ᠭᠧᠷᠮᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠭᠧᠷᠮᠠᠨ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠬᠣᠯᠪᠣᠭᠠᠨ ᠤ ᠪᠦᠭᠦᠳᠡ ᠨᠠᠶᠢᠷᠠᠮᠳᠠᠬᠤ
ᠭᠧᠷᠮᠠᠨ ᠤᠯᠤᠰ

Bundesrepublik Deutschland (ᠭᠧᠷᠮᠠᠨ)
(ᠪᠤᠨᠳᠧᠰᠷᠧᠫᠦᠪᠯᠢᠺ ᠳᠣᠶᠢᠴᠢᠯᠠᠩ ᠳᠤ) ↲
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠨᠡᠶᠢᠰᠯᠡᠯ 
(ᠶᠡᠬᠡ ᠬᠣᠲᠠ)
Coat of arms of Berlin.svg ᠪᠧᠷᠯᠢᠨ
ᠠᠯᠪᠠᠨ ᠬᠡᠯᠡ ᠭᠧᠷᠮᠠᠨ ᠬᠡᠯᠡ
ᠠᠷᠠᠳ ᠲᠦᠮᠡᠨ 
(2005 ᠤᠨ)
82% - ᠭᠧᠷᠮᠠᠨ ᠦᠨᠳᠦᠰᠦᠲᠡᠨ
  7% - ᠪᠤᠰᠤ ᠧᠦᠢᠷᠣᠫᠠ ᠶᠢᠨ ᠬᠢᠨ
11% - ᠪᠤᠰᠤ ᠠᠷᠠᠳ ᠲᠦᠮᠡᠨ
ᠲᠥᠷᠥ ᠵᠠᠰᠠᠭ ᠠᠷᠠᠳᠴᠢᠯᠠᠭᠰᠠᠨ ᠳᠢᠭᠯᠢᠮᠬᠣᠯᠪᠣᠭᠠᠨ ᠤ
ᠪᠠᠶᠢᠭᠤᠯᠤᠮᠵᠢ
᠂ ᠫᠠᠷᠯᠠᠮᠧᠨᠲ ᠤᠨ
ᠪᠦᠭᠦᠳᠡ ᠨᠠᠶᠢᠷᠠᠮᠳᠠᠬᠤ ᠵᠠᠰᠠᠭᠲᠠᠢ
 -  ᠶᠡᠷᠦᠩᠬᠡᠶᠢᠯᠡᠭᠴᠢ ᠢᠣᠠᠬᠢᠮ ᠭᠠᠦ᠋ᠺ
 -  ᠶᠡᠷᠦᠩᠬᠡᠢ ᠰᠠᠶᠢᠳ ᠠᠩᠭᠧᠯ ᠮᠧᠷᠺᠧᠯ
ᠤᠯᠤᠰ ᠤᠨ ᠬᠤᠷᠠᠯ ᠪᠤᠨᠳᠧᠰᠰᠠᠮᠯᠤᠩ ᠢ →
«ᠬᠣᠯᠪᠣᠭᠠᠨ ᠤ ᠴᠢᠭᠤᠯᠭᠠᠨ»
 -  ᠳᠡᠭᠡᠳᠦ ᠲᠠᠩᠬᠢᠮ ᠪᠤᠨᠳᠧᠰᠷᠠᠲ → «ᠬᠣᠯᠪᠣᠭᠠᠨ ᠤ ᠵᠥᠪᠯᠡᠯ»
 -  ᠳᠣᠣᠷᠠᠳᠣ ᠲᠠᠩᠬᠢᠮ ᠪᠤᠨᠳᠧᠰᠲ᠋ᠠᠭ → «ᠬᠣᠯᠪᠣᠭᠠᠨ ᠤ ᠬᠤᠷᠠᠯ»
ᠲᠡᠦᠬᠡ
 -  962 ᠣᠨ ᠠᠷᠢᠭᠤᠨ ᠷᠤᠮᠠᠨᠢᠶ ᠠ ᠡᠵᠡᠨᠲᠦ ᠭᠦᠷᠦᠨ 
 -  1871-01-18 ᠭᠧᠷᠮᠠᠨ ᠤ ᠡᠵᠡᠨᠲᠦ ᠭᠦᠷᠦᠨ 
 -  1990-10-03 ᠬᠣᠶᠠᠷ ᠭᠧᠷᠮᠠᠨ ᠡᠷᠭᠢᠨ ᠨᠢᠭᠡᠳᠦᠭᠰᠡᠨ 
ᠨᠤᠲᠤᠭ ᠳᠡᠪᠢᠰᠬᠡᠷ
 -  ᠪᠦᠬᠦ ᠲᠠᠯᠠᠪᠠᠢ 357,021 km2 (63)
 -  ᠭᠠᠳᠠᠷᠭᠤ ᠶᠢᠨ ᠤᠰᠤ (%) 2.416
ᠬᠦᠮᠦᠨ ᠠᠮᠠ
 -  ᠲᠣᠭᠠᠴᠠᠭ᠎ᠠ (2010) 81,799,600 (15)
 -  ᠨᠢᠭᠲᠠᠴᠠ ᠰᠡᠶᠢᠷᠡᠭ 229 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $3.089 ᠶᠡᠬᠡ ᠨᠠᠶᠤᠳ[1] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 5  ᠳᠦ
 -  ᠨᠢᠭᠡ ᠬᠦᠨᠳᠦ $37,935[1] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ18 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $3.628 ᠶᠡᠬᠡ ᠨᠠᠶᠤᠳ[1]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ4 ᠳᠦ
 -  ᠨᠢᠭᠡ ᠬᠦᠨᠳᠦ $44,555[1] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ19]])
Gini (2006) 27 (ᠪᠠᠭ᠎ᠠ
ᠬᠡᠦᠬᠡᠳ ᠦᠨ ᠬᠥᠭᠵᠢᠯ ᠦᠨ ᠢᠨᠳᠧᠺᠰ (2010) 0.885[2] (10) (ᠳᠡᠭᠡᠳᠦ)
ᠮᠥᠩᠭᠥᠨ ᠦ ᠨᠢᠭᠡᠴᠡ ᠧᠦ᠋ᠷᠣ () (EUR)
ᠴᠠᠭ ᠤᠨ ᠪᠥᠰᠡ +1
ᠳ᠋ᠦᠮᠠᠢᠨ ᠤ ᠨᠡᠷ᠎ᠡ .de
ᠤᠲᠠᠰᠤᠨ ᠤ ᠲᠣᠮᠢᠶ᠎ᠠ +49

ᠭᠧᠷᠮᠠᠨ (ᠭᠧᠷᠮᠠᠨ ᠢᠶᠠᠷ Deutschland), ᠠᠯᠪᠠᠨ ᠶᠣᠰᠣᠭᠠᠷ ᠬᠣᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠨᠢ ᠲᠥᠪ ᠧᠦ᠋ᠷᠣᠫᠠ ᠍ ᠤᠨ ᠤᠯᠤᠰ ᠶᠤᠮ᠃ ᠤᠮᠠᠷᠠᠳᠤ ᠲᠠᠯ᠎ᠠ ᠪᠠᠷ ᠢᠶᠠᠨ ᠳ᠋ᠠᠨᠮᠠᠷᠺ᠂ ᠵᠡᠭᠦᠨ ᠲᠠᠯ᠎ᠠ ᠪᠠᠷ ᠢᠶᠠᠨ ᠫᠣᠯᠢᠰᠢᠴᠧᠺ᠂ ᠡᠮᠦᠨ᠎ᠡ ᠲᠠᠯ᠎ᠠ ᠪᠠᠷ ᠢᠶᠠᠨ ᠠᠦᠢᠰᠲᠷᠶ᠎ᠠᠰᠸᠢᠰ᠂ ᠪᠠᠷᠠᠭᠤᠨ ᠲᠠᠯ᠎ᠠ ᠪᠠᠷ ᠢᠶᠠᠨ ᠹᠷᠠᠨᠼᠢᠯᠦᠺᠰᠧᠨᠪᠦ᠋ᠷᠦᠺᠪᠧᠯᠬᠢᠬᠣᠯᠠᠨᠳ᠋ ᠤᠯᠤᠰ ᠤᠳ ᠲᠠᠢ ᠬᠢᠯᠢᠯᠡᠳᠡᠭ᠃ ᠮᠥᠨ ᠪᠠᠷᠠᠭᠤᠨ ᠬᠣᠶᠢᠳᠤ ᠲᠠᠯ᠎ᠠ ᠳᠤ ᠨᠢ ᠬᠣᠶᠢᠳᠤ ᠲᠡᠩᠭᠢᠰ᠂ ᠵᠡᠭᠦᠨ ᠬᠣᠶᠢᠳᠤ ᠲᠠᠯ᠎ᠠ ᠳᠤ ᠨᠢ ᠪᠠᠯᠲᠤ ᠶᠢᠨ ᠲᠡᠩᠭᠢᠰ ᠣᠷᠣᠰᠢᠳᠠᠭ᠃ ᠭᠧᠷᠮᠠᠨ ᠨᠢ 357,021 ᠺᠦᠸᠠᠳ᠋ ᠺᠢᠯᠣᠮᠧᠲ᠋ᠷ ᠨᠤᠲᠤᠭ ᠳᠡᠪᠢᠰᠬᠡᠷ ᠲᠡᠢ ᠪᠥᠭᠡᠳ ᠰᠡᠷᠢᠭᠦᠨ ᠠᠭᠤᠷ ᠠᠮᠢᠰᠬᠤᠯ ᠲᠠᠢ᠃ ᠬᠦᠮᠦᠨ ᠠᠮᠠ ᠶᠢᠨ ᠢᠶᠠᠨ ᠲᠣᠭ᠎ᠠ ᠪᠠᠷ ᠧᠦ᠋ᠷᠣᠫᠠ ᠶᠢᠨ ᠬᠣᠯᠪᠣᠭ᠎ᠠ ᠶᠢᠨ ᠭᠡᠰᠢᠭᠦᠳ ᠳᠣᠲᠣᠷ᠎ᠠ ᠲᠡᠷᠢᠭᠦᠯᠡᠳᠡᠭ᠂ ᠮᠥᠨ ᠭᠠᠳᠠᠨ᠎ᠠ ᠶᠢᠨ ᠣᠷᠣᠰᠢᠨ ᠰᠠᠭᠤᠭᠴᠢᠳ ᠢᠶᠠᠷ ᠢᠶᠠᠨ ᠳᠡᠯᠡᠬᠡᠢ ᠳᠦ ᠭᠤᠷᠪᠠ ᠳᠤ ᠣᠷᠣᠨ᠎ᠠ᠃

ᠮᠠᠨ ᠤ ᠡᠷᠡᠨ ᠦ ᠡᠮᠦᠨ᠎ᠡ 100 ᠣᠨ ᠠᠴᠠ ᠡᠮᠦᠨ᠎ᠡ ᠭᠧᠷᠮᠠᠨᠢ ᠪᠠᠨ ᠭᠡᠭᠴᠢ ᠨᠤᠲᠤᠭ ᠲᠤ ᠭᠧᠷᠮᠠᠨ ᠤᠭᠰᠠᠭᠠᠨ ᠤ ᠬᠦᠮᠦᠰ ᠠᠮᠢᠳᠤᠷᠠᠵᠤ ᠪᠠᠶᠢᠴᠠᠢ᠃ 10 ᠍ ᠳᠦᠭᠡᠷ ᠵᠠᠭᠤᠨ ᠠᠴᠠ 1806 ᠣᠨ ᠬᠦᠷᠲᠡᠯ᠎ᠡ ᠭᠧᠷᠮᠠᠨ ᠤ ᠨᠤᠲᠤᠭ ᠳᠡᠪᠢᠰᠬᠡᠷᠨᠢ ᠠᠷᠢᠭᠤᠨ ᠷᠤᠮᠠᠨᠢᠶ ᠠ ᠡᠵᠡᠨᠲᠦ ᠭᠦᠷᠦᠨ ᠦ ᠮᠠᠰᠢ ᠴᠢᠬᠤᠯᠠ ᠬᠡᠰᠡᠭ ᠪᠣᠯᠵᠤ ᠪᠠᠶᠢᠪᠠ᠃ 16 ᠍ ᠳᠦᠭᠡᠷ ᠵᠠᠭᠤᠨ ᠳᠤ ᠭᠧᠷᠮᠠᠨ ᠤ ᠬᠣᠶᠢᠳᠤ ᠬᠡᠰᠡᠭ ᠨᠢ ᠫᠷᠣᠲ᠋ᠧᠰᠲ᠋ᠠᠨᠲ ᠰᠢᠨᠡᠴᠢᠯᠡᠯᠡᠶᠢᠨ ᠲᠥᠪ ᠪᠣᠯᠤᠭᠰᠠᠨ ᠪᠠᠶᠢᠨ᠎ᠠ᠃ 1871 ᠣᠨ ᠤ ᠹᠷᠠᠨᠼᠢ-ᠫᠷᠦ᠋ᠰ ᠤᠨ ᠳᠠᠶᠢᠨ ᠳᠤ ᠠᠩᠬ᠎ᠠ ᠤᠳᠤᠭ᠎ᠠ ᠪᠠᠨ ᠤᠯᠤᠰ ᠪᠣᠯᠵᠤ ᠨᠢᠭᠡᠳᠴᠡᠢ᠃ ᠳᠡᠯᠡᠬᠡᠢ ᠶᠢᠨ ᠬᠣᠶᠠᠳᠤᠭᠠᠷ ᠳᠠᠶᠢᠨ ᠦ ᠳᠠᠷᠤᠭ᠎ᠠ 1949 ᠣᠨ ᠳᠤ ᠭᠧᠷᠮᠠᠨ ᠨᠢ ᠪᠠᠷᠠᠭᠤᠨᠵᠡᠭᠦᠨ ᠬᠣᠶᠠᠷ ᠤᠯᠤᠰ ᠲᠤ ᠬᠤᠪᠢᠶᠠᠭᠳᠠᠭᠰᠠᠨ᠃ ᠬᠣᠶᠠᠷ ᠤᠯᠤᠰ 1990 ᠣᠨ ᠳᠤ ᠨᠢᠭᠡᠳᠴᠡᠢ᠃ 1957 ᠣᠨ ᠳᠤ ᠪᠠᠷᠠᠭᠤᠨ ᠭᠧᠷᠮᠠᠨ ᠨᠢ ᠧᠦ᠋ᠷᠣᠫᠠ ᠶᠢᠨ ᠡᠪᠯᠡᠯ ᠢ ᠪᠠᠶᠢᠭᠤᠯᠤᠭᠰᠠᠨ ᠣᠷᠣᠨ ᠨᠤᠭᠤᠳ ᠤᠨ ᠨᠢᠭᠡ ᠪᠣᠯᠤᠭᠰᠠᠨ ᠪᠥᠭᠡᠳ ᠡᠨᠡ ᠪᠠᠶᠢᠭᠤᠯᠤᠯᠭ᠎ᠠ ᠨᠢ 1993 ᠣᠨ ᠳᠤ ᠧᠦ᠋ᠷᠣᠫᠠ ᠶᠢᠨ ᠨᠢᠭᠡᠳᠦᠯ ᠪᠣᠯᠤᠭᠰᠠᠨ ᠪᠠᠶᠢᠨ᠎ᠠ᠃ ᠭᠧᠷᠮᠠᠨ ᠨᠢ ᠱᠧᠩᠭᠧᠨ ᠦ ᠪᠥᠰᠡ ᠳᠦ ᠣᠷᠣᠭᠰᠠᠨ ᠪᠥᠭᠡᠳ 1999 ᠣᠨ ᠳᠤ ᠧᠦ᠋ᠷᠣ ᠶᠢ ᠮᠥᠩᠭᠥᠨ ᠲᠡᠮᠳᠡᠭᠲᠦ ᠪᠡᠨ ᠪᠣᠯᠭᠠᠭᠰᠠᠨ᠃

ᠭᠧᠷᠮᠠᠨ ᠨᠢ 16 ᠮᠤᠵᠢ ᠠᠴᠠ (Bundesländer) ᠲᠣᠭᠲᠠᠭᠰᠠᠨ ᠬᠣᠯᠪᠣᠭᠠᠨ ᠤ ᠪᠦᠭᠦᠳᠡ ᠨᠠᠶᠢᠷᠠᠮᠳᠠᠬᠤ ᠫᠠᠷᠯᠠᠮᠧᠨᠲ ᠤᠨ ᠵᠠᠰᠠᠭᠯᠠᠯ ᠲᠠᠢ ᠤᠯᠤᠰ ᠶᠤᠮ᠃ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ ᠨᠢ ᠪᠧᠷᠯᠢᠨ᠃ ᠭᠧᠷᠮᠠᠨ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠNorth Atlantic Treaty Organization, ᠶᠡᠬᠡ ᠨᠠᠶᠢᠮᠠG4 ᠵᠡᠷᠭᠡ ᠪᠠᠶᠢᠭᠤᠯᠤᠯᠭ᠎ᠠ ᠨᠤᠭᠤᠳ ᠤᠨ ᠭᠡᠰᠢᠭᠦᠨ ᠪᠥᠭᠡᠳ ᠺᠢᠣᠲ᠋ᠣ ᠶᠢᠨ ᠭᠡᠷ᠎ᠡ ᠳᠦ ᠭᠠᠷ ᠤᠨ ᠦᠰᠦᠭ ᠵᠢᠷᠤᠭᠰᠠᠨ᠃ ДНБ ᠨᠢ ᠳᠡᠯᠡᠬᠡᠢ ᠳᠦ ᠲᠠᠪᠤ ᠳᠤ (ᠬᠤᠳᠠᠯᠳᠤᠨ ᠠᠪᠬᠤ ᠴᠢᠳᠠᠪᠤᠷᠢ ᠪᠠᠷ ᠬᠠᠷᠢᠴᠠᠭᠤᠯᠤᠭᠰᠠᠨ), ᠡᠰᠡᠪᠡᠯ ᠭᠤᠷᠪᠠ ᠳᠤ (ᠨᠡᠷᠡᠯᠡᠭᠰᠡᠨ) ᠣᠷᠣᠳᠠᠭ᠃ ᠮᠥᠨ ᠳᠡᠯᠡᠬᠡᠢ ᠶᠢᠨ ᠬᠠᠮᠤᠭ ᠤᠨ ᠲᠣᠮᠣ ᠡᠺᠰᠫᠣᠷᠲᠯᠠᠭᠴᠢ (ᠭᠠᠳᠠᠭᠠᠳᠦ ᠳᠦ ᠭᠠᠷᠭᠠᠬᠤ) ᠣᠷᠣᠨ ᠶᠤᠮ᠃ ᠭᠧᠷᠮᠠᠨ ᠤ ᠭᠠᠳᠠᠭᠠᠳᠤ ᠣᠷᠣᠨ ᠨᠤᠭᠤᠳ ᠲᠤ ᠦᠵᠡᠭᠦᠯᠬᠦ ᠲᠤᠰᠠᠯᠠᠴᠤᠭ᠎ᠠ ᠨᠢ ᠳᠡᠯᠡᠬᠡᠢ ᠳᠦ ᠬᠣᠶᠠᠷ ᠲᠤ ᠣᠷᠣᠳᠠᠭ ᠪᠥᠭᠡᠳ ᠴᠡᠷᠢᠭ ᠠᠷᠮᠢ ᠶᠢᠨ ᠵᠠᠷᠤᠴᠠᠭᠤᠯᠤᠯᠲᠠ ᠨᠢ ᠵᠢᠷᠭᠤᠭ᠎ᠠ ᠳᠤ ᠣᠷᠣᠨ᠎ᠠ᠃ ᠭᠧᠷᠮᠠᠨ ᠨᠢ ᠠᠮᠢᠳᠤᠷᠠᠯ ᠤᠨ ᠴᠢᠨᠠᠷ ᠥᠨᠳᠥᠷ ᠲᠡᠢ ᠪᠥᠭᠡᠳ ᠨᠡᠶᠢᠭᠡᠮ ᠤᠨ ᠠᠶᠤᠯ ᠦᠭᠡᠢ ᠪᠠᠶᠢᠳᠠᠯ ᠢ ᠬᠠᠩᠭᠠᠬᠤ ᠨᠠᠷᠢᠨ ᠰᠢᠰᠲ᠋ᠧᠮ ᠢ ᠪᠤᠢ ᠪᠣᠯᠭᠠᠵᠠᠢ᠃ ᠧᠦᠢᠷᠣᠫᠠ ᠶᠢᠨ ᠦᠢᠯᠡ ᠠᠵᠢᠯᠯᠠᠭᠠᠨ ᠳᠤ ᠴᠢᠬᠤᠯᠠ ᠪᠠᠶᠢᠷᠢ ᠰᠠᠭᠤᠷᠢ ᠡᠵᠡᠯᠡᠳᠡᠭ ᠪᠥᠭᠡᠳ ᠳᠡᠯᠡᠬᠡᠢ ᠶᠢᠨ ᠣᠷᠣᠨ ᠨᠤᠭᠤᠳ ᠲᠠᠢ ᠰᠠᠶᠢᠨ ᠬᠠᠮᠲᠤ ᠶᠢᠨ ᠠᠵᠢᠯᠯᠠᠭ᠎ᠠ ᠲᠠᠢ᠃ ᠭᠧᠷᠮᠠᠨ ᠨᠢ ᠰᠢᠨᠵᠢᠯᠡᠬᠦ ᠤᠬᠠᠭᠠᠨᠲᠧᠭᠨᠣᠯᠣᠭᠢ ᠍ ᠶᠢᠨ ᠰᠠᠯᠪᠤᠷᠢ ᠳᠤ ᠲᠡᠷᠢᠭᠦᠯᠡᠭᠴᠢ ᠣᠷᠣᠨ ᠨᠤᠭᠤᠳ ᠤᠨ ᠳᠤᠮᠳᠠ ᠵᠢᠭ᠌ᠰᠠᠳᠠᠭ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠧᠷᠮᠠᠨ ᠤᠯᠤᠰ ᠨᠢ ᠣᠷᠣᠨ ᠭᠡᠬᠦ ᠤᠳᠬ᠎ᠠ ᠲᠠᠢ ᠭᠧᠷᠮᠠᠨ ᠬᠡᠯᠡᠨ ᠦ Länder ᠬᠡᠮᠡᠬᠦ ᠦᠭᠡ ᠪᠡᠷ ᠨᠡᠷᠡᠯᠡᠭᠳᠡᠳᠡᠭ ᠬᠣᠯᠪᠣᠭᠠᠨ ᠤ 16 ᠮᠤᠵᠢ ᠠᠴᠠ ᠪᠥᠷᠢᠳᠦᠨ᠎ᠡ᠃ ᠲᠤᠰ ᠪᠦᠷᠢ ᠳᠦ ᠪᠡᠨ ᠦᠨᠳᠦᠰᠦᠨ ᠬᠠᠤᠯᠢ ᠳᠤ᠂ ᠥᠪᠡᠷᠲᠡᠭᠡᠨ ᠵᠠᠰᠠᠬᠤ ᠡᠷᠬᠡᠲᠡᠢ ᠲᠤᠯᠠ ᠵᠠᠷᠢᠮ ᠳᠤ ᠪᠠᠨ ᠮᠤᠵᠢ ᠤᠯᠤᠰ ᠭᠡᠵᠦ ᠪᠠᠰᠠ ᠨᠡᠷᠡᠯᠡᠳᠡᠭ᠃ ᠡᠳᠡᠭᠡᠷ ᠡᠴᠡ ᠪᠠᠪᠠᠷᠢᠰᠠᠺᠰᠣᠨᠲᠶᠷᠢᠩ ᠭᠤᠷᠪᠠ ᠨᠢ ᠠᠯᠪᠠᠨ ᠶᠣᠰᠣᠭᠠᠷ "ᠴᠢᠯᠦᠭᠡᠲᠦ ᠤᠯᠤᠰ" (Freistaat) ᠬᠡᠮᠡᠭᠳᠡᠳᠡᠭ ᠪᠣᠯ᠂ ᠪᠧᠷᠯᠢᠨᠪᠷᠧᠮᠧᠨᠬᠠᠨᠪᠦᠦᠭ ᠭᠤᠷᠪᠠᠨ ᠬᠣᠲᠠ ᠨᠢ ᠮᠤᠵᠢ ᠶᠢᠨ ᠵᠡᠷᠭᠡᠯᠡᠯᠲᠡᠢ ᠪᠣᠯᠤᠭᠰᠠᠨ ᠲᠤᠯᠠ ᠬᠣᠲᠠ ᠤᠯᠤᠰ ᠭᠡᠵᠦ ᠬᠡᠯᠡᠭᠳᠡᠳᠡᠭ᠃..

Karte Bundesrepublik Deutschland.svg
ᠮᠤᠵᠢ ᠨᠡᠶᠢᠰᠯᠡᠯ ᠨᠤᠲᠤᠭ ᠳᠡᠪᠢᠰᠬᠡᠷ (км²) ᠬᠦᠮᠦᠨ ᠠᠮᠠ
ᠪᠠᠳᠧᠨ-ᠸᠶᠲ᠋ᠧᠮᠪᠧᠺᠭ ᠱᠲᠤᠳᠬᠠᠷᠲ 35,752 10,717,000
ᠪᠠᠪᠠᠷ ᠮᠠᠨ ᠢᠶᠸᠨ 70,549 12,444,000
ᠪᠧᠷᠯᠢᠨ ᠪᠧᠷᠯᠢᠨ 892 3,400,000
ᠪᠷᠠᠨᠳᠧᠨᠪᠦᠷᠦᠭ ᠫᠣᠲ᠋ᠰᠳᠠᠮ 29,477 2,568,000
ᠪᠷᠧᠮᠧᠨ ᠪᠷᠧᠮᠧᠨ 404 663,000
ᠳᠣᠣᠷ᠎ᠠ ᠰᠠᠺᠰᠣᠨ ᠬᠠᠨᠣᠸᠧᠷ 47,618 8,001,000
ᠮᠧᠺᠯᠧᠨᠪᠦᠷᠦᠭ – ᠥᠷᠥᠨ᠎ᠡ ᠫᠣᠮᠧᠷᠠᠨ ᠱᠤᠧᠷᠢᠨ 23,174 1,720,000
ᠷᠠᠶᠩᠯᠠᠩ ᠳᠤ-ᠫᠹᠠᠯᠢᠼ ᠮᠠᠶᠢᠨᠴᠠ 19,847 4,061,000
ᠵᠢᠭᠠᠷᠤᠯᠠᠩ ᠳᠤ ᠵᠠᠷᠪᠡᠷᠺᠺᠧᠨ 2,569 1,056,000
ᠰᠠᠺᠰᠣᠨ ᠳ᠋ᠡᠷᠧᠽᠡᠳᠧᠨ 18,416 4,296,000
ᠰᠠᠺᠰᠣᠨ-ᠠᠩᠬᠠᠯ ᠳᠤ ᠮᠠᠭᠳᠧᠪᠦᠦᠭ 20,445 2,494,000
ᠲᠶᠷᠢᠩ ᠡᠷᠹᠦ᠋ᠷ ᠲᠦ 16,172 2,355,000
ᠬᠠᠨᠪᠦᠦᠭ ᠬᠠᠨᠪᠦᠦᠭ 755 1,735,000
ᠬᠧᠰᠰᠧᠨ ᠸᠢᠰᠪᠠᠳᠧᠨ 21,115 6,098,000
ᠤᠮᠠᠷ᠎ᠠ ᠷᠠᠢ ᠶᠢᠨ–ᠸᠧᠰᠲ᠋ᠹᠠᠯᠧᠨ ᠳᠢᠶᠦ᠋ᠰᠰᠧᠯᠳᠠᠷᠹ 34,043 18,075,000
ᠱᠯᠧᠰᠪᠢᠭ-ᠬᠣᠯᠢᠰᠢᠲᠠᠢ ᠶᠢᠨ ᠺᠢᠯ 15,763 2,829,000

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 1.3 World Economic Outlook Database. International Monetary Fund (April 2011). 26 April 2011 ᠍ ᠳᠦ ᠬᠠᠨᠳᠤᠭᠰᠠᠨ᠃
  2. Human development index. United Nations Development Programme (2010). 18 March 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠭᠧᠷᠮᠠᠨ
http://wiki.uhaan.com/index.php?title=ᠭᠧᠷᠮᠠᠨ&oldid=469231》 ᠍  ᠡᠴᠡ ᠠᠪᠤᠭᠰᠠᠨ

ᠪᠢᠴᠢᠭᠡᠰᠦ