠶᠢ ᠡᠵᠡᠯᠡᠨ ᠲᠦᠷᠢᠮᠡᠭᠡᠶᠢᠯᠡᠬᠦ ᠪᠡᠷ ᠥᠪᠡᠷ ᠦᠨ ᠹᠯᠣᠲ ᠢᠶᠠᠨ ᠢᠯᠡᠭᠡᠵᠢ ᠪᠡᠨ᠃ ᠷᠣᠳᠣᠰ ᠤᠨ ᠹᠯᠣᠲ ᠍ ᠤᠨ ᠢᠷᠡᠬᠦ ᠵᠠᠮ ᠢ ᠮᠡᠳᠡᠵᠦ ᠪᠠᠶᠢᠭᠰᠠᠨ ᠠᠷᠲ᠋ᠧᠮᠢᠰ ᠥᠪᠡᠷ ᠦᠨ ᠹᠯᠣᠲ ᠢᠶᠠᠨ ᠬᠣᠲᠠ ᠶᠢᠨ ᠡᠷᠭᠢ ᠣᠷᠴᠢᠮ ᠤᠨ ᠪᠤᠯᠤᠨ ᠳᠤ ᠨᠢᠭᠤᠵᠤ᠂ ᠷᠣᠳᠣᠰ ᠤᠨ ᠴᠡᠷᠢᠭ ᠦᠳ ᠡᠷᠭᠢ ᠷᠦᠦ ᠭᠠᠷᠤᠮᠠᠭᠴᠠ ᠲᠡᠳᠡᠨ ᠦ ᠣᠩᠭᠣᠴᠠ ᠨᠤᠭᠤᠳ ᠷᠤ ᠳᠣᠪᠲᠣᠯᠤᠭᠤᠯᠤᠨ ᠪᠤᠲᠠ ᠨᠢᠷᠭᠡᠭᠰᠡᠨ ᠢᠶᠡᠷ ᠢᠯᠠᠯᠲᠠ ᠪᠠᠶᠢᠭᠤᠯᠵᠠᠢ᠃ ᠠᠷᠲ᠋ᠧᠮᠢᠰ ᠡᠭᠦᠪᠡᠷ ᠵᠣᠭᠰᠣᠯ ᠦᠭᠡᠢ ᠥᠪᠡᠷ ᠦᠨ ᠷᠯᠣᠲ ᠪᠣᠯᠤᠨ ᠣᠯᠵᠯᠠᠭᠰᠠᠨ ᠣᠩᠭᠣᠴᠠᠨ ᠨᠤᠭᠤᠳ ᠢ ᠠᠰᠢᠭᠯᠠᠨ ᠷᠣᠳᠣᠰ ᠠᠷᠠᠯ ᠢ ᠡᠵᠡᠯᠡᠬᠦ ᠪᠡᠷ ᠴᠡᠷᠢᠭ ᠢᠶᠡᠨ ᠢᠯᠡᠭᠡᠭᠰᠡᠨ ᠪᠠᠶᠢᠨ᠎ᠠ᠃ ᠷᠣᠳᠣᠰ ᠤᠨ ᠬᠢᠨ ᠠᠷᠠᠯ ᠷᠤ ᠢᠷᠡᠵᠦ ᠪᠤᠢ ᠥᠪᠡᠷᠰᠡᠳ ᠦᠨ ᠵᠠᠪᠢᠨ ᠨᠤᠭᠤᠳ ᠢ ᠬᠠᠷᠠᠨ ᠥᠪᠡᠷᠰᠡᠳ ᠦᠨ ᠴᠡᠷᠢᠭ ᠦᠳ ᠢ ᠢᠯᠠᠯᠲᠠ ᠪᠠᠶᠢᠭᠤᠯᠤᠨ ᠡᠷᠭᠢᠨ ᠢᠷᠡᠯ᠎ᠡ ᠬᠡᠮᠡᠨ ᠡᠨᠳᠡᠭᠦᠷᠡᠵᠦ᠂ ᠬᠠᠮᠠᠭᠠᠯᠠᠯᠲᠠ ᠪᠠᠨ ᠰᠤᠯᠠᠷᠠᠭᠤᠯᠤᠭᠰᠠᠨ ᠨᠢ ᠠᠷᠲ᠋ᠧᠮᠢᠰ ᠲᠤ ᠬᠢᠯᠪᠠᠷ ᠣᠯᠵᠠ ᠪᠣᠯᠵᠤ᠂ ᠷᠣᠳᠠᠰ ᠢ ᠪᠦᠷᠢᠨ ᠡᠵᠡᠯᠡᠵᠦ᠂ ᠪᠣᠰᠤᠯᠭ᠎ᠠ ᠭᠠᠷᠭᠠᠭᠴᠢᠳ ᠢ ᠳᠠᠷᠤᠨ ᠰᠥᠨᠥᠵᠡᠢ᠃ ᠠᠷᠲ᠋ᠧᠮᠢᠰ ᠬᠠᠲᠤᠨ ᠤᠳᠠᠭᠠᠨ ᠠᠮᠢᠳᠤᠷᠠᠭᠰᠠᠨ ᠦᠭᠡᠢ᠂ ᠨᠥᠬᠥᠷ ᠦᠨ ᠢᠶᠡᠨ ᠦᠬᠦᠯ ᠡᠴᠡ 2 ᠵᠢᠯ ᠦᠨ ᠳᠠᠷᠠᠭ᠎ᠠ ᠨᠠᠰᠤᠨ ᠡᠴᠦᠰᠯᠡᠵᠡᠢ᠃ ᠤᠭᠰᠠᠭ᠎ᠠ ᠵᠠᠯᠭᠠᠮᠵᠢᠯᠠᠭᠴᠢᠳ ᠨᠢ ᠲᠡᠳᠡᠨ ᠦ ᠱᠠᠷᠢᠯ ᠢ ᠴᠢᠨᠳᠠᠷᠯᠠᠭᠰᠠᠨ ᠪᠥᠭᠡᠳ ᠬᠠᠷᠠᠬᠠᠨ ᠳᠠᠭᠤᠰᠤᠭ᠎ᠠ ᠦᠭᠡᠢ ᠪᠠᠶᠢᠭᠰᠠᠨ ᠪᠤᠩᠬᠤᠨ ᠳᠤ ᠨᠢ ᠪᠠᠶᠢᠷᠢᠯᠠᠭᠤᠯᠵᠠᠢ᠃ ᠤᠭ ᠶᠣᠰᠣᠯᠠᠯ ᠳᠤ ᠵᠣᠷᠢᠭᠤᠯᠤᠨ ᠮᠠᠰᠢ ᠣᠯᠠᠨ ᠲᠣᠭᠠᠨ ᠤ ᠠᠮᠢᠲᠠᠨ ᠢᠶᠠᠷ ᠡᠷᠭᠦᠯ ᠡᠷᠭᠦᠭᠰᠡᠨ ᠠᠵᠢ᠃


ᠪᠤᠩᠬᠤᠨ ᠤ ᠪᠦᠲᠦᠭᠡᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠩᠬᠤᠨ ᠤ ᠲᠤᠷ᠎ᠠ ᠥᠨᠥ ᠦᠶ᠎ᠡ ᠳᠦ

ᠠᠷᠲ᠋ᠧᠮᠢᠰ ᠬᠠᠲᠤᠨ ᠪᠤᠩᠬᠤᠨ ᠤ ᠠᠵᠢᠯ ᠳᠤ ᠵᠣᠷᠢᠭᠤᠯᠤᠨ ᠬᠠᠷᠠᠮ ᠦᠭᠡᠢ ᠶᠡᠬᠡ ᠬᠥᠷᠥᠩᠭᠡ ᠵᠠᠷᠤᠴᠠᠭᠤᠯᠵᠤ᠂ ᠲᠤᠬᠠᠢ ᠶᠢᠨ ᠦᠶ᠎ᠡ ᠶᠢᠨ ᠬᠠᠮᠤᠭ ᠤᠨ ᠠᠪᠢᠶᠠᠰᠯᠢᠭ ᠤᠷᠠᠨ ᠪᠠᠷᠢᠯᠭᠠᠴᠢᠳ ᠢ ᠠᠪᠴᠢᠷᠠᠬᠤ ᠪᠠᠷ ᠡᠯᠴᠢ ᠨᠠᠷᠠ ᠪᠠᠨ ᠭᠷᠧᠺ ᠷᠦᠦ ᠢᠯᠡᠭᠡᠵᠦ ᠪᠠᠶᠢᠪᠠ᠃ ᠡᠯᠴᠢ ᠨᠠᠷ ᠡᠹᠧᠰᠤᠶᠢᠰ ᠤᠨ ᠠᠷᠲ᠋ᠧᠮᠢᠰ ᠤᠨ ᠰᠦᠮ᠎ᠡ ᠶᠢᠨ ᠵᠠᠰᠠᠪᠤᠷᠢ ᠶᠢᠨ ᠠᠵᠢᠯ ᠢ ᠤᠳᠤᠷᠢᠳᠤᠭᠴᠢ ᠰᠺᠣᠫᠠᠰ ᠪᠣᠯᠤᠨ ᠯᠶᠣᠺᠠᠷᠧᠰ᠂ ᠪᠷᠢᠶᠠᠺᠰᠢᠰ᠂ ᠲᠢᠮᠣᠹᠢᠤᠰ ᠨᠠᠷ ᠤᠨ ᠵᠡᠷᠭᠡ ᠠᠯᠳᠠᠷᠲᠤ ᠪᠠᠷᠢᠮᠠᠯᠴᠢ ᠳᠤ ᠲᠡᠷᠢᠭᠦᠲᠡᠢ ᠬᠡᠳᠦᠨ ᠵᠠᠭᠤᠨ ᠤᠷᠠᠨ ᠳᠠᠷᠬᠠᠨ ᠢ ᠬᠥᠯᠥᠰᠥᠯᠡᠨ ᠠᠪᠴᠢᠷᠠᠭᠰᠠᠨ ᠪᠠᠶᠢᠨ᠎ᠠ᠃ ᠬᠣᠲᠠ ᠶᠢ ᠪᠦᠬᠦᠯᠢ ᠳᠦ ᠨᠢ ᠬᠠᠷᠠᠬᠤᠶᠢᠴᠠ ᠲᠣᠯᠣᠭᠠᠢ ᠳᠡᠭᠡᠷ᠎ᠡ ᠪᠣᠰᠬᠠᠭᠰᠠᠨ ᠪᠥᠭᠡᠳ ᠤᠭ ᠪᠠᠶᠢᠭᠤᠯᠤᠮᠵᠢ ᠶᠢ ᠲᠣᠭᠣᠷᠢᠭᠤᠯᠤᠨ ᠬᠠᠰᠢᠶ᠎ᠠ ᠪᠣᠰᠬᠠᠭᠰᠠᠨ ᠪᠠᠶᠢᠪᠠ᠃ ᠴᠢᠯᠠᠭᠤᠨ ᠠᠷᠰᠯᠠᠨᠤᠭ ᠤᠳ᠂ ᠪᠤᠷᠬᠠᠨ᠂ ᠥᠬᠢᠨ ᠲᠩᠷᠢ ᠨᠦᠭᠦᠳ ᠬᠥᠰᠢᠶ᠎ᠡ ᠶᠢ ᠲᠣᠭᠣᠷᠢᠭᠤᠯᠤᠨ ᠴᠢᠮᠡᠭᠯᠡᠭᠰᠡᠨ ᠪᠠ ᠥᠨᠴᠥᠭ ᠪᠦᠷᠢ ᠳᠦ ᠨᠢ ᠮᠣᠷᠢᠲᠠᠨ ᠪᠠᠭᠠᠲᠤᠷ ᠤᠳ ᠤᠨ ᠴᠢᠯᠠᠭᠤᠨ ᠬᠥᠰᠢᠶ᠎ᠡ ᠶᠢ ᠤᠷᠠᠯᠠᠨ ᠪᠠᠶᠢᠷᠢᠯᠠᠭᠤᠯᠵᠠᠢ᠃ ᠲᠠᠯᠠᠪᠠᠢ ᠶᠢᠨ ᠲᠥᠪ ᠬᠡᠰᠡᠭ ᠲᠦ ᠭᠠᠨᠲᠢᠭ ᠢᠶᠠᠷ 45 ᠮᠧᠲ᠋ᠷ /135 ᠲᠣᠬᠣᠢ/ ᠣᠷᠴᠢᠮ ᠥᠨᠳᠥᠷ ᠪᠤᠩᠬᠤᠨ ᠪᠠᠶᠢᠭᠤᠯᠵᠠᠢ᠃ ᠤᠭ ᠪᠤᠩᠬᠤᠨ 3 ᠬᠡᠰᠡᠭ ᠲᠦ ᠬᠤᠪᠢᠶᠠᠭᠳᠠᠭᠰᠠᠨ ᠪᠠᠶᠢᠭᠰᠠᠨ ᠪᠥᠭᠡᠳ ᠡᠬᠢᠨ ᠦ ᠬᠡᠰᠡᠭ ᠲᠦ ᠲᠡᠮᠳᠡᠭᠯᠡᠯᠲᠦ ᠦᠢᠯᠡ ᠶᠠᠪᠤᠳᠠᠯ ᠤᠳ᠂ ᠼᠧᠨᠲᠠᠸᠷᠯᠠᠫᠢᠹ ᠦᠳ ᠤᠨ ᠲᠤᠯᠤᠭᠠᠨ᠂ ᠠᠮᠠᠽᠣᠨ ᠤ ᠳᠠᠶᠢᠴᠢᠳ ᠢ ᠳᠦᠷᠰᠦᠯᠡᠭᠰᠡᠨ ᠴᠢᠮᠡᠭᠯᠡᠯ ᠦᠳ ᠪᠦᠬᠦᠢ ᠴᠢᠯᠠᠭᠤᠨ ᠱᠠᠲᠤ ᠨᠤᠭᠤᠳ ᠪᠠᠶᠢᠳᠠᠭ ᠪᠠᠶᠢᠪᠠ᠃ ᠲᠡᠭᠦᠨ ᠦ ᠳᠡᠭᠡᠷ᠎ᠡ ᠶᠢᠰᠦᠨ ᠲᠠᠯ᠎ᠠ ᠳᠤ 36 ᠪᠠᠭᠠᠨ᠎ᠠ ᠲᠠᠢ ᠪᠠᠶᠢᠭᠰᠠᠨ ᠪᠥᠭᠡᠳ ᠪᠠᠭᠠᠨ᠎ᠠ ᠨᠤᠭᠤᠳ ᠤᠨ ᠳᠤᠮᠳᠠ ᠬᠥᠰᠢᠶ᠎ᠡ ᠪᠠᠶᠢᠳᠠᠭ ᠪᠠᠶᠢᠪᠠ᠃ ᠪᠠᠭᠠᠨ᠎ᠠ ᠨᠤᠭᠤᠳ ᠤᠨ ᠣᠷᠣᠢ ᠳᠡᠭᠡᠷ᠎ᠡ ᠭᠤᠷᠪᠠ ᠳᠠᠬᠢ ᠬᠡᠰᠡᠭ ᠪᠤᠶᠤ ᠰᠤᠪᠤᠷᠭ᠎ᠠ ᠪᠠᠶᠢᠭᠰᠠᠨ ᠠᠵᠢ᠃ ᠣᠷᠣᠢ ᠳᠡᠭᠡᠷ᠎ᠡ ᠨᠢ ᠳᠥᠷᠪᠡᠯᠡᠭᠰᠡᠨ ᠮᠣᠷᠢᠨ ᠲᠡᠷᠭᠡ ᠬᠥᠯᠭᠡᠯᠡᠨ ᠳᠠᠪᠬᠢᠵᠤ ᠪᠤᠢ ᠮᠠᠦ᠋ᠰᠰᠣᠯᠯᠣᠰ ᠪᠠ ᠠᠷᠲ᠋ᠧᠮᠢᠰ ᠨᠠᠷ ᠢ ᠳᠦᠷᠰᠦᠯᠡᠭᠰᠡᠨ ᠬᠥᠰᠢᠶ᠎ᠡ ᠶᠢ ᠤᠷᠠᠯᠠᠭᠰᠠᠨ ᠪᠠᠶᠢᠳᠠᠭ ᠪᠠᠶᠢᠪᠠ᠃


ᠰᠦᠢᠷᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠯᠢᠺᠠᠷᠨᠠᠰᠠᠰᠤᠰ ᠬᠣᠳᠠ ᠳᠤ ᠤᠭ ᠪᠤᠩᠬᠤᠨ ᠣᠯᠠᠨ ᠵᠠᠭᠤᠨ ᠵᠢᠯ ᠦᠨ ᠲᠤᠷᠰᠢ ᠰᠦᠨᠳᠡᠷᠯᠡᠭᠰᠡᠭᠡᠷ ᠪᠠᠶᠢᠭᠰᠠᠨ ᠶᠤᠮ᠃ ᠮᠠᠨ ᠤ ᠡᠷᠡᠨ ᠦ ᠡᠮᠦᠨ᠎ᠡ 334 ᠣᠨ ᠳᠤ ᠮᠠᠺᠧᠳᠣᠨ ᠤ ᠠᠯᠧᠺᠰᠠᠨᠳᠠᠷ ᠲᠤ ᠡᠵᠡᠯᠡᠭᠳᠡᠬᠦ ᠳᠦ ᠴᠤ᠂ ᠮᠠᠨ ᠤ ᠡᠷᠡᠨ ᠦ ᠡᠮᠦᠨ᠎ᠡ 62 ᠪᠣᠯᠤᠨ ᠮᠠᠨ ᠤ ᠡᠷᠡᠨ ᠦ ᠡᠮᠦᠨ᠎ᠡ 58 ᠣᠨ ᠳᠤ ᠳᠠᠯᠠᠢ ᠶᠢᠨ ᠳᠡᠭᠡᠷᠡᠮᠴᠢᠳ ᠲᠦ ᠲᠣᠨᠣᠭᠤᠯᠬᠤ ᠳᠤ ᠴᠤ ᠲᠡᠷᠡ ᠰᠦᠨᠳᠡᠷᠯᠡᠭᠰᠡᠨ ᠬᠡᠪ ᠢᠶᠡᠷ ᠢᠶᠡᠨ ᠪᠠᠶᠢᠭᠰᠠᠨ᠃ ᠤᠳᠠᠭ᠎ᠠ ᠳᠠᠷᠠᠭ᠎ᠠ ᠶᠢᠨ ᠱᠠᠲᠤᠯᠠᠭᠰᠠᠨ ᠭᠠᠵᠠᠷ ᠬᠥᠳᠡᠯᠦᠯᠲᠡ ᠨᠦᠭᠦᠳ ᠪᠣᠯᠵᠤ ᠬᠦᠷᠡᠯ ᠬᠥᠰᠢᠶ᠎ᠡ ᠭᠦᠢ ᠪᠣᠯᠤᠭᠰᠠᠨ ᠴᠤ ᠬᠣᠲᠠ ᠶᠢᠨ ᠡᠪᠳᠡᠷᠬᠡᠢ ᠪᠠᠯᠭᠠᠰᠤ ᠳᠤᠮᠳᠠ ᠤᠭ ᠪᠤᠩᠬᠤᠨ 16 ᠵᠠᠭᠤᠨ ᠤ ᠲᠤᠷᠰᠢ ᠣᠷᠣᠰᠢᠨ ᠪᠠᠶᠢᠭᠰᠠᠭᠠᠷ ᠪᠠᠶᠢᠭᠰᠠᠨ ᠶᠤᠮ᠃ 1404 ᠣᠨ ᠭᠡᠬᠦ ᠳᠦ ᠪᠤᠩᠬᠤᠨ ᠠᠴᠠ ᠠᠪᠤᠷᠭᠤ ᠰᠠᠭᠤᠷᠢ ᠨᠢ ᠯᠠ ᠦᠯᠡᠳᠡᠭᠰᠡᠨ ᠪᠠᠶᠢᠯ᠎ᠠ᠃ ᠠᠷᠪᠠᠨ ᠲᠠᠪᠤᠳᠤᠭᠠᠷ ᠵᠠᠭᠤᠨ ᠤ ᠡᠬᠢ ᠪᠡᠷ ᠮᠠᠯᠦᠲ᠋ᠠ ᠍ ᠤᠨ ᠭᠡᠭᠡᠨ ᠵᠣᠨ ᠤ ᠬᠥᠯᠥᠭ ᠪᠠᠭᠠᠲᠤᠷ ᠤᠳ ᠤᠭ ᠨᠤᠲᠤᠭ ᠤᠨ ᠡᠵᠡᠯᠡᠨ ᠲᠦᠷᠢᠮᠡᠭᠡᠶᠢᠯᠡᠵᠦ᠂ ᠪᠣᠳᠣᠷᠤᠮ ᠴᠠᠶᠢᠵᠠ ᠬᠡᠮᠡᠨ ᠨᠡᠷᠡᠯᠡᠭᠳᠡᠳᠡᠭ ᠲᠣᠮᠣᠬᠠᠨ ᠪᠡᠬᠢᠯᠡᠯᠲᠡ ᠪᠠᠶᠢᠭᠤᠯᠤᠭᠰᠠᠨ ᠪᠥᠭᠡᠳ 1494 ᠣᠨ ᠳᠤ ᠲᠡᠳᠡ ᠲᠣᠭᠣᠷᠢᠭᠤᠯᠤᠨ ᠬᠠᠮᠠᠭᠠᠯᠠᠯᠲᠠ ᠪᠠᠷᠢᠬᠤ ᠶᠢᠨ ᠲᠤᠯᠠᠳᠠ ᠪᠤᠩᠬᠤᠨ ᠤ ᠴᠢᠯᠠᠭᠤ ᠨᠤᠭᠤᠳ ᠢ ᠠᠰᠢᠭᠯᠠᠬᠤ ᠪᠠᠷ ᠰᠢᠢᠳᠡᠭᠰᠡᠨ ᠪᠠᠶᠢᠨ᠎ᠠ᠃ 1522 ᠣᠨ ᠳᠤ ᠲᠦᠷᠺ ᠦᠳ ᠤᠨ ᠳᠣᠪᠲᠣᠯᠭᠠᠨ ᠤ ᠡᠰᠡᠷᠬᠦ ᠵᠠᠭᠠᠯᠮᠠᠶᠢᠲᠠᠨ ᠨᠤᠭᠤᠳ ᠪᠣᠳᠣᠷᠤᠮ ᠤᠨ ᠬᠠᠮᠠᠭᠠᠯᠠᠯᠲᠠ ᠶᠢ ᠤᠯᠠᠮ ᠰᠠᠶᠢᠵᠢᠷᠠᠭᠤᠯᠵᠤ᠂ ᠬᠡᠷᠡᠮ ᠪᠣᠰᠬᠠᠬᠤ ᠪᠠᠷ ᠤᠭ ᠪᠤᠩᠬᠤᠨ ᠤ ᠦᠯᠡᠳᠡᠭᠰᠡᠨ ᠬᠡᠰᠡᠭ ᠦᠨ ᠴᠢᠯᠠᠭᠤ ᠶᠢ ᠪᠦᠷᠢᠨ ᠠᠪᠤᠭᠰᠠᠨ ᠪᠠᠶᠢᠨ᠎ᠠ᠃ ᠥᠨᠥᠳᠥᠷ ᠤᠭ ᠬᠡᠷᠡᠮ ᠳᠦ ᠪᠤᠩᠬᠤᠨ ᠤ ᠥᠩᠭᠡᠯᠡᠭᠡᠨ ᠳᠦ ᠬᠡᠷᠡᠭᠯᠡᠭᠳᠡᠵᠦ ᠪᠠᠶᠢᠭᠰᠠᠨ ᠭᠠᠨᠲᠢᠭ ᠴᠢᠯᠠᠭᠤᠨ ᠨᠤᠭᠤᠳ ᠤᠨ ᠦᠯᠡᠳᠡᠭᠳᠡᠯ ᠬᠠᠶᠠ ᠨᠢᠭᠡ ᠭᠢᠯᠠᠯᠵᠠᠨ ᠬᠠᠷᠠᠭᠳᠠᠭᠰᠠᠭᠠᠷ ᠪᠠᠶᠢᠳᠠᠭ ᠠᠵᠢ᠃ ᠤᠭ ᠪᠤᠩᠬᠤᠨ ᠨᠢ ᠮᠠᠰᠢ ᠶᠡᠬᠡ ᠠᠯᠳᠠᠷᠰᠢᠭᠰᠠᠨ ᠲᠤᠯᠠ ᠲᠡᠭᠦᠨ ᠦ ᠬᠡᠯᠪᠡᠷᠢ ᠵᠠᠭᠪᠤᠷ ᠢᠶᠠᠷ ᠬᠢᠭᠳᠡᠭᠰᠡᠨ ᠪᠤᠩᠬᠤᠨ᠂ ᠪᠠᠷᠢᠯᠭ᠎ᠠ ᠨᠤᠭᠤᠳ ᠨᠡᠯᠢᠶᠡᠳ ᠲᠦᠭᠡᠨ ᠳᠡᠯᠭᠡᠷᠡᠭᠰᠡᠨ ᠪᠠᠶᠢᠳᠠᠭ ᠠᠵᠢ᠃

ᠪᠢᠴᠢᠭᠡᠰᠦ