ᠭᠦᠷᠦᠵᠢᠶ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠭᠦᠷᠦᠵᠢᠶ ᠠ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠭᠦᠷᠴᠢ ᠶᠢᠨ ᠦᠨᠳᠦᠰᠦᠨ ᠬᠦᠮᠦᠨ ᠠᠮᠠ ᠪᠣᠯᠳᠠᠭ ᠦᠨᠳᠦᠰᠦᠲᠡᠨ ᠦ ᠲᠤᠬᠠᠢ ᠭᠦᠷᠦᠵᠢᠶ ᠠ ᠤᠭᠰᠠᠭᠠᠲᠠᠨ ᠥᠭᠦᠯᠡᠯ ᠡᠴᠡ ᠦᠵᠡᠨ᠎ᠡ ᠦᠦ.
ᠭᠦᠷᠦᠵᠢᠶ ᠠ ᠤᠯᠤᠰ
საქართველო
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠭᠦᠷᠦᠵᠢᠶ ᠠ ᠪᠠᠷ ძალა ერთობაშია
ᠵᠢᠯᠠ ᠡᠷᠲ᠋ᠣᠪᠠᠰᠢᠶᠠ
«ᠡᠪ ᠨᠢᠭᠡᠳᠦᠯ ᠪᠣᠯ ᠬᠦᠴᠦ»
ᠲᠥᠷᠥ ᠶᠢᠨ ᠳᠠᠭᠤᠯᠠᠯ ᠤᠨ ᠨᠡᠷ᠎ᠡ:
ᠭᠦᠷᠦᠵᠢᠶ ᠠ ᠪᠠᠷ თავისუფლება
ᠲᠠᠪᠢᠰᠤᠫᠯᠧᠪᠠ
«ᠡᠷᠬᠡ ᠴᠢᠯᠦᠭᠡ»
ᠨᠡᠶᠢᠰᠯᠡᠯ 
(ᠶᠡᠬᠡ ᠬᠣᠲᠠ)
Tbilisi City Seal.svg ᠲᠤᠪᠢᠯᠢᠰ
ᠠᠯᠪᠠᠨ ᠬᠡᠯᠡ ᠭᠦᠷᠦᠵᠢᠶ ᠠ[1]
ᠠᠷᠠᠳ ᠲᠦᠮᠡᠨ 
(2002[2] ᠤᠨ)
83.8% - ᠭᠦᠷᠦᠵᠢᠶ ᠠ
6.5% - ᠠᠽᠧᠷᠢ
5.7% - ᠠᠷᠮᠧᠨ
1.5% - ᠣᠷᠣᠰ
ᠲᠥᠷᠥ ᠵᠠᠰᠠᠭ ᠶᠡᠷᠦᠩᠬᠡᠶᠢᠯᠡᠭᠴᠢ ᠶᠢᠨ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠮᠡᠬᠢᠯ ᠰᠠᠺᠠᠰᠸᠢᠯᠢ
 -  ᠶᠡᠷᠦᠩᠬᠡᠢ ᠰᠠᠶᠢᠳ ᠨᠢᠺᠣᠯᠣᠽ ᠭᠡᠯᠢᠤᠷᠢ
ᠵᠥᠪᠯᠡᠯᠲᠦ ᠬᠣᠯᠪᠣᠭᠠᠲᠤ ᠤᠯᠤᠰ ᠍ ᠠᠴᠠ ᠵᠥᠪᠯᠡᠯᠲᠦ ᠬᠣᠯᠪᠣᠭᠠᠲᠤ ᠤᠯᠤᠰ ᠍ ᠠᠴᠠ 
 -  ᠲᠤᠰᠠᠭᠠᠷ ᠲᠣᠭᠲᠠᠨᠢᠯ ᠢᠶᠠᠨ ᠲᠤᠩᠬᠠᠭᠯᠠᠭᠰᠠᠨ 1991 ᠣᠨ ᠤ 4 ᠰᠠᠷ᠎ᠠ ᠶᠢᠨ 9 
ᠨᠤᠲᠤᠭ ᠳᠡᠪᠢᠰᠬᠡᠷ
 -  ᠪᠦᠬᠦ ᠲᠠᠯᠠᠪᠠᠢ 69,700 km2 (120)
ᠬᠦᠮᠦᠨ ᠠᠮᠠ
 -  ᠲᠣᠭᠠᠴᠠᠭ᠎ᠠ (2011) 4,469,200[3] (121)
 -  ᠨᠢᠭᠲᠠᠴᠠ ᠰᠡᠶᠢᠷᠡᠭ 68.1 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $22.443 ᠲᠡᠷᠪᠤᠮ[4] 
 -  ᠨᠢᠭᠡ ᠬᠦᠨᠳᠦ $5,114[4] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $11.665 ᠲᠡᠷᠪᠤᠮ[4] 
 -  ᠨᠢᠭᠡ ᠬᠦᠨᠳᠦ $2,658[4] 
ᠬᠡᠦᠬᠡᠳ ᠦᠨ ᠬᠥᠭᠵᠢᠯ ᠦᠨ ᠢᠨᠳᠧᠺᠰ (2010) 0.698[5] (ᠳᠡᠭᠡᠭᠦᠷ) (74)
ᠮᠥᠩᠭᠥᠨ ᠦ ᠨᠢᠭᠡᠴᠡ ᠯᠠᠷᠢ (GEL)
ᠴᠠᠭ ᠤᠨ ᠪᠥᠰᠡ +4
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .ge
ᠤᠲᠠᠰᠤᠨ ᠤ ᠲᠣᠮᠢᠶ᠎ᠠ 995
ᠭᠦᠷᠦᠵᠢᠶ ᠠ ᠤᠯᠤᠰ (ᠭᠦᠷᠦᠵᠢᠶ ᠠ ᠪᠠᠷ საქართველო
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 ᠰᠠᠺᠠᠷᠲᠡᠪᠡᠯᠠ) — ᠥᠪᠥᠷ ᠺᠠᠸᠬᠠᠰ ᠍ ᠤᠨ ᠪᠠᠷᠠᠭᠤᠨ ᠲᠠᠯ᠎ᠠ ᠶᠢ ᠡᠵᠡᠯᠡᠨ ᠣᠷᠣᠰᠢᠳᠠᠭ ᠤᠯᠤᠰ. ᠭᠠᠵᠠᠷ ᠤᠨ ᠪᠠᠶᠢᠷᠢᠯᠠᠯ ᠢᠶᠠᠷ ᠪᠠᠷᠠᠭᠤᠨ ᠠᠽᠢᠶ᠎ᠠ ᠍ ᠶᠢᠨ ᠬᠢ ᠪᠣᠯᠪᠠᠴᠤ ᠵᠠᠷᠢᠮ ᠲᠠᠯ᠎ᠠ ᠪᠠᠷ ᠳᠣᠷᠣᠨᠠᠲᠤ ᠧᠦ᠋ᠷᠣᠫᠠ ᠲᠤ ᠣᠶᠢᠷᠠᠳᠬᠤ ᠲᠤᠯᠠ ᠧᠦ᠋ᠷᠠᠽᠢ ᠍ ᠶᠢᠨ ᠤᠯᠤᠰ ᠣᠷᠣᠨ ᠭᠡᠭᠳᠡᠨ᠎ᠡ᠃ ᠪᠠᠷᠠᠭᠤᠨ ᠲᠠᠯ᠎ᠠ ᠪᠠᠷ ᠢᠶᠠᠨ ᠬᠠᠷ᠎ᠠ ᠲᠡᠩᠭᠢᠰᠲᠡᠢ ᠵᠠᠯᠭᠠᠵᠤ᠂ ᠪᠤᠰᠤᠳ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰᠠᠽᠧᠷᠪᠠᠶᠢᠵᠠᠨᠠᠷᠮᠧᠨᠲᠦᠷᠺᠲᠠᠢ ᠭᠠᠵᠠᠷ ᠢᠶᠠᠷ ᠬᠢᠯᠢᠯᠡᠳᠡᠭ᠃ ᠨᠡᠶᠢᠰᠯᠡᠯ - ᠲᠤᠪᠢᠯᠢᠰ ᠬᠣᠲᠠ᠃

ᠨᠤᠲᠤᠭ ᠳᠡᠪᠢᠰᠬᠡᠷ - 69,700 km2, 2011 ᠣᠨ ᠳᠤ ᠲᠣᠭᠠᠴᠠᠭᠰᠠᠨ᠎ᠠ ᠪᠠᠷ ᠬᠦᠮᠦᠨ ᠠᠮᠠ ᠶᠢᠨ ᠲᠣᠭ᠎ᠠ - 4,469,200.[6] ᠡᠭᠦᠨ ᠡᠴᠡ ᠳᠡᠶᠢᠯᠦᠩᠬᠢ ᠣᠯᠠᠩᠬᠢ ᠪᠣᠯᠬᠤ ᠭᠦᠷᠵᠢ ᠨᠦᠭᠦᠳ 83.8% ᠍ ᠶᠢ ᠡᠵᠡᠯᠡᠳᠡᠭ ᠪᠣᠯ 6.5% ᠨᠢ ᠠᠽᠧᠷᠢ᠂ 5.7% ᠨᠢ ᠠᠷᠮᠧᠨ ᠤᠭᠰᠠᠭᠠᠲᠠᠨ ᠪᠠᠶᠢᠳᠠᠭᠠᠵᠡᠢ᠃ ᠠᠯᠪᠠᠨ ᠶᠣᠰᠣᠨ ᠤ ᠭᠦᠷᠦᠵᠢᠶ ᠠ ᠬᠡᠯᠡᠡᠭᠡᠷᠡ ᠬᠦᠮᠦᠨ ᠠᠮᠠ ᠶᠢᠨ 71% ᠨᠢ ᠶᠠᠷᠢᠵᠤ ᠪᠤᠰᠤᠳ ᠭᠦᠷᠵᠢ ᠨᠦᠭᠦᠳ (12.2%) ᠮᠢᠶᠡᠭᠷᠧᠯ ᠬᠡᠯᠡ ᠪᠡᠷ ᠶᠠᠷᠢᠯᠴᠠᠵᠠᠭᠠᠳᠠᠭ ᠭᠡᠨ᠎ᠡ᠃[2]

ᠭᠦᠷᠴᠢ ᠳᠤ ᠲᠡᠦᠬᠡᠨ ᠳᠦ ᠪᠡᠨ ᠣᠯᠠᠨ ᠤᠯᠤᠰ ᠲᠣᠭᠲᠠᠵᠤ ᠪᠠᠶᠢᠯ᠎ᠠ᠃ ᠣᠷᠴᠢᠨ ᠴᠠᠭ ᠤᠨ ᠭᠦᠷᠦᠵᠢᠶ ᠠ ᠨᠢ 11-12 ᠍ ᠳᠦᠭᠡᠷ ᠵᠠᠭᠤᠨ ᠳᠤ IV ᠳᠠᠪᠢᠳᠠᠲᠠᠮᠠᠷᠠ ᠨᠠᠷ ᠤᠨ ᠬᠠᠭᠠᠨᠴᠢᠯᠠᠯ ᠤᠨ ᠦᠶ᠎ᠡ ᠳᠦ ᠬᠡᠯᠪᠡᠷᠢᠵᠢᠭᠰᠡᠨ᠃ 19 ᠍ ᠳᠦᠭᠡᠷ ᠵᠠᠭᠤᠨ ᠤ ᠡᠬᠢᠨ ᠳᠦ ᠣᠷᠣᠰ ᠤᠨ ᠡᠵᠡᠨᠲᠦ ᠭᠦᠷᠦᠨ ᠳᠤ ᠬᠠᠪᠰᠤᠷᠤᠭᠳᠠᠵᠤ᠂[7] 1917 ᠣᠨ ᠤ ᠣᠷᠣᠰ ᠤᠨ ᠬᠤᠪᠢᠰᠬᠠᠯ ᠍ ᠤᠨ ᠳᠠᠷᠠᠭ᠎ᠠ ᠪᠣᠭᠣᠨᠢ ᠬᠤᠭᠤᠴᠠᠭᠠᠨ ᠳᠤ ᠲᠤᠰᠠᠭᠠᠷ ᠲᠣᠭᠲᠠᠨᠢᠭᠠᠳ 1921 ᠣᠨ ᠳᠤ ᠵᠥᠪᠯᠡᠯᠲᠦᠳᠡ ᠡᠵᠡᠯᠡᠭᠳᠡᠨ ᠵᠥᠪᠯᠡᠯᠲᠦ ᠬᠣᠯᠪᠣᠭᠠᠲᠤ ᠤᠯᠤᠰ ᠍ ᠤᠨ 15 ᠪᠦᠭᠦᠳᠡ ᠨᠠᠶᠢᠷᠠᠮᠳᠠᠬᠤ ᠤᠯᠤᠰ ᠍ ᠤᠨ ᠨᠢᠭᠡᠨ ᠪᠣᠯᠵᠤ ᠪᠠᠶᠢᠪᠠ᠃ 1991 ᠣᠨ ᠳᠤ ᠲᠤᠰᠠᠭᠠᠷ ᠲᠣᠭᠲᠠᠨᠢᠵᠤ᠂ ᠲᠡᠭᠦᠨ ᠡᠴᠡ ᠬᠣᠶᠢᠰᠢ ᠢᠷᠭᠡᠨ ᠦ ᠳᠠᠶᠢᠨ ᠰᠠᠮᠠᠭᠤᠨ ᠲᠠᠢ ᠪᠠᠶᠢᠳᠠᠭ᠃ ᠭᠦᠷᠦᠵᠢᠶ ᠠ ᠣᠳᠣ ᠨᠢᠭᠡᠳᠦᠮᠡᠯ ᠪᠠᠶᠢᠭᠤᠯᠤᠮᠵᠢᠲᠦ᠂ ᠶᠡᠷᠦᠩᠬᠡᠶᠢᠯᠡᠭᠴᠢ ᠶᠢᠨ ᠪᠦᠭᠦᠳᠡ ᠨᠠᠶᠢᠷᠠᠮᠳᠠᠬᠤ ᠵᠠᠰᠠᠭ ᠲᠤ ᠲᠥᠷᠥ ᠶᠢᠨ ᠬᠡᠯᠪᠡᠷᠢ ᠲᠡᠢ᠃

ᠭᠦᠷᠴᠢ ᠶᠢᠨ ᠪᠦᠷᠢᠨ ᠡᠷᠬᠡ ᠶᠢᠨ ᠠᠪᠬᠠᠽᠥᠪᠥᠷ ᠣᠰᠧᠲ ᠬᠣᠶᠠᠷ ᠰᠡᠭᠦᠯ ᠦᠨ ᠬᠡᠳᠦᠨ ᠵᠢᠯ ᠳᠤ ᠭᠦᠷᠴᠢ ᠶᠢᠨ ᠮᠡᠳᠡᠯ ᠡᠴᠡ ᠲᠤᠰᠠᠭᠠᠷ ᠲᠣᠭᠲᠠᠨᠢᠭᠠᠳ ᠪᠠᠶᠢᠭ᠎ᠠ᠃ ᠭᠡᠬᠦ ᠳᠦ ᠪᠡᠨ ᠲᠡᠳᠡ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠭᠡᠰᠢᠭᠦᠨ ᠪᠢᠰᠢ ᠪᠥᠭᠡᠳ ᠣᠷᠣᠰ ᠮᠡᠲᠦ ᠶᠢᠨ ᠬᠡᠳᠦᠬᠡᠨ ᠤᠯᠤᠰ ᠢᠶᠠᠷ ᠬᠦᠯᠢᠶᠡᠨ ᠵᠥᠪᠰᠢᠶᠡᠷᠡᠭᠳᠡᠭᠰᠡᠨ ᠪᠠᠶᠢᠳᠠᠭ᠃ БН ᠭᠦᠷᠦᠵᠢᠶ ᠠ ᠤᠯᠤᠰ/ ᠤᠲᠠᠰᠤᠨ ᠤ ᠺᠣᠳ᠋ – 995

БН ᠭᠦᠷᠦᠵᠢᠶ ᠠ ᠤᠯᠤᠰ ᠨᠢ ᠠᠽᠢᠶ᠎ᠠ ᠲᠢᠪ ᠦᠨ ᠪᠠᠷᠠᠭᠤᠨ ᠡᠮᠦᠨᠡᠲᠦ ᠬᠡᠰᠡᠭ ᠲᠦ ᠺᠠᠸᠬᠠᠰ ᠤᠨ ᠠᠭᠤᠯᠠᠷᠬᠠᠭ ᠨᠤᠲᠤᠭ ᠲᠤ ᠣᠷᠣᠰᠢᠳᠠᠭ᠃ ᠬᠣᠶᠢᠳᠤ ᠲᠠᠯ᠎ᠠ ᠪᠠᠷ ᠢᠶᠠᠨ ᠣᠷᠣᠰ ᠤᠯᠤᠰ ᠲᠠᠢ᠂ ᠵᠡᠭᠦᠨ ᠲᠠᠯ᠎ᠠ ᠪᠠᠷ ᠢᠶᠠᠨ ᠠᠽᠧᠷᠪᠠᠶᠢᠵᠠᠨ᠂ ᠤᠷᠢᠳᠤ ᠲᠠᠯ᠎ᠠ ᠪᠠᠷ ᠢᠶᠠᠨ ᠠᠷᠮᠢᠩ᠂ ᠲᠦᠷᠺ ᠤᠯᠤᠰ ᠤᠳ ᠲᠠᠢ ᠲᠤᠰ ᠲᠤᠰ ᠬᠢᠯᠢᠯᠡᠨ᠎ᠡ᠃ ᠪᠠᠷᠠᠭᠤᠨ ᠲᠠᠯ᠎ᠠ ᠪᠠᠷ ᠢᠶᠠᠨ ᠬᠠᠷ᠎ᠠ ᠲᠡᠩᠭᠢᠰ ᠢᠶᠡᠷ ᠬᠦᠷᠢᠶᠡᠯᠡᠭᠳᠡᠳᠡᠭ᠃

ᠭᠠᠵᠠᠷ ᠨᠤᠲᠤᠭ: 69.7 ᠮᠢᠩᠭᠠᠨ km 2 ᠭᠠᠵᠠᠷ ᠨᠤᠲᠤᠭ ᠲᠠᠢ᠃

ᠬᠦᠮᠦᠨ ᠠᠮᠠ: 5310 ᠮᠢᠩᠭᠠᠨ ᠬᠦᠮᠦᠨ ᠲᠡᠢ᠃

ᠨᠡᠶᠢᠲᠡ ᠬᠦᠮᠦᠨ ᠠᠮᠠ ᠶᠢᠨ 69 ᠬᠤᠪᠢ ᠨᠢ ᠭᠦᠷᠦᠵᠦ᠂ 9 ᠬᠤᠪᠢ ᠨᠢ ᠠᠷᠮᠢᠩ᠂ 7 ᠬᠤᠪᠢ ᠨᠢ ᠣᠷᠣᠰ᠂ 5 ᠬᠤᠪᠢ ᠨᠢ ᠠᠽᠧᠷᠪᠠᠶᠢᠵᠠᠨ ᠦᠨᠳᠦᠰᠦᠲᠡᠨ ᠪᠠᠶᠢᠳᠠᠭ᠃ ᠲᠡᠭᠦᠨ ᠡᠴᠡ ᠭᠠᠳᠠᠨ᠎ᠠ ᠲᠤᠰ ᠣᠷᠣᠨ ᠳᠤ 170 ᠮᠢᠩᠭᠠᠨ ᠣᠰᠧᠲ᠋ᠢᠨ᠂ 100 ᠮᠢᠩᠭᠠᠨ ᠭᠷᠧᠺ᠂ 50 ᠮᠢᠩᠭᠠᠨ ᠦᠺᠷᠠᠶᠢᠨ᠂ 30 ᠮᠢᠩᠭᠠᠨ ᠵᠡᠦ ᠳᠦ᠂ 25 ᠮᠢᠩᠭᠠᠨ ᠺᠦᠷᠳ᠋ ᠵᠡᠷᠭᠡ ᠦᠨᠳᠦᠰᠦᠲᠡᠨ ᠶᠠᠰᠤᠲᠠᠨ ᠠᠮᠢᠳᠤᠷᠠᠳᠠᠭ᠃ ᠬᠢᠯᠢ ᠶᠢᠨ ᠴᠢᠨᠠᠳᠤ ᠳᠤ ᠲᠤᠬᠠᠶᠢᠯᠠᠪᠠᠯ ᠣᠷᠣᠰ᠂ ᠢᠰᠷᠸᠯ ᠵᠡᠷᠭᠡ ᠣᠷᠣᠨ ᠳᠤ 1 ᠰᠠᠶ᠎ᠠ ᠭᠠᠷᠤᠢ ᠭᠦᠷᠵᠢ ᠨᠦᠭᠦᠳ ᠠᠮᠢᠳᠤᠷᠠᠳᠠᠭ᠃ ᠨᠡᠶᠢᠲᠡ ᠬᠦᠮᠦᠨ ᠠᠮᠠ ᠶᠢᠨ 52 ᠬᠤᠪᠢ ᠨᠢ ᠬᠣᠲᠠ ᠰᠠᠭᠤᠷᠢᠨ ᠭᠠᠵᠠᠷ ᠲᠤ ᠠᠮᠢᠳᠤᠷᠠᠳᠠᠭ᠃ ᠳᠤᠮᠳᠠᠴᠢ ᠨᠠᠰᠤᠯᠠᠯᠲᠠ ᠡᠷᠡᠭᠲᠡᠢ 70, ᠡᠮᠡᠭᠲᠡᠢ 75 ᠨᠠᠰᠤᠯᠠᠨ᠎ᠠ᠃

ᠠᠯᠪᠠᠨ ᠶᠣᠰᠣᠨ ᠤ ᠬᠡᠯᠡ: ᠭᠦᠷᠦᠵᠢᠶ ᠠ

ᠱᠠᠰᠢᠨ ᠰᠢᠲᠦᠯᠭᠡ: ᠦᠨᠡᠨ ᠠᠯᠳᠠᠷᠲᠠᠨ ᠤ ᠱᠠᠰᠢᠨ ᠰᠢᠲᠦᠳᠡᠭ᠃

ᠨᠡᠶᠢᠰᠯᠡᠯ ᠬᠣᠲᠠ: ᠲᠤᠪᠢᠯᠢᠰ /1350 ᠮᠢᠩᠭᠠᠨ ᠬᠦᠮᠦᠨ ᠲᠡᠢ/

ᠵᠠᠰᠠᠭ ᠵᠠᠬᠢᠷᠭᠠᠨ ᠤ ᠪᠠᠶᠢᠳᠠᠯ: 9 ᠬᠢᠵᠠᠭᠠᠷ᠃ ᠨᠡᠶᠢᠰᠯᠡᠯ ᠬᠣᠲᠠ ᠲᠤᠪᠢᠯᠢᠰ /1350 ᠮᠢᠩᠭᠠᠨ ᠬᠦᠮᠦᠨ ᠲᠡᠢ/, ᠲᠣᠮᠣᠬᠠᠨ ᠬᠣᠲᠠ ᠨᠤᠭᠤᠳ ᠲᠤ ᠺᠦᠶᠢᠲ᠋ᠠᠢᠰᠢ /300 ᠮᠢᠩᠭᠠᠨ ᠬᠦᠮᠦᠨ/, ᠪᠠᠲ᠋ᠦ᠋ᠮᠢ /130 ᠮᠢᠩᠭᠠᠨ ᠬᠦᠮᠦᠨ/, ᠷᠦ᠋ᠰᠲᠠᠪᠢ /100 ᠮᠢᠩᠭᠠᠨ ᠬᠦᠮᠦᠨ/ ᠵᠡᠷᠭᠡ ᠬᠣᠲᠠ ᠪᠠᠭᠲᠠᠳᠠᠭ᠃

ᠲᠥᠷᠥ ᠶᠢᠨ ᠪᠠᠶᠢᠭᠤᠯᠤᠮᠵᠢ: ᠭᠦᠷᠦᠵᠢᠶ ᠠ ᠤᠯᠤᠰ ᠨᠢ БН ᠤᠯᠤᠰ ᠤᠨ ᠪᠦᠲᠦᠴᠡ ᠲᠡᠢ ᠪᠥᠭᠡᠳ ᠲᠥᠷᠥ ᠶᠢᠨ ᠲᠡᠷᠢᠭᠦᠨ ᠨᠢ ᠶᠡᠷᠦᠩᠬᠡᠶᠢᠯᠡᠭᠴᠢ᠂ ᠵᠠᠰᠠᠭ ᠤᠨ ᠭᠠᠵᠠᠷ ᠤᠨ ᠲᠡᠷᠢᠭᠦᠨ ᠨᠢ ᠶᠡᠷᠦᠩᠬᠡᠢ ᠰᠠᠶᠢᠳ ᠪᠠᠶᠢᠳᠠᠭ᠃ ᠬᠠᠤᠯᠢ ᠲᠣᠭᠲᠠᠭᠠᠬᠤ ᠳᠡᠭᠡᠳᠦ ᠪᠠᠶᠢᠭᠤᠯᠤᠯᠭ᠎ᠠ ᠨᠢ ᠨᠢᠭᠡ ᠲᠠᠩᠬᠢᠮ ᠳᠤ ᠳᠡᠭᠡᠳᠦ ᠵᠥᠪᠯᠡᠯ᠂ 235 ᠰᠠᠭᠤᠳᠠᠯ ᠲᠠᠢ᠃ ᠶᠡᠷᠦᠩᠬᠡᠶᠢᠯᠡᠭᠴᠢ ᠨᠢ ᠤᠯᠤᠰ ᠤᠨ ᠠᠶᠤᠯ ᠦᠭᠡᠢ ᠪᠠᠶᠢᠳᠠᠯ ᠢ ᠬᠠᠮᠠᠭᠠᠯᠠᠬᠤ ᠶᠠᠮᠤ ᠪᠣᠯᠤᠨ ᠪᠠᠲᠤᠯᠠᠨ ᠬᠠᠮᠠᠭᠠᠯᠠᠬᠤ ᠶᠠᠮᠤ ᠶᠢ ᠤᠳᠤᠷᠢᠳᠥᠳᠠᠭ᠃ ᠪᠤᠰᠤᠳ ᠶᠠᠮᠤ ᠶᠢ ᠶᠡᠷᠦᠩᠬᠡᠢ ᠰᠠᠶᠢᠳ ᠤᠳᠤᠷᠢᠳᠤᠨ᠎ᠠ᠃

ᠭᠦᠷᠦᠵᠢᠶ ᠠ ᠤᠯᠤᠰ ᠨᠢ ᠦᠢᠯᠡᠳᠪᠦᠷᠢ᠂ ᠬᠥᠳᠡᠭᠡ ᠠᠵᠤ ᠠᠬᠤᠢ ᠶᠢᠨ ᠣᠷᠣᠨ ᠪᠥᠭᠡᠳ ᠨᠡᠭᠦᠷᠡᠰᠦ᠂ ᠵᠡᠰ᠂ ᠭᠠᠵᠠᠷ ᠤᠨ ᠲᠣᠰᠣ᠂ ᠭᠠᠨᠲᠢᠭ ᠵᠡᠷᠭᠡ ᠠᠰᠢᠭᠲᠤ ᠮᠠᠯᠲᠠᠮᠠᠯ ᠢᠶᠠᠷ ᠪᠠᠶᠠᠯᠢᠭ ᠣᠷᠣᠨ ᠲᠡᠳᠦᠢ ᠦᠭᠡᠢ ᠡᠳᠡᠭᠡᠷ ᠢ ᠶᠡᠬᠡᠬᠡᠨ ᠬᠡᠮᠵᠢᠶ᠎ᠡ ᠪᠡᠷ ᠣᠯᠪᠤᠷᠢᠯᠠᠳᠠᠭ᠃ ᠭᠠᠨ᠂ ᠰᠢᠷᠡᠮᠦ᠂ ᠴᠤᠪᠢᠷᠠᠮᠠᠯ ᠪᠣᠯᠪᠠᠰᠤᠷᠠᠭᠤᠯᠵᠤ᠂ ᠰᠠᠭᠤᠷᠢ ᠮᠠᠰᠢᠨ᠂ ᠴᠠᠬᠢᠯᠭᠠᠨ ᠭᠠᠯᠲᠤ ᠲᠡᠷᠭᠡ᠂ ᠠᠴᠢᠶᠠᠨ ᠤ ᠮᠠᠰᠢᠨ᠂ ᠪᠦᠬᠦ ᠲᠥᠷᠥᠯ ᠦᠨ ᠴᠠᠬᠢᠯᠭᠠᠨ ᠪᠠᠷᠠᠭ᠎ᠠ ᠦᠢᠯᠡᠳᠪᠦᠷᠢᠯᠡᠬᠦ ᠡᠴᠡ ᠭᠠᠳᠠᠨ᠎ᠠ ᠪᠠᠷᠢᠯᠭ᠎ᠠ ᠶᠢᠨ ᠮᠠᠲ᠋ᠧᠷᠢᠶᠠᠯ ᠪᠣᠯᠤᠨ ᠡᠷᠦᠳᠡᠰᠦ ᠪᠣᠷᠳᠣᠭᠠᠨ ᠤ ᠦᠢᠯᠡᠳᠪᠦᠷᠢᠯᠡᠯ ᠶᠡᠬᠡᠬᠡᠨ ᠬᠥᠭᠵᠢᠭᠰᠡᠨ᠃ ᠴᠠᠢ᠂ ᠳᠠᠷᠠᠰᠤ᠂ ᠱᠠᠷᠤᠵᠠ᠂ ᠲᠠᠮᠠᠬᠢ ᠵᠡᠷᠭᠡ ᠶᠢ ᠶᠡᠬᠡ ᠬᠡᠮᠵᠢᠶ᠎ᠡ ᠪᠡᠷ ᠦᠢᠯᠡᠳᠪᠦᠷᠢᠯᠡᠵᠦ ᠡᠺᠰᠫᠣᠷᠲᠯᠠᠳᠠᠭ᠃ ᠭᠣᠣᠯᠴᠢᠯᠠᠨ ᠴᠠᠢ᠂ ᠨᠢᠮᠪᠡᠭᠡ᠂ ᠵᠦᠷᠵᠢ᠂ ᠤᠰᠤᠨ ᠦᠵᠦᠮ ᠦᠨ ᠪᠤᠲᠠ᠂ ᠤᠯᠠᠭᠠᠨ ᠪᠤᠭᠤᠳᠠᠢ᠂ ᠡᠷᠳᠡᠨᠢ ᠰᠢᠰᠢ᠂ ᠬᠦᠨᠡᠰᠦᠨ ᠦ ᠨᠣᠭᠣᠭ᠎ᠠ ᠵᠡᠷᠭᠡ ᠶᠢ ᠲᠠᠷᠢᠶᠠᠯᠠᠳᠠᠭ᠃ ᠬᠣᠨᠢ᠂ ᠦᠬᠡᠷ᠂ ᠭᠠᠬᠠᠢ ᠶᠢ ᠥᠰᠬᠡᠵᠦ ᠦᠷᠡᠵᠢᠭᠦᠯᠦᠨ᠎ᠡ᠃ 1612 ᠺᠢᠯᠣᠮᠧᠲ᠋ᠷ ᠲᠡᠮᠦᠷ ᠵᠠᠮ ᠲᠠᠢ᠃ 20363 ᠺᠢᠯᠣᠮᠧᠲ᠋ᠷ ᠠᠦ᠋ᠲ᠋ᠣ᠋ ᠵᠠᠮᠲᠠᠢ ᠠᠴᠠ 19038 ᠺᠢᠯᠣᠮᠧᠲ᠋ᠷ ᠨᠢ ᠬᠠᠲᠠᠭᠤ ᠬᠤᠴᠢᠯᠲᠠ ᠲᠠᠢ᠃

ᠮᠥᠩᠭᠥᠨ ᠲᠡᠮᠳᠡᠭᠲᠦ ᠨᠢ: ᠯᠠᠷᠢ /ᠯᠠ/ 1000 ᠯᠠ =0.42 ᠠᠮᠠ᠃ᠳ᠋ᠣᠯᠯᠠᠷ ᠲᠠᠢ ᠲᠡᠩᠴᠡᠨ᠎ᠡ᠃

ᠨᠢᠭᠡ ᠬᠦᠮᠦᠨ ᠳᠦ ᠣᠨᠣᠭᠳᠠᠬᠣ ᠦᠨᠳᠦᠰᠦᠨ ᠦ ᠨᠡᠶᠢᠲᠡ ᠪᠦᠲᠦᠭᠡᠭᠳᠡᠬᠦᠨ: 3100 ᠠᠮᠠ ᠳ᠋ᠣᠯᠯᠠᠷ

ᠠᠭᠤᠷ ᠠᠮᠢᠰᠬᠤᠯ ᠪᠠ ᠠᠨ ᠠᠮᠢᠲᠠᠳ: ᠭᠦᠷᠴᠢ ᠶᠢᠨ ᠠᠭᠤᠷ ᠠᠮᠢᠰᠬᠤᠯ ᠬᠠᠯᠠᠭᠤᠨ ᠪᠠ ᠰᠡᠷᠢᠭᠦᠨ ᠪᠥᠰᠡ ᠶᠢᠨ ᠵᠠᠪᠰᠠᠷ ᠤᠨ ᠰᠢᠨᠵᠢᠲᠡᠢ᠃ ᠵᠢᠯ ᠦᠨ ᠳᠤᠮᠳᠠᠴᠢ ᠬᠡᠮ ᠨᠢ 13 ᠭᠷᠠᠳᠦᠶᠢᠰ᠃ ᠥᠨᠳᠥᠷ ᠠᠭᠤᠯᠠ᠂ ᠲᠠᠯ᠎ᠠ ᠬᠡᠭᠡᠷ᠎ᠡ᠂ ᠨᠠᠮ ᠳᠣᠣᠷ᠎ᠠ ᠭᠠᠵᠠᠷ ᠵᠡᠷᠭᠡ ᠭᠠᠵᠠᠷ ᠵᠦᠢ ᠶᠢᠨ ᠪᠦᠰᠡᠴᠢᠯᠡᠯ ᠦᠨ ᠪᠦᠬᠦ ᠣᠨᠴᠠᠯᠢᠭ ᠰᠢᠨᠵᠢ ᠶᠢ ᠠᠭᠤᠯᠠᠭᠰᠠᠨ ᠭᠠᠵᠠᠷ ᠨᠤᠲᠤᠭ ᠶᠤᠮ᠃ ᠬᠠᠮᠤᠭ ᠤᠨ ᠥᠨᠳᠥᠷ ᠴᠡᠭ ᠨᠢ ᠱᡀᠠᠷᠠ ᠠᠭᠤᠯᠠ – 5201 ᠮ ᠶᠤᠮ᠃ ᠲᠣᠮᠣ ᠭᠣᠣᠯ ᠤᠳ ᠲᠤ ᠺᠦ᠋ᠷᠠ᠂ ᠷᠢᠣᠨᠠ᠂ ᠠᠯᠠᠵᠠᠨᠢ ᠨᠠᠷ ᠣᠷᠣᠨ᠎ᠠ᠃ ᠠᠭᠤᠯᠠᠷᠬᠠᠭ ᠨᠤᠲᠤᠭ ᠢᠶᠠᠷ 600 ᠭᠠᠷᠤᠢ ᠮᠥᠰᠦᠨ ᠭᠣᠣᠯ᠂ ᠣᠯᠠᠨ ᠲᠣᠭᠠᠨ ᠤ ᠦᠵᠡᠰᠬᠦᠯᠡᠩᠲᠦ ᠨᠠᠭᠤᠷ ᠪᠠᠶᠢᠳᠠᠭ᠃ ᠮᠥᠨ ᠠᠤᠯᠠᠯᠠᠰ ᠤᠨ ᠬᠣᠭᠣᠷᠣᠨᠳᠣ ᠦᠷᠡᠵᠢᠯ ᠰᠢᠮᠡᠲᠡᠢ ᠨᠤᠭᠤ ᠨᠤᠭᠤᠳ ᠪᠠᠶᠢᠳᠠᠭ᠃ ᠡᠪᠡᠷᠯᠢᠭ ᠮᠣᠳᠣ᠂ ᠴᠠᠷᠠᠰᠤ᠂ ᠲᠠᠤᠯᠠᠢ ᠶᠢᠨ ᠪᠥᠭᠡᠷ᠎ᠡ᠂ ᠳᠠᠯᠤ ᠮᠣᠳᠣ᠂ ᠳᠠᠯᠳᠤᠤ ᠮᠣᠳᠣ᠂ ᠵᠣᠳᠣᠭ᠎ᠠ᠂ ᠭᠠᠴᠤᠤᠷ ᠪᠦᠬᠦᠢ ᠣᠢ ᠲᠤᠰ ᠣᠷᠣᠨ ᠤ ᠨᠤᠲᠤᠭ ᠳᠡᠪᠢᠰᠬᠡᠷ ᠦᠨ 37 ᠬᠤᠪᠢ ᠶᠢ ᠡᠵᠡᠯᠡᠨ᠎ᠡ᠃ ᠴᠡᠴᠡᠭᠲᠦ ᠤᠷᠭᠤᠮᠠᠯ ᠤᠨ 4.5 ᠮᠢᠩᠭᠠᠨ ᠲᠥᠷᠥᠯ ᠵᠦᠢᠯ ᠲᠡᠢ᠃ ᠵᠡᠷᠯᠢᠭ ᠦᠬᠡᠷ᠂ ᠶᠠᠩᠭᠢᠷ᠂ ᠪᠠᠭᠠᠪᠠᠭᠠᠢ᠂ ᠪᠤᠭᠤ᠂ ᠪᠣᠷᠣ ᠭᠥᠷ ᠡᠴᠡ᠂ ᠰᠢᠯᠦᠭᠦᠰᠦ ᠵᠡᠷᠭᠡ ᠠᠨ ᠠᠮᠢᠲᠠᠳ ᠠᠴᠠ ᠭᠠᠳᠠᠨ᠎ᠠ ᠣᠯᠠᠨ ᠵᠦᠢᠯ ᠦᠨ ᠰᠢᠪᠠᠭᠤ᠂ ᠮᠣᠭᠠᠢ ᠲᠠᠭᠠᠷᠠᠯᠳᠤᠳᠠᠭ᠃

ᠲᠡᠦᠬᠡ ᠰᠤᠶᠤᠯ ᠤᠨ ᠳᠤᠷᠠᠰᠬᠠᠯ: ᠮᠴᠬᠧᠲ ᠤᠨ ᠰᠦᠮ᠎ᠡ (I ᠵᠠᠭᠤᠨ), ᠰᠢᠣᠨᠢ ᠴᠣᠭᠴᠢᠨ ᠳᠤᠭᠠᠩ (V ᠵᠠᠭᠤᠨ), ᠲᠤᠪᠢᠯᠢᠰ ᠳ᠋ᠡᠬᠢ ᠳᠠᠪᠢᠳᠠ ᠶᠢᠨ ᠰᠦᠮ᠎ᠡ (ᠵᠢᠷᠭᠤᠳᠤᠭᠠᠷ ᠵᠠᠭᠤᠨ), ᠰᠤᠬᠤᠮᠢ ᠳᠠᠬᠢ ᠳᠢᠣᠰᠺᠦ᠋ᠷ ᠤᠨ ᠤᠰᠤᠨ ᠳᠣᠣᠷᠠᠬᠢ ᠪᠠᠯᠭᠠᠰᠤ᠂ ᠭᠣᠷᠢ ᠳᠠᠬᠢ ᠢ᠃ᠸ᠃ᠰᠲ᠋ᠠᠯᠢᠨ ᠤ ᠭᠡᠷ ᠮᠦᠽᠧᠢ᠂ ᠫᠢᠼᠦᠨᠳᠧ ᠳᠠᠬᠢ ᠡᠷᠲᠡᠨ ᠦ ᠨᠠᠷᠠᠰᠤᠨ ᠲᠥᠭᠡᠯ ᠦᠨ ᠦᠯᠡᠳᠡᠴᠡ ᠵᠡᠷᠭᠡ ᠰᠣᠨᠢᠷᠬᠠᠯᠲᠠᠢ ᠠᠩᠬᠠᠷᠤᠯ ᠲᠠᠲᠠᠬᠤᠶᠢᠴᠠ ᠭᠠᠵᠠᠷ ᠤᠳ ᠣᠯᠠᠨ ᠪᠠᠶᠢᠳᠠᠭ᠃ ᠭᠠᠳᠠᠭᠠᠳᠤ ᠶᠢᠨ ᠵᠢᠭᠤᠯᠴᠢᠳ ᠭᠦᠷᠴᠢ ᠶᠢᠨ ᠲᠠᠭᠠᠯᠠᠮᠵᠢᠲᠠᠢ ᠠᠭᠤᠷ ᠠᠮᠢᠰᠬᠤᠯ᠂ ᠦᠵᠡᠰᠬᠦᠯᠡᠩ ᠲᠡᠢ ᠪᠠᠶᠢᠭᠠᠯᠢ᠂ ᠳᠠᠯᠠᠢ ᠶᠢᠨ ᠬᠠᠶᠠᠯᠭ᠎ᠠ᠂ ᠦᠨᠳᠦᠰᠦᠨ ᠦ ᠬᠣᠭᠣᠯᠠ ᠵᠡᠷᠭᠡ ᠳᠦ ᠳᠤᠷᠠᠲᠠᠢ᠃ ᠢᠷᠠᠭᠤ ᠨᠠᠶᠢᠷᠠᠭᠴᠢ ᠱᠣᠲ᠋ᠠ ᠷᠦ᠋ᠰᠲᠠᠸᠧᠯ᠂ ᠵᠣᠬᠢᠶᠠᠯᠴᠢ ᠭᠦᠨ ᠤᠬᠠᠭᠠᠨᠲᠠᠨ ᠢ᠃ᠴᠢᠪᠴᠢᠪᠠᠳ᠋ᠽᠧ᠂ ᠳ᠃ᠭᠤᠷᠮᠥᠰᠸᠢᠯᠢ᠂ ᠭᠤᠷᠮ᠎ᠠ ᠫᠠᠨᠵᠢᠺᠢᠽᠧ ᠵᠡᠷᠭᠡ ᠨᠡᠷ᠎ᠡ ᠴᠤᠤᠲᠠᠢ ᠬᠦᠮᠦᠰ ᠭᠦᠷᠴᠢ ᠶᠢᠨ ᠠᠷᠠᠳ ᠲᠦᠮᠡᠨ ᠦ ᠳᠤᠮᠳᠠ ᠠᠴᠠ ᠲᠥᠷᠦᠵᠢ ᠭᠠᠷᠤᠭᠰᠠᠨ ᠶᠤᠮ᠃

ᠲᠡᠦᠬᠡᠨ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳᠤᠮᠳᠠᠳᠤ ᠵᠠᠭᠤᠨ ᠤ ᠦᠶ᠎ᠡ ᠳᠦ ᠮᠣᠩᠭᠣᠯᠴᠤᠳ ᠤᠨ ᠪᠠᠷᠠᠭᠤᠨ ᠵᠦᠭ ᠬᠢᠭᠰᠡᠨ ᠰᠢᠷ᠎ᠠ ᠵᠠᠭᠠᠯᠮᠠᠶᠢᠲᠠᠨ ᠤ ᠠᠶᠠᠨ ᠳᠠᠶᠢᠨ ᠪᠤᠶᠤ ᠬᠦᠯᠦᠭ ᠬᠠᠭᠠᠨ ᠤ ᠠᠶᠠᠨ ᠳᠠᠶᠢᠨ ᠤ ᠦᠶ᠎ᠡ ᠳᠦ ᠮᠣᠩᠭᠣᠯᠴᠤᠳ ᠤᠨ ᠦᠨᠡᠨᠴᠢ ᠭᠠᠭᠴᠠ ᠬᠣᠯᠪᠣᠭᠠᠲᠠᠨ ᠨᠢ ᠠᠷᠮᠢᠩᠴᠢ ᠨᠤᠭᠤᠳ ᠪᠠᠶᠢᠭᠰᠠᠨ᠃
  • ᠳᠤᠮᠳᠠᠳᠤ ᠵᠠᠭᠤᠨ ᠤ ᠦᠶ᠎ᠡ ᠳᠦ ᠭᠦᠷᠵᠢ ᠨᠦᠭᠦᠳ ᠨᠢ ᠮᠣᠩᠭᠣᠯ ᠤᠨ ᠤᠳᠤᠷᠢᠳᠬᠤ ᠡᠷᠬᠡ ᠶᠢ ᠬᠦᠯᠢᠶᠡᠨ ᠵᠥᠪᠰᠢᠶᠡᠷᠡᠭᠰᠡᠨ ᠵᠠᠭᠠᠯᠮᠠᠢ ᠶᠢᠨ ᠱᠠᠰᠢᠨᠲᠤ ᠤᠯᠤᠰ ᠤᠳ ᠤᠨ ᠨᠢᠭᠡ ᠪᠠᠶᠢᠭᠰᠠᠨ ᠪᠥᠭᠡᠳ ᠬᠠᠭᠠᠨ ᠰᠢᠷᠡᠭᠡᠨ ᠳᠦ ᠨᠢ ᠥᠷᠢᠰᠦᠯᠳᠦᠵᠦ ᠪᠠᠶᠢᠭᠰᠠᠨ ᠬᠠᠨ ᠬᠥᠪᠡᠭᠦᠳ ᠨᠢ ᠬᠠᠷ᠎ᠠ ᠬᠣᠷᠢᠨ ᠬᠣᠳᠠ ᠳᠤ ᠣᠴᠢᠵᠤ ᠡᠷᠬᠡ ᠮᠡᠳᠡᠯ ᠭᠤᠶᠤᠵᠤ ᠪᠠᠶᠢᠭᠰᠠᠨ ᠲᠡᠦᠬᠡ ᠲᠡᠢ᠃
  • ᠭᠦᠷᠦᠵᠢᠶ ᠠ ᠨᠢ ᠣᠷᠣᠰ ᠤᠨ ᠬᠣᠯᠪᠣᠭᠠᠲᠠᠨ ᠣᠰᠧᠲ᠋ᠢᠨ ᠢ ᠪᠠᠶᠢᠯᠳᠤᠨ ᠡᠵᠡᠯᠡᠬᠦ ᠣᠷᠣᠯᠳᠤᠯᠭ᠎ᠠ ᠶᠢ ᠴᠡᠷᠢᠭ ᠦᠨ ᠬᠦᠴᠦ ᠪᠡᠷ ᠬᠡᠭᠰᠡᠨ ᠪᠣᠯᠪᠠᠴᠤ ᠣᠷᠣᠰ ᠤᠨ ᠴᠡᠷᠢᠭ ᠲᠦ ᠪᠤᠲᠠ ᠴᠣᠬᠢᠭᠤᠯᠤᠭᠰᠠᠨ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Article 8", Constitution of Georgia. In Abkhazia, also Abkhazian.
  2. 2.0 2.1 Georgia in CIA World Factbook, 2012.  (ᠠᠩᠭᠯ᠃)
  3. Statistics Georgia. Geostat. February 11, 2011 ᠍ ᠳᠦ ᠬᠠᠨᠳᠤᠭᠰᠠᠨ᠃
  4. 4.0 4.1 4.2 4.3 Georgia. International Monetary Fund. April 26, 2011 ᠍ ᠳᠦ ᠬᠠᠨᠳᠤᠭᠰᠠᠨ᠃
  5. Human Development Report (PDF). United Nations (2010). November 5, 2010 ᠍ ᠳᠦ ᠬᠠᠨᠳᠤᠭᠰᠠᠨ᠃
  6. Statistics Georgia. Geostat. February 11, 2011 ᠍ ᠳᠦ ᠬᠠᠨᠳᠤᠭᠰᠠᠨ᠃
  7. David M. Lang, A Modern History of Georgia, p. 109

ᠭᠠᠳᠠᠭᠰᠢ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ