ᠮ᠊ • ᠬᠠᠰᠪᠠᠭᠠᠨ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
360截图20160508235328340.jpg

ᠮ᠊ • ᠬᠠᠰᠪᠠᠭᠠᠨ᠎ᠠ (ᠪᠠᠭ᠎ᠠ ᠶᠢᠨ ᠨᠠᠷ᠎ᠡ ᠰᠤᠸᠠᠳᠢ᠂ ᠵᠤᠭᠢᠶᠠᠯ ᠳᠤ ᠬᠡᠷᠡᠭᠯᠡᠵᠦ ᠥᠩᠭᠡᠷᠡᠭᠰᠡᠨ ᠨᠠᠷ᠎ᠡ᠄ ᠴᠢᠯᠠᠭᠤᠨ᠂ ᠲᠤᠯᠭᠤᠷ᠂ ᠴᠠᠭᠠᠠᠪᠠᠷᠰ ᠰᠢᠨᠡᠠᠨᠢᠭᠡᠨ ᠁ ᠵᠡᠷᠭᠡ) ᠡᠷᠡᠭᠲᠡᠢ᠂ ᠮᠣᠩᠭᠤᠯ ᠥᠨᠳᠦᠰᠥᠲᠡᠨ᠂ ᠵᠤᠬᠢᠶᠠᠯᠴᠢ᠃ 1950 ᠤᠨ ᠤ 2 ᠰᠠᠷ᠎ᠠ ᠶᠢᠨ 7᠎ ᠤ ᠡᠳᠤᠷ ᠤᠷᠳᠥᠰ ᠬᠤᠳᠠ (ᠶᠡᠭᠡ ᠵᠤᠤ ᠠᠶᠢᠮᠠᠭ ᠬᠡᠵᠤ ᠪᠠᠶᠢᠪᠠ)᠎ ᠶᠢᠨ ᠤᠳᠤᠭ ᠤᠨ ᠡᠮᠥᠨᠠᠳᠥ ᠬᠤᠰᠢᠭᠤᠨ ᠤ ᠨᠠᠩᠰᠤ ᠪᠠᠯᠭᠠᠰᠤᠨ (ᠴᠠᠭᠠᠨᠳᠤᠯᠣᠭᠠᠢ ᠨᠢᠭᠡᠳᠦᠯ ᠭᠡᠵᠤ ᠪᠠᠶᠢᠪᠠ)᠎ ᠤ ᠪᠠᠶᠠᠠᠬᠤᠷᠠᠬᠤ ᠭᠠᠴᠠᠭᠠᠨ ᠳᠤ ᠲᠥᠷᠥᠪᠡ᠃ 1958 ᠤᠨ ᠳᠤ ᠨᠠᠩᠰᠤ ᠶᠢᠨ ᠰᠤᠷᠭᠠᠭᠤᠯᠢ ᠳᠤ ᠪᠢᠴᠢᠭ᠌ ᠥᠵᠠᠵᠤ᠂ 1959 ᠤᠨ ᠳᠤ ᠤᠳᠤᠭ ᠬᠤᠰᠢᠭᠤᠨ ᠤ ᠤᠯᠠᠭᠠᠨ ᠪᠠᠯᠭᠠᠰᠤᠨ ᠤ ᠪᠥᠷᠢᠨ ᠪᠠᠭ᠎ᠠ ᠰᠤᠷᠭᠠᠭᠤᠯᠢ ᠳᠤ ᠰᠢᠯᠵᠢᠨ᠂ 1963 ᠤᠠ ᠳᠤ ᠪᠠᠭ᠎ᠠ ᠰᠤᠷᠭᠠᠭᠤᠯᠢ ᠪᠠᠨ ᠲᠡᠭᠦᠰᠴᠤ ᠬᠡᠷ ᠲᠤ ᠪᠠᠨ ᠬᠠᠷᠢᠵᠤ ᠮᠠᠯ ᠬᠠᠷᠢᠭᠤᠯᠪᠠ᠃ 1966 ᠤᠨ ᠳᠤ ᠤᠳᠤᠭ ᠤᠨ ᠵᠢᠷᠠ ᠳᠡᠬᠢ《ᠬᠠᠭᠠᠰ ᠠᠵᠢᠯᠯᠠᠨ ᠬᠠᠭᠠᠰ ᠰᠤᠷᠤᠯᠴᠠᠬᠤ ᠺᠠᠩ ᠳᠠ ᠮᠠᠶ᠊ᠢᠬ ᠤᠨ ᠪᠠᠭᠰᠢ ᠶᠢᠨ ᠰᠤᠷᠭᠠᠭᠤᠯᠢ》 (ᠰᠠᠭᠦᠯ ᠳᠤ ᠤᠳᠤᠭ ᠤᠨ ᠭᠤᠷᠪᠠᠳᠤᠭᠠᠷ ᠳᠤᠮᠳᠠᠳᠤ ᠰᠤᠷᠭᠠᠭᠤᠯᠢ ᠪᠤᠯᠭᠠᠪᠠ)᠎ ᠳᠤ ᠰᠤᠷᠥᠯᠴᠠᠵᠤ᠂ 1969 ᠤᠨ ᠳᠤ ᠲᠠᠭᠦᠰᠤᠨ ᠨᠤᠲᠤᠭ ᠲᠤ ᠪᠠᠨ ᠪᠤᠴᠠᠨ ᠤᠶᠢᠯᠡᠳᠪᠤᠷᠢᠯᠡᠯ ᠬᠦᠳᠡᠯᠮᠤᠷᠢ ᠳᠤ ᠤᠷᠤᠯᠴᠠᠨ᠂ ᠳᠠᠷᠠᠭ᠎ᠠ ᠪᠠᠷ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠶᠢᠨ ᠪᠠᠭᠰᠢ᠂ ᠶᠡᠭᠡ ᠪᠠᠷᠢᠭᠠᠲᠠ ᠶᠢᠨ ᠨᠢᠬᠲᠠᠯᠠᠨ ᠪᠤᠳᠤᠭᠴᠢ ᠵᠡᠷᠭᠡ ᠶᠢ ᠬᠢᠵᠤ ᠪᠠᠶᠢᠭᠠᠳ 1975 ᠤᠨ ᠳᠤ ᠶᠡᠭᠡ ᠵᠤᠤ ᠠᠶᠢᠮᠠᠭ ᠤᠨ ᠦᠨᠳᠦᠰᠦᠳᠡᠨ ᠤ ᠲᠤᠮᠳᠠᠳᠤ ᠰᠤᠷᠭᠠᠭᠤᠯᠢ ᠶᠢᠨ ᠪᠠᠭᠰᠢ ᠶᠢᠨ ᠭᠤᠷᠪᠠᠳᠤᠭᠠᠷ ᠠᠩᠭᠢ ᠳᠤ ᠡᠯᠰᠡᠭᠳᠡᠨ ᠰᠤᠷᠤᠯᠴᠠᠪᠠ᠃ 1977 ᠤᠨ ᠳᠤ ᠲᠡᠭᠦᠰᠴᠤ ᠤᠳᠤᠭ ᠤᠨ ᠴᠠᠪ ᠤᠨ ᠪᠠᠭ᠎ᠠ ᠰᠤᠷᠭᠠᠭᠤᠯᠢ ᠳᠤ ᠬᠤᠪᠢᠶᠠᠭᠳᠠᠨ ᠪᠠᠭᠰᠢᠯᠠᠪᠠ᠃ 1982 ᠤᠨ ᠳᠤ ᠶᠡᠭᠡ ᠵᠤᠤ ᠠᠶᠢᠮᠠᠭ ᠤᠨ ᠤᠳᠬ᠎ᠠ ᠵᠤᠭᠢᠶᠠᠯ ᠤᠷᠠᠯᠢᠭ ᠤᠨ ᠬᠢᠨ ᠤ ᠬᠤᠯᠪᠤᠭ᠎ᠠ ᠶᠢᠨ 《ᠠᠯᠳᠠᠨ ᠭᠠᠨᠳᠠᠷᠢ》ᠰᠡᠳᠭᠦᠯ ᠳᠤ ᠨᠠᠶᠢᠷᠠᠭᠤᠯᠤᠭᠴᠢ ᠪᠠᠷ ᠢᠷᠡᠵᠤ᠂ ᠦᠭᠦᠯᠡᠯᠭᠡ ᠨᠠᠶᠢᠷᠠᠭᠤᠯᠤᠯ ᠤᠨ ᠨᠠᠶᠢᠷᠠᠭᠤᠯᠤᠭᠴᠢ᠂ ᠨᠠᠶᠢᠷᠠᠭᠤᠯᠬᠤ ᠭᠡᠷ ᠤᠨ ᠡᠷᠭᠢᠯᠡᠭᠴᠢ ᠲᠡᠳ᠋ ᠶᠠᠷᠤᠩᠭᠡᠢ ᠨᠠᠶᠢᠷᠠᠭᠤᠯᠤᠭᠴᠢ᠂ ᠶᠠᠷᠤᠩᠭᠡᠢ ᠨᠠᠶᠢᠷᠠᠭᠤᠯᠤᠭᠴᠢ ᠪᠠᠷ ᠠᠵᠢᠯᠯᠠᠵᠤ ᠪᠠᠶᠢᠪᠠ᠃ ᠭᠢᠨᠠᠨ ᠨᠠᠶᠢᠷᠠᠭᠤᠯᠤᠭᠴᠢ ᠶᠢᠨ ᠴᠤᠯᠠ ᠲᠠᠢ᠂ ᠲᠤᠮᠳᠠᠳᠤ ᠤᠯᠤᠰ ᠤᠨ ᠵᠤᠭᠢᠶᠠᠯᠴᠢᠳ ᠤᠨ ᠨᠡᠶᠢᠭᠡᠮᠯᠢᠭ᠌ ᠤᠨ ᠭᠡᠰᠢᠭᠦᠨ᠃ 2010 ᠤᠨ ᠳᠤ ᠠᠵᠢᠯ ᠠᠴᠠ ᠪᠠᠨ ᠠᠮᠠᠷᠠᠪᠠ᠃

ᠵᠤᠬᠢᠶᠠᠯ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1979 ᠤᠨ ᠳᠤ ᠠᠩᠬᠠᠨ ᠤ ᠦᠭᠦᠯᠡᠯᠭᠡ 《ᠰᠠᠷᠠᠳᠤ ᠵᠡᠭᠡᠷᠳᠠ》ᠪᠠᠨ 《ᠦᠨᠢᠷ ᠴᠡᠴᠡᠭ》 ᠲᠡᠭᠡᠷ᠎ᠡ ᠨᠡᠶᠢᠳᠡᠯᠡᠭᠦᠯᠦᠭᠰᠡᠨ ᠤ ᠲᠠᠷᠠᠭ᠎ᠠ ᠤᠯᠤᠰ ᠤᠨ ᠲᠤᠳᠤᠭᠠᠳᠤ ᠭᠠᠳᠠᠭᠠᠳᠤ ᠶᠢᠨ ᠡᠯ᠎ᠡ ᠰᠡᠳᠭᠦᠯ ᠲᠡᠭᠡᠷ᠎ᠡ 22 ᠲᠤᠭᠤᠵᠢ᠂ ᠵᠠᠭᠤ ᠢᠯᠡᠭᠦᠦ ᠦᠭᠦᠯᠡᠯᠭᠡ ᠨᠠᠶᠢᠷᠠᠭᠤᠯᠤᠯ ᠵᠢᠴᠢ ᠭᠤᠴᠢᠨ ᠭᠡᠳᠤᠨ ᠠᠷᠠᠳ ᠤᠨ ᠵᠠᠩ ᠵᠠᠩᠰᠢᠯ ᠤᠨ ᠦᠭᠦᠯᠡᠯ ᠨᠡᠶᠢᠳᠡᠯᠡᠭᠦᠯᠪᠠ᠃

1991 ᠤᠨ ᠳᠤ ᠠᠩᠬ᠎ᠠ ᠷᠤᠮᠠᠨ 《ᠵᠠᠰᠠᠭ ᠤᠨ ᠬᠤᠳᠤᠭᠤᠷ》 (ᠲᠡᠭᠡᠳᠤ᠂ ᠲᠤᠤᠷᠠᠳᠤ)᠎ ᠢ ᠨᠢ ᠦᠪᠤᠷ ᠮᠤᠩᠭ᠋ᠤᠯ ᠤᠨ ᠠᠷᠠᠳ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠵᠤ᠂ 2007 ᠤᠨ ᠳᠤ ᠲᠠᠭᠢᠵᠤ ᠭᠡᠪᠯᠡᠪᠡ᠃

1994 ᠤᠨ ᠳᠤ ᠬᠤᠶᠠᠳᠠᠭᠢ ᠷᠤᠮᠠᠨ 《ᠲᠠᠷᠠ ᠬᠤᠯᠠ ᠶᠢᠨ ᠪᠠᠷ᠎ᠠ》ᠶᠢ ᠨᠢ ᠦᠨᠳᠦᠰᠦᠳᠡᠨ ᠤ ᠭᠡᠪᠯᠡᠯ ᠤᠨ ᠬᠤᠷᠢᠶ᠎ᠠ ᠳᠤ ᠭᠡᠪᠯᠡᠬᠦᠯᠵᠤ᠂ 2001 ᠤᠨ ᠳᠤ ᠬᠤᠶᠠᠳᠠᠭᠢ ᠭᠡᠪᠯᠡᠯ᠂ 2010 ᠤᠨ ᠳᠤ ᠭᠤᠷᠪᠠᠳᠠᠭᠢ ᠤᠳᠠᠭ᠎ᠠ ᠭᠡᠪᠯᠡᠪᠡ᠃

1998 ᠤᠨ ᠳᠤ ᠭᠤᠷᠪᠠᠳᠠᠭᠢ ᠷᠤᠮᠠᠨ 《ᠪᠦᠰᠡᠭᠦᠢ ᠪᠠᠷᠠᠭᠠᠨ ᠽᠠᠮᠪᠤᠯᠢᠩ》 ᠢ ᠨᠢ ᠦᠪᠤᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠳᠤ ᠭᠡᠪᠯᠡᠬᠦᠯᠪᠡ᠃

2002 ᠤᠨ ᠳᠤ ᠲᠦᠷᠪᠡᠳᠡᠭᠢ ᠷᠤᠮᠠᠨ 《ᠨᠤᠳᠤᠭ ᠤᠨ ᠬᠠᠯᠠᠭᠤᠨ ᠰᠢᠷᠤᠢ》ᠶᠢ ᠨᠢ ᠦᠨᠳᠦᠰᠦᠳᠡᠨ ᠤ ᠭᠡᠪᠯᠡᠯ ᠤᠨ ᠬᠤᠷᠢᠶ᠎ᠠ ᠳᠤ ᠭᠡᠪᠯᠡᠭᠦᠯᠪᠠ᠃

2013 ᠤᠨ ᠳᠤ ᠲᠠᠪᠤᠳᠠᠭᠢ ᠷᠤᠮᠠᠨ 《ᠲᠦᠷᠦ ᠶᠢᠨ ᠬᠠᠷ᠎ᠠ ᠭᠦᠮᠦᠰ》 ᠦᠪᠤᠷ ᠮᠤᠩᠭ᠋ᠤᠯ ᠤᠨ ᠠᠷᠠᠳ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠪᠠ᠃

ᠵᠢᠷᠭᠤᠳᠡᠬᠢ ᠷᠤᠮᠠᠨ 《ᠠᠯᠳᠠᠨ ᠶᠠᠰᠤᠳᠤ ᠦᠷᠯᠦᠬᠦᠳ ᠤᠨ ᠲᠦᠮᠬᠠᠦ᠋ᠯᠵᠠᠢ》ᠶᠢ ᠨᠢ ᠦᠪᠤᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠳᠤ ᠬᠡᠪᠯᠡᠬᠦᠯᠪᠡ᠃ ᠲᠤᠯᠤᠳᠠᠬᠢ ᠷᠤᠮᠠᠨ 《ᠰᠠᠯᠭᠢ》 ᠪᠠᠨ ᠪᠢᠴᠢᠵᠤ ᠪᠠᠷᠠᠭᠠᠭᠠᠳ ᠤᠳᠤ ᠵᠠᠰᠠᠵᠤ ᠭᠡᠪᠯᠡᠯ ᠳᠤ ᠪᠠᠵᠠᠭᠠᠵᠤ ᠪᠤᠢ᠃

2011 ᠤᠨ ᠳᠤ ᠦᠨᠳᠦᠰᠦᠳᠡᠨ ᠤ ᠵᠠᠩ ᠵᠠᠩᠰᠢᠯ ᠢ ᠬᠠᠷᠠᠭᠤᠯᠤᠭᠰᠠᠨ 25 ᠪᠦᠯᠦᠭᠳᠦ《ᠤᠷᠳᠤᠰ ᠬᠤᠷᠢᠮ》 ᠭᠡᠰᠡᠨ ᠲᠧᠯᠸᠢᠰ ᠵᠦᠴᠦᠭᠡ ᠪᠠᠨ ᠰᠡᠭᠦᠳᠡᠷᠯᠡᠬᠦᠯᠵᠤ᠂ 18 ᠪᠦᠯᠦᠭᠳᠤ ᠪᠤᠯᠭᠠᠨ ᠦᠵᠡᠭᠴᠢᠳ ᠲᠠᠢ ᠵᠤᠯᠭᠠᠭᠤᠯᠤᠬᠰᠠᠨ ᠪᠠᠶᠢᠨ᠎ᠠ᠃

ᠱᠠᠩᠨᠠᠯ ᠤᠯᠤᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1984 ᠤᠨ ᠳᠤ 《ᠪᠢᠴᠢᠬᠠᠨ ᠪᠤᠷᠵᠢᠭᠢᠨ》 ᠦᠭᠦᠯᠡᠯᠭᠡ᠂ 1990 ᠤᠨ ᠳᠤ ᠲᠤᠭᠤᠵᠢ 《ᠦᠨᠡᠭᠡᠨ ᠲᠠᠶᠢᠭ᠎ᠠ》᠂ 1993 ᠤᠨ ᠳᠤ ᠷᠤᠮᠠᠨ 《ᠵᠠᠰᠠᠭ ᠤᠨ ᠬᠤᠳᠤᠭᠤᠷ》ᠦᠪᠤᠷ ᠮᠤᠩᠭ᠋ᠤᠯ ᠤᠨ ᠦᠪᠡᠷᠳᠡᠭᠡᠨ ᠵᠠᠰᠠᠬᠤ ᠤᠷᠤᠨ ᠤ 《ᠰᠤᠯᠤᠩᠭ᠋᠎ᠠ》 ᠤᠷᠠᠨ ᠵᠤᠭᠢᠶᠠᠯ ᠤᠨ ᠱᠠᠩᠨᠠᠯ ᠢ ᠤᠯᠪᠠ᠃ 2001 ᠤᠨ ᠳᠤ ᠪᠦᠭᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠠᠵᠢᠯᠴᠢᠨ ᠤ ᠶᠠᠷᠤᠩᠭᠡᠢ ᠡᠪᠯᠡᠯ᠂ ᠪᠦᠭᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠰᠤᠷᠭᠠᠨ ᠭᠦᠮᠦᠵᠢᠯ ᠤᠨ ᠶᠠᠮᠤᠨ᠂ ᠰᠢᠨᠵᠢᠯᠡᠭᠦ ᠤᠬᠠᠭᠠᠨ ᠮᠡᠷᠭᠡᠵᠢᠯ ᠤᠨ ᠶᠠᠮᠤᠨ᠂ ᠭᠦᠳᠡᠯᠮᠤᠷᠢ ᠠᠵᠢᠯᠳᠠᠨ ᠤ ᠶᠠᠮᠤᠨ ᠠᠴᠠ ᠤᠯᠭᠤᠭᠰᠠᠨ 《ᠦᠪᠡᠷ ᠢᠶᠠᠨ ᠰᠤᠷᠴᠤ ᠴᠢᠳᠠᠪᠤᠷᠢᠳᠠᠨ ᠪᠤᠯᠤᠭᠰᠠᠨ》ᠤ᠋ ᠱᠠᠩᠨᠠᠯ ᠢ ᠭᠦᠷᠳᠡᠪᠡ᠃ 2001 ᠤᠨ ᠳᠤ ᠲᠤᠮᠳᠠᠳᠤ ᠤᠯᠤᠰ ᠤᠨ ᠮᠤᠩᠭ᠋ᠤᠯ ᠰᠡᠳᠭᠦᠯ ᠤᠨ ᠬᠤᠷᠠᠯ ᠠᠴᠠ ᠤᠯᠭᠤᠭᠰᠠᠨ 《ᠭᠠᠪᠢᠶᠠᠳᠤ ᠨᠠᠶᠢᠷᠠᠭᠤᠯᠤᠭᠴᠢ》 ᠱᠠᠩᠨᠠᠯ᠂ 2012 ᠤᠨ ᠳᠤ 《ᠦᠨᠢᠷ ᠴᠡᠴᠡᠭ》 ᠱᠠᠩᠨᠠᠯ᠂ 《ᠲᠤᠷᠤᠨ᠎ᠠ ᠤᠳᠬ᠎ᠠ ᠵᠤᠭᠢᠶᠠᠯ ᠤᠨ ᠱᠠᠩᠨᠠᠯ》 ᠁ ᠵᠡᠷᠭᠡ ᠶᠢ ᠤᠯᠪᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠳᠣᠰ ᠮᠣᠩᠭᠣᠯ ᠰᠦᠯᠵᠢᠶ᠎ᠡ

ᠪᠢᠴᠢᠭᠡᠰᠦ