ᠭᠣᠭᠣᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠣᠭᠣᠳ

ᠭᠣᠭᠣᠳ ᠪᠤᠶᠤ ᠵᠤᠴᠠᠢ/ᠬᠢᠲᠠᠳ ᠢᠶᠠᠷ/(ᠯᠠᠲᠤ᠃ Állium ramósum)— ᠰᠠᠷᠠᠨᠲᠠᠨ ᠣᠪᠣᠭᠲᠤ ᠬᠠᠮᠢᠶᠠᠷᠳᠠᠭ ᠣᠯᠠᠨ ᠨᠠᠰᠤᠲᠤ ᠡᠪᠰᠦᠯᠢᠭ ᠤᠷᠭᠤᠮᠠᠯ ᠪᠥᠭᠡᠳ 《ᠠᠩᠬᠢᠯ ᠰᠣᠩᠭᠢᠨ᠎ᠠ》 ᠭᠡᠵᠦ ᠨᠡᠷᠡᠯᠡᠬᠦ ᠲᠣᠬᠢᠶᠠᠯᠳᠤᠯ ᠪᠠᠶᠢᠳᠠᠭ᠃ ᠶᠡᠷᠦ ᠨᠢ ᠪᠣᠯ ᠰᠣᠩᠭᠢᠨ᠎ᠠ ᠰᠠᠷᠮᠢᠰᠤᠨ ᠤ ᠣᠯᠠᠨ ᠰᠢᠨᠵᠢ ᠴᠢᠨᠠᠷ ᠢ ᠠᠭᠤᠯᠠᠭᠰᠠᠨ᠂ ᠲᠡᠳᠡᠨ ᠦ ᠠᠳᠠᠯᠢ ᠣᠨᠴᠠᠯᠢᠭ ᠠᠮᠲᠠᠲᠠᠢ᠃ ᠬᠦᠨᠡᠰᠦᠨ ᠳᠦ ᠨᠠᠪᠴᠢ ᠶᠢ ᠭᠣᠣᠯ ᠲᠥᠯᠦᠪ ᠰᠣᠩᠭᠢᠨ᠎ᠠ ᠰᠠᠷᠮᠢᠰ ᠤᠨ ᠠᠳᠠᠯᠢ ᠪᠠᠷ ᠬᠡᠷᠡᠭᠯᠡᠬᠦ ᠪᠠ ᠤᠷᠭᠤᠮᠠᠯ ᠤᠨ ᠪᠦᠬᠦ ᠬᠡᠰᠡᠭ ᠢ ᠠᠰᠢᠭᠯᠠᠬᠤ ᠪᠣᠯᠤᠮᠵᠢ ᠲᠠᠢ᠃ ᠵᠢᠱᠢᠶᠡᠯᠡᠨ᠌ ᠡ: ᠨᠠᠪᠴᠢ ᠶᠢ ᠰᠢᠭᠤᠳ ᠪᠣᠯᠤᠨ ᠳᠠᠪᠤᠰᠤᠯᠠᠭᠰᠠᠨ ᠬᠡᠯᠪᠡᠷᠢ ᠪᠡᠷ ᠰᠠᠯ ᠳᠤ᠂ ᠮᠢᠬᠠᠨ ᠬᠦᠨᠡᠰᠦᠨ ᠳᠦ ᠨᠡᠮᠡᠯᠲᠡ ᠪᠡᠷ ᠠᠰᠢᠭᠯᠠᠬᠤ ᠪᠣᠯ ᠴᠡᠴᠡᠭ ᠢ ᠨᠢ ᠳᠠᠷᠤᠰᠢᠯᠠᠵᠤ ᠰᠠᠷᠮᠢᠰ ᠰᠢᠭ ᠬᠡᠷᠡᠭᠯᠡᠨ᠎ᠡ᠃ ᠪᠦᠬᠦ ᠲᠥᠷᠦᠯ ᠦᠨ ᠮᠠᠯ ᠢᠳᠡᠬᠦ ᠳᠤᠷᠠᠲᠠᠢ ᠪᠡᠯᠴᠢᠭᠡᠷ ᠦᠨ ᠤᠷᠭᠤᠮᠠᠯ᠃

ᠲᠠᠷᠬᠠᠴᠠ: ᠬᠥᠪᠰᠥᠭᠥᠯ᠂ ᠬᠡᠨᠲᠡᠢ᠂ ᠬᠣᠪᠲᠣ᠂ ᠭᠣᠪᠢ-ᠠᠯᠲᠠᠢ᠂ ᠳᠣᠷᠣᠨᠠᠭᠣᠪᠢ᠂ ᠳᠣᠷᠣᠨᠠᠲᠤ ᠵᠡᠷᠭᠡ ᠨᠤᠲᠤᠭ ᠢᠶᠠᠷ ᠲᠠᠷᠬᠠᠭᠰᠠᠨ᠃ ᠣᠶᠢᠲᠤ ᠬᠡᠭᠡᠷ᠎ᠡ ᠪᠠ ᠬᠡᠭᠡᠷ᠎ᠡ ᠶᠢᠨ ᠪᠦᠰᠡ ᠳᠦ ᠭᠣᠣᠯ ᠤᠨ ᠡᠷᠭᠢ ᠶᠢᠨ ᠬᠠᠶᠢᠷᠭᠤ᠂ ᠤᠤᠯ ᠤᠨ ᠴᠢᠯᠠᠭᠤᠷᠬᠠᠭ ᠬᠠᠵᠠᠭᠤ᠂ ᠪᠡᠯ ᠬᠣᠷᠮᠣᠢ᠂ ᠬᠡᠭᠡᠷ᠎ᠡ ᠶᠢᠨ ᠨᠤᠭᠤ᠂ ᠲᠡᠭᠰᠢ ᠲᠠᠯ᠎ᠠ ᠳᠤ ᠤᠷᠭᠤᠨ᠎ᠠ᠃

ᠪᠦᠲᠦᠴᠡ: 20-50 ᠰᠠᠨᠲ᠋ᠢᠮᠧᠲ᠋ᠷ ᠥᠨᠳᠥᠷ ᠡᠭᠴᠡ ᠰᠢᠯᠤᠭᠤᠨ ᠡᠰᠢ ᠲᠡᠢ᠂ 3-7 ᠨᠠᠷᠢᠨ ᠱᠣᠪᠬᠣ 1-4 ᠮᠢᠯᠯᠢᠮᠧᠲ᠋ᠷ ᠥᠷᠭᠡᠨ ᠨᠠᠪᠴᠢ ᠲᠠᠢ᠃ ᠰᠣᠩᠭᠢᠨᠠᠯᠢᠭ ᠪᠤᠯᠴᠤᠤ ᠨᠢ 2-3 ᠰᠠᠨᠲ᠋ᠢᠮᠧᠲ᠋ᠷ ᠤᠷᠲᠤ᠂ ᠤᠯᠠᠭᠠᠨ ᠰᠢᠷᠠᠪᠲᠤᠷ ᠥᠩᠭᠡ ᠶᠢᠨ ᠲᠣᠷᠤᠨ ᠬᠠᠶᠢᠷᠰᠤ ᠪᠠᠷ ᠬᠤᠴᠢᠭᠠᠰᠤᠲᠠᠢ᠃ ᠪᠤᠯᠴᠤᠤ ᠨᠢ 1-3 ᠶᠠᠭᠤᠮᠤ ᠲᠡᠭᠦᠨ ᠡᠴᠡ ᠴᠤ ᠣᠯᠠᠨ ᠲᠣᠭ᠎ᠠ ᠪᠠᠷ ᠬᠡᠪᠲᠡᠭᠡ ᠦᠨᠳᠦᠰᠦᠯᠢᠭ ᠡᠰᠢᠨ ᠳᠦ ᠪᠡᠬᠢᠯᠡᠭᠳᠡᠭᠰᠡᠨ ᠪᠠᠶᠢᠳᠠᠭ᠃ ᠴᠡᠴᠡᠭ ᠨᠢ ᠴᠠᠭᠠᠨ᠂ ᠴᠠᠰᠠᠯᠵᠢᠨ ᠬᠡᠯᠪᠡᠷᠢ ᠲᠡᠢ᠂ ᠠᠩᠬᠢᠯᠤᠭᠤᠨ ᠦᠨᠦᠷ ᠲᠡᠢ᠃ ᠬᠣᠩᠭᠣᠷᠴᠠᠭ ᠵᠢᠮᠢᠰ ᠲᠡᠢ᠃ ᠦᠷ᠎ᠡ ᠨᠢ ᠬᠠᠷ᠎ᠠ᠂ ᠬᠠᠪᠢᠷᠭᠠᠨ ᠰᠠᠷᠠ ᠮᠠᠶ᠋ᠢᠭ ᠤᠨ ᠬᠡᠯᠪᠡᠷᠢ ᠲᠡᠢ᠃ 7-8 ᠳ᠋ᠤᠭᠠᠷ ᠰᠠᠷ᠎ᠠ ᠳᠤ ᠴᠡᠴᠡᠭᠯᠡᠵᠦ ᠦᠷᠡᠯᠡᠨ᠎ᠡ᠃

ᠡᠮᠴᠢᠯᠡᠭᠡ: ᠤᠯᠠᠮᠵᠢᠯᠠᠯᠲᠤ ᠠᠨᠠᠭᠠᠬᠤ ᠤᠬᠠᠭᠠᠨ ᠳᠤ ᠪᠥᠭᠡᠷ᠎ᠡ ᠳᠠᠪᠤᠰᠠᠭᠠᠨ ᠤ ᠡᠪᠡᠳᠴᠢᠨ ᠳᠦ ᠲᠤᠰᠠᠲᠠᠢ ᠪᠥᠭᠡᠳ ᠨᠣᠶᠢᠷ᠂ ᠬᠣᠭᠣᠯᠠᠨ ᠤ ᠳᠤᠷᠠᠰᠢᠯ ᠰᠠᠶᠢᠵᠢᠷᠭᠠᠭᠤᠯᠬᠤ ᠳᠤ ᠥᠷᠭᠡᠨ ᠬᠡᠷᠡᠭᠯᠡᠭᠳᠡᠳᠡᠭ᠃

ᠹᠠᠢᠢᠯ:Gogod
ᠭᠣᠭᠣᠳ (ᠠᠩᠬᠢᠯ ᠰᠣᠩᠭᠢᠨ᠎ᠠ)
http://wiki.uhaan.com/index.php?title=ᠭᠣᠭᠣᠳ&oldid=408720》 ᠍  ᠡᠴᠡ ᠠᠪᠤᠭᠰᠠᠨ

ᠪᠢᠴᠢᠭᠡᠰᠦ