ᠮᠠ᠋ ᠍ ᠲᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠮᠠᠲᠠᠢ ᠶᠢᠨ ᠰᠠᠶᠢᠨ ᠮᠡᠳᠡᠭᠡ (ᠭᠷᠧᠢᠭ ᠶᠢᠡᠷ Κατὰ Ματθαῖον εὐαγγέλιον) ᠨᠢ ᠪᠢᠪᠯᠢ ᠶᠢᠨ ᠳᠡᠳ᠋ ᠬᠡᠰᠡᠭ ᠪᠣᠯᠬᠤᠰᠢᠨ᠎ᠡ ᠭᠡᠷ ᠢᠶᠡᠨᠨᠳ ᠪᠠᠭᠲᠤᠭᠰᠠᠨ ᠳᠥᠷᠪᠡᠨ ᠰᠠᠶᠢᠨ ᠮᠡᠳᠡᠭᠡᠨ ᠦ (ᠡᠪᠢᠩᠭᠧᠯ) ᠨᠢᠭᠡ ᠶᠠᠭᠤᠮ᠎ᠠ᠃ ᠰᠢᠨ᠎ᠡ ᠭᠡᠷ᠎ᠡ ᠶᠢᠨ ᠬᠠᠮᠤᠭ ᠤᠨ ᠡᠬᠢᠨ ᠦ ᠨᠣᠮ ᠪᠣᠯᠭᠠᠨ ᠣᠷᠣᠭᠤᠯᠳᠠᠭ ᠤᠯᠠᠮᠵᠢᠯᠠᠯ ᠲᠠᠢ᠃ ᠲᠤᠰ ᠪᠦᠯᠦᠭ ᠲᠦ ᠶᠡᠰᠦᠰ ᠾᠷᠢᠰᠲ᠋ᠡᠶᠢᠨ ᠠᠮᠢᠳᠤᠷᠠᠯ ᠢ ᠭᠣᠣᠯᠴᠢᠯᠠᠨ ᠦᠭᠦᠯᠡᠳᠡᠭ᠃ ᠲᠡᠭᠦᠨ ᠦ ᠡᠪᠦᠭᠡ ᠳᠡᠭᠡᠳᠦᠰ᠂ ᠲᠥᠷᠥᠬᠦ ᠦᠶ᠎ᠡ ᠶᠢᠨ ᠭᠠᠶᠢᠬᠠᠮᠰᠢᠭ᠂ ᠬᠡᠦᠬᠡᠳ ᠨᠠᠰᠤ᠂ ᠤᠰᠤᠨ ᠪᠠᠲᠤᠯᠠᠭ᠎ᠠ᠂ ᠰᠤᠷᠭᠠᠯ ᠤᠳ᠂ ᠲᠡᠭᠦᠨ ᠦ ᠦᠵᠡᠭᠦᠯᠦᠭᠰᠡᠨ ᠭᠠᠶᠢᠬᠠᠮᠰᠢᠭ ᠤᠳ᠂ ᠵᠠᠭᠠᠯᠮᠠᠢ ᠳᠤ ᠴᠣᠪᠳᠣᠯᠠᠭᠤᠯᠤᠭᠰᠠᠨ᠂ ᠮᠥᠨ ᠳᠠᠬᠢᠨ ᠠᠮᠢᠯᠠᠭᠰᠠᠨ ᠵᠡᠷᠭᠡ ᠶᠢ ᠦᠭᠦᠯᠡᠳᠡᠭ᠃ ᠨᠣᠮ ᠨᠢ ᠨᠡᠶᠢᠲᠡ 28 ᠪᠦᠯᠦᠭ ᠲᠡᠢ᠃ ᠮᠠ᠋ ᠍ ᠲᠠᠢ ᠡᠨᠡᠬᠦ ᠰᠠᠶᠢᠨ ᠮᠡᠳᠡᠭᠡ ᠶᠢ ᠢᠶᠡᠷᠤᠰᠠᠯᠢᠮ ᠳᠤ ᠠᠮᠢᠳᠤᠷᠠᠵᠤ ᠪᠠᠶᠢᠭᠰᠠᠨ ᠢᠭᠴᠧᠢ ᠢᠲᠡᠭᠡᠭᠴᠢᠳ ᠲᠦ ᠵᠣᠷᠢᠭᠤᠯᠵᠤ ᠪᠢᠴᠢᠭᠰᠡᠨ ᠪᠠ ᠢᠭᠴᠧᠢ ᠶᠢᠨ ᠨᠣᠮ ᠪᠢᠴᠢᠬᠦ ᠵᠠᠩᠰᠢᠯ ᠢᠶᠠᠷ ᠪᠢᠴᠢᠭᠳᠡᠭᠰᠡᠨ᠃ ᠡᠭᠦᠨ ᠦ ᠨᠢᠭᠡ ᠵᠢᠱᠢᠶ᠎ᠡ ᠨᠢ ᠾᠷᠢᠰᠲ ᠤᠨ ᠤᠭ ᠤᠨ ᠪᠢᠴᠢᠭ ᠢᠶᠡᠷ ᠨᠣᠮᠣᠨ ᠤ ᠣᠷᠣᠰᠢᠯ ᠡᠬᠢᠯᠡᠳᠡᠭ ᠪᠣᠯᠤᠨ᠎ᠠ᠃

ᠪᠢᠴᠢᠭᠡᠰᠦ