ᠭᠤᠷᠪᠠᠨᠵᠠᠭᠠᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠤᠷᠪᠠᠨᠵᠠᠭᠠᠯ ᠰᠤᠮᠤ
ᠭᠣᠷᠪᠠᠨᠵᠠᠭᠠᠯ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠳᠣᠷᠣᠨᠠᠲᠤ ᠠᠶᠢᠮᠠᠭ
ᠳ᠋ᠣᠣ ᠳᠤ ᠨᠤᠲᠤᠭ
(3 ᠪᠠᠭ)
1. ᠷᠠᠰᠢᠶᠠᠨ ᠳᠤ
2. ᠴᠠᠭᠠᠨ ᠬᠣᠰᠢᠭᠤ
3. ᠰᠦᠮ᠎ᠡ ᠶᠢᠨ ᠪᠤᠯᠠᠭ
ᠭᠠᠵᠠᠷ ᠨᠤᠲᠤᠭ 5252 ᠺᠦᠸᠠᠳ᠋ ᠺᠢᠯᠣᠮᠧᠲ᠋ᠷ
ᠬᠦᠮᠦᠨ ᠠᠮᠠ (2009) 1,388 ᠬᠦᠮᠦᠨ
ᠰᠢᠤᠳᠠᠨ ᠳᠤᠭᠠᠷ 21080
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠳᠠᠰᠢᠪᠠᠯᠪᠠᠷ᠂ ↑ ᠴᠢᠯᠠᠭᠤᠨᠬᠣᠷᠢᠶ᠎ᠠ ᠳᠤ
ᠰᠡᠷᠭᠦᠯᠡᠩ᠂ → ᠴᠣᠶᠢᠪᠠᠯᠰᠠᠩ

ᠭᠤᠷᠪᠠᠨᠵᠠᠭᠠᠯ ᠨᠢ ᠳᠣᠷᠣᠨᠠᠲᠤ ᠠᠶᠢᠮᠠᠭ ᠤᠨ ᠰᠤᠮᠤ ᠶᠤᠮ᠃

ᠲᠤᠰ ᠰᠤᠮᠤ ᠨᠢ 1420 ᠬᠦᠮᠦᠨ ᠠᠮᠠ᠂ 349 ᠡᠷᠦᠬᠡ ᠲᠡᠢ᠂ ᠬᠥᠳᠡᠯᠮᠦᠷᠢ ᠶᠢᠨ ᠴᠢᠳᠠᠪᠤᠷᠢ ᠲᠠᠢ ᠬᠦᠮᠦᠨ 765, ᠰᠤᠮᠤᠨ ᠳᠤ ᠶᠡᠬᠡ ᠡᠮᠴᠢ ᠶᠢᠨ ᠰᠠᠯᠪᠤᠷᠢ᠂ ᠬᠣᠯᠪᠣᠭᠠᠨ ᠤ ᠰᠠᠯᠪᠤᠷᠢ᠂ ᠴᠡᠴᠡᠷᠯᠢᠭ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠰᠤᠶᠤᠯ ᠤᠨ ᠲᠥᠪ᠂ ᠮᠠᠯ ᠡᠮᠨᠡᠯᠭᠡ ᠶᠢᠨ ᠰᠠᠯᠪᠤᠷᠢ᠂ 《ХАС ᠸᠣᠳᠢᠲᠤ ᠶᠢᠨ ᠠᠷᠠᠳᠴᠢᠯᠠᠭᠰᠠᠨ ᠨᠠᠮ》 ХХК, 《АНЛУ》 ХХК, 《ЦЭЦА》 ХХК, 《ᠲᠡᠭᠦᠰ ᠪᠢᠯᠢᠭᠦᠨ》 ББХоршоо ᠵᠡᠷᠭᠡ ᠲᠥᠷᠥ ᠶᠢᠨ ᠪᠠ ᠲᠥᠷᠥ ᠶᠢᠨ ᠪᠤᠰᠤ ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ ᠨᠤᠭᠤᠳ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠲᠤᠰ ᠰᠤᠮᠤ ᠨᠢ 2 ᠪᠠᠭ᠂ 42000 ᠲᠣᠯᠣᠭᠠᠢ ᠮᠠᠯ ᠲᠠᠢ᠂ ᠬᠦᠮᠦᠨ ᠠᠮᠠ ᠶᠢᠨ 78.6 ᠬᠤᠪᠢ ᠨᠢ 35 ᠬᠦᠷᠲᠡᠯᠡᠬᠢ ᠨᠠᠰᠤᠨ ᠤ ᠬᠡᠦᠬᠡᠳ ᠵᠠᠯᠠᠭᠤᠴᠤᠳ ᠪᠣᠯᠤᠨ᠎ᠠ᠃ ᠰᠤᠮᠤ ᠶᠢᠨ ᠨᠤᠲᠤᠭ ᠲᠤ ᠬᠡᠷᠡᠮᠦᠨ ᠵᠠᠮ ᠪᠤᠶᠤ ᠴᠢᠩᠭᠢᠰ ᠦᠨ ᠳᠠᠯᠠᠨ᠂ ᠴᠠᠭᠠᠨ ᠴᠢᠯᠠᠭᠤᠲᠤ᠂ ᠬᠠᠳᠤᠨ ᠬᠥᠪᠦᠶᠢᠨ ᠳᠥᠷᠪᠡᠯᠵᠢᠨ ᠪᠤᠯᠠᠰᠢ᠂ ᠬᠥᠴᠡᠭᠡ ᠶᠢᠨ ᠬᠣᠭᠣᠯᠠᠢ ᠶᠢᠨ ᠵᠢᠷᠤᠭᠲᠤ ᠬᠠᠳᠠ᠂ ᠮᠠᠩᠯᠠᠶᠢᠪᠠᠭᠠᠲᠤᠷ ᠳᠠᠮᠳᠢᠨᠰᠦ᠋ᠷᠦᠩᠭᠡᠶᠢᠨ ᠬᠥᠰᠢᠶ᠎ᠡ ᠵᠡᠷᠭᠡ ᠲᠡᠦᠬᠡ ᠶᠢᠨ ᠳᠤᠷᠠᠰᠬᠠᠯᠲᠤ ᠭᠠᠵᠠᠷ ᠤᠳ ᠪᠤᠢ᠃ ᠲᠤᠰ ᠰᠤᠮᠤ ᠠᠴᠠ ᠤᠷᠠᠯᠢᠭ ᠤᠨ ᠭᠠᠪᠢᠶ᠎ᠠ ᠳᠤ ᠵᠢᠳᠬᠦᠯᠲᠡᠨ ᠵᠢᠷᠤᠭᠠᠴᠢ ᠴᠤ᠃ᠪᠠᠲᠤᠮᠥᠶᠢᠩᠬᠡ᠂ ᠬᠥᠳᠡᠯᠮᠦᠷᠢ ᠶᠢᠨ ᠪᠠᠭᠠᠲᠤᠷ ᠨ᠃ᠰᠠᠨᠳᠤᠭᠳᠠᠯᠠᠢ᠂ ᠰᠤᠶᠤᠯ ᠤᠨ ᠭᠠᠪᠢᠶᠠᠲᠤ ᠵᠢᠳᠬᠦᠯᠲᠡᠨ ᠵᠣᠬᠢᠶᠠᠯᠴᠢ ᠰ᠃ᠳᠠᠰᠢᠳᠡᠨᠳᠡᠪ᠂ ᠪᠥᠬᠡᠴᠦᠳ ᠡᠴᠡ ᠮᠣᠩᠭᠣᠯ ᠤᠯᠤᠰ ᠤᠨ ᠠᠷᠰᠯᠠᠨ ᠱ᠃ᠭᠡᠯᠡᠭ᠂ ᠮᠣᠩᠭᠣᠯ ᠤᠯᠤᠰ ᠤᠨ ᠵᠠᠭᠠᠨ ᠴᠤ᠃ᠳᠤᠤᠭᠠᠷᠰᠦ᠋ᠷᠦᠩᠳ᠃ᠲᠦᠪᠰᠢᠨᠤᠯᠤᠰ ᠤᠨ ᠨᠠᠴᠢᠨ ᠠ᠃ᠲᠠᠵᠢᠪ ᠨᠠᠷ ᠲᠥᠷᠥᠨ ᠭᠠᠷᠤᠭᠰᠠᠨ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠨᠵᠠᠭᠠᠯ ᠰᠤᠮᠤ ᠨᠢ ᠠᠶᠢᠮᠠᠭ ᠤᠨ ᠲᠥᠪ ᠴᠣᠶᠢᠪᠠᠯᠰᠠᠩ ᠬᠣᠲᠠ ᠠᠴᠠ 126 ᠺᠢᠯᠣᠮᠧᠲ᠋ᠷ ᠳᠦ ᠣᠨᠣᠨ-ᠤᠯᠵᠠ ᠶᠢᠨ ᠬᠡᠭᠡᠷ᠎ᠡ ᠶᠢᠨ ᠪᠥᠰᠡ ᠶᠢᠨ ᠲᠣᠭᠣᠷᠢᠭ ᠲᠤ ᠪᠠᠭᠠᠳᠬᠤ ᠰᠦᠮ᠎ᠡ ᠶᠢᠨ ᠪᠤᠯᠠᠭ ᠬᠡᠮᠡᠬᠦ ᠭᠠᠵᠠᠷ ᠣᠷᠣᠰᠢᠨ᠎ᠠ᠃ ᠰᠤᠮᠤ ᠶᠢᠨ ᠭᠠᠵᠠᠷ ᠨᠤᠲᠤᠭ ᠨᠢ 525.1 ᠮᠢᠩᠭᠠᠨ ᠭᠠ ᠭᠠᠵᠠᠷ ᠲᠠᠢ᠂ ᠵᠡᠭᠦᠨ ᠬᠣᠶᠢᠳᠤ ᠲᠠᠯ᠎ᠠ ᠪᠠᠷ ᠢᠶᠠᠨ ᠴᠢᠯᠠᠭᠤᠨᠬᠣᠷᠢᠶ᠎ᠠ ᠳᠤ ᠰᠤᠮᠤ᠂ ᠬᠣᠶᠢᠳᠤ ᠲᠠᠯ᠎ᠠ ᠪᠠᠷ ᠢᠶᠠᠨ ᠳᠠᠰᠢᠪᠠᠯᠪᠠᠷ ᠰᠤᠮᠤ᠂ ᠪᠠᠷᠠᠭᠤᠨ ᠲᠠᠯ᠎ᠠ ᠪᠠᠷ ᠢᠶᠠᠨ ᠰᠡᠷᠭᠦᠯᠡᠩ ᠰᠤᠮᠤ᠂ ᠤᠷᠢᠳᠤ ᠲᠠᠯ᠎ᠠ ᠪᠠᠷ ᠢᠶᠠᠨ ᠴᠣᠶᠢᠪᠠᠯᠰᠠᠩ ᠰᠤᠮᠤᠲᠠᠢ ᠲᠤᠰ ᠲᠤᠰ ᠬᠢᠯᠢ ᠵᠠᠯᠭᠠᠵᠤ ᠣᠷᠣᠰᠢᠨ᠎ᠠ᠃ ᠭᠠᠵᠠᠷ ᠨᠤᠲᠤᠭ ᠨᠢ ᠡᠮᠦᠨᠡᠲᠦ ᠬᠡᠰᠡᠭ ᠢᠶᠡᠷ ᠢᠶᠡᠨ ᠲᠣᠯᠣᠭᠠᠳ᠂ ᠲᠠᠯ᠎ᠠ ᠬᠡᠭᠡᠷ᠎ᠡ ᠶᠢᠨ ᠪᠥᠰᠡ ᠳᠦ ᠬᠠᠮᠤᠷᠤᠭᠳᠠᠬᠤ ᠭᠠᠵᠠᠷ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ ᠳᠤᠮᠳᠠᠴᠢ ᠪᠠᠷ 800 ᠮᠧᠲ᠋ᠷ ᠦᠨ ᠥᠨᠳᠥᠷ ᠲᠦ ᠣᠷᠣᠰᠢᠳᠠᠭ᠃ ᠵᠢᠯ ᠦᠨ ᠴᠡᠯᠮᠡᠭ ᠡᠳᠦᠷ ᠦᠨ ᠲᠣᠭ᠎ᠠ 220-250, ᠰᠠᠯᠬᠢᠨ ᠤ ᠵᠢᠯ ᠦᠨ ᠳᠤᠮᠳᠠᠴᠢ ᠬᠤᠷᠳᠤ 4.2 ᠮ/ᠰ ᠪᠠᠶᠢᠨ᠎ᠠ᠃ ᠨᠠᠷᠠ ᠰᠠᠯᠬᠢᠨ ᠤ ᠡᠷᠴᠢᠮ ᠬᠦᠴᠦᠨ ᠦ ᠶᠡᠬᠡ ᠨᠥᠭᠡᠴᠡ ᠲᠡᠢ᠃ ᠰᠤᠮᠤ ᠶᠢᠨ ᠨᠤᠲᠤᠭ ᠬᠠᠭᠤᠷᠠᠶᠢᠪᠲᠤᠷ ᠠᠭᠤᠷ ᠠᠮᠢᠰᠬᠤᠯ ᠲᠠᠢ ᠪᠥᠰᠡ ᠳᠦ ᠪᠠᠭᠠᠳᠤᠨ᠎ᠠ᠃ ᠭᠠᠵᠠᠷ ᠨᠤᠲᠤᠭ ᠨᠢ ᠳᠣᠷᠣᠨᠠᠲᠤ ᠮᠣᠩᠭᠣᠯ ᠤᠨ ᠬᠡᠭᠡᠷ᠎ᠡ ᠶᠢᠨ ᠪᠥᠰᠡ ᠳᠦ ᠪᠠᠭᠠᠳᠬᠤ ᠬᠦᠷᠡᠩ ᠬᠥᠷᠥᠰᠥᠲᠡᠢ᠂ ᠰᠢᠪᠡᠭᠡᠲᠦ ᠬᠢᠯᠭᠠᠨ᠎ᠠ᠂ ᠬᠢᠶᠠᠭ᠂ ᠬᠠᠵᠠᠭᠠᠷ ᠡᠪᠡᠰᠦ᠂ ᠠᠭᠢ᠂ ᠪᠤᠲᠠᠭᠤᠯ᠂ ᠲᠠᠭᠠᠨ᠎ᠠ᠂ ᠮᠠᠩᠭᠢᠷ᠂ ᠭᠣᠨᠢᠳ᠂ ᠡᠮ ᠦᠨ ᠪᠠᠭᠪᠠᠬᠠᠢ ᠰᠥᠳᠥ᠂ ᠰᠢᠬᠢᠷ ᠡᠪᠡᠰᠦ᠂ ᠲᠠᠪᠤᠨ ᠰᠠᠯᠠᠭ᠎ᠠ ᠵᠡᠷᠭᠡ ᠡᠪᠰᠦᠯᠢᠭ ᠤᠷᠭᠤᠮᠠᠯ ᠰᠢᠭᠢᠭᠦᠦ ᠤᠷᠭᠤᠨ᠎ᠠ᠃ ᠪᠦᠬᠦ ᠨᠤᠲᠤᠭ ᠤᠨ 1.2 ᠬᠤᠪᠢ ᠪᠤᠶᠤ 5344.0 ᠭᠠ ᠲᠠᠯᠠᠪᠠᠢ ᠶᠢᠨ ᠭᠠᠵᠠᠷ ᠲᠠᠷᠢᠶᠠᠯᠠᠩ ᠡᠷᠬᠢᠯᠡᠬᠦ ᠪᠣᠯᠤᠮᠵᠢ ᠲᠠᠢ ᠬᠥᠷᠥᠰᠥᠲᠡᠢ᠂ ᠦᠯᠡᠳᠡᠬᠦ 98.8 ᠬᠤᠪᠢ ᠨᠢ ᠬᠠᠳᠤᠯᠠᠩ ᠪᠡᠯᠴᠢᠭᠡᠷ ᠦᠨ ᠲᠠᠯᠠᠪᠠᠢ ᠶᠤᠮ᠃ ᠰᠤᠮᠤ ᠶᠢᠨ ᠨᠤᠲᠤᠭ ᠤᠨ ᠬᠣᠶᠢᠳᠤ ᠬᠡᠰᠡᠭ ᠢᠶᠡᠷ ᠮᠣᠩᠭᠣᠯ ᠳᠠᠭᠤᠷ ᠤᠨ ᠳᠠᠷᠬᠠᠨ ᠭᠠᠵᠠᠷ ᠤᠨ ᠦᠷᠭᠦᠯᠵᠢᠯᠡᠯ᠂ ᠤᠯᠵᠠ ᠭᠣᠣᠯ ᠤᠨ ᠤᠷᠢᠳᠤ ᠲᠠᠯ᠎ᠠ ᠶᠢᠨ ᠰᠠᠪᠠ ᠭᠠᠵᠠᠷ᠂ ᠤᠷᠳᠤ ᠲᠠᠯ᠎ᠠ ᠪᠠᠷ ᠢᠶᠠᠨ ᠶᠠᠬᠤ ᠶᠢᠨ ᠲᠤᠰᠬᠠᠢ ᠬᠠᠮᠠᠭᠠᠯᠠᠯ ᠲᠠᠢ ᠭᠠᠵᠠᠷ ᠭᠤᠷᠪᠠᠨ ᠤ ᠪᠤᠯᠠᠭ᠂ ᠶᠡᠬᠡ ᠪᠤᠯᠠᠭ᠂ ᠮᠡᠯᠡᠬᠡᠢ ᠶᠢᠨ ᠪᠤᠯᠠᠭ᠂ ᠵᠢᠷᠭᠠᠯᠠᠩᠲᠤ᠂ ᠠᠴᠠ ᠪᠤᠯᠠᠭ᠂ ᠰᠠᠶᠢᠬᠠᠨ ᠪᠤᠯᠠᠭ᠂ ᠪᠠᠷᠠᠭᠤᠨ ᠵᠡᠭᠦᠨ ᠢᠮᠠᠭᠠᠲᠤ᠂ ᠤᠷᠲᠤ ᠶᠢᠨ ᠵᠡᠷᠭᠡ 20 ᠭᠠᠷᠤᠢ ᠪᠤᠯᠠᠭ᠂ ᠭᠣᠷᠭᠢ᠂ ᠬᠣᠯᠪᠣᠭ᠎ᠠ᠂ ᠪᠣᠷᠲᠣᠭᠣᠢ ᠳᠤ᠂ ᠭᠤᠷᠪᠠᠨ᠂ ᠥᠯᠵᠡᠶᠢᠲᠦ᠂ ᠳᠡᠯᠭᠡᠷ᠂ ᠪᠠᠷᠠᠭᠤᠨ ᠵᠡᠭᠦᠨ ᠦᠬᠡᠷ ᠲᠦ᠂ ᠰᠦᠮ᠎ᠡ ᠶᠢᠨ ᠨᠠᠭᠤᠷ᠂ ᠪᠠᠶᠠᠨ-ᠡᠷᠬᠡᠲᠦ ᠶᠢᠨ ᠨᠠᠭᠤᠷ ᠵᠡᠷᠭᠡ ᠲᠣᠮᠣ᠂ ᠵᠢᠵᠢᠭ 50 ᠰᠢᠬᠠᠮ ᠨᠠᠭᠤᠷ᠂ ᠲᠣᠭᠣᠷᠢᠮ᠂ ᠴᠠᠭᠠᠨ ᠴᠢᠯᠠᠭᠤᠲᠤ᠂ ᠵᠢᠷᠭᠠᠯᠠᠩᠲᠤ᠂ ᠢᠮᠠᠭᠠᠲᠤ᠂ ᠳᠡᠯᠭᠡᠷ ᠮᠥᠩᠬᠡ᠂ ᠤᠷᠲᠤ᠂ ᠪᠠᠶᠠᠨ-ᠡᠷᠬᠡᠲᠦ ᠶᠢᠨ ᠵᠡᠷᠭᠡ ᠠᠭᠤᠯᠠ ᠣᠪᠣᠭ᠎ᠠ ᠲᠠᠢ ᠠᠴᠠ ᠭᠠᠳᠠᠨ᠎ᠠ ᠴᠠᠭᠠᠨ ᠴᠢᠯᠠᠭᠤᠲᠤ᠂ ᠬᠣᠩᠭᠣᠷ ᠤᠨ ᠵᠡᠷᠭᠡ ᠡᠮᠴᠢᠯᠡᠭᠡᠨ ᠦ ᠵᠣᠷᠢᠭᠤᠯᠤᠯᠲᠠ ᠪᠦᠬᠦᠢ ᠷᠠᠰᠢᠶᠠᠨ ᠤᠰᠤ ᠲᠠᠢ᠂ ᠬᠠᠮᠤᠭ ᠤᠨ ᠥᠷᠭᠡᠨ ᠲᠠᠷᠬᠠᠭᠰᠠᠨ ᠠᠩᠨᠠᠭᠤᠷ ᠤᠨ ᠠᠴᠢ ᠬᠣᠯᠪᠣᠭᠳᠠᠯ ᠲᠠᠢ ᠠᠮᠢᠲᠠᠨ ᠨᠢ ᠲᠠᠷᠪᠠᠭ᠎ᠠ᠂ ᠴᠢᠨᠣ᠎ᠠ᠂ ᠴᠠᠭᠠᠨ ᠵᠡᠭᠡᠷ᠎ᠡ᠂ ᠦᠨᠡᠭᠡ᠂ ᠬᠢᠷᠰᠠ ᠶᠤᠮ᠃ ᠵᠡᠭᠦᠨ ᠳᠠᠭᠠᠢ᠂ ᠦᠷᠢᠯ ᠦᠨ ᠣᠪᠣᠭᠠᠲᠤ ᠶᠢᠨ ᠠᠯᠲᠠᠨ ᠤ ᠣᠷᠳᠣ᠂ ᠰᠦᠮ᠎ᠡ ᠶᠢᠨ ᠨᠠᠭᠤᠷ ᠤᠨ ᠪᠢᠲ᠋ᠦᠶᠢᠮ᠂ ᠴᠠᠭᠠᠨ ᠴᠢᠯᠠᠭᠤᠲᠤ ᠶᠢᠨ ᠬᠣᠯᠢᠮᠠᠭ ᠮᠠᠲ᠋ᠧᠯᠯ᠂ ᠬᠠᠶᠢᠯᠤᠭᠤᠷ ᠵᠣᠩᠰᠢᠨ ᠤ ᠣᠷᠳᠣ᠂ ᠺᠣᠠᠷᠴᠠ᠂ ᠨᠡᠭᠦᠷᠡᠰᠦ᠂ ᠤᠲᠤᠭᠠᠲᠤ ᠪᠣᠯᠣᠷ᠂ ᠳᠡᠯᠭᠡᠷᠮᠥᠶᠢᠩᠬᠡ ᠶᠢᠨ ᠬᠥᠳᠡᠷ ᠦᠨ ᠣᠷᠳᠣ᠂ ᠰᠠᠶᠢᠬᠠᠨ ᠪᠤᠯᠠᠭ ᠤᠨ ᠬᠠᠷ᠎ᠠ ᠲᠤᠭᠤᠯᠭ᠎ᠠ᠂ ᠴᠠᠶᠢᠷ᠂ ᠮᠥᠩᠭᠥ᠂ ᠮᠡᠯᠡᠬᠡᠢ ᠶᠢᠨ ᠪᠤᠯᠠᠭ ᠤᠨ ᠰᠢᠲᠠᠳᠠᠭ ᠵᠠᠨᠠᠷ ᠵᠡᠷᠭᠡ ᠪᠠᠶᠢᠭᠠᠯᠢ ᠶᠢᠨ ᠪᠠᠶᠠᠯᠢᠭ ᠪᠦᠬᠦᠢ ᠣᠷᠳᠣ ᠭᠠᠵᠠᠷ ᠤᠳ ᠪᠤᠢ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ