ᠮᠠᠤ ᠽᠸ ᠳ᠋ᠦᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠤ ᠽᠸ ᠳ᠋ᠦᠩ

ᠮᠠᠤ ᠽᠸ ᠳ᠋ᠦᠩ (ᠬᠠᠨᠵᠤ ᠶᠢᠨ ᠬᠢᠯᠪᠠᠷᠴᠢᠯᠠᠯ ᠶᠢᠡᠷ 毛泽东; ᠬᠢᠲᠠᠳ ᠶᠢᠡᠷ 毛澤東; ᠯᠠᠲ᠋ᠢᠨ ᠭᠠᠯᠢᠭ ᠶᠢᠡᠷ Máo Zédōng) (1893 ᠤᠨ ᠤ 12 ᠳ᠋ᠤᠭᠠᠷ ᠰᠠᠷ᠎ᠠ ᠶᠢᠨ 26 ᠍ ᠳᠦ ᠲᠥᠷᠦᠵᠢ 1976 ᠤᠨ ᠤ 9 ᠳᠦᠭᠡᠷ ᠰᠠᠷ᠎ᠠ ᠶᠢᠨ 9 ᠍ ᠳᠦ ᠨᠠᠰᠤ ᠪᠠᠷᠠᠭᠰᠠᠨ) ᠬᠢᠲᠠᠳ ᠍ ᠤᠨ ᠬᠤᠪᠢᠰᠬᠠᠯᠴᠢ᠂ ᠤᠯᠤᠰ ᠲᠥᠷᠥ ᠶᠢᠨ ᠣᠨᠣᠯᠴᠢ᠂ ᠡᠪ ᠬᠠᠮᠳᠣ ᠤᠳᠤᠷᠢᠳᠤᠭᠴᠢ᠃ ᠲᠡᠷᠡ ᠪᠡᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠢ (ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ) 1949 ᠤᠨ ᠳᠤ ᠪᠠᠶᠢᠭᠤᠯᠤᠭᠳᠠᠰᠤᠨ ᠠᠴᠠ ᠨᠢ ᠬᠣᠶᠢᠰᠢ 1976 ᠤᠨ ᠳᠤ ᠨᠠᠰᠤ ᠪᠠᠷᠠᠬᠤ ᠬᠦᠷᠲᠡᠯ᠎ᠡ ᠤᠳᠤᠷᠢᠳᠥᠵᠠᠢ᠃ ᠲᠡᠭᠦᠨ ᠦ ᠮᠠᠷᠺᠰᠢᠰᠮ-ᠯᠧᠨᠢᠨᠢᠰᠮ᠂ ᠴᠡᠷᠢᠭ ᠦᠨ ᠪᠠᠶᠢᠯᠳᠣᠬᠣ ᠪᠣᠳᠣᠯᠭ᠎ᠠ ᠳᠤ ᠣᠷᠣᠭᠤᠯᠤᠭᠰᠠᠨ ᠣᠨᠣᠯ ᠤᠨ ᠬᠤᠪᠢ ᠨᠡᠮᠡᠷᠢ᠂ ᠲᠡᠭᠦᠨ ᠦ ᠥᠪᠡᠷ ᠦᠨ ᠭᠡᠰᠡᠨ ᠺᠣᠮᠮᠤᠨᠢᠰ ᠲᠤ ᠪᠣᠳᠣᠯᠭ᠎ᠠ ᠶᠢ ᠬᠠᠮᠲᠤ ᠳᠤ ᠨᠢ ᠡᠳᠦᠭᠡ ᠮᠠ ᠢᠶᠢᠰᠮ ᠭᠡᠳᠡᠭ᠃

ᠮᠠᠣ ᠥᠨᠥᠳᠥᠷ ᠢ ᠬᠦᠷᠲᠡᠯ᠎ᠡ ᠰᠠᠶᠢᠨ ᠮᠠᠭᠤ ᠶᠢᠨ ᠠᠯᠢ ᠠᠯᠢᠨ ᠢᠶᠠᠷ ᠬᠡᠯᠡᠭᠳᠡᠳᠡᠭ ᠵᠢᠳᠬᠦᠯᠲᠡᠨ ᠬᠡᠪ ᠢᠶᠡᠷ ᠪᠠᠶᠢᠭ᠎ᠠ ᠪᠥᠭᠡᠳ ᠰᠠᠶᠢᠨ ᠮᠠᠭᠤ ᠶᠢᠨ ᠠᠯᠢ ᠠᠯᠢᠨ ᠢᠶᠠᠷ ᠬᠡᠯᠢᠭ ᠲᠦ ᠬᠢ᠂ ᠦᠷᠭᠦᠯᠵᠢ ᠬᠤᠪᠢᠰᠤᠨ ᠥᠭᠡᠷᠡᠴᠢᠯᠡᠭᠳᠡᠬᠦ ᠥᠪ ᠢ ᠠᠷᠤ ᠳᠠᠭᠠᠨ ᠦᠯᠡᠳᠡᠭᠡᠭᠰᠡᠨ ᠶᠤᠮ᠃ ᠠᠯᠪᠠᠨ ᠶᠣᠰᠣᠭᠠᠷ ᠬᠢᠲᠠᠳ ᠲᠤ ᠠᠤᠭ᠎ᠠ ᠬᠤᠪᠢᠰᠬᠠᠯᠴᠢ᠂ ᠤᠯᠤᠰ ᠲᠥᠷᠥ ᠶᠢᠨ ᠰᠲᠷᠠᠲ᠋ᠧᠭᠢᠴᠢ᠂ ᠴᠡᠷᠢᠭ ᠦᠨ ᠰᠤᠤᠲᠤ ᠤᠬᠠᠭᠠᠨᠲᠠᠨ᠂ ᠤᠯᠤᠰ ᠦᠨᠳᠦᠰᠦᠲᠡᠨ ᠢ ᠠᠪᠤᠷᠠᠭᠴᠢ ᠭᠡᠵᠦ ᠶᠡᠬᠡᠳᠡ ᠬᠦᠨᠳᠦᠯᠡᠭᠳᠡᠳᠡᠭ᠃ ᠬᠢᠲᠠᠳ ᠤᠨ ᠣᠯᠠᠨ ᠢᠷᠭᠡᠳ ᠮᠠᠣ ᠥᠪᠡᠷ ᠦᠨ ᠭᠠᠷᠮᠠᠭᠠᠢ ᠮᠡᠷᠭᠡᠨ ᠪᠣᠳᠣᠯᠭ᠎ᠠ ᠪᠠᠷ ᠬᠢᠲᠠᠳ ᠣᠷᠣᠨ ᠢ ᠬᠣᠴᠣᠷᠤᠭᠳᠠᠭᠰᠠᠨ ᠬᠥᠳᠡᠭᠡ ᠠᠵᠤ ᠠᠬᠤᠢ ᠶᠢᠨ ᠤᠯᠤᠰ ᠠᠴᠠ ᠳᠡᠯᠡᠬᠡᠢ ᠶᠢᠨ ᠵᠣᠩᠬᠢᠯᠠᠬᠤ ᠨᠢᠭᠡᠨ ᠭᠦᠷᠦᠨ ᠪᠣᠯᠭᠠᠵᠤ᠂ ᠣᠷᠴᠢᠨ ᠦᠶ᠎ᠡ ᠶᠢᠨ ᠬᠢᠲᠠᠳ ᠤᠨ ᠡᠳ᠋ ᠍ ᠦᠨ ᠵᠠᠰᠠᠭ᠂ ᠲᠧᠭᠨᠣᠯᠣᠭᠢ᠂ ᠰᠤᠶᠤᠯ ᠤᠨ ᠦᠨᠳᠦᠰᠦ ᠰᠠᠭᠤᠷᠢ ᠶᠢ ᠲᠠᠯᠪᠢᠭᠰᠠᠨ ᠭᠡᠵᠦ ᠦᠵᠡᠳᠡᠭ᠃ ᠲᠡᠭᠦᠨᠴᠢᠯᠡᠨ ᠮᠠ ᠶᠢ ᠬᠢᠲᠠᠳ ᠲᠤ ᠢᠷᠠᠭᠤ ᠨᠠᠶᠢᠷᠠᠭᠴᠢ᠂ ᠭᠦᠨ ᠤᠬᠠᠭᠠᠨᠲᠠᠨ᠂ ᠵᠥᠩᠴᠢ ᠭᠡᠵᠦ ᠦᠵᠡᠬᠦ ᠨᠢ ᠣᠯᠠᠨᠲᠠ᠃ ᠢᠯᠠᠩᠭᠤᠶ᠎ᠠ ᠵᠥᠩᠴᠢ ᠭᠡᠵᠦ ᠦᠵᠡᠳᠡᠭ ᠨᠢ ᠲᠡᠭᠦᠨ ᠢ ᠲᠥᠷᠥ ᠶᠢᠨ ᠡᠷᠬᠡ ᠶᠢ ᠪᠠᠷᠢᠵᠤ ᠪᠠᠶᠢᠬᠤ ᠬᠤᠭᠤᠴᠠᠭᠠᠨ ᠳᠤ ᠨᠢ ᠲᠠᠬᠢᠨ ᠰᠢᠲᠦᠵᠦ ᠪᠠᠶᠢᠭᠰᠠᠨ ᠲᠠᠢ ᠭᠣᠣᠯᠴᠢᠯᠠᠨ ᠬᠣᠯᠪᠣᠭ᠎ᠠ ᠲᠠᠢ᠃[1] ᠬᠡᠳᠦᠢ ᠴᠢᠩᠺᠠᠶᠢᠰᠢ ᠶᠢᠨ ᠳᠢᠭᠯᠢᠮ ᠢ ᠤᠨᠠᠭᠠᠨ ᠬᠢᠲᠠᠳ ᠤᠨ ᠬᠤᠪᠢᠰᠬᠠᠯ ᠢ ᠣᠷᠣᠶᠢᠯᠠᠨ ᠤᠳᠤᠷᠢᠳᠤᠨ ᠢᠯᠠᠯᠲᠠᠨ ᠳᠤ ᠬᠦᠷᠭᠡᠭᠰᠡᠨ ᠭᠡᠬᠦ ᠪᠣᠯᠪᠠᠴᠤ ᠬᠤᠪᠢᠰᠬᠠᠯ ᠤᠨ ᠳᠠᠷᠠᠭ᠎ᠠ ᠤᠯᠤᠰ ᠣᠷᠣᠨ ᠢᠶᠠᠨ ᠤᠳᠤᠷᠢᠳᠤᠨ ᠵᠢᠯᠤᠭᠤᠳᠬᠤ ᠴᠢᠳᠠᠪᠤᠷᠢ ᠦᠭᠡᠢ ᠪᠣᠯᠬᠤ ᠨᠢ ᠬᠠᠷᠠᠭᠳᠠᠵᠤ ᠪᠥᠭᠡᠮ ᠢᠶᠡᠷ ᠬᠤᠷᠢᠬᠤ ᠬᠥᠳᠡᠯᠮᠦᠷᠢ ᠶᠢᠨ ᠯᠠᠭᠧᠷ᠂ ᠴᠥᠯᠡᠯᠭᠡ ᠶᠢᠨ ᠣᠷᠣᠨ ᠪᠣᠯᠤᠨ ᠬᠤᠪᠢᠷᠠᠵᠠᠢ᠃ᠲᠡᠷᠡᠪᠡᠷ 《ᠠᠷᠠᠳ ᠲᠦᠮᠡᠨ ᠪᠣᠯ ᠤᠤ ᠳᠤᠷᠠᠲᠠᠢ ᠬᠦᠰᠡᠭᠰᠡᠨ ᠢᠶᠡᠨ ᠪᠢᠴᠢᠵᠦ ᠪᠣᠯᠬᠤ ᠴᠠᠭᠠᠰᠤ ᠭᠡᠵᠦ ᠬᠡᠯᠡᠬᠦ ᠳᠤᠷᠠᠲᠠᠢ》 ᠪᠠᠶᠢᠭᠰᠠᠨ ᠨᠢ᠎ᠠ᠃ᠬᠢᠲ᠋ᠯᠧᠷ ᠦᠨ 《ᠠᠷᠠᠳ ᠲᠦᠮᠡᠨ ᠪᠣᠯ ᠳᠤᠷᠠᠲᠠᠢ ᠦᠶᠡᠳᠡᠭᠡ ᠬᠦᠴᠦᠩᠳᠡᠵᠦ ᠡᠷᠬᠡᠨ ᠳᠦ ᠪᠡᠨ ᠪᠠᠶᠢᠯᠭᠠᠵᠤ ᠪᠣᠯᠳᠠᠭ ᠡᠮ᠎ᠡ ᠬᠦᠮᠦᠨ ᠯᠤᠭ᠎ᠠ ᠠᠳᠠᠯᠢ》 ᠢᠵᠢᠯ ᠦᠵᠡᠯ ᠪᠣᠳᠣᠯ ᠲᠠᠢ ᠨᠢᠭᠡᠨ ᠪᠠᠶᠢᠭᠰᠠᠨ ᠠᠵᠢ᠃

ᠮᠠ ᠶᠢ ᠣᠷᠴᠢᠨ ᠦᠶ᠎ᠡ ᠶᠢᠨ ᠳᠡᠯᠡᠬᠡᠢ ᠶᠢᠨ ᠲᠡᠦᠬᠡᠨ ᠳᠦ ᠬᠠᠮᠤᠭ ᠤᠨ ᠶᠡᠬᠡ ᠨᠥᠯᠥᠭᠡ ᠦᠵᠡᠭᠦᠯᠦᠭᠰᠡᠨ ᠵᠢᠳᠬᠦᠯᠲᠡᠨ ᠨᠦᠭᠦᠳ ᠦᠨ ᠨᠢᠭᠡ ᠭᠡᠵᠦ ᠲᠣᠭᠠᠴᠠᠳᠠᠭ[2] ᠪᠥᠭᠡᠳ ᠲᠠᠶᠢᠮ ᠰᠡᠳᠬᠦᠯᠡ ᠡᠴᠡ ᠲᠡᠭᠦᠨ ᠢ ᠠᠷᠪᠠᠨ ᠲᠠᠪᠤᠳᠤᠭᠠᠷ ᠵᠠᠭᠤᠨ ᠤ ᠬᠠᠮᠤᠭ ᠤᠨ ᠨᠥᠯᠥᠭᠡ ᠪᠦᠬᠦᠢ 100 ᠬᠦᠮᠦᠨ ᠦ ᠨᠢᠭᠡ ᠳᠦ ᠲᠣᠭᠠᠴᠠᠵᠠᠢ᠃[3]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Short, Philip (2001). Mao: A Life. Owl Books. ISBN 0805066381. “Mao had an extraordinary mix of talents: he was visionary, statesman, political and military strategist of cunning intellect, a philosopher and poet.” 
  2. Mao Zedong. The Oxford Companion to Politics of the World. 2008-08-23 ᠍ ᠳᠦ ᠬᠠᠨᠳᠤᠭᠰᠠᠨ᠃
  3. Time 100: Mao Zedong By Jonathan D. Spence, 13 April 1998.

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ