ᠭᠤᠷᠪᠠᠨ ᠬᠡᠮᠵᠢᠶᠡᠰᠦ ᠳᠦ ᠬᠡᠪᠯᠡᠭᠴᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ORDbot ᠺᠸᠠᠨᠲ 3 ᠬᠡᠮᠵᠢᠶᠡᠰᠦᠲᠦ ᠬᠡᠪᠯᠡᠭᠴᠢ
Airwolf 3 ᠬᠡᠮᠵᠢᠶᠡᠰᠦᠲᠦ ᠬᠡᠪᠯᠡᠭᠴᠢ
ᠹᠠᠢᠢᠯ:Hyperboloid Print.ogv
3 ᠬᠡᠮᠵᠢᠶᠡᠰᠦᠲᠦ ᠬᠡᠪᠯᠡᠯᠲᠡ ᠶᠢᠨ ᠶᠠᠪᠤᠴᠠ

ᠭᠤᠷᠪᠠᠨ ᠬᠡᠮᠵᠢᠶᠡᠰᠦᠳᠦ ᠬᠡᠪᠯᠡᠭᠴᠢ (3 ᠬᠡᠮᠵᠢᠶᠡᠰᠦᠲᠦ ᠬᠡᠪᠯᠡᠭᠴᠢ᠂ ᠠᠩᠭᠯᠢ ᠪᠠᠷ 3D printer᠂ ᠬᠢᠲᠠᠳ ᠶ᠋ᠢᠷ 3D打印 ) ᠨᠢ ᠶᠠᠮᠠᠷ ᠴᠤ ᠬᠡᠯᠪᠡᠷᠢ ᠳᠦᠷᠰᠦ ᠪᠦᠬᠦᠢ ᠪᠡᠶ᠎ᠡ ᠳᠦ ᠳᠦᠷᠰᠦ ᠶᠢ ᠳ᠋ᠢᠵᠢᠲᠠᠯ᠎ᠠ ᠵᠠᠭᠪᠤᠷ ᠠᠴᠠ ᠬᠡᠪᠯᠡᠬᠦ ᠲᠥᠬᠥᠭᠡᠷᠦᠮᠵᠢ ᠶᠤᠮ᠃ ᠡᠬᠡ ᠪᠡᠯᠡᠳᠴᠡ ᠡᠴᠡ ᠤᠬᠤᠬᠤ᠂ ᠬᠢᠷᠦᠭᠡᠳᠡᠬᠦ᠂ ᠰᠡᠶᠢᠯᠬᠦ ᠵᠡᠷᠭᠡ ᠪᠡᠷ ᠬᠠᠰᠤᠵᠤ ᠪᠡᠯᠡᠳᠳᠡᠭ ᠤᠯᠠᠮᠵᠢᠯᠠᠯᠲᠤ ᠪᠡᠶᠡᠲᠦ ᠳᠦᠷᠰᠦ ᠪᠦᠲᠦᠭᠡᠬᠦ ᠠᠷᠭ᠎ᠠ ᠠᠴᠠ ᠢᠯᠭᠠᠭ᠎ᠠ ᠲᠠᠢ ᠨᠢ᠂ ᠭᠤᠷᠪᠠᠨ ᠬᠡᠮᠵᠢᠶᠡᠰᠦᠳᠦ ᠬᠡᠪᠯᠡᠭᠴᠢ ᠨᠢ ᠦᠶ᠎ᠡ ᠦᠶ᠎ᠡ ᠪᠡᠷ ᠨᠢ ᠳᠠᠪᠬᠤᠷᠯᠠᠨ ᠨᠡᠮᠡᠬᠦ ᠵᠠᠷᠴᠢᠮ ᠢᠶᠠᠷ ᠠᠵᠢᠯᠯᠠᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ 1980 ᠡᠤᠨ ᠣᠷᠴᠢᠮ 3 ᠬᠡᠮᠵᠢᠶᠡᠳᠦ ᠬᠡᠪᠯᠡᠭᠴᠢ ᠶᠢᠨ ᠰᠠᠨᠠᠭ᠎ᠠ ᠭᠠᠷᠤᠨ ᠪᠦᠲᠦᠭᠡᠭᠳᠡᠭᠰᠡᠨ ᠪᠣᠯᠪᠠᠴᠤ 2010 ᠍ ᠳᠦ ᠡᠤᠨ ᠤ ᠡᠬᠢᠨ ᠬᠦᠷᠲᠡᠯ᠎ᠡ ᠰᠠᠶᠢᠲᠤᠷ ᠰᠤᠳᠤᠯᠤᠭᠳᠠᠵᠤ᠂ ᠪᠣᠷᠣᠯᠠᠭᠤᠯᠤᠯᠲᠠᠨ ᠳᠤ ᠭᠠᠷᠤᠭ᠎ᠠ ᠦᠭᠡᠢ ᠪᠠᠶᠢᠭᠰᠠᠨ ᠶᠤᠮ᠃ ᠬᠠᠮᠤᠭ ᠤᠨ ᠠᠩᠬᠠᠨ ᠤ ᠠᠮᠵᠢᠯᠲᠠ ᠲᠠᠢ 3 ᠬᠡᠮᠵᠢᠶᠡᠰᠦᠲᠦ ᠬᠡᠪᠯᠡᠭᠴᠢ ᠶᠢ 1984 ᠡᠤᠨ ᠳᠤ ᠴᠠᠺ ᠬᠠᠯ ᠭᠡᠳᠡᠭ ᠬᠦᠮᠦᠨ ᠪᠦᠲᠦᠭᠡᠵᠡᠢ᠃ 21 ᠵᠠᠭᠤᠨ ᠤ ᠡᠬᠢ ᠪᠡᠷ ᠡᠨᠡᠬᠦ ᠲᠥᠬᠥᠭᠡᠷᠦᠮᠵᠢ ᠶᠢᠨ ᠵᠠᠬ᠎ᠠ ᠵᠡᠭᠡᠯᠢ ᠳᠦ ᠶᠡᠬᠡᠬᠡᠨ ᠥᠰᠦᠯᠲᠡ ᠭᠠᠷᠤᠭᠰᠠᠨ ᠪᠠ ᠦᠨ᠎ᠡ ᠨᠢ ᠴᠤ ᠪᠣᠯᠤᠮᠵᠢ ᠶᠢᠨ ᠪᠣᠯᠤᠨ ᠪᠠᠭᠤᠷᠠᠵᠤ ᠪᠠᠶᠢᠨ᠎ᠠ᠃ 2012 ᠡᠤᠨ ᠳᠤ 3 ᠬᠡᠮᠵᠢᠶᠡᠰᠦᠲᠦ ᠬᠡᠪᠯᠡᠭᠴᠢ ᠶᠢᠨ ᠵᠠᠬ᠎ᠠ ᠵᠡᠭᠡᠯᠢ 2.2 ᠲᠡᠷᠪᠤᠮ ᠳ᠋ᠣᠯᠯᠠᠷ ᠲᠤ ᠬᠦᠷᠴᠦ 2011 ᠡᠤᠨ ᠤ ᠬᠢ ᠠᠴᠠ 29 ᠬᠤᠪᠢ ᠪᠡᠷ ᠥᠰᠴᠠᠢ᠃

ᠨᠡᠷ᠎ᠡ ᠲᠣᠮᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

"ᠨᠡᠮᠡᠵᠦ ᠪᠣᠯᠪᠠᠰᠤᠷᠠᠭᠤᠯᠤᠯᠲᠠ ᠬᠢᠬᠦ" ᠭᠡᠳᠡᠭ ᠨᠡᠷ᠎ᠡ ᠲᠣᠮᠢᠶ᠎ᠠ ᠨᠢ ᠶᠡᠷᠦᠩᠬᠡᠢ ᠳᠤ ᠪᠡᠨ ᠪᠣᠯ ᠦᠶ᠎ᠡ ᠦᠶ᠎ᠡ ᠪᠡᠷ ᠨᠢ ᠳᠠᠪᠬᠤᠷᠯᠠᠨ ᠨᠡᠮᠡᠬᠦ ᠵᠠᠷᠴᠢᠮ ᠤᠨ ᠳᠠᠭᠠᠤ ᠶᠠᠮᠠᠷ ᠨᠢᠭᠡᠨ ᠣᠪᠢᠶᠧᠺᠲ ᠪᠤᠶᠤ ᠪᠦᠲᠦᠭᠡᠭᠳᠡᠬᠦᠨ ᠢ ᠪᠦᠲᠦᠭᠡᠳᠡᠭ ᠲᠧᠭᠨᠣᠯᠣᠭᠢ ᠶᠢᠨ ᠲᠠᠯ᠎ᠠ ᠪᠠᠷ ᠶᠠᠷᠢᠬᠤ ᠳᠤ ᠬᠡᠷᠡᠭᠯᠡᠭᠳᠡᠳᠡᠭ᠃ ᠡᠨᠡ ᠠᠷᠭ᠎ᠠ ᠪᠠᠷ ᠪᠦᠲᠦᠭᠡᠭᠳᠡᠭᠰᠡᠨ ᠪᠦᠲᠦᠭᠡᠭᠳᠡᠬᠦᠨ ᠨᠦᠭᠦᠳ ᠢ ᠠᠮᠢᠳᠤᠷᠠᠯ ᠤᠨ ᠬᠢ ᠨᠢ ᠮᠥᠴᠡᠯᠭᠡ ᠶᠢᠨ ᠠᠯᠢ ᠴᠤ ᠦᠶ᠎ᠡ ᠳᠦ ᠬᠡᠷᠡᠭᠯᠡᠵᠦ ᠪᠣᠯᠬᠤ ᠪᠠ ᠶᠡᠬᠡ ᠬᠡᠮᠵᠢᠶᠡᠨ ᠦ ᠦᠢᠯᠡᠳᠪᠦᠷᠢᠯᠡᠯ ᠶᠠᠪᠤᠭᠳᠠᠵᠤ ᠡᠬᠢᠯᠡᠬᠦ ᠳᠦ ᠴᠤ ᠠᠰᠢᠭᠯᠠᠵᠤ ᠪᠣᠯᠳᠠᠭ᠃

ᠦᠢᠯᠡᠳᠪᠦᠷᠢᠯᠡᠯ ᠪᠣᠯᠤᠨ (ᠢᠯᠠᠩᠭᠤᠶ᠎ᠠ) ᠮᠠᠰᠢᠨ ᠲᠣᠨᠣᠭ ᠲᠥᠬᠥᠭᠡᠷᠦᠮᠵᠢ ᠪᠡᠷ ᠪᠣᠯᠪᠠᠰᠤᠷᠠᠭᠤᠯᠤᠯᠲᠠ ᠬᠢᠬᠦ ᠶᠢᠨ ᠬᠤᠪᠢ ᠳᠤ 《 ᠬᠠᠰᠤᠬᠤ》 ᠠᠷᠭ᠎ᠠ ᠨᠢ ᠤᠯᠠᠮᠵᠢᠯᠠᠯᠲᠤ ᠪᠥᠭᠡᠳ ᠢᠯᠡᠭᠦᠦ ᠲᠦᠭᠡᠮᠡᠯ ᠶᠤᠮ᠃ ᠶᠡᠷᠦᠩᠬᠡᠢ ᠳᠤ ᠪᠡᠨ ᠪᠣᠯ《ᠬᠠᠰᠤᠵᠤ ᠪᠣᠯᠪᠠᠰᠤᠷᠠᠭᠤᠯᠤᠯᠲᠠ ᠬᠢᠬᠦ》 ᠪᠣᠯᠤᠨ 《ᠨᠡᠮᠡᠵᠦ ᠪᠣᠯᠪᠠᠰᠤᠷᠠᠭᠤᠯᠤᠯᠲᠠ ᠬᠢᠬᠦ》 ᠭᠡᠳᠡᠭ ᠨᠡᠷ᠎ᠡ ᠲᠣᠮᠢᠶ᠎ᠠ ᠨᠤᠭᠤᠳ ᠰᠡᠭᠦᠯ ᠦᠨ ᠤᠨ ᠵᠢᠯ ᠦᠳ ᠲᠤ ᠬᠡᠷᠡᠭᠯᠡᠭᠳᠡᠬᠦ ᠪᠣᠯᠤᠭᠰᠠᠨ ᠪᠠ ᠬᠣᠭᠣᠷᠣᠨᠳᠣ ᠨᠢ ᠢᠯᠭᠠᠵᠤ ᠰᠠᠯᠭᠠᠬᠤ ᠳᠤ ᠭᠠᠷᠴᠤ ᠢᠷᠡᠭᠰᠡᠨ ᠨᠡᠷ᠎ᠡ ᠲᠣᠮᠢᠶ᠎ᠠ ᠶᠤᠮ᠃ ᠬᠡᠳᠦᠢ ᠪᠡᠷ ᠲᠡᠮᠦᠷ ᠵᠦᠢᠯᠡᠰ ᠢ ᠠᠯᠢ ᠡᠷᠲᠡ ᠳᠡᠭᠡᠷ᠎ᠡ ᠦᠶᠡᠰ ᠡᠬᠢᠯᠡᠨ ᠬᠣᠭᠣᠷᠣᠨᠳᠣ ᠨᠢ ᠬᠣᠯᠪᠣᠵᠤ᠂ ᠨᠡᠶᠢᠯᠡᠭᠦᠯᠵᠦ᠂ ᠨᠡᠮᠡᠬᠦ ᠮᠠᠶ᠋ᠢᠭ ᠢᠶᠠᠷ ᠪᠦᠲᠦᠭᠡᠭᠳᠡᠬᠦᠨ ᠪᠣᠯᠪᠠᠰᠤᠷᠠᠭᠤᠯᠵᠤ ᠢᠷᠡᠭᠰᠡᠨ ᠪᠣᠯᠪᠠᠴᠤ ᠬᠦᠮᠦᠰ ᠲᠦ ᠰᠢᠭᠤᠳ ᠲᠡᠳᠡᠭᠡᠷ ᠢ ᠳ᠋ᠢᠵᠢᠲᠠᠯ᠎ᠠ ᠳᠡᠯᠭᠡᠴᠡᠨ ᠡᠴᠡ ᠪᠠᠭᠤᠯᠭᠠᠨ 《ᠨᠡᠮᠡᠵᠦ ᠪᠣᠯᠪᠠᠰᠤᠷᠠᠭᠤᠯᠤᠯᠲᠠ ᠬᠢᠬᠦ》 ᠠᠷᠭ᠎ᠠ ᠪᠠᠷ ᠮᠣᠳᠧᠯ ᠭᠠᠷᠭᠠᠬᠤ ᠪᠣᠯᠤᠮᠵᠢ ᠨᠢ ᠪᠠᠶᠢᠭ᠎ᠠ ᠦᠭᠡᠢ ᠶᠤᠮ᠃ (ᠲᠡᠮᠦᠷ ᠡᠳ᠋ᠯᠡᠯ ᠢ ᠬᠣᠯᠪᠣᠵᠤ ᠨᠡᠶᠢᠯᠡᠭᠦᠯᠬᠦ ᠠᠷᠭ᠎ᠠ ᠠᠴᠠ ᠳᠤᠷᠠᠳᠪᠠᠯ: ᠭᠠᠩᠨᠠᠬᠤ᠂ ᠲᠠᠪᠠᠯᠠᠨ ᠬᠠᠳᠤᠬᠤ᠂ ᠲᠡᠮᠦᠷ ᠢ ᠳᠠᠪᠲᠠᠬᠤ᠂ ᠪᠣᠭᠣᠬᠤ᠂ ᠭᠡᠬᠦ ᠮᠡᠲᠦ) ᠬᠠᠷᠢᠨ ᠮᠠᠰᠢᠨ ᠲᠣᠨᠣᠭ ᠲᠥᠬᠦᠭᠡᠷᠦᠮᠵᠢ ᠪᠡᠷ ᠪᠣᠯᠪᠠᠰᠤᠷᠠᠭᠤᠯᠤᠯᠲᠠ ᠬᠢᠬᠦ ᠶᠠᠪᠤᠳᠠᠯ ᠨᠢ ᠶᠡᠷᠦᠩᠬᠡᠢ ᠳᠤ ᠪᠡᠨ ᠪᠣᠯ 《ᠬᠠᠰᠤᠵᠤ ᠪᠣᠯᠪᠠᠰᠤᠷᠠᠭᠤᠯᠤᠯᠲᠠ ᠬᠢᠬᠦ》 ᠠᠷᠭᠠᠨ ᠳᠤ ᠬᠠᠮᠢᠶᠠᠷᠤᠭᠳᠠᠬᠤ ᠪᠠ ᠢᠩᠭᠢᠬᠦ ᠳᠦ ᠪᠡᠨ ᠡᠳ᠋ ᠵᠦᠢᠯᠡᠰ ᠢ ᠥᠷᠥᠮᠳᠡᠵᠦ᠂ ᠦᠷᠦᠵᠦ᠂ ᠪᠢᠴᠠᠯᠵᠤ᠂ ᠪᠤᠲᠠᠯᠠᠵᠤ ᠪᠣᠯᠤᠨ ᠵᠢᠷᠤᠳᠠᠭ᠃

ᠲᠡᠭᠦᠨ ᠡᠴᠡ ᠭᠠᠳᠠᠨ᠎ᠠ ᠠᠩᠬ᠎ᠠ 《Cᠲᠧᠷᠧᠣᠯᠢᠲ᠋ᠣᠭᠷᠠᠹᠢᠶ᠎ᠠ》 ᠭᠡᠳᠡᠭ ᠨᠡᠷ᠎ᠡ ᠲᠣᠮᠢᠶ᠎ᠠ ᠶᠢ ᠴᠠᠺ ᠬᠠᠯ 1984 ᠡᠤᠨ ᠳᠤ ᠫᠠᠲ᠋ᠧᠨᠲ ᠤᠨ ᠡᠷᠬᠡ ᠠᠪᠬᠤ ᠳᠤ ᠪᠠᠨ ᠭᠠᠷᠭᠠᠵᠤ ᠢᠷᠡᠭᠰᠡᠨ ᠪᠠ ᠡᠨᠡ ᠨᠢ 《ᠭᠤᠷᠪᠠᠨ ᠬᠡᠮᠵᠢᠶᠡᠰᠦᠳᠦ ᠡᠳ᠋ ᠵᠦᠢᠯ ᠢ ᠪᠦᠲᠦᠭᠡᠬᠦ ᠳᠦ ᠬᠡᠷᠡᠭᠯᠡᠳᠡᠭ ᠣᠯᠠᠨ ᠪᠦᠯᠦᠭ ᠳᠠᠪᠬᠤᠷᠭ᠎ᠠ ᠶᠢ ᠬᠠᠮᠤᠷᠤᠭᠰᠠᠨ ᠦᠢᠯᠡᠳᠪᠦᠷᠢᠯᠡᠯ ᠪᠣᠯᠪᠠᠰᠤᠷᠠᠭᠤᠯᠤᠯᠲᠠ ᠶᠢᠨ ᠰᠢᠰᠲ᠋ᠧᠮ》ᠬᠡᠮᠡᠨ ᠲᠠᠶᠢᠯᠪᠤᠷᠢᠯᠠᠭᠰᠠᠨ ᠪᠠᠶᠢᠨ᠎ᠠ᠃[1]

ᠠᠵᠢᠯᠯᠠᠬᠤ ᠶᠡᠷᠦᠩᠬᠡᠢ ᠵᠠᠷᠴᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠮᠭᠡᠨ ᠦᠶ᠎ᠡ ᠨᠦᠭᠦᠳ ᠢ ᠳᠠᠪᠬᠤᠷᠯᠠᠨ ᠬᠡᠪᠯᠡᠨ᠎ᠡ᠃

ᠬᠡᠪᠯᠡᠯ ᠦᠨ ᠡᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

3 ᠬᠡᠮᠵᠢᠶᠡᠰᠦᠲᠦ ᠬᠡᠪᠯᠡᠯ ᠦᠨ ᠡᠬᠡ ᠶᠢ ᠺᠣᠮᠫᠢᠶᠦ᠋ᠲ᠋ᠧᠷ ᠢᠶᠠᠷ ᠪᠣᠯᠤᠨ 3 ᠬᠡᠮᠵᠢᠶᠡᠰᠦᠲᠦ ᠰᠺᠠᠨᠧᠷ ᠢᠶᠠᠷ ᠪᠡᠯᠡᠳᠦᠨ᠎ᠡ᠃ 3 ᠬᠡᠮᠵᠢᠶᠡᠰᠦᠲᠦ ᠬᠡᠪᠯᠡᠯ ᠦᠨ ᠡᠬᠡ ᠪᠡᠯᠡᠳᠬᠦ ᠨᠢ ᠡᠩ ᠦᠨ ᠬᠡᠷᠡᠭᠯᠡᠭᠴᠢᠳ ᠲᠦ ᠠᠮᠠᠷ ᠦᠭᠡᠢ ᠠᠵᠢᠯ ᠶᠤᠮ᠃ ᠲᠡᠶᠢᠮᠦ ᠴᠤ ᠪᠣᠯᠬᠣᠷ ᠰᠡᠭᠦᠯ ᠦᠨ ᠦᠶ᠎ᠡ ᠳᠦ ᠬᠡᠳᠦ ᠬᠡᠳᠦᠨ 3 ᠬᠡᠮᠵᠢᠶᠡᠰᠦᠲᠦ ᠬᠡᠪᠯᠡᠯ ᠦᠨ ᠭᠠᠵᠠᠷ ᠤᠳ[2] ᠪᠠᠶᠢᠭᠤᠯᠤᠭᠳᠠᠵᠤ ᠪᠠᠶᠢᠨ᠎ᠠ᠃

ᠬᠡᠪᠯᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠪᠯᠡᠬᠦ ᠳᠦ ᠪᠡᠨ᠂ ᠬᠡᠪᠯᠡᠭᠴᠢ STL ᠹᠠᠢᠯ ᠠᠴᠠ ᠵᠠᠭᠪᠤᠷ ᠢ ᠤᠩᠰᠢᠭᠠᠳ᠂ ᠰᠢᠩᠭᠡᠨ᠂ ᠨᠤᠨᠲᠠᠭ ᠵᠡᠷᠭᠡ ᠬᠡᠷᠡᠭᠴᠡᠭᠡᠲᠦ ᠬᠣᠣᠷ ᠢᠶᠠᠷ ᠬᠥᠨᠳᠡᠯᠡᠨ ᠣᠭᠲᠣᠯᠤᠯ ᠤᠨ ᠳᠠᠭᠠᠤ ᠨᠢᠮᠭᠡᠨ ᠦᠶ᠎ᠡ ᠨᠦᠭᠦᠳ ᠢ ᠳᠡᠭᠡᠷ᠎ᠡ ᠳᠡᠭᠡᠷ᠎ᠡ ᠡᠴᠡ ᠨᠢ ᠳᠠᠪᠬᠤᠷᠯᠠᠨ ᠲᠠᠯᠪᠢᠳᠠᠭ᠃ ᠡᠳᠡᠭᠡᠷ ᠦᠶ᠎ᠡ ᠨᠦᠭᠦᠳ ᠨᠢ ᠬᠣᠭᠣᠷᠣᠨᠳᠣ ᠪᠠᠨ ᠪᠠᠷᠢᠴᠠᠯᠳᠤᠨ ᠨᠢᠭᠡ ᠴᠤᠯᠤ ᠪᠡᠶᠡᠲᠦ ᠪᠣᠯᠵᠤ ᠡᠴᠦᠰ ᠦᠨ ᠪᠦᠲᠦᠭᠡᠭᠳᠡᠬᠦᠨ ᠪᠤᠢ ᠪᠣᠯᠤᠨ᠎ᠠ᠃ ᠡᠨᠡᠬᠦ ᠠᠷᠭ᠎ᠠ ᠶᠢᠨ ᠨᠢᠭᠡ ᠴᠢᠬᠤᠯᠠ ᠳᠠᠪᠠᠭᠤ ᠲᠠᠯ᠎ᠠ ᠨᠢ ᠶᠠᠮᠠᠷ ᠴᠤ ᠬᠡᠯᠪᠡᠷᠢ ᠳᠦᠷᠰᠦ ᠪᠦᠬᠦᠢ ᠪᠡᠶᠡᠲᠦ ᠶᠢ ᠪᠦᠲᠦᠭᠡᠵᠦ ᠪᠣᠯᠬᠤ ᠶᠠᠪᠤᠳᠠᠯ ᠶᠤᠮ᠃

ᠬᠡᠪᠯᠡᠭᠴᠢ ᠶᠢᠨ ᠨᠠᠷᠢᠪᠴᠢᠯᠠᠯ ᠭᠡᠳᠡᠭ ᠢᠶᠡᠷ ᠬᠡᠪᠯᠡᠬᠦ ᠦᠶ᠎ᠡ ᠶᠢᠨ ᠵᠤᠵᠠᠭᠠᠨ ᠪᠣᠯᠤᠨ ᠬ-ᠤ ᠨᠠᠷᠢᠪᠴᠢᠯᠠᠯ ᠢ ᠬᠡᠯᠡᠨ᠎ᠡ᠃ ᠲᠦᠭᠡᠮᠡᠯ ᠬᠡᠷᠡᠭᠯᠡᠭᠳᠡᠵᠦ ᠪᠤᠢ ᠬᠡᠪᠯᠡᠭᠴᠢ ᠶᠢᠨ ᠬᠡᠪᠯᠡᠬᠦ ᠨᠢᠭᠡ ᠦᠶ᠎ᠡ ᠶᠢᠨ ᠵᠤᠵᠠᠭᠠᠨ ᠨᠢ 100 ᠮᠺᠮ ᠣᠷᠴᠢᠮ ᠪᠠᠶᠢᠭ᠎ᠠ ᠪᠣᠯ 16 ᠮᠺᠮ ᠶᠢᠨ ᠵᠤᠵᠠᠭᠠᠨ ᠲᠠᠢ ᠦᠶ᠎ᠡ ᠪᠡᠷ ᠬᠡᠪᠯᠡᠵᠦ ᠪᠤᠢ ᠬᠡᠪᠯᠡᠭᠴᠢ ᠴᠤ ᠪᠠᠶᠢᠳᠠᠭ᠃ ᠬ-ᠤ ᠨᠠᠷᠢᠪᠴᠢᠯᠠᠯ ᠨᠢ ᠣᠶᠢᠷᠠᠯᠴᠠᠭ᠎ᠠ ᠪᠠᠷ 50-100 ᠮᠺᠮ ᠪᠠᠶᠢᠨ᠎ᠠ᠃

ᠥᠨᠥ ᠶᠢᠨ ᠠᠷᠭ᠎ᠠ ᠪᠠᠷ ᠶᠠᠮᠠᠷᠪᠠ ᠵᠦᠢᠯ ᠪᠦᠲᠦᠭᠡᠬᠦ ᠳᠦ ᠪᠦᠲᠦᠭᠡᠭᠳᠡᠬᠦᠨ ᠦ ᠬᠡᠯᠪᠡᠷᠢ᠂ ᠬᠡᠮᠵᠢᠶ᠎ᠡ᠂ ᠬᠡᠷᠡᠭᠯᠡᠭᠳᠡᠵᠦ ᠪᠤᠢ ᠠᠷᠭ᠎ᠠ ᠵᠡᠷᠭᠡ ᠡᠴᠡ ᠰᠢᠯᠲᠠᠭᠠᠯᠠᠨ ᠬᠡᠳᠦᠨ ᠴᠠᠭ ᠠᠴᠠ ᠬᠡᠳᠦᠨ ᠡᠳᠦᠷ ᠬᠦᠷᠲᠡᠯ᠎ᠡ ᠦᠷᠭᠦᠯᠵᠢᠯᠡᠳᠡᠭ ᠪᠣᠯ ᠨᠡᠮᠡᠵᠦ ᠪᠣᠯᠪᠠᠰᠤᠷᠠᠭᠤᠯᠤᠯᠲᠠ ᠬᠢᠬᠦ ᠠᠷᠭ᠎ᠠ ᠪᠠᠷ ᠡᠨᠡ ᠬᠤᠭᠤᠴᠠᠭ᠎ᠠ ᠶᠢ ᠬᠡᠳᠦᠬᠡᠨ ᠴᠠᠭ ᠪᠣᠯᠭᠠᠨ ᠪᠠᠭᠤᠷᠠᠭᠤᠯᠵᠤ ᠪᠣᠯᠬᠤ ᠶᠤᠮ᠃

ᠴᠢᠳᠬᠤᠬᠤ ᠵᠡᠷᠭᠡ ᠤᠯᠪᠠᠵᠢᠯᠠᠯ ᠳᠤ ᠠᠷᠭ᠎ᠠ ᠪᠠᠷ ᠶᠡᠬᠡ ᠬᠡᠮᠵᠢᠶᠡᠨ ᠦ ᠬᠤᠪᠠᠨᠴᠠᠷ ᠪᠦᠲᠦᠭᠡᠭᠳᠡᠬᠦᠨ ᠦᠢᠯᠡᠳᠪᠦᠷᠢᠯᠡᠬᠦ ᠨᠢ ᠬᠢᠮᠳᠠ ᠪᠣᠯᠪᠠᠴᠤ ᠨᠡᠮᠡᠵᠦ ᠪᠣᠯᠪᠠᠰᠤᠷᠠᠭᠤᠯᠤᠯᠲᠠ ᠬᠢᠬᠦ ᠠᠷᠭ᠎ᠠ ᠪᠠᠷ ᠢᠯᠡᠭᠦᠦ ᠬᠤᠷᠳᠤᠨ ᠦᠢᠯᠡᠳᠪᠦᠷᠢᠯᠡᠵᠦ ᠪᠣᠯᠬᠤ ᠶᠤᠮ᠃ ᠮᠥᠨ ᠴᠥᠭᠡᠨ ᠲᠣᠭᠠᠲᠠᠢ ᠦᠯᠡᠳᠡᠪᠦᠷᠢᠯᠡᠬᠦ ᠳᠦ ᠨᠡᠮᠡᠵᠦ ᠪᠣᠯᠪᠠᠰᠤᠷᠠᠭᠤᠯᠤᠯᠲᠠ ᠬᠢᠬᠦ ᠠᠷᠭ᠎ᠠ ᠨᠢ ᠢᠯᠡᠭᠦᠦ ᠬᠢᠮᠳᠠ ᠲᠤᠰᠳᠠᠭ᠃

ᠮᠥᠨ ᠪᠠᠭ᠎ᠠ ᠣᠪᠣᠷ ᠤᠨ 3 ᠬᠡᠮᠵᠢᠶᠡᠰᠦᠲᠦ ᠬᠡᠪᠯᠡᠭᠴᠢ ᠪᠡᠷ ᠠᠯᠢᠪᠠ ᠵᠦᠢᠯ ᠦᠨ ᠪᠦᠷᠢᠳᠦᠯ ᠬᠡᠰᠡᠭ ᠦᠳ ᠢ ᠬᠡᠪᠯᠡᠭᠡᠳ ᠳᠠᠷᠠᠭ᠎ᠠ ᠨᠢ ᠤᠭᠰᠠᠷᠠᠵᠤ ᠨᠢᠭᠡᠳᠬᠡᠬᠦ ᠪᠣᠯᠤᠮᠵᠢ ᠲᠠᠢ ᠶᠤᠮ᠃ ᠣᠯᠠᠨ ᠥᠩᠭᠡ ᠪᠡᠷ ᠵᠡᠷᠭᠡ ᠬᠡᠪᠯᠡᠵᠦ ᠪᠣᠯᠬᠤᠶᠢᠴᠠ 3 ᠬᠡᠮᠵᠢᠶᠡᠰᠦᠲᠦ ᠬᠡᠪᠯᠡᠭᠴᠢ ᠴᠤ ᠪᠤᠢ᠃


ᠰᠢᠨ᠎ᠡ ᠳᠡᠪᠰᠢᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 3 ᠬᠡᠮᠵᠢᠶᠡᠰᠦᠲᠦ ᠬᠡᠪᠯᠡᠭᠴᠢ ᠪᠡᠷ ᠲᠡᠮᠦᠷ᠂ ᠬᠤᠪᠠᠨᠴᠠᠷ᠂ ᠺᠧᠷᠠᠮᠢᠺ ᠭᠡᠳ ᠪᠠᠷᠤᠭ ᠪᠦᠬᠦ ᠲᠥᠷᠥᠯ ᠦᠨ ᠮᠠᠲ᠋ᠧᠷᠢᠶᠠᠯ ᠢᠶᠠᠷ ᠪᠦᠬᠦ ᠲᠥᠷᠥᠯ ᠦᠨ ᠵᠦᠢᠯᠡᠰ ᠢ ᠬᠢᠬᠦ ᠪᠠ ᠮᠠᠰᠢ ᠨᠠᠷᠢᠨ ᠰᠠᠯᠪᠤᠷᠢ ᠤᠳ ᠲᠤ ᠠᠰᠢᠭᠯᠠᠬᠤ ᠣᠷᠣᠯᠳᠤᠯᠭ᠎ᠠ ᠨᠤᠭᠤᠳ ᠠᠮᠵᠢᠯᠲᠠ ᠲᠠᠢ ᠪᠣᠯᠤᠭᠰᠠᠭᠠᠷ ᠪᠠᠶᠢᠨ᠎ᠠ᠃ 2014 ᠡᠤᠨ ᠤ 3 ᠰᠠᠷ᠎ᠠ ᠳᠤ ᠠᠩᠭᠯᠢ ᠳᠤ 3 ᠬᠡᠮᠵᠢᠶᠡᠰᠦᠲᠦ ᠬᠡᠪᠯᠡᠭᠴᠢ ᠪᠡᠷ ᠬᠡᠪᠯᠡᠭᠰᠡᠨ ᠬᠢᠮᠡᠯ ᠬᠠᠴᠠᠷ ᠤᠨ ᠶᠠᠰᠤᠨ ᠤ ᠬᠡᠰᠡᠭ ᠢ ᠮᠠᠰᠢᠨ ᠤ ᠣᠰᠣᠯ ᠳᠤ ᠣᠷᠣᠭᠰᠠᠨ ᠬᠦᠮᠦᠨ ᠳᠤ ᠠᠮᠵᠢᠯᠲᠠ ᠲᠠᠢ ᠰᠠᠭᠤᠯᠭᠠᠵᠤ ᠠᠨᠠᠭᠠᠬᠤ ᠤᠬᠠᠭᠠᠨ ᠳᠤ ᠲᠣᠮᠣᠬᠠᠨ ᠳᠡᠪᠰᠢᠯ ᠢ ᠠᠪᠴᠢᠷᠠᠯ᠎ᠠ᠃ [3]

ᠡᠰᠢᠯᠡᠯ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

en: 3D printing

ᠪᠢᠴᠢᠭᠡᠰᠦ