ᠭᠸᠨ ᠦ ᠢᠨᠵᠧᠨᠧᠷᠴᠢᠯᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠦᠮᠦᠨ ᠦ ᠡᠰᠡᠨ ᠳᠡᠬᠢ ᠤᠭᠤᠷᠠᠭ ᠤᠨ ᠶᠠᠪᠤᠴᠠ ᠢ ᠲᠣᠳᠣᠷᠠᠭᠤᠯᠵᠤ ᠬᠠᠷᠠᠬᠤ ᠨᠢ

ᠭᠧᠨ ᠦ ᠢᠨᠵᠧᠨᠧᠷᠴᠢᠯᠡᠯ ᠪᠤᠶᠤ ᠭᠧᠨ ᠦ ᠬᠤᠪᠢᠷᠠᠭᠠᠯᠲᠠ ᠨᠢ᠂ ᠪᠢᠣᠲ᠋ᠧᠭᠨᠣᠯᠣᠭᠢ ᠍ ᠶᠢᠨ ᠲᠤᠰᠠᠯᠠᠮᠵᠢ ᠲᠠᠢ ᠪᠠᠷ ᠠᠮᠢᠳᠤ ᠪᠡᠶᠡᠲᠦ ᠶᠢᠨ ᠭᠧᠨ ᠳᠦ ᠥᠭᠡᠷᠡᠴᠢᠯᠡᠯᠲᠡ ᠤᠷᠤᠭᠤᠯᠬᠤ ᠶᠠᠪᠤᠴᠠ ᠶᠤᠮ᠃ ᠭᠸᠨ ᠦ ᠢᠨᠵᠧᠨᠧᠷᠴᠢᠯᠡᠯ ᠪᠣᠯ ᠭᠧᠨ ᠦ ᠪᠣᠯᠤᠨ ᠪᠢᠣᠬᠢᠮᠢ ᠍ ᠶᠢᠨ ᠠᠷᠭ᠎ᠠ ᠨᠤᠭᠤᠳ ᠢ ᠠᠰᠢᠭᠯᠠᠨ ᠭᠧᠨ  ᠨᠦᠭᠦᠳ ᠦᠨ ᠪᠠᠶᠢᠭᠠᠯᠢ ᠳᠡᠭᠡᠷ᠎ᠡ ᠪᠠᠶᠢᠳᠠᠭ ᠦᠭᠡᠢ ᠰᠢᠨ᠎ᠡ ᠨᠢᠭᠡᠳᠦᠯ ᠦᠳ ᠢ ᠲᠣᠳᠣᠷᠬᠠᠢ ᠵᠣᠷᠢᠯᠭ᠎ᠠ ᠪᠠᠷ ᠭᠠᠷᠭᠠᠨ ᠠᠪᠬᠤ ᠲᠠᠢ ᠬᠣᠯᠪᠣᠭ᠎ᠠ ᠲᠠᠢ ᠮᠣᠯᠧᠺᠤᠯ ᠤᠨ ᠪᠢᠣᠯᠣᠭᠢ ᠶᠢᠨ ᠰᠢᠨᠵᠢᠯᠡᠬᠦ ᠤᠬᠠᠭᠠᠨ ᠤ ᠨᠢᠭᠡ ᠴᠢᠭᠯᠡᠯ ᠪᠣᠯᠵᠤ ᠬᠥᠭᠵᠢᠭᠰᠡᠨ᠃ 1972 ᠣᠨ ᠳᠤ ᠡᠷᠳᠡᠮᠲᠡᠨ ᠫ ᠪᠧᠺᠭ ᠳᠧᠽᠣᠺᠰᠢᠷᠢᠪᠨᠢᠺᠯᠧᠢᠨ ᠦ ᠬᠦᠴᠢᠯ ᠦᠨ ᠡᠷᠯᠢᠵᠡ ᠮᠣᠯᠧᠺᠤᠯ ᠍ ᠢ ᠬᠤᠷᠤᠭᠤ ᠰᠢᠯᠢᠨ ᠳᠦ ᠪᠤᠢ ᠪᠣᠯᠭᠠᠭᠰᠠᠨ ᠦᠶ᠎ᠡ ᠡᠴᠡ ᠡᠬᠢᠯᠡᠨ ᠭᠸᠨ ᠦ ᠢᠨᠵᠧᠨᠧᠷᠴᠢᠯᠡᠯ ᠦᠨ ᠦᠨᠳᠦᠰᠦ ᠰᠠᠭᠤᠷᠢ ᠲᠠᠯᠪᠢᠭᠳᠠᠭᠰᠠᠨ᠃ ᠭᠧᠨ ᠦ ᠢᠨᠵᠧᠨᠧᠷᠴᠢᠯᠡᠯ ᠨᠢ ᠨᠢᠭᠡ ᠪᠡᠶ᠎ᠡ ᠶᠢᠨ ᠲᠣᠳᠣᠷᠬᠠᠢ ᠤᠭᠤᠷᠠᠭ᠂ ᠦᠢᠯᠡ ᠠᠵᠢᠯᠯᠠᠭ᠎ᠠ ᠶᠢ ᠬᠠᠷᠢᠭᠤᠴᠠᠭᠰᠠᠨ ᠭᠧᠨ ᠢ ᠨᠥᠭᠥᠭᠡ ᠪᠡᠶ᠎ᠡ ᠳᠦ ᠰᠢᠯᠵᠢᠭᠦᠯᠦᠨ ᠰᠠᠭᠤᠯᠭᠠᠵᠤ ᠤᠳᠤᠮᠰᠢᠯ ᠤᠨ ᠮᠡᠳᠡᠭᠡᠯᠡᠯ ᠢ ᠥᠭᠡᠷᠡᠴᠢᠯᠡᠬᠦ ᠵᠠᠮ ᠢᠶᠠᠷ ᠬᠦᠮᠦᠨ ᠦ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠭᠰᠡᠨ ᠪᠢᠣᠯᠣᠭᠢ ᠶᠢᠨ ᠢᠳᠡᠪᠬᠢᠲᠦ ᠪᠣᠯᠤᠨ ᠪᠤᠰᠤᠳ ᠪᠣᠳᠠᠰ ᠨᠡᠶᠢᠯᠡᠭᠵᠢᠭᠦᠯᠦᠭᠴᠢ ᠡᠰ᠂ ᠡᠳ᠋᠂ ᠪᠡᠶ᠎ᠡ ᠳᠦ ᠪᠤᠢ ᠪᠣᠯᠭᠠᠬᠤ ᠳᠤ ᠴᠢᠭᠯᠡᠭᠳᠡᠭᠰᠡᠨ ᠬᠠᠪᠰᠣᠷᠠᠭ᠎ᠠ ᠰᠤᠳᠤᠯᠭ᠎ᠠ ᠶᠤᠮ᠃ ᠭᠧᠨ ᠦ ᠪᠤᠶᠤ ᠭᠧᠨᠧᠲ᠋ᠢᠭ ᠢᠨᠵᠧᠨᠧᠷᠴᠢᠯᠡᠯ (genetic engineering) ᠨᠢ ᠨᠢᠭᠡ ᠪᠡᠶ᠎ᠡ ᠡᠴᠡ ᠨᠥᠭᠥᠭᠡ ᠳᠦ ᠭᠧᠨ ᠢ ᠰᠢᠯᠵᠢᠭᠦᠯᠦᠨ ᠰᠠᠭᠤᠯᠭᠠᠬᠤ ᠳᠤ ᠱᠠᠭᠠᠷᠳᠠᠭᠳᠠᠳᠠᠭ ᠢᠵᠢ ᠪᠦᠷᠢᠳᠦᠯ ᠠᠷᠭ᠎ᠠ ᠲᠧᠭᠨᠣᠯᠣᠭᠢ ᠶᠤᠮ᠃ ᠭᠧᠨ ᠦ ᠢᠨᠵᠧᠨᠧᠷᠴᠢᠯᠡᠯ ᠢᠶᠡᠷ ᠭᠠᠷᠭᠠᠨ ᠠᠪᠤᠭᠰᠠᠨ ᠠᠮᠢᠲᠠᠨ᠂ ᠤᠷᠭᠤᠮᠠᠯ ᠢ ᠨᠡᠶᠢᠲᠡ ᠳᠦ ᠨᠢ 《ᠭᠧᠨ ᠦ ᠥᠭᠡᠷᠡᠴᠢᠯᠡᠯᠲᠡ ᠲᠡᠢ ᠣᠷᠭᠠᠨᠢᠰᠮ》 (genetically modified organism) ᠭᠡᠵᠦ ᠨᠡᠷᠡᠯᠡᠳᠡᠭ᠃ ᠢᠯᠡᠭᠦᠦ ᠨᠠᠷᠢᠪᠴᠢᠯᠠᠪᠠᠯ᠂ ᠰᠢᠨ᠎ᠡ ᠪᠡᠷ ᠭᠧᠨ ᠨᠡᠮᠡᠵᠦ ᠰᠠᠭᠤᠯᠭᠠᠭᠰᠠᠨ ᠠᠮᠢᠲᠠᠨ ᠢ ᠭᠧᠨ ᠰᠢᠯᠵᠢᠭᠦᠯᠦᠨ ᠰᠠᠭᠤᠯᠭᠠᠭᠰᠠᠨ (transgenic) ᠠᠮᠢᠲᠠᠨ᠂ ᠬᠡᠷᠪᠡ ᠤᠭ ᠠᠴᠠ ᠪᠠᠶᠢᠭᠰᠠᠨ ᠥᠪᠡᠷ ᠦᠨ ᠭᠧᠨ ᠢ ᠨᠢ ᠠᠪᠴᠤ ᠬᠠᠶᠠᠭᠰᠠᠨ᠂ ᠰᠤᠯᠢᠵᠤ ᠥᠭᠡᠷᠡᠴᠢᠯᠡᠭᠰᠡᠨ ᠪᠣᠯ ᠌᠋ᠭᠧᠨ ᠢᠶᠡᠨ ᠨᠠᠮ ᠴᠣᠬᠢᠭᠤᠯᠤᠭᠰᠠᠨ ᠠᠮᠢᠲᠠᠨ ᠭᠡᠵᠦ ᠨᠡᠷᠡᠯᠡᠬᠦ ᠵᠢᠱᠢᠶ᠎ᠡ ᠲᠡᠢ᠃

ᠭᠧᠨ ᠢᠨᠵᠢᠨᠧᠷᠴᠢᠯᠡᠯ ᠦᠨ ᠬᠡᠷᠡᠭᠰᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠬᠡᠷᠡᠭᠰᠡᠯ ᠨᠢ ᠢᠰᠭᠡᠬᠦᠷ ᠦᠳ ᠶᠤᠮ᠃ ᠲᠡᠳᠡᠭᠡᠷ ᠦᠨ ᠣᠷᠣᠯᠴᠠᠭ᠎ᠠ ᠲᠠᠢ ᠪᠠᠷ ᠭᠧᠨ ᠨᠦᠭᠦᠳ ᠢ ᠢᠯᠭᠠᠬᠤ᠂ ᠵᠦᠭᠡᠭᠡᠪᠦᠷᠢᠯᠡᠬᠦ᠂ ᠤᠭᠰᠠᠷᠠᠬᠤ ᠪᠣᠯᠤᠮᠵᠢ ᠲᠠᠢ᠃ ᠷᠧᠰᠲᠷᠢᠺᠲ᠋ᠠᠵᠠ ᠹᠧᠷᠮᠧᠨᠲ᠄ ᠳᠧᠽᠣᠺᠰᠢᠷᠢᠪᠨᠢᠺᠯᠧᠢᠨ ᠦ ᠬᠦᠴᠢᠯ ᠦᠨ ᠬᠣᠣᠰ ᠬᠣᠯᠪᠣᠭ᠎ᠠ ᠶᠢ (ᠤᠲᠠᠰᠤᠯᠢᠭ) ᠲᠣᠳᠣᠷᠬᠠᠢ ᠪᠠᠶᠢᠷᠢᠯᠠᠯ ᠢᠶᠠᠷ ᠬᠡᠷᠴᠢᠳᠡᠭ ᠢᠰᠭᠡᠬᠦᠷ ᠢ ᠠᠩᠬ᠎ᠠ 1968 ᠣᠨ ᠳᠤ ᠪᠠᠺᠲ᠋ᠧᠷᠢ ᠍ ᠶᠢᠨ ᠡᠰ ᠡᠴᠡ ᠢᠯᠡᠷᠡᠭᠦᠯᠦᠭᠰᠡᠨ᠃ ᠷᠧᠰᠲᠷᠢᠺᠲ᠋ᠠᠵᠠ ᠢᠰᠭᠡᠬᠦᠷ ᠢᠶᠡᠷ ᠭᠧᠨ ᠢ ᠲᠠᠰᠤᠯᠵᠤ ᠠᠪᠬᠤ ᠨᠢ ᠭᠧᠨ ᠢᠯᠭᠠᠬᠤ ᠨᠢᠭᠡ ᠠᠷᠭ᠎ᠠ ᠶᠤᠮ᠃

ᠯᠢᠭᠠᠰ ᠢᠰᠭᠡᠬᠦᠷ: ᠳᠧᠽᠣᠺᠰᠢᠷᠢᠪᠨᠢᠺᠯᠧᠢᠨ ᠦ ᠬᠦᠴᠢᠯ ᠶᠢᠨ ᠬᠣᠶᠠᠷ ᠪᠣᠯᠤᠨ ᠬᠡᠳᠦ ᠬᠡᠳᠦᠨ ᠲᠠᠰᠤᠷᠬᠠᠢ ᠬᠡᠰᠡᠭ ᠦᠳ ᠢ ᠬᠣᠭᠣᠷᠣᠨᠳᠣ ᠨᠢ ᠬᠣᠯᠪᠣᠵᠤ ᠣᠶᠣᠳᠠᠭ ᠹᠧᠷᠮᠧᠨᠲ᠃

ᠸᠧᠺᠲ᠋ᠣᠷ ᠮᠣᠯᠧᠺᠤᠯ: ᠲᠷᠠᠨᠰᠳᠦᠶᠢᠺᠼ ᠦᠨ ᠦᠵᠡᠭᠳᠡᠯ ᠢ ᠠᠰᠢᠭᠯᠠᠨ ᠭᠠᠳᠠᠨ᠎ᠠ ᠶᠢᠨ ᠭᠧᠨᠧᠲ᠋ᠢᠭ ᠮᠡᠳᠡᠭᠡᠯᠡᠯ ᠢ ᠨᠢᠭᠡ ᠡᠰ ᠡᠴᠡ ᠨᠥᠭᠥᠭᠡ ᠳᠦ ᠳᠠᠮᠵᠢᠭᠤᠯᠬᠤ ᠵᠣᠷᠢᠯᠭ᠎ᠠ ᠪᠠᠷ ᠵᠣᠬᠢᠶᠠᠨ ᠪᠦᠲᠦᠭᠡᠭᠰᠡᠨ ᠮᠣᠯᠧᠺᠤᠯ ᠢ ᠸᠧᠺᠲ᠋ᠣᠷ ᠭᠡᠳᠡᠭ᠃ (ᠴᠠᠭᠠᠷᠢᠭ ᠬᠡᠯᠪᠡᠷᠢ ᠲᠡᠢ ᠳᠧᠽᠣᠺᠰᠢᠷᠢᠪᠨᠢᠺᠯᠧᠢᠨ ᠦ ᠬᠦᠴᠢᠯ ᠦᠨ ᠮᠣᠯᠧᠺᠤᠯ ᠶᠤᠮ᠃) ᠲᠤᠬᠠᠢ ᠶᠢᠨ ᠸᠧᠺᠲ᠋ᠣᠷ ᠤᠨ ᠵᠣᠬᠢᠴᠠᠭᠤᠯᠬᠤ ᠡᠯᠧᠮᠧᠨᠲ ᠦᠳ ᠨᠢ ᠡᠵᠡᠨ ᠡᠰ ᠦᠨ ᠤᠳᠤᠮᠰᠢᠯ ᠤᠨ ᠮᠡᠳᠡᠭᠡᠯᠡᠯ ᠢᠯᠡᠷᠡᠭᠦᠯᠬᠦ ᠰᠢᠰᠲ᠋ᠧᠮ ᠲᠡᠢ ᠲᠣᠬᠢᠷᠠᠵᠤ ᠪᠠᠶᠢᠬᠤ ᠶᠣᠰᠣᠲᠠᠢ᠃ ᠪᠥᠭᠡᠳ ᠸᠧᠺᠲ᠋ᠣᠷ ᠮᠣᠯᠧᠺᠤᠯ ᠳᠠᠷᠠᠭᠠᠬᠢ ᠱᠠᠭᠠᠷᠳᠠᠯᠭ᠎ᠠ ᠶᠢ ᠬᠠᠩᠭᠠᠭᠰᠠᠨ ᠪᠠᠶᠢᠬᠤ ᠤᠴᠢᠷᠲᠠᠢ:

  • ᠡᠵᠡᠨ ᠡᠰ ᠦᠨ ᠳᠣᠲᠣᠷ᠎ᠠ ᠪᠡᠶ᠎ᠡ ᠳᠠᠩ ᠴᠢᠯᠦᠭᠡᠲᠡᠢ ᠬᠣᠶᠠᠷᠴᠢᠯᠠᠭᠳᠠᠬᠤ᠃
  • ᠡᠵᠡᠨ ᠡᠰ ᠲᠦ ᠲᠣᠭᠲᠠᠪᠤᠷᠢᠲᠠᠢ ᠣᠷᠣᠰᠢᠨ ᠲᠣᠭᠲᠠᠨᠢᠬᠤ᠃
  • ᠪᠤᠰᠤᠳ ᠠᠴᠠ ᠲᠠᠨᠢᠵᠤ᠂ ᠢᠯᠭᠠᠭᠳᠠᠬᠤ ᠶᠠᠮᠠᠷ ᠨᠢᠭᠡᠨ ᠮᠠᠷᠺᠶᠣᠷ ᠪᠤᠶᠤ ᠲᠡᠮᠳᠡᠭᠲᠦ ᠭᠧᠨ ᠠᠭᠤᠯᠠᠭᠰᠠᠨ ᠪᠠᠶᠢᠬᠤ
  • ᠷᠧᠰᠲᠷᠢᠺᠲ᠋ᠠᠽ ᠢᠰᠭᠡᠬᠦᠷ ᠦᠳ ᠲᠦ ᠲᠠᠰᠤᠯᠤᠭᠳᠠᠬᠤ ᠳᠡᠰ ᠳᠠᠷᠠᠭᠠᠯᠠᠯ ᠨᠢ ᠠᠯᠢ ᠪᠣᠯᠤᠨ ᠴᠥᠭᠡᠨ ᠪᠠᠶᠢᠬᠤ

ᠭᠧᠨ ᠦ ᠢᠯᠡᠷᠡᠯ ᠵᠠᠪᠠᠯ ᠶᠠᠮᠠᠷ ᠨᠢᠭᠡᠨ ᠡᠰ ᠳᠣᠲᠣᠷ᠎ᠠ ᠶᠠᠪᠤᠭᠳᠠᠳᠠᠭ ᠪᠠ ᠡᠶᠢᠮᠦ ᠡᠰ ᠢ ᠡᠵᠡᠨ ᠡᠰ ᠭᠡᠬᠦ ᠪᠥᠭᠡᠳ ᠡᠳᠡᠭᠡᠷ ᠨᠢ ᠥᠪᠡᠷ ᠥᠪᠡᠷ ᠦᠨ ᠣᠨᠴᠠᠯᠢᠭ ᠲᠠᠢ ᠪᠠᠶᠢᠬᠤ ᠠᠴᠠ ᠭᠠᠳᠠᠨ᠎ᠠ ᠬᠣᠭᠣᠷᠣᠨᠳᠣ ᠪᠠᠨ ᠭᠧᠨ ᠢᠯᠡᠷᠡᠭᠦᠯᠬᠦ ᠲᠣᠭᠲᠠᠯᠴᠠᠭ᠎ᠠ ᠪᠠᠷ ᠢᠶᠠᠨ ᠢᠯᠭᠠᠭ᠎ᠠ ᠲᠠᠢ ᠪᠠᠶᠢᠳᠠᠭ᠃

ᠡᠵᠡᠨ ᠡᠰ ᠦᠳ ᠭᠧᠨ ᠦ ᠢᠨᠵᠧᠨᠧᠷᠴᠢᠯᠡᠯ ᠦᠨ ᠦᠢᠯᠡ ᠠᠵᠢᠯᠯᠠᠭᠠᠨ ᠳᠤ ᠬᠣᠶᠠᠷ ᠡᠭᠦᠷᠭᠡ ᠭᠦᠢᠴᠡᠳᠭᠡᠨ᠎ᠡ:

  1. ᠰᠢᠯᠵᠢᠭᠦᠯᠦᠨ ᠰᠠᠭᠤᠯᠭᠠᠭᠰᠠᠨ ᠭᠧᠨ ᠢ ᠣᠯᠠᠰᠢᠷᠠᠭᠤᠯᠵᠤ᠂ ᠪᠦᠲᠦᠭᠡᠭᠳᠡᠬᠦᠨ ᠢ ᠭᠠᠷᠭᠠᠨ ᠠᠪᠬᠤ ᠳᠤ᠃

ᠲᠡᠶᠢᠮᠦ ᠤᠴᠢᠷ ᠠᠴᠠ ᠡᠨᠡ ᠶᠢ ᠪᠤᠷᠤᠭᠤ ᠪᠢᠴᠢᠭᠰᠡᠨ ᠪᠠᠶᠢᠨ᠎ᠠ

  1. In vitro – ᠨᠥᠬᠥᠴᠡᠯ ᠳᠦ ᠶᠠᠩᠵᠤ ᠪᠦᠷᠢ ᠶᠢᠨ ᠪᠠᠶᠢᠳᠠᠯ ᠢᠶᠠᠷ ᠬᠤᠪᠢᠷᠠᠭᠠᠭᠰᠠᠨ ᠳᠧᠽᠣᠺᠰᠢᠷᠢᠪᠨᠢᠺᠯᠧᠢᠨ ᠦ ᠬᠦᠴᠢᠯ ᠡᠴᠡ ᠱᠠᠭᠠᠷᠳᠠᠯᠭ᠎ᠠ ᠲᠠᠢ ᠷᠧᠣᠺᠣᠮᠪᠢᠨᠠᠨ ᠳᠤ ᠮᠣᠯᠧᠺᠤᠯ ᠢ ᠰᠣᠩᠭᠣᠵᠤ ᠠᠪᠬᠤ ᠳᠤ

ᠶᠠᠮᠠᠷ ᠭᠧᠨ ᠢ ᠠᠯᠢ ᠡᠵᠡᠨ ᠡᠰ ᠲᠦ ᠰᠠᠭᠤᠯᠭᠠᠬᠤ ᠪᠤᠢ︖ ᠭᠡᠰᠡᠨ ᠰᠣᠩᠭᠣᠯᠲᠠ ᠠᠴᠠ ᠤᠭ ᠠᠵᠢᠯ ᠤᠨᠨ ᠦᠷ᠎ᠡ ᠳ᠋ᠦᠩ ᠬᠠᠮᠢᠶᠠᠷᠠᠵᠦ ᠪᠠᠶᠢᠳᠠᠭ᠃

ᠪᠢᠣᠲ᠋ᠧᠭᠨᠣᠯᠣᠭᠢ ᠪᠠ ᠭᠧᠨ ᠦ ᠺᠯᠣᠨ ᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠴᠢᠨ ᠦᠶ᠎ᠡ ᠶᠢᠨ ᠪᠢᠣᠲ᠋ᠧᠭᠨᠣᠯᠣᠭᠢ ᠍ ᠶᠢᠨ ᠲᠣᠮᠣ ᠣᠯᠤᠯᠲᠠ ᠨᠤᠭᠤᠳ ᠤᠨ ᠨᠢᠭᠡ ᠪᠣᠯ᠂ ᠲᠥᠷᠦᠯᠵᠢᠭᠰᠡᠨ ᠪᠡᠶ᠎ᠡ ᠶᠢᠨ ᠡᠰ ᠡᠴᠡ ᠢᠯᠭᠠᠨ ᠠᠪᠤᠭᠰᠠᠨ ᠪᠥᠭᠡᠮ ᠢ ᠥᠨᠳᠡᠭᠡᠨ ᠡᠰᠡᠨ ᠳᠦ ᠨᠢ ᠰᠢᠯᠵᠢᠭᠦᠯᠦᠨ ᠰᠠᠭᠤᠯᠭᠠᠬᠤ ᠵᠠᠮ ᠢᠶᠠᠷ ᠠᠮᠢᠲᠠᠨ ᠬᠤᠪᠢᠯᠤᠨ ᠣᠯᠠᠰᠢᠷᠠᠭᠤᠯᠬᠤ ᠠᠷᠭ᠎ᠠ ᠵᠦᠢ ᠶᠢ ᠪᠣᠯᠪᠠᠰᠤᠷᠠᠭᠤᠯᠤᠭᠰᠠᠨ ᠶᠠᠪᠤᠳᠠᠯ ᠪᠥᠭᠡᠳ᠂ ᠡᠨᠡ ᠠᠷᠭ᠎ᠠ ᠶᠢ ᠺᠯᠣᠨᠢᠨᠢ ᠍ ᠦᠨ ᠠᠷᠭ᠎ᠠ ᠭᠡᠨ᠎ᠡ᠃ ᠡᠨᠡ ᠨᠢ ᠪᠡᠶ᠎ᠡ ᠶᠢᠨ ᠡᠰ ᠦᠨ ᠪᠥᠭᠡᠮ ᠢ ᠰᠢᠯᠵᠢᠭᠦᠯᠦᠨ ᠰᠠᠭᠤᠯᠭᠠᠬᠤ ᠵᠠᠮ ᠢᠶᠠᠷ ᠤᠭ 《ᠳ᠋ᠣᠨᠤᠷ》 ᠍ ᠤᠨ ᠬᠠᠭᠤᠯᠪᠤᠷᠢ ᠶᠢ ᠪᠤᠢ ᠪᠣᠯᠭᠠᠵᠤ ᠪᠠᠶᠢᠭ᠎ᠠ᠂ ᠪᠡᠯᠭᠡ ᠶᠢᠨ ᠪᠤᠰᠤ ᠦᠷᠡᠵᠢᠯ ᠦᠨ ᠠᠷᠭ᠎ᠠ ᠶᠤᠮ᠃

ᠠᠩᠬ᠎ᠠ ᠡᠨᠡ ᠴᠢᠭᠯᠡᠯ ᠦᠨ ᠰᠤᠳᠤᠯᠭ᠎ᠠ 《ᠪᠡᠶ᠎ᠡ ᠶᠢᠨ ᠡᠰ ᠦᠨ ᠭᠧᠨᠧᠲ᠋ᠢᠭ》 ᠭᠡᠳᠡᠭ ᠴᠢᠭᠯᠡᠯ ᠢᠶᠡᠷ 1960 ᠍ ᠊ᠭᠠᠳ ᠣᠨ ᠤ ᠳᠤᠮᠳᠠ ᠦᠶᠡᠰ ᠡᠬᠢᠯᠡᠨ ᠬᠥᠭᠵᠢᠭᠰᠡᠨ ᠲᠡᠦᠬᠡᠲᠦ ᠠᠩᠬᠠᠨ ᠤ ᠲᠤᠷᠰᠢᠯᠲᠠ ᠶᠢᠨ ᠣᠪᠶᠧᠺᠲ ᠤᠳ ᠨᠢ ᠮᠡᠯᠡᠬᠡᠢ ᠪᠠᠶᠢᠯ᠎ᠠ᠃ ᠡᠨᠡ ᠴᠢᠭᠯᠡᠯ ᠳᠦ ᠭᠠᠷᠤᠭᠰᠠᠨ ᠠᠩᠬᠠᠨ ᠤ ᠲᠣᠮᠣ ᠠᠯᠬᠤᠮ ᠪᠣᠯ 1975 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠰᠤᠳᠤᠯᠤᠭᠠᠴᠢ J.Gurdon ᠍ ᠤ 《Xenopus》 ᠮᠡᠯᠡᠬᠡᠢ ᠶᠢ ᠺᠯᠣᠨ ᠤ ᠠᠷᠭ᠎ᠠ ᠪᠠᠷ ᠬᠤᠪᠢᠯᠤᠭᠰᠠᠨ ᠠᠵᠢᠯ ᠪᠠᠶᠢᠯ᠎ᠠ᠃ ᠰᠺᠣᠲ᠋ᠯᠠᠨᠳ᠋ ᠤᠯᠤᠰ ᠤᠨ ᠷᠣᠵᠣᠯᠢᠨ ᠤ ᠢᠨᠰᠲ᠋ᠢᠲ᠋ᠦᠶᠢᠲ ᠦᠨ ᠰᠤᠳᠤᠯᠤᠭᠠᠴᠢᠳ 1997 ᠣᠨ ᠳᠤ ᠳ᠋ᠣᠯᠯᠢ ᠨᠡᠷᠡᠲᠦ ᠬᠢᠮᠡᠯ ᠬᠣᠩ ᠢ ᠭᠠᠷᠭᠠᠨ ᠠᠪᠤᠭᠰᠠᠨ ᠪᠠ ᠢᠩᠭᠦᠬᠦ ᠳᠦ ᠪᠡᠨ ᠨᠠᠰᠤᠨ ᠳᠤ ᠬᠦᠷᠦᠭᠰᠡᠨ ᠬᠣᠨᠢᠨ ᠤ ᠠᠷᠠᠰᠤᠨ ᠤ ᠡᠰ ᠦᠨ ᠪᠥᠭᠡᠮ᠂ ᠳᠧᠽᠣᠺᠰᠢᠷᠢᠪᠨᠢᠺᠯᠧᠢᠨ ᠦ ᠬᠦᠴᠢᠯ ᠍ ᠢ ᠠᠰᠢᠭᠯᠠᠭᠰᠠᠨ ᠭᠡᠳᠡᠭ᠃ ᠳ᠋ᠣᠯᠯᠢ ᠢ ᠬᠤᠪᠢᠯᠭᠠᠨ ᠭᠠᠷᠭᠠᠬᠤ ᠳᠤ ᠨᠡᠶᠢᠲᠡ 277 ᠤᠳᠠᠭ᠎ᠠ ᠶᠢᠨ ᠲᠤᠷᠰᠢᠯᠲᠠ ᠣᠷᠣᠯᠳᠤᠯᠭ᠎ᠠ ᠬᠢᠭᠰᠡᠨ ᠦ 29 ᠨᠢ ᠬᠥᠪᠦᠷᠡᠯ ᠪᠣᠯᠤᠨ ᠬᠥᠭᠵᠢᠵᠦ᠂ ᠲᠡᠭᠦᠨ ᠡᠴᠡ 13 ᠬᠥᠪᠦᠷᠡᠯ ᠨᠢ ᠲᠡᠭᠡᠭᠡᠭᠴᠢ ᠠᠮᠢᠲᠠᠨ ᠤ ᠤᠮᠠᠢ ᠳᠤ ᠪᠡᠬᠢᠯᠡᠭᠳᠡᠵᠦ ᠴᠢᠳᠠᠭᠰᠠᠨ ᠪᠠᠶᠢᠳᠠᠭ ᠪᠠ ᠲᠡᠳᠡᠭᠡᠷ ᠡᠴᠡ ᠭᠠᠭᠴᠠᠬᠠᠨ ᠬᠤᠷᠠᠭ᠎ᠠ ᠡᠰᠡᠨ ᠮᠡᠨᠳᠦ ᠲᠦᠷᠦᠭᠰᠡᠨ ᠲᠡᠦᠬᠡ ᠲᠡᠢ᠃ ᠲᠥᠷᠥᠯ ᠪᠦᠷᠢ ᠶᠢᠨ ᠥᠪᠡᠷᠮᠢᠴᠡ ᠰᠢᠨᠵᠢ ᠴᠢᠨᠠᠷᠲᠠᠢ ᠤᠷᠭᠤᠮᠠᠯ᠂ ᠠᠮᠢᠲᠠᠳ ᠢ ᠬᠤᠪᠢᠯᠠᠬᠤ ᠨᠢ ᠳᠡᠯᠡᠬᠡᠢ ᠳᠠᠬᠢᠨ ᠳᠤ ᠴᠢᠬᠤᠯᠠ ᠠᠴᠢ ᠬᠣᠯᠪᠣᠭᠳᠠᠯ ᠥᠭᠴᠦ ᠪᠠᠶᠢᠨ᠎ᠠ᠃ ᠵᠢᠱᠢᠶ᠎ᠡ ᠨᠢ᠂ ᠬᠣᠪᠣᠷᠳᠠᠵᠤ ᠮᠥᠬᠥᠯ ᠦᠨ ᠢᠷᠮᠡᠭ ᠲᠦ ᠣᠶᠢᠷᠠᠳᠤᠭᠰᠠᠨ ᠠᠮᠢᠲᠠᠳ ᠢᠶᠠᠨ ᠠᠪᠤᠷᠠᠵᠤ ᠦᠯᠡᠳᠡᠬᠦ᠂ ᠲᠣᠭ᠎ᠠ ᠲᠣᠯᠣᠭᠠᠢ ᠶᠢ ᠨᠢ ᠨᠡᠮᠡᠭᠳᠡᠭᠦᠯᠬᠦ ᠳᠦ ᠭᠸᠨ ᠦ ᠢᠨᠵᠧᠨᠧᠷᠴᠢᠯᠡᠯ ᠴᠢᠬᠤᠯᠠ ᠡᠭᠦᠷᠭᠡ ᠭᠦᠢᠴᠡᠳᠭᠡᠵᠦ ᠴᠢᠳᠠᠬᠤ ᠶᠤᠮ᠃

ᠠᠮᠧᠷᠢᠺᠠᠡᠮᠦᠨᠡᠲᠦ ᠰᠣᠯᠣᠩᠭᠣᠰᠢᠲ᠋ᠠᠯᠢ ᠳᠦ ᠺᠯᠣᠨᠢᠩ ᠦᠨ ᠠᠷᠭ᠎ᠠ ᠪᠠᠷ ᠬᠤᠪᠢᠯᠤᠭᠰᠠᠨ ᠠᠩᠬᠠᠨ ᠤ ᠬᠡᠦᠬᠡᠳ ᠦᠳ ᠲᠦᠷᠦᠭᠰᠡᠨ᠃ ᠡᠨᠡ ᠨᠢ ᠡᠴᠢᠭᠡ᠂ ᠡᠬᠡ ᠶᠢᠨ ᠳᠤᠮᠳᠠ ᠠᠴᠠ ᠲᠦᠷᠦᠭᠰᠡᠨ ᠬᠡᠦᠬᠡᠳ ᠪᠢᠰᠢ᠃ ᠲᠥᠷᠦᠭᠦᠯᠦᠭᠰᠡᠨ ᠡᠬᠡ ᠨᠢ ᠵᠥᠪᠬᠡᠨ ᠲᠡᠭᠡᠭᠡᠭᠴᠢ᠂ ᠲᠡᠵᠢᠭᠡᠭᠴᠢ᠃ ᠣᠯᠠᠨ ᠣᠷᠣᠨ ᠳᠤ ᠬᠦᠮᠦᠨ ᠳᠡᠭᠡᠷ᠎ᠡ ᠺᠯᠣᠨᠢᠩ ᠦᠨ ᠲᠤᠷᠰᠢᠯᠲᠠ ᠶᠠᠪᠤᠭᠤᠯᠬᠤ ᠨᠢ ᠬᠣᠷᠢᠭ᠎ᠠ ᠲᠠᠢ ᠪᠠᠶᠢᠳᠠᠭ ᠨᠢ ᠬᠡᠳᠦ ᠬᠡᠳᠦᠨ ᠰᠢᠯᠲᠠᠭᠠᠨ ᠲᠠᠢ ᠠᠵᠢ᠃ ᠬᠡᠷᠪᠡ ᠵᠥᠪᠰᠢᠶᠡᠷᠡᠪᠡᠯ᠂ ᠬᠦᠮᠦᠨ ᠠᠮᠠ ᠶᠢᠨ ᠬᠦᠢᠰᠦ ᠦᠨ ᠬᠠᠷᠢᠴᠠᠭ᠎ᠠ ᠠᠯᠳᠠᠭᠳᠠᠬᠤ ᠠᠶᠤᠯᠲᠠᠢ ᠭᠡᠵᠦ ᠦᠵᠡᠳᠡᠭ᠃ ᠥᠭᠡᠷ᠎ᠡ ᠪᠡᠷ ᠬᠡᠯᠡᠪᠡᠯ ᠤᠯᠤᠰ ᠦᠨᠳᠦᠰᠦᠲᠡᠨ ᠦ᠂ ᠬᠦᠮᠦᠨ ᠦ ᠡᠷᠬᠡ ᠴᠢᠯᠦᠭᠡ ᠵᠥᠷᠢᠴᠡᠭᠳᠡᠵᠦ᠂ ᠲᠡᠭᠰᠢ ᠡᠷᠬᠡᠲᠦ ᠶᠣᠰᠣ ᠠᠯᠳᠠᠭᠳᠠᠨ᠂ ᠶᠠᠳᠠᠭᠤ ᠪᠠᠶᠠᠨ ᠤ ᠢᠯᠭᠠᠭ᠎ᠠ ᠶᠡᠬᠡᠰ ᠴᠤ ᠪᠣᠯᠤᠨ᠎ᠠ ᠭᠡᠵᠦ ᠡᠷᠳᠡᠮᠲᠡᠳ ᠦᠵᠡᠵᠦ ᠪᠠᠶᠢᠨ᠎ᠠ᠃

ᠠᠦᠢᠰᠲ᠋ᠷᠯᠢᠶ᠎ᠠᠠᠮᠧᠷᠢᠺᠠ ᠶᠢᠨ ᠡᠷᠳᠡᠮᠲᠡᠳ ᠬᠦᠮᠦᠨ ᠢ ᠬᠤᠪᠢᠯᠬᠤ ᠳᠤ ᠭᠠᠬᠠᠶ ᠶᠢᠨ 《ᠬᠣᠭᠣᠰᠣᠨ ᠥᠨᠳᠡᠭᠡᠨ ᠡᠰ》 ᠠᠰᠢᠭᠯᠠᠬᠤ ᠲᠤᠷᠰᠢᠯᠲᠠ ᠶᠢ ᠬᠢᠵᠦ ᠬᠦᠮᠦᠨ ᠦ ᠭᠧᠨᠠᠮ ᠪᠦᠬᠦᠢ ᠭᠠᠬᠠᠢ ᠬᠦᠮᠦᠨ ᠦ ᠡᠰ ᠭᠠᠷᠭᠠᠨ ᠠᠪᠴᠤ ᠲᠡᠷᠡ ᠨᠢ 32 ᠪᠣᠯᠲᠠᠯ᠎ᠠ ᠪᠠᠨ ᠬᠤᠪᠢᠶᠠᠭᠳᠠᠨ ᠦᠷᠡᠵᠢᠵᠦ ᠪᠠᠶᠢᠴᠠᠢ᠃ ᠤᠭ ᠠᠷᠭ᠎ᠠ ᠪᠠᠷ ᠠᠮᠢᠳᠤ ᠪᠡᠶ᠎ᠡ ᠶᠢ ᠬᠤᠪᠢᠯᠤᠨ ᠭᠠᠷᠭᠠᠬᠤ ᠠᠴᠠ ᠭᠠᠳᠠᠨ᠎ᠠ ᠪᠤᠰᠤᠳ ᠬᠡᠷᠡᠭᠲᠡᠢ ᠭᠣᠷᠮᠣᠨ᠂ ᠤᠭᠤᠷᠠᠭ ᠵᠡᠷᠭᠡ ᠶᠢ ᠭᠠᠷᠭᠠᠨ ᠠᠪᠴᠤ ᠪᠣᠯᠤᠨ᠎ᠠ᠃

ᠭᠸᠨ ᠦ ᠬᠤᠪᠢ ᠳᠤ ᠬᠤᠪᠢᠷᠠᠭᠠᠭᠰᠠᠨ ᠣᠷᠭᠠᠨᠢᠰᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠸᠨ ᠦ ᠢᠨᠵᠧᠨᠧᠷᠴᠢᠯᠡᠯ ᠦᠨ ᠲᠤᠰᠠᠯᠠᠮᠵᠢ ᠲᠠᠢ ᠪᠠᠷ ᠬᠤᠪᠢᠷᠠᠭᠠᠭᠰᠠᠨ ᠤᠷᠭᠤᠮᠠᠯᠠᠮᠢᠲᠠᠨᠪᠢᠴᠢᠯ ᠪᠡᠶᠡᠲᠦ ᠨᠦᠭᠦᠳ ᠢ᠂ ᠭᠸᠨ ᠦ ᠥᠭᠡᠷᠡᠴᠢᠯᠡᠯᠲᠡ ᠲᠡᠢ ᠣᠷᠭᠠᠨᠢᠰᠮ ᠤᠳ ᠪᠤᠶᠤ ᠣᠷᠭᠠᠨᠢᠰᠮ ᠭᠡᠵᠦ ᠨᠡᠷᠡᠯᠡᠳᠡᠭ᠃ ᠬᠠᠮᠤᠭ ᠤᠨ ᠠᠩᠬ᠎ᠠ ᠨᠢᠶᠠᠨ ᠭᠸᠨ ᠦ ᠬᠤᠪᠢᠷᠠᠭᠠᠯᠲᠠ ᠳᠤ ᠥᠷᠲᠦᠭᠰᠡᠨ᠃ ᠰᠢᠨ᠎ᠡ ᠭᠧᠨ ᠢ ᠠᠭᠤᠯᠠᠭᠰᠠᠨ ᠳᠧᠽᠣᠺᠰᠢᠷᠢᠪᠨᠢᠺᠯᠧᠢᠨ ᠦ ᠬᠦᠴᠢᠯ ᠫᠯᠠᠽᠮ ᠳᠤ ᠤᠳ ᠢ ᠨᠢᠩ ᠦᠨ ᠡᠰ ᠤᠷᠤᠭᠤ ᠣᠷᠣᠭᠤᠯᠬᠤ ᠳᠤ᠂ ᠨᠢᠶᠠᠨ ᠰᠢᠨ᠎ᠡ ᠭᠧᠨ ᠢ ᠬᠦᠯᠢᠶᠡᠨ ᠠᠪᠤᠨ᠎ᠠ᠃ ᠡᠳᠡᠭᠡᠷ ᠭᠧᠨ ᠨᠦᠭᠦᠳ ᠨᠢ ᠡᠮ ᠡᠰᠡᠪᠡᠯ ᠹᠧᠷᠮᠧᠨᠲ ᠦᠳ ᠢ ᠪᠤᠢ ᠪᠣᠯᠭᠠᠬᠤ ᠪᠣᠯᠤᠮᠵᠢ ᠲᠠᠢ᠃ ᠤᠷᠭᠤᠮᠠᠯ ᠤᠳ ᠢ ᠬᠣᠣᠷᠲᠠᠨ ᠰᠢᠪᠠᠵᠢ ᠠᠴᠠ ᠬᠠᠮᠠᠭᠠᠯᠠᠬᠤ᠂ ᠭᠧᠷᠪᠢᠼᠢᠳ ᠦᠳ ᠲᠦ ᠲᠣᠭᠲᠠᠪᠤᠷᠢᠲᠠᠢ ᠪᠣᠯᠭᠠᠬᠤ᠂ ᠸᠢᠷᠦᠰᠲᠦ ᠲᠣᠭᠲᠠᠪᠤᠷᠢᠲᠠᠢ ᠪᠣᠯᠭᠠᠬᠤ᠂ ᠤᠷᠴᠢᠨ ᠳᠤ ᠪᠠᠨ ᠳᠠᠰᠬᠤ ᠴᠢᠳᠠᠪᠤᠷᠢ ᠶᠢ ᠳᠡᠭᠡᠭᠰᠢᠯᠡᠭᠦᠯᠬᠦ᠂ ᠬᠦᠨᠡᠰᠦᠨ ᠦ ᠴᠢᠨᠠᠷ ᠢ ᠨᠡᠮᠡᠭᠳᠡᠭᠦᠯᠬᠦ᠂ ᠬᠦᠨᠡᠰᠦᠨ ᠳᠦ ᠬᠡᠷᠡᠭᠯᠡᠵᠦ ᠪᠣᠯᠬᠤ ᠸᠠᠺᠼᠢᠨ ᠨᠤᠭᠤᠳ ᠢ ᠪᠤᠢ ᠪᠣᠯᠭᠠᠬᠤ ᠵᠣᠷᠢᠯᠭ᠎ᠠ ᠨᠤᠭᠤᠳ ᠢᠶᠠᠷ ᠭᠸᠨ ᠦ ᠬᠤᠪᠢᠷᠠᠭᠠᠯᠲᠠ ᠳᠤ ᠣᠷᠣᠭᠤᠯᠳᠠᠭ᠃ ᠬᠤᠳᠠᠯᠳᠤᠭᠠᠨ ᠤ ᠵᠣᠷᠢᠭᠤᠯᠤᠯᠲᠠ ᠲᠠᠢ ᠣᠷᠭᠠᠨᠢᠰᠮ ᠨᠢ ᠬᠣᠣᠷᠲᠠᠨ ᠰᠢᠪᠠᠵᠢ ᠳᠤ ᠲᠡᠰᠪᠦᠷᠢᠲᠡᠢ ᠪᠠ/ᠡᠰᠡᠪᠡᠯ ᠭᠧᠷᠪᠧᠼᠢᠳ ᠲᠦ ᠲᠡᠰᠪᠦᠷᠢᠲᠡᠢ ᠲᠠᠷᠢᠮᠠᠯ ᠤᠷᠭᠤᠮᠠᠯ ᠤᠳ ᠪᠠᠶᠢᠳᠠᠭ᠃ ХАА ᠍ ᠶᠢᠨ ᠪᠠ ᠡᠮ ᠵᠦᠢ ᠶᠢᠨ ᠰᠠᠯᠪᠤᠷᠢ ᠶᠢᠨ ᠪᠦᠲᠦᠭᠡᠭᠳᠡᠬᠦᠨ ᠨᠦᠭᠦᠳ ᠢ ᠰᠠᠶᠢᠵᠢᠷᠭᠠᠭᠤᠯᠬᠤ ᠵᠣᠷᠢᠯᠭ᠎ᠠ ᠲᠠᠢ ᠰᠤᠳᠤᠯᠭᠠᠨ ᠤ ᠠᠵᠢᠯ ᠳᠤ᠂ ᠭᠸᠨ ᠦ ᠥᠭᠡᠷᠡᠴᠢᠯᠡᠯᠲᠡ ᠲᠡᠢ ᠠᠮᠢᠲᠠᠳ ᠢ ᠠᠰᠢᠭᠯᠠᠭᠰᠠᠨ ᠪᠠᠶᠢᠳᠠᠭ᠃ ᠨᠣᠺᠠᠦ᠋ᠲ ᠭᠧᠨ ᠨᠤᠭᠤᠳ ᠢ ᠠᠮᠢᠲᠠᠨ ᠳᠤ ᠰᠠᠭᠤᠯᠭᠠᠵᠤ᠂ ᠡᠪᠡᠳᠴᠢᠨ ᠲᠡᠰᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠬᠦ᠂ ᠥᠰᠦᠯᠲᠡ ᠶᠢᠨ ᠭᠣᠷᠮᠣᠨ ᠢ ᠢᠳᠡᠪᠬᠢᠵᠢᠭᠦᠯᠬᠦ ᠪᠠ ᠰᠦᠨ ᠦ ᠤᠭᠤᠷᠠᠭ ᠤᠨ ᠠᠭᠤᠯᠤᠮᠵᠢ ᠶᠢ ᠨᠡᠮᠡᠭᠳᠡᠭᠦᠯᠳᠡᠭ᠃

ᠭᠸᠨ ᠦ ᠢᠨᠵᠧᠨᠧᠷᠴᠢᠯᠡᠯ ᠦᠨ ᠠᠷᠭ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢᠨ ᠦ ᠠᠯᠬᠤᠮ ᠨᠢ ᠣᠷᠭᠠᠨᠢᠰᠮ ᠬᠢᠬᠦ ᠲᠤᠰᠠᠭᠠᠷᠯᠠᠭᠳᠠᠭᠰᠠᠨ ᠭᠧᠨ ᠢ ᠰᠣᠩᠭᠣᠵᠤ ᠠᠪᠬᠤ ᠶᠤᠮ᠃ 2012 ᠣᠨ ᠠᠴᠠ ᠡᠬᠢᠯᠡᠨ ᠶᠡᠬᠡᠩᠬᠢ ᠶᠡᠬᠡ ᠬᠡᠮᠵᠢᠶ᠎ᠡ ᠪᠡᠷ ᠦᠢᠯᠡᠳᠪᠦᠷᠢᠯᠡᠭᠳᠡᠵᠦ ᠪᠠᠶᠢᠭ᠎ᠠ ГӨ ᠤᠷᠭᠤᠮᠠᠯ ᠨᠢ ᠰᠢᠪᠠᠵᠢ ᠪᠣᠯᠤᠨ ᠭᠧᠷᠪᠢᠼᠢᠳ ᠤᠨ ᠡᠰᠡᠷᠬᠦ ᠬᠠᠮᠠᠭᠠᠯᠠᠬᠤ ᠭᠧᠨ ᠰᠤᠤᠯᠭᠠᠭᠤᠯᠤᠭᠳᠠᠭᠰᠠᠨ ᠪᠠᠶᠢᠳᠠᠭ᠃ ᠭᠧᠨ ᠢ ᠬᠢᠵᠠᠭᠠᠷᠯᠠᠬᠤ ᠳᠠᠶᠢᠪᠤᠷᠢ ᠶᠢᠨ ᠲᠤᠰᠠᠯᠠᠮᠵᠢ ᠲᠠᠢ ᠪᠠᠷ DNA ᠲᠠᠰᠤᠯᠵᠤ ᠳᠠᠷᠠᠭ᠎ᠠ ᠨᠢ ᠭᠧᠯ ᠡᠯᠧᠺᠲ᠋ᠷᠣᠹᠣᠷᠧᠰᠢᠰ ᠢ ᠠᠰᠢᠭᠯᠠᠨ ᠤᠷᠲᠤ ᠠᠴᠠ ᠨᠢ ᠬᠠᠮᠢᠶᠠᠷᠤᠭᠤᠯᠵᠤ ᠭᠠᠷᠭᠠᠵᠤ ᠠᠪᠤᠨ᠎ᠠ᠃ Polymerase ᠭᠢᠨᠵᠢᠨ ᠤᠷᠪᠠᠯ ᠨᠢ ᠭᠸᠨ ᠦ ᠬᠡᠰᠡᠭ ᠢ ᠬᠤᠪᠢᠯᠭᠠᠬᠤ ᠳᠤ ᠪᠠᠰᠠ ᠠᠰᠢᠭᠯᠠᠵᠤ ᠪᠣᠯᠤᠨ᠎ᠠ᠂ ᠲᠡᠷᠡ ᠨᠢ ᠳᠠᠷᠠᠭ᠎ᠠ ᠨᠢ ᠭᠧᠯ ᠡᠯᠧᠺᠲ᠋ᠷᠣᠹᠣᠷᠧᠰᠢᠰ ᠤᠨ ᠠᠷᠭ᠎ᠠ ᠪᠠᠷ ᠲᠤᠰᠠᠭᠠᠷᠯᠠᠭᠳᠠᠳᠠᠭ᠃ ᠬᠡᠷᠪᠡ ᠰᠣᠩᠭᠣᠭᠳᠠᠭᠰᠠᠨ ᠭᠧᠨ ᠡᠰᠡᠪᠡᠯ ᠳ᠋ᠣᠨᠤᠷ ᠣᠷᠭᠠᠨᠢᠰᠮ ᠤᠨ ᠭᠧᠨᠠᠮ ᠰᠠᠶᠢᠨ ᠰᠤᠳᠤᠯᠤᠭᠳᠠᠭᠰᠠᠨ ᠪᠣᠯ ᠭᠸᠨ ᠦ ᠨᠣᠮ ᠤᠨ ᠰᠠᠩ ᠳᠤ ᠪᠠᠶᠢᠵᠤ ᠮᠠᠭᠠᠳ ᠦᠭᠡᠢ᠃ ᠬᠡᠷᠪᠡ DNA  ᠶᠢᠨ ᠬᠤᠪᠢᠯᠪᠤᠷᠢ ᠣᠯᠠᠳᠬᠤ ᠦᠭᠡᠢ ᠪᠣᠯ DNA  ᠶᠢᠨ ᠳᠠᠷᠠᠭᠠᠯᠠᠯ ᠮᠡᠳᠡᠭᠳᠡᠵᠦ ᠪᠠᠶᠢᠪᠠᠯ DNA  ᠢ ᠬᠢᠮᠡᠯ ᠢᠶᠡᠷ ᠬᠢᠵᠦ ᠪᠣᠯᠤᠨ᠎ᠠ᠃ ᠣᠷᠭᠠᠨᠢᠰᠮ ᠍ ᠳᠦ ᠭᠧᠨ ᠢ ᠬᠢᠬᠦ ᠶᠢᠨ ᠲᠤᠯᠠᠳᠠ ᠭᠧᠨ ᠢ ᠥᠭᠡᠷ᠎ᠡ ᠭᠧᠨᠧᠲ᠋ᠢᠭ ᠡᠯᠧᠮᠧᠨᠲ ᠦᠳ ᠲᠡᠢ ᠨᠡᠶᠢᠯᠡᠭᠦᠯᠦᠭᠰᠡᠨ ᠢᠶᠡᠷ ᠠᠮᠵᠢᠯᠲᠠᠢ ᠣᠷᠭᠠᠨᠢᠰᠮ ᠍ ᠳᠦ ᠣᠷᠣᠭᠤᠯᠵᠤ ᠪᠣᠯᠤᠨ᠎ᠠ᠃ ᠡᠨᠡ ᠦᠶ᠎ᠡ ᠱᠠᠲᠤ ᠳᠤ ᠭᠸᠨ ᠦ ᠦᠷ᠎ᠡ ᠠᠰᠢᠭ ᠪᠣᠯᠤᠨ ᠢᠯᠡᠷᠬᠡᠶᠢᠯᠡᠯ ᠢ ᠰᠢᠨᠡᠴᠢᠯᠡᠵᠦ ᠪᠣᠯᠤᠨ᠎ᠠ᠃ ᠭᠧᠨ ᠢ ᠺᠣᠨᠰᠲᠷᠠᠺᠲ᠋ᠣᠷ ᠯᠤᠤ ᠬᠢᠬᠦ ᠡᠴᠡ ᠭᠠᠳᠠᠨ᠎ᠠ ᠺᠣᠨᠰᠲ᠋ᠠᠺᠲ᠋ᠣᠷ ᠨᠢ ᠡᠭᠦᠰᠬᠡᠨ ᠪᠠᠶᠢᠭᠤᠯᠤᠭᠴᠢ᠂ ᠤᠰᠠᠳᠬᠠᠭᠴᠢ ᠪᠣᠯᠤᠨ ᠰᠣᠩᠭᠣᠳᠠᠭ ᠮᠠᠷᠺᠧᠷ ᠲᠠᠢ ᠪᠠᠶᠢᠳᠠᠭ᠃ ᠡᠭᠦᠰᠬᠡᠨ ᠪᠠᠶᠢᠭᠤᠯᠤᠭᠴᠢ ᠬᠡᠰᠡᠭ ᠨᠢ ᠭᠸᠨ ᠦ ᠲᠷᠠᠨᠰᠺᠷᠢᠫᠴ ᠡᠬᠢᠯᠡᠭᠦᠯᠵᠦ ᠭᠸᠨ ᠦ ᠪᠠᠶᠢᠷᠢᠯᠠᠯ ᠪᠣᠯᠤᠨ ᠲᠥᠪᠰᠢᠨ ᠢ ᠲᠣᠳᠣᠷᠬᠠᠶᠢᠯᠠᠳᠠᠭ᠂ ᠬᠠᠷᠢᠨ ᠤᠰᠠᠳᠬᠠᠭᠴᠢ ᠬᠡᠰᠡᠭ ᠨᠢ ᠲᠷᠠᠨᠰᠺᠷᠢᠫᠴᠡ ᠶᠢ ᠲᠡᠭᠦᠰᠬᠡᠳᠡᠭ᠃ ᠰᠣᠩᠭᠣᠳᠠᠭ ᠮᠠᠷᠺᠧᠷ ᠨᠢ ᠣᠷᠣᠭᠰᠠᠨ ᠣᠷᠭᠠᠨᠢᠰᠮ ᠳᠤ ᠪᠠᠨ ᠶᠡᠬᠡᠩᠬᠢ ᠳᠦ ᠪᠡᠨ ᠠᠩᠲ᠋ᠢᠪᠢᠣᠢᠺ ᠤᠨ ᠡᠰᠡᠷᠭᠦᠴᠡᠯ ᠢ ᠣᠯᠭᠤᠳᠠᠭ᠃ ᠡᠨᠡ ᠨᠢ ᠠᠯᠢ ᠡᠰ ᠰᠢᠨ᠎ᠡ ᠭᠧᠨ ᠲᠡᠢ ᠪᠣᠯᠬᠤ ᠶᠢ ᠲᠣᠷᠣᠳᠣᠬᠠᠶᠢᠯᠠᠳᠠᠭ᠃ ᠺᠣᠨᠰᠲᠷᠠᠺᠲ ᠤᠳ ᠨᠢ ᠷᠧᠺᠣᠮᠪᠢᠨᠠᠲ DNA  ᠶᠢᠨ ᠠᠷᠭ᠎ᠠ ᠨᠤᠭᠤᠳ ᠢ ᠠᠰᠢᠭᠯᠠᠨ ᠪᠦᠲᠦᠭᠡᠭᠳᠡᠳᠡᠭ᠂ ᠵᠢᠱᠢᠶᠡᠯᠡᠪᠡᠯ ᠰᠢᠩᠭᠡᠭᠡᠯᠲᠡ ᠶᠢ ᠬᠤᠷᠢᠬᠤ᠂ ligations ᠪᠠ ᠮᠣᠯᠧᠺᠤᠯ ᠤᠨ ᠺᠯᠣᠨᠢᠨ ᠢ᠃ DNA ᠍ ᠢ ᠤᠳᠤᠷᠢᠳᠬᠤ ᠨᠢ ᠶᠡᠬᠡᠪᠴᠢᠯᠡᠨ ᠫᠯᠠᠽᠮ ᠳᠤ ᠳᠣᠲᠣᠷ᠎ᠠ ᠶᠠᠪᠤᠭᠳᠠᠳᠠᠭ᠃ ᠭᠸᠨ ᠦ ᠢᠨᠵᠧᠨᠧᠷᠴᠢᠯᠡᠯ ᠦᠨ ᠬᠠᠮᠤᠭ ᠤᠨ ᠡᠯᠪᠡᠭ ᠲᠣᠬᠢᠶᠠᠯᠳᠤᠳᠠᠭ ᠬᠡᠯᠪᠡᠷᠢ ᠨᠢ ᠡᠵᠡᠨ ᠦ ᠭᠧᠨᠠᠮ ᠳᠤ ᠦᠯᠦ ᠮᠡᠳᠡᠭᠳᠡᠬᠦ ᠪᠡᠷ ᠰᠢᠨ᠎ᠡ ᠭᠧᠨ ᠢ ᠤᠷᠤᠭᠤᠯᠬᠤ ᠶᠤᠮ᠃ ᠥᠭᠡᠷ᠎ᠡ ᠠᠷᠭ᠎ᠠ ᠨᠤᠭᠤᠳ ᠨᠢ ᠰᠢᠨ᠎ᠡ ᠭᠸᠨ ᠦ ᠮᠠᠲ᠋ᠧᠷᠢᠶᠠᠯ ᠢ ᠡᠵᠡᠨ ᠦ ᠭᠧᠨᠠᠮ ᠳᠣᠲᠣᠷ᠎ᠠ ᠲᠣᠳᠣᠷᠬᠠᠢ ᠪᠠᠶᠢᠷᠢᠰᠢᠯ ᠳᠤ ᠣᠷᠣᠭᠤᠯᠬᠤ ᠶᠢ ᠣᠯᠭᠤᠳᠠᠭ ᠡᠰᠡᠪᠡᠯ᠃...... ᠭᠸᠨ ᠦ ᠣᠨᠢᠯᠠᠬᠤ ᠠᠷᠭ᠎ᠠ ᠨᠢ ᠭᠣᠮᠠᠯᠢᠭ ᠤᠨ ᠷᠧᠺᠣᠮᠪᠢᠨᠠᠽ ᠢ ᠠᠰᠢᠭᠯᠠᠵᠤ ᠲᠣᠳᠣᠷᠬᠠᠢ ᠡᠩᠳᠣᠭᠧᠨᠢ ᠶᠢᠨ ᠭᠧᠨ ᠳᠦ ᠬᠦᠰᠡᠵᠦ ᠪᠠᠶᠢᠭ᠎ᠠ ᠥᠭᠡᠷᠡᠴᠢᠯᠡᠯᠲᠡ ᠨᠦᠭᠦᠳᠯᠦ ᠪᠡᠨ ᠣᠨᠢᠯᠠᠳᠠᠭ᠃ ᠡᠨᠡ ᠨᠢ ᠤᠷᠭᠤᠮᠠᠯ ᠪᠣᠯᠤᠨ ᠠᠮᠢᠲᠠᠨ ᠳᠤ ᠪᠠᠭ᠎ᠠ ᠳᠠᠪᠲᠠᠮᠵᠢ ᠲᠡᠢ ᠡᠭᠦᠰᠳᠡᠭ ᠪᠠ ᠶᠡᠬᠡᠪᠴᠢᠯᠡᠨ ᠰᠣᠩᠭᠣᠳᠠᠭ ᠮᠠᠷᠺᠧᠷ ᠬᠢᠭᠡᠷ ᠪᠣᠯᠳᠠᠭ᠃ ᠣᠨᠢᠯᠠᠵᠤ ᠪᠠᠶᠢᠭ᠎ᠠ ᠭᠸᠨ ᠦ ᠳᠠᠪᠲᠠᠮᠵᠢ ᠶᠢ ᠨᠢᠺᠯᠠᠽᠧᠭ ᠢᠨᠵᠧᠨᠧᠷᠯᠡᠭᠰᠡᠨ ᠢᠶᠡᠷ ᠮᠠᠰᠢ ᠶᠡᠬᠡ ᠪᠡᠷ ᠶᠡᠬᠡᠰᠭᠡᠵᠦ ᠪᠣᠯᠳᠠᠭ᠃ ᠵᠢᠱᠢᠶᠡᠯᠡᠪᠡᠯ ᠴᠢᠨ᠋ᠺ ᠤᠨ ᠬᠤᠷᠤᠭᠤᠨ ᠨᠢᠺᠯᠠᠽᠧ᠂ ᠢᠨᠵᠧᠨᠧᠷᠴᠢᠯᠡᠭᠳᠡᠭᠰᠡᠨ ᠪᠤᠴᠠᠭᠠᠭᠴᠢ ᠡᠩᠳᠣᠨᠤᠶᠢᠯᠧᠠᠽ ᠡᠰᠡᠪᠡᠯ TAL ᠨᠥᠯᠥᠭᠡᠯᠡᠭᠴᠢ ᠪᠡᠷ ᠪᠦᠲᠦᠭᠡᠭᠳᠡᠭᠰᠡᠨ ᠡᠩᠳᠣᠨᠤᠶᠢᠯᠧᠠᠽ᠃ ᠭᠧᠨ ᠣᠨᠢᠯᠠᠬᠤ ᠶᠢ ᠶᠡᠬᠡᠰᠬᠡᠬᠦ ᠡᠴᠡ ᠭᠠᠳᠠᠨ᠎ᠠ ᠡᠩᠳᠣᠭᠧᠨᠢ ᠶᠢᠨ ᠭᠧᠨ ᠳᠣᠲᠣᠷ᠎ᠠ ᠭᠸᠨ ᠦ ᠨᠣᠺᠣᠭᠤᠲᠠ ᠢᠯᠭᠠᠷᠠᠭᠤᠯᠳᠠᠭ ᠮᠤᠲᠠᠴᠠ ᠶᠢ ᠬᠢᠬᠦ ᠶᠢᠨ ᠲᠤᠯᠠᠳᠠ ᠪᠠᠰᠠ ᠠᠰᠢᠭᠯᠠᠵᠤ ᠪᠣᠯᠤᠨ᠎ᠠ

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠸᠨ ᠦ ᠢᠨᠵᠧᠨᠧᠷᠴᠢᠯᠡᠯ ᠨᠢ ᠠᠨᠠᠭᠠᠬᠤ ᠤᠬᠠᠭᠠᠨᠰᠢᠨᠵᠢᠯᠡᠬᠦ ᠤᠬᠠᠭᠠᠨᠦᠢᠯᠡᠳᠪᠦᠷᠢᠯᠡᠯХАА ᠍ ᠳᠦ ᠬᠡᠷᠡᠭᠯᠡᠭᠳᠡᠵᠦ ᠪᠠᠶᠢᠨ᠎ᠠ᠃ ᠭᠸᠨ ᠦ ᠢᠨᠵᠧᠨᠧᠷᠴᠢᠯᠡᠯ ᠢ ᠣᠯᠠᠨ ᠲᠥᠷᠥᠯ᠂ ᠵᠦᠢᠯ ᠦᠨ ᠤᠷᠭᠤᠮᠠᠯᠠᠮᠢᠲᠠᠨᠪᠢᠴᠢᠯ ᠪᠡᠶᠡᠲᠡᠨ ᠢ ᠬᠤᠪᠢᠷᠠᠭᠠᠬᠤ ᠳᠤ ᠥᠷᠭᠡᠨ ᠬᠦᠷᠢᠶᠡᠨ ᠳᠦ ᠠᠰᠢᠭᠯᠠᠵᠤ ᠪᠣᠯᠤᠨ᠎ᠠ᠃

ᠠᠨᠠᠭᠠᠬᠤ ᠤᠬᠠᠭᠠᠨ ᠤ ᠰᠠᠯᠪᠤᠷᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠨᠠᠭᠠᠬᠤ ᠤᠬᠠᠭᠠᠨ ᠳᠤ ᠭᠧᠨᠧᠲ᠋ᠢᠭ ᠢᠨᠵᠧᠨᠧᠷᠴᠢᠯᠡᠯ ᠨᠢ ᠢᠨᠰᠤᠶᠢᠯᠢᠩᠬᠦᠮᠦᠨ ᠦ ᠥᠰᠦᠯᠲᠡ ᠶᠢᠨ ᠳᠠᠶᠢᠪᠤᠷᠢ᠂ ᠦᠷᠡᠭᠦᠶᠢᠳᠡᠯ ᠢ ᠡᠮᠴᠢᠯᠡᠬᠦ ᠳᠠᠶᠢᠪᠤᠷᠢ᠂ ᠠᠯᠪᠦᠮᠢᠨᠮᠣᠨᠣᠺᠯᠣᠨ ᠡᠰᠡᠷᠬᠦ ᠪᠡᠶ᠎ᠡ ᠳᠦᠸᠠᠺᠼᠢᠨ ᠪᠣᠯᠤᠨ ᠥᠭᠡᠷ᠎ᠡ ᠣᠯᠠᠨ ᠡᠮ ᠢ ᠶᠡᠬᠡ ᠬᠡᠮᠵᠢᠶ᠎ᠡ ᠪᠡᠷ ᠦᠢᠯᠡᠳᠪᠦᠷᠢᠯᠡᠬᠦ ᠳᠦ ᠠᠰᠢᠭᠯᠠᠭᠳᠠᠵᠤ ᠢᠷᠡᠭᠰᠡᠨ᠃ ᠰᠤᠯᠠ ᠳᠣᠷᠣᠢ᠂ ᠦᠬᠦᠭᠰᠡᠨ᠂ ᠢᠳᠡᠪᠬᠢ ᠦᠭᠡᠢ ᠸᠢᠷᠦᠰ᠂ ᠡᠰᠡᠪᠡᠯ ᠲᠡᠳᠡᠨ ᠦ ᠬᠣᠷ ᠢ ᠬᠦᠮᠦᠨ ᠦ ᠪᠡᠶ᠎ᠡ ᠤᠷᠤᠭᠤ ᠬᠢᠵᠦ ᠳᠠᠷᠬᠠᠯᠠᠵᠢᠭᠤᠯᠵᠤ ᠪᠠᠶᠢᠭ᠎ᠠ ᠶᠢ ᠸᠠᠺᠼᠢᠨᠵᠢᠭᠤᠯᠤᠯᠲᠠ ᠭᠡᠵᠦ ᠣᠶᠢᠯᠠᠭᠠᠨ᠎ᠠ᠃ ᠭᠧᠨᠧᠲ᠋ᠢᠺ ᠢᠶᠡᠷ ᠥᠭᠡᠷᠡᠴᠢᠯᠡᠭᠰᠡᠨ ᠸᠢᠷᠦᠰ ᠳᠠᠷᠬᠠᠯᠠᠭ᠎ᠠ ᠲᠣᠭᠲᠠᠭᠠᠬᠤ ᠴᠢᠳᠠᠪᠤᠷᠢ ᠪᠠᠨ ᠠᠯᠳᠠᠭ᠎ᠠ ᠦᠭᠡᠢ ᠬᠠᠷᠢᠨ ᠡᠪᠡᠳᠴᠢᠨ ᠲᠠᠷᠠᠭᠠᠬᠤ ᠪᠣᠯᠤᠮᠵᠢ ᠦᠭᠡᠢ ᠪᠣᠯᠤᠭᠰᠠᠨ ᠪᠠᠶᠢᠳᠠᠭ᠃ ᠬᠣᠯᠣᠭᠠᠨ᠎ᠠ ᠤ ᠭᠢᠪᠷᠢᠳᠣᠮᠠ ᠶᠢ ᠭᠸᠨ ᠦ ᠢᠨᠵᠧᠨᠧᠷᠴᠢᠯᠡᠯ ᠢᠶᠡᠷ ᠥᠭᠡᠷᠡᠴᠢᠯᠡᠨ ᠬᠦᠮᠦᠨ ᠦ ᠮᠣᠨᠣᠺᠯᠣᠨ ᠡᠰᠡᠷᠬᠦ ᠪᠡᠶ᠎ᠡ ᠳᠦ ᠶᠢ ᠭᠠᠷᠭᠠᠵᠤ ᠠᠪᠤᠭᠰᠠᠨ᠃ ᠬᠣᠯᠣᠭᠠᠨ᠎ᠠ ᠤ ᠭᠢᠪᠷᠢᠳᠣᠮᠠ ᠨᠢ ᠮᠣᠨᠣᠺᠯᠣᠨ ᠤ ᠡᠰᠡᠷᠬᠦ ᠪᠡᠶᠡᠲᠦ ᠶᠢ ᠡᠭᠦᠰᠬᠡᠬᠦ ᠶᠢᠨ ᠲᠤᠯᠠᠳᠠ ᠨᠢᠭᠡᠳᠦᠭᠰᠡᠨ ᠬᠡᠳᠦ ᠬᠡᠳᠦᠨ ᠡᠰ ᠦᠳ ᠦᠨ ᠨᠢᠭᠡᠳᠦᠯ᠃ ᠭᠸᠨ ᠦ ᠢᠨᠵᠧᠨᠧᠷᠴᠢᠯᠡᠯ ᠦᠨ ᠲᠤᠰᠠᠯᠠᠮᠵᠢ ᠲᠠᠢ ᠪᠠᠷ ᠬᠡᠳᠦ ᠬᠡᠳᠦᠨ ᠲᠥᠷᠥᠯ ᠦᠨ ᠬᠣᠣᠷᠲᠤ ᠬᠠᠪᠤᠳᠠᠷ ᠢ ᠡᠮᠴᠢᠯᠡᠭᠰᠡᠨ ᠨᠢ᠂ ᠲᠡᠭᠦᠨ ᠢ ᠠᠨᠠᠭᠠᠬᠤ ᠤᠬᠠᠭᠠᠨ ᠳᠤ ᠦᠷ᠎ᠡ ᠳ᠋ᠦᠩ ᠲᠡᠢ ᠠᠰᠢᠭᠯᠠᠵᠤ ᠪᠣᠯᠬᠤ ᠶᠢ ᠬᠠᠷᠠᠭᠤᠯᠤᠭᠰᠠᠨ᠃ ᠭᠸᠨ ᠦ ᠢᠨᠵᠧᠨᠧᠷᠴᠢᠯᠡᠯ ᠨᠢ᠂ ᠬᠦᠮᠦᠨ ᠦ ᠡᠪᠡᠳᠴᠢᠨ ᠦ ᠠᠮᠢᠲᠠᠨ ᠤ ᠵᠠᠭᠪᠤᠷ ᠤᠳ ᠢ ᠭᠠᠷᠭᠠᠨ ᠠᠪᠬᠤ ᠳᠤ ᠠᠰᠢᠭᠯᠠᠭᠳᠠᠳᠠᠭ᠃ ᠭᠸᠨ ᠦ ᠬᠤᠪᠢ ᠳᠤ ᠬᠤᠪᠢᠷᠠᠭᠠᠭᠰᠠᠨ ᠬᠤᠯᠤᠭᠠᠨ᠎ᠠ ᠨᠢ ᠭᠸᠨ ᠦ ᠢᠨᠵᠧᠨᠧᠷᠴᠢᠯᠡᠯ ᠦᠨ ᠠᠮᠢᠲᠠᠨ ᠤ ᠵᠠᠭᠪᠤᠷ ᠤᠨ ᠮᠠᠰᠢ ᠥᠷᠭᠡᠨ ᠲᠠᠷᠬᠠᠭᠰᠠᠨ ᠬᠡᠯᠪᠡᠷᠢ ᠶᠤᠮ᠃ ᠲᠡᠳᠡᠨ ᠢ᠂ ᠬᠣᠣᠷᠲᠤ ᠬᠠᠪᠤᠳᠠᠷ ᠤᠨ (ᠣᠨᠺᠣ ᠬᠤᠯᠤᠭᠠᠨ᠎ᠠ), ᠲᠠᠷᠭᠤᠯᠠᠯᠲᠠ ᠍ ᠤᠨ᠂ ᠵᠢᠷᠦᠬᠡᠨ ᠦ ᠡᠪᠡᠳᠴᠢᠨ ᠦ᠂ ᠰᠢᠬᠢᠷ ᠦᠨ ᠰᠢᠵᠢᠩ ᠤᠨ᠂ ᠠᠷᠲᠠᠷ ᠲᠤ ᠶᠢᠨ᠂ ᠲᠣᠺᠰᠢᠺᠣᠮᠠᠨᠢ ᠍ ᠶᠢᠨ᠂ ᠰᠡᠳᠬᠢᠯ ᠮᠡᠳᠡᠷᠡᠯ ᠦᠨ ᠴᠣᠴᠢᠷᠠᠯ ᠤᠨ᠂ ᠬᠥᠭᠰᠢᠷᠡᠯᠲᠡ ᠶᠢᠨ᠂ ᠫᠠᠷᠺᠢᠩᠰᠣᠨ ᠤ ᠡᠪᠡᠳᠴᠢᠨ ᠦ ᠵᠠᠭᠪᠤᠷ ᠤᠳ ᠢ ᠰᠤᠳᠤᠯᠬᠤ ᠳᠤ ᠠᠰᠢᠭᠯᠠᠭᠰᠠᠨ᠃ ᠡᠮ ᠦᠨ ᠡᠭᠦᠷᠭᠡ ᠭᠦᠢᠴᠡᠳᠭᠡᠵᠦ ᠴᠢᠳᠠᠬᠤ ᠮᠠᠭᠠᠳᠯᠠᠯ ᠲᠠᠢ ᠪᠣᠳᠠᠰ ᠤᠳ ᠢ ᠡᠳᠡᠭᠡᠷ ᠬᠤᠯᠤᠭᠠᠨ᠎ᠠ ᠨᠤᠭᠤᠳ ᠳᠡᠭᠡᠷ᠎ᠡ ᠰᠢᠯᠭᠠᠵᠤ᠂ ᠲᠤᠷᠰᠢᠵᠤ ᠮᠥᠨ ᠪᠣᠯᠤᠨ᠎ᠠ᠃ ᠭᠠᠬᠠᠶ ᠶᠢᠨ ᠠᠴᠠ ᠬᠦᠨᠳᠦ ᠡᠷᠬᠡᠲᠡᠨ ᠰᠢᠯᠵᠢᠭᠦᠯᠦᠨ ᠰᠠᠭᠤᠯᠭᠠᠬᠤ ᠠᠵᠢᠯ ᠤᠨᠨ ᠦᠷ᠎ᠡ ᠳ᠋ᠦᠩ ᠢ ᠨᠡᠮᠡᠭᠳᠡᠭᠦᠯᠬᠦ ᠳᠦ ᠵᠣᠷᠢᠭᠤᠯᠵᠤ᠂ ᠭᠸᠨ ᠦ ᠬᠤᠪᠢ ᠳᠤ ᠬᠤᠪᠢᠷᠠᠭᠠᠭᠰᠠᠨ ᠭᠠᠬᠠᠢ ᠶᠢ ᠭᠠᠷᠭᠠᠨ ᠠᠪᠤᠭᠰᠠᠨ᠃

ᠭᠸᠨ ᠦ ᠮᠡᠰᠡ ᠵᠠᠰᠠᠯ ᠭᠡᠳᠡᠭ ᠨᠢ᠂ ᠬᠦᠮᠦᠨ ᠦ ᠭᠡᠮᠲᠦᠯ ᠲᠡᠢ ᠭᠧᠨ ᠨᠦᠭᠦᠳ ᠢ ᠲᠤᠬᠠᠢ ᠶᠢᠨ ᠭᠸᠨ ᠦ ᠠᠵᠢᠯ ᠲᠠᠢ ᠬᠠᠭᠤᠯᠪᠤᠷᠢ ᠪᠠᠷ ᠰᠣᠯᠢᠬᠤ ᠭᠸᠨ ᠦ ᠢᠨᠵᠧᠨᠧᠷᠴᠢᠯᠡᠯ ᠶᠤᠮ᠃ ᠭᠸᠨ ᠦ ᠮᠡᠰᠡ ᠵᠠᠰᠠᠯ ᠨᠢ ᠰᠣᠮᠠᠲ᠋ᠢᠭ ᠡᠰᠡ ᠡᠰᠡᠪᠡᠯ ᠦᠷ᠎ᠡ ᠬᠥᠪᠦᠷᠡᠯ ᠦᠨ ᠡᠰᠡ ᠶᠢ ᠬᠠᠮᠤᠷᠴᠢ ᠪᠣᠯᠤᠨ᠎ᠠ᠃ ᠬᠡᠷᠪᠡ ᠭᠧᠨ ᠢ ᠦᠷ᠎ᠡ ᠬᠥᠪᠦᠷᠡᠯ ᠦᠨ ᠡᠰ ᠲᠦ ᠰᠠᠭᠤᠯᠭᠠᠪᠠᠯ᠂ ᠲᠡᠷᠡ ᠨᠢ ᠲᠤᠬᠠᠢ ᠶᠢᠨ ᠬᠦᠮᠦᠨ ᠦ ᠤᠳᠤᠮ ᠳᠤ ᠳᠠᠮᠵᠢᠬᠤ ᠪᠣᠯᠤᠮᠵᠢ ᠲᠠᠢ ᠪᠣᠯᠳᠠᠭ᠃ ᠭᠸᠨ ᠦ ᠮᠡᠰᠡ ᠵᠠᠰᠠᠯ ᠨᠢ ᠣᠯᠠᠨ ᠡᠪᠡᠳᠴᠢᠨ ᠢ ᠡᠮᠴᠢᠯᠡᠬᠦ ᠳᠦ ᠦᠷ᠎ᠡ ᠳ᠋ᠦᠩ ᠲᠡᠢ ᠠᠰᠢᠭᠯᠠᠭᠳᠠᠭᠰᠠᠨ᠃ ᠵᠢᠱᠢᠶ᠎ᠡ ᠨᠢ᠂ ᠬ ᠾᠷᠣᠮᠣᠰᠮ ᠤᠨ ᠬᠦᠨᠳᠦ ᠨᠡᠶᠢᠯᠡᠮᠡᠯ ᠳᠠᠷᠬᠠᠯᠠᠭ᠎ᠠ ᠬᠣᠮᠰᠠᠳᠠᠯ (X-linked SCID)᠂ ᠠᠷᠬᠠᠭ ᠯᠢᠮᠹᠣᠯᠧᠢᠺᠦᠽᠫᠠᠷᠺᠢᠩᠰᠣᠨ ᠤ ᠡᠪᠡᠳᠴᠢᠨ ᠬᠡᠬᠦ ᠮᠡᠳᠦ. 2012 ᠣᠨ ᠳᠤ ᠧᠦ᠋ᠷᠣᠫᠠ ᠶᠢᠨ ᠺᠣᠮᠢᠰ ᠬᠦᠯᠢᠶᠡᠨ ᠵᠥᠪᠰᠢᠶᠡᠷᠡᠭᠰᠡᠨ ᠢᠶᠡᠷ᠂ ᠭᠯᠢᠪᠧᠷᠠ ᠨᠢ ᠧᠦᠢᠷᠣᠫᠠ ᠪᠣᠯᠤᠨ ᠠᠮᠧᠷᠢᠺᠠ ᠶᠢᠨ ᠨᠢᠭᠡᠳᠦᠭᠰᠡᠨ ᠤᠯᠤᠰ ᠍ ᠦᠨ ᠠᠨᠠᠭᠠᠬᠤ ᠤᠬᠠᠭᠠᠨ ᠤ ᠰᠠᠯᠪᠤᠷᠢ ᠳᠤ ᠠᠰᠢᠭᠯᠠᠭᠳᠠᠬᠤ ᠪᠣᠯᠤᠭᠰᠠᠨ ᠠᠩᠬᠠᠨ ᠤ ᠭᠸᠨ ᠦ ᠮᠡᠰᠡ ᠵᠠᠰᠠᠯ ᠪᠣᠯᠤᠭᠰᠠᠨ᠃

ᠭᠸᠨ ᠦ ᠢᠨᠵᠧᠨᠧᠷᠴᠢᠯᠡᠯ ᠢ ᠬᠦᠮᠦᠨ ᠢ ᠡᠮᠴᠢᠯᠡᠬᠦ ᠳᠦ ᠪᠤᠰᠤ ᠬᠠᠷᠢᠨ ᠬᠦᠮᠦᠨ ᠦ ᠴᠢᠳᠠᠪᠤᠷᠢ ᠨᠤᠭᠤᠳ ᠢ (ᠭᠠᠳᠠᠭᠠᠳᠤ ᠲᠥᠷᠬᠥ᠂ ᠳᠠᠰᠤᠨ ᠵᠣᠬᠢᠴᠠᠬᠤ ᠴᠢᠳᠠᠪᠤᠷᠢ᠂ ᠵᠠᠩ ᠴᠢᠨᠠᠷ᠂ ᠦᠢᠯᠡ ᠬᠥᠳᠡᠯᠦᠯ) ᠰᠠᠶᠢᠵᠢᠷᠭᠠᠭᠤᠯᠬᠤ ᠵᠣᠷᠢᠯᠭ᠎ᠠ ᠪᠠᠷ ᠠᠰᠢᠭᠯᠠᠬᠤ ᠡᠰᠡᠬᠦ ᠲᠠᠯ᠎ᠠ ᠪᠠᠷ ᠮᠠᠷᠭᠤᠭᠠᠨ ᠲᠠᠢ ᠠᠰᠠᠭᠤᠳᠠᠯ ᠤᠳ ᠲᠤᠯᠭᠠᠷᠠᠵᠤ ᠪᠠᠶᠢᠨ᠎ᠠ᠃ ᠤᠴᠢᠷ ᠨᠢ ᠡᠮᠡᠴᠢᠯᠡᠬᠦ᠂ ᠰᠠᠶᠢᠵᠢᠷᠭᠠᠭᠤᠯᠬᠤ ᠬᠣᠶᠠᠷ ᠤᠨ ᠢᠯᠭᠠᠭ᠎ᠠ ᠶᠢ ᠣᠯᠵᠤ ᠲᠣᠭᠲᠠᠭᠠᠬᠤ ᠳᠤ ᠮᠠᠰᠢ ᠬᠦᠨᠳᠦ ᠶᠤᠮ᠃ ᠲᠷᠠᠨᠰᠤᠮᠠᠨᠨᠢᠰᠲ ᠤᠳ᠂ ᠬᠦᠮᠦᠨ ᠢ ᠰᠠᠶᠢᠵᠢᠷᠭᠠᠭᠤᠯᠬᠤ ᠨᠢ ᠵᠣᠬᠢᠮᠵᠢ ᠦᠭᠡᠢ ᠭᠡᠵᠦ ᠦᠵᠡᠳᠡᠭ᠃

ᠦᠢᠯᠡᠳᠪᠦᠷᠢᠯᠡᠯ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠸᠨ ᠦ ᠢᠨᠵᠧᠨᠧᠷᠴᠢᠯᠡᠯ ᠢ ᠠᠰᠢᠭᠯᠠᠭᠰᠠᠨ ᠢᠶᠠᠷ ᠬᠦᠮᠦᠨ᠂ ᠨᠢᠶᠠᠨ ᠪᠣᠯᠤᠨ ᠳᠷᠣᠵᠵ (ᠤᠭᠤᠲᠠᠲᠤ ᠮᠥᠭᠦᠨᠴᠢᠷ) ᠵᠡᠷᠭᠡ ᠪᠢᠴᠢᠯ ᠪᠡᠶᠡᠲᠡᠨ ᠨᠦᠭᠦᠳ ᠢ ᠥᠭᠡᠷᠡᠴᠢᠯᠡᠵᠦ᠂ ᠡᠰᠡᠪᠡᠯ ᠰᠢᠪᠠᠵᠢ ᠪᠣᠯᠤᠨ ᠰᠦᠨ ᠲᠡᠵᠢᠭᠡᠯᠲᠡᠨ ᠮᠡᠲᠦ ᠣᠯᠠᠨ ᠡᠰᠲᠦ ᠠᠮᠢᠲᠠᠳ ᠤᠨ ᠡᠰ ᠦᠳ ᠢ ᠬᠤᠪᠢᠷᠠᠭᠠᠵᠤ᠂ ᠬᠡᠷᠡᠭᠴᠡᠭᠡᠲᠦ ᠤᠭᠤᠷᠠᠭ ᠪᠠ ᠢᠰᠭᠡᠬᠦᠷᠡᠭᠦᠳᠡ ᠶᠢ ᠭᠠᠷᠭᠠᠨ ᠠᠪᠴᠤ ᠴᠢᠳᠠᠭᠰᠠᠨ᠃ ᠢᠩᠭᠢᠵᠦ ᠬᠤᠪᠢᠷᠠᠭᠠᠭᠳᠠᠭᠰᠠᠨ ᠣᠷᠭᠠᠨᠢᠰᠮ (ГӨО) ᠨᠢ ᠬᠦᠮᠦᠨ ᠦ ᠬᠦᠰᠡᠭᠰᠡᠨ (ᠬᠡᠷᠡᠭᠴᠡᠭᠡᠨ ᠳᠦ ᠨᠡᠶᠢᠴᠡᠬᠦ) ᠤᠭᠤᠷᠠᠭ ᠢ ᠡᠭᠦᠰᠬᠡᠳᠡᠭ ᠭᠧᠨ ᠲᠡᠢ ᠪᠣᠯᠳᠠᠭ᠃ ᠥᠭᠡᠷᠡᠴᠢᠯᠡᠭᠰᠡᠨ ᠣᠷᠭᠠᠨᠢᠰᠮ ᠢ᠂ ᠦᠢᠯᠡᠳᠪᠦᠷᠢᠯᠡᠯ ᠦᠨ ᠹᠧᠷᠮᠧᠨᠲ᠋ᠠᠼ ᠍ ᠤᠨ ᠠᠷᠭ᠎ᠠ ᠨᠤᠭᠤᠳ ᠢ ᠠᠰᠢᠭᠯᠠᠨ ᠪᠢᠣᠷᠧᠠᠺᠲ᠋ᠣᠷ ᠳᠦ ᠦᠷᠡᠵᠢᠭᠦᠯᠵᠦ᠂ ᠶᠡᠬᠡ ᠬᠡᠮᠵᠢᠶ᠎ᠡ ᠪᠡᠷ ᠦᠢᠯᠡᠳᠪᠦᠷᠢᠯᠡᠨ᠎ᠡ᠃ ᠢᠩᠭᠢᠵᠦ ᠦᠢᠯᠡᠳᠪᠦᠷᠢᠯᠡᠭᠰᠡᠨ ᠤᠭᠤᠷᠠᠭ ᠢ ᠴᠡᠪᠡᠷᠰᠢᠭᠦᠯᠦᠨ ᠭᠠᠷᠭᠠᠨ᠎ᠠ᠃ ᠵᠠᠷᠢᠮ ᠭᠧᠨ ᠨᠦᠭᠦᠳ ᠨᠢᠶᠠᠨ ᠳᠣᠲᠣᠷ᠎ᠠ ᠰᠠᠶᠢᠨ ᠠᠵᠢᠯᠳᠠᠭ ᠦᠭᠡᠢ᠂ ᠲᠡᠶᠢᠮᠦ ᠡᠴᠡ ᠳᠷᠣᠵᠵ᠂ ᠰᠢᠪᠠᠵᠢ ᠡᠰᠡᠪᠡᠯ ᠰᠦᠨ ᠲᠡᠵᠢᠭᠡᠯᠲᠡᠨ ᠦ ᠡᠰ ᠦᠳ ᠢ (ᠡᠤᠶᠢᠷᠶᠣᠲ᠋ ᠡᠰ ᠦᠳ) ᠠᠰᠢᠭᠯᠠᠳᠠᠭ᠃ ᠳᠤᠷᠢᠳᠠᠭᠳᠠᠭᠰᠠᠨ ᠠᠷᠭ᠎ᠠ ᠪᠠᠷ ᠢᠨᠰᠤᠶᠢᠯᠢᠩᠬᠦᠮᠦᠨ ᠦ ᠥᠰᠦᠯᠲᠡ ᠶᠢᠨ ᠳᠠᠶᠢᠪᠤᠷᠢᠸᠠᠺᠼᠢᠨ ᠭᠡᠬᠦ ᠮᠡᠲᠦ ᠡᠮ᠎ ᠨᠦᠭᠦᠳ ᠢ᠂ ᠨᠡᠮᠡᠯᠲᠡ ᠲᠡᠵᠢᠭᠡᠯ ᠪᠣᠯᠬᠤ ᠲᠷᠢᠫᠲ᠋ᠣᠹᠠᠨ᠂ ᠬᠦᠨᠡᠰᠦᠨ ᠦ ᠦᠢᠯᠡᠳᠪᠦᠷᠢᠯᠡᠯ ᠦᠨ ᠨᠡᠮᠡᠯᠲᠡ ᠪᠣᠳᠠᠰ ᠤᠳ (ᠵᠢᠱᠢᠶ᠎ᠡ ᠨᠢ᠂ ᠪᠢᠰᠢᠯᠠᠭᠠᠨ ᠤ ᠦᠢᠯᠡᠳᠪᠦᠷᠢᠯᠡᠯ ᠳᠦ ᠠᠰᠢᠭᠯᠠᠳᠠᠭ ᠬᠢᠮᠣᠽᠢᠨ)᠂ ᠲᠦᠯᠡᠰᠢ ᠵᠡᠷᠭᠡ ᠶᠢ ᠭᠠᠷᠭᠠᠨ ᠠᠪᠳᠠᠭ᠃ ᠭᠧᠨᠧᠲ᠋ᠢᠭ ᠢᠨᠵᠧᠨᠧᠷᠴᠢᠯᠡᠯ ᠦᠨ ᠥᠭᠡᠷ᠎ᠡ ᠬᠡᠯᠪᠡᠷᠢ ᠨᠢ᠂ ᠨᠢᠩᠭ᠎ᠠ ᠨᠤᠭᠤᠳ ᠢ ᠥᠪᠡᠷ ᠦᠨ ᠬᠢ ᠨᠢ ᠬᠢᠬᠦ ᠶᠣᠰᠣᠲᠠᠢ ᠡᠭᠦᠷᠭᠡ ᠡᠴᠡ ᠨᠢ ᠥᠭᠡᠷ᠎ᠡ ᠡᠭᠦᠷᠭᠡ ᠭᠦᠢᠴᠡᠳᠬᠡᠭᠦᠯᠬᠦ ᠶᠠᠪᠤᠳᠠᠯ ᠶᠤᠮ᠃ ᠵᠢᠱᠢᠶᠡᠯᠡᠪᠡᠯ: ᠪᠢᠣᠲ᠋ᠥᠯᠡᠰᠢ ᠡᠭᠦᠰᠭᠡᠬᠦ᠂ ᠴᠢᠯᠠᠭᠣᠨ ᠲᠣᠰᠣ ᠪᠠ ᠪᠤᠰᠤᠳ ᠬᠣᠣᠷ ᠲᠠᠢ ᠪᠣᠳᠠᠰ ᠤᠳ ᠠᠯᠳᠠᠭᠳᠠᠭᠰᠠᠨ ᠦᠶ᠎ᠡ ᠳᠦ ᠴᠡᠪᠡᠷᠯᠡᠬᠦ᠂ ᠤᠮᠳᠠᠨ ᠤ ᠤᠰᠤ ᠮ ᠤᠰᠠᠶᠠᠺᠲᠠᠢ ᠡᠰᠡᠬᠦ ᠶᠢ ᠲᠣᠭᠲᠠᠭᠠᠬᠤ ᠵᠡᠷᠭᠡ ᠡᠭᠦᠷᠭᠡ ᠨᠦᠭᠦᠳ ᠢ ᠭᠦᠢᠴᠡᠳᠬᠡᠭᠦᠯᠦᠨ᠎ᠡ᠃

ХАА ᠍ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠮᠤᠷ ᠤᠨ ᠤᠷᠭᠤᠮᠠᠯ ᠤᠨ ᠨᠠᠪᠴᠢᠨ ᠳᠤ ᠠᠭᠤᠯᠤᠭᠳᠠᠵᠤ ᠪᠤᠢ Bt ᠍ ᠲᠣᠺᠰᠢᠨ (ᠬᠣᠣᠷ) ᠨᠢ ᠧᠦ᠋ᠷᠣᠫᠠ ᠶᠢᠨ ᠡᠷᠳᠡᠨᠢ ᠰᠢᠰᠢ ᠶᠢᠨ ᠡᠷᠪᠡᠬᠡᠢᠨᠢᠭᠢ ᠠᠪᠠᠭᠠᠯᠳᠠᠢ ᠶᠢᠨ ᠠᠴᠠ ᠬᠠᠮᠠᠭᠠᠯᠠᠨ᠎ᠠ᠃

ᠭᠸᠨ ᠦ ᠢᠨᠵᠧᠨᠧᠷᠴᠢᠯᠡᠯ ᠦᠨ ᠣᠯᠠᠨ ᠤ ᠮᠡᠳᠡᠬᠦ ᠪᠠ ᠠᠶᠤᠯ ᠦᠭᠡᠢ (ᠬᠦᠨᠡᠰᠦ ᠲᠠᠯ᠎ᠠ ᠠᠴᠠ ᠠᠪᠴᠤ ᠦᠵᠡᠪᠡᠯ) ᠬᠡᠷᠡᠭᠯᠡᠭᠡ ᠨᠢ᠂ ᠭᠸᠨ ᠦ ᠥᠭᠡᠷᠡᠴᠢᠯᠡᠯᠲᠡ ᠲᠡᠢ ᠤᠷᠭᠤᠮᠠᠯ ᠡᠰᠡᠪᠡᠯ ᠭᠸᠨ ᠦ ᠬᠤᠪᠢᠷᠠᠭᠠᠯᠲᠠ ᠲᠠᠢ ᠠᠮᠢᠲᠠᠳ ᠶᠤᠮ᠃ ᠵᠢᠱᠢᠶᠡᠯᠡᠪᠡᠯ᠂ ᠭᠸᠨ ᠦ ᠥᠭᠡᠷᠡᠴᠢᠯᠡᠯᠲᠡ ᠲᠡᠢ ᠵᠢᠭᠠᠰᠤ᠃ ГӨО ᠍ ᠳᠦᠭᠡᠷ ᠭᠸᠨ ᠦ ᠥᠭᠡᠷᠡᠴᠢᠯᠡᠯᠲᠡ ᠲᠡᠢ ᠬᠦᠨᠡᠰᠦ ᠡᠰᠡᠪᠡᠯ ᠥᠭᠡᠷ᠎ᠡ ᠲᠥᠷᠥᠯ ᠢᠶᠡᠷ ᠠᠰᠢᠭᠯᠠᠭᠳᠠᠬᠤ ᠮᠠᠲ᠋ᠧᠷᠢᠶᠠᠯ ᠤᠳ ᠢ ᠦᠢᠯᠡᠳᠪᠦᠷᠢᠯᠡᠳᠡᠭ᠃

ᠭᠸᠨ ᠦ ᠬᠤᠪᠢ ᠳᠤ ᠬᠤᠪᠢᠷᠠᠭᠠᠭᠰᠠᠨ ХАА ᠍ ᠦᠨ ᠤᠷᠭᠤᠮᠠᠯ ᠤᠳ ᠢ ᠭᠠᠷᠭᠠᠨ ᠠᠪᠬᠤ ᠦᠨᠳᠦᠰᠦᠨ ᠳᠥᠷᠪᠡᠨ ᠵᠣᠷᠢᠯᠭ᠎ᠠ ᠪᠠᠶᠢᠳᠠᠭ᠃

  • ᠡᠬᠢᠨ ᠦ ᠵᠣᠷᠢᠯᠭ᠎ᠠ ᠨᠢ ᠣᠷᠴᠢᠨ ᠲᠣᠭᠣᠷᠢᠨ ᠤ ᠠᠶᠤᠯ ᠠᠴᠠ (ᠬᠦᠢᠲᠡᠨ) ᠡᠰᠡᠪᠡᠯ ᠡᠪᠡᠳᠴᠢᠨ ᠡᠭᠦᠰᠬᠡᠭᠴᠢ ᠪᠢᠴᠢᠯ ᠪᠡᠶᠡᠲᠡᠨ ᠨᠦᠭᠦᠳ ᠡᠴᠡ ᠬᠠᠮᠠᠭᠠᠯᠠᠬᠤ᠃ ᠡᠨᠡ ᠵᠣᠷᠢᠯᠭ᠎ᠠ ᠪᠠᠷ ᠮᠥᠭᠥᠨᠴᠢᠷ ᠪᠣᠯᠤᠨ ᠸᠢᠷᠦᠰ ᠳᠦ ᠲᠡᠰᠪᠦᠷᠢᠲᠡᠢ ᠤᠷᠭᠤᠮᠠᠯ ᠤᠳ ᠢ ᠭᠠᠷᠭᠠᠨ ᠠᠪᠴᠤ ᠪᠠᠶᠢᠨ᠎ᠠ᠃ ᠢᠩᠭᠢᠭᠰᠡᠨ ᠢᠶᠡᠷ᠂ ᠤᠷᠭᠤᠴᠠ ᠶᠢᠨ ᠬᠡᠮᠵᠢᠶ᠎ᠡ ᠰᠢᠭᠤᠳ ᠪᠤᠰᠤ ᠠᠷᠭ᠎ᠠ ᠪᠠᠷ ᠶᠡᠬᠡᠰᠳᠡᠭ᠃
  • ᠣᠷᠭᠠᠨᠢᠰᠮ ᠭᠠᠷᠭᠠᠨ ᠠᠪᠬᠤ ᠬᠣᠶᠠᠷ ᠳ᠋ᠡᠬᠢ ᠵᠣᠷᠢᠯᠭ᠎ᠠ ᠨᠢ᠂ ᠪᠦᠲᠦᠭᠡᠭᠳᠡᠬᠦᠨ ᠦ ᠴᠢᠨᠠᠷ ᠢ ᠰᠠᠶᠢᠵᠢᠷᠭᠠᠭᠤᠯᠬᠤ ᠶᠤᠮ᠃ ᠵᠢᠱᠢᠶᠡᠯᠡᠪᠡᠯ᠂ ᠲᠡᠵᠢᠭᠡᠯᠯᠢᠭ ᠴᠢᠨᠠᠷ ᠢ ᠨᠡᠮᠡᠭᠳᠡᠭᠦᠯᠬᠦ ᠡᠰᠡᠪᠡᠯ ᠦᠢᠯᠡᠳᠪᠦᠷᠢᠯᠡᠯ ᠳᠦ ᠱᠠᠭᠠᠷᠳᠠᠯᠭ᠎ᠠ ᠲᠠᠢ ᠴᠢᠨᠠᠷ ᠡᠰᠡᠪᠡᠯ ᠲᠣᠭᠠᠨ ᠦᠵᠡᠭᠦᠯᠦᠯᠲᠡ ᠶᠢ ᠬᠠᠩᠭᠠᠬᠤ᠃ ᠵᠢᠱᠢᠶ᠎ᠡ ᠨᠢ᠂ ᠠᠮᠹᠯᠣᠷᠠ ᠲᠥᠮᠥᠰᠥ ᠨᠢ ᠦᠢᠯᠡᠳᠪᠦᠷᠢᠯᠡᠯ ᠳᠦ ᠱᠠᠭᠠᠷᠳᠠᠯᠭ᠎ᠠ ᠲᠠᠢ ᠪᠦᠲᠦᠴᠡ ᠲᠡᠢ ᠴᠠᠷᠳᠠᠭᠤᠯ ᠍ ᠢ ᠶᠡᠬᠡ ᠪᠡᠷ ᠪᠤᠢ ᠪᠣᠯᠭᠠᠳᠠᠭ᠃ ᠦᠬᠡᠷ ᠦᠨ ᠰᠦᠨ ᠦ ᠤᠭᠤᠷᠠᠭ ᠤᠨ ᠬᠡᠮᠵᠢᠶ᠎ᠡ ᠶᠢ ᠶᠡᠬᠡᠰᠬᠡᠭᠰᠡᠨ ᠢᠶᠡᠷ ᠪᠢᠰᠢᠯᠠᠭ ᠤᠨ ᠦᠢᠯᠡᠳᠪᠦᠷᠢᠯᠡᠯ ᠢ ᠠᠵᠢᠯ ᠢ ᠬᠥᠩᠭᠡᠪᠴᠢᠯᠡᠭᠰᠡᠨ᠃ ᠱᠣᠰᠢ ᠶᠢᠨ ᠪᠤᠷᠴᠠᠭ ᠪᠣᠯᠤᠨ ᠷᠠᠫᠰ ᠨᠢ ᠭᠧᠨᠧᠲ᠋ᠢᠺ ᠢᠶᠡᠷ ᠥᠭᠡᠷᠡᠴᠢᠯᠡᠭᠳᠡᠵᠦ ᠢᠯᠡᠭᠦᠦ ᠡᠷᠡᠭᠦᠯ ᠮᠡᠨᠳᠦ ᠳᠦ ᠨᠡᠶᠢᠴᠡᠮᠵᠢᠲᠡᠢ ᠲᠣᠰ ᠢᠯᠭᠠᠷᠠᠭᠤᠯᠳᠠᠭ ᠪᠣᠯᠤᠭᠰᠠᠨ᠃
  • ᠭᠤᠷᠪᠠ ᠳᠠᠬᠢ ᠨᠢ ᠶᠡᠷᠦᠳᠡ ᠶᠢᠨ ᠨᠥᠬᠥᠴᠡᠯ ᠳᠦ ᠡᠭᠦᠰᠳᠡᠭ ᠦᠭᠡᠢ ᠪᠣᠳᠠᠰ ᠤᠳ ᠢ ᠣᠷᠭᠠᠨᠢᠰᠮ ᠍ ᠳᠦᠭᠡᠷ ᠡᠭᠦᠰᠬᠡᠳᠡᠭ ᠪᠣᠯᠭᠠᠬᠤ ᠶᠤᠮ᠃ ᠨᠢᠭᠡ ᠵᠢᠱᠢᠶ᠎ᠡ ᠨᠢ᠂ ᠹᠠᠷᠮᠢᠩ ᠢ ᠶᠤᠮ᠃ ᠡᠨᠡ ᠨᠢ ᠤᠷᠭᠤᠮᠠᠯ ᠢ ᠪᠢᠣᠷᠧᠠᠺᠲ᠋ᠣᠷ ᠪᠣᠯᠭᠠᠨ ᠠᠰᠢᠭᠯᠠᠵᠤ ᠸᠠᠺᠼᠢᠨ᠂ ᠡᠮ ᠡᠭᠦᠰᠭᠡᠬᠦ ᠶᠠᠪᠤᠴᠠ ᠶᠤᠮ᠃ ᠡᠭᠦᠰᠦᠨ ᠪᠣᠳᠠᠰ ᠢ ᠴᠡᠪᠡᠷᠰᠢᠭᠦᠯᠵᠦ᠂ ᠡᠮ ᠵᠦᠢ ᠶᠢᠨ ᠦᠢᠯᠡᠳᠪᠦᠷᠢᠯᠡᠯ ᠳᠦ ᠥᠭᠳᠡᠭ᠃ ᠦᠬᠡᠷ ᠪᠣᠯᠤᠨ ᠢᠮᠠᠭ᠎ᠠ ᠨᠢ ᠰᠦ᠋ ᠍ ᠪᠡᠨ ᠡᠮ ᠪᠣᠯᠤᠨ ᠥᠭᠡᠷ᠎ᠡ ᠲᠥᠷᠥᠯ ᠦᠨ ᠤᠭᠤᠷᠠᠭ ᠲᠠᠢ ᠭᠠᠷᠭᠠᠳᠠᠭ ᠪᠣᠯᠤᠨ ᠢᠨᠵᠧᠨᠧᠷᠴᠢᠯᠡᠭᠳᠡᠭᠰᠡᠨ ᠪᠠ 2009 ᠣᠨ ᠳᠤ FDA ᠨᠢ ᠭᠸᠨ ᠦ ᠥᠭᠡᠷᠡᠴᠢᠯᠡᠯᠲᠡ ᠲᠡᠢ ᠢᠮᠠᠭ᠎ᠠ ᠶᠢ ᠠᠰᠢᠭᠯᠠᠵᠤ ᠤᠭᠤᠷᠠᠭ ᠭᠠᠷᠭᠠᠵᠤ ᠠᠪᠬᠤ ᠶᠢ ᠵᠥᠪᠰᠢᠶᠡᠷᠡᠭᠰᠡᠨ ᠶᠤᠮ᠃
  • ᠣᠷᠭᠠᠨᠢᠰᠮ ᠭᠠᠷᠭᠠᠨ ᠠᠪᠬᠤ ᠰᠡᠭᠦᠯ ᠦᠨ ᠵᠣᠷᠢᠯᠭ᠎ᠠ ᠨᠢ᠂ ᠣᠷᠭᠠᠨᠢᠰᠮ ᠤᠨ ᠥᠰᠦᠯᠲᠡ ᠶᠢᠨ ᠬᠤᠷᠳᠤ ᠶᠢ ᠶᠡᠬᠡᠰᠬᠡᠨ ᠪᠦᠲᠦᠭᠡᠭᠳᠡᠬᠦᠨ ᠢ ᠬᠡᠮᠵᠢᠶ᠎ᠡ ᠶᠢ ᠰᠢᠭᠤᠳ ᠨᠡᠮᠡᠭᠳᠡᠭᠦᠯᠬᠦ᠂ ᠡᠰᠡᠪᠡᠯ ᠣᠷᠭᠠᠨᠢᠰᠮ ᠢ ᠢᠯᠡᠭᠦᠦ ᠶᠡᠬᠡ ᠲᠡᠰᠪᠦᠷᠢᠲᠡᠢ ᠪᠣᠯᠭᠠᠬᠤ ᠶᠤᠮ᠃ ᠵᠠᠷᠢᠮ ХАА ᠴᠢᠬᠤᠯᠠ ᠠᠮᠢᠲᠠᠳ ᠤᠨ ᠪᠡᠶ᠎ᠡ ᠶᠢᠨ ᠬᠡᠮᠵᠢᠶ᠎ᠡ ᠶᠢ ᠪᠣᠭᠣᠨᠢ ᠬᠤᠭᠤᠴᠠᠭᠠᠨ ᠳᠤ ᠨᠡᠮᠡᠭᠳᠡᠭᠦᠯᠡᠬᠦ ᠶᠢᠨ ᠲᠤᠯᠠᠳᠠ ᠭᠧᠨ ᠢ ᠨᠢ ᠥᠰᠦᠯᠲᠡ ᠶᠢᠨ ᠳᠠᠶᠢᠪᠤᠷᠢ ᠪᠠᠷ ᠥᠭᠡᠷᠡᠴᠢᠯᠡᠭᠰᠡᠨ ᠪᠠᠶᠢᠳᠠᠭ᠃

ХАА ᠍ ᠦᠨ ᠤᠷᠭᠤᠮᠠᠯ ᠤᠳ ᠢ ᠭᠧᠨ ᠶᠢᠨ ᠬᠤᠪᠢᠷᠠᠭᠠᠯᠲᠠ ᠳᠤ ᠣᠷᠣᠭᠤᠯᠤᠭᠰᠠᠨ ᠢᠶᠠᠷ ᠥᠰᠦᠯᠲᠡ ᠶᠢ ᠬᠤᠷᠳᠤᠰᠬᠠᠳᠠᠭ ᠪᠣᠯᠤᠨ ᠫᠠᠲ᠋ᠣᠭᠧᠨ ᠪᠠ ᠫᠠᠷᠠᠽᠢᠲ ᠤᠳ ᠲᠤ ᠲᠡᠰᠪᠦᠷᠢᠲᠡᠢ ᠪᠣᠯᠳᠠᠭ᠃ ᠭᠸᠨ ᠦ ᠢᠨᠵᠧᠨᠧᠷᠴᠢᠯᠡᠯ ᠬᠥᠭᠵᠢᠭᠰᠡᠨ ᠢᠶᠡᠷ ᠮᠠᠰᠢ ᠪᠠᠭ᠎ᠠ ᠵᠦᠢᠯ ᠠᠰᠢᠭᠯᠠᠵᠤ ᠮᠠᠰᠢ ᠶᠡᠬᠡ ᠬᠡᠮᠵᠢᠶᠡᠨ ᠦ ᠤᠷᠭᠤᠴᠠ ᠶᠢ ᠪᠤᠢ ᠪᠣᠯᠭᠠᠵᠤ ᠴᠢᠳᠠᠵᠤ ᠪᠠᠶᠢᠭ᠎ᠠ ᠨᠢ᠂ ᠳᠡᠯᠡᠬᠡᠢ ᠶᠢᠨ ᠬᠦᠮᠦᠨ ᠠᠮᠠ ᠶᠢᠨ ᠥᠰᠦᠯᠲᠡ ᠶᠢ ᠳᠠᠭᠠᠨ ᠡᠭᠦᠰᠬᠦ ᠬᠦᠨᠡᠰᠦᠨ ᠦ ᠬᠡᠷᠡᠭᠴᠡᠭᠡ ᠶᠢ ᠬᠠᠩᠭᠠᠬᠤ ᠳᠤ ᠴᠢᠬᠤᠯᠠ ᠶᠠᠭᠤᠮ᠎ᠠ᠃

ᠪᠢᠴᠢᠭᠡᠰᠦ