ᠭᠧᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
DNA
ᠭᠧᠨ

ᠭᠧᠨ (ᠡᠷᠲᠡᠨ ᠦ ᠭᠷᠧᠺγένος - ᠡᠬᠢ) ᠨᠢ ᠠᠮᠢᠳᠤ ᠣᠷᠭᠠᠨᠢᠰᠧᠮ ᠤᠨ ᠤᠳᠤᠮᠰᠢᠯ ᠤᠨ ᠮᠡᠳᠡᠭᠡᠯᠡᠯ ᠢ ᠠᠭᠤᠯᠠᠭᠰᠠᠨ ᠮᠣᠯᠧᠺᠤᠯ ᠨᠢᠭᠡᠴᠡ ᠶᠤᠮ᠃ ᠰᠢᠨᠵᠢᠯᠡᠬᠦ ᠤᠬᠠᠭᠠᠨ ᠤ ᠬᠦᠷᠢᠶᠡᠨ ᠳᠦ᠂ ᠳᠧᠽᠣᠺᠰᠢᠷᠢᠪᠨᠢᠺᠯᠧᠢᠨ ᠦ ᠬᠦᠴᠢᠯ ᠍ ᠶᠢᠨ ᠪᠠ ᠷᠢᠪᠨᠢᠺᠯᠧᠢ ᠶᠢᠨ ᠬᠦᠴᠢᠯ ᠍ ᠦᠨ᠂ ᠫᠣᠯᠢᠫᠧᠫᠲ᠋ᠢᠳ᠋ ᠡᠰᠡᠪᠡᠯ ᠷᠢᠪᠨᠢᠺᠯᠧᠢ ᠶᠢᠨ ᠬᠦᠴᠢᠯ ᠦᠨ ᠬᠡᠯᠬᠢᠶ᠎ᠡ ᠶᠢ ᠺᠣᠳᠣᠴᠢᠯᠠᠳᠠᠭ (ᠳᠠᠷᠠᠭᠠᠯᠠᠯ ᠢ ᠲᠣᠭᠲᠠᠭᠠᠳᠠᠭ) ᠬᠡᠰᠡᠭ ᠢ ᠨᠢ ᠭᠧᠨ ᠭᠡᠵᠦ ᠨᠡᠷᠡᠯᠡᠳᠡᠭ᠃ ᠭᠡᠰᠡᠨ ᠬᠡᠳᠦᠢ ᠴᠤ ᠭᠸᠨ ᠦ ᠮᠠᠲ᠋ᠧᠷᠢᠶᠠᠯ ᠤᠨ ᠡᠭᠦᠷᠭᠡ ᠶᠢ ᠤᠤ ᠭᠦᠢᠴᠡᠳᠭᠡᠳᠡᠭ ᠲᠤᠬᠠᠢ ᠮᠠᠷᠭᠠᠭᠰᠠᠭᠠᠷ ᠪᠠᠶᠢᠨ᠎ᠠ᠃[1] ᠭᠧᠨ ᠨᠢ ᠪᠦᠬᠦᠢ ᠯᠠ ᠤᠭᠤᠷᠠᠭ ᠪᠣᠯᠤᠨ ᠷᠢᠪᠨᠢᠺᠯᠧᠢ ᠶᠢᠨ ᠬᠦᠴᠢᠯ ᠦᠨ ᠠᠵᠢᠯᠯᠠᠭ᠎ᠠ ᠲᠠᠢ ᠬᠡᠯᠬᠢᠶ᠎ᠡ ᠶᠢ ᠲᠣᠳᠣᠷᠬᠠᠶᠢᠯᠠᠳᠠᠭ ᠤᠴᠢᠷ ᠠᠮᠢᠳᠤ ᠪᠡᠶᠡᠲᠦ ᠨᠦᠭᠦᠳ ᠨᠢ ᠭᠧᠨ ᠡᠴᠡ ᠰᠢᠭᠤᠳ ᠬᠠᠮᠢᠶᠠᠷᠤᠯ ᠲᠠᠢ᠃ ᠭᠧᠨ ᠨᠦᠭᠦᠳ ᠨᠢ ᠣᠷᠭᠠᠨᠢᠰᠮ ᠤᠨ ᠡᠰ ᠦᠳ ᠢ ᠲᠡᠳᠭᠦᠬᠦ ᠪᠠ ᠡᠭᠦᠰᠭᠡᠬᠦ ᠮᠡᠳᠡᠭᠡᠯᠡᠯ ᠢ ᠠᠭᠤᠯᠠᠳᠠᠭ (ᠬᠠᠳᠠᠭᠠᠯᠠᠳᠠᠭ) ᠪᠠ ᠦᠷᠡᠵᠢᠯ ᠦᠨ ᠦᠶ᠎ᠡ ᠳᠦ ᠡᠴᠢᠭᠡ ᠡᠬᠡ ᠡᠴᠡ ᠦᠷ᠎ᠡ ᠤᠳᠤᠮ ᠳᠤ ᠪᠠᠨ ᠭᠸᠨ ᠦ ᠰᠢᠨᠵᠢ ᠲᠡᠮᠳᠡᠭ ᠦᠳ ᠢ ᠳᠠᠮᠵᠢᠭᠤᠯᠠᠨ ᠥᠭᠳᠡᠭ᠃ ᠪᠦᠬᠦ ᠣᠷᠭᠠᠨᠢᠰᠮ ᠤᠳ ᠨᠢ ᠥᠭᠡᠷ᠎ᠡ ᠥᠭᠡᠷ᠎ᠡ ᠪᠢᠣᠯᠣᠭᠢ ᠶᠢᠨ ᠰᠢᠨᠵᠢ ᠲᠡᠮᠳᠡᠭ ᠦᠳ ᠲᠦ ᠬᠠᠮᠢᠶᠠᠷᠤᠯ ᠲᠠᠢ ᠭᠧᠨ ᠨᠦᠭᠦᠳ ᠢ ᠠᠭᠤᠯᠠᠳᠠᠭ᠃ ᠡᠳᠡᠭᠡᠷ ᠦᠨ ᠵᠠᠷᠢᠮ ᠨᠢ ᠰᠢᠭᠤᠳ ᠬᠠᠷᠠᠭᠳᠠᠬᠤᠶᠢᠴᠠ ᠪᠠᠶᠢᠳᠠᠭ᠃ ᠵᠢᠱᠢᠶ᠎ᠡ ᠨᠢ᠂ ᠨᠢᠳᠦᠨ ᠦ ᠥᠩᠭᠡ ᠡᠰᠡᠪᠡᠯ ᠮᠥᠴᠡ ᠶᠢᠨ ᠲᠣᠭ᠎ᠠ᠂ ᠬᠡᠬᠦ ᠮᠡᠳᠦ. ᠡᠰᠡᠷᠭᠦ ᠪᠡᠷ ᠵᠠᠷᠢᠮ ᠰᠢᠨᠵᠢ ᠲᠡᠮᠳᠡᠭ ᠦᠳ ᠨᠢ ᠰᠢᠭᠤᠳ ᠮᠡᠳᠡᠭᠳᠡᠳᠡᠭ ᠦᠭᠡᠢ᠂ ᠵᠢᠱᠢᠶᠡᠯᠡᠪᠡᠯ᠂ ᠴᠢᠰᠤᠨ ᠤ ᠪᠦᠯᠦᠭ᠂ ᠵᠠᠷᠢᠮ ᠡᠪᠡᠳᠴᠢᠨ ᠲᠤᠰᠤᠬᠤ ᠮᠠᠭᠠᠳᠯᠠᠯ ᠶᠡᠬᠡ ᠪᠠᠶᠢᠬᠤ ᠬᠡᠬᠦ ᠮᠡᠳᠦ. ᠡᠭᠦᠨ ᠲᠡᠢ ᠠᠳᠠᠯᠢ ᠥᠭᠡᠷ᠎ᠡ ᠮᠢᠩᠭ᠎ᠠ ᠮᠢᠩᠭᠠᠨ ᠠᠮᠢᠳᠤᠷᠠᠯ ᠢ ᠪᠦᠲᠦᠭᠡᠭᠴᠢ ᠪᠢᠣᠬᠢᠮᠢ ᠍ ᠶᠢᠨ ᠦᠨᠳᠦᠰᠦᠨ ᠶᠠᠪᠤᠴᠠ ᠦᠳ ᠰᠢᠭᠤᠳ ᠦᠯᠦ ᠮᠡᠳᠡᠭᠳᠡᠬᠦ ᠤᠳᠤᠮᠰᠢᠳᠠᠭ ᠰᠢᠨᠵᠢ ᠨᠦᠭᠦᠳ ᠲᠦ ᠪᠠᠭᠲᠠᠳᠠᠭ᠃

ᠭᠧᠨ ᠭᠡᠳᠡᠭ ᠨᠢ ᠭᠷᠧᠺ ᠦᠨ genesis ᠪᠤᠶᠤ ᠲᠥᠷᠥᠯ ᠳᠦ ᠡᠰᠡᠪᠡᠯ genos ᠪᠤᠶᠤ ᠡᠬᠡ ᠭᠡᠳᠡᠭ ᠦᠭᠡᠨ ᠡᠴᠡ ᠭᠠᠷᠭᠠᠵᠤ ᠠᠪᠤᠭᠰᠠᠨ ᠣᠶᠢᠯᠠᠭᠠᠯᠲᠠ ᠶᠤᠮ᠃ ᠭᠧᠨ ᠢ ᠣᠷᠴᠢᠨ ᠴᠠᠭ ᠲᠤ "ᠲᠤᠬᠢᠷᠠᠭᠤᠯᠬᠤ ᠬᠡᠰᠡᠭ᠂ ᠲᠷᠠᠨᠰᠺᠷᠢᠪᠴᠢᠯᠠᠬᠤ ᠬᠡᠰᠡᠭ᠂ ᠡᠰᠡᠪᠡᠯ ᠥᠪᠡᠷ ᠦᠢᠯᠡᠳᠦᠯ ᠦᠨ ᠬᠡᠰᠡᠭ ᠦᠳ ᠲᠡᠢ ᠬᠣᠯᠪᠣᠭᠳᠠᠯ ᠲᠠᠢ ᠤᠳᠤᠮᠰᠢᠯ ᠤᠨ ᠨᠢᠭᠡᠴᠡ ᠲᠡᠢ ᠵᠣᠬᠢᠴᠠᠬᠤ ᠭᠧᠨᠠᠮ ᠍ ᠤᠨ ᠳᠠᠷᠠᠭᠠᠯᠠᠯ ᠤᠨ ᠬᠤᠪᠢᠰᠬᠤ ᠪᠠᠶᠢᠷᠢᠯᠠᠯ" ᠭᠡᠵᠦ ᠲᠣᠳᠣᠷᠬᠠᠶᠢᠯᠠᠳᠠᠭ᠃[2][3] ᠭᠸᠨ ᠦ ᠶᠠᠷᠢᠶᠠᠨ ᠤ ᠣᠶᠢᠯᠠᠭᠠᠯᠲᠠ ᠨᠢ (ᠰᠠᠶᠢᠨ ᠭᠧᠨ ᠬᠡᠬᠦ ᠮᠡᠳᠦ) ᠠᠯᠧᠯᠡᠶᠢᠭ ᠢᠯᠡᠳᠬᠡᠳᠡᠭ᠃ ᠭᠧᠨ ᠨᠢ ᠰᠠᠭᠤᠷᠢ ᠤᠬᠠᠭᠳᠠᠬᠤᠨ ᠪᠠ ᠨᠢᠺᠯᠧᠢᠨ ᠦ ᠬᠦᠴᠢᠯ ᠦᠨ (ᠳᠧᠽᠣᠺᠰᠢᠷᠢᠪᠨᠢᠺᠯᠧᠢᠨ ᠦ ᠬᠦᠴᠢᠯ ᠡᠰᠡᠪᠡᠯ ᠵᠠᠷᠢᠮ ᠸᠢᠷᠦᠰ ᠍ ᠤᠨ ᠷᠢᠪᠨᠢᠺᠯᠧᠢ ᠶᠢᠨ ᠬᠦᠴᠢᠯ) ᠳᠠᠷᠠᠭᠠᠯᠠᠯ᠂ ᠬᠠᠷᠢᠨ ᠠᠯᠧᠯ ᠨᠢ ᠭᠸᠨ ᠦ ᠨᠢᠭᠡ ᠬᠤᠪᠢᠯᠪᠤᠷᠢ ᠶᠤᠮ᠃ ᠡᠶᠢᠮᠦ ᠳᠦ᠂ ᠲᠣᠳᠣᠷᠬᠠᠢ ᠰᠢᠨᠵᠢ ᠲᠡᠮᠳᠡᠭ ᠢ ᠵᠢᠭᠠᠵᠤ ᠪᠤᠢ ᠭᠧᠨ ᠲᠡᠢ ᠭᠡᠵᠦ ᠶᠠᠷᠢᠬᠤ ᠨᠢ ᠶᠡᠷᠦᠩᠬᠡᠢ ᠳᠤ ᠪᠡᠨ ᠪᠤᠷᠤᠭᠤ ᠶᠤᠮ᠃ ᠶᠡᠬᠡᠩᠬᠢ ᠲᠣᠬᠢᠶᠠᠯᠳᠤᠯ ᠳᠤ ᠬᠦᠮᠦᠰ ᠨᠢ ᠰᠢᠨᠵᠢ ᠲᠡᠮᠳᠡᠭ ᠦᠨ ᠭᠧᠨ ᠲᠡᠢ ᠪᠠᠶᠢᠳᠠᠭ᠂ ᠬᠠᠷᠢᠨ ᠵᠠᠷᠢᠮ ᠬᠦᠮᠦᠰ ᠲᠤᠬᠠᠢ ᠶᠢᠨ ᠭᠸᠨ ᠦ ᠣᠨᠴᠠᠯᠢᠭ ᠠᠯᠧᠯ ᠲᠡᠢ ᠪᠠᠶᠢᠳᠠᠭ ᠠᠴᠠ ᠰᠢᠨᠵᠢ ᠲᠡᠮᠳᠡᠭ ᠦᠨ ᠥᠭᠡᠷ᠎ᠡ ᠬᠤᠪᠢᠯᠪᠤᠷᠢ ᠲᠠᠢ ᠪᠠᠶᠢᠳᠠᠭ᠃ ᠡᠭᠦᠨ ᠡᠴᠡ ᠭᠠᠳᠠᠨ᠎ᠠ᠂ ᠭᠧᠨ ᠨᠢ ᠤᠭᠤᠷᠠᠭ ᠢ ᠺᠣᠳᠣᠴᠢᠯᠠᠳᠠᠭ ᠪᠠ ᠤᠭᠤᠷᠠᠭ ᠨᠢ ᠰᠢᠨᠵᠢ ᠲᠡᠮᠳᠡᠭ ᠢ ᠲᠣᠳᠣᠷᠬᠠᠢ ᠪᠣᠯᠭᠠᠳᠠᠭ᠃

ᠲᠣᠳᠣᠷᠬᠠᠶᠢᠯᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠢᠪᠨᠢᠺᠯᠧᠢ ᠶᠢᠨ ᠬᠦᠴᠢᠯ ᠭᠧᠨ ᠪᠣᠯᠤᠨ ᠭᠧᠨᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠭᠤᠷᠠᠭ ᠡᠭᠦᠰᠬᠦ ᠶᠠᠪᠤᠴᠠ ᠳᠤ᠂ ᠭᠧᠨ ᠨᠢ ᠷᠢᠪᠨᠢᠺᠯᠧᠢ ᠶᠢᠨ ᠬᠦᠴᠢᠯ ᠤᠷᠤᠭᠤ ᠬᠠᠭᠤᠯᠤᠭᠳᠠᠵᠤ᠂ ᠵᠠᠪᠰᠠᠷ ᠤᠨ ᠪᠦᠲᠦᠭᠡᠭᠳᠡᠬᠦᠨ ᠢ ᠡᠭᠦᠰᠬᠡᠳᠡᠭ᠃ ᠪᠤᠰᠤᠳ ᠦᠶ᠎ᠡ ᠳᠦ ᠷᠢᠪᠨᠢᠺᠯᠧᠢ ᠶᠢᠨ ᠬᠦᠴᠢᠯ ᠮᠣᠯᠧᠺᠤᠯ ᠤᠳ ᠨᠢ ᠡᠭᠦᠷᠭᠡ ᠭᠦᠢᠴᠡᠳᠬᠡᠭᠴᠢ ᠳᠦ ᠶᠤᠮ᠃ ᠵᠢᠱᠢᠶᠡᠯᠡᠪᠡᠯ᠂ ᠷᠢᠪᠨᠢᠺᠯᠧᠢ ᠶᠢᠨ ᠬᠦᠴᠢᠯ ᠷᠢᠪᠦᠽᠢᠮ ᠤᠳ ᠨᠢ ᠹᠧᠷᠮᠧᠨᠲ᠋ᠯᠡᠭ ᠡᠭᠦᠷᠭᠡ ᠭᠦᠢᠴᠡᠳᠭᠡᠳᠡᠭ ᠪᠣᠯ᠂ ᠮᠢᠺᠷᠣᠷᠨᠬ ᠨᠢ ᠲᠤᠬᠢᠷᠠᠭᠤᠯᠬᠤ ᠡᠭᠦᠷᠭᠡ ᠲᠡᠢ᠃ ᠷᠢᠪᠨᠢᠺᠯᠧᠢ ᠶᠢᠨ ᠬᠦᠴᠢᠯ ᠦᠨ ᠲᠷᠠᠨᠰᠺᠷᠢᠫᠴᠡᠯᠡᠭᠳᠡᠳᠡᠭ ᠳᠧᠽᠣᠺᠰᠢᠷᠢᠪᠨᠢᠺᠯᠧᠢᠨ ᠦ ᠬᠦᠴᠢᠯ ᠍ ᠤᠨ ᠳᠠᠷᠠᠭᠠᠯᠠᠯ ᠢ ᠷᠢᠪᠨᠢᠺᠯᠧᠢ ᠶᠢᠨ ᠬᠦᠴᠢᠯ ᠭᠧᠨ ᠭᠡᠵᠦ ᠨᠡᠷᠡᠯᠡᠭᠳᠡᠳᠡᠭ᠃

ᠵᠠᠷᠢᠮ ᠸᠢᠷᠦᠰ ᠤᠳ ᠨᠢ ᠥᠪᠡᠷ ᠦᠨ ᠢᠶᠡᠨ ᠪᠦᠲᠦᠨ ᠭᠧᠨᠠᠮ ᠍ ᠢ ᠷᠢᠪᠨᠢᠺᠯᠧᠢ ᠶᠢᠨ ᠬᠦᠴᠢᠯ ᠬᠡᠯᠪᠡᠷᠢ ᠪᠡᠷ ᠬᠠᠳᠠᠭᠠᠯᠠᠳᠠᠭ ᠪᠠ ᠳᠧᠽᠣᠺᠰᠢᠷᠢᠪᠨᠢᠺᠯᠧᠢᠨ ᠦ ᠬᠦᠴᠢᠯ ᠣᠭᠲᠣ ᠠᠭᠤᠯᠠᠳᠠᠭ ᠦᠭᠡᠢ᠃ ᠡᠳᠡᠭᠡᠷ ᠸᠢᠷᠦᠰ ᠤᠳ ᠨᠢ ᠭᠧᠨ ᠢᠶᠡᠨ ᠷᠢᠪᠨᠢᠺᠯᠧᠢ ᠶᠢᠨ ᠬᠦᠴᠢᠯ ᠳᠦ ᠬᠠᠳᠠᠭᠠᠯᠠᠳᠠᠭ ᠤᠴᠢᠷ ᠡᠶᠢᠮᠦ ᠸᠢᠷᠦᠰ ᠬᠠᠯᠠᠳᠠᠮᠠᠭᠴᠠ ᠲᠡᠳᠡᠨ ᠦ ᠡᠰᠡ ᠨᠢ ᠥᠪᠡᠷ ᠦᠨ ᠤᠭᠤᠷᠠᠭ ᠢ ᠰᠢᠭᠤᠳ ᠦᠢᠯᠡᠳᠪᠦᠷᠢᠯᠡᠵᠦ ᠡᠬᠢᠯᠡᠳᠡᠭ ᠪᠠ ᠢᠩᠭᠦᠬᠦ ᠳᠦ ᠪᠡᠨ ᠳᠧᠽᠣᠺᠰᠢᠷᠢᠪᠨᠢᠺᠯᠧᠢᠨ ᠦ ᠬᠦᠴᠢᠯ ᠠᠴᠠ ᠷᠢᠪᠨᠢᠺᠯᠧᠢ ᠶᠢᠨ ᠬᠦᠴᠢᠯ ᠢ ᠲᠷᠠᠨᠰᠺᠷᠢᠫᠴᠡᠯᠡᠭᠳᠡᠬᠦ ᠶᠢ ᠬᠦᠯᠢᠶᠡᠵᠦ ᠬᠤᠭᠤᠴᠠᠭ᠎ᠠ ᠠᠯᠳᠠᠳᠠᠭ ᠦᠭᠡᠢ᠃ ᠨᠥᠭᠦᠭᠡᠲᠡᠶᠢᠭᠦᠷ᠂ ДОХ ᠮᠡᠲᠦᠤᠨ ᠷᠢᠪᠨᠢᠺᠯᠧᠢ ᠶᠢᠨ ᠬᠦᠴᠢᠯ ᠷᠧᠲ᠋ᠷᠣᠸᠢᠷᠦᠰ ᠦᠳ ᠨᠢ ᠤᠷᠭ᠎ᠠ ᠪᠠᠨ ᠦᠢᠯᠡᠳᠪᠦᠷᠢᠯᠡᠬᠦ ᠡᠴᠡ ᠪᠡᠨ ᠡᠮᠦᠨ᠎ᠡ ᠭᠧᠨᠠᠮ ᠤᠨ ᠢᠶᠠᠨ ᠡᠰᠡᠷᠬᠦ ᠲᠷᠠᠨᠰᠺᠷᠢᠫᠼ ᠢ ᠱᠠᠭᠠᠷᠳᠠᠳᠠᠭ (ᠷᠢᠪᠨᠢᠺᠯᠧᠢ ᠶᠢᠨ ᠬᠦᠴᠢᠯ ᠠᠴᠠ ᠳᠧᠽᠣᠺᠰᠢᠷᠢᠪᠨᠢᠺᠯᠧᠢᠨ ᠦ ᠬᠦᠴᠦᠯᠡ). 2006 ᠣᠨ ᠳᠤ ᠹᠷᠠᠨᠼᠢ ᠍ ᠤᠨ ᠡᠷᠳᠡᠮᠲᠡᠳ ᠬᠤᠯᠤᠭᠠᠨ᠎ᠠᠳ᠂ ᠤᠴᠢᠷ ᠪᠢᠲᠡᠭᠦᠯᠢᠭ (ᠲᠣᠯᠣᠭᠠᠢ ᠡᠷᠭᠢᠭᠦᠯᠦᠭᠰᠡᠨ) ᠵᠠᠪᠰᠠᠷ ᠤᠨ ᠷᠢᠪᠨᠢᠺᠯᠧᠢ ᠶᠢᠨ ᠬᠦᠴᠢᠯ ᠤᠳᠤᠮᠰᠢᠯ ᠤᠨ ᠨᠢᠭᠡ ᠵᠢᠱᠢᠶ᠎ᠡ ᠲᠡᠢ ᠲᠠᠭᠠᠷᠠᠵᠠᠢ᠃ ᠭᠸᠨ ᠦ ᠪᠠᠭᠴᠠᠳ ᠢᠶᠠᠨ ᠵᠠᠷᠢᠮ ᠡᠭᠦᠷᠭᠡ ᠪᠡᠨ ᠭᠡᠭᠡᠬᠦ ᠪᠡᠷ (ᠵᠠᠷᠢᠮ ᠡᠭᠦᠷᠭᠡ ᠪᠡᠨ ᠭᠦᠢᠴᠡᠳᠭᠡᠵᠦ ᠴᠢᠳᠠᠬᠤ ᠪᠠᠷ ᠦᠭᠡᠢ) ᠮᠤᠲᠠᠴᠠᠯᠠᠭᠳᠠᠭᠰᠠᠨ ᠬᠣᠯᠣᠭᠠᠨ᠎ᠠ ᠨᠤᠭᠤᠳ ᠴᠠᠭᠠᠨ ᠰᠡᠭᠦᠯ ᠲᠡᠢ ᠪᠣᠯᠳᠠᠭ᠃ ᠡᠳᠡᠭᠡᠷ ᠮᠤᠲᠤᠩᠲᠤ ᠨᠤᠭᠤᠳ ᠤᠨ ᠦᠷ᠎ᠡ ᠲᠥᠯ ᠦᠨ ᠭᠸᠨ ᠦ ᠪᠠᠭᠴᠠ ᠨᠢ ᠡᠩ ᠦᠨ ᠠᠲᠠᠯ᠎ᠠ ᠪᠠᠨ ᠴᠠᠭᠠᠨ ᠰᠡᠭᠦᠯ ᠲᠡᠢ ᠪᠠᠶᠢᠳᠠᠭ᠃ ᠰᠤᠳᠤᠯᠭᠠᠨ ᠤ ᠪᠠᠭ ᠡᠨᠡ ᠦᠵᠡᠭᠳᠡᠯ ᠢ ᠮᠥᠷᠳᠡᠨ ᠰᠤᠳᠤᠯᠤᠭᠰᠠᠭᠠᠷ ᠮᠤᠲᠠᠴᠠᠯᠠᠭᠳᠠᠭᠰᠠᠨ ᠷᠢᠪᠨᠢᠺᠯᠧᠢ ᠶᠢᠨ ᠬᠦᠴᠢᠯ ᠦᠨ ᠪᠠᠭᠴᠠ ᠤᠷᠤᠭᠤ ᠪᠤᠴᠠᠭᠠᠳ ᠢᠷᠡᠵᠡᠢ᠃[4] ᠤᠳᠤᠮᠰᠢᠯ ᠤᠨ ᠮᠡᠳᠡᠭᠡᠯᠡᠯ ᠷᠢᠪᠨᠢᠺᠯᠧᠢ ᠶᠢᠨ ᠬᠦᠴᠢᠯ ᠬᠡᠯᠪᠡᠷᠢ ᠪᠡᠷ ᠤᠳᠤᠮᠰᠢᠬᠤ ᠨᠢ ᠸᠢᠷᠦᠰ ᠦᠳ ᠲᠦ ᠡᠩ ᠦᠨ ᠦᠵᠡᠭᠳᠡᠯ  ᠪᠣᠯᠪᠠᠴᠤ᠂ ᠰᠦᠨ ᠲᠡᠵᠢᠭᠡᠯᠲᠡᠨ ᠳᠤ ᠲᠣᠬᠢᠶᠠᠯᠳᠣᠬᠤ ᠨᠢ ᠮᠠᠰᠢ ᠬᠣᠪᠣᠷ ᠪᠠᠶᠢᠳᠠᠭ᠃

ᠭᠸᠨ ᠦ ᠹᠦᠨᠺᠼ ᠦᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:514px-DNA chemical structure.svg.png
ᠳᠧᠽᠣᠺᠰᠢᠷᠢᠪᠨᠢᠺᠯᠧᠢᠨ ᠦ ᠬᠦᠴᠢᠯ ᠍ ᠦᠨ ᠬᠣᠣᠰ ᠰᠫᠢᠷᠠᠯᠢ ᠶᠢᠨ ᠳᠥᠷᠪᠡᠨ ᠦᠨᠳᠦᠰᠦᠨ ᠨᠢᠭᠡᠴᠡ ᠶᠢᠨ ᠬᠢᠮᠢ ᠶᠢᠨ ᠪᠦᠲᠦᠴᠡ᠃

ᠠᠮᠢᠳᠤ ᠣᠷᠭᠠᠨᠢᠰᠮ ᠤᠨ ᠶᠡᠬᠡᠩᠬᠢ ᠨᠢ ᠭᠧᠨ ᠢᠶᠡᠨ ᠳᠧᠽᠣᠺᠰᠢᠷᠢᠪᠨᠢᠺᠯᠧᠢᠨ ᠦ ᠬᠦᠴᠢᠯ ᠍ ᠦᠨ(ᠳ᠋ᠢᠽᠣᠺᠰᠢᠷᠢᠪᠨᠢᠺᠯᠧᠢᠨ ᠦ ᠬᠦᠴᠢᠯ) ᠤᠷᠲᠤ ᠬᠡᠯᠬᠢᠶ᠎ᠡ ᠳᠡᠭᠡᠷ᠎ᠡ ᠺᠣᠳᠣᠴᠢᠯᠠᠳᠠᠭ᠃ ᠳᠧᠽᠣᠺᠰᠢᠷᠢᠪᠨᠢᠺᠯᠧᠢᠨ ᠦ ᠬᠦᠴᠢᠯ ᠨᠢ 4 ᠲᠥᠷᠥᠯ ᠦᠨ ᠨᠢᠺᠯᠶᠣᠲ᠋ᠢᠳ᠋ ᠍ ᠤᠨ ᠳᠡᠳ᠋ ᠨᠢᠭᠡᠴᠡ ᠲᠡᠢ ᠤᠷᠲᠤ ᠭᠢᠨᠵᠢᠨ ᠬᠡᠯᠬᠢᠶ᠎ᠡ ᠪᠠ ᠡᠳᠡᠭᠡᠷ ᠳᠡᠳ᠋ ᠨᠢᠭᠡᠴᠡ ᠨᠦᠭᠦᠳ ᠨᠢ ᠳᠣᠣᠷ᠎ᠠ ᠪᠦᠷᠢ ᠳᠦ ᠪᠡᠨ 5 ᠨᠡᠭᠦᠷᠡᠰᠦᠲᠥ᠋ᠷᠥᠭᠴᠢ ᠲᠡᠢ ᠰᠠᠬᠠᠷᠠ (2' ᠍ ᠳᠧᠽᠣᠺᠰᠢᠷᠢᠪᠦᠽ), ᠨᠢᠭᠡ ᠹᠣᠰᠹᠠᠲ ᠤᠨ ᠪᠦᠯᠦᠭ ᠪᠣᠯᠤᠨ ᠠᠳᠧᠨᠢᠨᠭᠤᠸᠠᠨᠢᠨᠲᠢᠮᠢᠨᠴᠢᠲ᠋ᠣᠽᠢᠨ ᠭᠡᠬᠦ ᠳᠥᠷᠪᠡᠨ ᠰᠤᠤᠷ ᠤᠨ ᠠᠯᠢ ᠨᠢᠭᠡ ᠶᠢ ᠠᠭᠤᠯᠠᠳᠠᠭ᠃ ᠬᠠᠮᠤᠭ ᠤᠨ ᠥᠷᠭᠡᠨ ᠲᠠᠷᠬᠠᠭᠰᠠᠨ ᠳᠧᠽᠣᠺᠰᠢᠷᠢᠪᠨᠢᠺᠯᠧᠢᠨ ᠦ ᠬᠦᠴᠢᠯ ᠤᠨ ᠡᠰ ᠦᠨ ᠪᠦᠲᠦᠴᠡ ᠨᠢ ᠬᠣᠣᠰ ᠰᠫᠢᠷᠠᠯᠢ (ᠬᠧᠯᠢᠺᠰ - ᠮᠤᠰᠬᠢᠶ᠎ᠠ) ᠪᠦᠲᠦᠴᠡ ᠶᠤᠮ᠃ ᠰᠫᠢᠷᠠᠯᠢ ᠪᠦᠲᠦᠴᠡ ᠨᠢ ᠬᠣᠶᠠᠷ ᠪᠡᠶ᠎ᠡ ᠳᠠᠭᠠᠭᠰᠠᠨ ᠳᠧᠽᠣᠺᠰᠢᠷᠢᠪᠨᠢᠺᠯᠧᠢᠨ ᠦ ᠬᠦᠴᠢᠯ ᠦᠨ ᠬᠡᠯᠬᠢᠶ᠎ᠡ᠂ ᠪᠠᠷᠠᠭᠤᠨ ᠭᠠᠷ ᠲᠠᠯ᠎ᠠ ᠤᠷᠤᠭᠤ ᠪᠡᠶ᠎ᠡ ᠪᠡᠶ᠎ᠡ ᠪᠡᠨ ᠲᠣᠭᠣᠷᠢᠨ ᠮᠤᠰᠬᠢᠷᠠᠬᠤ ᠳᠤ ᠡᠭᠦᠰᠳᠡᠭ᠃ ᠡᠨᠡ ᠪᠦᠲᠦᠴᠡ ᠳᠦ᠂ ᠰᠠᠭᠤᠷᠢ ᠬᠤᠤᠰᠯᠠᠬᠤ ᠳᠦᠷᠢᠮ ᠦᠢᠯᠡᠴᠢᠯᠡᠳᠡᠭ ᠪᠠ᠂ ᠭᠤᠸᠠᠨᠢᠨ ᠴᠢᠲ᠋ᠣᠽᠢᠨ ᠲᠡᠢ᠂ ᠠᠳᠧᠨᠢᠨ ᠲᠢᠮᠢᠩ ᠲᠡᠢ ᠲᠤᠰ ᠲᠤᠰ ᠬᠣᠣᠰᠯᠠᠳᠠᠭ᠃ ᠭᠤᠸᠠᠨᠢᠨ ᠪᠣᠯᠤᠨ ᠴᠢᠲ᠋ᠣᠽᠢᠨ ᠬᠣᠭᠣᠷᠣᠨᠳᠣ ᠶᠢᠨ ᠰᠤᠤᠷ ᠤᠨ ᠬᠣᠯᠪᠣᠭ᠎ᠠ ᠨᠢ 3 ᠤᠰᠤᠲᠥᠶᠢᠷᠦᠭᠴᠢ ᠶᠢᠨ ᠬᠣᠯᠪᠣᠭ᠎ᠠ ᠪᠠᠶᠢᠳᠠᠭ ᠪᠣᠯ᠂ ᠠᠳᠧᠨᠢᠨ ᠪᠣᠯᠤᠨ ᠲᠢᠮᠢᠨ ᠬᠣᠭᠣᠷᠣᠨᠳᠣ 2 ᠤᠰᠤᠲᠥᠶᠢᠷᠦᠭᠴᠢ ᠶᠢᠨ ᠬᠣᠯᠪᠣᠭ᠎ᠠ ᠪᠠᠶᠢᠳᠠᠭ᠃ ᠬᠣᠣᠰ ᠰᠫᠢᠷᠠᠯᠢ ᠶᠢᠨ ᠬᠣᠶᠠᠷ ᠬᠡᠯᠬᠢᠶ᠎ᠡ ᠨᠢ ᠪᠡᠶ᠎ᠡ ᠪᠡᠶᠡᠩ ᠢᠶᠡᠨ ᠨᠥᠬᠥᠵᠦ ᠨᠢᠭᠡᠳᠦᠮᠡᠯ ᠪᠠᠶᠢᠨ᠎ᠠ᠃ ᠥᠭᠡᠷ᠎ᠡ ᠥᠭᠡᠷ᠎ᠡ ᠬᠡᠯᠡᠪᠡᠯ ᠨᠢᠭᠡ ᠬᠡᠯᠬᠢᠶᠡᠨ ᠦ ᠠᠳᠧᠨᠢᠨ ᠨᠢ ᠨᠥᠭᠥᠭᠡ ᠬᠡᠯᠬᠢᠶᠡᠨ ᠦ ᠲᠢᠮᠢᠩ ᠲᠡᠢ ᠬᠣᠯᠪᠣᠭᠰᠣᠨ ᠪᠠᠶᠢᠬᠤ ᠪᠠ ᠭᠡᠬᠦ ᠮᠡᠲᠦ ᠪᠡᠷ ᠴᠠᠰᠢ ᠦᠷᠭᠦᠯᠵᠢᠯᠡᠨ᠎ᠡ᠃

ᠰᠠᠭᠤᠷᠢ ᠨᠤᠭᠤᠳ ᠤᠨ ᠫᠧᠨ᠋ᠲ᠋ᠣᠽ ᠍ ᠤᠨ ᠦᠯᠡᠳᠡᠭᠳᠡᠯ ᠦᠨ ᠬᠢᠮᠢ ᠶᠢᠨ ᠠᠭᠤᠯᠭ᠎ᠠᠠᠰ ᠬᠠᠮᠢᠶᠠᠷᠤᠨ ᠳᠧᠽᠣᠺᠰᠢᠷᠢᠪᠨᠢᠺᠯᠧᠢᠨ ᠦ ᠬᠦᠴᠢᠯ ᠨᠢ ᠴᠢᠭᠯᠡᠯ ᠲᠡᠢ ᠪᠠᠶᠢᠳᠠᠭ᠃ ᠳᠧᠽᠣᠺᠰᠢᠷᠢᠪᠨᠢᠺᠯᠧᠢᠨ ᠦ ᠬᠦᠴᠢᠯ ᠫᠣᠯᠢᠮᠧᠷᠡᠶᠢᠨ ᠨᠢᠭᠡ ᠲᠡᠭᠦᠰᠬᠡᠯ ᠨᠢ ᠳ᠋ᠢᠽᠣᠺᠰᠢᠷᠢᠪᠦᠽ ᠳᠡᠭᠡᠷ᠎ᠡ ᠨᠡᠭᠡᠭᠡᠯᠲᠡ ᠲᠡᠢ ᠭᠢᠳ᠋ᠷᠣᠺᠰᠢᠯ ᠪᠦᠯᠦᠭᠲᠡᠢ ᠪᠠᠶᠢᠳᠠᠭ ᠪᠠ ᠡᠭᠦᠨ ᠢ ᠮᠣᠯᠧᠺᠤᠯ ᠤᠨ 3' ᠲᠡᠭᠦᠰᠬᠡᠯ ᠭᠡᠵᠦ ᠨᠡᠷᠡᠯᠡᠳᠡᠭ᠃ ᠨᠥᠭᠥᠭᠡ ᠲᠡᠭᠦᠰᠬᠡᠯ ᠨᠢ ᠨᠡᠭᠡᠭᠡᠯᠲᠡ ᠲᠡᠢ ᠹᠣᠰᠹᠠᠲ ᠤᠨ ᠪᠦᠯᠦᠭᠲᠡᠢ ᠪᠠᠶᠢᠳᠠᠭ ᠪᠠ ᠡᠭᠦᠨ ᠢ 5' ᠲᠡᠭᠦᠰᠬᠡᠯ ᠭᠡᠳᠡᠭ᠃ ᠳᠧᠽᠣᠺᠰᠢᠷᠢᠪᠨᠢᠺᠯᠧᠢᠨ ᠦ ᠬᠦᠴᠢᠯ ᠦᠨ ᠴᠢᠭᠯᠡᠯ ᠨᠢ ᠡᠰ ᠦᠨ ᠣᠯᠠᠨ ᠶᠠᠪᠤᠴᠠ ᠤᠳ ᠲᠤ ᠮᠠᠰᠢ ᠴᠢᠬᠤᠯᠠ ᠡᠭᠦᠷᠭᠡ ᠭᠦᠢᠴᠡᠳᠭᠡᠳᠡᠭ᠃ ᠬᠣᠣᠰ ᠰᠫᠢᠷᠠᠯᠢ ᠨᠢ ᠴᠢᠭᠯᠡᠯ ᠲᠡᠢ ᠪᠠᠶᠢᠳᠠᠭ ᠤᠴᠢᠷ ᠳᠧᠽᠣᠺᠰᠢᠷᠢᠪᠨᠢᠺᠯᠧᠢᠨ ᠦ ᠬᠦᠴᠢᠯ ᠦᠨ ᠬᠠᠭᠤᠯᠪᠤᠷᠢᠯᠠᠯᠲᠠ ᠬᠡᠬᠦ ᠮᠡᠳᠦ ᠶᠠᠪᠤᠴᠠ ᠤᠳ ᠵᠥᠪᠬᠡᠨ ᠨᠢᠭᠡ ᠴᠢᠭᠯᠡᠯ ᠲᠡᠢ ᠶᠠᠪᠤᠭᠳᠠᠳᠠᠭ᠃ ᠪᠦᠬᠦ ᠨᠢᠺᠯᠧᠢᠨ ᠦ ᠬᠦᠴᠢᠯ ᠦᠳ ᠦᠨ ᠡᠰ ᠳ᠋ᠡᠬᠢ ᠰᠢᠨᠲ᠋ᠧᠽ 5'-3' ᠴᠢᠭᠯᠡᠯ ᠲᠡᠢ ᠶᠠᠪᠤᠭᠳᠠᠳᠠᠭ᠃ ᠤᠴᠢᠷ ᠨᠢ᠂ ᠰᠢᠨ᠎ᠡ ᠮᠣᠨᠣᠮᠧᠷ ᠦᠳ ᠨᠢ ᠳᠧᠭᠢᠳ᠋ᠷᠠᠲ᠋ᠠᠼᠢ ᠶᠢᠨ ᠤᠷᠪᠠᠯ ᠢᠶᠠᠷ ᠬᠡᠯᠬᠢᠶᠡᠨ ᠳᠦ ᠨᠡᠮᠡᠭᠳᠡᠳᠡᠭ ᠪᠠ ᠨᠡᠭᠡᠭᠡᠯᠲᠡ ᠲᠡᠢ 3' ᠭᠢᠳ᠋ᠷᠣᠺᠰᠢᠯ ᠪᠦᠯᠦᠭ ᠨᠢ ᠤᠭ ᠤᠷᠪᠠᠯ ᠳᠤ ᠨᠢᠺᠯᠶᠣᠹᠢᠯ ᠪᠣᠯᠤᠨ ᠠᠰᠢᠭᠯᠠᠭᠳᠠᠳᠠᠭ᠃

ᠳᠧᠽᠣᠺᠰᠢᠷᠢᠪᠨᠢᠺᠯᠧᠢᠨ ᠦ ᠬᠦᠴᠢᠯ ᠳᠦ ᠺᠣᠳ᠋ᠴᠢᠯᠠᠭᠳᠠᠭᠰᠠᠨ ᠭᠸᠨ ᠦ ᠡᠺᠰᠫᠷᠧᠰ ᠨᠢ ᠭᠸᠨ ᠦ ᠷᠢᠪᠨᠢᠺᠯᠧᠢ ᠶᠢᠨ ᠬᠦᠴᠢᠯ ᠷᠤ ᠲᠷᠠᠨᠰᠺᠷᠢᠫᠴ ᠬᠢᠭᠳᠡᠰᠦᠨ ᠢᠶᠡᠷ ᠡᠬᠢᠯᠡᠨ᠎ᠡ᠃ ᠷᠢᠪᠨᠢᠺᠯᠧᠢ ᠶᠢᠨ ᠬᠦᠴᠢᠯ ᠨᠢ᠂ ᠳᠧᠽᠣᠺᠰᠢᠷᠢᠪᠨᠢᠺᠯᠧᠢᠨ ᠦ ᠬᠦᠴᠢᠯ ᠲᠠᠢ ᠮᠠᠰᠢ ᠲᠥᠰᠲᠡᠢ᠂ 2 ᠳᠠᠬᠢ ᠨᠢᠺᠯᠧᠢᠨ ᠦ ᠬᠦᠴᠢᠯ᠃ ᠭᠡᠬᠦ ᠳᠦ ᠪᠡᠨ ᠷᠢᠪᠨᠢᠺᠯᠧᠢ ᠶᠢᠨ ᠬᠦᠴᠢᠯ ᠨᠢ ᠳ᠋ᠢᠽᠣᠺᠰᠠᠷᠠᠪᠣᠵᠠ ᠶᠢᠨ ᠣᠷᠣᠨ ᠳᠤ ᠷᠢᠪᠦᠽ ᠍ ᠢ᠂ ᠲᠢᠮᠢᠨ ᠤ ᠣᠷᠣᠨ ᠳᠤ ᠤᠷᠠᠼᠢᠯ ᠍ ᠢ ᠠᠭᠤᠯᠠᠳᠠᠭ᠃ ᠷᠢᠪᠨᠢᠺᠯᠧᠢ ᠶᠢᠨ ᠬᠦᠴᠢᠯ ᠤᠨ ᠮᠣᠯᠧᠺᠤᠯ ᠤᠳ ᠨᠢ ᠳᠧᠽᠣᠺᠰᠢᠷᠢᠪᠨᠢᠺᠯᠧᠢᠨ ᠦ ᠬᠦᠴᠢᠯ ᠠᠴᠠ ᠲᠣᠭᠲᠠᠪᠤᠷᠢ ᠮᠠᠭᠤ ᠲᠠᠢ ᠪᠠ ᠳᠠᠩ ᠪᠠᠶᠢᠳᠠᠭ᠃ ᠤᠷᠭ᠎ᠠ ᠶᠢ ᠺᠣᠳᠣᠴᠢᠯᠠᠳᠠᠭ ᠭᠧᠨ ᠨᠦᠭᠦᠳ ᠨᠢ 3 ᠰᠢᠷᠬᠡᠭ ᠴᠤᠪᠤᠭ᠎ᠠ ᠨᠢᠺᠯᠶᠣᠲ᠋ᠢᠳ᠋ ᠍ ᠤᠨ ᠳᠠᠷᠠᠭᠠᠯᠠᠯ ᠪᠤᠶᠤ ᠺᠣᠳ᠋᠎ᠠ ᠨᠤᠭᠤᠳ ᠠᠴᠠ ᠪᠦᠷᠢᠳᠳᠡᠭ ᠪᠥᠭᠡᠳ ᠲᠡᠳᠡᠭᠡᠷ ᠢ ᠭᠸᠨ ᠦ ᠬᠡᠯᠡᠨ ᠦ ᠦᠭᠡ ᠭᠡᠵᠦ ᠬᠡᠯᠡᠵᠦ ᠪᠣᠯᠤᠨ᠎ᠠ᠃ ᠭᠸᠨ ᠦ ᠺᠣᠳ᠋ᠴᠢᠯᠠᠯ ᠨᠢ ᠤᠷᠭ᠎ᠠ ᠶᠢᠨ ᠨᠡᠶᠢᠯᠡᠭᠵᠢᠯᠲᠡ ᠶᠢᠨ ᠦᠶ᠎ᠡ ᠳᠦ ᠺᠣᠳᠣᠨ ᠪᠣᠯᠤᠨ ᠠᠮᠢᠨ ᠬᠦᠴᠢᠯ ᠦᠳ ᠦᠨ ᠬᠣᠭᠣᠷᠣᠨᠳᠣᠬᠢ ᠬᠠᠮᠢᠶᠠᠷᠤᠯ ᠢ ᠲᠣᠳᠣᠳᠬᠠᠵᠤ ᠥᠭᠳᠡᠭ᠃ ᠭᠸᠨ ᠦ ᠺᠣᠳ᠋ᠴᠢᠯᠠᠯ ᠨᠢ ᠪᠦᠬᠦ ᠣᠷᠭᠠᠨᠢᠰᠮ ᠳᠤ ᠪᠠᠷᠤᠭ ᠠᠳᠠᠯᠢᠬᠠᠨ ᠪᠠᠶᠢᠳᠠᠭ᠃

ᠪᠦᠬᠦ ᠭᠧᠨ ᠨᠦᠭᠦᠳ ᠨᠢ ᠤᠷᠭ᠎ᠠ ᠶᠢ ᠡᠰᠡᠪᠡᠯ ᠷᠢᠪᠨᠢᠺᠯᠧᠢ ᠶᠢᠨ ᠬᠦᠴᠢᠯ ᠶᠢᠨ ᠪᠦᠲᠦᠭᠡᠭᠳᠡᠬᠦᠨ ᠢ ᠲᠣᠳᠣᠷᠬᠠᠢ ᠺᠣᠳᠣᠴᠢᠯᠠᠳᠠᠭ ᠬᠡᠰᠡᠭ ᠡᠴᠡ ᠭᠠᠳᠠᠨ᠎ᠠ ᠲᠣᠬᠢᠷᠠᠭᠤᠯᠤᠭᠴᠢ ᠬᠡᠰᠡᠭᠲᠡᠢ ᠪᠠᠶᠢᠳᠠᠭ᠃ ᠭᠧᠨ ᠨᠦᠭᠦᠳ ᠲᠦ ᠪᠠᠶᠢᠳᠠᠭ ᠲᠤᠬᠢᠷᠠᠭᠤᠯᠬᠤ ᠬᠡᠰᠡᠭ ᠢ ᠫᠷᠣᠮᠣᠦ᠋ᠲᠡᠷ ᠭᠡᠵᠦ ᠨᠡᠷᠡᠯᠡᠭᠳᠡᠳᠡᠭ᠃ ᠡᠨᠡ ᠬᠡᠰᠡᠭ ᠨᠢ ᠭᠧᠨ ᠢ ᠲᠷᠠᠨᠰᠺᠷᠢᠫᠴᠡᠯᠡᠭᠳᠡᠬᠦ ᠪᠠ ᠡᠺᠰᠫᠷᠧᠰᠦᠯᠡᠭᠳᠡᠬᠦ ᠦᠶ᠎ᠡ ᠳᠦ ᠲᠷᠠᠨᠰᠺᠷᠢᠫᠴᠡ ᠶᠢᠨ ᠮᠧᠬᠠᠨᠢᠰᠮ ᠳᠤ ᠲᠠᠨᠢᠭᠳᠠᠬᠤᠶᠢᠴᠠ ᠪᠠᠶᠢᠷᠢᠯᠠᠯ ᠢ ᠪᠤᠢ ᠪᠣᠯᠭᠠᠵᠤ ᠥᠭᠳᠡᠭ᠃ 5' ᠲᠡᠭᠦᠰᠬᠡᠯ ᠳᠦ ᠥᠪᠡᠷ ᠥᠪᠡᠷ ᠢᠶᠡᠷ ᠤᠷᠲᠤ ᠲᠠᠢ ᠷᠢᠪᠨᠢᠺᠯᠧᠢ ᠶᠢᠨ ᠬᠦᠴᠢᠯ ᠡᠭᠦᠰᠳᠡᠭ ᠨᠢ᠂ ᠭᠧᠨ ᠨᠦᠭᠦᠳ ᠨᠢ ᠣᠯᠠᠨ ᠫᠷᠣᠮᠣᠦ᠋ᠲᠡᠷ ᠲᠡᠢ ᠪᠠᠶᠢᠬᠤ ᠶᠢᠨ ᠦᠷ᠎ᠡ ᠳ᠋ᠦᠩ ᠶᠤᠮ᠃[5] ᠫᠷᠣᠮᠣᠦ᠋ᠲᠡᠷ ᠬᠡᠰᠡᠭ ᠨᠢ ᠵᠣᠬᠢᠴᠠᠯ ᠲᠠᠢ ᠬᠡᠯᠬᠢᠶ᠎ᠡ ᠪᠠ ᠲᠤᠬᠠᠢ ᠶᠢᠨ ᠪᠠᠶᠢᠷᠢᠯᠠᠯᠳᠤᠭ᠎ᠠ ᠬᠠᠮᠤᠭ ᠤᠨ ᠡᠩ ᠦᠨ ᠳᠠᠷᠠᠭᠠᠯᠠᠯ ᠪᠣᠯᠪᠠᠴᠤ᠂ ᠵᠠᠷᠢᠮ ᠭᠧᠨ ᠨᠦᠭᠦᠳ ᠨᠢ "ᠬᠦᠴᠦᠲᠡᠢ" ᠫᠷᠣᠮᠣᠦ᠋ᠲᠡᠷ ᠲᠡᠢ (ᠲᠷᠠᠨᠰᠺᠷᠢᠫᠴᠡ ᠶᠢᠨ ᠮᠧᠬᠠᠨᠢᠰᠮ ᠤᠨ ᠬᠣᠯᠪᠣᠯᠲᠠ ᠶᠢ ᠰᠠᠶᠢᠨ ᠶᠠᠪᠤᠭᠤᠯᠳᠠᠭ), ᠵᠠᠷᠢᠮ ᠨᠢ "ᠰᠤᠯᠠ" ᠫᠷᠣᠮᠣᠦ᠋ᠲᠡᠷ ᠲᠡᠢ ᠪᠠᠶᠢᠳᠠᠭ᠃ ᠰᠤᠯᠠ ᠫᠷᠣᠮᠣᠦ᠋ᠲᠷ ᠤᠳ ᠨᠢ ᠲᠷᠠᠨᠰᠺᠷᠢᠫᠴᠡ ᠶᠢᠨ ᠬᠤᠷᠳᠤ ᠪᠠᠭᠠᠲᠠᠢ ᠪᠠᠶᠢᠳᠠᠭ(ᠬᠦᠴᠢᠲᠡᠢ ᠫᠷᠣᠮᠣᠦ᠋ᠲᠷ ᠤᠳ ᠲᠠᠢ ᠬᠠᠷᠢᠴᠠᠭᠤᠯᠬᠤ ᠳᠤ), ᠤᠴᠢᠷ ᠨᠢ ᠲᠷᠠᠨᠰᠺᠷᠢᠫᠴᠡ ᠶᠢᠨ ᠮᠧᠬᠠᠨᠢᠰᠮ ᠨᠢ ᠲᠡᠳᠡᠭᠡᠷ ᠲᠡᠢ ᠬᠣᠯᠪᠣᠭᠳᠠᠵᠤ ᠲᠷᠠᠨᠰᠺᠷᠢᠫᠴᠡ ᠶᠢ ᠡᠬᠢᠯᠡᠭᠦᠯᠬᠦ ᠳᠡᠪᠲᠠᠮᠵᠢ ᠶᠢ ᠪᠠᠭᠠᠰᠬᠠᠳᠠᠭ᠃ ᠥᠭᠡᠷ᠎ᠡ ᠪᠣᠯᠤᠮᠵᠢᠲᠤ ᠲᠣᠬᠢᠷᠠᠭᠤᠯᠤᠭᠴᠢ ᠬᠡᠰᠡᠭ ᠦᠳ ᠬᠦᠴᠦ ᠨᠡᠮᠡᠭᠳᠡᠭᠦᠯᠦᠭᠴᠢ ᠨᠦᠭᠦᠳ ᠢ ᠠᠭᠤᠯᠠᠳᠠᠭ ᠪᠠ ᠲᠡᠳᠡᠭᠡᠷ ᠨᠢ ᠰᠤᠯᠠ ᠫᠷᠣᠮᠣᠦ᠋ᠲᠡᠷ ᠢ ᠨᠥᠬᠥᠨ ᠲᠡᠳᠬᠦᠳᠡᠭ᠃ ᠶᠡᠬᠡᠩᠬᠢ ᠲᠤᠬᠢᠷᠠᠭᠤᠯᠬᠤ ᠬᠡᠰᠡᠭ ᠦᠳ "ᠳᠡᠭᠡᠭᠰᠢ ᠤᠷᠤᠰᠬᠠᠯ ᠲᠠᠢ", ᠥᠭᠡᠷ᠎ᠡ ᠪᠡᠷ ᠬᠡᠯᠡᠪᠡᠯ ᠲᠷᠠᠨᠰᠺᠷᠢᠫᠴ ᠡᠬᠢᠯᠡᠬᠦ ᠲᠠᠯ᠎ᠠ ᠠᠴᠠ 5' ᠲᠡᠭᠦᠰᠬᠡᠯ ᠤᠷᠤᠭᠤ ᠴᠢᠭᠯᠡᠭᠰᠡᠨ ᠪᠠᠶᠢᠳᠠᠭ᠃ ᠡᠤᠶᠢᠷᠶᠣᠲ᠋ ᠫᠷᠣᠮᠣᠦ᠋ᠲᠡᠷ ᠬᠡᠰᠡᠭ ᠨᠢ ᠮᠠᠰᠢ ᠬᠦᠨᠳᠦ ᠪᠦᠲᠦᠴᠡ ᠲᠡᠢ ᠪᠠ ᠫᠷᠣᠺᠠᠷᠢᠭ᠎ᠠ ᠳᠤ ᠫᠷᠣᠮᠣᠦ᠋ᠲᠡᠷ ᠬᠡᠰᠡᠭ ᠲᠡᠢ ᠬᠠᠷᠢᠴᠠᠭᠤᠯᠬᠤ ᠳᠤ ᠲᠣᠳᠣᠷᠬᠠᠶᠢᠯᠠᠬᠤ ᠳᠤ ᠬᠡᠴᠡᠭᠦᠦ ᠪᠠᠶᠢᠳᠠᠭ᠃

ᠣᠯᠠᠨ ᠫᠷᠣᠺᠠᠷᠢᠭ᠎ᠠ ᠳᠤ ᠭᠧᠨ ᠨᠦᠭᠦᠳ ᠣᠫᠧᠷᠣᠨ ᠡᠰᠡᠪᠡᠯ ᠪᠦᠯᠦᠭ ᠭᠧᠨ ᠪᠠᠶᠢᠳᠠᠯ ᠢᠶᠠᠷ ᠵᠣᠬᠢᠶᠠᠨ ᠪᠠᠶᠢᠭᠤᠯᠤᠭᠳᠠᠭᠰᠠᠨ ᠪᠠᠶᠢᠳᠠᠭ᠃ ᠡᠳᠡᠭᠡᠷ ᠪᠦᠯᠦᠭ ᠭᠧᠨ ᠨᠦᠭᠦᠳ ᠦᠨ ᠪᠦᠲᠦᠭᠡᠭᠳᠡᠬᠦᠨ ᠨᠦᠭᠦᠳ ᠨᠢ ᠢᠵᠢᠯ ᠲᠥᠰᠲᠡᠢ ᠡᠭᠦᠷᠭᠡ ᠲᠡᠢ ᠪᠠ ᠪᠥᠭᠡᠮ ᠢᠶᠡᠷ ᠢᠶᠡᠨ ᠨᠢᠭᠡ ᠪᠦᠬᠦᠯᠢ ᠭᠡᠵᠦ ᠲᠷᠠᠨᠰᠺᠷᠢᠫᠴᠡᠯᠡᠭᠳᠡᠳᠡᠭ᠃ ᠥᠭᠡᠷ᠎ᠡ ᠪᠡᠷ ᠬᠡᠯᠡᠪᠡᠯ᠂ ᠨᠢᠭᠡ ᠤᠳᠠᠭ᠎ᠠ ᠳᠤ ᠨᠢᠭᠡ ᠡᠤᠶᠢᠷᠶᠣᠲ᠋ ᠭᠧᠨ ᠲᠷᠠᠨᠰᠺᠷᠢᠫᠴᠡᠯᠡᠭᠳᠡᠳᠡᠭ ᠪᠣᠯᠪᠠᠴᠤ᠂ ᠲᠡᠷᠡ ᠨᠢ ᠢᠩᠲᠷᠣᠨ ᠭᠡᠳᠡᠭ ᠳᠧᠽᠣᠺᠰᠢᠷᠢᠪᠨᠢᠺᠯᠧᠢᠨ ᠦ ᠬᠦᠴᠢᠯ ᠤᠨ ᠤᠷᠲᠤ ᠬᠡᠯᠬᠢᠶ᠎ᠡ ᠶᠢ ᠠᠭᠤᠯᠠᠳᠠᠭ ᠪᠠ ᠡᠳᠡᠭᠡᠷ ᠨᠢ ᠤᠭᠤᠷᠠᠭ ᠪᠣᠯᠳᠠᠭ ᠦᠭᠡᠢ᠂ ᠲᠷᠠᠨᠰᠯᠶᠠᠼ ᠤᠨ ᠡᠮᠦᠨ᠎ᠡ ᠲᠠᠰᠤᠷᠠᠳᠠᠭ᠃ ᠫᠷᠣᠺᠠᠷᠢᠭ᠎ᠠ ᠳᠤ ᠭᠧᠨ ᠢ ᠡᠨᠡ ᠦᠵᠡᠭᠳᠡᠯ  ᠮᠥᠨ ᠬᠠᠮᠤᠷᠳᠠᠭ ᠴᠤ᠂ ᠡᠤᠶᠢᠷᠶᠣᠲ᠋ ᠭᠧᠨ ᠲᠡᠢ ᠬᠠᠷᠢᠴᠠᠭᠤᠯᠬᠤ ᠳᠤ ᠬᠣᠪᠣᠷ ᠲᠣᠬᠢᠶᠠᠯᠳᠤᠭ᠃[6]

ᠾᠷᠣᠮᠣᠰᠤᠮ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠬᠠᠢ ᠶᠢᠨ ᠣᠷᠭᠠᠨᠢᠰᠮ ᠪᠣᠯᠤᠨ ᠡᠰ ᠲᠦ ᠤᠷᠤᠰᠢᠬᠤ ᠪᠦᠬᠦ ᠭᠸᠨ ᠦ ᠨᠡᠶᠢᠯᠡᠪᠦᠷᠢ ᠶᠢ ᠭᠧᠨᠠᠮ ᠭᠡᠳᠡᠭ᠃ ᠭᠧᠨᠠᠮ ᠨᠢ ᠨᠢᠭᠡ ᠡᠰᠡᠪᠡᠯ ᠣᠯᠠᠨ ᠲᠣᠭᠠᠨ ᠤ ᠾᠷᠣᠮᠣᠰᠤᠮ᠎ᠠ ᠳᠡᠭᠡᠷ᠎ᠡ ᠬᠠᠳᠠᠭᠠᠯᠠᠭᠳᠠᠳᠠᠭ᠃ ᠾᠷᠣᠮᠣᠰᠤᠮ᠎ᠠ ᠳᠡᠭᠡᠷ᠎ᠡ ᠲᠣᠳᠣᠷᠬᠠᠢ ᠭᠧᠨ ᠪᠠᠶᠢᠷᠢᠯᠠᠵᠤ ᠪᠠᠶᠢᠭ᠎ᠠ ᠬᠡᠰᠡᠭ ᠢ ᠲᠤᠬᠠᠢ ᠶᠢᠨ ᠭᠸᠨ ᠦ ᠯᠣᠺᠦ᠋ᠰ ᠭᠡᠳᠡᠭ᠃ ᠾᠷᠣᠮᠣᠰᠤᠮ᠎ᠠ ᠨᠢ᠂ ᠳᠧᠽᠣᠺᠰᠢᠷᠢᠪᠨᠢᠺᠯᠧᠢᠨ ᠦ ᠬᠦᠴᠢᠯ ᠍ ᠤᠨ ᠮᠠᠰᠢ ᠤᠷᠲᠤ ᠳᠠᠩ ᠰᠫᠢᠷᠠᠯᠢ ᠠᠴᠠ (ᠬᠧᠯᠢᠺᠰ ᠡᠴᠡ) ᠪᠥᠷᠢᠳᠬᠦ ᠪᠠ ᠲᠡᠭᠦᠨ ᠳᠡᠭᠡᠷ᠎ᠡ ᠮᠢᠩᠭ᠎ᠠ ᠮᠢᠩᠭᠠᠨ ᠭᠧᠨ ᠨᠦᠭᠦᠳ ᠺᠣᠳᠣᠴᠢᠯᠠᠭᠳᠠᠭᠰᠠᠨ ᠪᠠᠶᠢᠳᠠᠭ᠃ ᠫᠷᠣᠺᠠᠷᠢᠭ᠎ᠠ ᠳᠤ-ᠪᠠᠺᠲ᠋ᠧᠷᠢᠤᠳᠤ ᠪᠣᠯᠤᠨ ᠠᠷᠬᠧᠢ ᠥᠪᠡᠷᠰᠡᠳ ᠦᠨ ᠭᠧᠨᠠᠮ ᠢ ᠭᠠᠭᠴᠠ᠂ ᠲᠣᠮᠣ᠂ ᠴᠠᠭᠠᠷᠢᠭ ᠬᠡᠯᠪᠡᠷᠢ ᠲᠡᠢ ᠾᠷᠣᠮᠣᠰᠤᠮ᠎ᠠ ᠳᠡᠭᠡᠷ᠎ᠡ ᠬᠠᠳᠠᠭᠠᠯᠠᠳᠠᠭ᠃ ᠵᠠᠷᠢᠮ ᠳᠤ ᠪᠠᠨ ᠡᠳᠡᠭᠡᠷ ᠲᠣᠮᠣ ᠾᠷᠣᠮᠣᠰᠤᠮ᠎ᠠ ᠨᠤᠭᠤᠳ ᠨᠢ ᠫᠯᠠᠽᠮ ᠳᠤ ᠭᠡᠵᠦ ᠨᠡᠷᠡᠯᠡᠭᠳᠡᠬᠦ ᠵᠢᠵᠢᠭ ᠳᠤᠭᠤᠢ ᠳᠧᠽᠣᠺᠰᠢᠷᠢᠪᠨᠢᠺᠯᠧᠢᠨ ᠦ ᠬᠦᠴᠢᠯ ᠢ ᠠᠭᠤᠯᠠᠳᠠᠭ᠃ ᠫᠯᠠᠽᠮᠢᠳ ᠤᠳ ᠨᠢ ᠴᠥᠭᠡᠬᠡᠨ ᠬᠡᠳᠦᠬᠡᠨ ᠭᠧᠨ ᠢ ᠺᠣᠳᠣᠴᠢᠯᠠᠳᠠᠭ ᠪᠠ ᠢᠨᠳᠢᠪ ᠲᠦ ᠬᠣᠭᠣᠷᠣᠨᠳᠣ ᠬᠢᠯᠪᠠᠷ ᠲᠡᠭᠡᠭᠡᠪᠦᠷᠢᠯᠡᠭᠳᠡᠳᠡᠭ᠃ ᠵᠢᠱᠢᠶ᠎ᠡ ᠨᠢ᠂ ᠠᠩᠲ᠋ᠢᠪᠢᠣᠲ᠋ᠢᠺ ᠤᠨ ᠡᠰᠡᠷᠭᠦᠴᠡᠯ ᠢ ᠠᠭᠤᠯᠠᠳᠠᠭ ᠭᠧᠨ ᠨᠢ ᠪᠠᠺᠲ᠋ᠧᠷᠢ ᠶᠢᠨ ᠫᠯᠠᠽᠮ ᠳᠤ ᠳᠡᠭᠡᠷ᠎ᠡ ᠤᠷᠤᠰᠢᠬᠤ ᠪᠠ ᠡᠰᠡ ᠬᠣᠭᠣᠷᠣᠨᠳᠣ᠂ ᠲᠡᠷᠡ ᠪᠤᠤ ᠬᠡᠯᠡ ᠪᠦᠷ ᠵᠦᠢᠯ ᠬᠣᠭᠣᠷᠣᠨᠳᠣ ᠭᠸᠨ ᠦ ᠬᠡᠪᠲᠡᠭᠡ ᠰᠢᠯᠵᠢᠯᠲᠡᠡᠭᠡᠷᠡ ᠳᠠᠮᠵᠢᠳᠠᠭ᠃ ᠵᠠᠷᠢᠮ ᠡᠩ ᠦᠨ ᠡᠤᠶᠢᠷᠶᠣᠲ᠋ ᠦᠳ ᠨᠢ ᠴᠥᠭᠡᠨ ᠲᠣᠭᠠᠨ ᠤ ᠭᠧᠨ ᠲᠡᠢ ᠫᠯᠠᠽᠮᠢᠳ ᠲᠠᠢ ᠪᠠᠶᠢᠳᠠᠭ ᠪᠣᠯᠪᠠᠴᠤ᠂ ᠶᠡᠬᠡᠩᠬᠢ ᠡᠤᠶᠢᠷᠶᠣᠲ᠋ ᠭᠧᠨ ᠨᠦᠭᠦᠳ ᠨᠢ ᠬᠡᠳᠦ ᠬᠡᠳᠦᠨ ᠰᠢᠯᠤᠭᠤᠨ ᠾᠷᠣᠮᠣᠰᠤᠮ᠎ᠠ ᠳᠡᠭᠡᠷ᠎ᠡ ᠪᠠᠶᠢᠷᠢᠯᠠᠵᠤ᠂ ᠭᠢᠰᠲ᠋ᠣᠨ ᠭᠡᠳᠡᠭ ᠠᠭᠤᠯᠬᠤ ᠡᠭᠦᠷᠭᠡ ᠪᠦᠬᠦᠢ ᠤᠭᠤᠷᠠᠭᠲᠠᠢ ᠬᠠᠮᠲᠤ ᠪᠥᠭᠡᠮ ᠳᠣᠲᠣᠷ᠎ᠠ ᠪᠠᠭᠯᠠᠭ᠎ᠠ ᠲᠠᠢ ᠪᠠᠶᠢᠳᠠᠭ᠃ ᠳᠧᠽᠣᠺᠰᠢᠷᠢᠪᠨᠢᠺᠯᠧᠢᠨ ᠦ ᠬᠦᠴᠢᠯ ᠭᠢᠰᠲ᠋ᠣᠨ ᠳᠡᠭᠡᠷ᠎ᠡ ᠶᠠᠮᠠᠷ ᠪᠠᠶᠢᠳᠠᠯ ᠢᠶᠠᠷ ᠬᠠᠳᠠᠭᠠᠯᠠᠭᠳᠠᠵᠤ ᠪᠠᠶᠢᠭ᠎ᠠ ᠠᠷᠭ᠎ᠠ ᠪᠣᠯᠤᠨ ᠭᠢᠰᠲ᠋ᠣᠨ ᠤ ᠥᠪᠡᠷ ᠦᠨ ᠬᠢ ᠨᠢ ᠬᠢᠮᠢ ᠶᠢᠨ ᠨᠠᠶᠢᠷᠠᠯᠭ᠎ᠠ ᠨᠢ᠂ ᠳᠧᠽᠣᠺᠰᠢᠷᠢᠪᠨᠢᠺᠯᠧᠢᠨ ᠦ ᠬᠦᠴᠢᠯ ᠦᠨ ᠲᠤᠬᠠᠢ ᠶᠢᠨ ᠬᠡᠰᠡᠭ ᠭᠸᠨ ᠦ ᠡᠺᠰᠫᠷᠧᠰ ᠳᠤ ᠤᠷᠤᠬᠤ ᠪᠣᠯᠤᠮᠵᠢ ᠲᠠᠢ ᠡᠰᠡᠬᠦ ᠶᠢ ᠲᠤᠬᠢᠷᠠᠭᠤᠯᠬᠤ ᠮᠧᠬᠠᠨᠢᠰᠮ ᠪᠣᠯᠳᠠᠭ᠃ ᠡᠤᠶᠢᠷᠶᠣᠲ᠋ ᠾᠷᠣᠮᠣᠰᠤᠮ᠎ᠠ ᠶᠢᠨ ᠲᠡᠭᠦᠰᠬᠡᠯ ᠦᠳ ᠨᠢ ᠲᠧᠯᠣᠮᠧᠷ ᠭᠡᠵᠦ ᠨᠡᠷᠡᠯᠡᠭᠳᠡᠬᠦ᠂ ᠳᠠᠪᠲᠠᠭᠳᠠᠭᠰᠠᠨ ᠳᠠᠷᠠᠭᠠᠯᠠᠯ ᠲᠠᠢ ᠤᠷᠲᠤ ᠬᠡᠯᠬᠢᠶ᠎ᠡ ᠪᠠ ᠡᠳᠡᠭᠡᠷ ᠨᠢ ᠶᠠᠮᠠᠷ ᠴᠤ ᠭᠸᠨ ᠦ ᠪᠦᠲᠦᠭᠡᠭᠳᠡᠬᠦᠨ ᠢ ᠢᠯᠡᠷᠬᠡᠶᠢᠯᠡᠳᠡᠭ ᠦᠭᠡᠢ ᠪᠣᠯᠪᠠᠴᠤ᠂ ᠳᠧᠽᠣᠺᠰᠢᠷᠢᠪᠨᠢᠺᠯᠧᠢᠨ ᠦ ᠬᠦᠴᠢᠯ ᠤᠨ ᠷᠧᠫᠯᠢᠺᠶᠠᠴᠢ ᠍ ᠶᠢᠨ ᠦᠶ᠎ᠡ ᠳᠦ ᠺᠣᠳᠣᠴᠢᠯᠠᠯ ᠤᠨ ᠠᠯᠳᠠᠭ᠎ᠠ (ᠳᠧᠭᠷᠠᠳᠠᠼᠢ) ᠪᠣᠯᠤᠨ ᠤᠳᠤᠷᠢᠳᠬᠤ ᠬᠡᠰᠡᠭ ᠲᠦ ᠠᠯᠳᠠᠭ᠎ᠠ ᠭᠠᠷᠭᠠᠬᠤ ᠦᠭᠡᠢ ᠡᠭᠦᠷᠭᠡ ᠲᠡᠢ᠃ ᠡᠰ ᠦᠨ ᠬᠤᠪᠢᠶᠠᠭᠳᠠᠯ ᠤᠨ ᠪᠡᠯᠡᠳᠬᠡᠯ ᠠᠵᠢᠯ ᠤᠨᠨ ᠬᠦᠷᠢᠶᠡᠨ ᠳᠦ᠂ ᠭᠧᠨᠠᠮ ᠷᠧᠫᠯᠢᠺᠶᠠᠴᠢ ᠳᠤ ᠤᠷᠤᠬᠤ ᠪᠣᠯᠭᠠᠨ ᠳᠤ ᠲᠧᠯᠣᠮᠧᠷ ᠤᠨ ᠤᠷᠲᠤ ᠪᠠᠭᠠᠰᠬᠤ ᠬᠠᠨᠳᠤᠯᠭ᠎ᠠ ᠲᠠᠢ ᠪᠠᠶᠢᠳᠠᠭ᠃ ᠲᠧᠯᠣᠮᠧᠷ ᠤᠨ ᠠᠯᠳᠠᠭᠳᠠᠯ ᠢ ᠣᠷᠭᠠᠨᠢᠰᠮ ᠤᠨ ᠨᠠᠰᠤ ᠠᠬᠢᠬᠤ (ᠬᠥᠭᠰᠢᠷᠡᠬᠦ) ᠶᠠᠪᠤᠴᠠ ᠲᠠᠢ ᠬᠣᠯᠪᠣᠭ᠎ᠠ ᠲᠠᠢ ᠡᠰ ᠦᠨ ᠬᠥᠭᠰᠢᠷᠡᠯᠲᠡ ᠶᠢᠨ ᠢᠯᠡᠷᠡᠯ ᠡᠰᠡᠪᠡᠯ ᠡᠰ ᠦᠨ ᠬᠤᠪᠢᠶᠠᠭᠳᠠᠬᠤ ᠴᠢᠳᠠᠪᠤᠷᠢ ᠶᠢᠨ ᠠᠯᠳᠠᠭᠳᠠᠯ ᠭᠡᠵᠦ ᠦᠵᠡᠳᠡᠭ᠃[7]

ᠫᠷᠣᠺᠠᠷᠢᠶᠠᠲᠤ ᠨᠤᠭᠤᠳ ᠤᠨ ᠾᠷᠣᠮᠣᠰᠤᠮ᠎ᠠ ᠨᠤᠭᠤᠳᠠ ᠶᠢᠨ ᠭᠸᠨ ᠦ ᠨᠢᠭᠲᠠᠷᠰᠢᠯ ᠬᠠᠷᠢᠴᠠᠩᠭᠤᠢ ᠶᠡᠬᠡ ᠪᠠᠶᠢᠬᠤ ᠳᠤ᠂ ᠡᠤᠶᠢᠷᠢᠣᠲᠤ ᠨᠤᠭᠤᠳ ᠤᠨ ᠬᠢ ᠶᠡᠬᠡᠩᠬᠢ ᠳᠦ ᠪᠡᠨ "ᠬᠣᠭ ᠳᠧᠽᠣᠺᠰᠢᠷᠢᠪᠨᠢᠺᠯᠧᠢᠨ ᠦ ᠬᠦᠴᠢᠯ" ᠭᠡᠭᠳᠡᠬᠦ ᠡᠭᠦᠷᠭᠡ ᠭᠦᠢᠴᠡᠳᠭᠡᠳᠡᠭ ᠦᠭᠡᠢ ᠳᠧᠽᠣᠺᠰᠢᠷᠢᠪᠨᠢᠺᠯᠧᠢᠨ ᠦ ᠬᠦᠴᠢᠯ ᠦᠨ ᠬᠡᠰᠡᠭ ᠦᠳ ᠢ ᠠᠭᠤᠯᠠᠳᠠᠭ᠃ ᠡᠩ ᠦᠨ ᠭᠠᠭᠴᠠ ᠡᠰ ᠲᠦ ᠡᠦᠺᠠᠷᠢᠶᠠᠲᠤ ᠨᠤᠭᠤᠳ ᠡᠶᠢᠮᠦ ᠳᠧᠽᠣᠺᠰᠢᠷᠢᠪᠨᠢᠺᠯᠧᠢᠨ ᠦ ᠬᠦᠴᠢᠯ ᠬᠠᠷᠢᠴᠠᠩᠭᠤᠢ ᠪᠠᠭ᠎ᠠ ᠲᠠᠢ ᠪᠠᠶᠢᠬᠤ ᠳᠤ᠂ ᠬᠦᠮᠦᠨ ᠮᠡᠲᠦ ᠣᠯᠠᠨ ᠡᠰᠲᠦ ᠣᠷᠭᠠᠨᠢᠰᠮ ᠦᠳ ᠲᠤ ᠲᠣᠭᠲᠠᠭᠠᠭᠳᠠᠭᠰᠠᠨ ᠡᠭᠦᠷᠭᠡ ᠦᠭᠡᠢ ᠳᠧᠽᠣᠺᠰᠢᠷᠢᠪᠨᠢᠺᠯᠧᠢᠨ ᠦ ᠬᠦᠴᠢᠯ ᠮᠠᠰᠢ ᠶᠡᠬᠡ ᠠᠭᠤᠯᠠᠯᠠᠭᠳᠠᠳᠠᠭ᠃[8] ᠭᠡᠬᠦ ᠳᠦ ᠪᠡᠨ ᠬᠦᠮᠦᠨ ᠦ ᠭᠧᠨᠠᠮ ᠍ ᠤᠨ ᠬᠣᠶᠠᠷᠬᠠᠨ ᠬᠤᠪᠢ ᠨᠢ ᠤᠭᠤᠷᠠᠭ ᠺᠣᠳᠣᠴᠢᠯᠠᠳᠠᠭ ᠳᠧᠽᠣᠺᠰᠢᠷᠢᠪᠨᠢᠺᠯᠧᠢᠨ ᠦ ᠬᠦᠴᠢᠯ ᠪᠠᠶᠢᠳᠠᠭ ᠴᠤ᠂ ᠭᠧᠨᠠᠮ ᠳᠠᠬᠢ ᠰᠠᠭᠤᠷᠢ ᠨᠤᠭᠤᠳ ᠤᠨ 80% ᠨᠢ ᠡᠺᠰᠫᠷᠧᠰᠦᠯᠡᠭᠳᠡᠬᠦ ᠪᠣᠯᠤᠮᠵᠢ ᠲᠠᠢ ᠭᠡᠳᠡᠭᠨᠢ ᠲᠣᠭᠲᠠᠭᠠᠭᠳᠠᠭᠠᠳ ᠪᠠᠶᠢᠨ᠎ᠠ᠃ ᠡᠶᠢᠮᠦ ᠳᠦ᠂ "ᠬᠣᠭ ᠳᠧᠽᠣᠺᠰᠢᠷᠢᠪᠨᠢᠺᠯᠧᠢᠨ ᠦ ᠬᠦᠴᠢᠯ" ᠭᠡᠳᠡᠭ ᠨᠡᠷ᠎ᠡ ᠲᠣᠬᠢᠷᠠᠮᠵᠢ ᠦᠭᠡᠢ ᠨᠡᠷᠡᠰᠢᠯ ᠪᠠᠶᠢᠵᠤ ᠪᠣᠯᠬᠤ ᠶᠤᠮ᠃

ᠭᠸᠨ ᠦ ᠡᠺᠰᠫᠷᠧᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:708px-Gene2-plain.svg.png
Diagram of the "typical" eukaryotic protein-coding gene. Promoters and enhancers determine what portions of the DNA will be transcribed into the precursor mRNA (pre-mRNA). The pre-mRNA is then spliced into messenger RNA (mRNA) which is later translated into protein.
ᠭᠣᠣᠯ ᠥᠭᠦᠯᠡᠯ: ᠭᠸᠨ ᠦ ᠡᠺᠰᠫᠷᠧᠰ

ᠪᠦᠬᠦ ᠣᠷᠭᠠᠨᠢᠰᠮ ᠳᠤ᠂ ᠤᠭᠤᠷᠠᠭ ᠺᠣᠳᠣᠯᠠᠬᠤ ᠭᠧᠨ ᠢ ᠲᠡᠭᠦᠨ ᠦ ᠤᠭᠤᠷᠠᠭ ᠠᠴᠠ ᠰᠠᠯᠭᠠᠬᠤ ᠬᠣᠶᠠᠷ ᠦᠨᠳᠦᠰᠦᠨ ᠱᠠᠲᠤ ᠪᠤᠢ᠃ ᠨᠢᠭᠡᠳᠦᠭᠡᠷ ᠲᠦ᠂ ᠲᠤᠬᠠᠢ ᠶᠢᠨ ᠭᠧᠨ ᠣᠷᠣᠰᠢᠵᠤ ᠪᠠᠶᠢᠭ᠎ᠠ ᠳᠧᠽᠣᠺᠰᠢᠷᠢᠪᠨᠢᠺᠯᠧᠢᠨ ᠦ ᠬᠦᠴᠢᠯ ᠨᠢ ᠮᠧᠰᠰᠧᠨᠵᠧᠷ ᠷᠢᠪᠨᠢᠺᠯᠧᠢ ᠶᠢᠨ ᠬᠦᠴᠢᠯ ᠪᠤᠶᠤ mᠷᠢᠪᠨᠢᠺᠯᠧᠢ ᠶᠢᠨ ᠬᠦᠴᠢᠯ ᠪᠣᠯᠤᠨ ᠲᠷᠠᠨᠰᠺᠷᠢᠫᠴᠠᠯᠠᠭᠳᠠᠳᠠᠭ᠂ ᠬᠣᠶᠠᠳᠤᠭᠠᠷ ᠲᠤ mᠷᠢᠪᠨᠢᠺᠯᠧᠢ ᠶᠢᠨ ᠬᠦᠴᠢᠯ ᠡᠴᠡ ᠤᠭᠤᠷᠠᠭ ᠪᠣᠯᠤᠨ ᠲᠷᠠᠨᠰᠯᠢᠴᠠᠯᠤᠭᠳᠠᠨ᠎ᠠ᠃ ᠷᠢᠪᠨᠢᠺᠯᠧᠢ ᠶᠢᠨ ᠬᠦᠴᠢᠯ ᠢ ᠺᠣᠳᠣᠴᠢᠯᠠᠳᠠᠭ ᠭᠧᠨ ᠨᠦᠭᠦᠳ ᠨᠢ ᠡᠬᠢᠨ ᠦ ᠱᠠᠲᠤ ᠶᠢ ᠳᠠᠮᠵᠢᠬᠤ ᠶᠣᠰᠣᠲᠠᠢ ᠪᠣᠯᠪᠠᠴᠤ᠂ ᠤᠭᠤᠷᠠᠭ ᠪᠣᠯᠤᠨ ᠲᠷᠠᠨᠰᠯᠢᠴᠠᠯᠠᠭᠳᠠᠳᠠᠭ ᠦᠭᠡᠢ᠃ ᠪᠢᠣᠯᠣᠭᠢ ᠶᠢᠨ ᠡᠭᠦᠷᠭᠡ ᠲᠡᠢ ᠮᠣᠯᠧᠺᠤᠯ (ᠤᠭᠤᠷᠠᠭ ᠡᠰᠡᠪᠡᠯ ᠷᠢᠪᠨᠢᠺᠯᠧᠢ ᠶᠢᠨ ᠬᠦᠴᠢᠯ) ᠪᠦᠲᠦᠭᠡᠵᠦ ᠪᠠᠶᠢᠭ᠎ᠠ ᠶᠠᠪᠤᠴᠠ ᠢ ᠭᠸᠨ ᠦ ᠡᠺᠰᠫᠷᠧᠰ᠂ ᠡᠭᠦᠰᠴᠦ ᠪᠠᠶᠢᠭ᠎ᠠ ᠪᠦᠲᠦᠭᠡᠭᠳᠡᠬᠦᠨ ᠢ ᠭᠸᠨ ᠦ ᠪᠦᠲᠦᠭᠡᠭᠳᠡᠬᠦᠨ ᠭᠡᠵᠦ ᠲᠤᠰ ᠲᠤᠰ ᠨᠡᠷᠡᠯᠡᠳᠡᠭ᠃

ᠭᠧᠨᠧᠲ᠋ᠢᠭ ᠺᠣᠳ᠋[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠵᠢᠯᠯᠠᠭ᠎ᠠ ᠲᠠᠢ ᠤᠭᠤᠷᠠᠭ ᠪᠣᠯᠤᠨ ᠲᠷᠠᠨᠰᠯᠢᠴᠠᠯᠠᠭᠳᠠᠳᠠᠭ ᠭᠧᠨ ᠢ ᠢᠯᠡᠳᠭᠡᠬᠦ ᠬᠢᠮᠢ ᠶᠢᠨ ᠲᠡᠮᠳᠡᠭ ᠦᠳ ᠦᠨ ᠣᠯᠠᠨᠯᠢᠭ ᠢ ᠭᠧᠨᠧᠲ᠋ᠢᠭ ᠺᠣᠳ᠋ ᠭᠡᠨ᠎ᠡ᠃ ᠭᠧᠨ ᠪᠣᠯᠭᠠᠨ ᠨᠢ ᠳᠧᠽᠣᠺᠰᠢᠷᠢᠪᠨᠢᠺᠯᠧᠢᠨ ᠦ ᠬᠦᠴᠢᠯ ᠦᠨ ᠬᠡᠯᠬᠢᠶ᠎ᠡ ᠳᠡᠭᠡᠷ᠎ᠡ (ᠵᠠᠷᠢᠮ ᠸᠢᠷᠦᠰ ᠦᠨ ᠬᠤᠪᠢ ᠳᠤ ᠷᠢᠪᠨᠢᠺᠯᠧᠢ ᠶᠢᠨ ᠬᠦᠴᠢᠯ ᠦᠨ ᠬᠡᠯᠬᠢᠶ᠎ᠡ ᠳᠡᠭᠡᠷ᠎ᠡ[9]) ᠪᠠᠶᠢᠷᠢᠯᠠᠬᠤ ᠨᠢᠺᠯᠶᠣᠲ᠋ᠢᠳ᠋ ᠍ ᠤᠳ ᠤᠨ ᠲᠣᠳᠣᠷᠬᠠᠢ ᠳᠠᠷᠠᠭᠠᠯᠠᠯ ᠪᠠᠶᠢᠳᠠᠯ ᠢᠶᠠᠷ ᠺᠣᠳᠣᠯᠠᠭᠳᠠᠭᠰᠠᠨ ᠪᠠᠶᠢᠳᠠᠭ᠃ ᠨᠢᠺᠯᠶᠣᠲ᠋ᠢᠳ᠋ (ᠭᠸᠨ ᠦ ᠮᠠᠲ᠋ᠧᠷᠢᠶᠠᠯ ᠤᠨ ᠪᠦᠲᠦᠭᠡᠭᠴᠢ ᠦᠨᠳᠦᠰᠦᠨ ᠪᠯᠣᠺ) ᠪᠣᠯᠤᠨ ᠠᠮᠢᠨ ᠬᠦᠴᠦᠯᠡ (ᠤᠷᠭ᠎ᠠ ᠶᠢ ᠪᠦᠲᠦᠭᠡᠭᠴᠢ ᠦᠨᠳᠦᠰᠦᠨ ᠪᠯᠣᠺ) ᠬᠣᠶᠠᠷ ᠤᠨ ᠬᠣᠭᠣᠷᠣᠨᠳᠣ ᠶᠢᠨ ᠬᠠᠷᠢᠯᠴᠠᠭ᠎ᠠ ᠨᠢ ᠭᠧᠨ ᠢ ᠤᠭᠤᠷᠠᠭ ᠪᠣᠯᠤᠨ ᠠᠮᠵᠢᠯᠲᠠᠲᠠᠢ ᠲᠷᠠᠰᠯᠢᠴᠠᠯᠠᠭᠳᠠᠬᠤ ᠪᠠᠷ ᠲᠣᠭᠲᠠᠭᠠᠭᠳᠠᠭᠰᠠᠨ ᠪᠠᠶᠢᠬᠤ ᠶᠣᠰᠣᠲᠠᠢ᠃ ᠭᠤᠷᠪᠠᠨ ᠨᠢᠺᠯᠶᠣᠲ᠋ᠢᠳ᠋ ᠍ ᠤᠨ ᠪᠠᠭᠴᠠ ᠶᠢ ᠺᠣᠳᠣᠨ ᠭᠡᠵᠦ ᠨᠡᠷᠡᠯᠡᠬᠦ ᠪᠠ ᠪᠠᠭᠴᠠ ᠪᠦᠷ ᠨᠢ ᠲᠣᠳᠣᠷᠬᠠᠢ ᠠᠮᠢᠨ ᠬᠦᠴᠦᠯᠡ ᠡᠰᠡᠪᠡᠯ ᠳᠣᠬᠢᠶᠠᠯᠠᠯ ᠢ ᠵᠢᠭᠠᠭᠠᠳᠠᠭ᠃ ᠭᠤᠷᠪᠠᠨ ᠺᠣᠳᠣᠨ ᠢ "ᠵᠣᠭᠰᠣᠬᠤ ᠺᠣᠳᠣᠨ" ᠭᠡᠵᠦ ᠨᠡᠷᠡᠯᠡᠳᠡᠭ ᠪᠠ ᠲᠡᠳᠡ ᠰᠢᠨ᠎ᠡ ᠠᠮᠢᠨ ᠬᠦᠴᠢᠯ ᠢ ᠲᠣᠳᠣᠷᠬᠠᠶᠢᠯᠠᠬᠤ ᠦᠭᠡᠢ᠂ ᠬᠠᠷᠢᠨ ᠭᠸᠨ ᠦ ᠲᠡᠭᠦᠰᠬᠡᠯ ᠭᠡᠳᠡᠭ ᠢ ᠲᠷᠠᠨᠰᠯᠶᠠᠼ ᠤᠨ ᠮᠧᠬᠠᠨᠢᠰᠮ ᠳᠤ ᠵᠢᠭᠠᠵᠤ ᠥᠭᠳᠡᠭ᠃ ᠨᠡᠶᠢᠲᠡ 64 ᠺᠣᠳᠣᠨ (4 ᠨᠢᠺᠯᠶᠣᠲ᠋ᠢᠳ ᠦᠨ 3 ᠪᠠᠶᠢᠷᠢᠯᠠᠯ ᠳᠤ ᠪᠠᠶᠢᠬᠤ ᠪᠣᠯᠤᠮᠵᠢ 43), 20 ᠠᠮᠢᠨ ᠬᠦᠴᠦᠯᠡ ᠪᠠᠶᠢᠳᠠᠭ᠃ ᠡᠭᠦᠨ ᠡᠴᠡ ᠳ᠋ᠦᠩᠨᠡᠬᠦ ᠳᠦ ᠬᠡᠳᠦ ᠬᠡᠳᠦᠨ ᠺᠣᠳᠣᠨ ᠨᠢᠭᠡ ᠠᠮᠢᠨ ᠬᠦᠴᠢᠯ ᠢ ᠵᠢᠭᠠᠵᠤ ᠪᠣᠯᠳᠠᠭ᠃ ᠪᠦᠬᠦ ᠮᠡᠳᠡᠭᠳᠡᠵᠦ ᠪᠤᠢ ᠣᠷᠭᠠᠨᠢᠰᠮ ᠤᠳ ᠤᠨ ᠺᠣᠳᠣᠨ ᠪᠣᠯᠤᠨ ᠠᠮᠢᠨ ᠬᠦᠴᠢᠯ ᠦᠨ ᠬᠣᠭᠣᠷᠣᠨᠳᠣ ᠶᠢᠨ ᠬᠠᠮᠢᠶᠠᠷᠤᠯ ᠨᠢ ᠦᠨᠢᠤᠧᠷᠰᠠᠯ ᠪᠠᠶᠢᠳᠠᠭ᠃

ᠲᠷᠠᠨᠰᠺᠷᠢᠫᠴ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠸᠨ ᠦ ᠲᠷᠠᠨᠰᠺᠷᠢᠫᠴ ᠨᠢ ᠮᠧᠰᠰᠧᠨᠵᠧᠷ ᠷᠢᠪᠨᠢᠺᠯᠧᠢ ᠶᠢᠨ ᠬᠦᠴᠢᠯ ᠭᠡᠵᠦ ᠨᠡᠷᠡᠯᠡᠭᠳᠡᠳᠡᠭ ᠳᠠᠩ ᠬᠡᠯᠬᠢᠶ᠎ᠡ ᠲᠡᠢ ᠷᠢᠪᠨᠢᠺᠯᠧᠢ ᠶᠢᠨ ᠬᠦᠴᠢᠯ ᠮᠣᠯᠧᠺᠤᠯ ᠢ ᠡᠭᠦᠰᠬᠡᠳᠡᠭ᠃ ᠡᠭᠦᠰᠦᠨ ᠷᠢᠪᠨᠢᠺᠯᠧᠢ ᠶᠢᠨ ᠬᠦᠴᠢᠯ ᠦᠨ ᠨᠢᠺᠯᠶᠣᠲ᠋ᠢᠳ᠋ ᠍ ᠤᠳ ᠤᠨ ᠳᠠᠷᠠᠭᠠᠯᠠᠯ ᠨᠢ ᠲᠷᠠᠨᠰᠺᠷᠢᠫᠴ ᠬᠢᠭᠰᠡᠨ ᠳᠧᠽᠣᠺᠰᠢᠷᠢᠪᠨᠢᠺᠯᠧᠢᠨ ᠦ ᠬᠦᠴᠢᠯ ᠦᠨ (ᠤᠭ ᠷᠢᠪᠨᠢᠺᠯᠧᠢ ᠶᠢᠨ ᠬᠦᠴᠢᠯ ᠢ ᠡᠭᠦᠰᠬᠡᠭᠰᠡᠨ ᠳᠧᠽᠣᠺᠰᠢᠷᠢᠪᠨᠢᠺᠯᠧᠢᠨ ᠦ ᠬᠦᠴᠢᠯ) ᠳᠠᠷᠠᠭᠠᠯᠠᠯ ᠲᠠᠢ ᠠᠳᠠᠯᠢᠬᠠᠨ ᠪᠠᠶᠢᠳᠠᠭ᠃ ᠷᠢᠪᠨᠢᠺᠯᠧᠢ ᠶᠢᠨ ᠬᠦᠴᠢᠯ ᠦᠨ ᠬᠡᠯᠬᠢᠶᠡᠨ ᠦ ᠳᠠᠷᠠᠭᠠᠯᠠᠯ ᠲᠠᠢ ᠳᠠᠷᠠᠭᠠᠯᠠᠯ ᠨᠢ ᠲᠠᠭᠠᠷᠴᠢ ᠪᠠᠶᠢᠭ᠎ᠠ ᠳᠧᠽᠣᠺᠰᠢᠷᠢᠪᠨᠢᠺᠯᠧᠢᠨ ᠦ ᠬᠦᠴᠢᠯ ᠦᠨ ᠬᠡᠯᠬᠢᠶ᠎ᠡ ᠶᠢ ᠺᠣᠳ᠋ᠯᠤᠭᠴᠢ ᠬᠡᠯᠬᠢᠶ᠎ᠡ ᠭᠡᠵᠦ ᠨᠡᠷᠡᠯᠡᠳᠡᠭ᠃ ᠲᠤᠬᠠᠢ ᠶᠢᠨ ᠷᠢᠪᠨᠢᠺᠯᠧᠢ ᠶᠢᠨ ᠬᠦᠴᠢᠯ ᠢ ᠡᠭᠦᠰᠬᠡᠭᠰᠡᠨ (ᠨᠡᠶᠢᠯᠡᠭᠵᠢᠭᠦᠯᠦᠭᠰᠡᠨ) ᠳᠧᠽᠣᠺᠰᠢᠷᠢᠪᠨᠢᠺᠯᠧᠢᠨ ᠦ ᠬᠦᠴᠢᠯ ᠦᠨ ᠬᠡᠯᠬᠢᠶ᠎ᠡ ᠶᠢ ᠵᠠᠭᠪᠤᠷ ᠬᠡᠯᠬᠢᠶ᠎ᠡ ᠭᠡᠵᠦ ᠨᠡᠷᠡᠯᠡᠨ᠎ᠡ᠃ ᠷᠢᠪᠨᠢᠺᠯᠧᠢ ᠶᠢᠨ ᠬᠦᠴᠢᠯ ᠫᠣᠯᠢᠮᠧᠷᠠᠽ ᠭᠡᠳᠡᠭ ᠢᠰᠭᠡᠬᠦᠷ ᠲᠷᠠᠨᠰᠺᠷᠢᠫᠴᠡ ᠶᠢᠨ ᠶᠠᠪᠤᠴᠠ ᠢ ᠶᠠᠪᠤᠭᠤᠯᠳᠠᠭ᠃ ᠡᠨᠡ ᠢᠰᠭᠡᠬᠦᠷ ᠨᠢ ᠳᠧᠽᠣᠺᠰᠢᠷᠢᠪᠨᠢᠺᠯᠧᠢᠨ ᠦ ᠬᠦᠴᠢᠯ ᠢ 3' - 5' ᠴᠢᠭᠯᠡᠯ ᠲᠡᠢ ᠤᠩᠰᠢᠵᠤ᠂ ᠷᠢᠪᠨᠢᠺᠯᠧᠢ ᠶᠢᠨ ᠬᠦᠴᠢᠯ ᠢ 5' - 3' ᠴᠢᠭᠯᠡᠯ ᠲᠡᠢ ᠨᠡᠶᠢᠯᠡᠭᠵᠢᠭᠦᠯᠳᠡᠭ᠃ ᠲᠷᠠᠨᠰᠺᠷᠢᠫᠴᠣᠭ ᠡᠬᠢᠯᠡᠭᠦᠯᠬᠦ ᠶᠢᠨ ᠲᠤᠯᠠᠳᠠ ᠫᠣᠯᠢᠮᠧᠷᠠᠽ ᠨᠢ ᠭᠸᠨ ᠦ ᠫᠷᠣᠮᠣᠦ᠋ᠲᠡᠷ ᠬᠡᠰᠡᠭ ᠢ ᠲᠠᠨᠢᠵᠤ᠂ ᠲᠡᠭᠦᠨ ᠲᠡᠢ ᠬᠣᠯᠪᠣᠭᠳᠠᠳᠠᠭ᠃ ᠭᠸᠨ ᠦ ᠲᠣᠬᠢᠷᠠᠭᠤᠯᠭ᠎ᠠ ᠶᠢᠨ ᠦᠨᠳᠦᠰᠦᠨ ᠮᠧᠬᠠᠨᠢᠰᠮ ᠨᠢ: a) ᠫᠷᠣᠮᠣᠦ᠋ᠲᠡᠷ ᠬᠡᠰᠡᠭ ᠢ ᠬᠠᠭᠠᠬᠤ (ᠪᠯᠣᠺᠯᠬᠤ) ᠡᠰᠡᠪᠡᠯ ᠲᠤᠰᠠᠭᠠᠷᠯᠠᠬᠤ ᠳᠤ ᠣᠷᠣᠰᠢᠨ᠎ᠠ; ᠪ) ᠳᠠᠷᠤᠩᠭᠤᠶᠢᠯᠠᠭᠴᠢ (ᠷᠧᠫᠷᠧᠰᠰᠣᠷ) ᠮᠣᠯᠧᠺᠤᠯ ᠢ ᠨᠢᠭᠲᠠᠴᠠ ᠬᠣᠯᠪᠣᠵᠤ᠂ ᠤᠭ ᠮᠣᠯᠧᠺᠤᠯ ᠨᠢ ᠹᠢᠽᠢᠺ ᠲᠥᠪᠰᠢᠨ ᠳᠦ ᠫᠣᠯᠢᠮᠧᠷᠠᠰ ᠢ ᠪᠯᠣᠺᠯᠠᠬᠤ ᠳᠤ ᠣᠷᠣᠰᠢᠨ᠎ᠠ; ᠸ) ᠫᠷᠣᠮᠣᠦ᠋ᠲᠡᠷ ᠬᠡᠰᠡᠭ ᠲᠦ ᠬᠠᠨᠳᠤᠬᠤ ᠪᠣᠯᠤᠮᠵᠢ ᠦᠭᠡᠢ ᠪᠡᠷ ᠳᠧᠽᠣᠺᠰᠢᠷᠢᠪᠨᠢᠺᠯᠧᠢᠨ ᠦ ᠬᠦᠴᠢᠯ ᠢ ᠵᠣᠬᠢᠶᠠᠨ ᠪᠠᠭᠣᠭᠤᠯᠬᠤ ᠳᠤ ᠣᠷᠣᠰᠢᠨ᠎ᠠ᠃

ᠫᠷᠣᠺᠠᠷᠢᠭ᠎ᠠ ᠳᠤ ᠦᠳ ᠤᠨ ᠬᠤᠪᠢ ᠳᠤ ᠲᠷᠠᠨᠰᠺᠷᠢᠫᠴ ᠨᠢ ᠴᠢᠲ᠋ᠣᠫᠯᠠᠽᠮ ᠳᠤ ᠶᠠᠪᠤᠭᠳᠠᠳᠠᠭ᠃ ᠮᠠᠰᠢ ᠤᠷᠲᠤ ᠲᠷᠠᠨᠰᠺᠷᠢᠫᠴᠡ ᠶᠢᠨ ᠦᠶ᠎ᠡ ᠳᠦ᠂ ᠷᠢᠪᠨᠢᠺᠯᠧᠢ ᠶᠢᠨ ᠬᠦᠴᠢᠯ ᠦᠨ 3' ᠲᠡᠭᠦᠰᠬᠡᠯ ᠦᠨ ᠲᠷᠠᠨᠰᠺᠷᠢᠫᠴ ᠳᠠᠭᠤᠰᠤᠭ᠎ᠠ ᠦᠭᠡᠢ ᠪᠠᠶᠢᠬᠤ ᠳᠤ᠂ 5' ᠲᠡᠭᠦᠰᠬᠡᠯ ᠡᠴᠡ ᠲᠷᠠᠨᠰᠯᠶᠠᠼ ᠨᠢ ᠡᠬᠢᠯᠡᠬᠦ ᠪᠣᠯᠤᠮᠵᠢ ᠲᠠᠢ᠃ ᠡᠤᠶᠢᠷᠶᠣᠲ᠋ ᠦᠳ ᠤᠨ ᠬᠤᠪᠢ ᠳᠤ ᠲᠷᠠᠨᠰᠺᠷᠢᠫᠴ ᠨᠢ ᠡᠰ ᠦᠨ ᠴᠥᠮ ᠳᠣᠲᠣᠷ᠎ᠠ ᠶᠠᠪᠤᠭᠳᠠᠳᠠᠭ ᠪᠠ ᠲᠡᠨᠳᠡ ᠡᠰ ᠦᠨ ᠳᠧᠽᠣᠺᠰᠢᠷᠢᠪᠨᠢᠺᠯᠧᠢᠨ ᠦ ᠬᠦᠴᠢᠯ ᠨᠢ ᠲᠤᠰᠠᠭᠠᠷᠯᠠᠭᠳᠠᠭᠰᠠᠨ ᠪᠠᠶᠢᠳᠠᠭ᠃ ᠫᠣᠯᠢᠮᠧᠷᠠᠽᠢ ᠶᠢᠨ ᠡᠭᠦᠰᠬᠡᠭᠰᠡᠨ ᠷᠢᠪᠨᠢᠺᠯᠧᠢ ᠶᠢᠨ ᠬᠦᠴᠢᠯ ᠦᠨ ᠮᠣᠯᠧᠺᠤᠯ ᠢ ᠠᠩᠬᠠᠨ ᠤ ᠲᠷᠠᠨᠰᠺᠷᠢᠫ ᠲᠦ ᠭᠡᠵᠦ ᠨᠡᠷᠡᠯᠡᠳᠡᠭ ᠪᠥᠭᠡᠳ᠂ ᠡᠨᠡ ᠨᠢ ᠴᠢᠲ᠋ᠣᠫᠯᠠᠽᠮᠯᠠᠭᠤ ᠣᠷᠣᠵᠤ ᠲᠷᠠᠨᠰᠯᠢᠴᠠᠯᠭᠠᠬᠤ ᠠᠴᠠ ᠡᠮᠦᠨ᠎ᠡ ᠲᠷᠠᠨᠰᠺᠷᠢᠫᠴᠡ ᠶᠢᠨ ᠳᠠᠷᠠᠭᠠᠬᠢ ᠰᠠᠶᠢᠵᠢᠷᠠᠭᠤᠯᠤᠯᠲᠠᠠᠳᠠ ᠤᠷᠤᠬᠤ ᠶᠣᠰᠣᠲᠠᠢ᠃ ᠲᠷᠠᠨᠰᠺᠷᠢᠫᠴᠡᠯᠡᠭᠳᠡᠭᠰᠡᠨ ᠬᠡᠰᠡᠭ ᠲᠦ ᠣᠷᠣᠰᠢᠵᠤ ᠪᠤᠢ ᠢᠩᠲᠷᠣᠨ ᠨᠤᠭᠤᠳ ᠤᠨ ᠰᠫᠯᠠᠶᠢᠰᠢᠩ ᠢ (ᠬᠣᠯᠪᠣᠯᠲᠠ) ᠨᠢ ᠡᠦᠺᠠᠷᠢᠶᠠᠲᠤ ᠨᠤᠭᠤᠳ ᠤᠨ ᠬᠤᠪᠢ ᠳᠤ ᠥᠪᠡᠷᠮᠢᠴᠡ ᠥᠭᠡᠷᠡᠴᠢᠯᠡᠯᠲᠡ (ᠮᠣᠳᠣᠹᠢᠺᠠᠼᠢ) ᠶᠤᠮ᠃ ᠠᠯᠲ᠋ᠧᠷᠨᠠᠲ᠋ᠢᠸ ᠰᠫᠯᠠᠶᠢᠰᠢᠩ ᠢᠡᠶᠢᠨ (ᠥᠪᠡᠷ ᠥᠪᠡᠷ ᠬᠣᠯᠪᠣᠯᠲᠠ ᠶᠢᠨ) ᠮᠧᠬᠠᠨᠢᠰᠮ ᠤᠳ ᠨᠢ ᠨᠢᠭᠡ ᠭᠧᠨ ᠡᠴᠡ ᠥᠪᠡᠷ ᠥᠪᠡᠷ ᠳᠠᠷᠠᠭᠠᠯᠠᠯ ᠲᠠᠢ ᠲᠷᠠᠨᠰᠺᠷᠢᠫᠼ ᠤᠳ ᠢ ᠡᠭᠦᠰᠬᠡᠳᠡᠭ ᠪᠠ ᠡᠳᠡᠭᠡᠷ ᠨᠢ ᠥᠪᠡᠷ ᠥᠪᠡᠷ ᠤᠷᠭ᠎ᠠ ᠶᠢ ᠺᠣᠳᠣᠴᠢᠯᠠᠳᠠᠭ᠃ ᠡᠨᠡ ᠨᠢ ᠡᠤᠶᠢᠷᠶᠣᠲ᠋ ᠡᠰ ᠦᠨ ᠴᠢᠬᠤᠯᠠ ᠲᠤᠬᠢᠷᠠᠭᠤᠯᠬᠤ ᠬᠡᠯᠪᠡᠷᠢ ᠶᠤᠮ᠃

ᠲᠷᠠᠨᠰᠯᠶᠠᠼ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠣᠯᠪᠠᠰᠤᠷᠠᠭᠰᠠᠨ ᠮᠷᠩᠬ (mRNA) ᠮᠣᠯᠧᠺᠤᠯ ᠢ ᠵᠠᠭᠪᠤᠷ ᠪᠣᠯᠭᠠᠨ ᠠᠰᠢᠭᠯᠠᠵᠤ ᠰᠢᠨ᠎ᠡ ᠤᠭᠤᠷᠠᠭ ᠡᠭᠦᠰᠭᠡᠬᠦ ᠶᠠᠪᠤᠴᠠ ᠢ ᠲᠷᠠᠨᠰᠯᠶᠠᠼ ᠭᠡᠳᠡᠭ᠃ ᠲᠷᠠᠨᠰᠯᠶᠠᠼ ᠨᠢ ᠷᠢᠪᠣᠰᠤᠮ᠎ᠠ ᠦᠳ ᠢᠶᠠᠷ ᠭᠦᠢᠴᠡᠳᠬᠡᠭᠳᠡᠳᠡᠭ᠃ ᠷᠢᠪᠣᠰᠤᠮ᠎ᠠ ᠨᠤᠭᠤᠳ ᠨᠢ ᠷᠢᠪᠨᠢᠺᠯᠧᠢ ᠶᠢᠨ ᠬᠦᠴᠢᠯ ᠪᠠ ᠤᠭᠤᠷᠠᠭ ᠠᠴᠠ ᠪᠦᠷᠢᠳᠦᠭᠰᠡᠨ ᠲᠣᠮᠣ ᠴᠣᠭᠴᠠᠯᠠᠪᠤᠷᠢ ᠪᠥᠭᠡᠳ᠂ ᠲᠣᠮᠣᠷᠴᠢ ᠪᠠᠶᠢᠭ᠎ᠠ ᠫᠣᠯᠢᠫᠧᠫᠲ᠋ᠢᠳ᠋ ᠍ ᠤᠨ ᠬᠡᠯᠬᠢᠶ᠎ᠡᠨᠳ ᠰᠢᠨ᠎ᠡ ᠠᠮᠢᠨ ᠬᠦᠴᠦᠯᠡ ᠵᠠᠯᠭᠠᠬᠤ ᠵᠠᠮ ᠢᠶᠠᠷ ᠫᠧᠫᠲ᠋ᠢᠳ᠋ ᠍ ᠤᠨ ᠬᠣᠯᠪᠣᠭ᠎ᠠ ᠶᠢ ᠡᠭᠦᠰᠬᠡᠳᠡᠭ ᠬᠢᠮᠢ ᠶᠢᠨ ᠤᠷᠪᠠᠯ ᠍ ᠢ ᠬᠠᠷᠢᠭᠤᠴᠠᠳᠠᠭ᠃ ᠭᠸᠨ ᠦ ᠺᠣᠳᠣᠴᠢᠯᠠᠯ ᠨᠢ ᠭᠤᠷᠪᠠᠨ ᠨᠢᠺᠯᠧᠣᠳᠲᠢ ᠳᠤᠡ ᠡᠴᠡ ᠪᠥᠷᠢᠳᠬᠦ ᠺᠣᠳᠣᠨ ᠦᠳ ᠠᠴᠠ ᠲᠣᠭᠲᠠᠬᠤ ᠪᠠ ᠵᠥᠭᠡᠭᠡᠭᠴᠢ ᠷᠢᠪᠨᠢᠺᠯᠧᠢ ᠶᠢᠨ ᠬᠦᠴᠢᠯ (tRNA) ᠭᠡᠵᠦ ᠨᠡᠷᠡᠯᠡᠭᠳᠡᠳᠡᠭ ᠲᠤᠰᠬᠠᠢ ᠷᠢᠪᠨᠢᠺᠯᠧᠢ ᠶᠢᠨ ᠬᠦᠴᠢᠯ ᠦᠨ ᠲᠤᠰᠠᠯᠠᠮᠵᠢ ᠲᠠᠢ ᠪᠠᠷ (ᠨᠢᠭᠡ ᠤᠳᠠᠭ᠎ᠠ ᠳᠤ 1 ᠺᠣᠳᠣᠨ ᠪᠤᠶᠤ 3 ᠨᠢᠺᠯᠶᠣᠲ᠋ᠢᠳ᠋) ᠤᠩᠰᠢᠭᠳᠠᠳᠠᠭ᠃ ᠵᠥᠭᠡᠭᠡᠭᠴᠢ ᠷᠢᠪᠨᠢᠺᠯᠧᠢ ᠶᠢᠨ ᠬᠦᠴᠢᠯ ᠪᠣᠯᠭᠠᠨ᠂ ᠤᠩᠰᠢᠵᠤ ᠪᠠᠶᠢᠭ᠎ᠠ ᠺᠣᠳᠣᠨ ᠢ ᠨᠥᠬᠥᠵᠦ ᠥᠭᠳᠡᠭ ᠭᠤᠷᠪᠠᠨ ᠬᠣᠣᠰᠯᠠᠭ᠎ᠠ ᠦᠭᠡᠢ ᠰᠠᠭᠤᠷᠢ ᠲᠠᠢ ᠪᠠᠶᠢᠳᠠᠭ ᠪᠠ ᠲᠡᠳᠡᠭᠡᠷ ᠢ ᠠᠨᠲ᠋ᠢᠺᠣᠳᠣᠨ ᠭᠡᠳᠡᠭ᠃ ᠵᠥᠭᠡᠭᠡᠭᠴᠢ ᠷᠢᠪᠨᠢᠺᠯᠧᠢ ᠶᠢᠨ ᠬᠦᠴᠢᠯ ᠨᠢ ᠮᠥᠨ ᠠᠮᠢᠨ ᠬᠦᠴᠦᠯᠡᠲᠡᠢ ᠺᠣᠸᠠᠯᠧᠨᠲ ᠬᠣᠯᠪᠣᠭ᠎ᠠ ᠶᠢ ᠢᠶᠠᠷ ᠬᠣᠯᠪᠣᠭᠳᠠᠭᠰᠠᠨ ᠪᠠᠶᠢᠳᠠᠭ᠃ ᠵᠥᠭᠡᠭᠡᠭᠴᠢ ᠷᠢᠪᠨᠢᠺᠯᠧᠢ ᠶᠢᠨ ᠬᠦᠴᠢᠯ ᠨᠢ ᠮᠧᠰᠰᠧᠨᠵᠧᠷ ᠷᠢᠪᠨᠢᠺᠯᠧᠢ ᠶᠢᠨ ᠬᠦᠴᠢᠯ ᠬᠡᠯᠬᠢᠶᠡᠨ ᠳᠦ ᠤᠷᠤᠰᠢᠬᠤ ᠺᠣᠳᠣᠨ ᠲᠠᠢ ᠨᠢᠭᠡᠳᠬᠦ ᠳᠦ᠂ ᠷᠢᠪᠣᠰᠤᠮ᠎ᠠ ᠯᠢᠭᠠᠲᠤ ᠨᠤᠭᠤᠳ ᠨᠢ ᠥᠪᠡᠷ ᠦᠨ ᠠᠮᠢᠨ ᠬᠦᠴᠢᠯ ᠢ ᠰᠢᠨ᠎ᠡ ᠫᠣᠯᠢᠫᠧᠫᠲ᠋ᠢᠳ ᠦᠨ ᠬᠡᠯᠬᠢᠶ᠎ᠡ ᠷᠦᠦ ᠲᠡᠭᠡᠭᠡᠪᠦᠷᠢᠯᠡᠳᠡᠭ᠃ ᠡᠨᠡ ᠨᠢ ᠰᠢᠨ᠎ᠡ ᠫᠣᠯᠢᠫᠢᠫᠲ᠋ᠢᠳ᠋ ᠍ ᠤᠨ ᠬᠡᠯᠬᠢᠶ᠎ᠡ ᠨᠡᠶᠢᠯᠡᠭᠵᠢᠭᠦᠯᠳᠡᠭ᠃ ᠰᠢᠨ᠎ᠡ ᠤᠭᠤᠷᠠᠭ᠂ ᠡᠰᠡᠡᠶᠢᠨ ᠡᠭᠦᠷᠭᠡ ᠭᠦᠢᠴᠡᠳᠭᠡᠵᠦ ᠡᠬᠢᠯᠡᠬᠦ ᠡᠴᠡ ᠡᠮᠦᠨ᠎ᠡ᠂ ᠡᠭᠦᠰᠴᠦ ᠪᠠᠶᠢᠬᠤ ᠦᠶᠡᠳᠡᠭᠡ ᠪᠣᠯᠤᠨ ᠡᠭᠦᠰᠦᠭᠰᠡᠨ ᠦ ᠳᠠᠷᠠᠭ᠎ᠠ ᠥᠪᠡᠷ ᠦᠨ ᠢᠳᠡᠪᠬᠢᠲᠡᠢ ᠭᠤᠷᠪᠠᠨ ᠬᠡᠮᠵᠢᠶᠡᠰᠦ ᠳᠦ ᠬᠡᠯᠪᠡᠷᠢ ᠳᠦ ᠰᠢᠯᠵᠢᠨ᠎ᠡ᠃

ᠳᠧᠽᠣᠺᠰᠢᠷᠢᠪᠨᠢᠺᠯᠧᠢᠨ ᠦ ᠬᠦᠴᠢᠯ ᠷᠧᠫᠯᠢᠺᠠᠼ (ᠬᠠᠭᠤᠯᠪᠤᠷᠢᠯᠠᠯᠲᠠ) ᠪᠣᠯᠤᠨ ᠤᠳᠤᠮᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠭᠠᠨᠢᠰᠮ ᠤᠨ ᠥᠰᠦᠯᠲᠡ᠂ ᠬᠥᠭᠵᠢᠯ ᠪᠠ ᠦᠷᠡᠵᠢᠯ ᠨᠢ ᠡᠰ ᠦᠨ ᠬᠤᠪᠢᠶᠠᠭᠳᠠᠯ ᠳᠡᠭᠡᠷ᠎ᠡ ᠰᠠᠭᠤᠷᠢᠯᠠᠳᠠᠭ᠃ ᠥᠭᠡᠷ᠎ᠡ ᠪᠡᠷ ᠬᠡᠯᠡᠪᠡᠯ ᠨᠢᠭᠡ ᠡᠰ ᠬᠣᠶᠠᠷ ᠶᠡᠬᠡᠪᠴᠢᠯᠡᠨ ᠢᠵᠢᠯ ᠥᠬᠢᠨ ᠡᠰ ᠪᠣᠯᠤᠨ ᠬᠤᠪᠢᠶᠠᠭᠳᠠᠬᠤ ᠶᠠᠪᠤᠴᠠᠣ ᠠᠴᠠ ᠬᠠᠮᠢᠶᠠᠷᠤᠯ ᠲᠠᠢ ᠪᠠᠶᠢᠳᠠᠭ᠃ ᠶᠠᠪᠤᠴᠠ ᠨᠢ᠂ ᠶᠠᠭᠤᠨ ᠤ ᠡᠮᠦᠨ᠎ᠡ ᠳᠧᠽᠣᠺᠰᠢᠷᠢᠪᠨᠢᠺᠯᠧᠢᠨ ᠦ ᠬᠦᠴᠢᠯ ᠷᠧᠫᠯᠢᠺᠠᠼ ᠭᠡᠵᠦ ᠨᠡᠷᠡᠯᠡᠭᠳᠡᠬᠦ ᠶᠠᠪᠤᠴᠠ ᠢᠶᠠᠷ ᠭᠧᠨᠠᠮ ᠳᠠᠬᠢ ᠪᠦᠬᠦ ᠭᠸᠨ ᠦ ᠬᠠᠭᠤᠯᠪᠤᠷᠢᠯᠠᠬᠤ ᠶᠢ ᠱᠠᠭᠠᠷᠳᠠᠳᠠᠭ᠃ ᠬᠠᠭᠤᠯᠪᠤᠷᠢ ᠨᠤᠭᠤᠳ ᠨᠢ ᠳᠧᠽᠣᠺᠰᠢᠷᠢᠪᠨᠢᠺᠯᠧᠢᠨ ᠦ ᠬᠦᠴᠢᠯ ᠫᠣᠯᠢᠮᠧᠷᠠᠽ ᠭᠡᠳᠡᠭ ᠲᠤᠰᠬᠠᠢ ᠢᠰᠭᠡᠬᠦᠷᠡᠭᠡᠷᠡ ᠬᠢᠭᠳᠡᠳᠡᠭ᠃ ᠳᠧᠽᠣᠺᠰᠢᠷᠢᠪᠨᠢᠺᠯᠧᠢᠨ ᠦ ᠬᠦᠴᠢᠯ ᠫᠣᠯᠢᠮᠧᠷᠠᠽ ᠨᠢ ᠵᠠᠭᠪᠤᠷ ᠬᠡᠯᠬᠢᠶ᠎ᠡ ᠪᠣᠯᠬᠤ ᠬᠣᠣᠰ ᠳᠧᠽᠣᠺᠰᠢᠷᠢᠪᠨᠢᠺᠯᠧᠢᠨ ᠦ ᠬᠦᠴᠢᠯ ᠰᠫᠢᠷᠠᠯᠢ ᠶᠢᠨ ᠨᠢᠭᠡ ᠶᠢ ᠨᠢ ᠤᠩᠰᠢᠵᠤ ᠲᠡᠭᠦᠨ ᠡᠴᠡ ᠰᠢᠨ᠎ᠡ ᠡᠰᠡᠷᠬᠦ ᠬᠡᠯᠬᠢᠶ᠎ᠡ ᠶᠢ ᠨᠢ ᠨᠡᠶᠢᠯᠡᠭᠵᠢᠭᠦᠯᠳᠡᠭ᠃ ᠤᠴᠢᠷ ᠨᠢ᠂ ᠬᠣᠣᠰᠳᠧᠽᠣᠺᠰᠢᠷᠢᠪᠨᠢᠺᠯᠧᠢᠨ ᠦ ᠬᠦᠴᠢᠯ ᠰᠫᠢᠷᠠᠯᠢ ᠶᠢᠨ ᠬᠡᠯᠬᠢᠶ᠎ᠡ ᠨᠦᠭᠦᠳ ᠨᠢ ᠬᠣᠭᠣᠷᠣᠨᠳᠣ ᠪᠠᠨ ᠰᠠᠭᠤᠷᠢ ᠬᠤᠤᠰᠯᠠᠬᠤ ᠬᠣᠯᠪᠣᠭ᠎ᠠ ᠶᠢ ᠢᠶᠠᠷ ᠬᠣᠯᠪᠣᠭᠳᠠᠭᠰᠠᠨ ᠪᠠᠶᠢᠳᠠᠭ ᠤᠴᠢᠷ ᠨᠢᠭᠡ ᠬᠡᠯᠬᠢᠶ᠎ᠡ ᠨᠢ ᠨᠥᠭᠥᠭᠡ ᠪᠡᠨ ᠲᠣᠳᠣᠷᠬᠠᠶᠢᠯᠠᠳᠠᠭ᠃ ᠡᠶᠢᠮᠦ ᠡᠴᠡ ᠢᠰᠭᠡᠬᠦᠷ ᠨᠢ ᠬᠣᠣᠰ ᠬᠡᠯᠬᠢᠶᠡᠨ ᠦ ᠨᠢᠭᠡ ᠶᠢ ᠨᠢ ᠯᠠ ᠤᠩᠰᠢᠬᠤ ᠳᠤ ᠪᠠᠲᠤᠯᠠᠭ᠎ᠠ ᠲᠠᠢ ᠬᠠᠭᠤᠯᠪᠤᠷᠢ ᠬᠢᠬᠦ ᠳᠦ ᠬᠠᠩᠭᠠᠯᠲᠠ ᠲᠠᠢ ᠪᠠᠶᠢᠳᠠᠭ᠃ ᠳᠧᠽᠣᠺᠰᠢᠷᠢᠪᠨᠢᠺᠯᠧᠢᠨ ᠦ ᠬᠦᠴᠢᠯ ᠷᠧᠫᠯᠢᠺᠠᠼ ᠨᠢ ᠬᠠᠭᠠᠰ ᠺᠣᠨᠰᠧᠷᠠᠸᠠᠲ᠋ᠢᠸ ᠶᠠᠪᠤᠴᠠ ᠶᠤᠮ᠃ ᠥᠭᠡᠷ᠎ᠡ ᠪᠡᠷ ᠬᠡᠯᠡᠪᠡᠯ᠂ ᠥᠬᠢᠨ ᠡᠰᠡ ᠪᠦᠷᠢ ᠡᠴᠡ ᠤᠳᠤᠮᠰᠢᠭᠰᠠᠨ ᠭᠧᠨᠠᠮ ᠤᠨ ᠬᠠᠭᠤᠯᠪᠤᠷᠢ ᠨᠢ ᠨᠢᠭᠡ ᠡᠬᠢ ᠬᠤᠪᠢ᠂ ᠨᠢᠭᠡ ᠰᠢᠨ᠎ᠡ ᠪᠡᠷ ᠨᠡᠶᠢᠯᠡᠭᠵᠢᠭᠰᠡᠨ ᠬᠠᠭᠤᠯᠪᠤᠷᠢ ᠳᠧᠽᠣᠺᠰᠢᠷᠢᠪᠨᠢᠺᠯᠧᠢᠨ ᠦ ᠬᠦᠴᠢᠯ ᠤᠨ ᠬᠡᠯᠬᠢᠶ᠎ᠡ ᠲᠡᠢ ᠪᠠᠶᠢᠳᠠᠭ᠃[10]

ᠳᠧᠽᠣᠺᠰᠢᠷᠢᠪᠨᠢᠺᠯᠧᠢᠨ ᠦ ᠬᠦᠴᠢᠯ ᠷᠧᠫᠯᠢᠺᠶᠠᠴᠢ ᠳᠠᠭᠤᠰᠤᠭᠰᠠᠨ ᠤ ᠳᠠᠷᠠᠭ᠎ᠠ᠂ ᠡᠰ ᠨᠢ ᠡᠭᠦᠰᠦᠭᠰᠡᠨ ᠬᠣᠶᠠᠷ ᠭᠧᠨᠠᠮ ᠤᠨ ᠬᠠᠭᠤᠯᠪᠤᠷᠢ ᠶᠢ ᠬᠣᠶᠠᠷ ᠲᠤᠰ ᠲᠤ ᠪᠠᠨ ᠮᠸᠠᠮᠪᠷᠠᠨ ᠢᠶᠠᠷ ᠪᠦᠷᠬᠦᠭᠳᠡᠭᠰᠡᠨ ᠡᠰ ᠪᠣᠯᠭᠠᠨ ᠰᠠᠯᠭᠠᠬᠤ ᠶᠣᠰᠣᠲᠠᠢ᠃ ᠫᠷᠣᠺᠠᠷᠢᠭ᠎ᠠ ᠳᠤ ᠦᠳ ᠤᠨ ᠬᠤᠪᠢ ᠳᠤ (ᠪᠠᠺᠲ᠋ᠧᠷᠢ ᠪᠣᠯᠤᠨ ᠠᠷᠬᠧᠪᠠᠺᠲ᠋ᠧᠷᠢ) ᠡᠨᠡ ᠨᠢ ᠪᠢᠨᠠᠷ ᠬᠤᠪᠢᠶᠠᠭᠳᠠᠯ ᠭᠡᠳᠡᠭ ᠬᠠᠷᠢᠴᠠᠩᠭᠤᠢ ᠬᠢᠯᠪᠠᠷ ᠶᠠᠪᠤᠴᠠ ᠤᠨ ᠳᠠᠭᠠᠤ ᠶᠠᠪᠤᠭᠳᠠᠳᠠᠭ (ᠳᠤᠭᠤᠢ ᠭᠧᠨᠠᠮ ᠪᠦᠷ ᠡᠰ ᠦᠨ ᠮᠸᠠᠮᠪᠷᠠᠨ ᠳᠤ ᠪᠡᠬᠢᠯᠡᠭᠳᠡᠵᠦ ᠪᠠᠶᠢᠭᠠᠳ᠂ ᠮᠸᠠᠮᠪᠷᠠᠨ ᠨᠢ ᠴᠢᠲ᠋ᠣᠫᠯᠠᠽᠮ ᠍ ᠢ ᠬᠣᠶᠠᠷ ᠮᠸᠠᠮᠪᠷᠠᠨ ᠢᠶᠠᠷ ᠪᠦᠷᠬᠦᠭᠳᠡᠭᠰᠡᠨ ᠬᠡᠰᠡᠭ ᠪᠣᠯᠭᠠᠬᠤ ᠪᠠᠷ ᠨᠡᠭᠡᠭᠡᠭᠳᠡᠬᠦ ᠦᠶ᠎ᠡ ᠳᠦ ᠥᠬᠢᠨ ᠡᠰᠡ ᠷᠦᠦ ᠣᠷᠣᠳᠠᠭ). ᠪᠢᠨᠠᠷ ᠬᠤᠪᠢᠶᠠᠭᠳᠠᠯ ᠨᠢ ᠡᠤᠶᠢᠷᠶᠣᠲ᠋ ᠦᠳ ᠳᠠᠬᠢ ᠡᠰ ᠦᠨ ᠬᠤᠪᠢᠶᠠᠭᠳᠠᠯᠲᠠᠢ ᠬᠠᠷᠢᠴᠠᠭᠤᠯᠬᠤ ᠳᠤ ᠠᠰᠤᠷᠤ ᠬᠤᠷᠳᠤᠨ ᠶᠤᠮ᠃ ᠡᠤᠶᠢᠷᠶᠣᠲ᠋ ᠡᠰ ᠦᠨ ᠬᠤᠪᠢᠶᠠᠭᠳᠠᠯ ᠨᠢ ᠡᠰ ᠦᠨ ᠼᠢᠺᠯ ᠭᠡᠵᠦ ᠨᠡᠷᠡᠯᠡᠭᠳᠡᠳᠡᠭ ᠢᠯᠡᠭᠦᠦ ᠨᠠᠷᠢᠨ ᠶᠠᠪᠤᠴᠠ ᠶᠤᠮ᠃ ᠳᠧᠽᠣᠺᠰᠢᠷᠢᠪᠨᠢᠺᠯᠧᠢᠨ ᠦ ᠬᠦᠴᠢᠯ ᠦᠨ ᠷᠧᠫᠯᠢᠺᠶᠠᠴᠢ ᠨᠢ ᠡᠨᠡ ᠼᠢᠺᠯᠢ ᠶᠢᠨ ЭС ᠦᠶ᠎ᠡ ᠱᠠᠲᠤ ᠭᠡᠳᠡᠭ ᠦᠶ᠎ᠡ ᠳᠦ ᠶᠠᠪᠤᠭᠳᠠᠳᠠᠭ ᠪᠣᠯ᠂ ᠾᠷᠣᠮᠣᠰᠤᠮ᠎ᠠ ᠍ ᠤᠨ ᠵᠠᠳᠠᠷᠠᠬᠤ ᠶᠠᠪᠤᠴᠠ ᠪᠣᠯᠤᠨ ᠴᠢᠲ᠋ᠣᠫᠯᠠᠽᠮ ᠍ ᠤᠨ ᠬᠤᠪᠢᠶᠠᠭᠳᠠᠯ ᠨᠢ ᠡᠷᠡᠭᠦᠯ ᠮᠡᠨᠳᠦ ᠦᠶ᠎ᠡ ᠱᠠᠲᠤᠠᠳᠠ ᠶᠠᠪᠤᠭᠳᠠᠳᠠᠭ᠃ ᠶᠡᠬᠡᠩᠬᠢ ᠨᠢᠭᠡ ᠡᠰ ᠲᠦ ᠡᠤᠶᠢᠷᠶᠣᠲ᠋ᠠᠭᠤᠲᠤ ᠳᠤ (ᠳᠷᠣᠵᠵ ᠮᠡᠲᠦ ᠶᠢᠨ) ᠨᠠᠬᠢᠶᠠᠯᠠᠵᠤ ᠦᠷᠡᠵᠢᠬᠦ ᠶᠠᠪᠤᠳᠠᠯ ᠨᠢ ᠡᠩ ᠦᠨ ᠦᠵᠡᠭᠳᠡᠯ  ᠪᠥᠭᠡᠳ᠂ ᠡᠭᠦᠰᠦᠭᠰᠡᠨ ᠬᠣᠶᠠᠷ ᠡᠰ ᠦᠨ ᠴᠢᠲ᠋ᠣᠫᠯᠠᠽᠮ ᠨᠢ ᠲᠡᠭᠰᠢ ᠪᠤᠰᠤ ᠬᠤᠪᠢᠶᠠᠭᠳᠠᠭᠰᠠᠨ ᠪᠠᠶᠢᠳᠠᠭ᠃

ᠮᠣᠯᠧᠺᠤᠯ ᠤᠳᠤᠮᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠯᠪᠤᠷᠢᠯᠠᠯᠲᠠ (ᠳᠤᠪᠯᠢᠺᠶᠠᠴᠢ) ᠪᠣᠯᠤᠨ ᠳᠠᠮᠵᠢᠭᠤᠯᠤᠯᠲᠠ ᠪᠠᠷ᠂ ᠭᠸᠨ ᠦ ᠮᠠᠲ᠋ᠧᠷᠢᠶᠠᠯ ᠨᠢᠭᠡ ᠡᠰ ᠡᠴᠡ ᠳᠠᠷᠠᠭ᠎ᠠ ᠶᠢᠨ ᠬᠢ ᠳᠤ ᠰᠢᠯᠵᠢᠬᠦ ᠨᠢ ᠮᠣᠯᠧᠺᠤᠯ ᠤᠳᠤᠮᠰᠢᠯ ᠤᠨ ᠦᠨᠳᠦᠰᠦ ᠪᠥᠭᠡᠳ᠂ ᠭᠸᠨ ᠦ ᠮᠣᠯᠧᠺᠤᠯ ᠤᠨ ᠪᠠ ᠰᠣᠩᠭᠣᠳᠠᠭ ᠳᠦᠷᠰᠦᠯᠡᠯ ᠦᠨ ᠬᠣᠭᠣᠷᠣᠨᠳᠣ ᠶᠢᠨ ᠬᠣᠯᠪᠣᠭ᠎ᠠ ᠶᠤᠮ᠃ ᠣᠷᠭᠠᠨᠢᠰᠮ ᠤᠳ ᠨᠢ ᠡᠴᠢᠭᠡ ᠡᠬᠡ ᠶᠢᠨ ᠢᠶᠡᠨ ᠰᠢᠨᠵᠢ ᠲᠡᠮᠳᠡᠭ ᠦᠳ ᠢ ᠠᠭᠤᠯᠠᠳᠠᠭ ᠤᠴᠢᠷ ᠨᠢ᠂ ᠦᠷ᠎ᠡ ᠲᠥᠯ ᠦᠨ ᠡᠰᠡ ᠨᠦᠭᠦᠳ ᠨᠢ ᠡᠴᠢᠭᠡ ᠡᠬᠡ ᠶᠢᠨ ᠭᠸᠨ ᠦ ᠬᠠᠭᠤᠯᠪᠤᠷᠢ ᠶᠢ ᠠᠭᠤᠯᠳᠠᠭ ᠲᠤ ᠣᠷᠣᠰᠢᠨ᠎ᠠ᠃ ᠪᠡᠯᠭᠡ ᠶᠢᠨ ᠪᠤᠰᠤ ᠦᠷᠡᠵᠢᠯᠲᠡᠢ ᠣᠷᠭᠠᠨᠢᠰᠮ ᠤᠳ ᠤᠨ ᠦᠷ᠎ᠡ ᠲᠥᠯ ᠨᠢ ᠡᠬᠡ ᠣᠷᠭᠠᠨᠢᠰᠮ ᠤᠨ ᠭᠧᠨᠧᠲ᠋ᠢᠭ ᠬᠠᠭᠤᠯᠪᠤᠷᠢ ᠡᠰᠡᠪᠡᠯ ᠺᠯᠣᠨ ᠪᠠᠶᠢᠳᠠᠭ᠃ ᠪᠡᠯᠭᠡ ᠶᠢᠨ ᠦᠷᠡᠵᠢᠯ ᠢᠶᠡᠷ ᠦᠷᠡᠵᠢᠳᠡᠭ ᠣᠷᠭᠠᠨᠢᠰᠮ ᠤᠳ ᠨᠢ ᠮᠧᠢᠣᠽ ᠭᠡᠵᠦ ᠨᠡᠷᠡᠯᠡᠭᠳᠡᠳᠡᠭ ᠡᠰ ᠦᠨ ᠬᠤᠪᠢᠶᠠᠭᠳᠠᠯ ᠤᠨ ᠲᠤᠰᠬᠠᠢ ᠬᠤᠪᠢᠯᠪᠤᠷᠢ ᠲᠠᠢ ᠪᠠᠶᠢᠳᠠᠭ᠃ ᠡᠨᠡ ᠬᠤᠪᠢᠶᠠᠭᠳᠠᠯ ᠤᠨ ᠦᠷ᠎ᠡ ᠳ᠋ᠦᠩ ᠳᠦ ᠭᠠᠮᠧᠲ ᠦᠳ ᠪᠤᠶᠤ ᠦᠷᠡᠵᠢᠯ ᠦᠨ ᠡᠰᠡᠡᠭᠦᠳᠡ ᠡᠭᠦᠰᠳᠡᠭ᠃ ᠦᠷᠡᠵᠢᠯ ᠦᠨ ᠡᠰ ᠦᠳ ᠨᠢ ᠭᠠᠫᠯᠣᠶᠢᠳ ᠪᠤᠶᠤ ᠭᠧᠨ ᠲᠤᠰ ᠪᠦᠷᠢ ᠡᠴᠡ ᠵᠥᠪᠬᠡᠨ ᠭᠠᠭᠴᠠ ᠬᠠᠭᠤᠯᠪᠤᠷᠢ ᠶᠢ ᠠᠭᠤᠯᠠᠳᠠᠭ᠃ ᠡᠮ ᠣᠷᠭᠠᠨᠢᠰᠮ ᠠᠴᠠ ᠡᠭᠦᠰᠳᠡᠭ ᠭᠠᠮᠧᠲ ᠢ ᠥᠨᠳᠡᠭᠡᠨ ᠡᠰ ᠭᠡᠵᠦ ᠨᠡᠷᠡᠯᠡᠳᠡᠭ ᠪᠠ ᠡᠷ᠎ᠡ ᠡᠴᠡ ᠡᠭᠦᠰᠳᠡᠭ ᠭᠠᠮᠧᠲ ᠢ ᠰᠫᠧᠷᠮ ᠭᠡᠳᠡᠭ᠃ ᠬᠣᠶᠠᠷ ᠭᠠᠮᠧᠲ ᠨᠢ ᠨᠡᠶᠢᠯᠡᠭᠡᠳ ᠦᠷ᠎ᠡ ᠬᠥᠪᠦᠷᠡᠯ ᠦᠨ ᠡᠰᠡᠡᠶᠢᠭ ᠡᠭᠦᠰᠬᠡᠳᠡᠭ ᠪᠠ ᠡᠨᠡ ᠡᠰᠡ ᠨᠢ ᠳ᠋ᠢᠫᠯᠣᠶᠢᠳ᠋ ᠲᠣᠭᠠᠨ ᠤ ᠭᠧᠨ ᠢ ᠠᠭᠤᠯᠠᠳᠠᠭ (ᠡᠴᠢᠭᠡ ᠪᠣᠯᠤᠨ ᠡᠬᠡ ᠡᠴᠡ ᠢᠷᠡᠭᠰᠡᠨ ᠭᠧᠨ ᠪᠦᠷᠢ ᠶᠢᠨ ᠬᠠᠭᠤᠯᠪᠤᠷᠢ ᠨᠡᠶᠢᠯᠡᠭᠡᠳ).

ᠮᠧᠣᠲ᠋ᠢᠺ ᠡᠰ ᠦᠨ ᠬᠤᠪᠢᠶᠠᠭᠳᠠᠯ ᠤᠨ ᠦᠶ᠎ᠡ ᠳᠦ᠂ ᠭᠸᠨ ᠦ ᠷᠧᠺᠣᠮᠪᠢᠨᠠᠽᠢ ᠡᠰᠡᠪᠡᠯ ᠺᠷᠣᠰᠰ ᠣᠸᠧᠷ (ᠳᠠᠮᠵᠢᠬᠤ) ᠭᠡᠳᠡᠭ ᠨᠡᠷ᠎ᠡ ᠲᠡᠢ ᠦᠵᠡᠭᠳᠡᠯ  ᠵᠠᠷᠢᠮ ᠳᠤ ᠪᠠᠨ ᠳᠠᠭᠠᠯᠳᠤᠳᠠᠭ᠃ ᠡᠨᠡ ᠦᠵᠡᠭᠳᠡᠯ ᠢᠶᠡᠷ ᠨᠢᠭᠡ ᠾᠷᠣᠮᠠᠲ᠋ᠢᠳ᠋ ᠳᠡᠭᠡᠷ᠎ᠡ ᠪᠠᠶᠢᠭ᠎ᠠ ᠲᠣᠳᠣᠷᠬᠠᠢ ᠤᠷᠲᠤ ᠲᠠᠢ ᠳᠧᠽᠣᠺᠰᠢᠷᠢᠪᠨᠢᠺᠯᠧᠢᠨ ᠦ ᠬᠦᠴᠢᠯ ᠨᠢ ᠡᠭᠡᠴᠢ (ᠬᠠᠮᠢᠶᠠᠷᠤᠯ ᠲᠠᠢ) ᠾᠷᠣᠮᠠᠲ᠋ᠢᠳ᠋ ᠍ ᠤᠨ ᠲᠣᠳᠣᠷᠬᠠᠢ ᠤᠷᠲᠤ ᠲᠠᠢ ᠳᠧᠽᠣᠺᠰᠢᠷᠢᠪᠨᠢᠺᠯᠧᠢᠨ ᠦ ᠬᠦᠴᠢᠯ ᠪᠠᠷ ᠰᠣᠯᠢᠭᠳᠠᠳᠠᠭ᠃ ᠬᠡᠷᠪᠡ ᠾᠷᠣᠮᠠᠲ᠋ᠢᠳ᠋ ᠍ ᠤᠳ ᠳᠡᠭᠡᠷ᠎ᠡ ᠪᠠᠶᠢᠭ᠎ᠠ ᠠᠯᠧᠯ ᠦᠳ ᠨᠢ ᠠᠳᠠᠯᠢᠬᠠᠨ ᠪᠠᠶᠢᠪᠠᠯ ᠡᠨᠡ ᠶᠠᠪᠤᠴᠠ ᠶᠠᠮᠠᠷ ᠴᠤ ᠨᠥᠯᠥᠭᠡᠯᠡᠯ ᠦᠵᠡᠭᠦᠯᠳᠡᠭ ᠦᠭᠡᠢ᠂ ᠬᠠᠷᠢᠨ ᠬᠣᠯᠪᠣᠭᠳᠠᠭᠰᠠᠨ ᠠᠯᠧᠯ ᠤᠳ ᠨᠢ ᠥᠭᠡᠷ᠎ᠡ ᠥᠭᠡᠷ᠎ᠡ ᠪᠠᠶᠢᠪᠠᠯ ᠲᠡᠳᠡᠭᠡᠷ ᠦᠨ ᠪᠠᠶᠢᠷᠢᠯᠠᠯ ᠨᠢ ᠰᠣᠯᠢᠭᠳᠠᠳᠠᠭ᠃ ᠮᠧᠨᠳᠧᠯ ᠤᠨ ᠦᠯᠦ ᠬᠠᠮᠢᠶᠠᠷᠬᠤ ᠪᠠᠭᠴᠠ ᠶᠢᠨ ᠲᠤᠬᠠᠢ ᠵᠠᠷᠴᠢᠮ ᠢᠶᠠᠷ ᠪᠣᠯ᠂ ᠶᠠᠮᠠᠷ ᠴᠤ ᠰᠢᠨᠵᠢ ᠲᠡᠮᠳᠡᠭ ᠢ ᠢᠯᠡᠷᠬᠡᠶᠢᠯᠡᠬᠦ ᠡᠴᠢᠭᠡ ᠡᠬᠡ ᠶᠢᠨ ᠬᠣᠶᠠᠷ ᠭᠧᠨ ᠦᠯᠦ ᠬᠠᠮᠢᠶᠠᠷᠬᠤ ᠪᠠᠶᠢᠳᠠᠯ ᠢᠶᠠᠷ ᠭᠠᠮᠧᠲ ᠤᠷᠤᠭᠤ ᠣᠷᠣᠨ᠎ᠠ᠃ ᠣᠷᠭᠠᠨᠢᠰᠮ ᠳᠤ ᠠᠯᠢ ᠨᠢᠭᠡ ᠰᠢᠨᠵᠢ ᠲᠡᠮᠳᠡᠭ ᠢ ᠢᠯᠡᠷᠬᠡᠶᠢᠯᠡᠬᠦ ᠡᠴᠡᠬᠦ ᠡᠬᠡ ᠶᠢᠨᠠᠯᠧᠯ ᠦᠨ ᠠᠯᠢ ᠨᠢ ᠤᠳᠤᠮᠰᠢᠬᠤ ᠨᠢ᠂ ᠥᠭᠡᠷ᠎ᠡ ᠰᠢᠨᠵᠢ ᠲᠡᠮᠳᠡᠭ ᠦᠨ ᠠᠯᠢ ᠠᠯᠧᠯ ᠤᠳᠤᠮᠰᠢᠬᠤ ᠲᠠᠢ ᠬᠠᠮᠢᠶᠠᠷᠤᠯ ᠦᠭᠡᠢ ᠪᠠᠶᠢᠳᠠᠭ᠃ ᠡᠨᠡ ᠵᠠᠷᠴᠢᠮ ᠨᠢ ᠵᠥᠪᠬᠡᠨ ᠨᠢᠭᠡ ᠾᠷᠣᠮᠣᠰᠤᠮ᠎ᠠ ᠳᠡᠭᠡᠷ᠎ᠡ ᠣᠷᠣᠰᠢᠳᠠᠭ ᠦᠭᠡᠢ ᠭᠧᠨ ᠨᠦᠭᠦᠳ ᠲᠦ᠂ ᠡᠰᠡᠪᠡᠯ ᠨᠢᠭᠡ ᠾᠷᠣᠮᠣᠰᠤᠮ᠎ᠠ ᠳᠡᠭᠡᠷ᠎ᠡ ᠮᠥᠷᠲᠡᠯ᠎ᠡ ᠬᠣᠭᠣᠷᠣᠨᠳᠣ ᠪᠠᠨ ᠬᠣᠯᠠ ᠤᠷᠤᠰᠢᠬᠤ ᠭᠧᠨ ᠨᠦᠭᠦᠳ ᠦᠨ ᠬᠤᠪᠢ ᠳᠤ ᠦᠢᠯᠡᠴᠢᠯᠡᠨ᠎ᠡ᠃ ᠨᠢᠭᠡ ᠾᠷᠣᠮᠣᠰᠤᠮ᠎ᠠ ᠳᠡᠭᠡᠷ᠎ᠡ ᠭᠧᠨ ᠨᠦᠭᠦᠳ ᠣᠶᠢᠷᠠᠬᠠᠨ ᠤᠷᠤᠰᠢᠬᠤ ᠲᠤᠰᠤᠮ ᠢᠶᠠᠨ ᠭᠠᠮᠧᠲ ᠳᠡᠭᠡᠷ᠎ᠡ ᠢᠯᠡᠭᠦᠦ ᠣᠶᠢᠷ᠎ᠠ ᠪᠠᠶᠢᠷᠢᠯᠠᠵᠤ ᠴᠤᠭ ᠤᠳᠤᠮᠰᠢᠬᠤ ᠮᠠᠭᠠᠳᠯᠠᠯ ᠨᠢ ᠶᠡᠬᠡᠰᠦᠨ᠎ᠡ᠃ ᠬᠡᠲᠦ ᠣᠶᠢᠷᠠᠬᠠᠨ ᠤᠷᠤᠰᠢᠬᠤ ᠭᠧᠨ ᠨᠦᠭᠦᠳ ᠨᠢ ᠣᠭᠲᠣ ᠪᠡᠶ᠎ᠡ ᠪᠡᠶᠡᠰ ᠢᠶᠡᠨ ᠰᠠᠯᠠᠳᠠᠭ ᠦᠭᠡᠢ ᠭᠡᠵᠦ ᠬᠡᠯᠡᠵᠦ ᠪᠣᠯᠤᠨ᠎ᠠ᠃ ᠤᠴᠢᠷ ᠨᠢ᠂ ᠲᠡᠨᠳᠡ ᠺᠷᠣᠰᠰ ᠣᠸᠧᠷ ᠶᠠᠪᠤᠭᠳᠠᠬᠤ ᠪᠣᠯᠤᠮᠵᠢ ᠦᠭᠡᠢ᠃ ᠦᠨ᠎ᠡ ᠶᠢ ᠭᠸᠨ ᠦ ᠬᠣᠯᠪᠣᠭ᠎ᠠ ᠭᠡᠵᠦ ᠨᠡᠷᠡᠯᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠧᠭᠣᠷ ᠮᠧᠨᠳᠧᠯ

ᠭᠸᠨ ᠦ ᠲᠤᠬᠠᠢ ᠣᠶᠢᠯᠠᠭᠠᠯᠲᠠ[11] ᠨᠢ ᠠᠩᠬ᠎ᠠ ᠭᠷᠧᠭᠣᠷ ᠮᠧᠨᠳᠧᠯ ᠪᠢᠣᠯᠣᠭᠢ ᠶᠢᠨ ᠥᠭᠡᠷᠡᠴᠢᠯᠡᠯᠲᠡ ᠨᠦᠭᠦᠳ ᠨᠢ ᠡᠴᠢᠭᠡ ᠡᠬᠡ ᠣᠷᠭᠠᠨᠢᠰᠮ ᠠᠴᠠ ᠤᠳᠤᠮᠰᠢᠳᠠᠭ᠂ ᠲᠣᠳᠣᠷᠬᠠᠢ᠂ ᠲᠤᠰᠬᠠᠢ ᠰᠢᠨᠵᠢ ᠲᠡᠢ ᠭᠡᠳᠡᠭ ᠢ ᠠᠩᠵᠠᠭᠠᠷᠠᠭᠰᠠᠨ ᠦᠶᠡᠰ ᠡᠬᠢᠯᠡᠵᠦ᠂ ᠭᠸᠨ ᠦ ᠰᠢᠨᠵᠢᠯᠡᠬᠦ ᠤᠬᠠᠭᠠᠨ ᠲᠠᠢ ᠬᠠᠮᠲᠤ ᠬᠥᠭᠵᠢᠵᠦ ᠪᠠᠶᠢᠭ᠎ᠠ᠃ ᠰᠢᠨᠵᠢ ᠲᠡᠮᠳᠡᠭ ᠢ ᠢᠯᠡᠷᠬᠡᠶᠢᠯᠡᠳᠡᠭ ᠪᠢᠣᠯᠣᠭᠢ ᠶᠢᠨ ᠨᠡᠷᠡᠰᠢᠯ ᠢ ᠭᠧᠨ ᠭᠡᠵᠦ ᠨᠡᠯᠢᠶᠡᠳ ᠬᠣᠵᠢᠮ ᠨᠡᠷᠡᠯᠡᠬᠦ ᠪᠣᠯᠤᠭᠰᠠᠨ᠃ ᠭᠡᠪᠡᠴᠦ ᠤᠳᠤᠮᠰᠢᠯ ᠤᠨ ᠪᠢᠣᠯᠣᠭᠢ ᠶᠢᠨ ᠰᠠᠭᠤᠷᠢ ᠨᠢ 1940 ᠍ ᠊ᠭᠡᠳ ᠣᠨ ᠳᠤ ᠳᠧᠽᠣᠺᠰᠢᠷᠢᠪᠨᠢᠺᠯᠧᠢᠨ ᠦ ᠬᠦᠴᠢᠯ ᠨᠢ ᠭᠸᠨ ᠦ ᠮᠠᠲ᠋ᠧᠷᠢᠶᠠᠯ ᠭᠡᠳᠡᠭ ᠲᠣᠭᠲᠠᠭᠠᠭᠳᠠᠬᠤ ᠬᠦᠷᠲᠡᠯ᠎ᠡ ᠲᠣᠳᠣᠷᠬᠠᠢ ᠦᠭᠡᠢ ᠪᠠᠶᠢᠭᠰᠠᠨ᠃ ᠮᠧᠨᠳᠧᠯ ᠤᠨ ᠨᠡᠭᠡᠭᠡᠯᠲᠡ ᠡᠴᠡ ᠡᠮᠦᠨ᠎ᠡ "ᠡᠴᠢᠭᠡ ᠡᠬᠡ ᠶᠢᠨ ᠰᠢᠨᠵᠢ ᠨᠦᠭᠦᠳ ᠨᠢ ᠦᠷ᠎ᠡ ᠲᠥᠯ ᠳᠣᠲᠣᠷ᠎ᠠ ᠦᠷᠭᠦᠯᠵᠢᠯᠡᠨ ᠬᠣᠯᠢᠯᠳᠤᠳᠠᠭ" ᠭᠡᠳᠡᠭ ᠤᠳᠤᠮᠰᠢᠯ ᠤᠨ ᠲᠤᠬᠠᠢ ᠳᠠᠪᠠᠮᠠᠭᠠᠶᠢᠯᠠᠭᠰᠠᠨ ᠣᠨᠣᠯ ᠪᠠᠶᠢᠭᠰᠠᠨ᠃ ᠮᠧᠨᠳᠧᠯ ᠤᠨ ᠨᠡᠭᠡᠭᠡᠯᠲᠡ ᠨᠢ 1866 ᠨᠡᠶᠢᠲᠡᠯᠡᠭᠳᠡᠭᠰᠡᠨ ᠦ ᠪᠡᠨ ᠳᠠᠷᠠᠭ᠎ᠠ ᠰᠢᠭᠤᠳ ᠬᠦᠯᠢᠶᠡᠨ ᠵᠥᠪᠰᠢᠶᠡᠷᠡᠭᠳᠡᠭᠡ ᠦᠭᠡᠢ ᠪᠣᠯᠪᠠᠴᠤ᠂ ᠰᠡᠭᠦᠯ ᠳᠦ 1900 ᠣᠨ ᠳᠤ ᠬᠤᠭᠣ ᠳᠡ ᠸᠷᠢ ᠡᠴᠡᠺᠠᠷᠯ ᠺᠣᠷᠷᠧᠨᠰᠡᠷᠢᠺ ᠸᠣᠨ ᠴᠧᠷᠮᠠᠺ ᠨᠠᠷ ᠮᠧᠨᠳᠧᠯ ᠤᠨ ᠳ᠋ᠦᠩᠨᠡᠯᠲᠡ ᠲᠡᠢ ᠢᠵᠢᠯ ᠳ᠋ᠦᠩᠨᠡᠯᠲᠡ ᠳᠦ ᠬᠦᠷᠦᠭᠰᠡᠨ ᠨᠢ᠂ ᠮᠧᠨᠳᠧᠯ ᠤᠨ ᠪᠦᠲᠦᠭᠡᠯ ᠢ ᠳᠠᠬᠢᠨ ᠨᠡᠭᠡᠭᠡᠵᠦ ᠥᠭᠭᠦᠭᠰᠡᠨ ᠶᠤᠮ᠃ ᠬᠡᠳᠦᠢ ᠪᠡᠷ ᠡᠳᠡᠭᠡᠷ ᠡᠷᠳᠡᠮᠲᠡᠳ ᠦᠨ ᠳ᠋ᠦᠩᠨᠡᠯᠲᠡ ᠵᠥᠪ ᠪᠠᠶᠢᠭᠰᠠᠨ ᠴᠤ ᠲᠡᠳᠡ ᠭᠸᠨ ᠦ ᠮᠠᠲ᠋ᠧᠷᠢᠶᠠᠯ ᠣᠷᠣᠰᠢᠳᠠᠭ "ᠲᠤᠰᠬᠠᠢ ᠨᠢᠭᠡᠴᠡ" ᠍ ᠦᠨ ᠲᠤᠬᠠᠢ ᠶᠠᠮᠠᠷ ᠴᠤ ᠣᠶᠢᠯᠠᠭᠠᠯᠲᠠ ᠦᠭᠡᠢ ᠪᠠᠶᠢᠭᠰᠠᠨ᠃

ᠭᠧᠨ ᠨᠦᠭᠦᠳ ᠣᠷᠣᠰᠢᠳᠠᠭ ᠭᠡᠳᠡᠭ ᠢ ᠠᠩᠬ᠎ᠠ ᠭᠷᠧᠭᠣᠷ ᠮᠧᠨᠳᠧᠯ (1822-1884) ᠰᠠᠨᠠᠯ ᠪᠣᠯᠭᠠᠭᠰᠠᠨ ᠶᠤᠮ᠃ ᠲᠡᠷᠡ ᠪᠡᠷ 1860 ᠣᠨ ᠳᠤ ᠸᠠᠨᠳᠧᠦᠨ ᠤ (Pisum sativum) ᠲᠠᠷᠢᠶᠠᠯᠠᠩ ᠳᠡᠭᠡᠷ᠎ᠡ ᠤᠳᠤᠮᠰᠢᠯ ᠢ ᠰᠤᠳᠤᠯᠵᠤ ᠪᠠᠶᠢᠭᠰᠠᠨ ᠪᠠ ᠰᠢᠨᠵᠢ ᠲᠡᠮᠳᠡᠭ ᠢ ᠡᠴᠢᠭᠡ ᠡᠬᠡ ᠡᠴᠡ ᠦᠷ᠎ᠡ ᠲᠥᠯ ᠤᠷᠤᠭᠤ ᠳᠠᠮᠵᠢᠭᠤᠯᠳᠠᠭ ᠬᠦᠴᠦᠨ ᠦ ᠲᠠᠯ᠎ᠠ ᠪᠠᠷ ᠲᠠᠭᠠᠮᠠᠭ ᠳᠡᠪᠰᠢᠭᠦᠯᠦᠭᠰᠡᠨ᠃ ᠲᠡᠷᠡ ᠠᠮᠢᠳᠤᠷᠠᠯ ᠤᠨ ᠢᠶᠠᠨ 10 ᠭᠠᠷᠤᠢ ᠵᠢᠯ ᠢ ᠨᠢᠭᠡ ᠲᠤᠷᠰᠢᠯᠲᠠ ᠳᠤ ᠵᠠᠷᠤᠴᠠᠭᠤᠯᠤᠭᠰᠠᠨ᠃ ᠲᠡᠷᠡ ᠭᠧᠨ ᠭᠡᠳᠡᠭ ᠨᠡᠷᠡᠰᠢᠯ ᠢ ᠠᠰᠢᠭᠯᠠᠭ᠎ᠠ ᠦᠭᠡᠢ ᠴᠤ᠂ ᠥᠪᠡᠷ ᠦᠨ ᠳ᠋ᠦᠩᠨᠡᠯᠲᠡ ᠨᠦᠭᠦᠳ ᠲᠦ ᠤᠳᠤᠮᠰᠢᠳᠠᠭ ᠰᠢᠨᠵᠢ ᠲᠡᠮᠳᠡᠭ ᠦᠳ ᠭᠡᠵᠦ ᠲᠠᠶᠢᠯᠪᠤᠷᠢᠯᠠᠭᠰᠠᠨ ᠪᠠᠶᠢᠳᠠᠭ᠃ ᠮᠧᠨᠳᠧᠯ ᠮᠥᠨ᠂ ᠦᠯᠦ ᠬᠠᠮᠢᠶᠠᠷᠬᠤ ᠤᠳᠤᠮᠰᠢᠯᠳᠣᠮᠨᠠᠨ ᠳᠤ ᠪᠣᠯᠤᠨ ᠷᠧᠼᠧᠰᠰᠢᠪ ᠬᠣᠭᠣᠷᠣᠨᠳᠣ ᠶᠢᠨ ᠢᠯᠭᠠᠭ᠎ᠠ᠂ ᠭᠧᠲ᠋ᠷᠣᠽᠢᠭ᠎ᠠ ᠳᠤ ᠪᠣᠯᠤᠨ ᠭᠣᠮᠣᠽᠢᠭ᠎ᠠ ᠳᠤ ᠬᠣᠭᠣᠷᠣᠨᠳᠣ ᠶᠢᠨ ᠢᠯᠭᠠᠭ᠎ᠠ ᠪᠠ ᠬᠣᠵᠢᠮ ᠭᠧᠨᠣᠲ᠋ᠢᠫ (ᠣᠷᠭᠠᠨᠢᠰᠮ ᠤᠨ ᠭᠧᠨᠧᠲ᠋ᠢᠭ ᠮᠠᠲ᠋ᠧᠷᠢᠶᠠᠯ) ᠪᠣᠯᠤᠨ ᠹᠧᠨᠣᠲ᠋ᠢᠫ (ᠲᠤᠬᠠᠢ ᠶᠢᠨ ᠣᠷᠭᠠᠨᠢᠰᠮ ᠤᠨ ᠦᠵᠡᠭᠳᠡᠬᠦ ᠰᠢᠨᠵᠢ ᠨᠦᠭᠦᠳ) ᠬᠣᠶᠠᠷ ᠤᠨ ᠢᠯᠭᠠᠨ ᠤ ᠲᠠᠯ᠎ᠠ ᠪᠠᠷ ᠲᠠᠭᠠᠮᠠᠭ ᠤᠳ ᠤᠨ ᠳᠡᠪᠰᠢᠭᠦᠯᠦᠭᠰᠡᠨ ᠠᠩᠬᠠᠨ ᠤ ᠬᠦᠮᠦᠨ ᠪᠠᠶᠢᠭᠰᠠᠨ᠃

ᠴᠢᠷᠠᠯᠽ ᠳᠠᠷᠪᠢᠨ ᠤᠳᠤᠮᠰᠢᠯ ᠤᠨ ᠮᠢᠺᠷᠣᠰᠺᠣᠫ ᠤᠨ ᠬᠡᠮᠵᠢᠶᠡᠨ ᠦ ᠨᠢᠭᠡᠴᠡ ᠶᠢ ᠭᠧᠮᠮᠤᠯ ᠭᠡᠵᠦ ᠨᠡᠷᠡᠯᠡᠨ ᠰᠤᠳᠤᠯᠵᠤ ᠪᠠᠶᠢᠭᠰᠠᠨ ᠨᠢ ᠬᠣᠵᠢᠮ ᠾᠷᠣᠮᠣᠰᠤᠮ᠎ᠠ ᠭᠡᠵᠦ ᠨᠡᠷᠡᠯᠡᠭᠳᠡᠬᠦ ᠪᠣᠯᠤᠭᠰᠠᠨ ᠪᠠ 1848 ᠣᠨ ᠤ ᠡᠬᠢ ᠪᠡᠷ ᠸᠢᠯᠢᠭᠧᠯᠮ ᠬᠣᠹᠨᠴᠰᠲ᠋ᠧᠷ ᠡᠰ ᠦᠨ ᠬᠤᠪᠢᠶᠠᠭᠳᠠᠯ ᠤᠨ ᠦᠶ᠎ᠡ ᠪᠡᠷ ᠾᠷᠣᠮᠣᠰᠤᠮ᠎ᠠ ᠨᠤᠭᠤᠳ ᠢ ᠰᠠᠯᠵᠤ ᠪᠠᠶᠢᠬᠤ ᠶᠢ ᠠᠵᠢᠭᠡᠯᠡᠭᠰᠠᠨ᠃ ᠾᠷᠣᠮᠣᠰᠤᠮ᠎ᠠ ᠨᠤᠭᠤᠳ ᠨᠢ ᠤᠳᠤᠮᠰᠢᠯ ᠢ ᠲᠡᠭᠡᠭᠡᠪᠦᠷᠢᠯᠡᠨ ᠳᠠᠮᠵᠢᠭᠤᠯᠳᠠᠭ ᠭᠡᠳᠡᠭ ᠰᠠᠨᠠᠯ ᠢ 1883 ᠣᠨ ᠳᠤ ᠸᠢᠯᠢᠭᠧᠯᠮ ᠷᠣᠦᠺᠰ ᠳᠡᠪᠰᠢᠭᠦᠯᠦᠭᠰᠡᠨ᠃ ᠮᠥᠨ ᠳᠠᠷᠪᠢᠨ ᠫᠠᠩᠭᠧᠨᠧᠰᠢᠰ ᠭᠡᠳᠡᠭ ᠣᠶᠢᠯᠠᠭᠠᠯᠲᠠ ᠶᠢ 1868 ᠣᠨ ᠳᠤ ᠰᠢᠨ᠎ᠡ ᠪᠡᠷ ᠨᠡᠪᠲᠡᠷᠡᠭᠦᠯᠦᠭᠰᠡᠨ[12]᠃ ᠫᠠᠩᠭᠧᠨᠧᠰᠢᠰ ᠨᠢ᠂ pan ('ᠪᠦᠲᠦᠨ' ᠪᠣᠯᠤᠨ 'ᠨᠡᠶᠢᠲᠡᠯᠢᠭ') ᠭᠡᠰᠡᠨ ᠤᠭᠲᠤᠪᠤᠷᠢ ᠪᠠ genesis ('ᠲᠥᠷᠥᠯ ᠳᠦ') ᠡᠰᠡᠪᠡᠯ genos ('ᠡᠬᠡ') ᠭᠡᠳᠡᠭ ᠭᠷᠧᠺ ᠦᠭᠡᠨ ᠨᠦᠭᠦᠳ ᠡᠴᠡ ᠡᠭᠦᠰᠦᠯ ᠲᠡᠢ᠃

1889 ᠣᠨ ᠳᠤ ᠬᠶᠣᠭᠣ ᠳᠡ ᠸᠷᠢ ᠡᠴᠡ "ᠡᠰ ᠦᠨ ᠳᠣᠲᠣᠷᠠᠬᠢ ᠫᠠᠩᠭᠧᠨᠧᠰᠢᠰ" ᠭᠡᠳᠡᠭ ᠨᠣᠮ ᠳᠤ ᠪᠠᠨ ᠠᠩᠬ᠎ᠠ ᠮᠧᠨᠳᠧᠯ ᠤᠨ ᠣᠨᠣᠯ ᠳᠤ ᠨᠡᠷ᠎ᠡ ᠥᠭᠭᠦᠭᠰᠡᠨ᠃ ᠲᠡᠷᠡ ᠪᠡᠷ ᠮᠠᠭᠠᠳ ᠦᠭᠡᠢ ᠮᠧᠨᠳᠧᠯ ᠤᠨᠠᠵᠢᠯ ᠤᠨᠨ ᠲᠤᠬᠠᠢ ᠮᠡᠳᠡᠭᠡ ᠦᠭᠡᠢ ᠪᠠᠶᠢᠬᠤ ᠦᠶᠡᠳᠡᠭᠡ᠂ ᠤᠳᠤᠮᠰᠢᠳᠠᠭ ᠰᠢᠨᠵᠢ ᠶᠢᠨ ᠬᠠᠮᠤᠭ ᠤᠨ ᠪᠠᠭ᠎ᠠ ᠨᠢᠭᠡ ᠨᠢᠭᠡᠴᠡ ᠶᠢ "ᠫᠠᠩᠭᠧᠨ" ᠭᠡᠵᠦ ᠨᠡᠷᠡᠯᠡᠭᠰᠡᠨ[13]ᠳ᠋ᠠᠨᠮᠠᠷᠺ ᠍ ᠶᠢᠨ ᠤᠷᠭᠤᠮᠠᠯ ᠰᠤᠳᠤᠯᠤᠭᠠᠴᠢ ᠸᠢᠯᠢᠭᠧᠯᠮ ᠶᠣᠬᠠᠩᠰᠡᠨ 1909 ᠣᠨ ᠳᠤ ᠤᠳᠤᠮᠰᠢᠯ ᠤᠨ ᠹᠢᠽᠢᠺ ᠦᠨ ᠪᠣᠯᠤᠨ ᠦᠢᠯᠡᠳᠦᠯ ᠦᠨ ᠨᠢᠭᠡᠴᠡ ᠶᠢ "ᠭᠧᠨ" ᠭᠡᠵᠦ ᠨᠡᠷᠡᠯᠡᠨ ᠲᠠᠶᠢᠯᠪᠤᠷᠢᠯᠠᠵᠤ ᠪᠠᠶᠢᠬᠤ ᠳᠤ[14], 1905 ᠣᠨ ᠳᠤ "ᠭᠧᠨᠧᠲ᠋ᠢᠭ" ᠭᠡᠰᠡᠨ ᠭᠧᠨ ᠲᠡᠢ ᠬᠠᠮᠢᠶᠠᠷᠤᠯ ᠲᠠᠢ ᠦᠭᠡ ᠶᠢᠨ ᠠᠩᠬ᠎ᠠ ᠸᠢᠯᠢᠶᠮ ᠪᠠᠢ ᠳᠦᠭᠰᠠᠨ ᠠᠰᠢᠭᠯᠠᠭᠰᠠᠨ᠃ ᠲᠡᠷᠡ᠂ ᠤᠭ ᠣᠶᠢᠯᠠᠭᠠᠯᠲᠠ ᠶᠢ ᠬᠶᠣᠭᠣ ᠳᠡ ᠸᠷ ᠢᠶᠡᠰ ᠦᠨ "ᠫᠠᠩᠭᠧᠨ" ᠭᠡᠳᠡᠭ ᠦᠭᠡᠨ ᠡᠴᠡ ᠭᠠᠷᠭᠠᠨ ᠠᠪᠤᠭᠰᠠᠨ᠃ 19 ᠳᠦᠭᠡᠷ ᠵᠠᠭᠤᠨ ᠤ ᠡᠬᠢ ᠪᠡᠷ ᠮᠧᠨᠳᠧᠯ ᠤᠨ ᠠᠵᠢᠯ ᠨᠢ ᠡᠷᠳᠡᠮᠲᠡᠳ ᠦᠨ ᠠᠩᠬᠠᠷᠤᠯ ᠢ ᠮᠠᠰᠢ ᠶᠡᠬᠡ ᠪᠡᠷ ᠲᠠᠲᠠᠬᠤ ᠪᠣᠯᠤᠭᠰᠠᠨ᠃ 1910 ᠣᠨ ᠳᠤ ᠲᠣᠮᠠᠰ ᠬᠠᠨᠲᠠ ᠮᠣᠷᠭᠠᠨ ᠭᠧᠨ ᠨᠦᠭᠦᠳ ᠨᠢ ᠲᠣᠳᠣᠷᠬᠠᠢ ᠾᠷᠣᠮᠣᠰᠤᠮ᠎ᠠ ᠳᠡᠭᠡᠷ᠎ᠡ ᠪᠠᠶᠢᠷᠢᠯᠠᠳᠠᠭ ᠭᠡᠳᠡᠭ ᠢ ᠬᠠᠷᠠᠭᠤᠯᠤᠭᠰᠠᠨ᠃ ᠬᠣᠵᠢᠨ ᠲᠡᠷᠡ ᠪᠡᠨ ᠭᠧᠨ ᠨᠦᠭᠦᠳ ᠨᠢ ᠾᠷᠣᠮᠣᠰᠤᠮ᠎ᠠ ᠳᠡᠭᠡᠷ᠎ᠡ ᠲᠣᠳᠣᠷᠬᠠᠢ ᠪᠠᠶᠢᠷᠢᠯᠠᠯ ᠡᠵᠡᠯᠡᠳᠡᠭ ᠭᠡᠳᠡᠭ ᠢ ᠲᠣᠭᠲᠠᠭᠠᠭᠰᠠᠨ᠃ ᠡᠨᠡ ᠨᠡᠭᠡᠭᠡᠯᠲᠡ ᠪᠡᠨ ᠠᠰᠢᠭᠯᠠᠨ ᠮᠣᠷᠭᠠᠨ ᠪᠠ ᠲᠡᠭᠦᠨ ᠦ ᠱᠠᠪᠢ ᠨᠠᠷ ᠳᠷᠣᠰᠣᠹᠢᠯᠠ (Drosophila) ᠭᠡᠳᠡᠭ ᠵᠢᠮᠢᠰᠦᠨ ᠦ ᠢᠯᠠᠭᠠᠨ ᠤ ᠾᠷᠣᠮᠣᠰᠤᠮ᠎ᠠ ᠶᠢᠨ ᠠᠩᠬᠠᠨ ᠤ ᠳᠦᠷᠰᠦᠯᠡᠯ ᠢ ᠵᠣᠬᠢᠶᠠᠵᠤ ᠡᠬᠢᠯᠡᠭᠰᠡᠨ᠃ 1928 ᠣᠨ ᠳᠤ᠂ ᠹᠷᠧᠳᠧᠷᠢᠺ ᠭᠷᠢᠹᠹᠢ ᠳᠤ ᠭᠧᠨ ᠢ ᠰᠢᠯᠵᠢᠭᠦᠯᠵᠦ ᠪᠣᠯᠳᠠᠭ ᠭᠡᠳᠡᠭ ᠢ ᠬᠠᠷᠠᠭᠤᠯᠤᠭᠰᠠᠨ᠃ ᠳᠤᠯᠠᠭᠠᠨ ᠤ ᠦᠢᠯᠡᠴᠢᠯᠡᠯ ᠢᠶᠡᠷ ᠦᠬᠦᠭᠦᠯᠦᠭᠰᠡᠨ᠂ ᠦᠬᠦᠯ ᠦᠨ ᠠᠶᠤᠯᠲᠠᠢ ᠦᠢᠯᠡᠳᠦᠷ ᠦᠨ (ᠱᠲᠠᠮ) ᠪᠠᠺᠲ᠋ᠧᠷᠢ ᠍ ᠶᠢᠨ ᠭᠸᠨ ᠦ ᠮᠡᠳᠡᠭᠡᠯᠡᠯ ᠢ ᠤᠭ ᠪᠠᠺᠲ᠋ᠧᠷᠢ ᠶᠢᠨ ᠠᠶᠤᠯ ᠦᠭᠡᠢ ᠦᠢᠯᠡᠳᠦᠷ ᠲᠦ ᠰᠠᠭᠤᠯᠭᠠᠨ ᠬᠤᠯᠤᠭᠠᠨ᠎ᠠ ᠳᠤ ᠬᠢᠬᠦ ᠳᠦ ᠬᠤᠯᠤᠭᠠᠨ᠎ᠠ ᠦᠬᠦᠳᠡᠭ᠃ ᠡᠨᠡ ᠲᠤᠷᠰᠢᠯᠲᠠ ᠶᠢ ᠣᠳᠣ ᠴᠠᠭ ᠲᠤ ᠭᠷᠢᠹᠹᠢᠲ ᠦᠨ ᠲᠤᠷᠰᠢᠯᠲᠠ ᠭᠡᠵᠦ ᠨᠡᠷᠡᠯᠡᠭᠳᠡᠳᠡᠭ᠃

ᠬᠡᠳᠦ ᠬᠡᠳᠦᠨ ᠳᠠᠷᠠᠭᠠᠯᠠᠭᠰᠠᠨ ᠨᠡᠭᠡᠭᠡᠯᠲᠡ ᠨᠦᠭᠦᠳ ᠨᠢ ᠬᠡᠳᠦᠨ ᠠᠷᠪᠠᠨ ᠵᠢᠯ ᠦᠨ ᠳᠠᠷᠠᠭ᠎ᠠ ᠡᠰ ᠳ᠋ᠡᠬᠢ ᠾᠷᠣᠮᠣᠰᠤᠮ᠎ᠠ ᠦᠳ ᠨᠢ ᠭᠧᠨᠧᠲ᠋ᠢᠭ ᠮᠠᠲ᠋ᠧᠷᠢᠶᠠᠯ ᠤᠨ ᠲᠡᠭᠡᠭᠡᠭᠴᠢ ᠪᠠ ᠲᠡᠳᠡᠭᠡᠷ ᠨᠢ ᠳᠧᠽᠣᠺᠰᠢᠷᠢᠪᠨᠢᠺᠯᠧᠢᠨ ᠦ ᠬᠦᠴᠢᠯ ᠍ ᠠᠴᠠ ᠪᠦᠷᠢᠳᠳᠡᠭ ᠭᠡᠳᠡᠭ ᠳ᠋ᠦᠩᠨᠡᠯᠲᠡ ᠳᠦ ᠬᠦᠷᠭᠡᠭᠰᠡᠨ᠃ ᠮᠧᠨᠳᠧᠯ ᠤᠨ ᠤᠳᠤᠮᠰᠢᠯ ᠤᠨ ᠰᠠᠯᠤᠩᠭᠢᠳᠠ ᠨᠢᠭᠡᠴᠡ ᠨᠦᠭᠦᠳ ᠺᠣᠳᠣᠴᠢᠯᠠᠭᠳᠠᠭᠰᠠᠨ᠂ ᠪᠦᠬᠦ ᠡᠰ ᠦᠳ ᠲᠦ ᠠᠭᠤᠯᠤᠭᠳᠠᠳᠠᠭ ᠫᠣᠯᠢᠮᠧᠷ ᠮᠣᠯᠧᠺᠤᠯ ᠢ ᠳᠧᠽᠣᠺᠰᠢᠷᠢᠪᠨᠢᠺᠯᠧᠢᠨ ᠦ ᠬᠦᠴᠢᠯ ᠭᠡᠵᠦ ᠨᠡᠷᠡᠯᠡᠳᠡᠭ᠃ 1941 ᠣᠨ ᠳᠤ᠂ ᠵᠣᠷᠵᠢ ᠤᠥᠯᠰ ᠪᠢᠳᠡᠯᠡᠳ᠋ᠪᠠᠷᠳᠠ ᠯᠣᠷᠢ ᠲᠠᠲ᠋ᠦ᠋ᠮ ᠨᠠᠷ᠂ ᠭᠧᠨ ᠳ᠋ᠡᠬᠢ ᠮᠤᠲᠠᠼᠢ ᠨᠢ ᠮᠧᠲ᠋ᠠᠪᠣᠯᠢᠰᠮᠡᠶᠢᠨ ᠲᠣᠳᠣᠷᠬᠠᠢ ᠦᠶ᠎ᠡ ᠱᠠᠲᠤ ᠨᠤᠭᠤᠳ ᠲᠤ ᠠᠯᠳᠠᠭ᠎ᠠ ᠤᠴᠠᠷᠠᠭᠤᠯᠳᠠᠭ ᠢ ᠪᠠᠲᠤᠯᠠᠭᠰᠠᠨ᠃ ᠡᠨᠡ ᠨᠢ ᠲᠣᠳᠣᠷᠬᠠᠢ ᠭᠧᠨ ᠨᠦᠭᠦᠳ ᠲᠣᠳᠣᠷᠬᠠᠢ ᠠᠭᠤᠷᠤᠭ ᠤᠳ ᠢ ᠺᠣᠳᠣᠴᠢᠯᠠᠳᠠᠭ ᠪᠣᠯᠬᠤ ᠶᠢ ᠬᠠᠷᠠᠭᠤᠯᠵᠤ᠂ "ᠨᠢᠭᠡ ᠭᠧᠨ᠂ ᠨᠢᠭᠡ ᠢᠰᠭᠡᠬᠦᠷ" ᠭᠡᠳᠡᠭ ᠲᠠᠭᠠᠮᠠᠭᠯᠠᠯ ᠢ ᠳᠡᠪᠰᠢᠭᠦᠯᠬᠦ ᠳᠦ ᠬᠦᠷᠭᠡᠭᠰᠡᠨ[15]. 1944 ᠣᠨ ᠳᠤ᠂ ᠣᠰᠪᠠᠯ ᠳᠤ ᠡᠢᠤᠧᠷᠢᠺᠣᠯᠢᠨ ᠮᠠᠩᠷᠣ ᠮᠠᠺᠯᠧᠣᠳᠮᠠᠺᠯᠢᠨ ᠮᠠᠺᠺᠠᠷᠲ᠋ᠢ ᠨᠠᠷ᠂ ᠭᠸᠨ ᠦ ᠮᠡᠳᠡᠭᠡᠯᠡᠯ ᠢ ᠳᠧᠽᠣᠺᠰᠢᠷᠢᠪᠨᠢᠺᠯᠧᠢᠨ ᠦ ᠬᠦᠴᠢᠯ ᠠᠭᠤᠯᠵᠤ ᠪᠠᠶᠢᠳᠠᠭ ᠢ ᠪᠠᠲᠤᠯᠠᠭᠰᠠᠨ[16]᠃ 1953 ᠣᠨ ᠳᠤ᠂ ᠵᠧᠮᠰ ᠳ᠃ᠸᠠᠭᠰᠠᠨᠹᠷᠡᠩᠰᠢᠰ ᠺᠷᠢᠺ ᠨᠠᠷ᠂ ᠳᠧᠽᠣᠺᠰᠢᠷᠢᠪᠨᠢᠺᠯᠧᠢᠨ ᠦ ᠬᠦᠴᠢᠯ ᠦᠨ ᠪᠦᠲᠦᠴᠡ ᠶᠢ ᠬᠢᠵᠦ ᠬᠠᠷᠠᠭᠤᠯᠤᠭᠰᠠᠨ᠃ ᠡᠳᠡᠭᠡᠷ ᠨᠡᠭᠡᠭᠡᠯᠲᠡ ᠨᠦᠭᠦᠳ ᠨᠢ᠂ ᠠᠭᠤᠷᠤᠭ ᠤᠳ᠂ ᠳᠧᠽᠣᠺᠰᠢᠷᠢᠪᠨᠢᠺᠯᠧᠢᠨ ᠦ ᠬᠦᠴᠢᠯ ᠠᠴᠠ ᠲᠷᠠᠨᠰᠺᠷᠢᠫᠴᠠᠯᠠᠭᠳᠠᠭᠰᠠᠨ ᠷᠢᠪᠨᠢᠺᠯᠧᠢ ᠶᠢᠨ ᠬᠦᠴᠢᠯ ᠠᠴᠠ ᠲᠷᠠᠨᠰᠯᠢᠴᠠᠯᠠᠭᠳᠠᠳᠠᠭ ᠭᠡᠳᠡᠭ ᠮᠣᠯᠧᠺᠤᠯ ᠤᠨ ᠪᠢᠣᠯᠣᠭᠢ ᠶᠢᠨ ᠭᠣᠣᠯ ᠣᠨᠣᠯ ᠤᠨ ᠨᠡᠭᠡᠭᠡᠯᠲᠡ ᠳᠦ ᠬᠦᠷᠭᠡᠭᠰᠡᠨ᠃ ᠬᠣᠵᠢᠮ ᠡᠨᠡ ᠣᠨᠣᠯ ᠳᠤ ᠵᠠᠬᠢᠷᠤᠭᠳᠠᠳᠠᠭ ᠦᠭᠡᠢ ᠵᠦᠢᠯ ᠪᠠᠶᠢᠳᠠᠭ ᠭᠡᠳᠡᠭ ᠨᠢ ᠬᠠᠷᠠᠭᠳᠠᠭᠰᠠᠨ᠃ ᠵᠢᠱᠢᠶ᠎ᠡ ᠨᠢ᠂ ᠷᠧᠲ᠋ᠷᠣᠸᠢᠷᠦᠰ ᠳᠤ ᠡᠰᠡᠷᠭᠦ ᠲᠷᠠᠨᠰᠺᠷᠢᠫᠴ ᠶᠠᠪᠤᠭᠳᠠᠳᠠᠭ᠃

1972 ᠣᠨ ᠳᠤ᠂ ᠤᠢᠯᠲᠡᠷ ᠹᠢᠷᠰ ᠪᠠ ᠭᠧᠨᠲ ᠤᠨ ᠶᠡᠬᠡ ᠰᠤᠷᠭᠠᠭᠤᠯᠢ ᠶᠢᠨ (ᠪᠧᠯᠬᠢ) ᠮᠣᠯᠧᠺᠤᠯ ᠤᠨ ᠪᠢᠣᠯᠣᠭᠢ ᠶᠢᠨ ᠯᠠᠪᠤᠷᠠᠲ᠋ᠣᠷᠢ ᠳᠠᠬᠢ ᠲᠡᠭᠦᠨ ᠦ ᠪᠠᠭ᠂ ᠭᠸᠨ ᠦ ᠳᠠᠷᠠᠭᠠᠯᠠᠯ ᠢ ᠲᠣᠭᠲᠠᠭᠠᠭᠰᠠᠨ ᠠᠩᠬᠠᠨ ᠤ ᠬᠦᠮᠦᠰ ᠪᠠᠶᠢᠭᠰᠠᠨ᠃ ᠲᠡᠳᠡ ᠪᠠᠺᠲ᠋ᠧᠷᠢᠣᠹᠠᠭ MS2 ᠪᠦᠷᠬᠦᠭᠦᠯ ᠦᠨ ᠤᠷᠭ᠎ᠠ ᠶᠢᠨ ᠭᠸᠨ ᠦ ᠳᠠᠷᠠᠭᠠᠯᠠᠯ ᠢ ᠲᠣᠭᠲᠠᠭᠠᠭᠰᠠᠨ[17]᠃ 1977 ᠣᠨ ᠳᠤ᠂ ᠷᠢᠴᠠᠷ ᠲᠤ ᠵᠡᠢ᠃ᠷᠣᠪᠧᠷᠲᠤᠰᠹᠢᠯᠯᠢᠫ ᠰᠢᠷᠠᠫ ᠨᠠᠷ᠂ ᠭᠧᠨ ᠨᠢ ᠰᠧᠭᠮᠧᠨᠲ ᠦᠳ ᠲᠦ ᠬᠤᠪᠢᠶᠠᠭᠳᠠᠵᠤ ᠪᠣᠯᠳᠠᠭ ᠢ ᠨᠡᠭᠡᠭᠡᠭᠰᠡᠨ ᠢᠶᠡᠷ᠂ ᠨᠢᠭᠡ ᠭᠧᠨ ᠬᠡᠳᠦ ᠬᠡᠳᠦᠨ ᠤᠭᠤᠷᠠᠭ ᠢ ᠺᠣᠳᠣᠴᠢᠯᠠᠬᠤ ᠴᠢᠳᠠᠪᠤᠷᠢᠲᠠᠢ ᠭᠡᠳᠡᠭ ᠰᠠᠨᠠᠯ ᠢ ᠳᠡᠪᠰᠢᠭᠦᠯᠬᠦ ᠳᠦ ᠬᠦᠷᠭᠡᠭᠰᠡᠨ᠃ ᠰᠠᠶ᠋ᠢᠬᠠᠨ (2003-2006 ᠣᠨ ᠨᠤᠭᠤᠳ ᠲᠤ), ᠪᠢᠣᠯᠣᠭᠢ ᠍ ᠶᠢᠨ ᠰᠤᠳᠤᠯᠭᠠᠨ ᠨᠤᠭᠤᠳ ᠤᠨ ᠦᠷ᠎ᠡ ᠳ᠋ᠦᠩ ᠳᠦ ᠭᠸᠨ ᠦ ᠲᠤᠬᠠᠢ ᠣᠶᠢᠯᠠᠭᠠᠯᠲᠠ ᠥᠭᠡᠷᠡᠴᠢᠯᠡᠭᠳᠡᠭᠰᠡᠨ᠃ ᠳᠧᠽᠣᠺᠰᠢᠷᠢᠪᠨᠢᠺᠯᠧᠢᠨ ᠦ ᠬᠦᠴᠦᠯᠡ ᠳᠡᠭᠡᠷ᠎ᠡ ᠭᠧᠨ ᠨᠦᠭᠦᠳ ᠨᠢ ᠰᠤᠪᠳᠠᠨ ᠵᠡᠭᠦᠯᠲᠡ ᠰᠢᠭ ᠳᠠᠷᠠᠭᠠᠯᠠᠭᠰᠠᠨ ᠪᠠᠶᠢᠷᠢᠯᠠᠯ ᠲᠠᠢ ᠪᠠᠶᠢᠳᠠᠭ ᠦᠭᠡᠢ᠂ ᠬᠠᠷᠢᠨ ᠳᠧᠽᠣᠺᠰᠢᠷᠢᠪᠨᠢᠺᠯᠧᠢᠨ ᠦ ᠬᠦᠴᠢᠯ ᠦᠨ ᠥᠪᠡᠷ ᠥᠪᠡᠷ ᠤᠷᠭ᠎ᠠ ᠶᠢ ᠺᠣᠳᠣᠴᠢᠯᠠᠬᠤ ᠬᠡᠰᠡᠭ ᠦᠳ ᠨᠢ ᠳᠠᠪᠬᠤᠴᠠᠵᠤ ᠪᠣᠯᠳᠠᠭ ᠭᠡᠳᠡᠭ ᠡᠴᠡ᠂ "ᠭᠧᠨ ᠨᠦᠭᠦᠳ ᠨᠢ ᠨᠢᠭᠡ ᠤᠷᠲᠤ ᠦᠷᠭᠦᠯᠵᠢᠯᠡᠭᠰᠡᠨ ᠵᠦᠢᠯ" ᠭᠡᠳᠡᠭ ᠲᠠᠭᠠᠮᠠᠭ ᠭᠠᠷᠴᠤ ᠢᠷᠡᠭᠰᠡᠨ[2]. ᠡᠨᠡ ᠲᠠᠭᠠᠮᠠᠭ ᠢ ᠠᠩᠬ᠎ᠠ 1986 ᠣᠨ ᠳᠤ ᠤᠢᠯᠲᠡᠷ ᠭᠢᠯᠪᠡᠷ ᠲᠦ ᠳᠡᠪᠰᠢᠭᠦᠯᠦᠭᠰᠡᠨ᠃ ᠲᠡᠷᠡ ᠪᠡᠷ᠂ "ᠷᠢᠪᠨᠢᠺᠯᠧᠢ ᠶᠢᠨ ᠬᠦᠴᠢᠯ ᠨᠢ ᠺᠠᠲ᠋ᠠᠯᠢᠰᠠᠲ᠋ᠣᠷ ᠤᠨ ᠪᠣᠯᠤᠨ ᠭᠸᠨ ᠦ ᠮᠡᠳᠡᠭᠡᠯᠡᠯ ᠢ ᠬᠠᠳᠠᠭᠠᠯᠠᠬᠤ ᠫᠷᠣᠼᠧᠰᠰᠣᠷ ᠤᠨ ᠡᠭᠦᠷᠭᠡ ᠨᠦᠭᠦᠳ ᠢ ᠬᠢᠯᠪᠠᠷᠬᠠᠨ ᠭᠦᠢᠴᠡᠳᠭᠡᠵᠦ ᠴᠢᠳᠠᠬᠤ᠂ ᠳᠡᠯᠡᠬᠡᠢ ᠶᠢᠨ ᠮᠠᠰᠢ ᠡᠷᠲᠡᠨ ᠦ ᠦᠶ᠎ᠡ ᠲᠡᠢ ᠠᠳᠠᠯᠢ ᠡᠶᠢᠮᠦ ᠡᠩ ᠦᠨ ᠰᠢᠰᠲ᠋ᠧᠮ ᠳᠦ᠂ ᠳᠧᠽᠣᠺᠰᠢᠷᠢᠪᠨᠢᠺᠯᠧᠢᠨ ᠦ ᠬᠦᠴᠢᠯ ᠴᠤ᠂ ᠤᠭᠤᠷᠠᠭ ᠴᠤ ᠬᠡᠷᠡᠭ ᠦᠭᠡᠢ ᠪᠠᠶᠢᠬᠠᠭᠰᠠᠨ" ᠭᠡᠵᠡᠢ᠃

ᠣᠷᠴᠢᠨ ᠦᠶ᠎ᠡ ᠳᠦ ᠭᠧᠨ ᠢ᠂ ᠳᠧᠽᠣᠺᠰᠢᠷᠢᠪᠨᠢᠺᠯᠧᠢᠨ ᠦ ᠬᠦᠴᠢᠯ ᠦᠨ ᠬᠡᠮᠵᠢᠶᠡᠨ ᠳᠦ ᠰᠤᠳᠤᠯᠵᠤ ᠪᠠᠶᠢᠭ᠎ᠠ ᠤᠬᠠᠭᠠᠨ ᠢ ᠮᠣᠯᠧᠺᠤᠯ ᠤᠨ ᠭᠧᠨᠧᠲ᠋ᠢᠭ ᠭᠡᠳᠡᠭ ᠪᠥᠭᠡᠳ᠂ ᠤᠯᠠᠮᠵᠢᠯᠠᠯᠲᠤ ᠳᠠᠷᠪᠢᠨ ᠦ ᠧᠣᠣᠯᠢᠶᠦ᠋ᠼ ᠍ ᠤᠨ ᠬᠠᠮᠲᠤ ᠮᠣᠯᠧᠺᠤᠯ ᠤᠨ ᠭᠧᠨᠧᠲ᠋ᠢᠭ ᠢ᠂ ᠣᠷᠴᠢᠨ ᠴᠠᠭ ᠤᠨ ᠧᠣᠣᠯᠢᠶᠦ᠋ᠼ ᠦᠨ ᠰᠢᠨᠲ᠋ᠧᠽ ᠭᠡᠵᠦ ᠨᠡᠷᠡᠯᠡᠳᠡᠭ᠃

ᠮᠧᠨᠳᠧᠯ ᠤᠨ ᠤᠳᠤᠮᠰᠢᠯ ᠪᠠ ᠰᠣᠩᠭᠣᠳᠠᠭ ᠭᠧᠨᠧᠲ᠋ᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠨᠳᠧᠯ ᠤᠨ ᠤᠳᠤᠮᠰᠢᠯ ᠤᠨ ᠣᠨᠣᠯ ᠢᠶᠠᠷ᠂ ᠹᠧᠨᠣᠲ᠋ᠢᠫ ᠶᠠᠩᠵᠤ ᠪᠦᠷᠢ ᠪᠠᠶᠢᠬᠤ (ᠣᠷᠭᠠᠨᠢᠰᠮ ᠤᠨ ᠹᠢᠽᠢᠺ ᠪᠠ ᠦᠢᠯᠡ ᠬᠥᠳᠡᠯᠦᠯ ᠦᠨ ᠰᠢᠨᠵᠢ ᠴᠢᠨᠠᠷ ᠤᠳ ᠤᠨ ᠢᠯᠭᠠᠭ᠎ᠠ ᠲᠠᠢ ᠪᠠᠶᠢᠳᠠᠯ) ᠨᠢ ᠭᠧᠨᠣᠲ᠋ᠢᠫᠡᠶᠢᠨ ᠥᠭᠡᠷᠡᠴᠢᠯᠡᠯᠲᠡ ᠡᠴᠡ᠂ ᠡᠰᠡᠪᠡᠯ ᠲᠤᠬᠠᠢ ᠶᠢᠨ ᠣᠷᠭᠠᠨᠢᠰᠮ ᠤᠨ ᠭᠧᠨ ᠨᠦᠭᠦᠳ ᠦᠨ ᠪᠠᠭᠴᠠ ᠠᠴᠠ (ᠭᠧᠨ ᠪᠦᠷ ᠲᠣᠳᠣᠷᠬᠠᠢ ᠰᠢᠨᠵᠢ ᠲᠡᠮᠳᠡᠭ ᠢᠯᠡᠷᠬᠡᠶᠢᠯᠡᠳᠡᠭ) ᠬᠠᠮᠢᠶᠠᠷᠳᠠᠭ᠃ ᠭᠸᠨ ᠦ ᠥᠪᠡᠷ ᠥᠪᠡᠷ ᠬᠡᠯᠪᠡᠷᠢ ᠨᠦᠭᠦᠳ ᠨᠢ ᠥᠭᠡᠷ᠎ᠡ ᠥᠭᠡᠷ᠎ᠡ ᠹᠧᠨᠣᠲ᠋ᠢᠫ ᠢ ᠵᠢᠭᠠᠬᠤ ᠪᠠ ᠲᠡᠳᠡᠭᠡᠷ ᠭᠸᠨ ᠦ ᠢᠯᠭᠠᠭ᠎ᠠ ᠲᠠᠢ ᠬᠡᠯᠪᠡᠷᠢ ᠨᠦᠭᠦᠳ ᠢ ᠠᠯᠧᠯ ᠭᠡᠳᠡᠭ᠃ ᠮᠧᠨᠳᠧᠯ ᠤᠨ ᠠᠵᠢᠯᠯᠠᠵᠤ ᠪᠠᠶᠢᠭᠰᠠᠨ ᠣᠯᠠᠨ ᠤᠷᠭᠤᠮᠠᠯ᠂ ᠠᠮᠢᠲᠠᠳ ᠠᠴᠠ ᠸᠠᠩᠳᠤᠢ ᠲᠠᠢ ᠮᠡᠲᠦ ᠣᠷᠭᠠᠨᠢᠰᠮ ᠤᠳ ᠲᠤ᠂ ᠨᠢᠭᠡ ᠰᠢᠨᠵᠢ ᠲᠡᠮᠳᠡᠭ ᠢ᠂ ᠡᠴᠢᠭᠡ ᠡᠬᠡ ᠲᠤᠰ ᠪᠦᠷᠢ ᠡᠴᠡ ᠤᠯᠠᠮᠵᠢᠯᠠᠵᠤ ᠢᠷᠡᠭᠰᠡᠨ ᠬᠣᠶᠠᠷ ᠠᠯᠧᠯ ᠲᠣᠳᠣᠷᠬᠠᠶᠢᠯᠠᠳᠠᠭ᠃ ᠠᠯᠧᠯ ᠤᠳ ᠢ ᠳᠣᠮᠨᠠᠨ ᠳᠤ (ᠳᠠᠪᠠᠮᠠᠭᠠᠢ) ᠡᠰᠡᠪᠡᠯ ᠷᠧᠼᠧᠰᠰᠢᠪ (ᠰᠤᠯᠠ ᠳᠣᠷᠣᠢ) ᠭᠡᠵᠦ ᠠᠩᠭᠢᠯᠠᠳᠠᠭ᠃ ᠳᠣᠮᠨᠠᠨ ᠳᠤ ᠠᠯᠧᠯ ᠤᠳ ᠨᠢ ᠲᠡᠭᠦᠨ ᠲᠡᠢ ᠢᠵᠢᠯ ᠰᠢᠨᠵᠢ ᠴᠢᠨᠠᠷ ᠢ ᠠᠭᠤᠯᠠᠳᠠᠭ ᠶᠠᠮᠠᠷ ᠴᠤ ᠠᠯᠧᠯ ᠲᠡᠢ ᠬᠣᠣᠰᠯᠠᠬᠤ ᠳᠤ ᠥᠪᠡᠷ ᠦᠨ ᠹᠧᠨᠣᠲ᠋ᠢᠫ ᠢ ᠢᠯᠡᠳᠬᠡᠳᠡᠭ ᠪᠠᠶᠢᠬᠤ ᠳᠤ᠂ ᠷᠧᠼᠧᠰᠰᠢᠪ ᠠᠯᠧᠯ ᠤᠳ ᠨᠢ ᠵᠥᠪᠬᠡᠨ ᠥᠪᠡᠷ ᠲᠡᠢ ᠨᠢ ᠠᠳᠠᠯᠢ ᠠᠯᠧᠯ ᠲᠡᠢ (ᠥᠪᠡᠷ ᠲᠡᠢ ᠨᠢ ᠢᠵᠢᠯ ᠠᠯᠧᠯ ᠦᠨ ᠬᠠᠭᠤᠯᠪᠤᠷᠢ ᠲᠠᠢ) ᠬᠣᠣᠰᠯᠠᠪᠠᠯ ᠰᠢᠨᠵᠢ ᠪᠡᠨ ᠢᠯᠡᠳᠬᠡᠳᠡᠭ᠃ ᠵᠢᠱᠢᠶᠡᠯᠡᠪᠡᠯ᠂ ᠸᠠᠩᠳᠤᠢ ᠡᠴᠢᠭᠡ ᠡᠬᠡ ᠡᠴᠡ ᠪᠡᠨ ᠨᠢᠭᠡ ᠥᠨᠳᠥᠷ ᠡᠰᠢᠨ ᠦ ᠠᠯᠧᠯ᠂ ᠨᠢᠭᠡ ᠪᠣᠭᠣᠨᠢ ᠡᠰᠢᠨ ᠦ ᠠᠯᠧᠯ ᠤᠯᠠᠮᠵᠢᠯᠠᠵᠤ ᠠᠪᠤᠭᠰᠠᠨ ᠪᠠ ᠥᠨᠳᠥᠷ ᠡᠰᠢᠨ ᠦ ᠰᠢᠨᠵᠢ ᠶᠢ ᠠᠭᠤᠯᠠᠳᠠᠭ ᠠᠯᠧᠯ ᠨᠢ ᠳᠣᠮᠨᠠᠨ ᠳᠤ ᠪᠠᠶᠢᠪᠠᠯ᠂ ᠲᠡᠷᠡ ᠸᠠᠨᠳᠧᠦ ᠥᠨᠳᠥᠷ ᠡᠰᠢ ᠲᠡᠢ ᠪᠠᠶᠢᠨ᠎ᠠ᠃ ᠮᠧᠨᠳᠧᠯ ᠤᠨ ᠰᠤᠳᠤᠯᠭᠠᠨ ᠤ ᠠᠵᠢᠯ ᠤᠨᠳ ᠨᠢ᠂ "ᠠᠯᠧᠯ ᠤᠳ ᠨᠢ᠂ ᠭᠠᠮᠧᠲ ᠦᠳ ᠡᠰᠡᠪᠡᠯ ᠦᠷᠡᠵᠢᠯ ᠦᠨ ᠡᠰ ᠦᠳ ᠦᠨ ᠦᠢᠯᠡᠳᠪᠦᠷᠢᠯᠡᠯ ᠳᠦ ᠪᠡᠶ᠎ᠡ ᠳᠠᠩ ᠣᠷᠣᠯᠴᠠᠵᠤ᠂ ᠦᠷ᠎ᠡ ᠤᠳᠤᠮ ᠳᠠᠬᠢ ᠥᠭᠡᠷᠡᠴᠢᠯᠡᠯᠲᠡ ᠨᠦᠭᠦᠳ ᠢ ᠪᠤᠢ ᠪᠣᠯᠭᠠᠳᠠᠭ" ᠪᠣᠯᠬᠤ ᠶᠢ ᠬᠠᠷᠠᠭᠤᠯᠵᠤ ᠴᠢᠳᠠᠭᠰᠠᠨ᠃

Z.Tamir bie daalt 11v angi :)

ᠮᠤᠲᠠᠼ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠧᠽᠣᠺᠰᠢᠷᠢᠪᠨᠢᠺᠯᠧᠢᠨ ᠦ ᠬᠦᠴᠢᠯ ᠷᠧᠫᠯᠢᠺᠶᠠᠴᠢ ᠨᠢ ᠶᠡᠷᠦᠩᠬᠡᠢ ᠳᠤ ᠪᠡᠨ ᠮᠠᠰᠢ ᠨᠠᠷᠢᠪᠴᠢᠯᠠᠯ ᠲᠠᠢ ᠴᠤ᠂ ᠡᠤᠶᠢᠷᠶᠣᠲ᠋ ᠦᠳ ᠲᠤ ᠨᠢᠭᠡ ᠤᠳᠠᠭ᠎ᠠ ᠳᠤ ᠠᠯᠳᠠᠭ᠎ᠠ ᠭᠠᠷᠬᠤ ᠳᠠᠪᠲᠠᠮᠵᠢ ᠨᠢ 10-6 ᠍ ᠠᠴᠠ 10-10 ᠪᠠᠶᠢᠳᠠᠭ ᠪᠣᠯ᠂ ᠫᠷᠣᠺᠠᠷᠢᠭ᠎ᠠ ᠳᠤ ᠦᠳ ᠪᠠ ᠸᠢᠷᠦᠰ ᠦᠳ ᠲᠤ ᠦᠨ᠎ᠡ ᠡᠴᠡ ᠨᠡᠯᠢᠶᠡᠳ ᠥᠨᠳᠥᠷ ᠪᠠᠶᠢᠳᠠᠭ[10]. ᠮᠠᠰᠢ ᠬᠣᠪᠣᠷ ᠲᠣᠬᠢᠶᠠᠯᠳᠤᠭ᠂ ᠰᠠᠭᠤᠷᠢ ᠨᠤᠭᠤᠳ ᠤᠨ ᠳᠠᠷᠠᠭᠠᠯᠠᠯ ᠤᠨ ᠭᠡᠨᠡᠳᠲᠡ ᠶᠢᠨ (ᠰᠫᠣᠨᠲ᠋ᠠᠨ) ᠥᠭᠡᠷᠡᠴᠢᠯᠡᠯᠲᠡ ᠨᠢ ᠬᠡᠳᠦ ᠬᠡᠳᠦᠨ ᠰᠢᠯᠲᠠᠭᠠᠨ ᠠᠴᠠ ᠡᠭᠦᠰᠦᠯᠲᠡᠢ ᠪᠠᠶᠢᠳᠠᠭ: ᠳᠧᠽᠣᠺᠰᠢᠷᠢᠪᠨᠢᠺᠯᠧᠢᠨ ᠦ ᠬᠦᠴᠢᠯ ᠷᠧᠫᠯᠢᠺᠶᠠᠴᠢ ᠍ ᠶᠢᠨ ᠠᠯᠳᠠᠭ᠎ᠠ᠂ ᠳᠧᠽᠣᠺᠰᠢᠷᠢᠪᠨᠢᠺᠯᠧᠢᠨ ᠦ ᠬᠦᠴᠢᠯ ᠦᠨ ᠡᠪᠳᠡᠷᠡᠯᠡᠶᠢᠨ ᠨᠥᠯᠥᠭᠡᠯᠡᠯ᠃ ᠡᠳᠡᠭᠡᠷ ᠠᠯᠳᠠᠭᠠᠨ ᠨᠤᠭᠤᠳ ᠢ ᠮᠤᠲᠠᠼ ᠭᠡᠵᠦ ᠨᠡᠷᠡᠯᠡᠳᠡᠭ᠃ ᠡᠰ ᠨᠢ ᠮᠤᠲᠠᠼ ᠶᠠᠪᠤᠭᠳᠠᠬᠤ ᠶᠢ ᠵᠣᠭᠰᠣᠬᠤ ᠪᠣᠯᠤᠨ ᠭᠧᠨᠠᠮ ᠍ ᠢ ᠠᠯᠳᠠᠭ᠎ᠠ ᠦᠭᠡᠢ ᠪᠠᠶᠢᠯᠭᠠᠬᠤ ᠵᠣᠷᠢᠭᠤᠯᠤᠯᠲᠠ ᠪᠦᠬᠦᠢ ᠳᠧᠽᠣᠺᠰᠢᠷᠢᠪᠨᠢᠺᠯᠧᠢᠨ ᠦ ᠬᠦᠴᠢᠯ ᠵᠠᠰᠠᠬᠤ ᠮᠧᠬᠠᠨᠢᠰᠮ ᠤᠳ ᠲᠠᠢ ᠪᠠᠶᠢᠳᠠᠭ᠃ ᠭᠡᠰᠡᠨ ᠬᠡᠳᠦᠢ ᠴᠤ᠂ ᠵᠠᠷᠢᠮ ᠲᠣᠬᠢᠶᠠᠯᠳᠤᠯ ᠤᠳ ᠲᠤ (ᠳᠧᠽᠣᠺᠰᠢᠷᠢᠪᠨᠢᠺᠯᠧᠢᠨ ᠦ ᠬᠦᠴᠢᠯ ᠦᠨ ᠬᠣᠣᠰ ᠬᠡᠯᠬᠢᠶ᠎ᠡ ᠨᠢ ᠬᠣᠶᠠᠭᠤᠯᠠ ᠪᠠᠨ ᠲᠠᠰᠤᠷᠠᠬᠤ ᠮᠡᠲᠦ) ᠹᠢᠽᠢᠺ ᠡᠪᠳᠡᠷᠡᠯ ᠢ ᠵᠠᠰᠠᠬᠤ ᠨᠢ ᠶᠠᠭ ᠢᠵᠢᠯ ᠰᠢᠨ᠎ᠡ ᠬᠠᠭᠤᠯᠪᠤᠷᠢ ᠡᠭᠦᠰᠭᠡᠬᠦ ᠠᠵᠢᠯ ᠠᠴᠠ ᠢᠯᠡᠭᠦᠦ ᠴᠢᠬᠤᠯᠠ ᠪᠣᠯᠳᠠᠭ᠃ ᠭᠧᠨᠧᠲ᠋ᠢᠭ ᠺᠣᠳ᠋ᠠᠴᠢᠯᠠᠯ ᠤᠨ ᠳᠧᠭᠧᠨᠧᠷᠠᠼ ᠤᠨ ᠤᠯᠠᠮ ᠠᠴᠠ᠂ ᠵᠠᠷᠢᠮ ᠤᠭᠤᠷᠠᠭ ᠺᠣᠳᠣᠴᠢᠯᠠᠳᠠᠭ ᠭᠸᠨ ᠦ ᠮᠤᠲᠠᠼ ᠨᠢ ᠲᠠᠶᠢᠪᠤᠩ ᠡᠰᠡᠪᠡᠯ ᠺᠣᠳᠣᠴᠢᠯᠠᠨ ᠡᠭᠦᠰᠬᠡᠵᠦ ᠪᠠᠶᠢᠭ᠎ᠠ ᠤᠭᠤᠷᠠᠭ ᠤᠨ ᠠᠮᠢᠨ ᠬᠦᠴᠢᠯ ᠦᠨ ᠬᠢ ᠨᠢ ᠳᠠᠷᠠᠭᠠᠯᠠᠯ ᠳᠤ ᠶᠠᠮᠠᠷ ᠴᠤ ᠨᠥᠯᠥᠭᠡ (ᠥᠭᠡᠷᠡᠴᠢᠯᠡᠯᠲᠡ) ᠦᠵᠡᠭᠦᠯᠳᠡᠭ ᠦᠭᠡᠢ᠃ ᠵᠢᠱᠢᠶᠡᠯᠡᠪᠡᠯ: ᠤᠰᠤ ᠴᠠᠭ ᠠᠭᠤᠷ (ᠤᠷᠠᠼᠢᠯ-ᠴᠢᠲ᠋ᠣᠽᠢᠨ-ᠤᠷᠠᠼᠢᠯ), УЦЦ (ᠤᠷᠠᠼᠢᠯ-ᠴᠢᠲ᠋ᠣᠽᠢᠨ-ᠴᠢᠲ᠋ᠣᠽᠢᠨ) ᠺᠣᠳᠣᠨ ᠦᠳ ᠨᠢ ᠰᠧᠷᠢᠨᠢᠭᠢᠭ ᠺᠣᠳᠣᠴᠢᠯᠠᠳᠠᠭ ᠤᠴᠢᠷ ᠤ ᠢ ᠴ ᠪᠡᠷ ᠰᠣᠯᠢᠬᠤ ᠮᠤᠲᠠᠼ ᠨᠢ ᠤᠭᠤᠷᠠᠭᠲᠤ ᠶᠠᠮᠠᠷ ᠴᠤ ᠨᠥᠯᠥᠭᠡ ᠦᠵᠡᠭᠦᠯᠳᠡᠭ ᠦᠭᠡᠢ᠃ ᠹᠧᠨᠣᠲ᠋ᠢᠫ ᠳᠤ ᠨᠥᠯᠦᠭᠡᠯᠡᠳᠡᠭ ᠮᠤᠲᠠᠼ ᠨᠢ ᠲᠤᠬᠠᠢ ᠶᠢᠨ ᠣᠷᠭᠠᠨᠢᠰᠮ ᠳᠤ ᠪᠠᠨ ᠶᠡᠬᠡᠪᠴᠢᠯᠡᠨ ᠰᠠᠭᠠᠷᠮᠠᠭ ᠡᠰᠡᠪᠡᠯ ᠬᠣᠣᠷᠠᠲᠠᠢ ᠨᠥᠯᠥᠭᠡᠯᠡᠯ ᠢ ᠦᠵᠡᠭᠦᠯᠳᠡᠭ᠃ ᠮᠤᠲᠠᠼ ᠤᠨ ᠬᠤᠪᠢᠯᠪᠤᠷᠢ ᠨᠤᠭᠤᠳ ᠨᠢ ᠣᠷᠭᠠᠨᠢᠰᠮ ᠤᠨ ᠳᠠᠰᠤᠨ ᠵᠣᠬᠢᠴᠠᠬᠤ ᠴᠢᠳᠠᠪᠤᠷᠢ ᠲᠤ ᠡᠶᠡᠷᠡᠭ ᠨᠥᠯᠥᠭᠡ ᠦᠵᠡᠭᠦᠯᠬᠦ ᠪᠣᠯᠤᠮᠵᠢ ᠲᠠᠢ ᠪᠠ᠂ ᠶᠡᠷᠦᠩᠬᠡᠢ ᠳᠤ ᠪᠡᠨ ᠮᠤᠲᠠᠴᠠ ᠶᠢ ᠠᠰᠢᠭᠲᠠᠢ ᠬᠤᠪᠢᠯᠪᠤᠷᠢ ᠨᠤᠭᠤᠳ ᠢ ᠡᠭᠦᠰᠬᠡᠳᠡᠭ ᠭᠡᠵᠦ ᠦᠵᠡᠳᠡᠭ᠃ ᠬᠠᠮᠤᠭ ᠤᠨ ᠥᠷᠭᠡᠨ ᠲᠠᠷᠬᠠᠭᠰᠠᠨ ᠮᠤᠲᠠᠼ ᠨᠢ "ᠴᠡᠭᠡᠨ ᠮᠤᠲᠠᠼ" ᠶᠤᠮ᠃ ᠴᠡᠭᠡᠨ ᠮᠤᠲᠠᠼ ᠤᠨ ᠦᠶ᠎ᠡ ᠳᠦ᠂ ᠳᠧᠽᠣᠺᠰᠢᠷᠢᠪᠨᠢᠺᠯᠧᠢᠨ ᠦ ᠬᠦᠴᠢᠯ ᠦᠨ ᠬᠡᠯᠬᠢᠶᠡᠨ ᠳᠦ ᠨᠢᠭᠡ ᠨᠢᠺᠯᠶᠣᠲ᠋ᠢᠳ᠋ ᠰᠠᠭᠤᠷᠢ ᠨᠡᠮᠡᠭᠳᠡᠭᠰᠡᠨ ᠡᠴᠡ ᠡᠰᠡᠪᠡᠯ ᠤᠰᠠᠳᠤᠨ ᠦᠭᠡᠢ ᠪᠣᠯᠤᠭᠰᠠᠨ ᠠᠴᠠ ᠲᠤᠬᠠᠢ ᠶᠢᠨ ᠬᠡᠯᠬᠢᠶᠡᠨ ᠦ ᠪᠦᠬᠦ ᠰᠠᠭᠤᠷᠢ ᠨᠤᠭᠤᠳ ᠰᠢᠯᠵᠢᠳᠡᠭ᠃ "ᠴᠢᠮᠡᠭᠡ ᠦᠭᠡᠢ ᠴᠡᠭᠡᠨ ᠮᠤᠲᠠᠼ ᠤᠨ" ᠦᠶ᠎ᠡ ᠳᠦ᠂ ᠺᠣᠳᠣᠴᠢᠯᠠᠭᠳᠠᠵᠤ ᠪᠠᠶᠢᠭ᠎ᠠ ᠠᠮᠢᠨ ᠬᠦᠴᠢᠯ ᠦᠨ ᠪᠤᠰᠤᠳ ᠬᠡᠯᠬᠢᠶᠡᠨ ᠳᠦ ᠥᠭᠡᠷᠡᠴᠢᠯᠡᠯᠲᠡ ᠣᠷᠣᠬᠤ ᠦᠭᠡᠢ ᠪᠡᠷ ᠨᠢᠭᠡ ᠨᠢᠺᠯᠶᠣᠲ᠋ᠢᠳ᠋ ᠰᠠᠭᠤᠷᠢ ᠰᠣᠯᠢᠭᠳᠠᠳᠠᠭ᠃ "ᠤᠳᠬ᠎ᠠ ᠦᠭᠡᠢ ᠴᠡᠭᠡᠨ ᠮᠤᠲᠠᠼ ᠤᠨ" ᠦᠶ᠎ᠡ ᠳᠦ᠂ ᠭᠠᠭᠴᠠ ᠨᠢᠺᠯᠶᠣᠲ᠋ᠢᠳ᠋ ᠰᠠᠭᠤᠷᠢ ᠥᠭᠡᠷᠡᠴᠢᠯᠡᠭᠳᠡᠭᠰᠡᠨ ᠢᠶᠡᠷ ᠲᠤᠬᠠᠢ ᠶᠢᠨ ᠺᠣᠳᠣᠨ ᠵᠣᠭᠰᠣ ᠺᠣᠳᠣᠨ ᠪᠣᠯᠤᠨ ᠬᠤᠪᠢᠷᠠᠵᠤ ᠡᠨᠡ ᠴᠡᠭ ᠲᠦ ᠲᠷᠠᠰᠺᠷᠢᠫᠴ ᠲᠠᠰᠤᠯᠳᠠᠨ᠎ᠠ (ᠵᠣᠭᠰᠣᠨ᠎ᠠ).

ᠳᠠᠷᠤᠭ᠎ᠠ ᠶᠢᠨ ᠦᠶ᠎ᠡ ᠳᠦ (ᠤᠳᠤᠮ ᠳᠤ) ᠳᠠᠮᠵᠢᠭ᠌ᠰᠠᠨ ᠮᠤᠲᠠᠼ ᠨᠢ ᠲᠣᠳᠣᠷᠬᠠᠢ ᠫᠣᠫᠦᠶᠢᠯᠢᠶᠠᠼᠠᠳᠠ ᠥᠭᠡᠷᠡᠴᠢᠯᠡᠯᠲᠡ ᠨᠦᠭᠦᠳ ᠢ ᠡᠭᠦᠰᠬᠡᠳᠡᠭ᠃ ᠨᠢᠭᠡ ᠭᠸᠨ ᠦ ᠥᠪᠡᠷ ᠥᠪᠡᠷ ᠬᠡᠯᠪᠡᠷᠢ ᠨᠦᠭᠦᠳ ᠨᠢ ᠠᠯᠧᠯ ᠪᠠ᠂ ᠠᠯᠧᠯ ᠳᠤ ᠣᠷᠣᠭᠰᠠᠨ ᠥᠭᠡᠷᠡᠴᠢᠯᠡᠯᠲᠡ ᠨᠦᠭᠦᠳ ᠨᠢ ᠢᠯᠭᠠᠭ᠎ᠠ ᠲᠠᠢ ᠰᠢᠨᠵᠢ ᠨᠦᠭᠦᠳ ᠢ ᠡᠭᠦᠰᠭᠡᠬᠦ ᠮᠠᠭᠠᠳᠯᠠᠯ ᠲᠠᠢ᠃ ᠭᠡᠬᠦ ᠳᠦ ᠪᠡᠨ ᠭᠠᠭᠴᠠ ᠭᠧᠨ ᠳ᠋ᠡᠬᠢ ᠬᠤᠪᠢᠯᠪᠤᠷᠢ ᠨᠤᠭᠤᠳ ᠨᠢ ᠲᠣᠳᠣ ᠢᠯᠭᠠᠷᠠᠬᠤ ᠹᠧᠨᠣᠲ᠋ᠢᠫ ᠦᠨ ᠴᠢᠵᠢᠩ ᠢ ᠡᠭᠦᠰᠭᠡᠬᠦ ᠨᠢ ᠮᠠᠰᠢ ᠪᠠᠭ᠎ᠠ ᠮᠠᠭᠠᠳᠯᠠᠯᠲᠠᠢ ᠴᠤ᠂ ᠵᠠᠷᠢᠮ ᠲᠣᠳᠣ ᠢᠯᠭᠠᠷᠠᠬᠤ ᠰᠢᠨᠵᠢ ᠨᠦᠭᠦᠳ ᠢ ᠨᠢᠭᠡ ᠭᠧᠨᠧᠲ᠋ᠢᠭ ᠯᠣᠺᠦ᠋ᠰ ᠬᠢᠨᠠᠳᠠᠭ (ᠤᠳᠤᠷᠢᠳᠥᠳᠠᠭ). ᠭᠸᠨ ᠦ ᠬᠠᠮᠤᠭ ᠤᠨ ᠡᠯᠪᠡᠭ ᠲᠣᠬᠢᠶᠠᠯᠳᠣᠬᠤ ᠠᠯᠧᠯ ᠤᠳ ᠢ ᠵᠡᠷᠯᠢᠭ ᠠᠯᠧᠯ ᠭᠡᠵᠦ ᠨᠡᠷᠡᠯᠡᠭᠳᠡᠳᠡᠭ ᠪᠣᠯ᠂ ᠬᠣᠪᠣᠷ ᠲᠣᠬᠢᠶᠠᠯᠳᠤᠭ ᠠᠯᠧᠯ ᠤᠳ ᠢ ᠮᠤᠲᠤᠨ ᠳᠤ ᠭᠡᠵᠦ ᠨᠡᠷᠡᠯᠡᠭᠳᠡᠳᠡᠭ᠃ ᠡᠨᠡ ᠨᠢ ᠵᠡᠷᠯᠢᠭ ᠠᠯᠧᠯ ᠨᠢ ᠮᠤᠲᠤᠨ ᠳᠤ ᠠᠯᠧᠯ ᠤᠳ ᠤᠨ ᠡᠪᠦᠭᠡ ᠡᠴᠢᠭᠡ ᠭᠡᠰᠡᠨ ᠦᠭᠡ ᠪᠢᠰᠢ ᠶᠤᠮ᠃ ᠳᠡᠶᠢᠯᠦᠩᠬᠢ ᠲᠣᠬᠢᠶᠠᠯᠳᠤᠯ ᠳᠤ ᠮᠤᠲᠤᠴᠠ ᠨᠤᠭᠤᠳ ᠨᠢ ᠷᠧᠼᠧᠰᠰᠢᠪ (ᠰᠤᠯᠠ ᠳᠣᠷᠣᠢ) ᠪᠠᠶᠢᠳᠠᠭ ᠪᠠ ᠬᠤᠷᠳᠤᠨ ᠦᠭᠡᠢ ᠪᠣᠯᠳᠠᠭ ᠴᠤ᠂ ᠵᠠᠷᠢᠮ ᠲᠣᠬᠢᠶᠠᠯᠳᠤᠯ ᠳᠤ ᠪᠤᠰᠤᠳ ᠠᠯᠧᠯ ᠤᠳ ᠲᠤ ᠳᠣᠮᠨᠠᠨ ᠳᠤ (ᠳᠠᠪᠠᠮᠠᠭᠠᠶᠢᠯᠠᠭᠴᠢ) ᠪᠣᠯᠳᠠᠭ ᠪᠠ ᠲᠡᠭᠦᠨ ᠦ ᠳᠠᠪᠠᠮᠠᠭᠠᠶᠢᠯᠠᠵᠤ ᠪᠠᠶᠢᠭ᠎ᠠ ᠶᠢ ᠳᠠᠷᠠᠭᠠᠴᠢ ᠶᠢᠨ ᠫᠣᠫᠦᠶᠢᠯᠢᠶᠠᠼ ᠠᠴᠠ ᠬᠠᠷᠠᠵᠤ ᠪᠣᠯᠤᠨ᠎ᠠ᠃

ᠭᠧᠨᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠾᠷᠣᠮᠣᠰᠤᠮ᠎ᠠ ᠳᠤ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠭᠠᠨᠢᠰᠮ ᠤᠨ ᠡᠰᠡᠪᠡᠯ ᠡᠰ ᠦᠨ ᠭᠧᠨ ᠨᠦᠭᠦᠳ ᠦᠨ ᠨᠡᠶᠢᠯᠡᠪᠦᠷᠢ ᠶᠢ ᠲᠡᠭᠦᠨ ᠦ ᠭᠧᠨᠠᠮ ᠭᠡᠳᠡᠭ᠃ ᠫᠷᠣᠺᠠᠷᠢᠭ᠎ᠠ ᠳᠤ ᠦᠳ ᠲᠤ᠂ ᠭᠧᠨ ᠨᠦᠭᠦᠳ ᠦᠨ ᠶᠡᠬᠡᠩᠬᠢ ᠨᠢ ᠴᠠᠭᠠᠷᠢᠭ ᠳᠧᠽᠣᠺᠰᠢᠷᠢᠪᠨᠢᠺᠯᠧᠢᠨ ᠦ ᠬᠦᠴᠢᠯ ᠍ ᠡᠴᠡ ᠲᠣᠭᠲᠠᠬᠤ ᠭᠠᠭᠴᠠᠬᠠᠨ ᠾᠷᠣᠮᠣᠰᠤᠮ᠎ᠠ ᠳᠡᠭᠡᠷ᠎ᠡ ᠪᠠᠶᠢᠷᠢᠯᠠᠳᠠᠭ ᠪᠣᠯ᠂ ᠡᠤᠶᠢᠷᠶᠣᠲ᠋ ᠦᠳ ᠲᠤ ᠶᠡᠬᠡᠪᠴᠢᠯᠡᠨ ᠾᠷᠣᠮᠣᠰᠤᠮ᠎ᠠ ᠭᠡᠵᠦ ᠨᠡᠷᠡᠯᠡᠭᠳᠡᠬᠦ᠂ ᠳᠧᠽᠣᠺᠰᠢᠷᠢᠪᠨᠢᠺᠯᠧᠢᠨ ᠦ ᠬᠦᠴᠢᠯ ᠪᠠ ᠤᠭᠤᠷᠠᠭ ᠠᠴᠠ ᠲᠣᠭᠲᠠᠬᠤ ᠺᠣᠮᠯᠧᠺᠰ (ᠢᠵᠢ ᠪᠦᠷᠢᠳᠦᠯ) ᠳᠡᠭᠡᠷ᠎ᠡ ᠤᠷᠤᠰᠢᠬᠤ᠂ ᠣᠯᠠᠨ ᠪᠡᠶ᠎ᠡ ᠳᠠᠭᠠᠭᠰᠠᠨ ᠰᠢᠯᠤᠭᠤᠨ ᠰᠫᠢᠷᠠᠯᠢ ᠳᠧᠽᠣᠺᠰᠢᠷᠢᠪᠨᠢᠺᠯᠧᠢᠨ ᠦ ᠬᠦᠴᠢᠯ ᠦᠳ ᠳᠡᠭᠡᠷ᠎ᠡ ᠠᠭᠤᠯᠤᠭᠳᠠᠳᠠᠭ᠃ ᠨᠢᠭᠡ ᠵᠦᠢᠯ ᠦᠨ ᠨᠢᠭᠡ ᠾᠷᠣᠮᠣᠰᠤᠮ᠎ᠠ ᠳᠡᠭᠡᠷ᠎ᠡ ᠢᠯᠡᠷᠡᠵᠦ ᠪᠠᠶᠢᠭ᠎ᠠ ᠭᠧᠨ ᠨᠦᠭᠦᠳ ᠨᠢ ᠥᠭᠡᠷ᠎ᠡ ᠵᠦᠢᠯ ᠦᠨ ᠾᠷᠣᠮᠣᠰᠤᠮ᠎ᠠ ᠳᠡᠭᠡᠷ᠎ᠡ ᠢᠯᠡᠷᠡᠬᠦ ᠮᠠᠭᠠᠳᠯᠠᠯ ᠲᠠᠢ᠃ ᠣᠯᠠᠨ ᠵᠦᠢᠯ ᠦᠳ ᠥᠪᠡᠷ ᠦᠨ ᠭᠧᠨᠠᠮ ᠤᠨ ᠨᠢᠭᠡ ᠡᠴᠡ ᠢᠯᠡᠭᠦᠦ ᠬᠠᠭᠤᠯᠪᠤᠷᠢ ᠶᠢ᠂ ᠥᠪᠡᠷ ᠦᠨ ᠰᠣᠮᠠᠲ᠋ᠢᠭ ᠡᠰ ᠪᠣᠯᠭᠠᠨ ᠳᠤ ᠬᠠᠳᠠᠭᠠᠯᠠᠵᠤ ᠪᠠᠶᠢᠳᠠᠭ᠃ ᠾᠷᠣᠮᠣᠰᠤᠮ᠎ᠠ ᠨᠤᠭᠤᠳ ᠤᠨ ᠵᠥᠪᠬᠡᠨ ᠭᠠᠭᠴᠠ ᠬᠠᠭᠤᠯᠪᠤᠷᠢ ᠲᠠᠢ ᠡᠰᠡ ᠡᠰᠡᠪᠡᠯ ᠣᠷᠭᠠᠨᠢᠰᠮ ᠢ ᠭᠠᠫᠯᠣᠶᠢᠳ ᠭᠡᠵᠦ ᠨᠡᠷᠡᠯᠡᠳᠡᠭ ᠪᠥᠭᠡᠳ᠂ ᠬᠣᠶᠠᠷ ᠪᠠ ᠲᠡᠭᠦᠨ ᠡᠴᠡ ᠳᠡᠭᠡᠭᠰᠢ ᠬᠠᠭᠤᠯᠪᠤᠷᠢ ᠲᠠᠢ ᠶᠢ ᠨᠢ ᠫᠣᠯᠢᠫᠯᠣᠶᠢᠳ ᠭᠡᠳᠡᠭ᠃ ᠾᠷᠣᠮᠣᠰᠤᠮ᠎ᠠ ᠳᠡᠭᠡᠷ᠎ᠡ ᠤᠷᠤᠰᠢᠬᠤ ᠭᠧᠨ ᠨᠦᠭᠦᠳ ᠦᠨ ᠬᠠᠭᠤᠯᠪᠤᠷᠢ ᠨᠤᠭᠤᠳ ᠨᠢ ᠵᠠᠪᠠᠯ ᠠᠳᠠᠯᠢ ᠪᠠᠶᠢᠬᠤ ᠱᠠᠭᠠᠷᠳᠠᠯᠭ᠎ᠠ ᠦᠭᠡᠢ᠃ ᠪᠡᠯᠭᠡ ᠶᠢᠨ ᠦᠷᠡᠵᠢᠯ ᠢᠶᠡᠷ ᠦᠷᠡᠵᠢᠳᠡᠭ ᠣᠷᠭᠠᠨᠢᠰᠮ ᠤᠳ ᠲᠤ᠂ ᠡᠴᠢᠭᠡ ᠡᠬᠡ ᠬᠣᠶᠠᠷ ᠠᠴᠠ ᠨᠢᠭᠡ ᠨᠢᠭᠡ ᠬᠠᠭᠤᠯᠪᠤᠷᠢ ᠤᠳᠤᠮᠰᠢᠳᠠᠭ᠃

ᠭᠸᠨ ᠦ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠠᠭᠠᠯᠠᠯ ᠢ ᠢᠯᠡᠳᠭᠡᠬᠦ ᠵᠡᠷᠭᠡ ᠶᠢ ᠠᠰᠢᠭᠯᠠᠨ ᠲᠣᠭᠠᠴᠠᠭᠠᠯᠠᠭᠰᠠᠨ ᠬᠦᠮᠦᠨ ᠦ ᠭᠸᠨ ᠦ ᠠᠩᠬᠠᠨ ᠤ ᠲᠣᠭ᠎ᠠ ᠨᠢ 50 000–100 000[18]᠃ ᠬᠦᠮᠦᠨ ᠦ ᠭᠧᠨᠠᠮ ᠪᠣᠯᠤᠨ ᠪᠤᠰᠤᠳ ᠭᠧᠨᠠᠮ᠎ᠠ ᠨᠤᠭᠤᠳ ᠤᠨ ᠳᠠᠷᠠᠭᠠᠯᠠᠯ ᠤᠳ ᠢ ᠰᠤᠳᠤᠯᠬᠤ ᠶᠠᠪᠤᠴᠠ ᠳᠤ᠂ ᠴᠥᠭᠡᠬᠡᠨ ᠲᠣᠭᠠᠨ ᠤ ᠭᠧᠨ (ᠬᠦᠮᠦᠨ᠂ ᠬᠤᠯᠤᠭᠠᠨ᠎ᠠ᠂ ᠢᠯᠠᠭᠠᠨ ᠳᠤ ~20 000, ~ 13 000 ᠠᠰᠺᠠᠷᠢᠳ ᠤᠳ ᠲᠤ᠂ > 46 000 ᠴᠠᠭᠠᠨ ᠪᠤᠳᠠᠭᠠᠨ ᠳᠤ[19]) ᠲᠤᠬᠠᠢ ᠶᠢᠨ ᠣᠷᠭᠠᠨᠢᠰᠮ ᠳᠠᠬᠢ ᠪᠦᠬᠦ ᠤᠷᠭ᠎ᠠ ᠶᠢ ᠺᠣᠳᠣᠴᠢᠯᠠᠳᠠᠭ ᠪᠣᠯᠬᠤ ᠶᠢ ᠲᠣᠭᠲᠠᠭᠠᠭᠰᠠᠨ[20]᠃ ᠬᠦᠮᠦᠨ ᠦ ᠤᠭᠤᠷᠠᠭ ᠺᠣᠳᠣᠴᠢᠯᠠᠳᠠᠭ ᠳᠠᠷᠠᠭᠠᠯᠠᠯ ᠤᠳ ᠨᠢ ᠬᠦᠮᠦᠨ ᠦ ᠨᠡᠶᠢᠲᠡ ᠭᠧᠨᠠᠮ ᠤᠨ 1-2 ᠬᠤᠪᠢ ᠶᠢ ᠡᠵᠡᠯᠡᠳᠡᠭ[21]᠃ ᠭᠧᠨᠠᠮ ᠤᠨ ᠳᠡᠶᠢᠯᠦᠩᠬᠢ ᠬᠡᠰᠡᠭ ᠨᠢ ᠢᠩᠲᠷᠣᠨᠷᠧᠲ᠋ᠷᠣᠲᠷᠠᠨᠰᠫᠣᠰᠤᠨ ᠪᠣᠯᠤᠨ ᠮᠠᠰᠢ ᠣᠯᠠᠨ ᠺᠣᠳᠣᠯᠠᠬᠤ ᠡᠭᠦᠷᠭᠡ ᠦᠭᠡᠢ ᠷᠢᠪᠨᠢᠺᠯᠧᠢ ᠶᠢᠨ ᠬᠦᠴᠢᠯ ᠳᠠᠷᠠᠭᠠᠯᠠᠯ ᠪᠣᠯᠤᠨ ᠲᠷᠠᠨᠰᠺᠷᠢᠫᠴᠠᠯᠠᠭᠳᠠᠳᠠᠭ[20][21]. ᠨᠡᠶᠢᠲᠡ ᠤᠭᠤᠷᠠᠭ ᠤᠨ ᠲᠣᠭ᠎ᠠ ᠨᠢ (ᠳᠡᠯᠡᠬᠡᠢ ᠶᠢᠨ ᠫᠷᠣᠲ᠋ᠧᠣᠮ) ᠣᠶᠢᠷᠠᠯᠴᠠᠭ᠎ᠠ ᠪᠠᠷ 5 ᠰᠠᠶ᠎ᠠ ᠶᠤᠮ[22]

ᠭᠧᠨ ᠪa ᠭᠧᠨᠠᠮ ᠤᠨ ᠪᠦᠷᠢᠳᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠢ ᠶᠢᠨ ᠭᠠᠷ ᠪᠤᠤ ᠳᠡᠷᠭᠡᠳᠡᠬᠢ ᠭᠸᠨ ᠦ ᠪᠦᠷᠢᠳᠬᠡᠯ ᠦᠨ ᠬᠣᠷᠢᠶ᠎ᠠ (ᠭᠠᠵᠠᠷ ᠤᠨ ᠪᠣᠳᠣᠯᠭ᠎ᠠ ᠶᠢᠨ ᠬᠦᠷᠢᠶᠡᠯᠡᠩ) ᠨᠢ ᠭᠸᠨ ᠦ ᠪᠦᠷᠢᠳᠬᠡᠯ ᠢ ᠠᠩᠬ᠎ᠠ ᠬᠢᠵᠦ᠂ ᠬᠦᠮᠦᠨ ᠦ ᠮᠡᠳᠡᠭᠳᠡᠵᠦ ᠪᠤᠢ ᠪᠦᠬᠦ ᠭᠧᠨ ᠳᠦ ᠲᠤᠰᠬᠠᠢ ᠨᠡᠷ᠎ᠡ ᠪᠣᠯᠤᠨ ᠲᠡᠮᠳᠡᠭᠯᠡᠭᠡ ᠶᠢ (ᠲᠣᠪᠴᠢᠯᠠᠯ) ᠣᠯᠭᠤᠭᠰᠠᠨ᠃ ᠪᠦᠷᠢᠳᠬᠡᠭᠳᠡᠭᠰᠡᠨ ᠪᠦᠬᠦ ᠭᠧᠨ ᠨᠢ ᠭᠠᠵᠠᠷ ᠤᠨ ᠪᠣᠳᠣᠯᠭ᠎ᠠ ᠶᠢᠨ ᠬᠦᠷᠢᠶᠡᠯᠡᠩ ᠤ ᠮᠡᠳᠡᠭᠡᠯᠡᠯ ᠦᠨ ᠰᠠᠩ ᠳᠤ ᠣᠷᠣᠰᠢᠳᠠᠭ᠃ ᠲᠡᠮᠳᠡᠭᠯᠡᠭᠡ ᠪᠣᠯᠭᠠᠨ ᠨᠢ ᠦᠯᠦ ᠳᠠᠪᠲᠠᠭᠳᠠᠬᠤ ᠪᠥᠭᠡᠳ᠂ ᠭᠧᠨ ᠪᠦᠷ ᠵᠥᠪᠰᠢᠶᠡᠷᠡᠭᠳᠡᠭᠰᠡᠨ ᠭᠠᠭᠴᠠ ᠲᠡᠮᠳᠡᠭ ᠲᠡᠢ᠃ ᠡᠨᠡ ᠨᠢ ᠮᠡᠳᠡᠭᠡᠯᠡᠯ ᠡᠴᠡ ᠴᠠᠬᠢᠮ ᠥᠭᠭᠥᠭᠳᠡᠯ ᠢ ᠢᠯᠭᠠᠨ ᠠᠪᠬᠤ ᠳᠤ ᠮᠠᠰᠢ ᠶᠡᠬᠡ ᠲᠤᠰᠠ ᠪᠣᠯᠳᠠᠭ᠃ ᠪᠦᠷᠢᠳᠬᠡᠯ ᠳᠦ᠂ ᠭᠧᠨ ᠨᠦᠭᠦᠳ ᠦᠨ ᠲᠡᠮᠳᠡᠭᠯᠡᠭᠡ ᠪᠦᠷᠢ ᠨᠢ ᠲᠤᠬᠠᠢ ᠶᠢᠨ ᠭᠸᠨ ᠦ ᠪᠦᠯᠢᠡᠶᠢᠨ ᠭᠡᠰᠢᠭᠦᠳ ᠲᠡᠢ ᠵᠡᠷᠭᠡᠴᠡᠭᠡ ᠣᠷᠣᠰᠢᠳᠠᠭ᠃ ᠬᠦᠮᠦᠨ ᠦ ᠭᠸᠨ ᠦ ᠪᠦᠷᠢᠳᠬᠡᠯ ᠢ ᠥᠭᠡᠷ᠎ᠡ ᠵᠦᠢᠯᠡᠭᠦᠳᠡ ᠳᠦ (ᠶᠡᠬᠡᠪᠴᠢᠯᠡᠨ ᠬᠤᠯᠤᠭᠠᠨ᠎ᠠ ᠳᠤ) ᠠᠰᠢᠭᠯᠠᠵᠤ ᠪᠣᠯᠳᠠᠭ᠃

ᠦᠨᠳᠦᠰᠦᠨ ᠭᠧᠨ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠭᠠᠨᠢᠰᠮ ᠠᠮᠢᠳᠤ ᠣᠷᠣᠰᠢᠬᠤ ᠳᠤ ᠵᠠᠶᠢᠯᠠᠰᠢ ᠦᠭᠡᠢ ᠱᠠᠭᠠᠷᠳᠠᠯᠭ᠎ᠠ ᠲᠠᠢ ᠭᠧᠨ ᠨᠦᠭᠦᠳ ᠢ ᠦᠨᠳᠦᠰᠦᠨ ᠭᠧᠨ ᠨᠦᠭᠦᠳ ᠭᠡᠵᠦ ᠨᠡᠷᠡᠯᠡᠳᠡᠭ᠃ ᠪᠠᠺᠲ᠋ᠧᠷᠢ ᠨᠤᠭᠤᠳ ᠠᠮᠢᠳᠤ ᠣᠷᠣᠰᠢᠬᠤ ᠳᠤ ᠵᠠᠶᠢᠯᠠᠰᠢ ᠦᠭᠡᠢ ᠱᠠᠭᠠᠷᠳᠠᠯᠭ᠎ᠠ ᠲᠠᠢ ᠬᠡᠳᠦᠬᠡᠨ ᠭᠧᠨ ᠪᠠᠶᠢᠳᠠᠭ ᠭᠡᠳᠡᠭ ᠢ ᠲᠣᠭᠲᠠᠭᠠᠭᠰᠠᠨ ᠨᠢ ᠭᠠᠶᠢᠬᠠᠯᠲᠠᠢ ᠶᠠᠪᠤᠳᠠᠯ ᠶᠤᠮ᠃ ᠵᠢᠱᠢᠶ᠎ᠡ ᠨᠢ᠂ ᠭᠡᠳᠡᠰᠦᠨ ᠦ ᠰᠠᠪᠬᠠᠨᠴᠢᠷ (Escherichia coli) ᠣᠷᠣᠰᠢᠨ ᠲᠣᠭᠲᠠᠨᠢᠬᠤ ᠳᠤ ᠲᠡᠭᠦᠨ ᠳᠦ ᠠᠭᠤᠯᠤᠭᠳᠠᠳᠠᠭ ᠭᠧᠨ ᠨᠦᠭᠦᠳ ᠦᠨ (~4200) ᠵᠥᠪᠬᠡᠨ 10% ᠨᠢ ᠯᠠ ᠱᠠᠭᠠᠷᠳᠠᠯᠭ᠎ᠠ ᠲᠠᠢ ᠪᠠᠶᠢᠳᠠᠭ᠃

ᠭᠧᠨ ᠤᠯᠠᠮᠵᠢᠯᠠᠯ ᠤᠨ ᠣᠶᠢᠯᠠᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠧᠣᠷᠭ ᠰ᠃ᠸᠢᠯᠯᠢᠮᠠᠰ ᠠᠩᠬ᠎ᠠ 1966 ᠣᠨ ᠳᠤ ᠥᠪᠡᠷ ᠦᠨ ᠢᠶᠡᠨ "ᠳᠠᠰᠤᠨ ᠵᠣᠬᠢᠴᠠᠬᠤ ᠨᠢ ᠪᠠ ᠪᠠᠶᠢᠭᠠᠯᠢ ᠶᠢᠨ ᠰᠢᠯᠭᠠᠷᠠᠯ" ᠭᠡᠳᠡᠭ ᠨᠣᠮ ᠳᠤ ᠪᠠᠨ ᠭᠧᠨ ᠲᠥᠪᠲᠦ ᠧᠣᠣᠯᠢᠶᠦ᠋ᠼ ᠦᠨ ᠦᠵᠡᠯ ᠰᠠᠨᠠᠭ᠎ᠠ ᠪᠠᠨ ᠮᠠᠰᠢ ᠲᠣᠳᠣ ᠪᠠᠷ ᠬᠠᠮᠠᠭᠠᠯᠠᠭᠰᠠᠨ ᠶᠤᠮ᠃ ᠲᠡᠷᠡᠪᠡᠷ ᠭᠸᠨ ᠦ ᠧᠣᠣᠯᠢᠶᠦ᠋ᠼ ᠦᠨ ᠺᠣᠨᠼᠧᠫᠴᠡᠶᠢᠭ (ᠦᠵᠡᠯ ᠰᠠᠨᠠᠭ᠎ᠠ) ᠰᠠᠨᠠᠯ ᠪᠣᠯᠭᠠᠭᠰᠠᠨ ᠪᠥᠭᠡᠳ᠂ ᠡᠨᠡ ᠺᠣᠨᠼᠧᠫᠴ ᠪᠠᠶᠢᠭᠠᠯᠢ ᠶᠢᠨ ᠰᠢᠯᠭᠠᠷᠠᠯ ᠨᠢ ᠵᠠᠷᠢᠮ ᠭᠧᠨ ᠢ ᠳᠡᠮᠵᠢᠳᠡᠭ ᠲᠤᠬᠠᠢ ᠣᠶᠢᠯᠠᠭᠠᠬᠤ ᠳᠤ ᠲᠤᠰᠠᠯᠠᠳᠠᠭ᠃ ᠲᠣᠳᠣᠷᠬᠠᠶᠢᠯᠠᠯᠲᠠ ᠨᠢ: "that which segregates and recombines with appreciable frequency." ᠡᠨᠡ ᠲᠣᠳᠣᠷᠬᠠᠶᠢᠯᠠᠯᠲᠠ ᠶᠢᠨ ᠳᠠᠭᠠᠤ ᠪᠣᠯ᠂ ᠠᠰᠧᠺᠰᠤᠸᠠᠯ ᠭᠧᠨᠠᠮ ᠢ (ᠦᠷ᠎ᠡ ᠦᠭᠡᠢ ᠭᠧᠨᠠᠮ) ᠬᠦᠷᠲᠡᠯ᠎ᠡ ᠭᠧᠨ ᠭᠡᠵᠦ ᠦᠵᠡᠬᠦ ᠶᠤᠮ᠃ ᠤᠴᠢᠷ ᠨᠢ᠂ ᠲᠡᠳᠡ ᠣᠯᠠᠨ ᠦᠶ᠎ᠡ ᠤᠳᠤᠮ ᠳᠠᠮᠵᠢᠨ ᠲᠣᠭᠲᠠᠮᠠᠯ ᠪᠠᠶᠢᠳᠠᠭ ᠲᠤ ᠣᠷᠣᠰᠢᠨ᠎ᠠ᠃ ᠮᠣᠯᠧᠺᠤᠯ ᠭᠧᠨ ᠨᠢ ᠨᠢᠭᠡ ᠨᠢᠭᠡᠴᠡ ᠭᠡᠵᠦ ᠲᠷᠠᠨᠰᠺᠷᠢᠫᠴᠠᠯᠠᠭᠳᠠᠳᠠᠭ ᠪᠠ ᠤᠯᠠᠮᠵᠢᠯᠠᠯᠲᠤ ᠭᠧᠨ ᠨᠢ ᠪᠠᠰᠠ ᠨᠢᠭᠡ ᠨᠢᠭᠡᠴᠡ ᠭᠡᠵᠦ ᠤᠯᠠᠮᠵᠢᠯᠠᠭᠳᠠᠳᠠᠭ᠃

ᠷᠢᠴᠠᠷ ᠲᠤ ᠳᠠᠪᠬᠢᠨᠰ"ᠬᠤᠪᠢ ᠪᠠᠨ ᠬᠢᠴᠢᠶᠡᠭᠰᠡᠨ ᠭᠧᠨ" (1976) ᠪᠣᠯᠤᠨ "ᠥᠷᠭᠡᠳᠬᠡᠭᠰᠡᠨ ᠹᠧᠨᠣᠲ᠋ᠢᠫ" (1982) ᠨᠣᠮ ᠤᠳ ᠲᠠᠭᠠᠨ᠂ ᠭᠧᠨ ᠨᠢ ᠠᠮᠢᠳᠤ ᠰᠢᠰᠲ᠋ᠧᠮ ᠦᠨ ᠴᠣᠷ ᠤᠨ ᠭᠠᠭᠴᠠ ᠷᠧᠫᠯᠢᠺᠠᠲ᠋ᠤᠷ ᠭᠡᠳᠡᠭ ᠰᠠᠨᠠᠭ᠎ᠠ ᠶᠢ ᠦᠯᠡᠳᠡᠭᠡᠭᠰᠡᠨ᠃ ᠡᠨᠡ ᠨᠢ᠂ ᠵᠥᠪᠬᠡᠨ ᠭᠧᠨ ᠨᠦᠭᠦᠳ ᠥᠪᠡᠷᠰᠡᠳ ᠦᠨ ᠢᠶᠡᠨ ᠪᠦᠲᠦᠴᠡ ᠶᠢ ᠲᠣᠮᠣ ᠬᠡᠪ ᠢᠶᠡᠷ ᠨᠢ ᠳᠠᠮᠵᠢᠭᠤᠯᠳᠠᠭ ᠭᠡᠰᠡᠨ ᠦᠭᠡ ᠪᠠ ᠥᠭᠡᠷ᠎ᠡ ᠪᠡᠷ ᠬᠡᠯᠡᠪᠡᠯ ᠬᠠᠭᠤᠯᠪᠤᠷᠢ ᠶᠢᠨ ᠬᠡᠯᠪᠡᠷᠢ ᠪᠡᠷ ᠢᠶᠡᠨ ᠦᠬᠦᠰᠢ ᠦᠭᠡᠢ ᠭᠡᠰᠡᠨ ᠦᠭᠡ᠃ ᠡᠭᠦᠨ ᠡᠴᠡ ᠦᠵᠡᠬᠦ ᠳᠦ ᠭᠧᠨ ᠨᠦᠭᠦᠳ ᠨᠢ ᠰᠢᠯᠭᠠᠷᠠᠯ ᠤᠨ ᠨᠢᠭᠡᠴᠡ ᠪᠠᠶᠢᠬᠤ ᠶᠣᠰᠣᠲᠠᠢ᠃ "ᠬᠤᠪᠢ ᠪᠠᠨ ᠬᠢᠴᠢᠶᠡᠭᠰᠡᠨ ᠭᠧᠨ" ᠨᠣᠮ ᠳᠤ ᠪᠠᠨ ᠳᠠᠪᠬᠢᠨᠰ ᠭᠧᠨ ᠭᠡᠳᠡᠭ ᠦᠭᠡ ᠶᠢ "ᠤᠭᠤᠷᠠᠭ ᠺᠣᠳᠣᠴᠢᠯᠠᠳᠠᠭ ᠳᠧᠽᠣᠺᠰᠢᠷᠢᠪᠨᠢᠺᠯᠧᠢᠨ ᠦ ᠬᠦᠴᠢᠯ ᠡᠶᠢᠨ ᠪᠦᠲᠦᠴᠡ ᠶᠢᠨ ᠬᠡᠰᠡᠭ" ᠭᠡᠳᠡᠭ ᠤᠳᠬ᠎ᠠ ᠶᠢᠨ ᠣᠷᠣᠨ ᠳᠤ "ᠤᠯᠠᠮᠵᠢᠯᠠᠭᠳᠠᠳᠠᠭ ᠨᠢᠭᠡᠴᠡ" ᠭᠡᠳᠡᠭ ᠤᠳᠬ᠎ᠠ ᠲᠠᠢ ᠪᠠᠷ ᠲᠣᠳᠣᠷᠬᠠᠶᠢᠯᠠᠬᠤ ᠶᠢ ᠬᠢᠴᠢᠶᠡᠭᠰᠡᠨ᠃ "ᠡᠳ᠋ᠧᠮ ᠡᠴᠡ ᠡᠬᠢ ᠲᠡᠢ ᠭᠣᠣᠯ" ᠨᠣᠮ ᠳᠤ ᠪᠠᠨ ᠳᠠᠪᠬᠢᠨᠰ ᠠᠮᠢᠳᠤᠷᠠᠯ ᠢ᠂ ᠭᠧᠣᠯᠣᠭᠢ ᠶᠢᠨ ᠬᠤᠭᠤᠴᠠᠭ᠎ᠠ ᠳᠤᠮᠳᠠᠭᠤᠷ ᠤᠷᠤᠰᠬᠤ ᠬᠣᠭᠣᠷᠣᠨᠳᠣ ᠪᠠᠨ ᠲᠣᠬᠢᠷᠠᠬᠤ (ᠠᠪᠴᠠᠯᠳᠤᠬᠤ) ᠭᠧᠨ ᠨᠦᠭᠦᠳ ᠲᠡᠢ ᠮᠥᠷᠡᠨ ᠭᠣᠣᠯ ᠭᠡᠵᠦ ᠳᠦᠷᠰᠦᠯᠡᠨ᠂ ᠭᠧᠨ ᠲᠥᠪᠲᠦ ᠰᠢᠯᠭᠠᠷᠠᠯ ᠤᠨ ᠲᠤᠬᠠᠢ ᠣᠶᠢᠯᠠᠭᠠᠯᠲᠠ ᠶᠢ ᠢᠯᠡᠭᠦᠦ ᠪᠣᠯᠪᠠᠰᠤᠷᠠᠩᠭᠤᠢ ᠪᠣᠯᠭᠠᠭᠰᠠᠨ᠃ ᠡᠨᠡ ᠭᠣᠣᠯ ᠠᠴᠠ ᠰᠠᠪᠠ ᠪᠠᠷ ᠭᠧᠨ ᠬᠤᠳᠬᠤᠵᠤ ᠠᠪᠬᠤ ᠳᠤ᠂ ᠲᠤᠷ᠎ᠠ ᠬᠤᠭᠤᠴᠠᠭᠠᠨ ᠤ ᠡᠷᠬᠡᠲᠡᠨ ᠪᠣᠯᠵᠤ ᠴᠢᠳᠠᠬᠤ ᠣᠷᠭᠠᠨᠢᠰᠮ ᠡᠰᠡᠪᠡᠯ ᠠᠮᠢᠳᠤᠷᠠᠬᠤ ᠶᠢᠨ ᠲᠥᠯᠥᠭᠡ ᠲᠡᠮᠡᠴᠡᠬᠦ ᠲᠥᠬᠥᠭᠡᠷᠦᠮᠵᠢ ᠡᠭᠦᠰᠦᠨ᠎ᠡ᠃ ᠭᠸᠨ ᠦ ᠭᠣᠣᠯ ᠨᠢ ᠬᠣᠶᠠᠷ ᠤᠷᠤᠰᠬᠠᠯ ᠳᠤ ᠰᠠᠯᠬᠤ ᠮᠠᠭᠠᠳᠯᠠᠯ ᠲᠠᠢ ᠪᠠ ᠡᠨᠡ ᠨᠢ ᠭᠠᠵᠠᠷ ᠵᠦᠢ ᠶᠢᠨ ᠰᠠᠯᠤᠯᠲᠠ ᠶᠢᠨ ᠤᠯᠠᠮ ᠠᠴᠠ ᠡᠭᠦᠰᠬᠦ ᠬᠣᠶᠠᠷ ᠬᠣᠭᠣᠷᠣᠨᠳᠣ ᠪᠠᠨ ᠦᠷᠡᠵᠢᠳᠡᠭ ᠦᠭᠡᠢ ᠵᠦᠢᠯᠡᠭᠦᠳᠡ ᠶᠢ ᠲᠣᠳᠣᠷᠬᠠᠶᠢᠯᠠᠳᠠᠭ᠃

ᠭᠸᠨ ᠦ ᠲᠠᠷᠠᠭ ᠲᠤᠨ ᠢ (targeting) ᠪᠠ ᠦᠷ᠎ᠡ ᠳᠠᠭᠠᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠦ ᠦᠷ᠎ᠡ ᠬᠥᠪᠦᠷᠡᠯ ᠦᠨ ᠬᠥᠭᠵᠢᠯᠳ᠂ ᠬᠦᠮᠦᠨ ᠦ ᠣᠷᠭᠠᠨᠢᠰᠮ ᠳᠤ ᠭᠣᠷᠢᠮ ᠠᠯᠳᠠᠭᠳᠠᠬᠤ ᠳᠤ᠂ ᠬᠥᠭᠰᠢᠷᠡᠯ ᠳᠤ ᠪᠣᠯᠤᠨ ᠡᠪᠡᠳᠴᠢᠯᠡᠯ ᠦᠨ ᠦᠶ᠎ᠡ ᠳᠦ᠂ ᠲᠤᠬᠠᠢ ᠶᠢᠨ ᠭᠸᠨ ᠦ ᠭᠦᠢᠴᠡᠳᠭᠡᠬᠦ ᠡᠭᠦᠷᠭᠡ ᠶᠢ ᠰᠤᠳᠤᠯᠬᠤ ᠶᠢᠨ ᠲᠤᠯᠠᠳᠠ ᠬᠣᠯᠣᠭᠠᠨ᠎ᠠ ᠤ ᠭᠧᠨ ᠢ ᠥᠭᠡᠷᠡᠴᠢᠯᠡᠵᠦ ᠡᠰᠡᠪᠡᠯ ᠰᠦᠢᠳᠬᠡᠵᠦ ᠡᠭᠦᠰᠦᠨ ᠮᠣᠳᠧᠯ ᠬᠤᠯᠤᠭᠠᠨ᠎ᠠ ᠳᠡᠭᠡᠷ᠎ᠡ ᠰᠤᠳᠤᠯᠭ᠎ᠠ ᠬᠢᠬᠦ ᠠᠷᠭᠠᠴᠢᠯᠠᠯ ᠢ ᠭᠸᠨ ᠦ ᠲᠠᠷᠠᠭ ᠲᠤᠨ ᠢ ᠭᠡᠵᠦ ᠣᠶᠢᠯᠠᠭᠠᠳᠠᠭ᠃ ᠨᠢᠭᠡ ᠪᠤᠶᠤ ᠲᠡᠭᠦᠨ ᠡᠴᠡ ᠳᠡᠭᠡᠭᠰᠢ ᠭᠧᠨ ᠨᠦᠭᠦᠳ ᠢ ᠨᠢ ᠢᠳᠡᠪᠬᠢ ᠦᠭᠡᠢ ᠡᠰᠡᠪᠡᠯ ᠠᠵᠢᠯᠯᠠᠭ᠎ᠠ ᠦᠭᠡᠢ ᠪᠣᠯᠭᠠᠭᠰᠠᠨ ᠮᠣᠳᠧᠯ ᠬᠣᠯᠣᠭᠠᠨ᠎ᠠ ᠨᠤᠭᠤᠳ ᠢ ᠨᠣᠺᠠᠦ᠋ᠲ ᠬᠣᠯᠣᠭᠠᠨ᠎ᠠ ᠨᠤᠭᠤᠳ ᠭᠡᠳᠡᠭ᠃ ᠦᠷ᠎ᠡ ᠬᠥᠪᠦᠷᠡᠯ ᠦᠨ ᠭᠣᠣᠯ ᠤᠨ ᠡᠰᠡᠡᠭᠦᠳᠡ ᠳᠣᠲᠣᠷᠠᠬᠢ ᠭᠣᠮᠠᠯᠢᠭ ᠾᠷᠣᠮᠣᠰᠤᠮ᠎ᠠ ᠦᠳ ᠤᠨ ᠭᠣᠮᠠᠯᠢᠭ ᠰᠡᠯᠭᠦᠭᠡ ᠶᠢ ᠠᠰᠢᠭᠯᠠᠨ ᠭᠧᠨ ᠲᠠᠷᠠᠭᠲᠯᠠᠭᠰᠠᠨ ᠬᠣᠯᠣᠭᠠᠨ᠎ᠠ ᠨᠤᠭᠤᠳ ᠢ ᠡᠭᠦᠰᠬᠡᠳᠡᠭ ᠲᠤᠬᠠᠢ ᠠᠩᠬ᠎ᠠ ᠮᠡᠳᠡᠭᠡᠯᠡᠭᠰᠡᠨ ᠡᠴᠡ ᠬᠣᠶᠢᠰᠢ[23], ᠭᠧᠨ ᠲᠠᠷᠠᠭ ᠲᠤᠯᠬᠤ ᠨᠢ ᠰᠦᠨ ᠲᠡᠵᠢᠭᠡᠯᠲᠡᠨ ᠦ ᠭᠧᠨᠠᠮ ᠢ ᠨᠠᠷᠢᠨ ᠤᠳᠤᠷᠢᠳᠬᠤ ᠬᠦᠴᠦᠷᠬᠡᠭ ᠠᠷᠭ᠎ᠠ ᠪᠣᠯᠵᠤ ᠬᠥᠭᠵᠢᠭᠰᠡᠨ ᠪᠠ ᠪᠠᠭ᠎ᠠ ᠪᠠᠷ ᠲᠣᠭᠠᠴᠠᠬᠤ ᠳᠤ ᠬᠣᠯᠣᠭᠠᠨ᠎ᠠ ᠤ 10 ᠮᠢᠩᠭᠠᠨ ᠮᠤᠲᠤᠨ ᠳᠤ ᠱᠲᠠᠮ ᠍ ᠢ ᠪᠤᠢ ᠪᠣᠯᠭᠠᠭᠰᠠᠨ ᠪᠥᠭᠡᠳ᠂ ᠣᠳᠣ ᠶᠢᠨ ᠪᠠᠶᠢᠳᠠᠯ ᠢᠶᠠᠷ ᠲᠣᠳᠣᠷᠬᠠᠢ ᠬᠤᠭᠤᠴᠠᠭᠠᠨ ᠤ ᠭᠱᠠᠨ ᠳᠤ᠂ ᠡᠰᠡᠪᠡᠯ ᠲᠣᠳᠣᠷᠬᠠᠢ ᠡᠰ ᠪᠣᠯᠤᠨ ᠡᠷᠬᠡᠲᠡᠨ ᠳᠦ ᠢᠳᠡᠪᠬᠢᠵᠢᠭᠦᠯᠵᠦ ᠪᠣᠯᠳᠠᠭ ᠮᠤᠲᠠᠼᠡᠶᠢᠭ᠂ ᠦᠷ᠎ᠡ ᠬᠥᠪᠦᠷᠡᠯ ᠦᠨ ᠦᠶ᠎ᠡ ᠳᠦ ᠪᠣᠯᠤᠨ ᠨᠠᠰᠤᠨ ᠳᠤ ᠬᠦᠷᠦᠭᠰᠡᠨ ᠠᠮᠢᠲᠠᠨ ᠳᠤ ᠬᠡᠷᠡᠭᠯᠡᠬᠦ ᠪᠣᠯᠤᠮᠵᠢ ᠲᠠᠢ ᠪᠣᠯᠤᠭᠰᠠᠨ[24][25]

ᠭᠧᠨ ᠲᠠᠷᠠᠭ ᠲᠤᠯᠬᠤ ᠠᠷᠭ᠎ᠠ ᠨᠤᠭᠤᠳ ᠨᠢ ᠬᠦᠷᠢᠶ᠎ᠡ ᠪᠡᠨ ᠲᠡᠯᠡᠵᠦ᠂ ᠴᠡᠭᠡᠨ ᠮᠤᠲᠠᠼ᠂ ᠢᠽᠣᠹᠣᠷᠮ ᠤᠰᠠᠳᠬᠠᠯᠲᠠ᠂ ᠮᠤᠲᠤᠨ ᠳᠤ ᠠᠯᠧᠯ ᠦᠨ ᠵᠠᠰᠠᠪᠤᠷᠢ᠂ ᠾᠷᠣᠮᠣᠰᠤᠮ᠎ᠠ ᠶᠢᠨ ᠳᠧᠽᠣᠺᠰᠢᠷᠢᠪᠨᠢᠺᠯᠧᠢᠨ ᠦ ᠬᠦᠴᠢᠯ ᠶᠢᠨ ᠲᠣᠮᠣ ᠬᠡᠰᠡᠭ ᠢ ᠰᠠᠭᠤᠯᠭᠠᠯᠲᠠ ᠪᠣᠯᠤᠨ ᠤᠰᠠᠳᠬᠠᠯᠲᠠ ᠭᠡᠬᠦ ᠮᠡᠲᠦ ᠪᠦᠬᠦ ᠲᠥᠷᠥᠯ ᠦᠨ ᠬᠤᠪᠢᠷᠠᠭᠠᠯᠲᠠ ᠶᠢ ᠬᠠᠮᠤᠷᠤᠭᠰᠠᠨ᠃ ᠤᠷᠢᠳᠴᠢᠯᠠᠨ ᠲᠣᠳᠣᠷᠬᠠᠶᠢᠯᠠᠭᠳᠠᠭᠰᠠᠨ ᠹᠧᠨᠣᠲ᠋ᠢᠫ ᠲᠡᠢ ᠮᠣᠳᠧᠯ ᠬᠤᠯᠤᠭᠠᠨ᠎ᠠ ᠭᠠᠷᠭᠠᠨ ᠠᠪᠬᠤ ᠪᠣᠯᠤᠮᠵᠢ ᠨᠢ ᠰᠠᠶᠢᠵᠢᠷᠠᠭᠤᠯᠤᠯᠲᠠ᠂ ᠳᠠᠷᠬᠠᠯᠠᠭ᠎ᠠ ᠰᠤᠳᠤᠯᠤᠯᠮᠡᠳᠡᠷᠡᠯ ᠦᠨ ᠪᠢᠣᠯᠣᠭᠢᠬᠠᠪᠤᠳᠠᠷ ᠰᠤᠳᠤᠯᠤᠯᠹᠢᠽᠢᠣᠯᠣᠭᠢᠮᠧᠲ᠋ᠠᠪᠣᠯᠢᠰᠮ ᠪᠣᠯᠤᠨ ᠬᠦᠮᠦᠨ ᠦ ᠡᠪᠡᠳᠴᠢᠨ ᠨᠦᠭᠦᠳ ᠦᠨ ᠱᠠᠲᠤ ᠨᠤᠭᠤᠳ ᠤᠨ ᠰᠤᠳᠤᠯᠭᠠᠨ ᠳᠤ ᠮᠠᠰᠢ ᠶᠡᠬᠡ ᠨᠥᠯᠥᠭᠡ ᠦᠵᠡᠭᠦᠯᠦᠨ᠎ᠡ ᠭᠡᠵᠦ ᠲᠠᠭᠠᠮᠠᠭᠯᠠᠵᠤ ᠪᠠᠶᠢᠭ᠎ᠠ᠃ ᠣᠨᠣᠯ ᠤᠨ ᠬᠤᠪᠢ ᠳᠤ᠂ ᠭᠸᠨ ᠦ ᠲᠠᠭᠧᠲ᠋ᠢᠩ ᠢ ᠵᠦᠢᠯ ᠦᠳ ᠲᠤ᠂ ᠲᠢᠲ᠋ᠣᠫᠣᠲ᠋ᠧᠨᠲ ᠦᠷ᠎ᠡ ᠬᠥᠪᠦᠷᠡᠯ ᠦᠨ ᠭᠣᠣᠯ ᠤᠨ ᠡᠰᠡᠡᠶᠢᠭ ᠰᠠᠭᠤᠯᠭᠠᠬᠤ ᠳᠤ ᠠᠰᠢᠭᠯᠠᠵᠤ ᠪᠣᠯᠬᠤ ᠪᠠ ᠢᠩᠭᠢᠭᠰᠡᠨ ᠢᠶᠡᠷ ᠭᠡᠷ ᠦᠨ ᠲᠡᠵᠢᠭᠡᠮᠡᠯ ᠠᠮᠢᠲᠠᠨ᠂ ᠤᠷᠭᠤᠮᠠᠯ ᠤᠳ ᠢ ᠰᠠᠶᠢᠵᠢᠷᠭᠠᠭᠤᠯᠬᠤ ᠪᠣᠯᠤᠮᠵᠢ ᠨᠡᠮᠡᠭᠳᠡᠬᠦ ᠪᠣᠯᠤᠮᠵᠢ ᠲᠠᠢ[25][26]

ᠥᠭᠡᠷᠡᠴᠢᠯᠡᠭᠳᠡᠵᠦ ᠪᠤᠢ ᠣᠶᠢᠯᠠᠭᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠸᠨ ᠦ ᠲᠤᠬᠠᠢ ᠣᠶᠢᠯᠠᠭᠠᠯᠲᠠ ᠨᠢ ᠮᠡᠳᠡᠭᠳᠡᠬᠦᠶᠢᠴᠡ ᠥᠭᠡᠷᠡᠴᠢᠯᠡᠭᠳᠡᠭᠰᠡᠭᠡᠷ ᠢᠷᠡᠭᠰᠡᠨ ᠶᠤᠮ᠃ ᠭᠸᠨ ᠦ ᠲᠣᠳᠣᠷᠬᠠᠶᠢᠯᠠᠯᠲᠠ ᠨᠢ᠂ ᠠᠩᠬᠠᠨ ᠤ "ᠤᠳᠤᠮᠰᠢᠯ ᠤᠨ ᠨᠢᠭᠡᠴᠡ" ᠭᠡᠰᠡᠨ ᠣᠶᠢᠯᠠᠭᠠᠯᠲᠠ ᠠᠴᠠ᠂ "ᠳᠧᠽᠣᠺᠰᠢᠷᠢᠪᠨᠢᠺᠯᠧᠢᠨ ᠦ ᠬᠦᠴᠢᠯ ᠳᠡᠭᠡᠷ᠎ᠡ ᠰᠠᠭᠤᠷᠢᠯᠠᠳᠠᠭ ᠪᠠ ᠷᠢᠪᠨᠢᠺᠯᠧᠢ ᠶᠢᠨ ᠬᠦᠴᠢᠯ ᠪᠣᠯᠤᠨ ᠤᠷᠭ᠎ᠠ ᠪᠠᠷ ᠳᠠᠮᠵᠢᠭᠤᠯᠵᠤ ᠣᠷᠭᠠᠨᠢᠰᠮ ᠳᠤ ᠨᠥᠯᠥᠭᠡᠯᠡᠯ ᠢᠶᠡᠨ ᠢᠯᠡᠷᠬᠡᠶᠢᠯᠡᠳᠡᠭ ᠨᠢᠭᠡᠴᠡ" ᠭᠡᠳᠡᠭ ᠤᠳᠬ᠎ᠠ ᠲᠠᠢ ᠪᠣᠯᠤᠨ ᠰᠠᠶᠢᠵᠢᠷᠠᠭᠰᠠᠨ᠃ ᠡᠮᠦᠨ᠎ᠡ ᠨᠢ ᠨᠢᠭᠡ ᠭᠧᠨ ᠨᠢᠭᠡ ᠤᠭᠤᠷᠠᠭ ᠺᠣᠳᠣᠴᠢᠯᠠᠳᠠᠭ ᠭᠡᠳᠡᠭ ᠲᠦ ᠢᠲᠡᠭᠡᠳᠡᠭ ᠪᠠᠶᠢᠭᠰᠠᠨ ᠪᠣᠯ᠂ ᠠᠯᠲ᠋ᠧᠷᠨᠠᠲ᠋ᠢᠸ ᠬᠣᠯᠪᠣᠯᠲᠠ ᠪᠣᠯᠤᠨ ᠲᠷᠠᠨᠰ ᠬᠣᠯᠪᠣᠯᠲᠠ ᠦᠳ ᠨᠡᠭᠡᠭᠡᠭᠳᠡᠭᠰᠡᠨ ᠢᠶᠡᠷ ᠡᠨᠡ ᠲᠠᠭᠠᠮᠠᠭ ᠬᠤᠳᠠᠯ ᠪᠣᠯᠬᠤ ᠨᠢ ᠲᠣᠭᠲᠠᠭᠠᠭᠳᠠᠭᠰᠠᠨ᠃

ᠭᠸᠨ ᠦ ᠲᠣᠳᠣᠷᠬᠠᠶᠢᠯᠠᠯᠲᠠ ᠣᠳᠣ ᠬᠦᠷᠲᠡᠯ᠎ᠡ ᠥᠭᠡᠷᠡᠴᠢᠯᠡᠭᠳᠡᠭᠰᠡᠭᠡᠷ ᠪᠠᠶᠢᠭ᠎ᠠ ᠪᠢᠯᠡ᠃ ᠷᠢᠪᠨᠢᠺᠯᠧᠢ ᠶᠢᠨ ᠬᠦᠴᠢᠯ ᠳᠡᠭᠡᠷ᠎ᠡ ᠲᠤᠯᠭᠠᠭᠤᠷᠢᠯᠠᠭᠰᠠᠨ ᠤᠳᠤᠮᠰᠢᠯ ᠨᠢ ᠠᠩᠬ᠎ᠠ ᠰᠦᠨ ᠲᠡᠵᠢᠭᠡᠯᠲᠡᠨ ᠨᠦᠭᠦᠳ ᠲᠦ ᠲᠣᠭᠲᠠᠭᠠᠭᠳᠠᠵᠠᠢ[27]᠃ ᠭᠸᠨ ᠦ ᠤᠳᠤᠷᠢᠳᠬᠤ ᠬᠡᠰᠡᠭ ᠨᠢ ᠺᠣᠳᠣᠴᠢᠯᠠᠵᠤ ᠪᠠᠶᠢᠭ᠎ᠠ ᠳᠠᠷᠠᠭᠠᠯᠠᠯ ᠲᠠᠢ ᠣᠶᠢᠷᠠᠬᠠᠨ ᠪᠠᠶᠢᠬᠤ ᠠᠯᠪᠠ ᠦᠭᠡᠢ ᠪᠠ ᠪᠦᠷᠢ ᠨᠢᠭᠡ ᠾᠷᠣᠮᠣᠰᠤᠮ᠎ᠠ ᠳᠡᠭᠡᠷ᠎ᠡ ᠴᠤ ᠪᠠᠶᠢᠬᠤ ᠱᠠᠭᠠᠷᠳᠠᠯᠭ᠎ᠠ ᠦᠭᠡᠢ ᠭᠡᠵᠦ ᠦᠵᠡᠬᠦ ᠪᠠᠲᠤᠯᠠᠭ᠎ᠠ ᠨᠤᠭᠤᠳ ᠴᠤᠭᠯᠠᠷᠠᠭᠠᠳ ᠪᠠᠶᠢᠭ᠎ᠠ ᠶᠤᠮ᠃ ᠰᠫᠢᠤᠠᠺᠢᠰ ᠪᠠ ᠲᠡᠭᠦᠨ ᠦ ᠬᠠᠮᠲᠤᠷᠠᠭᠴᠢ ᠨᠠᠷ᠂ ᠾᠷᠣᠮᠣᠰᠤᠮ᠎ᠠ 10 ᠳᠡᠭᠡᠷ᠎ᠡ ᠪᠠᠶᠢᠬᠤ ᠢᠨᠲ᠋ᠧᠷᠹᠧᠷᠣᠨ ᠭᠠᠮᠮ᠎ᠠ ᠭᠧᠨ ᠳ᠋ᠡᠬᠢ ᠫᠷᠣᠮᠣᠦ᠋ᠲᠡᠷ ᠬᠡᠰᠡᠭ ᠪᠠ ᠾᠷᠣᠮᠣᠰᠤᠮ᠎ᠠ 11 ᠳᠡᠭᠡᠷᠡᠬᠢ T(H)2 ᠴᠢᠲ᠋ᠣᠺᠠᠶᠢᠨ ᠪᠠᠶᠢᠷᠢᠯᠠᠯ ᠳᠤ ᠪᠠᠶᠢᠳᠠᠭ ᠲᠤᠬᠢᠷᠠᠭᠤᠯᠬᠤ ᠬᠡᠰᠡᠭ ᠦᠳ᠂ ᠬᠠᠮᠲᠤ ᠳᠤ ᠪᠠᠨ ᠲᠣᠬᠢᠷᠠᠭᠤᠯᠤᠭᠳᠠᠬᠤ ᠪᠠᠷ ᠪᠥᠭᠡᠮ ᠳᠣᠲᠣᠷ᠎ᠠ ᠮᠠᠰᠢ ᠣᠶᠢᠷᠠᠬᠠᠨ ᠪᠠᠶᠢᠷᠢᠯᠠᠬᠤ ᠪᠣᠯᠤᠯᠴᠠᠭ᠎ᠠ ᠲᠠᠢ ᠭᠡᠳᠡᠭ ᠢ ᠰᠤᠳᠤᠯᠤᠭᠰᠠᠨ[28]᠃ ᠲᠡᠷᠡ ᠪᠤᠤ ᠬᠡᠯᠡ᠂ ᠭᠸᠨ ᠦ ᠺᠣᠳᠣᠴᠢᠯᠠᠬᠤ ᠳᠠᠷᠠᠭᠠᠯᠠᠯ ᠨᠢ ᠲᠤᠬᠠᠢ ᠶᠢᠨ ᠭᠧᠨ ᠲᠡᠢ ᠨᠢᠭᠡ ᠾᠷᠣᠮᠣᠰᠤᠮ᠎ᠠ ᠳᠡᠭᠡᠷ᠎ᠡ ᠪᠠᠶᠢᠬᠤ ᠠᠯᠪᠠ ᠦᠭᠡᠢ: ᠮᠠᠷᠠᠨᠳᠡ᠂ ᠪᠦᠦᠭᠧᠷ ᠨᠠᠷ ᠫᠷᠣᠲ᠋ᠢᠰᠲ Diplonema papillatum ᠍ ᠦᠨ ᠮᠢᠲᠠᠬᠠᠨᠳ᠋ᠷ ᠳᠣᠲᠣᠷ᠎ᠠ ᠭᠧᠨ ᠨᠦᠭᠦᠳ ᠨᠢ ᠡᠮᠬᠢ ᠴᠡᠭᠴᠡ ᠲᠡᠢ ᠪᠡᠷ ᠵᠢᠵᠢᠭ ᠬᠡᠰᠡᠭ ᠦᠳ ᠲᠦ ᠬᠤᠪᠢᠶᠠᠭᠳᠠᠭᠰᠠᠨ ᠪᠠ ᠲᠡᠳᠡᠭᠡᠷ ᠨᠢ ᠥᠪᠡᠷ ᠥᠪᠡᠷ ᠾᠷᠣᠮᠣᠰᠤᠮ᠎ᠠ ᠳᠡᠭᠡᠷ᠎ᠡ ᠺᠣᠳᠣᠴᠢᠯᠠᠭᠳᠠᠭᠰᠠᠨ ᠪᠠᠶᠢᠳᠠᠭ ᠪᠥᠭᠡᠳ ᠨᠢᠭᠡ ᠨᠢᠭᠡ ᠪᠡᠷ ᠢᠶᠡᠨ ᠲᠷᠠᠨᠰᠺᠷᠢᠫᠴᠠᠯᠠᠭᠳᠠᠭᠠᠳ ᠳᠠᠷᠠᠭ᠎ᠠ ᠨᠢ ᠮᠧᠰᠰᠧᠨᠵᠧᠷ ᠷᠢᠪᠨᠢᠺᠯᠧᠢ ᠶᠢᠨ ᠬᠦᠴᠢᠯ ᠮᠣᠯᠧᠺᠤᠯ ᠢ ᠡᠭᠦᠰᠬᠡᠨ ᠨᠢᠭᠡᠳᠳᠡᠭ ᠪᠣᠯᠬᠤ ᠶᠢ ᠲᠣᠭᠲᠠᠭᠠᠭᠰᠠᠨ[29]

ᠭᠧᠨ ᠨᠦᠭᠦᠳ ᠲᠣᠳᠣ ᠬᠢᠵᠠᠭᠠᠷ ᠲᠠᠢ ᠪᠠᠶᠢᠳᠠᠭ ᠭᠡᠰᠡᠨ ᠣᠶᠢᠯᠠᠭᠠᠯᠲᠠ ᠶᠠᠪᠤᠭᠠᠨ ᠳᠠᠭᠠᠨ ᠦᠭᠡᠢ ᠪᠣᠯᠵᠤ ᠪᠠᠶᠢᠨ᠎ᠠ᠃ ᠲᠤᠰ ᠲᠤᠰ ᠲᠤ ᠪᠠᠨ ᠤᠭᠤᠷᠠᠭ ᠭᠠᠷᠭᠠᠬᠤ ᠴᠢᠳᠠᠪᠤᠷᠢ ᠲᠠᠢ ᠵᠠᠯᠭᠠᠭ᠎ᠠ ᠬᠣᠶᠠᠷ ᠭᠧᠨ ᠡᠴᠡ ᠨᠡᠶᠢᠯᠡᠮᠡᠯ ᠠᠭᠤᠷᠤᠭ ᠤᠳ ᠡᠭᠦᠰᠦᠭᠡᠳ ᠪᠠᠶᠢᠭ᠎ᠠ ᠭᠡᠳᠡᠭ ᠨᠢ ᠪᠠᠲᠤᠯᠠᠭᠳᠠᠭᠰᠠᠨ[30]᠃ ᠡᠳᠡᠭᠡᠷ ᠨᠡᠶᠢᠯᠡᠮᠡᠯ ᠠᠭᠤᠷᠤᠭ ᠤᠳ ᠠᠵᠢᠯᠯᠠᠭ᠎ᠠ ᠲᠠᠢ ᠡᠰᠡᠬᠦ ᠨᠢ ᠲᠣᠭᠲᠠᠭᠠᠭᠳᠠᠭ᠎ᠠ ᠦᠭᠡᠢ ᠪᠠᠶᠢᠭ᠎ᠠ ᠪᠣᠯᠪᠠᠴᠤ᠂ ᠡᠨᠡ ᠠᠭᠤᠷᠤᠭ ᠤᠳ ᠡᠭᠦᠰᠬᠦ ᠳᠠᠪᠲᠠᠮᠵᠢ ᠨᠢ ᠡᠮᠦᠨ᠎ᠡ ᠦᠵᠡᠵᠦ ᠪᠠᠶᠢᠭᠰᠠᠨ ᠠᠴᠠ ᠶᠡᠬᠡ ᠪᠠᠶᠢᠳᠠᠭ ᠨᠢ ᠢᠯᠡᠷᠡᠭᠰᠡᠨ᠃ ᠨᠡᠶᠢᠯᠡᠮᠡᠯ ᠤᠭᠤᠷᠠᠭ ᠠᠴᠠ ᠢᠯᠡᠭᠦᠦ ᠰᠢᠨᠡᠯᠡᠭ ᠨᠡᠭᠡᠭᠡᠯᠲᠡ ᠨᠢ᠂ ᠵᠠᠷᠢᠮ ᠠᠭᠤᠷᠤᠭ ᠤᠳ ᠵᠠᠶᠢᠲᠠᠢ ᠤᠷᠤᠰᠢᠬᠤ ᠬᠡᠰᠡᠭ ᠦᠳ ᠦᠨ ᠶᠧᠺᠰᠣᠨ ᠨᠤᠭᠤᠳ ᠠᠴᠠ ᠲᠣᠭᠲᠠᠳᠠᠭ᠂ ᠲᠡᠷᠡ ᠪᠤᠤ ᠬᠡᠯᠡ ᠥᠪᠡᠷ ᠥᠪᠡᠷ ᠾᠷᠣᠮᠣᠰᠤᠮ᠎ᠠ ᠶᠢᠨ ᠡᠺᠰᠣᠨ ᠨᠤᠭᠤᠳ ᠠᠴᠠ ᠪᠦᠷᠢᠳᠳᠡᠭ ᠲᠤᠬᠠᠢ ᠠᠵᠢᠭᠡᠯᠡᠯᠲᠠ ᠶᠤᠮ[3][31]᠃ ᠡᠨᠡ ᠰᠢᠨ᠎ᠡ ᠨᠡᠭᠡᠭᠡᠯᠲᠡ ᠨᠢ ᠭᠸᠨ ᠦ ᠰᠢᠨᠡᠴᠢᠯᠡᠭᠳᠡᠭᠰᠡᠨ᠂ ᠮᠠᠭᠠᠳ ᠦᠭᠡᠢ ᠤᠷᠢᠳᠴᠢᠯᠠᠭᠰᠠᠨ ᠲᠣᠳᠣᠷᠬᠠᠶᠢᠯᠠᠯᠲᠠ ᠶᠢ ᠪᠤᠢ ᠪᠣᠯᠭᠠᠭᠰᠠᠨ: "ᠬᠣᠭᠣᠷᠣᠨᠳᠣ ᠪᠠᠨ ᠳᠠᠪᠬᠤᠴᠠᠬᠤ ᠪᠣᠯᠤᠮᠵᠢ ᠲᠠᠢ᠂ ᠠᠵᠢᠯᠯᠠᠭ᠎ᠠ ᠲᠠᠢ ᠪᠦᠯᠦᠭ ᠪᠦᠲᠦᠭᠡᠭᠳᠡᠬᠦᠨ ᠨᠦᠭᠦᠳ ᠢ ᠺᠣᠳᠣᠴᠢᠯᠠᠳᠠᠭ ᠭᠧᠨᠠᠮ ᠤᠨ ᠳᠠᠷᠠᠭᠠᠯᠠᠯ ᠤᠳ ᠤᠨ ᠨᠢᠭᠡᠳᠦᠯ"[15]᠃ ᠡᠨᠡ ᠰᠢᠨ᠎ᠡ ᠲᠣᠳᠣᠷᠬᠠᠶᠢᠯᠠᠯᠲᠠ ᠨᠢ ᠭᠧᠨ ᠨᠦᠭᠦᠳ ᠢ (ᠤᠭᠤᠷᠠᠭ ᠡᠰᠡᠪᠡᠯ ᠷᠢᠪᠨᠢᠺᠯᠧᠢ ᠶᠢᠨ ᠬᠦᠴᠢᠯ ᠭᠡᠳᠡᠭ ᠡᠴᠡ ᠨᠢ ᠬᠠᠮᠢᠶᠠᠷᠬᠤ ᠦᠭᠡᠢ ᠪᠡᠷ) ᠳᠧᠽᠣᠺᠰᠢᠷᠢᠪᠨᠢᠺᠯᠧᠢᠨ ᠦ ᠬᠦᠴᠢᠯ ᠦᠨ ᠪᠠᠶᠢᠷᠢᠯᠠᠯ ᠢᠶᠠᠷ ᠨᠢ ᠪᠤᠰᠤ᠂ ᠠᠵᠢᠯᠯᠠᠭ᠎ᠠ ᠲᠠᠢ ᠪᠦᠲᠦᠭᠡᠭᠳᠡᠬᠦᠨ ᠢᠶᠡᠷ ᠨᠢ ᠠᠩᠭᠢᠯᠠᠬᠤ ᠪᠣᠯᠤᠭᠰᠠᠨ᠃ ᠡᠭᠦᠨ ᠡᠴᠡ ᠡᠭᠦᠳᠦᠨ ᠳᠧᠽᠣᠺᠰᠢᠷᠢᠪᠨᠢᠺᠯᠧᠢᠨ ᠦ ᠬᠦᠴᠢᠯ ᠦᠨ ᠲᠤᠬᠢᠷᠠᠭᠤᠯᠬᠤ ᠪᠦᠬᠦ ᠡᠯᠧᠮᠧᠨᠲ ᠦᠳ ᠢ ᠭᠧᠨ ᠳᠦᠷᠰᠦᠲᠦ ᠬᠡᠰᠡᠭ ᠭᠡᠵᠦ ᠠᠩᠭᠢᠯᠠᠭᠳᠠᠨ᠎ᠠ[15].

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Sarkar, S. and Plutynski, A. (2008). A Companion to the Philosophy of Biology. Oxford: Blackwell.
  2. 2.0 2.1 Pearson H (2006). "Genetics: what is a gene?". Nature 441 (7092): 398–401. DOI:10.1038/441398a.
  3. 3.0 3.1 Elizabeth Pennisi (2007). "DNA Study Forces Rethink of What It Means to Be a Gene". Science 316 (5831): 1556–1557. DOI:10.1126/science.316.5831.1556.
  4. Rassoulzadegan M, Grandjean V, Gounon P, Vincent S, Gillot I, Cuzin F (2006). "RNA-mediated nonfkfkfinheritance of an epigenetic change in the mouse". Nature 441 (7092): 469–74. DOI:10.1038/nature04674.
  5. Mortazavi A, Williams BA, McCue K, Schaeffer L, Wold B (May 2008). "Mapping and quantifying mammalian transcriptomes by RNA-Seq". Nat. Methods 5 (7): 621–8. DOI:10.1038/nmeth.1226.
  6. Woodson SA (1998). "Ironing out the kinks: splicing and translation in bacteria". Genes Dev. 12 (9): 1243–7. DOI:10.1101/gad.12.9.1243. Retrieved on 2009-08-07.
  7. Braig M, Schmitt C (2006). "Oncogene-induced senescence: putting the brakes on tumor development". Cancer Res 66 (6): 2881–4. DOI:10.1158/0008-5472.CAN-05-4006.
  8. International Human Genome Sequencing Consortium (2004). "Finishing the euchromatic sequence of the human genome". Nature 431 (7011): 931–45. DOI:10.1038/nature03001. Retrieved on 2009-08-07.
  9. MeSH (2008) National Library of Medicine — Medical Subject Headings. National library of medicine http://www.nlm.nih.gov/cgi/mesh/2008/MB_cgi?mode=&term=RNA+Viruses&field=entry (accessed 27 September 2011) B04.820. 19990101.
  10. 10.0 10.1 Watson JD, Baker TA, Bell SP, Gann A, Levine M, Losick R (2004). Molecular Biology of the Gene, 5th, Peason Benjamin Cummings (Cold Spring Harbor Laboratory Press). ISBN 0-8053-4635-X. 
  11. doi:10.1098/rsta.2008.0086
    This citation will be automatically completed in the next few minutes. You can jump the queue or expand by hand
  12. Darwin C. (1868). Animals and Plants under Domestication (1868).
  13. Vries, H. de (1889) Intracellular Pangenesis [1] ("pangen" definition on page 7 and 40 of this 1910 translation in English)
  14. The Human Genome Project Timeline. 2006-09-13 ᠍ ᠳᠦ ᠬᠠᠨᠳᠤᠭᠰᠠᠨ᠃
  15. 15.0 15.1 15.2 Gerstein Mark B. et al. (2007). "What is a gene, post-ENCODE? History and updated definition". Genome Research 17 (6): 669–681. DOI:10.1101/gr.6339607.
  16. Steinman RM, Moberg CL (February 1994). "A triple tribute to the experiment that transformed biology". J. Exp. Med. 179 (2): 379–84. DOI:10.1084/jem.179.2.379.
  17. Min Jou W, Haegeman G, Ysebaert M, Fiers W (1972). "Nucleotide sequence of the gene coding for the bacteriophage MS2 coat protein". Nature 237 (5350): 82–8. DOI:10.1038/237082a0.
  18. Schuler GD, Boguski MS, Stewart EA, et al (October 1996). "A gene map of the human genome". Science 274 (5287): 540–6. DOI:10.1126/science.274.5287.540.
  19. Yu J, Hu S, Wang J, et al. (April 2002). "A draft sequence of the rice genome (Oryza sativa L. ssp. indica)". Science 296 (5565): 79–92. DOI:10.1126/science.1068037.
  20. 20.0 20.1 Carninci P, Hayashizaki Y (April 2007). "Noncoding RNA transcription beyond annotated genes". Curr. Opin. Genet. Dev. 17 (2): 139–44. DOI:10.1016/j.gde.2007.02.008.
  21. 21.0 21.1 Claverie JM (September 2005). "Fewer genes, more noncoding RNA". Science 309 (5740): 1529–30. DOI:10.1126/science.1116800.
  22. Carolina Perez-Iratxeta, et al (2007). "Towards completion of the Earth's proteome". Nature EMBO reports 8 (12): 1135–1141. DOI:10.1038/sj.embor.7401117.
  23. Thomas KR, Capecchi MR. Site-directed mutagenesis by gene targeting in mouse embryo-derived stem cells. Cell. 1987;51:503-12
  24. The 2007 Nobel Prize in Physiology or Medicine - Press Release
  25. 25.0 25.1 Deng C. In Celebration of Dr. Mario R. Capecchi's Nobel Prize. Int J Biol Sci 2007; 3:417-419. International Journal of Biological Sciences
  26. Mario R. Capecchi
  27. Rassoulzadegan M, Grandjean V, Gounon P, Vincent S, Gillot I, Cuzin F (May 2006). "RNA-mediated non-mendelian inheritance of an epigenetic change in the mouse". Nature 441 (7092): 469–74. DOI:10.1038/nature04674.
  28. Spilianakis CG, Lalioti MD, Town T, Lee GR, Flavell RA (June 2005). "Interchromosomal associations between alternatively expressed loci". Nature 435 (7042): 637–45. DOI:10.1038/nature03574.
  29. (19 October 2007) "Mitochondrial DNA as a genomic jigsaw puzzle". Science 318 (5849): 415. DOI:10.1126/science.1148033.
  30. Parra G, Reymond A, Dabbouseh N, et al. (January 2006). "Tandem chimerism as a means to increase protein complexity in the human genome". Genome Res. 16 (1): 37–44. DOI:10.1101/gr.4145906.
  31. Kapranov P, Drenkow J, Cheng J, et al. (July 2005). "Examples of the complex architecture of the human transcriptome revealed by RACE and high-density tiling arrays". Genome Res. 15 (7): 987–97. DOI:10.1101/gr.3455305.
http://wiki.uhaan.com/index.php?title=ᠭᠧᠨ&oldid=469645》 ᠍  ᠡᠴᠡ ᠠᠪᠤᠭᠰᠠᠨ

ᠪᠢᠴᠢᠭᠡᠰᠦ