ᠭᠣᠯᠣᠭᠷᠠᠹ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠥᠪᠡᠷ ᠥᠪᠡᠷ ᠪᠠᠶᠢᠷᠢᠰᠢᠯ ᠠᠴᠠ ᠠᠪᠤᠭᠰᠠᠨ ᠨᠢᠭᠡ ᠭᠣᠯᠣᠭᠷᠠᠹ ᠤᠨ ᠵᠢᠷᠤᠭ

ᠭᠣᠯᠣᠭᠷᠠᠹ ᠨᠢ ᠯᠠᠽᠧᠷ ᠍ ᠤᠨ ᠺᠣᠭᠧᠷᠧᠨᠲ ᠰᠠᠴᠤᠷᠠᠭ ᠠᠰᠢᠭᠯᠠᠨ ᠭᠤᠷᠪᠠᠨ ᠬᠡᠮᠵᠢᠶᠡᠰᠦ ᠲᠤ ᠳᠦᠷᠰᠦ ᠭᠠᠷᠭᠠᠨ ᠠᠪᠬᠤ ᠠᠷᠭ᠎ᠠ ᠶᠤᠮ᠃ ᠹᠣᠲ᠋ᠣᠵᠢᠷᠤᠭ ᠤᠨ ᠨᠢᠭᠡᠨ ᠠᠳᠠᠯᠢ ᠭᠣᠯᠣᠭᠷᠠᠹ ᠨᠢ ᠹᠣᠲ᠋ᠣᠢᠯᠲᠠᠰ ᠳᠡᠭᠡᠷ᠎ᠡ ᠪᠡᠶᠡᠲᠦ ᠶᠢᠨ ᠵᠢᠷᠤᠭ ᠢ ᠭᠠᠷᠭᠠᠨ ᠠᠪᠳᠠᠭ ᠪᠣᠯᠪᠠᠴᠤ ᠮᠡᠳᠡᠭᠡᠯᠡᠯ ᠢ ᠪᠢᠴᠢᠬᠦ ᠪᠣᠯᠤᠨ ᠳᠦᠷᠰᠦ ᠶᠢ ᠰᠡᠷᠭᠦᠭᠡᠬᠦ ᠠᠷᠭ᠎ᠠ ᠪᠠᠷ ᠢᠶᠠᠨ ᠢᠯᠭᠠᠭ᠎ᠠ ᠲᠠᠢ᠃ ᠭᠣᠯᠣᠭᠷᠠᠹ ᠨᠢ ᠬᠣᠶᠠᠷ ᠱᠠᠲᠤ ᠲᠠᠢ ᠪᠠᠷ ᠳᠦᠷᠰᠦ ᠶᠢ ᠡᠭᠦᠰᠬᠡᠳᠡᠭ᠃ ᠶᠡᠷᠦᠳᠡ ᠶᠢᠨ ᠭᠡᠷᠡᠯ ᠵᠢᠷᠤᠭ ᠲᠤ ᠪᠡᠶᠡᠰ ᠲᠠᠷᠠᠵᠤ ᠪᠤᠢ ᠭᠡᠷᠡᠯ ᠢ ᠯᠢᠨᠽᠡᠭᠡᠷᠡ ᠴᠤᠭᠯᠠᠭᠤᠯᠤᠨ ᠰᠢᠭᠤᠳ ᠬᠠᠪᠲᠠᠭᠠᠢ ᠳᠡᠭᠡᠷ᠎ᠡ ᠳᠦᠷᠰᠦ ᠡᠭᠦᠰᠬᠡᠵᠦ ᠲᠡᠭᠦᠨ ᠢ ᠪᠡᠨ ᠪᠡᠬᠢᠵᠢᠭᠦᠯᠵᠦ ᠠᠪᠳᠠᠭ ᠪᠣᠯ ᠭᠣᠯᠣᠭᠷᠠᠹᠲ ᠡᠬᠢᠨ ᠦ ᠱᠠᠲᠤᠨ ᠳᠤ ᠪᠡᠶᠡᠰ ᠲᠠᠷᠠᠵᠤ ᠪᠤᠢ ᠪᠡᠶ᠎ᠡ ᠶᠢᠨ ᠮᠡᠳᠡᠭᠡᠯᠡᠯ ᠢ ᠠᠭᠤᠯᠠᠭᠰᠠᠨ ᠭᠡᠷᠡᠯ ᠦᠨ ᠳᠣᠯᠭᠢᠶᠠᠨ ᠢ ᠪᠦᠷᠢᠳᠬᠡᠨ ᠠᠪᠳᠠᠭ᠃ ᠬᠣᠶᠠᠳᠤᠭᠠᠷ ᠱᠠᠲᠤᠨ ᠳᠤ ᠪᠡᠶᠡᠰ ᠰᠠᠷᠨᠢᠭᠰᠠᠨ ᠭᠡᠷᠡᠯ ᠦᠨ ᠳᠣᠯᠭᠢᠶᠠᠨ ᠢ ᠡᠷᠭᠢᠭᠦᠯᠦᠨ ᠶᠠᠭ ᠪᠠᠶᠢᠭᠰᠠᠨ ᠢᠶᠠᠷ ᠨᠢ ᠰᠡᠷᠭᠦᠭᠡᠵᠦ ᠠᠪᠳᠠᠭ ᠪᠠ ᠢᠩᠭᠢᠭᠰᠡᠨ ᠢᠶᠡᠷ ᠪᠡᠶ᠎ᠡ ᠶᠢ ᠪᠣᠳᠠᠲᠤ ᠭᠤᠷᠪᠠᠨ ᠬᠡᠮᠵᠢᠶᠡᠰᠦ ᠳᠦ ᠡᠵᠡᠯᠡᠬᠦᠨ ᠳᠦ ᠳᠦᠷᠢ ᠲᠥᠷᠬᠦ ᠪᠡᠷ ᠨᠢ ᠬᠠᠷᠠᠬᠤ ᠪᠣᠯᠤᠯᠴᠠᠭ᠎ᠠ ᠶᠢ ᠣᠯᠭᠤᠳᠠᠭ᠃ ᠴᠢᠩᠭᠢᠬᠦ ᠳᠦ ᠪᠡᠨ ᠤᠭ ᠬᠣᠶᠠᠷ ᠱᠠᠲᠤᠨ ᠤ ᠠᠯᠢ ᠠᠯᠢᠨ ᠳᠤ ᠨᠢ ᠯᠠᠽᠧᠷ ᠤᠨ ᠺᠣᠭᠧᠷᠧᠨᠲ ᠲᠤᠶᠠᠭ᠎ᠠ ᠶᠢ ᠠᠰᠢᠭᠯᠠᠳᠠᠭ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • "ᠹᠢᠽᠢᠺ 2", ᠪ᠃ᠪᠠᠽᠠᠷᠷᠠᠭᠴᠠ᠂ ᠮ᠃ᠳᠤᠭᠠᠷᠰᠦ᠋ᠷᠦᠩ᠂ ᠯᠠ᠃ᠪᠠᠯᠵᠢᠨᠨᠢᠮ᠎ᠠ᠂ ᠨ᠃ᠨᠠᠷᠠᠨᠴᠠᠴᠤᠷᠠᠯᠲᠤ᠂ ᠪ᠃ᠲᠦᠮᠡᠨᠳᠡᠮᠪᠡᠷᠢᠯ᠂ 2005 ᠣᠨ᠃

ᠪᠢᠴᠢᠭᠡᠰᠦ