ᠭᠣᠪᠢ-ᠠᠯᠲᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠭᠣᠪᠢ-ᠠᠯᠲᠠᠢ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠭᠣᠪᠢ ᠠᠯᠲᠠᠢ ᠠᠶᠢᠮᠠᠭ

ᠰᠦᠯᠳᠡ ᠲᠤᠭ

ᠰᠦᠯᠳᠡ ᠲᠡᠮᠳᠡᠭ
ᠮᠣᠩᠭᠣᠯ ᠤᠯᠤᠰ ᠤᠨ ᠭᠣᠪᠢ ᠠᠯᠲᠠᠢ ᠠᠶᠢᠮᠠᠭ
ᠤᠯᠤᠰ Flag of Mongolia.svg ᠮᠣᠩᠭᠣᠯ
ᠠᠶᠢᠮᠠᠭ ᠭᠣᠪᠢ ᠠᠯᠲᠠᠢ
ᠰᠤᠮᠤ (18) ᠠᠯᠲᠠᠢ᠂ ᠪᠠᠶᠠᠨ-ᠠᠭᠤᠯᠠ᠂ ᠪᠢᠭᠦᠷ᠂ ᠪᠤᠭᠤᠳᠤ᠂
ᠳᠠᠷᠪᠢ᠂ ᠳᠡᠯᠭᠡᠷ᠂ ᠶᠢᠰᠦᠨ ᠪᠤᠯᠠᠭ᠂
ᠵᠢᠷᠭᠠᠯᠠᠩ᠂ ᠲᠠᠶᠢᠰᠢᠷᠢ᠂ ᠲᠣᠩᠬᠢᠯ᠂
ᠲᠥᠭᠥᠷᠢᠭ᠂ ᠬᠠᠯᠢᠭᠤᠨ᠂ ᠬᠥᠬᠡᠮᠣᠷᠢᠳᠤ᠂
ᠴᠣᠭᠲᠤ᠂ ᠴᠡᠭᠡᠯ᠂ ᠴᠢᠨᠳᠠᠮᠤᠨᠢ᠂
ᠰᠢᠷᠭ᠎ᠠ᠂ ᠡᠷᠳᠡᠨᠢ (ᠳᠡᠯᠭᠡᠷᠡᠭᠦᠯᠬᠦ)
ᠠᠶᠢᠮᠠᠭ ᠤᠨ ᠲᠥᠪ ᠠᠯᠲᠠᠢ
ᠭᠠᠵᠠᠷ ᠨᠤᠲᠤᠭ 141447.67 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 53591 ᠬᠦᠮᠦᠨ
 ᠨᠢᠭᠲᠠᠴᠠ ᠰᠡᠶᠢᠷᠡᠭ 0.38 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ
ᠴᠤᠭᠭᠠᠷ ᠢᠶᠠᠨ ᠭᠣᠪᠢ ᠠᠯᠲᠠᠢ ᠶᠢᠨ ᠬᠢᠨ
1931ᠤᠨ ᠠᠯᠲᠠᠢ ᠠᠶᠢᠮᠠᠭ ᠡᠭᠦᠰᠦᠭᠰᠡᠨ
1934 ᠤᠨ ᠲᠠᠲᠠᠨ ᠪᠠᠭᠤᠭᠳᠠᠭᠰᠠᠨ
1940 ᠤᠨ ᠭᠣᠪᠢ ᠠᠯᠲᠠᠢ ᠨᠡᠷ᠎ᠡ ᠪᠠᠨ ᠰᠡᠷᠭᠦᠭᠰᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)
ᠲᠠᠨᠢᠬᠤ ᠦᠰᠦᠭ ГА
ᠴᠠᠬᠢᠮ ᠭᠠᠵᠠᠷ govi-altai.gov.mn (ᠮᠣᠩ ᠢ᠃)

ᠭᠣᠪᠢ ᠠᠯᠲᠠᠢ ᠠᠢᠮᠠᠭ ᠨᠢ ᠮᠣᠩᠭᠣᠯ ᠤᠯᠤᠰ ᠤᠨ ᠪᠠᠷᠠᠭᠤᠨ ᠡᠮᠦᠨᠡᠲᠦ ᠬᠡᠰᠡᠭ ᠲᠦ ᠤᠷᠤᠰᠢᠬᠤ ᠠᠶᠢᠮᠠᠭ ᠶᠤᠮ᠃ ᠠᠶᠢᠮᠠᠭ ᠤᠨ ᠲᠥᠪ ᠨᠢ ᠠᠯᠲᠠᠢ ᠬᠤᠲᠠ ᠪᠤᠯᠤᠨ᠎ ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠠᠯᠲᠠᠢ ᠠᠶᠢᠮᠠᠭ ᠨᠢ ᠮᠣᠩᠭᠣᠯ ᠤᠯᠤᠰ ᠤᠨ ᠪᠠᠷᠠᠭᠤᠨ ᠡᠮᠦᠨᠡᠲᠦ ᠬᠡᠰᠡᠭ ᠲᠦ ᠤᠷᠤᠰᠢᠬᠤ ᠪᠥᠭᠡᠳ ᠲᠤᠰ ᠨᠤᠲᠤᠭ ᠤᠨ ᠳᠤᠮᠳᠠᠭᠤᠷ ᠨᠢ ᠮᠣᠩᠭᠣᠯ ᠤᠨ ᠠᠯᠲᠠᠢ ᠶᠢᠨ ᠨᠢᠷᠤᠭᠤ ᠨᠢ ᠪᠠᠷᠠᠭᠤᠨ ᠬᠣᠶᠢᠨ᠎ᠠ ᠠᠴᠠ ᠵᠡᠭᠦᠨ ᠤᠷᠤᠭᠰᠢ ᠪᠠᠨ ᠴᠢᠭᠯᠡᠯ ᠲᠡᠢ ᠪᠡᠷ ᠦᠷᠭᠦᠯᠵᠢᠯᠡᠨ ᠤᠷᠤᠰᠢᠨ᠎ ᠠ᠃ ᠰᠤᠲᠠᠢᠪᠤᠷᠬᠠᠨ ᠪᠤᠭᠤᠳᠠᠢᠠᠯᠠᠭᠬᠠᠶᠢᠷᠬᠠᠨᠠᠵᠠᠪᠤᠭᠳᠠᠭᠢᠴᠢᠭᠢᠨ᠎ᠡ ᠵᠡᠷᠭᠡ ᠥᠨᠳᠥᠷ ᠠᠭᠤᠯᠠ ᠨᠤᠭᠤᠳ ᠣᠷᠣᠰᠢᠨ᠎ᠠ᠃ ᠮᠥᠨ ᠰᠢᠷᠭ᠎ᠠ᠂ ᠪᠢᠭᠦᠷ᠂ ᠬᠦᠢᠰᠦ ᠵᠡᠷᠭᠡ ᠲᠣᠮᠣᠬᠠᠨ ᠬᠣᠲᠣᠭᠣᠷ ᠤᠳ ᠲᠤᠨᠢ ᠺᠠᠶᠢᠨᠣᠼ ᠦᠨ ᠦᠶ᠎ᠡ ᠢᠢᠨ ᠬᠤᠷᠠᠳᠠᠰᠤ ᠲᠠᠷᠬᠠᠭᠰᠠᠨ ᠪᠥᠭᠡᠳ ᠠᠭᠤᠯᠠᠷᠬᠠᠭ ᠨᠢ ᠮᠦᠰᠦᠯᠦᠯᠲᠡ ᠪᠠ ᠮᠦᠰᠦᠯᠦᠯᠲᠡ ᠤᠨ ᠡᠮᠦᠨᠡᠬᠢ ᠰᠠᠭᠤᠷᠢ ᠴᠢᠯᠠᠭᠤᠯᠢᠭ ᠲᠠᠢ ᠶᠤᠮ᠃ ᠴᠢᠯᠠᠭᠤᠨ ᠨᠡᠭᠦᠷᠡᠰᠦ (ᠵᠡᠭᠡᠭᠲᠦ)᠂ ᠦᠨᠡᠲᠦ ᠴᠢᠯᠠᠭᠤ (ᠠᠯᠲᠠᠨ ᠬᠤᠳᠳᠤᠭ)᠂ ᠪᠠᠷᠢᠯᠭ᠎ᠠ ᠶᠢᠨ ᠮᠠᠲ᠋ᠧᠷᠢᠶᠠᠯ ᠵᠡᠷᠭᠡ ᠠᠰᠢᠭᠲᠤ ᠮᠠᠯᠲᠠᠮᠠᠯ ᠪᠤᠢ᠃

ᠲᠤᠰ ᠠᠶᠢᠮᠠᠭ ᠤᠨ ᠬᠣᠶᠢᠳᠤ ᠵᠠᠬ᠎ᠠ ᠪᠠᠷ ᠵᠠᠪᠬᠠᠨ ᠭᠣᠣᠯᠤᠷᠤᠰᠬᠤ ᠪᠥᠭᠡᠳ ᠵᠦᠢᠯ᠂ ᠰᠠᠭᠰᠠᠢ ᠵᠡᠷᠭᠡ ᠠᠳᠠᠭ ᠲᠤ ᠪᠠᠨ ᠰᠢᠷᠭᠢᠳᠡᠭ ᠭᠣᠣᠯ ᠭᠣᠷᠤᠬ ᠠ ᠪᠤᠢ᠃ ᠮᠥᠨ ᠶᠡᠬᠡᠰᠰᠢᠷᠭ᠎ᠠᠲᠣᠩᠬᠢᠯ ᠵᠡᠷᠭᠡ ᠨᠠᠭᠤᠷ ᠤᠳ ᠪᠤᠢ᠃ ᠬᠥᠩᠬᠥᠷ ᠵᠤᠰᠠᠯᠠᠩ᠂ ᠤᠯᠠᠭᠠᠨᠬᠠᠶᠢᠷᠬᠠᠨ᠂ ᠠᠷᠭᠠᠯᠠᠩᠳᠤ ᠵᠡᠷᠭᠡ ᠷᠠᠰᠢᠶᠠᠨ ᠤᠰᠤ ᠪᠤᠢ᠃ ᠭᠣᠪᠢ ᠠᠯᠲᠠᠢ ᠠᠶᠢᠮᠠᠭ ᠪᠣᠯ ᠨᠤᠲᠤᠭ ᠳᠡᠪᠢᠰᠬᠡᠷ ᠦᠨ ᠢᠶᠡᠨ ᠬᠡᠮᠵᠢᠶ᠎ᠡ ᠪᠡᠷ ᠮᠤᠩᠭᠤᠯ ᠤᠯᠤᠰ ᠲᠤ ᠪᠠᠨ ᠬᠤᠶᠠᠷᠳᠤᠭᠠᠷ ᠲᠦ ᠣᠷᠣᠨ᠎ᠠ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠢ ᠶᠢᠨ ᠥᠪᠥᠷ ᠬᠡᠰᠡᠭ ᠢᠶᠡᠷ ᠴᠥᠯ ᠦᠨ ᠪᠣᠷᠣ ᠰᠠᠷᠠᠯ ᠬᠥᠷᠥᠰᠥ ᠲᠠᠢ᠃ ᠠᠭᠤᠯᠠᠨ ᠳᠤ ᠪᠠᠨ ᠠᠭᠤᠯᠠ ᠶᠢᠨ ᠨᠤᠭᠤ ᠶᠢᠨ ᠪᠠ ᠠᠭᠤᠯᠠ ᠶᠢᠨ ᠬᠦᠷᠡᠩ ᠬᠥᠷᠥᠰᠥ ᠲᠡᠢ᠃ ᠨᠤᠲᠤᠭ ᠤᠨ ᠬᠣᠶᠢᠳᠤ ᠬᠡᠰᠡᠭ ᠢᠶᠡᠷ ᠬᠦᠷᠡᠩ ᠬᠥᠷᠥᠰᠦ ᠲᠡᠢ᠂ ᠠᠯᠲᠠᠢ ᠶᠢᠨ ᠥᠪᠥᠷ ᠢᠶᠡᠷ ᠭᠣᠪᠢ ᠶᠢᠨ ᠤᠷᠭᠤᠮᠠᠯ ᠲᠠᠢ᠃ ᠠᠭᠤᠯᠠᠨ ᠳᠤ ᠪᠠᠨ ᠠᠭᠤᠯᠠ ᠶᠢᠨ ᠬᠡᠭᠡᠷ᠎ᠡ᠂ ᠬᠣᠶᠢᠳᠤ ᠬᠡᠰᠡᠭ ᠢᠶᠡᠷ ᠢᠶᠡᠨ ᠬᠡᠭᠡᠷ᠎ᠡ ᠶᠢᠨ ᠤᠷᠭᠤᠮᠠᠯ ᠲᠠᠷᠬᠠᠵᠠᠢ᠃ ᠠᠶᠢᠮᠠᠭ ᠤᠨ ᠨᠤᠲᠤᠭ ᠲᠤ ᠳᠡᠯᠡᠬᠡᠢ ᠳᠦ ᠨᠡᠩ ᠬᠣᠪᠣᠷᠳᠠᠭᠰᠠᠨ ᠪᠦᠬᠦᠩᠬᠤᠯᠠᠨᠬᠠᠪᠲᠠᠭᠠᠢ ᠪᠣᠯᠤᠨ ᠪᠤᠰᠤᠳ ᠣᠯᠠᠨ ᠲᠥᠷᠥᠯ ᠦᠨ ᠠᠮᠢᠲᠠᠳ ᠠᠮᠢᠳᠤᠷᠠᠳᠠᠭ ᠪᠠᠶᠢᠨ᠎ᠠ᠃ ᠠᠶᠢᠮᠠᠭ ᠤᠨ ᠬᠡᠮᠵᠢᠶ᠎ᠡ ᠪᠡᠷ 2 ᠵᠠᠭᠤᠨ ᠲᠦᠮᠡ ᠭᠠᠷᠤᠢ ᠮᠠᠯ ᠲᠠᠢ ᠪᠥᠭᠡᠳ ᠮᠠᠯ ᠤᠨ ᠣᠯᠠᠩᠬᠢ ᠨᠢ ᠬᠣᠨᠢᠢᠮᠠᠭ᠎ᠠ ᠶᠤᠮ᠃ ᠭᠠᠵᠠᠷ ᠲᠠᠷᠢᠶᠠᠯᠠᠩ ᠪᠠᠷᠤᠭ ᠬᠥᠭᠵᠢᠭᠡ ᠦᠭᠡᠢ ᠭᠠᠵᠠᠷ ᠪᠣᠯᠤᠨ᠎ᠠ᠃ ᠭᠣᠪᠢ ᠠᠯᠲᠠᠢ ᠠᠶᠢᠮᠠᠭ ᠲᠤ ᠳᠤᠮᠳᠠᠳᠤ ᠤᠯᠤᠰ ᠤᠷᠤᠭᠤ ᠭᠠᠷᠬᠤ ᠪᠤᠷᠭᠠᠰᠤᠲᠠᠢ ᠶᠢᠨ ᠬᠢᠯᠢ ᠶᠢᠨ ᠪᠣᠭᠣᠮᠲᠠ ᠠᠯᠲᠠᠢ ᠰᠤᠮᠤᠨ ᠳᠤ ᠪᠤᠢ᠃

ᠠᠶᠢᠮᠠᠭ ᠤᠨ ᠪᠡᠯᠭᠡ ᠲᠡᠮᠳᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠰᠦᠯᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠰᠦᠯᠳᠡ ᠨᠢ ᠠᠷᠢᠭᠤᠨ ᠴᠠᠭᠠᠨ ᠥᠩᠭᠡ ᠶᠢᠨ ᠪᠠᠳᠮ᠎ᠠ ᠴᠡᠴᠡᠭ ᠰᠠᠭᠤᠷᠢ ᠲᠠᠢ᠂ ᠲᠡᠭᠦᠰᠬᠡᠯ ᠦᠭᠡᠢ ᠦᠷᠭᠦᠯᠵᠢᠯᠡᠨ ᠳᠡᠯᠭᠡᠷᠡᠬᠦ ᠲᠦᠮᠡᠨ ᠨᠠᠰᠤᠲᠤ ᠬᠡ ᠪᠡᠷ ᠬᠥᠪᠡᠭᠡᠯᠡᠭᠰᠡᠨ᠂ ᠮᠥᠩᠬᠡ ᠲᠩᠷᠢ ᠶᠢ ᠪᠡᠯᠭᠡᠳᠡᠭᠰᠡᠨ ᠳᠤᠭᠤᠷᠢᠭ ᠬᠥᠬᠡ ᠳᠡᠪᠢᠰᠬᠡᠷ ᠲᠡᠢ ᠪᠠᠶᠢᠨ᠎ᠠ᠃

ᠰᠦᠯᠳᠡᠨ ᠦ ᠲᠥᠪ ᠬᠡᠰᠡᠭ ᠲᠦ ᠠᠩ ᠠᠮᠢᠲᠠᠨ ᠢᠶᠠᠷ ᠪᠠᠶᠠᠯᠢᠭ ᠢ ᠪᠡᠯᠭᠡᠳᠡᠨ᠂ ᠳᠡᠭᠦᠯᠢᠵᠦ ᠪᠠᠶᠢᠭ᠎ᠠ ᠤᠭᠠᠯᠵᠠ᠂ ᠭᠣᠪᠢ ᠬᠠᠩᠭᠠᠢ ᠶᠢᠨ ᠥᠨᠳᠥᠷ ᠰᠦᠷᠯᠢᠭ ᠠᠭᠤᠯᠠᠰ ᠢ ᠬᠠᠷᠠᠭᠤᠯᠤᠭᠰᠠᠨ ᠨᠣᠭᠣᠭᠠᠨ ᠰᠢᠷ᠎ᠠ ᠳᠡᠪᠢᠰᠬᠡᠷ᠂ ᠮᠥᠩᠬᠡ ᠴᠠᠰᠤᠲᠤ ᠠᠭᠤᠯᠠ ᠶᠢᠨ ᠵᠢᠷᠤᠭ᠂ ᠳᠡᠯᠡᠬᠡᠢ ᠶᠢᠨ ᠳᠠᠶᠠᠭᠠᠷᠰᠢᠯ ᠮᠡᠳᠡᠭᠡᠯᠡᠯ ᠦᠨ ᠲᠧᠭᠨᠣᠯᠣᠭᠢ ᠶᠢ ᠪᠡᠯᠭᠡᠳᠡᠭᠰᠡᠨ ᠳᠣᠯᠭᠢᠶᠠᠨ ᠢ ᠳᠦᠷᠰᠦᠯᠡᠭᠰᠡᠨ ᠪᠠᠶᠢᠨ᠎ᠠ᠃ ᠰᠦᠯᠳᠡᠨ ᠦ ᠬᠦᠷᠢᠶᠡᠨ ᠦ ᠮᠠᠩᠨᠠᠢ ᠶᠢᠨ ᠬᠡᠰᠡᠭ ᠲᠦ ᠰᠢᠨᠵᠢᠯᠡᠬᠦ ᠤᠬᠠᠭᠠᠨ ᠪᠣᠯᠪᠠᠰᠤᠷᠠᠯ ᠢ ᠳᠡᠭᠡᠳᠦᠯᠡᠭᠰᠡᠨ ᠳᠡᠯᠭᠡᠭᠰᠡᠨ ᠨᠣᠮ ᠤᠨ ᠳᠦᠷᠰᠦ ᠳᠡᠭᠡᠷ᠎ᠡ ᠮᠣᠩᠭᠣᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠶᠢᠳᠠᠯ᠂ ᠴᠣᠭ ᠬᠡᠶᠢᠮᠣᠷᠢ ᠶᠢ ᠢᠯᠡᠳᠬᠡᠭᠰᠡᠨ ᠠᠯᠲᠠᠨ ᠰᠣᠶᠣᠮᠪᠣ ᠶᠢ ᠵᠠᠯᠠᠵᠤ᠂ ᠳᠤᠤᠷᠠᠳᠤ ᠬᠡᠰᠡᠭ ᠲᠦ ᠠᠵᠤ ᠦᠢᠯᠡᠳᠪᠦᠷᠢ᠂ ᠭᠠᠵᠠᠷ ᠲᠠᠷᠢᠶᠠᠯᠠᠩ ᠢ ᠢᠯᠡᠳᠬᠡᠭᠰᠡᠨ ᠬᠦᠷᠳᠦ ᠠᠷᠠᠭ᠎ᠠ᠂ ᠲᠠᠷᠢᠶᠠᠨ ᠤ ᠨᠤᠭᠤᠭᠠᠨ ᠦᠩᠭᠡ ᠪᠠ ᠤᠯᠠᠪᠤᠷ ᠨᠢ ᠲᠦᠷᠦᠭᠦᠦ ᠶᠢ ᠲᠤᠰ ᠲᠤᠰ ᠳᠦᠷᠰᠦᠯᠡᠨ᠎ᠡ᠃

ᠰᠦᠯᠳᠡᠨ ᠦ ᠳᠤᠤᠷᠠᠳᠤ ᠬᠡᠰᠡᠭ ᠢ "ᠭᠣᠪᠢ ᠠᠯᠲᠠᠢ" ᠭᠡᠰᠡᠨ ᠪᠢᠴᠢᠭ ᠲᠡᠢ ᠲᠤᠤᠵᠠ ᠪᠠᠷ ᠣᠷᠢᠶᠠᠭᠰᠠᠨ ᠪᠠᠶᠢᠨ᠎ᠠ᠃ ᠠᠶᠢᠮᠠᠭ ᠤᠨ ᠰᠦᠯᠳᠡ ᠶᠢ ᠦᠢᠯᠡᠳᠬᠦ᠂ ᠳᠦᠷᠰᠦᠯᠡᠬᠦ ᠳᠦ ᠪᠡᠨ ᠲᠡᠭᠦᠨ ᠦ ᠬᠡᠮᠵᠢᠶᠡᠨ ᠡᠴᠡ ᠦᠯᠦ ᠬᠠᠮᠢᠶᠠᠷᠤᠨ ᠦᠨᠳᠦᠰᠦᠨ ᠬᠠᠤᠯᠢ ᠳᠤ ᠬᠠᠪᠰᠠᠷᠭᠠᠭᠰᠠᠨ ᠮᠣᠩᠭᠣᠯ ᠤᠯᠤᠰ ᠤᠨ ᠰᠦᠯᠳᠡᠨ ᠦ ᠡᠬᠢ ᠵᠠᠭᠪᠤᠷ ᠲᠤ ᠵᠢᠭᠠᠭᠰᠠᠨ ᠲᠡᠭ᠂ ᠬᠠᠷᠢᠴᠠᠭ᠎ᠠ ᠶᠢ ᠴᠢᠩᠭ᠎ᠠ ᠪᠠᠷᠢᠮᠲᠠᠯᠠᠨ᠎ᠠ᠃

ᠳᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠠᠯᠲᠠᠢ ᠠᠶᠢᠮᠠᠭ ᠤᠨ ᠲᠤᠭ (ᠳᠠᠯᠪᠠᠭ᠎ᠠ) ᠨᠢ ᠰᠢᠷ᠎ᠠ ᠬᠥᠬᠡ ᠬᠣᠣᠰᠯᠠᠭᠰᠠᠨ ᠥᠩᠭᠡ ᠲᠡᠢ ᠪᠠᠶᠢᠨ᠎ᠠ᠃ ᠳᠠᠯᠪᠠᠭᠠᠨ ᠤ ᠳᠤᠤᠷᠠᠳᠤ ᠬᠡᠰᠡᠭ ᠲᠦ ᠭᠤᠷᠪᠠ ᠬᠤᠪᠢᠶᠠᠭᠰᠠᠨ ᠤ ᠨᠢᠭᠡ ᠶᠢᠨ ᠬᠡᠮᠵᠢᠶ᠎ᠡ ᠲᠡᠢ ᠭᠣᠪᠢ ᠶᠢ ᠪᠡᠯᠭᠡᠳᠡᠭᠰᠡᠨ ᠰᠢᠷ᠎ᠠ ᠥᠩᠭᠡ ᠲᠡᠢ᠂ ᠳᠡᠭᠡᠳᠦ ᠬᠡᠰᠡᠭ ᠲᠦ ᠮᠥᠩᠬᠡ ᠲᠩᠷᠢ ᠶᠢ ᠪᠡᠯᠡᠭᠳᠡᠭᠰᠡᠨ ᠬᠥᠬᠡ ᠳᠡᠪᠢᠰᠬᠡᠷ ᠳᠡᠭᠡᠷ᠎ᠡ ᠠᠶᠢᠮᠠᠭ ᠤᠨ ᠰᠦᠯᠳᠡ ᠶᠢ ᠪᠠᠶᠢᠷᠢᠯᠠᠭᠤᠯᠤᠭᠰᠠᠨ ᠪᠠᠶᠢᠨ᠎ᠠ᠃ ᠳᠠᠯᠪᠠᠭᠠᠨ ᠤ ᠡᠰᠢᠨ ᠲᠠᠯ᠎ᠠ ᠳᠤ ᠰᠦᠯᠳᠡ ᠶᠢ ᠪᠠᠶᠢᠷᠢᠯᠠᠭᠤᠯᠤᠨ᠎ᠠ᠃ ᠳᠠᠯᠪᠠᠭᠠᠨ ᠤ ᠤᠷᠲᠤ ᠪᠠ ᠥᠷᠭᠡᠨ ᠨᠢ 1 ᠬᠠᠷᠢᠴᠠᠬᠤ 2 ᠍ ᠶᠢᠨ ᠬᠠᠷᠢᠴᠠᠭ᠎ᠠ ᠲᠠᠢ ᠪᠠᠶᠢᠨ᠎ᠠ᠃

ᠰᠦᠯᠳᠡ ᠳᠠᠭᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠤᠯᠠᠢ ᠴᠠᠭᠠᠨ ᠠᠯᠲᠠᠢ

(ᠦᠭᠡ: ᠽ᠂ ᠭᠦᠩᠰᠡᠩ᠂ ᠠᠶ᠎ᠠ: ᠴᠤ᠂ ᠰᠠᠩᠭᠢᠳᠣᠷᠵᠢ)

ᠦᠦᠷ ᠦᠨ ᠲᠠᠪᠤᠨ ᠵᠢᠩ ᠢᠶᠡᠷ ᠰᠠᠷᠠᠨ ᠰᠠᠭᠠᠲᠠᠭᠤᠯᠵᠤ ᠮᠥᠩᠭᠡᠷᠡᠭᠰᠡᠨ
ᠦᠳᠡᠰᠢ ᠶᠢᠨ ᠪᠦᠷᠦᠢ ᠲᠠᠰᠤᠷᠠᠲᠠᠯ᠎ᠠ ᠨᠠᠷᠠ ᠪᠠᠨ ᠨᠠᠭᠠᠳᠤᠭᠤᠯᠵᠤ ᠠᠯᠲᠠᠷᠠᠭᠰᠠᠨ
ᠵᠤᠯᠠᠢ ᠴᠠᠭᠠᠨ ᠠᠯᠲᠠᠢ ᠶᠢ ᠪᠠᠨ ᠪᠢ
ᠵᠡᠭᠦᠳᠦᠯᠡᠵᠦ ᠰᠡᠷᠢᠳᠡᠭ ᠨᠢ ᠶᠠᠭᠤᠨ ᠤ ᠬᠢ ᠪᠤᠢ
ᠠᠶ᠎ᠠ ᠠᠯᠲᠠᠢ ᠮᠢᠨᠢ᠂ ᠠᠯᠲᠠᠢ ᠮᠢᠨᠢ
ᠠᠵᠠ ᠪᠠᠷ ᠵᠠᠶᠠᠭᠠᠭᠰᠠᠨ ᠨᠤᠲᠤᠭ ᠡ
ᠲᠡᠪᠡᠷᠢᠵᠦ ᠲᠠᠨ ᠢ ᠪᠠᠨ ᠳᠠᠭᠠᠬᠤ ᠦᠭᠡᠢ ᠴᠤ ᠭᠡᠯ᠎ᠡ
ᠲᠡᠭᠡᠭᠡᠵᠦ ᠶᠠᠪᠤᠳᠠᠭ ᠰᠢᠦ ᠰᠡᠳᠬᠢᠯ ᠳᠦ ᠪᠡᠨ
ᠳᠡᠯᠭᠡᠷ ᠵᠤᠨ ᠤ ᠤᠯᠠᠷᠢᠯ ᠳᠤ ᠴᠡᠴᠡᠭ ᠢᠶᠡᠨ ᠳᠡᠪᠢᠰᠴᠦ ᠬᠠᠷᠠᠭᠤᠯᠳᠠᠭᠰᠠᠨ
ᠳᠡᠨᠵᠢ ᠶᠢᠨ ᠴᠠᠭᠠᠨ ᠭᠡᠷ ᠲᠦ ᠪᠡᠨ ᠡᠵᠢ ᠮᠢᠨᠢ ᠬᠦᠦ ᠪᠠᠨ ᠬᠦᠯᠢᠶᠡᠭᠰᠡᠨ
ᠵᠤᠯᠠᠢ ᠴᠠᠭᠠᠨ ᠠᠯᠲᠠᠢ ᠶᠢ ᠪᠠᠨ ᠪᠢ
ᠵᠡᠭᠦᠳᠦᠯᠡᠵᠦ ᠰᠡᠷᠢᠳᠡᠭ ᠨᠢ ᠤᠴᠢᠷᠲᠠᠢ
ᠠᠶ᠎ᠠ ᠠᠯᠲᠠᠢ ᠮᠢᠨᠢ᠂ ᠠᠯᠲᠠᠢ ᠮᠢᠨᠢ
ᠠᠵᠠ ᠪᠠᠷ ᠵᠠᠶᠠᠭᠠᠭᠰᠠᠨ ᠨᠤᠲᠤᠭ ᠡ
ᠲᠡᠪᠡᠷᠢᠵᠦ ᠲᠠᠨ ᠢ ᠪᠠᠨ ᠳᠠᠭᠠᠬᠤ ᠦᠭᠡᠢ ᠴᠤ ᠭᠡᠯ᠎ᠡ
ᠲᠡᠭᠡᠭᠡᠵᠦ ᠶᠠᠪᠤᠳᠠᠭ ᠰᠢᠦ ᠰᠡᠳᠬᠢᠯ ᠳᠦ ᠪᠡᠨ
ᠵᠠᠶᠠᠭ᠎ᠠ ᠲᠦᠪᠰᠢᠨ ᠲᠦᠮᠡᠨ ᠦ ᠪᠡᠨ ᠢᠲᠡᠭᠡᠯ ᠪᠣᠯᠵᠤ ᠰᠦᠨᠳᠡᠷᠯᠡᠭᠰᠡᠨ
ᠰᠠᠨᠠᠭ᠎ᠠ ᠴᠠᠭᠠᠨ ᠠᠷᠠᠳ ᠤᠨ ᠢᠶᠠᠨ ᠰᠡᠳᠬᠢᠯ ᠪᠣᠯᠵᠤ ᠮᠥᠩᠬᠡᠷᠡᠭᠰᠡᠨ
ᠵᠤᠯᠠᠢ ᠴᠠᠭᠠᠨ ᠠᠯᠲᠠᠢ ᠶᠢ ᠪᠠᠨ ᠪᠢ
ᠵᠡᠭᠦᠳᠦᠯᠡᠵᠦ ᠰᠡᠷᠢᠳᠡᠭ ᠨᠢ ᠠᠷᠭ᠎ᠠ ᠦᠭᠡᠢ᠃

ᠠᠯᠳᠠᠷᠲᠦ ᠬᠦᠮᠦᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠠᠯᠲᠠᠢ ᠠᠶᠢᠮᠠᠭ ᠨᠢ ᠮᠣᠩᠭᠣᠯ ᠤᠯᠤᠰ ᠤᠨ ᠵᠠᠩᠵᠤᠨ(ᠭᠧᠨᠧᠷᠠᠯ) ᠴᠣᠯᠠᠲᠠᠨ ᠬᠠᠮᠤᠭ ᠤᠨ ᠣᠯᠠᠨ ᠲᠦᠷᠦᠭᠰᠡᠨ ᠠᠶᠢᠮᠠᠭ ᠤᠨ ᠨᠢᠭᠡ ᠶᠤᠮ᠃ ᠮᠥᠨ ᠰᠢᠨ᠎ᠡ ᠦᠶ᠎ᠡ ᠶᠢᠨ ᠳᠦᠷᠰᠦᠯᠡᠬᠦ ᠤᠷᠠᠯᠢᠭ ᠤᠨ ᠠᠩᠬᠠᠳᠠᠭᠴᠢ ᠪᠠᠯᠠᠳᠠᠭᠤ ᠶᠢᠨ ᠰᠢᠷᠠᠪ᠂ ᠮᠣᠩᠭᠣᠯ ᠤᠯᠤᠰ ᠤᠨ ᠶᠡᠷᠦᠩᠬᠡᠢ ᠰᠠᠶᠢᠳ ᠪᠠᠶᠢᠭᠰᠠᠨ ᠫ᠂ ᠵᠠᠰᠠᠷᠠᠢ ᠪᠣᠯᠤᠨ ᠮᠣᠩᠭᠣᠯ ᠤᠯᠤᠰ ᠤᠨ ᠪᠠᠭᠠᠲᠤᠷ ᠮᠠᠭᠰᠠᠷ ᠤᠨ ᠵᠠᠩᠴᠢᠪ᠂ ᠳᠦᠭᠡᠷ ᠦᠨ ᠭᠠᠤᠯᠢᠨ᠂ ᠸ᠂ ᠰᠢᠷᠠᠪ᠂ ᠲᠥᠷᠥ ᠶᠢᠨ ᠬᠣᠱᠣᠢ ᠱᠠᠩᠨᠠᠯᠲᠤ ᠨᠡᠷᠡᠲᠦ ᠵᠣᠬᠢᠶᠠᠯᠴᠢ ᠴᠢᠳᠠᠷᠭᠠᠪᠠᠯᠤ ᠶᠢᠨ ᠯᠣᠳᠤᠶᠢᠳᠠᠮᠪᠠ᠂ ᠮᠣᠩᠭᠣᠯ ᠤᠯᠤᠰ ᠲᠤ ᠬᠤᠳᠠᠯᠳᠤᠭ᠎ᠠ᠂ ᠨᠡᠶᠢᠲᠡ ᠶᠢᠨ ᠬᠣᠭᠣᠯᠠᠨ ᠤ ᠰᠠᠯᠪᠤᠷᠢ ᠶᠢ ᠬᠥᠭᠵᠢᠭᠦᠯᠬᠦ ᠳᠤ ᠦᠨᠡᠲᠡᠢ ᠬᠤᠪᠢ ᠨᠡᠮᠡᠷᠢ ᠣᠷᠣᠭᠤᠯᠤᠭᠰᠠᠨ ᠠᠩᠬᠠᠳᠠᠭᠴᠢᠳ ᠤᠨ ᠨᠢᠭᠡ ᠳᠠᠩ-ᠠᠵᠠᠪ ᠤᠨ ᠫᠦᠨᠴᠠᠭ ᠨᠠᠷ ᠡᠨᠡ ᠨᠤᠲᠤᠭ ᠤᠨ ᠪᠠᠬᠠᠷᠬᠠᠯ ᠶᠤᠮ᠃

ᠰᠣᠨᠢᠷᠬᠠᠯᠲᠠᠢ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠭᠣᠪᠢ ᠠᠯᠲᠠᠢ ᠠᠶᠢᠮᠠᠭ ᠤᠨ ᠰᠢᠷᠭ᠎ᠠ ᠰᠤᠮᠤ ᠨᠢ ᠮᠣᠩᠭᠣᠯ ᠤᠨ ᠬᠠᠮᠤᠭ ᠤᠨ ᠣᠯᠠᠨ ᠭᠧᠨᠧᠷᠠᠯ ᠮᠡᠨᠳᠦᠯᠡᠭᠰᠡᠨ ᠰᠤᠮᠤ ᠪᠢᠯᠡ᠃
  • ᠰᠢᠷᠭ᠎ᠠ ᠰᠤᠮᠤ ᠶᠢᠨ ᠨᠤᠲᠤᠭ ᠠᠴᠠ ᠴᠢᠩᠭᠠᠢ ᠪᠠᠯᠭᠠᠰᠤ ᠶᠢ ᠣᠯᠵᠠᠢ᠃

ᠮᠣᠩᠭᠣᠯ-ᠶᠠᠫᠣᠨ ᠤ ᠬᠠᠮᠲᠤᠷᠠᠭᠰᠠᠨ《ᠪᠢᠴᠢᠭᠡᠰᠦ》ᠲᠥᠰᠥᠯ ᠦᠨ ᠪᠠᠭ ᠨᠢ ᠭᠣᠪᠢ ᠠᠯᠲᠠᠢ ᠠᠶᠢᠮᠠᠭ ᠤᠨ ᠰᠢᠷᠭ᠎ᠠ ᠰᠤᠮᠤ ᠶᠢᠨ ᠨᠤᠲᠤᠭ ᠠᠴᠠ ᠬᠠᠭᠤᠴᠢ ᠰᠤᠳᠤᠯᠤᠯ ᠤᠨ ᠮᠠᠯᠲᠠᠯᠭ᠎ᠠ ᠬᠢᠭᠰᠡᠨ ᠪᠦᠭᠡᠳ ᠪᠠᠰᠠ ᠮᠡᠳᠡᠭᠦᠯᠦᠯᠲᠡ ᠶᠢᠨ ᠬᠤᠷᠠᠯ ᠬᠢᠵᠡᠢ᠃ ᠡᠨᠡᠬᠦ ᠬᠤᠷᠠᠯ ᠳᠤ ᠲᠥᠰᠥᠯ ᠦᠨ ᠪᠠᠭ ᠤᠨ ᠭᠡᠰᠢᠭᠦᠳ ᠪᠣᠯᠬᠤ ᠮᠣᠩᠭᠣᠯ ᠤᠯᠤᠰ ᠤᠨ ᠲᠠᠯ᠎ᠠ ᠠᠴᠠ ᠰᠢᠨᠵᠢᠯᠡᠬᠦ ᠤᠬᠠᠭᠠᠨ ᠲᠧᠭᠨᠣᠯᠣᠭᠢ ᠶᠢᠨ ᠶᠡᠬᠡ ᠰᠤᠷᠭᠠᠭᠤᠯᠢ ᠶᠢᠨ ᠪᠠᠭᠰᠢ᠂ ᠳᠡᠳ᠋ ᠫᠷᠣᠹᠧᠰᠰᠣᠷ ᠯ᠂ ᠡᠷᠳᠡᠨᠢᠪᠣᠯᠤᠳ᠂ ᠶᠠᠫᠣᠨ ᠤ ᠲᠠᠯ᠎ᠠ ᠠᠴᠠ 13 ᠍ᠳ᠋ᠤᠭᠠᠷ ᠵᠠᠭᠤᠨ ᠤ ᠦᠶ᠎ᠡ ᠶᠢ ᠰᠤᠳᠤᠯᠤᠭᠠᠴᠢ᠂ ᠫᠷᠣᠹᠧᠰᠰᠣᠷ ᠺ᠂ ᠮᠠᠽᠡᠳᠠ᠂ ᠫᠷᠣᠹᠧᠰᠰᠣᠷ ᠲ᠂ ᠮᠤᠷᠠᠣᠺᠠ᠂ ᠮᠣᠩᠭᠣᠯᠴᠢ ᠡᠷᠳᠡᠮᠲᠡᠨ᠂ ᠫᠷᠣᠹᠧᠰᠰᠣᠷ ᠲ᠂ ᠮᠠᠽᠡᠶᠢᠸᠠ ᠨᠠᠷ ᠪᠠᠶᠢᠪᠠ᠃ ᠮᠣᠩᠭᠣᠯ-ᠶᠠᠫᠣᠨ ᠤ ᠬᠠᠮᠲᠤᠷᠤᠭᠰᠠᠨ《ᠪᠢᠴᠢᠭᠡᠰᠦ》ᠲᠥᠰᠥᠯ ᠦᠨ ᠪᠠᠭ᠂ 2014 ᠤᠨ ᠤ ᠨᠠᠶᠢᠮᠠᠳᠤᠭᠠᠷ ᠰᠠᠷ᠎ᠠ ᠶᠢᠨ 25 ᠤ ᠡᠳᠦᠷ ᠠᠴᠠ ᠶᠢᠰᠦᠳᠦᠭᠡᠷ ᠰᠠᠷ᠎ᠠ ᠶᠢᠨ 10 ᠍ ᠤ ᠬᠣᠭᠣᠷᠣᠨᠳᠣ ᠮᠣᠩᠭᠣᠯ ᠤᠯᠤᠰ ᠤᠨ ᠭᠣᠪᠢ-ᠠᠯᠲᠠᠢ ᠠᠶᠢᠮᠠᠭ ᠤᠨ ᠰᠢᠷᠭ᠎ᠠ ᠰᠤᠮᠤ ᠶᠢᠨ ᠨᠤᠲᠤᠭ ᠪᠤᠯᠬᠤ ᠬᠠᠯᠵᠠᠨ ᠰᠢᠷᠭ᠎ᠠ ᠬᠡᠮᠡᠬᠦ ᠭᠠᠵᠠᠷ ᠲᠤ ᠬᠠᠭᠤᠴᠢ ᠰᠤᠳᠤᠯᠤᠯ ᠤᠨ ᠮᠠᠯᠲᠠᠯᠭ᠎ᠠ ᠬᠢᠪᠡ᠃ ᠬᠠᠯᠵᠠᠨ ᠰᠢᠷᠭ᠎ᠠ ᠪᠠᠯᠭᠠᠰᠤ ᠨᠢ ᠰᠢᠷᠭ᠎ᠠ ᠰᠤᠮᠤ ᠶᠢᠨ ᠲᠥᠪ ᠦᠨ ᠪᠠᠷᠠᠭᠤᠨ ᠡᠮᠦᠨ᠎ᠡ ᠵᠦᠭ ᠲᠤ 10 ᠺᠢᠯᠣᠮᠧᠲ᠋ᠷ ᠳᠦ᠂ ᠰᠢᠷᠭ᠎ᠠ ᠶᠢᠨ ᠴᠠᠭᠠᠨ ᠨᠠᠭᠤᠷ ᠤᠨ ᠵᠡᠭᠦᠨ ᠵᠦᠭ ᠲᠤ 15 ᠺᠢᠯᠣᠮᠧᠲ᠋ᠷ ᠳᠦ᠂ ᠰᠢᠷᠭ᠎ᠠ ᠶᠢᠨ ᠭᠣᠣᠯ ᠤᠨ ᠡᠮᠦᠨ᠎ᠡ ᠬᠥᠪᠡᠭᠡᠨ ᠳᠤ ᠪᠤᠢ ᠵᠤᠤᠪᠠᠩ ᠳᠥᠷᠪᠡᠯᠵᠢᠨ ᠰᠢᠷᠣᠢ ᠬᠡᠷᠡᠮ ᠪᠦᠬᠦᠢ᠂ ᠪᠠᠭ᠎ᠠ ᠰᠢ᠍ᠭ ᠪᠠᠯᠭᠠᠰᠤ ᠶᠤᠮ᠃ ᠡᠨᠡᠬᠦ 15 ᠬᠣᠨᠣᠭ ᠤᠨ ᠬᠤᠭᠤᠴᠠᠭᠠᠨ ᠳᠤ ᠬᠠᠯᠵᠠᠨ ᠰᠢᠷᠭ᠎ᠠ ᠪᠠᠯᠭᠠᠰᠤᠨ ᠳᠤ ᠬᠠᠭᠤᠴᠢ ᠰᠤᠳᠤᠯᠤᠯ ᠤᠨ ᠮᠠᠯᠲᠠᠯᠭ᠎ᠠ ᠬᠢᠵᠦ᠂ ᠤᠨ ᠴᠠᠭ ᠲᠣᠭᠲᠠᠭᠠᠬᠤ ᠲᠤᠷᠰᠢᠯᠲᠠ ᠶᠢᠨ ᠰᠢᠨᠵᠢᠯᠡᠭᠡᠨ ᠦ ᠪᠤᠳᠠᠰ ᠢ ᠠᠪᠴᠠᠢ᠃ ᠮᠠᠯᠲᠠᠯᠭ᠎ᠠ ᠢᠶᠠᠷ ᠣᠯᠠᠨ ᠲᠣᠭᠠᠨ ᠤ ᠠᠬᠤᠢ ᠶᠢᠨ ᠬᠡᠷᠡᠭᠯᠡᠭᠡᠨ ᠦ ᠸᠠᠭᠠᠷ ᠰᠠᠪᠠᠨ ᠤ ᠬᠠᠭᠠᠷᠬᠠᠢ᠂ ᠪᠣᠳᠠ᠂ ᠪᠣᠭ ᠮᠠᠯ ᠤᠨ ᠶᠠᠰᠤ᠂ ᠲᠡᠮᠦᠷ ᠬᠠᠶᠢᠯᠤᠭᠤᠯᠵᠤ ᠪᠠᠶᠢᠭᠰᠠᠨ ᠪᠣᠯᠤᠯᠲᠠᠢ ᠲᠡᠮᠦᠷ ᠦᠨ ᠪᠠᠭᠠᠵᠢ ᠶᠢᠨ ᠦᠯᠡᠳᠡᠭᠳᠡᠯ ᠪᠣᠯᠤᠨ ᠶᠠᠰᠤᠨ ᠡᠳ᠋ᠯᠡᠯ ᠦᠳ ᠢᠯᠡᠷᠡᠵᠠᠢ᠃ ᠣᠯᠳᠠᠪᠤᠷᠢ ᠠᠴᠠ ᠥᠩᠭᠡᠷᠡᠭᠰᠡᠨ ᠤᠨ ᠤ ᠰᠡᠭᠦᠯᠡᠷ ᠶᠠᠫᠣᠨ ᠤ ᠤᠯᠤᠰ ᠲᠤ ᠨᠠᠷᠢᠨ ᠰᠤᠳᠤᠯᠭᠠᠨ ᠳᠤ ᠣᠷᠣᠭᠤᠯᠵᠤ᠂ 13 ᠍ᠳ᠋ᠤᠭᠠᠷ ᠵᠠᠭᠤᠨ ᠤ ᠮᠣᠩᠭᠣᠯ ᠤᠨ ᠡᠵᠡᠨᠲᠦ ᠭᠦᠷᠦᠨ ᠦ ᠦᠶ᠎ᠡ ᠳᠦ ᠴᠢᠩᠭᠢᠰ ᠬᠠᠭᠠᠨ ᠲᠥᠪ ᠠᠽᠢᠶ᠎ᠠ ᠳᠤ ᠳᠣᠪᠲᠣᠯᠤᠨ ᠶᠠᠪᠤᠬᠤ ᠶᠢᠨ ᠲᠥᠯᠥᠭᠡ ᠵᠠᠮ ᠳᠤ ᠪᠠᠨ ᠪᠠᠶᠢᠭᠤᠯᠤᠭᠠᠳ ᠠᠰᠢᠭᠯᠠᠵᠤ ᠪᠠᠶᠢᠭᠰᠠᠨ ᠴᠡᠷᠢᠭ ᠦᠨ ᠲᠦᠰᠢᠭ ᠬᠣᠲᠠ ᠴᠢᠩᠭᠠᠢ ᠪᠠᠯᠭᠠᠰᠤ ᠮᠥᠨ ᠪᠣᠯᠬᠤ ᠶᠢ ᠲᠣᠳᠣᠷᠬᠠᠶᠢᠯᠠᠭᠰᠠᠨ ᠪᠠᠶᠢᠨ᠎ᠠ᠃

ᠡᠨᠡᠬᠦ ᠰᠤᠳᠤᠯᠭ᠎ᠠ ᠶᠢ ᠠᠩᠬ᠎ᠠ 2004 ᠤᠨ ᠤ ᠦᠶ᠎ᠡ ᠳᠦ ᠬᠢᠵᠦ ᠶᠠᠪᠤᠬᠤ ᠳᠤ ᠡᠭᠦᠨ ᠲᠡᠢ ᠢᠵᠢᠯ ᠣᠯᠠᠨ ᠲᠣᠭᠠᠨ ᠤ ᠸᠠᠭᠠᠷ ᠰᠠᠪᠠᠨ ᠤ ᠬᠠᠭᠠᠷᠬᠠᠢ ᠨᠤᠭᠤᠳ ᠢᠯᠡᠷᠡᠵᠦ ᠣᠯᠠᠳᠠᠭᠰᠠᠨ ᠠᠴᠠ ᠭᠠᠳᠠᠨ᠎ᠠ ᠡᠷᠲᠡᠨ ᠦ ᠤᠯᠠᠮᠵᠢᠯᠠᠯᠲᠤ ᠬᠡ ᠽᠢ᠂ ᠪᠠᠢ ᠽᠢ᠂ ᠽᠢ ᠵᠢᠶᠦ᠋ᠨ ᠵᠡᠷᠭᠡ ᠲᠥᠷᠥᠯ ᠦᠨ ᠴᠠᠭᠠᠨ᠂ ᠬᠥᠬᠡ ᠱᠠᠭᠠᠵᠠᠩ ᠤᠨ ᠬᠠᠭᠠᠷᠬᠠᠢ ᠴᠥᠭᠡᠨ ᠦᠭᠡᠢ ᠢᠯᠡᠷᠡᠵᠦ ᠪᠠᠶᠢᠴᠠᠢ᠃

13 ᠍ᠳ᠋ᠤᠭᠠᠷ ᠵᠠᠭᠤᠨ ᠳᠤ ᠮᠣᠩᠭᠣᠯᠴᠤᠳ ᠶᠠᠭᠠᠬᠢᠭᠠᠳ ᠬᠦᠴᠦᠷᠬᠡᠭ ᠪᠣᠯᠤᠭᠰᠠᠨ ᠪᠤᠢ? ᠲᠤᠬᠠᠢ ᠶᠢᠨ ᠦᠶ᠎ᠡ ᠳᠦ ᠲᠡᠶᠢᠮᠦ ᠥᠷᠭᠡᠨ ᠠᠭᠤᠳᠠᠮ ᠲᠠᠯ᠎ᠠ ᠨᠤᠲᠤᠭ ᠢ ᠡᠵᠡᠯᠡᠭᠰᠡᠨ ᠪᠤᠢ ᠭᠡᠳᠡᠭ ᠠᠰᠠᠭᠤᠯᠲᠠ ᠭᠠᠷᠴᠤ ᠢᠷᠡᠵᠦ ᠪᠠᠶᠢᠨ᠎ᠠ᠃ ᠲᠡᠶᠢᠮᠦ ᠡᠴᠡ ᠡᠭᠦᠨ ᠦ ᠴᠠᠭᠠᠨ᠎ᠠ ᠴᠡᠷᠢᠭ ᠦᠨ ᠵᠢᠵᠢᠭ ᠬᠣᠲᠠ ᠨᠤᠭᠤᠳ᠂ ᠮᠥᠨ ᠦᠢᠯᠡᠳᠪᠦᠷᠢ ᠶᠢᠨ ᠲᠦᠰᠢᠭ ᠭᠠᠵᠠᠷ ᠪᠠᠶᠢᠳᠠᠭ ᠲᠤᠬᠠᠢ ᠰᠤᠳᠤᠯᠤᠭᠠᠴᠢᠳ ᠦᠵᠡᠳᠡᠭ᠃ ᠰᠤᠳᠤᠯᠤᠭᠠᠴᠢᠳ ᠤᠨ ᠬᠡᠯᠡᠵᠦ ᠪᠠᠶᠢᠭ᠎ᠠ ᠪᠠᠷ ᠴᠢᠩᠭᠠᠢ ᠪᠠᠯᠭᠠᠰᠤ ᠪᠣᠯ ᠮᠣᠩᠭᠣᠯ ᠤᠨ ᠬᠠᠮᠤᠭ ᠤᠨ ᠪᠠᠷᠠᠭᠤᠨ ᠬᠡᠰᠡᠭ ᠲᠦ ᠪᠠᠶᠢᠭ᠎ᠠ ᠬᠣᠲᠠ ᠪᠤᠯᠤᠨ᠎ ᠠ᠃ ᠰᠤᠳᠤᠯᠭ᠎ᠠ ᠪᠠᠷ ᠡᠨᠡ ᠨᠢ ᠮᠣᠩᠭᠣᠯᠴᠤᠳ ᠢ ᠪᠠᠷᠠᠭᠤᠨ ᠲᠡᠰᠢ ᠲᠡᠯᠡᠵᠦ᠂ ᠲᠣᠮᠣᠷᠠᠭᠰᠠᠨ ᠢ ᠬᠠᠷᠠᠭᠤᠯᠵᠤ ᠪᠠᠶᠢᠨ᠎ᠠ᠃ ᠤᠭ ᠬᠣᠲᠠ ᠶᠢ ᠮᠣᠩᠭᠣᠯᠴᠤᠳ ᠢ ᠬᠦᠴᠦᠷᠬᠡᠭᠵᠢᠵᠦ᠂ ᠪᠠᠷᠠᠭᠤᠨ ᠲᠡᠰᠢ ᠭᠠᠷᠬᠤ ᠳᠤ ᠬᠠᠮᠤᠭ ᠤᠨ ᠭᠣᠣᠯ ᠨᠥᠯᠥᠭᠡ ᠦᠵᠡᠭᠦᠯᠦᠭᠰᠡᠨ ᠶᠤᠮ᠃ ᠮᠥᠨ ᠲᠡᠷᠡ ᠣᠷᠴᠢᠮ ᠳᠤ ᠲᠠᠷᠢᠶᠠᠯᠠᠩ ᠡᠷᠬᠢᠯᠡᠳᠡᠭ ᠪᠠᠶᠢᠭᠰᠠᠨ ᠪᠠᠶᠢᠨ᠎ᠠ᠃ ᠮᠣᠩᠭᠣᠯ ᠤᠨ ᠡᠵᠡᠨᠲᠦ ᠭᠦᠷᠦᠨ ᠥᠪᠡᠷ ᠦᠨ ᠡᠵᠡᠯᠡᠭᠰᠡᠨ ᠭᠠᠵᠠᠷ ᠣᠷᠣᠨ ᠨᠤᠲᠤᠭ ᠲᠤ ᠪᠠᠨ ᠲᠧᠭᠨᠢᠭ ᠮᠡᠷᠭᠡᠵᠢᠯ ᠳᠤ ᠤᠷ᠎ᠠ ᠴᠢᠳᠠᠪᠤᠷᠢ ᠲᠠᠢ ᠬᠦᠮᠦᠰ ᠢ ᠴᠤᠭᠯᠠᠭᠤᠯᠵᠤ᠂ ᠦᠢᠯᠡᠳᠪᠦᠷᠢᠯᠡᠯ ᠪᠤᠢ ᠪᠣᠯᠭᠠᠵᠤ᠂ ᠲᠡᠭᠦᠨ ᠦ ᠪᠡᠨ ᠦᠷ᠎ᠡ ᠳ᠋ᠦᠩ ᠳᠦ ᠪᠠᠶᠢᠯᠳᠤᠨ ᠳᠠᠭᠠᠭᠤᠯᠠᠯ ᠢ ᠬᠢᠭᠰᠡᠨ ᠪᠠᠶᠢᠨ᠎ᠠ᠃ ᠴᠢᠩᠭᠢᠰ ᠬᠠᠭᠠᠨ ᠮᠣᠩᠭᠣᠯ ᠤᠨ ᠡᠵᠡᠨᠲᠦ ᠭᠦᠷᠦᠨ ᠢ ᠪᠠᠶᠢᠭᠤᠯᠵᠤ᠂ ᠤᠯᠠᠮ ᠢᠶᠠᠷ ᠴᠠᠰᠢ ᠤᠯᠠᠮ ᠬᠦᠴᠦᠷᠬᠡᠭᠵᠢᠬᠦ ᠦᠢᠯᠡ ᠶᠠᠪᠤᠴᠠ ᠨᠢ ᠮᠠᠰᠢ ᠨᠠᠷᠢᠨ ᠲᠥᠯᠥᠪᠯᠡᠭᠡᠲᠡᠢ᠂ ᠳᠡᠰ ᠳᠠᠷᠠᠭ᠎ᠠ ᠲᠠᠢ ᠪᠠᠷ ᠬᠢᠭᠰᠡᠨ ᠪᠠᠶᠢᠨ᠎ ᠠ᠃ ᠲᠡᠭᠦᠨ ᠦ ᠨᠢᠭᠡ ᠭᠣᠣᠯ ᠦᠨᠳᠦᠰᠦ ᠨᠢ ᠪᠣᠯ ᠴᠢᠩᠭᠠᠢ ᠪᠠᠯᠭᠠᠰᠤ ᠶᠤᠮ᠃ ᠡᠭᠦᠨ ᠡᠴᠡ ᠦᠨᠳᠦᠰᠦᠯᠡᠭᠡᠳ ᠰᠤᠳᠤᠯᠭᠠᠨ ᠤ ᠪᠠᠭ ᠭᠣᠪᠢ ᠠᠯᠲᠠᠢ ᠠᠶᠢᠮᠠᠭ ᠤᠨ ᠰᠢᠷᠭ᠎ᠠ ᠰᠤᠮᠤ ᠶᠢᠨ ᠨᠤᠲᠤᠭ ᠠᠴᠠ ᠣᠯᠳᠠᠭᠰᠠᠨ ᠣᠯᠳᠠᠪᠤᠷᠢ ᠨᠤᠭᠤᠳ ᠨᠢ 13 ᠍ᠳ᠋ᠤᠭᠠᠷ ᠵᠠᠭᠤᠨ ᠤ ᠦᠶ᠎ᠡ ᠶᠢᠨ ᠬᠢ ᠭᠡᠳᠡᠭ ᠢ ᠪᠠᠲᠤᠯᠠᠵᠠᠢ᠃ ᠲᠡᠶᠢᠮᠦ ᠡᠴᠡ ᠶᠠᠫᠣᠨ ᠳᠤ ᠬᠢᠭᠰᠡᠨ ᠰᠢᠨᠵᠢᠯᠡᠭᠡᠨ ᠦ ᠨᠠᠷᠢᠨ ᠰᠤᠳᠤᠯᠭᠠᠨ ᠤ ᠦᠷ᠎ᠡ ᠳ᠋ᠦᠩ ᠳᠦ᠂ ᠭᠠᠵᠠᠷ ᠵᠦᠢ ᠶᠢᠨ ᠪᠠᠶᠢᠷᠢᠯᠠᠯ ᠨᠢ ᠴᠢᠩᠭᠠᠢ ᠪᠠᠯᠭᠠᠰᠤ ᠮᠥᠨ ᠪᠣᠯᠬᠤ ᠶᠢ ᠲᠣᠭᠲᠠᠭᠠᠭᠠᠳ ᠪᠠᠶᠢᠨ᠎ᠠ᠃

ᠴᠢᠩᠭᠠᠢ ᠪᠠᠯᠭᠠᠰᠤ ᠶᠢ ᠴᠤᠬᠤᠮ ᠬᠠᠮᠢᠭ᠎ᠠ ᠪᠠᠶᠢᠭ᠎ᠠ ᠲᠠᠯ᠎ᠠ ᠪᠠᠷ ᠭᠠᠳᠠᠭᠠᠳᠤ ᠶᠢᠨ ᠣᠯᠠᠨ ᠡᠷᠳᠡᠮᠲᠡᠳ ᠦᠨ ᠰᠤᠳᠤᠯᠭ᠎ᠠ ᠪᠠᠶᠢᠳᠠᠭ ᠠᠵᠢ᠃ ᠭᠡᠬᠦ ᠳᠦ ᠪᠡᠨ ᠲᠡᠳᠡᠨ ᠦ ᠬᠤᠪᠢ ᠳᠤ ᠪᠢᠴᠢᠭ ᠤᠨ ᠰᠤᠳᠤᠯᠭᠠᠨ ᠳᠡᠭᠡᠷ᠎ᠡ ᠦᠨᠳᠦᠰᠦᠯᠡᠭᠡᠳ ᠰᠤᠳᠤᠯᠭ᠎ᠠ ᠶᠢ ᠬᠢᠬᠦ ᠳᠦ ᠲᠠᠪᠤᠨ ᠭᠠᠵᠠᠷ ᠪᠠᠶᠢᠭ᠎ᠠ ᠭᠡᠵᠦ ᠦᠵᠡᠵᠡᠢ᠃ ᠬᠠᠷᠢᠨ ᠮᠣᠩᠭᠣᠯ-ᠶᠠᠫᠣᠨ ᠤ《ᠪᠢᠴᠢᠭᠡᠰᠦ》ᠲᠥᠰᠥᠯ ᠦᠨ ᠪᠠᠭ ᠤᠨ ᠬᠢᠨ ᠤ ᠬᠤᠪᠢ ᠳᠤ ᠲᠤᠰ ᠭᠠᠵᠠᠷ ᠳᠤ ᠨᠢ ᠬᠦᠷᠴᠦ᠂ ᠪᠦᠷᠢᠨ ᠰᠤᠳᠤᠯᠭ᠎ᠠ ᠶᠢ ᠬᠢᠭᠰᠡᠨ ᠦ ᠦᠷ᠎ᠡ ᠳ᠋ᠦᠩ ᠳᠦ ᠴᠢᠩᠭᠠᠢ ᠪᠠᠯᠭᠠᠰᠤ ᠮᠥᠨ ᠪᠣᠯᠬᠤ ᠶᠢ ᠲᠣᠭᠲᠠᠭᠠᠵᠠᠢ᠃

ᠥᠩᠭᠡᠷᠡᠭᠰᠡᠨ ᠳᠤ ᠬᠢᠭᠰᠡᠨ ᠰᠤᠳᠤᠯᠭᠠᠨ ᠤ ᠦᠷ᠎ᠡ ᠳ᠋ᠦᠩ ᠳᠦ ᠭᠠᠷᠤᠭᠰᠠᠨ ᠶᠠᠰᠤ ᠪᠣᠯᠤᠨ ᠮᠣᠳᠣᠨ ᠤ ᠬᠡᠯᠲᠡᠷᠬᠡᠢ ᠶᠢ ᠮᠣᠩᠭᠣᠯ ᠤᠯᠤᠰ ᠤᠨ ᠵᠣᠬᠢᠬᠤ ᠭᠠᠵᠠᠷ ᠤᠨ ᠵᠥᠪᠰᠢᠶᠡᠷᠡᠯ ᠲᠡᠢ ᠪᠡᠷ ᠶᠠᠫᠣᠨ ᠳᠤ ᠨᠠᠷᠢᠨ ᠰᠢᠨᠵᠢᠯᠡᠭᠡ ᠬᠢᠵᠦ᠂ ᠣᠯᠳᠠᠪᠤᠷᠢ ᠨᠤᠭᠤᠳ ᠨᠢ 13 ᠍ᠳ᠋ᠤᠭᠠᠷ ᠵᠠᠭᠤᠨ ᠤ ᠦᠶ᠎ᠡ ᠶᠢᠨ ᠬᠢ ᠮᠥᠨ ᠪᠠᠶᠢᠨ᠎ᠠ ᠭᠡᠳᠡᠭ ᠢ ᠪᠠᠲᠤᠯᠠᠭᠰᠠᠨ ᠢ ᠶᠠᠫᠣᠨ ᠤ ᠡᠷᠳᠡᠮᠲᠡᠳ ᠬᠠᠷᠢᠭᠤ ᠮᠡᠳᠡᠭᠦᠯᠦᠯᠲᠡ ᠬᠢᠪᠡ᠃

ᠰᠤᠳᠤᠯᠭᠠᠨ ᠤ ᠪᠠᠭ ᠤᠨ ᠬᠢᠨ ᠦ ᠬᠡᠯᠡᠵᠦ ᠪᠠᠶᠢᠭ᠎ᠠ ᠪᠠᠷ ᠣᠯᠳᠠᠭᠰᠠᠨ ᠣᠯᠳᠠᠪᠤᠷᠢ ᠨᠤᠭᠤᠳ ᠨᠡᠭᠦᠳᠡᠯ ᠦᠨ ᠰᠤᠶᠤᠯ ᠢᠷᠭᠡᠨᠰᠢᠯ ᠦᠨ ᠣᠯᠠᠨ ᠤᠯᠤᠰ ᠤᠨ ᠰᠤᠳᠤᠯᠭᠠᠨ ᠤ ᠲᠠᠰᠤᠭ ᠲᠦ ᠬᠠᠳᠠᠭᠠᠯᠠᠭᠳᠠᠵᠤ ᠪᠠᠶᠢᠭ᠎ᠠ ᠪᠥᠭᠡᠳ ᠨᠠᠷᠢᠪᠴᠢᠯᠠᠭᠰᠠᠨ ᠰᠤᠳᠤᠯᠭᠠᠨ ᠤ ᠳᠠᠷᠠᠭ᠎ᠠ ᠤᠯᠤᠰ ᠤᠨ ᠮᠦᠽᠧᠢ ᠳᠦ ᠬᠦᠯᠢᠶᠡᠯᠭᠡᠨ ᠥᠭᠬᠦ ᠶᠤᠮ ᠪᠠᠶᠢᠨ᠎ᠠ᠃

ᠲᠡᠦᠬᠡᠨ ᠰᠤᠷᠪᠤᠯᠵᠢ ᠪᠢᠴᠢᠭ ᠦᠨ ᠪᠠᠷᠢᠮᠲᠠ ᠪᠣᠯᠤᠭᠠᠳ ᠬᠠᠭᠤᠴᠢ ᠰᠤᠳᠤᠯᠤᠯ ᠤᠨ ᠮᠠᠯᠲᠠᠯᠭ᠎ᠠ ᠶᠢᠨ ᠳ᠋ᠦᠩ ᠳᠦ ᠣᠳᠣ ᠶᠢᠨ ᠭᠣᠪᠢ ᠠᠯᠲᠠᠢ ᠠᠶᠢᠮᠠᠭ ᠤᠨ ᠰᠢᠷᠭ᠎ᠠ ᠰᠤᠮᠤ ᠶᠢᠨ ᠨᠤᠲᠤᠭ ᠲᠤ ᠪᠤᠢ ᠬᠠᠯᠵᠠᠨ ᠰᠢᠷᠭ᠎ ᠠ ᠪᠠᠯᠭᠠᠰᠤ ᠨᠢ ᠡᠷᠲᠡᠨ ᠦ ᠴᠢᠩᠭᠠᠢ ᠪᠠᠯᠭᠠᠰᠤ ᠪᠠᠶᠢᠭᠰᠠᠨ ᠬᠡᠮᠡᠨ《ᠪᠢᠴᠢᠭᠡᠰᠦ》ᠲᠥᠰᠥᠯ ᠦᠨ ᠪᠠᠭ ᠤᠨ ᠬᠢᠨ ᠬᠡᠯᠡᠭᠰᠡᠨ ᠶᠤᠮ᠃

ᠮᠣᠩᠭᠣᠯ-ᠶᠠᠫᠣᠨ ᠤ ᠬᠠᠮᠲᠤᠷᠠᠭᠰᠠᠨ《ᠪᠢᠴᠢᠭᠡᠰᠦ》ᠲᠥᠰᠥᠯ ᠦᠨ ᠪᠠᠭ ᠲᠤ ᠮᠣᠩᠭᠣᠯ ᠤᠯᠤᠰ ᠤᠨ ᠲᠠᠯ᠎ᠠ ᠠᠴᠠ ᠫᠷᠣᠹᠧᠰᠰᠣᠷ᠎ ᠣᠴᠢᠷ᠂ ᠳᠡᠳ᠋ ᠫᠷᠣᠹᠧᠰᠰᠣᠷ ᠯ᠂ ᠡᠷᠳᠡᠨᠢᠪᠣᠯᠤᠳ᠂ ᠶᠠᠫᠣᠨ ᠤ ᠲᠠᠯ᠎ᠠ ᠠᠴᠠ 13 ᠳ᠋ᠤᠭᠠᠷ ᠵᠠᠭᠤᠨ ᠤ ᠦᠶ᠎ᠡ ᠶᠢ ᠰᠤᠳᠤᠯᠤᠭᠠᠴᠢ᠂ ᠫᠷᠣᠹᠧᠰᠰᠣᠷ ᠺ᠂ ᠮᠠᠽᠡᠳᠠ᠂ ᠫᠷᠣᠹᠧᠰᠰᠣᠷ ᠲ᠂ ᠮᠤᠷᠠᠣᠺᠠ᠂ ᠮᠣᠩᠭᠣᠯᠴᠢ ᠡᠷᠳᠡᠮᠲᠡᠨ᠂ ᠫᠷᠣᠹᠧᠰᠰᠣᠷ ᠲ᠂ ᠮᠠᠽᠡᠶᠢᠸᠠ ᠨᠠᠷ ᠪᠠᠭᠲᠠᠵᠠᠢ᠃

ᠬᠠᠷᠢᠶᠠᠲᠤ ᠰᠤᠮᠤ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠭᠣᠪᠢ-ᠠᠯᠲᠠᠢ ᠠᠶᠢᠮᠠᠭ ᠤᠨ ᠵᠢᠷᠤᠭ»

ᠪᠢᠴᠢᠭᠡᠰᠦ